ᠬᠦᠵᠦᠬᠦᠨ ᠤ ᠡᠪᠡᠳᠴᠢᠨ ᠢ ᠶᠠᠭᠠᠬᠢᠵᠤ ᠰᠡᠷᠭᠡᠶᠢᠯᠡᠵᠤ ᠵᠠᠰᠠᠬᠤ ᠪᠤᠢ
ᠨᠡᠶᠢᠲᠡᠯᠡᠭᠰᠡᠨ ᠴᠠᠭ᠄
2023/5/4
  ᠬᠦᠵᠦᠬᠦᠨ ᠤ ᠡᠪᠡᠳᠴᠢᠨ ᠢ ᠶᠠᠭᠠᠬᠢᠵᠤ ᠰᠡᠷᠭᠡᠶᠢᠯᠡᠵᠤ ᠵᠠᠰᠠᠬᠤ ᠪᠤᠢ                  — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠮᠵᠢᠯᠠᠯᠳᠤ ᠵᠠᠰᠠᠯ ᠤᠨ ᠨᠢᠭᠡᠳᠦᠭᠡᠷ ᠰᠠᠯᠠᠭᠠᠨ ᠤ ᠭᠤᠤᠯᠯᠠᠬᠴᠢ ᠡᠮᠴᠢ ᠵᠢᠯᠢᠨᠪᠠᠶᠠᠷ ᠢ ᠰᠤᠷᠪᠤᠯᠵᠢᠯᠠᠭᠠᠳ                              ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠲᠤᠩᠭᠠᠯᠠᠭ   ᠤᠳᠤ ᠮᠠᠨ ᠤ ᠤᠷᠴᠢᠨ ᠳᠤ ᠬᠡᠤᠬᠡᠳ ᠠᠴᠠ ᠡᠬᠢᠯᠡᠵᠤ ᠦᠳᠡᠯᠦᠬᠡ ᠪᠤᠭᠤᠷᠤᠯᠴᠤᠳ ᠲᠤ ᠬᠦᠷᠳᠡᠯ᠎ᠠ 90% ᠶᠢᠨ ᠬᠦᠮᠦᠰ ᠨᠢ ᠪᠦᠷ ᠬᠦᠵᠦᠬᠦᠨ ᠤ ᠡᠪᠡᠳᠴᠢᠨ ᠲᠠᠢ ᠪᠠᠶᠢᠬᠤ ᠪᠤᠯᠤᠯ᠎ᠠ᠃ ᠦᠨᠤᠳᠤᠷ ᠠᠳᠡ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠮᠵᠢᠯᠠᠯᠳᠤ ᠵᠠᠰᠠᠯ ᠤᠨ ᠨᠢᠭᠡᠳᠤᠭᠡᠷ ᠰᠠᠯᠠᠭᠠᠨ ᠤ ᠭᠤᠤᠯᠯᠠᠬᠴᠢ ᠡᠮᠴᠢ ᠵᠢᠯᠢᠨᠪᠠᠶᠠᠷ ᠤᠨ ᠬᠦᠵᠦᠬᠦᠨ ᠤ ᠡᠪᠡᠳᠴᠢᠨ ᠤ ᠳᠤᠬᠠᠢ ᠳᠠᠶᠢᠯᠪᠦᠷᠢᠯᠠᠯ ᠪᠠ ᠳᠡᠬᠦᠨ ᠢ ᠶᠠᠭᠠᠬᠢᠵᠤ ᠰᠡᠷᠭᠡᠶᠢᠯᠡᠵᠤ ᠵᠠᠰᠠᠬᠤ ᠳᠤᠬᠠᠢ ᠶᠠᠷᠢᠯᠴᠠᠭ᠎ᠠ ᠶᠢ ᠬᠤᠪᠢᠶᠠᠯᠴᠠᠶ᠎ᠠ᠃     ᠰᠤᠷᠪᠦᠯᠵᠢᠯᠠᠬᠴᠢ᠄ ᠰᠠᠶᠢᠨ ᠪᠠᠶᠢᠨ᠎ᠠ ᠤᠤ︖ ᠪᠢᠳᠡᠨ ᠤ ᠡᠳᠤᠷ ᠳᠤᠳᠤᠮ ᠤᠨ ᠠᠮᠢᠳᠤᠷᠠᠯ ᠤᠨ ᠳᠤᠮᠳᠠ ᠤᠯᠠᠨ ᠳᠤᠬᠢᠶᠠᠯᠳᠤᠳᠠᠭ ᠬᠦᠵᠦᠬᠦᠨ ᠤ ᠡᠪᠡᠳᠴᠢᠨ ᠤ ᠳᠤᠬᠠᠢ ᠳᠠ ᠳᠠᠶᠢᠯᠪᠦᠷᠢᠯᠠᠵᠤ ᠦᠭᠭᠦᠨ᠎ᠠ ᠤᠤ︖   ᠵᠢᠯᠢᠨᠪᠠᠶᠠᠷ ᠡᠮᠴᠢ᠄ ᠵᠠ ᠪᠦᠬᠦᠳᠡᠭᠡᠷ ᠰᠠᠶᠢᠨ ᠪᠠᠶᠢᠨ᠎ᠠ ᠤᠤ︖ ᠬᠦᠵᠦᠬᠦᠨ ᠤ ᠬᠤᠶᠠᠩ ᠰᠢᠷ᠎ᠠ ᠡᠪᠡᠳᠴᠢᠨ ᠠᠴᠠ ᠡᠬᠢᠯᠡᠵᠤ ᠬᠦᠵᠦᠬᠦᠨ ᠤ ᠡᠪᠡᠳᠴᠢᠨ ᠭᠡᠭᠰᠡᠭᠡᠷ ᠬᠦᠮᠦᠰ ᠪᠠᠷᠤᠬ ᠪᠦᠷ ᠮᠡᠳᠡᠵᠤ ᠪᠠᠶᠢᠬ᠎ᠠ᠂ ᠬᠡᠬᠦ ᠳᠤ ᠬᠦᠵᠤᠬᠦᠨ ᠤ ᠡᠪᠡᠳᠴᠢᠨ ᠤ ᠬᠡᠯᠪᠡᠷᠢ ᠤᠯᠠᠨ ᠲᠦᠷᠦᠯ ᠪᠠᠶᠢᠳᠠᠭ᠃ ᠬᠦᠵᠦᠬᠦᠨ ᠤ ᠪᠦᠳᠤᠴᠡ ᠳᠤᠩ ᠪᠤᠳᠤᠯᠢᠶᠠᠨᠳᠡᠢ᠂ ᠳᠡᠷᠡ ᠨᠢ ᠨᠤᠭᠤᠰᠤ᠂ ᠰᠤᠳᠠᠯ᠂ ᠪᠤᠯᠴᠢᠩ ᠮᠡᠳᠡᠷᠡᠯ ᠭᠡᠳ ᠤᠯᠠᠨ ᠠᠷᠪᠢᠨ ᠪᠦᠷᠢᠯᠳᠤᠬᠦᠨ ᠲᠠᠢ ᠪᠠᠶᠢᠳᠠᠬ ᠠᠴᠠ ᠬᠦᠮᠦᠨ ᠤ ᠪᠡᠶ᠎ᠠ ᠶᠢᠨ ᠡᠯ᠎ᠠ ᠡᠷᠭᠡᠳᠡᠨ ᠤ ᠳᠠᠮᠵᠢᠭᠤᠯᠭ᠎ᠠ ᠶᠢᠨ ᠨᠢᠭᠡᠨ ᠭᠤᠤᠯ ᠰᠢᠰᠲ᠋ᠧᠮ ᠪᠤᠯᠳᠠᠬ᠃ ᠳᠡᠬᠡᠬᠦ ᠪᠠᠷ ᠬᠦᠵᠦᠬᠦᠨ ᠤ ᠦᠶ᠎ᠠ ᠬᠡᠮᠳᠤᠬᠦ ᠳᠡᠷᠡᠴᠢᠯᠡᠨ ᠬᠦᠵᠦᠬᠦᠨ ᠳᠤ ᠬᠤᠶᠠᠩ ᠰᠢᠷ᠎ᠠ ᠤᠰᠤ ᠴᠤᠬᠯᠠᠷᠠᠬᠤ ᠵᠡᠷᠭᠡ ᠶᠠᠩᠵᠤ ᠪᠦᠷᠢ ᠶᠢᠨ ᠡᠪᠡᠳᠴᠢᠨ ᠤ ᠪᠠᠶᠢᠳᠠᠯ ᠢᠯᠡᠷᠡᠵᠤ ᠤᠳᠠᠪᠠᠯ ᠳᠡᠷᠡ ᠨᠢ ᠪᠤᠰᠤᠳ ᠡᠷᠭᠡᠳᠡᠨ ᠢ ᠴᠤ ᠨᠦᠯᠦᠬᠡᠯᠡᠵᠤ ᠡᠪᠡᠳᠴᠢᠨ ᠪᠤᠯᠭᠠᠬᠤ ᠬᠡᠮᠵᠢᠶᠡᠨ ᠳᠤ ᠬᠦᠷᠭᠡᠳᠡᠭ ᠪᠤᠯᠬᠤᠷ ᠬᠦᠮᠦᠨ ᠪᠦᠬᠦᠳᠡ ᠡᠬᠦᠨ ᠤ ᠳᠤᠬᠠᠢ ᠠᠩᠬᠠᠷᠴᠤ ᠰᠡᠷᠭᠡᠶᠢᠯᠡᠵᠤ ᠬᠠᠮᠠᠭᠠᠯᠠᠪᠠᠯ ᠳᠠᠭᠠᠷᠠᠨ᠎ᠠ ᠭᠡᠵᠤ ᠦᠵᠡᠵᠤ ᠪᠠᠶᠢᠨ᠎ᠠ᠃   ᠰᠤᠷᠪᠦᠯᠵᠢᠯᠠᠬᠴᠢ᠄ ᠬᠦᠵᠤᠬᠦᠨ ᠤ ᠡᠪᠡᠳᠴᠢᠨ ᠢ ᠢᠯᠡᠷᠡᠯ ᠢᠶᠠᠷ ᠨᠢ ᠶᠠᠭᠠᠬᠢᠵᠤ ᠬᠤᠪᠢᠶᠠᠳᠠᠬ ᠪᠤᠢ︖   ᠵᠢᠯᠢᠨᠪᠠᠶᠠᠷ ᠡᠮᠴᠢ᠄ ᠬᠦᠵᠦᠬᠦᠨ ᠤ ᠡᠪᠡᠳᠴᠢᠨ ᠬᠡᠪᠡᠯ ᠤᠯᠠᠨ ᠲᠦᠷᠦᠯ ᠪᠠᠶᠢᠨ᠎ᠠ᠃ ᠠᠳᠡ ᠪᠢ ᠤᠯᠠᠨ ᠳᠤᠬᠢᠶᠠᠯᠳᠤᠳᠠᠬ ᠠᠩᠬᠠᠷᠬᠤ ᠴᠢᠬᠤᠯᠠᠳᠡᠢ ᠬᠡᠳᠤᠨ ᠵᠦᠢᠯ ᠤᠨ ᠪᠠᠶᠢᠳᠠᠯ ᠢ ᠳᠠᠨᠢᠯᠴᠠᠭᠤᠯᠤᠶ᠎ᠠ᠃ ᠨᠢᠭᠡ ᠳᠤ ᠮᠡᠳᠡᠷᠡᠯ ᠤᠨ ᠤᠬ ᠢ ᠨᠦᠯᠦᠭᠡᠯᠡᠭᠰᠡᠨ ᠰᠢᠨᠵᠢ ᠲᠠᠢ ᠬᠦᠵᠦᠬᠦᠨ ᠤ ᠡᠪᠡᠳᠴᠢᠨ᠂ ᠡᠨᠡ ᠪᠠᠶᠢᠳᠠᠯ ᠳᠤ ᠬᠦᠵᠦᠬᠦᠤ ᠬᠦᠰᠢᠵᠤ ᠡᠪᠡᠳᠬᠦ ᠰᠢᠨᠵᠢ ᠢᠯᠡᠷᠡᠨ᠎ᠠ᠂ ᠡᠬᠦᠨ ᠤ ᠳᠠᠭᠠᠤ ᠳᠤ ᠮᠦᠷᠤ ᠳᠠᠯᠤ ᠬᠦᠰᠢᠵᠤ᠂ ᠭᠠᠷ ᠮᠢᠨᠴᠤᠭᠦᠷᠡᠨ᠎ᠠ᠂ ᠬᠠᠮᠤᠬ ᠳᠤᠳᠤᠷᠬᠠᠢ ᠨᠢᠬᠡ ᠢᠯᠡᠷᠡᠯ ᠪᠤᠯ ᠭᠠᠷ ᠮᠢᠨᠴᠤᠭᠦᠷᠡᠨ᠎ᠠ᠃ ᠬᠤᠶᠠᠷ ᠲᠤ ᠨᠤᠭᠤᠰᠤ ᠶᠢ ᠨᠦᠯᠦᠬᠡᠯᠡᠭᠰᠡᠨ ᠬᠦᠵᠦᠬᠦᠨ ᠤ ᠡᠪᠡᠳᠴᠢᠨ᠂ ᠡᠨᠡ ᠨᠢ ᠪᠤᠯ ᠮᠢᠨᠤ ᠦᠵᠡᠬᠦ ᠪᠠᠷ ᠬᠠᠮᠤᠬ ᠬᠦᠨᠳᠤ ᠬᠦᠵᠦᠬᠦᠨ ᠤ ᠡᠪᠡᠳᠴᠢᠨ ᠭᠡᠵᠤ ᠦᠵᠡᠵᠤ ᠪᠠᠶᠢᠨ᠎ᠠ᠃ ᠡᠨᠡ ᠪᠠᠶᠢᠳᠠᠯ ᠳᠤ ᠪᠤᠯ ᠭᠠᠷ ᠬᠦᠯ ᠵᠡᠷᠭᠡ ᠪᠠᠷ ᠮᠢᠨᠴᠤᠭᠦᠷᠡᠵᠤ ᠬᠦᠴᠤ ᠦᠬᠡᠢ ᠪᠤᠯᠵᠤ᠂ ᠬᠦᠨᠳᠤᠷᠡᠪᠡᠯ ᠳᠠᠮᠪᠠᠷᠠᠬᠤ᠂ ᠬᠦᠯ ᠢᠶᠠᠨ ᠬᠦᠳᠡᠯᠬᠡᠵᠤ ᠳᠡᠶᠢᠯᠬᠦ ᠦᠬᠡᠢ ᠪᠤᠯᠬᠤ᠂ ᠪᠠᠰᠠ ᠠᠮᠠᠷᠬᠠᠨ ᠪᠦᠳᠤᠷᠢᠬᠦ᠂ ᠬᠦᠪᠤᠡᠭ ᠳᠡᠭᠡᠷ᠎ᠠ ᠠᠯᠬᠤᠵᠤ ᠪᠠᠶᠢᠬᠤ ᠮᠡᠳᠤ ᠬᠡᠬᠦ ᠵᠡᠷᠬᠡ ᠪᠠᠶᠢᠳᠠᠯ ᠰᠢᠨᠵᠢ ᠢᠯᠡᠷᠡᠵᠤ ᠴᠢᠨᠠᠬᠰᠢᠯᠠᠨ ᠪᠠᠰᠠ ᠦᠳᠬᠡᠨ ᠰᠢᠩᠭᠡᠨ ᠮᠦᠷ ᠢ ᠨᠦᠯᠦᠬᠡᠯᠡᠬᠦ ᠪᠤᠯᠤᠨ᠎ᠠ᠃ ᠭᠤᠷᠪᠠ ᠳᠤ ᠰᠤᠯᠪᠢᠭᠤ ᠮᠡᠳᠡᠷᠡᠯ ᠢ ᠨᠦᠯᠦᠬᠡᠯᠡᠬᠦ᠂ ᠡᠨᠡ ᠨᠢ ᠪᠢᠳᠡᠨ ᠤ ᠡᠳᠤᠷ ᠳᠤᠳᠤᠮ ᠤᠨ ᠠᠮᠢᠳᠤᠷᠠᠯ ᠳᠤ ᠬᠠᠮᠤᠬ ᠠᠷᠪᠢᠨ ᠳᠤᠬᠢᠶᠠᠯᠳᠤᠳᠠᠬ ᠬᠡᠯᠪᠡᠷᠢ ᠪᠤᠯᠤᠨ᠎ᠠ᠂ ᠡᠨᠡ ᠪᠠᠶᠢᠳᠠᠯ ᠳᠤ ᠪᠤᠯ ᠳᠤᠯᠤᠭᠠᠢ ᠡᠪᠡᠳᠬᠦ᠂ ᠨᠢᠳᠤ ᠪᠦᠷᠳᠤᠯᠵᠡᠬᠦ ᠶᠢᠨ ᠬᠠᠮᠳᠤ ᠪᠠᠰᠠ ᠬᠤᠳᠤᠭᠤᠳᠤ ᠬᠡᠳᠡᠰᠤᠨ ᠤ ᠰᠢᠩᠭᠡᠭᠡᠯᠳᠡ ᠶᠢ ᠨᠦᠯᠦᠬᠡᠯᠡᠵᠤ ᠰᠢᠩᠭᠡᠭᠡᠯᠳᠡ ᠮᠠᠭᠤᠳᠠᠬᠤ ᠵᠡᠷᠭᠡ ᠪᠠᠶᠢᠳᠠᠯ ᠢᠯᠡᠷᠡᠳᠡᠭ᠃ ᠡᠬᠦᠨ ᠤ ᠳᠠᠭᠠᠤ ᠳᠤ ᠪᠠᠰᠠ ᠵᠢᠷᠤᠬᠡ ᠴᠡᠴᠡᠷᠡᠬᠦ᠂ ᠨᠦᠢᠷ ᠬᠤᠯᠵᠢᠬᠤ ᠵᠡᠷᠭᠡ ᠪᠤᠰᠤᠳ ᠡᠷᠭᠡᠳᠡᠨ ᠢ ᠨᠦᠯᠦᠬᠡᠯᠡᠬᠦ ᠪᠠᠶᠢᠳᠠᠯ ᠳᠠᠭᠠᠯᠳᠤᠳᠠᠬ᠃ ᠪᠠᠰᠠ ᠨᠢᠭᠡ ᠨᠢ ᠬᠦᠵᠦᠬᠦᠨ ᠤ ᠰᠤᠳᠠᠯ ᠢ ᠨᠦᠯᠦᠬᠡᠯᠡᠭᠰᠡᠨ ᠬᠡᠯᠪᠡᠷᠢ᠂ ᠡᠨᠡ ᠪᠠᠶᠢᠳᠠᠯ ᠳᠤ ᠳᠠᠯ᠎ᠠ ᠳᠤᠯᠤᠭᠠᠢ ᠡᠪᠡᠳᠬᠦ᠂ ᠬᠦᠵᠦᠬᠦᠨ ᠤ ᠮᠤᠷᠦ᠋ᠢᠯᠳᠠ ᠬᠤᠪᠢᠷᠠᠬᠤ ᠰᠢᠨᠵᠢ ᠳᠡᠮᠳᠡᠭ ᠢᠯᠡᠷᠡᠳᠡᠭ ᠪᠠᠶᠢᠨ᠎ᠠ᠃   ᠰᠤᠷᠪᠦᠯᠵᠢᠯᠠᠭᠴᠢ᠄ ᠳᠡᠭᠡᠪᠡᠯ ᠡᠳᠡᠭᠡᠷ ᠬᠦᠵᠦᠬᠦᠨ ᠤ ᠡᠪᠡᠳᠴᠢᠨ ᠨᠢ ᠶᠠᠮᠠᠷ ᠪᠠᠶᠢᠳᠠᠯ ᠳᠤᠤᠷ᠎ᠠ ᠠᠮᠠᠷᠬᠠᠨ ᠡᠭᠦᠰᠳᠡᠭ ᠪᠤᠢ︖   ᠵᠢᠯᠢᠨᠪᠠᠶᠠᠷ ᠡᠮᠴᠢ᠄ ᠬᠦᠵᠦᠬᠦᠨ ᠤ ᠡᠪᠡᠳᠴᠢᠨ ᠤ ᠡᠬᠦᠰᠤᠯᠳᠡ ᠬᠦᠮᠦᠰ ᠤᠨ ᠡᠳᠤᠷ ᠳᠤᠳᠤᠮ ᠤᠨ ᠦᠢᠯᠡ ᠠᠵᠢᠯᠯᠠᠭᠠᠨ ᠤ ᠪᠠᠷᠢᠮᠳᠠᠯᠠᠯ᠂ ᠠᠮᠢᠳᠤᠷᠠᠯ ᠤᠨ ᠬᠡᠯᠪᠡᠷᠢ ᠮᠠᠶ᠋ᠢᠬ ᠵᠢᠴᠢ ᠳᠠᠳᠬᠠᠯ ᠲᠠᠢ ᠬᠤᠯᠪᠤᠭ᠎ᠠ ᠲᠠᠢ ᠪᠠᠶᠢᠳᠠᠬ᠃ ᠳᠠᠷᠤᠢ ᠬᠠᠮᠤᠬ ᠲᠦᠷᠦᠬᠦᠨ ᠳᠤ ᠤᠷᠳᠤ ᠬᠤᠭᠤᠴᠠᠭ᠎ᠠ ᠪᠠᠷ ᠪᠦᠬᠦ᠋ᠢᠵᠤ ᠠᠵᠢᠯ ᠬᠢᠬᠦ ᠬᠦᠮᠦᠰ ᠲᠤ ᠤᠯᠠᠨ ᠳᠤᠬᠢᠶᠠᠯᠳᠤᠳᠠᠭ᠃ ᠪᠦᠬᠦ᠋ᠢᠬᠦ ᠦᠶ᠎ᠠ ᠳᠤ ᠬᠦᠵᠦᠬᠦᠨ ᠤ ᠪᠤᠯᠴᠢᠩ ᠳᠤ ᠳᠠᠷᠤᠯᠳᠠ ᠦᠭᠴᠤ ᠤᠷᠳᠤ ᠬᠤᠭᠤᠴᠠᠭ᠎ᠠ ᠪᠤᠯᠤᠬᠰᠠᠨ ᠠᠴᠠ ᠪᠤᠯᠴᠢᠩ ᠰᠤᠯᠠᠷᠠᠵᠤ᠂ ᠬᠦᠴᠤ ᠦᠬᠡᠢ ᠪᠤᠯᠵᠤ ᠬᠤᠪᠢᠷᠠᠳᠠᠬ ᠠᠴᠠ ᠬᠦᠵᠤᠬᠦᠨ ᠤ ᠡᠯ᠎ᠠ ᠵᠦᠢᠯ ᠤᠨ ᠡᠪᠡᠳᠴᠢᠨ ᠢ ᠪᠤᠢ ᠪᠤᠯᠭᠠᠳᠠᠬ᠂ ᠪᠠᠰᠠ ᠨᠢᠭᠡ ᠨᠢ ᠤᠨᠳᠠᠬᠤ ᠦᠶ᠎ᠠ ᠳᠤ ᠳᠡᠷ᠎ᠡ ᠪᠠᠨ ᠬᠡᠳᠤ ᠦᠨᠳᠤᠷ ᠪᠠᠶᠢᠯᠭᠠᠵᠤ ᠬᠦᠵᠤᠬᠦᠨ ᠤ ᠮᠤᠷᠦ᠋ᠢᠯᠳᠠ ᠂ ᠬᠡᠯᠪᠡᠷᠢ ᠶᠢ ᠨᠦᠯᠦᠬᠡᠯᠡᠳᠡᠭ᠂ ᠡᠬᠦᠨ ᠤ ᠳᠠᠭᠠᠤ ᠳᠤ ᠪᠠᠰᠠ ᠬᠠᠭᠠᠰ ᠬᠡᠪᠳᠡᠬᠦ ᠵᠡᠷᠭᠡ ᠨᠢ ᠪᠦᠷ ᠯᠡ ᠬᠦᠵᠦᠬᠦᠨ ᠤ ᠡᠪᠡᠳᠴᠢᠨ ᠢ ᠡᠬᠦᠰᠬᠡᠬᠦ ᠠᠶᠤᠯ ᠲᠠᠢ ᠪᠠᠶᠢᠳᠠᠬ᠃ ᠳᠠᠷᠤᠢ ᠵᠦᠪ ᠰᠠᠭᠤᠵᠤ ᠬᠡᠪᠳᠡᠬᠦ ᠪᠠᠶᠢᠷᠢᠰᠢᠯ ᠨᠢ ᠬᠦᠵᠦᠬᠦᠨ ᠦᠶ᠎ᠠ ᠳᠡᠷᠡᠴᠢᠯᠡᠨ ᠬᠦᠵᠤᠬᠦᠨ ᠤ ᠨᠤᠭᠤᠰᠤ ᠮᠡᠳᠡᠷᠡᠯ ᠤᠨ ᠡᠷᠡᠬᠦᠯ ᠰᠠᠷᠠᠭᠤᠯ ᠪᠠᠶᠢᠬᠤ ᠡᠰᠡᠬᠦ ᠶᠢ ᠰᠢᠭᠤᠳ ᠨᠦᠯᠦᠭᠡᠯᠡᠳᠡᠭ ᠪᠠᠶᠢᠨ᠎ᠠ᠃ ᠳᠠᠷᠤᠢ ᠪᠢᠳᠡ ᠬᠦᠵᠦᠬᠦᠨ ᠤ ᠡᠯ᠎ᠠ ᠵᠦᠶ᠋ᠯ ᠤᠨ ᠡᠪᠡᠳᠴᠢᠨ ᠠᠴᠠ ᠰᠡᠷᠭᠡᠶᠢᠯᠡᠶ᠎ᠠ ᠭᠡᠪᠡᠯ ᠶᠡᠷᠤ ᠶᠢᠨ ᠴᠠᠬ ᠤᠨ ᠰᠠᠭᠤᠵᠤ ᠬᠡᠪᠳᠡᠬᠦ᠂ ᠠᠵᠢᠯᠯᠠᠬᠤ ᠪᠠᠶᠢᠷᠢᠰᠢᠯ ᠢᠶᠠᠨ ᠵᠦᠪ ᠳᠤᠳᠤᠷᠬᠠᠢ ᠪᠠᠶᠢᠯᠭᠠᠵᠤ ᠪᠠᠷᠢᠮᠳᠠᠯᠠᠬᠤ ᠮᠠᠰᠢ ᠴᠢᠬᠤᠯᠠ ᠪᠠᠶᠢᠳᠠᠬ᠃ ᠨᠢᠭᠡ ᠯᠡ ᠬᠡᠪ ᠤᠨ ᠪᠠᠶᠢᠳᠠᠯ ᠢᠶᠠᠷ ᠤᠷᠳᠤ ᠬᠤᠭᠤᠴᠠᠭ᠎ᠠ ᠰᠠᠭᠤᠬᠤ ᠨᠢ ᠨᠢᠭᠡ ᠯᠡ ᠡᠷᠭᠡᠳᠡᠨ ᠳᠤ ᠢᠯᠡᠬᠦᠤ ᠳᠠᠷᠤᠯᠳᠠ ᠦᠭᠳᠡᠭ ᠠᠴᠠ ᠪᠤᠯᠵᠤ ᠪᠢᠳᠡ ᠬᠡᠪᠳᠡᠵᠤ ᠠᠮᠠᠷᠠᠬᠤ ᠠᠴᠠ ᠡᠬᠢᠯᠡᠵᠤ ᠠᠩᠬᠠᠷᠪᠠᠯ ᠵᠤᠬᠢᠨ᠎ᠠ᠃ ᠤᠷᠳᠤ ᠬᠤᠭᠤᠴᠠᠭ᠎ᠠ ᠪᠠᠷ ᠪᠦᠬᠦ᠋ᠢᠵᠤ ᠭᠠᠷ ᠤᠳᠠᠰᠤ ᠦᠵᠡᠬᠦ᠂ ᠺᠤᠮᠫᠢᠦ᠋ᠲᠧᠷ ᠳᠡᠭᠡᠷ᠎ᠠ ᠤᠷᠳᠤ ᠬᠤᠭᠤᠴᠠᠭ᠎ᠠ ᠪᠠᠷ ᠨᠢᠬᠡ ᠯᠡ ᠬᠦᠭ ᠢᠶᠠᠷ ᠠᠵᠢᠯᠯᠠᠬᠤ ᠵᠡᠷᠭᠡ ᠨᠢ ᠪᠦᠷ ᠯᠡ ᠬᠦᠵᠦᠬᠦᠨ ᠤ ᠡᠪᠡᠳᠴᠢᠨ ᠢ ᠡᠭᠦᠰᠬᠡᠬᠦ ᠠᠶᠤᠯ ᠲᠠᠢ ᠪᠠᠶᠢᠳᠠᠬ᠃    ᠰᠤᠷᠪᠦᠯᠵᠢᠯᠠᠬᠴᠢ᠄ ᠳᠡᠭᠡᠪᠡᠯ ᠬᠦᠵᠦᠬᠦᠨ ᠤ ᠡᠪᠡᠳᠴᠢᠨ ᠢ ᠶᠠᠭᠠᠬᠢᠵᠤ ᠡᠮᠴᠢᠯᠡᠵᠤ ᠵᠠᠰᠠᠪᠠᠯ ᠵᠤᠬᠢᠬᠤ ᠪᠤᠢ︖   ᠵᠢᠯᠢᠨᠪᠠᠶᠠᠷ ᠡᠮᠴᠢ᠄ ᠤᠳᠤᠬᠢ ᠡᠮᠨᠡᠯᠬᠡ ᠶᠢᠨ ᠮᠡᠷᠭᠡᠵᠢᠯ ᠬᠦᠭᠵᠢᠭᠰᠡᠨ ᠴᠠᠭ ᠦᠶ᠎ᠡ ᠳᠤ ᠬᠦᠵᠦᠬᠦᠨ ᠡᠪᠡᠳᠴᠢᠨ ᠢ ᠵᠠᠰᠠᠬᠤ ᠠᠷᠭ᠎ᠠ ᠤᠯᠠᠨ ᠪᠠᠶᠢᠳᠠᠬ᠃ ᠬᠡᠬᠦ ᠳᠤ ᠳᠤᠤᠷ ᠎ᠠ ᠪᠢ ᠦᠪᠡᠷ ᠤᠨ ᠳᠤᠷᠰᠢᠯᠭ᠎ᠠ ᠰᠤᠷᠭᠠᠮᠵᠢ ᠪᠠᠨ ᠦᠨᠳᠤᠰᠤᠯᠡᠵᠤ ᠬᠡᠳᠤᠨ ᠠᠷᠭ᠎ᠠ ᠶᠢᠨ ᠳᠤᠬᠠᠢ ᠳᠠᠶᠢᠯᠪᠦᠷᠢᠯᠠᠵᠤ ᠦᠭᠭᠦᠶ᠎ᠠ᠃ ᠬᠠᠮᠤᠬ ᠳᠡᠷᠢᠬᠦᠨ ᠳᠤ ᠮᠡᠰᠡ ᠵᠠᠰᠠᠯ ᠤᠨ ᠠᠷᠭ᠎ᠠ᠂ ᠮᠡᠰᠡ ᠵᠠᠰᠠᠯ ᠤᠨ ᠠᠷᠭ᠎ᠠ ᠶᠢ ᠪᠤᠯ ᠶᠡᠭᠡ ᠬᠦᠨᠳᠤ ᠪᠠᠶᠢᠳᠠᠯ ᠳᠤ ᠬᠡᠷᠡᠭᠯᠡᠨ᠎ᠠ᠂ ᠳᠠᠷᠤᠢ ᠨᠤᠭᠤᠰᠤ ᠪᠠᠨ ᠨᠦᠯᠦᠬᠡᠯᠡᠵᠤ᠂ ᠨᠡᠩ ᠴᠢᠨᠠᠬᠰᠢᠯᠠᠨ ᠪᠤᠰᠤᠳ ᠡᠷᠭᠡᠳᠡᠨ ᠢᠶᠠᠨ ᠨᠦᠯᠤᠭᠡᠯᠡᠭᠰᠡᠨ ᠪᠠᠶᠢᠳᠠᠯ ᠳᠤᠤᠷ᠎ᠠ ᠪᠢᠳᠡ ᠮᠡᠰᠡ ᠵᠠᠰᠠᠯ ᠤᠨ ᠠᠷᠭ᠎ᠠ ᠶᠢ ᠬᠡᠷᠡᠭᠯᠡᠵᠤ ᠪᠤᠯᠤᠨ᠎ᠠ᠃ ᠳᠠᠷᠠᠭ᠎ᠠ ᠨᠢ ᠮᠠᠨ ᠤ ᠤᠯᠠᠮᠵᠢᠯᠠᠯᠳᠤ ᠵᠠᠰᠠᠯ ᠤᠨ ᠠᠷᠭ᠎ᠠ᠃ ᠤᠯᠠᠮᠵᠢᠯᠠᠯᠳᠤ ᠵᠠᠰᠠᠯ ᠤᠨ ᠠᠷᠭ᠎ᠠ ᠳᠤ ᠪᠤᠯ ᠰᠠᠮ ᠰᠤᠷᠤᠭᠤᠯ ᠵᠠᠰᠠᠯ᠂ ᠢᠯᠢᠵᠤ ᠨᠤᠬᠤᠯᠠᠬᠤ ᠵᠠᠰᠠᠯ᠂ ᠵᠡᠬᠦᠤ ᠵᠠᠰᠠᠯ ᠭᠡᠳ ᠤᠯᠠᠨ ᠵᠠᠰᠠᠯ ᠤᠨ ᠠᠷᠭ᠎ᠠ ᠪᠠᠶᠢᠳᠠᠬ᠃ ᠡᠨᠡ ᠨᠢ ᠪᠢᠳᠡ ᠳᠤᠬᠢᠷᠠᠮᠵᠢᠳᠡᠢ ᠪᠠᠭᠠᠵᠢ ᠶᠢ ᠬᠡᠷᠡᠭᠯᠡᠵᠤ ᠪᠤᠯᠴᠢᠩ ᠢ ᠵᠦᠭᠡᠯᠡᠷᠡᠬᠦᠯᠬᠦ ᠪᠠᠷ ᠳᠠᠮᠵᠢᠨ ᠪᠤᠯᠴᠢᠩ ᠤᠨ ᠠᠪᠴᠢᠯᠳᠠ ᠰᠡᠷᠭᠦᠭᠡᠯᠳᠡ ᠶᠢ ᠰᠡᠷᠬᠦᠬᠡᠨ ᠪᠤᠯᠴᠢᠩ ᠤᠨ ᠴᠢᠳᠠᠪᠬᠢ ᠶᠢ ᠰᠠᠶᠢᠵᠢᠷᠠᠭᠤᠯᠬᠤ ᠪᠠᠷ ᠳᠠᠮᠵᠢᠨ ᠡᠳᠡᠭᠡᠭᠡᠳᠡᠭ᠃ ᠬᠠᠮᠤᠭ ᠰᠡᠬᠦᠯ ᠳᠤ ᠨᠢ ᠬᠦᠳᠡᠯᠬᠡᠬᠡᠨ ᠢᠶᠠᠷ ᠵᠠᠰᠠᠬᠤ ᠠᠷᠭ᠎ᠠ᠂ ᠮᠢᠨᠤ ᠳᠤᠷᠰᠢᠯᠭ᠎ᠠ ᠰᠤᠷᠭᠠᠮᠵᠢ ᠶᠢᠨ ᠬᠤᠷᠶᠠᠩᠭᠤᠢᠢᠯᠠᠯ ᠠᠴᠠ ᠦᠵᠡᠪᠡᠯ ᠬᠦᠳᠡᠯᠬᠡᠬᠡᠨ ᠢᠶᠠᠷ ᠤᠴᠢᠵᠤ ᠬᠦᠵᠦᠬᠦᠨ ᠤ ᠡᠪᠡᠳᠴᠢᠨ ᠢ ᠵᠠᠰᠠᠬᠤ ᠨᠢ ᠡᠮᠴᠢᠯᠡᠬᠡᠨ ᠤ ᠦᠷ᠎ᠠ ᠳ᠋ᠦᠡᠭ ᠬᠠᠮᠤᠭ ᠰᠠᠶᠢᠨ ᠠᠷᠭ᠎ᠠ ᠪᠤᠯᠤᠨ᠎ᠠ ᠭᠡᠵᠤ ᠦᠵᠡᠵᠤ ᠪᠠᠶᠢᠨ᠎ᠠ᠃ ᠬᠦᠮᠦᠨ ᠡᠳᠤᠷ ᠪᠦᠷᠢ ᠳᠤᠬᠳᠠᠮᠠᠯ ᠬᠤᠭᠤᠴᠠᠭ᠎ᠠ ᠲᠠᠢ ᠬᠦᠳᠡᠯᠭᠡᠭᠡᠨ ᠬᠢᠬᠦ ᠶᠢ ᠪᠠᠷᠢᠮᠳᠠᠯᠠᠪᠠᠯ ᠪᠤᠯᠴᠢᠩ ᠤᠨ ᠬᠦᠴᠤ ᠶᠢ ᠨᠡᠮᠡᠭᠳᠡᠬᠦᠯᠵᠤ᠂ ᠴᠢᠳᠠᠪᠬᠢ ᠶᠢ ᠠᠬᠢᠭᠤᠯᠵᠤ ᠪᠠᠶᠢᠳᠠᠬ ᠠᠴᠠ ᠡᠯ ᠎ᠠ ᠵᠦᠢᠯ ᠤᠨ ᠬᠦᠵᠦᠬᠦᠨ ᠤ ᠡᠪᠡᠳᠴᠢᠨ ᠤ ᠡᠬᠦᠰᠤᠯᠳᠡ ᠶᠢ ᠪᠦᠷ ᠬᠤᠷᠢᠬᠯᠠᠵᠤ ᠳᠡᠶᠢᠯᠬᠦ ᠪᠠᠷ ᠪᠠᠷᠠᠬᠤ ᠦᠬᠡᠢ ᠪᠠᠰᠠ ᠬᠦᠵᠦᠬᠦᠨ ᠤ ᠡᠪᠡᠳᠴᠢᠨ ᠬᠦᠷᠦᠭᠰᠡᠨ ᠪᠠᠶᠢᠪᠠᠯ ᠡᠳᠡᠭᠡᠭᠡᠵᠤ ᠳᠡᠶᠢᠯᠬᠦ ᠪᠤᠯᠤᠨ᠎ᠠ᠃ ᠡᠶᠢᠮᠤ ᠠᠴᠠ ᠪᠢᠳᠡ ᠶᠠᠮᠠᠷᠪᠠ ᠨᠠᠰᠤᠨ ᠤ ᠬᠦᠮᠦᠰ ᠴᠤ ᠭᠡᠰᠡᠨ ᠡᠳᠤᠷᠵᠢᠨ ᠰᠠᠭᠤᠵᠤ ᠬᠡᠪᠳᠡᠭᠡᠳ ᠪᠠᠶᠢᠵᠤ ᠪᠤᠯᠬᠤ ᠦᠬᠡᠢ ᠵᠠᠪᠠᠯ ᠳᠤᠬᠢᠷᠠᠮᠵᠢᠳᠡᠢ ᠬᠦᠳᠡᠯᠬᠡᠬᠡᠨ ᠬᠢᠬᠦ᠂ ᠳᠠᠷᠤᠢ ᠬᠦᠵᠦᠬᠦᠤ ᠮᠦᠷᠤ ᠪᠠᠨ ᠬᠦᠳᠡᠯᠭᠡᠬᠦ ᠵᠡᠷᠭᠡ ᠪᠡᠶᠡᠨ ᠳᠤ ᠪᠠᠨ ᠳᠤᠬᠢᠷᠠᠬᠰᠠᠨ ᠬᠦᠵᠤᠬᠦᠨ ᠤ ᠦᠶ᠎ᠠ ᠶᠠᠰᠤ ᠪᠤᠯᠴᠢᠩ ᠰᠢᠷᠪᠦᠰᠤ ᠶᠢᠨ ᠬᠦᠳᠡᠯᠬᠡᠬᠡᠨ ᠢ ᠪᠠᠷᠢᠮᠳᠠᠯᠠᠵᠤ ᠪᠠᠶᠢᠪᠠᠯ ᠡᠨᠡ ᠬᠦ ᠬᠦᠵᠦᠬᠦᠨ ᠤ ᠡᠪᠡᠳᠴᠢᠨ ᠠᠴᠠ ᠪᠦᠷ ᠵᠠᠶᠢᠯᠠᠰᠬᠢᠵᠤ ᠪᠤᠯᠤᠨ᠎ᠠ ᠭᠡᠵᠤ ᠦᠵᠡᠵᠤ ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号