ᠨᠢᠷᠤᠭᠤᠨ ᠤ ᠮᠦᠭᠡᠷᠰᠤᠨ ᠳᠠᠪᠠᠬ ᠳᠤᠪᠤᠶᠢᠬᠰᠠᠨ ᠬᠡᠮ ᠢ ᠶᠠᠭᠠᠬᠢᠵᠤ ᠡᠮᠴᠢᠯᠡᠵᠤ ᠵᠠᠰᠠᠬᠤ ᠳᠤᠬᠠᠢ
ᠨᠡᠶᠢᠲᠡᠯᠡᠭᠰᠡᠨ ᠴᠠᠭ᠄
2023/5/4
 ᠨᠢᠷᠤᠭᠤᠨ ᠤ ᠮᠦᠭᠡᠷᠰᠤᠨ ᠳᠠᠪᠠᠬ ᠳᠤᠪᠤᠶᠢᠬᠰᠠᠨ ᠬᠡᠮ ᠢ ᠶᠠᠭᠠᠬᠢᠵᠤ ᠡᠮᠴᠢᠯᠡᠵᠤ ᠵᠠᠰᠠᠬᠤ ᠳᠤᠬᠠᠢ                  — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠤᠯᠠᠮᠵᠢᠯᠠᠯᠳᠤ ᠵᠠᠰᠠᠯ ᠤᠨ ᠨᠢᠭᠡᠳᠤᠭᠡᠷ ᠰᠠᠯᠠᠭᠠᠨ ᠤ ᠭᠤᠤᠯᠯᠠᠬᠴᠢ ᠡᠮᠴᠢ ᠵᠢᠯᠢᠨᠪᠠᠶᠠᠷ ᠡᠮᠴᠢ ᠶᠢ ᠰᠤᠷᠪᠦᠯᠵᠢᠯᠠᠭᠠᠳ                                 ᠬᠠᠮ ᠵᠠᠭᠤᠴᠢᠯᠠᠭᠤᠷ ᠤᠨ ᠰᠤᠷᠪᠦᠯᠵᠢᠯᠠᠬᠴᠢ ᠳᠤᠩᠭᠠᠯᠠᠬ   ᠰᠤᠷᠪᠦᠯᠵᠢᠯᠠᠬᠴᠢ᠄ ᠰᠠᠶᠢᠨ ᠪᠠᠶᠢᠨ᠎ᠠ ᠤᠤ︖ ᠳᠡᠭᠡᠷ᠎ᠠ ᠤᠳᠠᠭ᠎ᠠ ᠳᠠ ᠬᠦᠵᠤᠬᠦᠨ ᠤ ᠬᠤᠶᠠᠩ ᠢ ᠶᠠᠭᠠᠬᠢᠵᠤ ᠰᠡᠷᠭᠡᠶᠢᠯᠡᠵᠤ ᠵᠠᠰᠠᠬᠤ ᠳᠤᠬᠠᠢ ᠪᠢᠳᠡᠨ ᠳᠤ ᠶᠠᠷᠢᠵᠤ ᠦᠭᠭᠦᠭᠰᠡᠨ ᠪᠠᠶᠢᠨ᠎ᠠ᠃ ᠳᠡᠭᠡᠪᠡᠯ ᠡᠨᠡ ᠤᠳᠠᠭ᠎ᠠ ᠤᠯᠠᠨ ᠤ ᠠᠩᠬᠠᠷᠴᠤ ᠪᠠᠶᠢᠭ᠎ᠠ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠬᠡᠮ ᠢ ᠶᠠᠭᠠᠬᠢᠵᠤ ᠡᠮᠴᠢᠯᠡᠵᠤ ᠵᠠᠰᠠᠬᠤ ᠳᠤᠬᠠᠢ ᠶᠠᠷᠢᠭᠠᠳ ᠦᠭᠭᠦᠨ᠎ᠠ ᠤᠤ︖   ᠵᠢᠯᠢᠨᠪᠠᠶᠠᠷ ᠡᠮᠴᠢ᠄ ᠳᠠᠨᠠᠷ ᠰᠠᠶᠢᠨ ᠪᠠᠶᠢᠵᠠᠭᠠᠨ᠎ᠠ ᠤᠤ︖ ᠳᠠ ᠤᠯᠠᠨ ᠳᠤ ᠪᠢ ᠨᠢᠷᠤᠭᠤᠨ ᠤ ᠮᠦᠬᠡᠷᠰᠤᠨ ᠳᠠᠪᠠᠭ ᠳᠤᠪᠤᠶᠢᠬᠰᠠᠨ ᠬᠡᠮ ᠢ ᠶᠠᠭᠠᠬᠢᠵᠤ ᠵᠠᠰᠠᠬᠤ ᠳᠤᠬᠠᠢ ᠶᠠᠷᠢᠵᠤ ᠦᠭᠭᠦᠶ᠎ᠠ᠃ ᠨᠢᠷᠤᠭᠤᠨ ᠤ ᠬᠤᠶᠠᠷ ᠰᠡᠬᠡᠷ ᠶᠠᠰᠤᠨ ᠤ ᠬᠤᠭᠤᠷᠤᠨᠳᠤ ᠨᠢᠭᠡ ᠮᠦᠬᠡᠷᠰᠤᠨ ᠳᠠᠪᠠᠭ ᠪᠠᠶᠢᠳᠠᠬ᠃ ᠳᠡᠷᠡ ᠨᠢ ᠦᠪᠡᠷ ᠤᠨ ᠤᠷᠤᠨ ᠠᠴᠠ ᠪᠠᠨ ᠭᠠᠷᠴᠤ ᠢᠷᠡᠵᠤ ᠨᠢᠷᠤᠭᠤᠨ ᠤ ᠮᠡᠳᠡᠷᠡᠯ ᠢ ᠳᠠᠷᠤᠬᠤ ᠪᠤᠶᠤ ᠨᠤᠭᠤᠰᠤᠨ ᠬᠦᠨᠳᠡᠢ ᠶᠢᠨ ᠮᠡᠳᠡᠷᠡᠯ ᠢ ᠳᠠᠷᠤᠬᠤ ᠪᠠᠶᠢᠳᠠᠯ ᠢᠯᠡᠷᠡᠪᠡᠯ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠬᠡᠮ ᠡᠬᠦᠰᠦᠨ᠎ᠠ᠃  ᠰᠤᠷᠪᠦᠯᠵᠢᠯᠠᠬᠴᠢ᠄ ᠡᠨᠡᠬᠦ ᠡᠪᠡᠳᠴᠢᠨ ᠤ ᠰᠢᠨᠵᠢ ᠢᠯᠡᠷᠡᠯ ᠶᠠᠮᠠᠷ ᠪᠠᠶᠢᠳᠠᠬ ᠪᠤᠢ︖   ᠵᠢᠯᠢᠨᠪᠠᠶᠠᠷ ᠡᠮᠴᠢ᠄ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠬᠡᠮ ᠤᠨ ᠢᠯᠡᠷᠡᠯ ᠨᠢ ᠨᠢᠷᠤᠭᠤ ᠡᠪᠡᠳᠬᠦ᠂ ᠰᠠᠭᠤᠳᠠᠯ ᠤᠨ ᠮᠡᠳᠡᠷᠡᠯ ᠡᠪᠡᠳᠬᠦ᠂ ᠡᠬᠦᠨ ᠠᠴᠠ ᠭᠠᠳᠠᠨ᠎ᠠ ᠪᠠᠰᠠ ᠴᠠᠪᠢ ᠶᠢᠨ ᠭᠡᠰᠡᠭ ᠲᠤ ᠡᠪᠡᠳᠬᠦ᠂ ᠦᠳᠬᠡᠨ ᠰᠢᠩᠭᠡᠨ ᠮᠦᠷ ᠬᠠᠷᠰᠢᠯᠠᠬᠳᠠᠬᠤ ᠪᠠᠶᠢᠳᠠᠯ ᠢᠯᠡᠷᠡᠳᠡᠭ᠃ ᠡᠨᠡ ᠳᠤᠮᠳᠠ ᠬᠠᠮᠤᠬ ᠤᠯᠠᠨ ᠡᠬᠦᠰᠳᠡᠭ ᠢᠯᠡᠷᠡᠯ ᠨᠢ ᠪᠤᠯ ᠨᠢᠷᠤᠭᠤ ᠡᠪᠡᠳᠬᠦ ᠪᠤᠯᠤᠨ᠎ᠠ᠃ ᠬᠡᠪᠡᠴᠤ ᠠᠳᠡ ᠳᠤᠳᠤᠷᠬᠠᠢᠢᠯᠠᠵᠤ ᠬᠡᠯᠡᠬᠦ ᠨᠢ ᠨᠢᠷᠤᠭᠤ ᠡᠪᠡᠳᠬᠦ ᠪᠤᠯᠭᠠᠨ ᠨᠢᠷᠤᠭᠤᠨ ᠤ ᠮᠦᠬᠡᠷᠰᠤᠨ ᠳᠠᠪᠠᠭ ᠳᠤᠪᠤᠶᠢᠬᠰᠠᠨ ᠭᠡᠮ ᠭᠡᠵᠤ ᠬᠡᠯᠡᠵᠤ ᠪᠤᠯᠬᠤ ᠦᠬᠡᠢ᠃ ᠨᠢᠷᠤᠭᠤ ᠡᠪᠡᠳᠬᠦ ᠰᠢᠯᠳᠠᠭᠠᠨ ᠤᠯᠠᠨ ᠪᠠᠶᠢᠳᠠᠬ᠃ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠠᠴᠠ ᠪᠤᠯᠵᠤ ᠨᠢᠷᠤᠭᠤ ᠡᠪᠡᠳᠬᠦ ᠨᠢ ᠨᠢᠭᠡ ᠳᠠᠯ ᠎ᠠ ᠶᠢᠨ ᠰᠢᠯᠳᠠᠭᠠᠨ ᠪᠤᠯᠤᠨ᠎ᠠ᠃ ᠡᠬᠦᠨ ᠢ ᠵᠠᠪᠠᠯ ᠡᠮᠴᠢᠯᠡᠭᠡ ᠪᠠᠷ ᠳᠠᠮᠵᠢᠨ ᠳᠤᠳᠤᠯᠠᠳᠠᠬ᠃ ᠳᠠᠷᠠᠭ᠎ᠠ ᠨᠢ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠠᠴᠠ ᠪᠤᠯᠵᠤ ᠰᠠᠭᠤᠳᠠᠯ ᠤᠨ ᠮᠡᠳᠡᠷᠡᠯ ᠡᠪᠡᠳᠬᠦ ᠶᠢᠨ ᠰᠢᠨᠵᠢ ᠢᠯᠡᠷᠡᠯ ᠨᠢ ᠪᠤᠯ ᠠᠷᠤ ᠳᠠᠯ᠎ᠠ ᠶᠢᠨ ᠦᠬᠡᠵᠡᠭ ᠤᠨ ᠭᠡᠰᠡᠭ᠂ ᠪᠦᠳᠤᠬᠦᠨ ᠭᠤᠶ᠎ᠠ ᠶᠢᠨ ᠠᠷᠤ ᠳᠠᠯ᠎ᠠ᠂ ᠰᠢᠯᠪᠢ ᠶᠢᠨ ᠠᠷᠤ ᠳᠠᠯ᠎ᠠ᠂ ᠪᠤᠷᠪᠢ ᠶᠢᠨ ᠭᠡᠰᠡᠭ᠂ ᠦᠯᠮᠡᠢ ᠶᠢᠨ ᠭᠡᠰᠡᠭ ᠲᠤ ᠪᠠᠨ ᠬᠦᠷᠳᠡᠯ᠎ᠠ ᠮᠢᠨᠴᠤᠭᠦᠷᠡᠬᠦ ᠪᠠᠶᠢᠳᠠᠯ ᠢᠯᠡᠷᠡᠬᠦ᠂ ᠭᠡᠨᠡᠳᠳᠡ ᠮᠢᠨᠴᠤᠭᠦᠷᠡᠵᠤ ᠡᠪᠡᠳᠬᠦ᠂ ᠬᠠᠷᠪᠤᠵᠤ ᠮᠢᠨᠴᠤᠭᠦᠷᠡᠬᠦ ᠰᠢᠨᠵᠢ ᠳᠡᠮᠳᠡᠭ ᠲᠠᠢ ᠪᠠᠶᠢᠳᠠᠬ᠃   ᠰᠤᠷᠪᠦᠯᠵᠢᠯᠠᠭᠴᠢ᠄ ᠳᠡᠬᠡᠪᠡᠯ ᠨᠢᠷᠤᠭᠤᠨ ᠤ ᠮᠦᠭᠡᠷᠰᠤᠨ ᠳᠠᠪᠠᠬ ᠮᠤᠷᠦ᠋ᠢᠬᠰᠠᠨ ᠬᠡᠮ ᠢ ᠶᠠᠭᠠᠬᠢᠵᠤ ᠡᠮᠨᠡᠠ ᠵᠠᠰᠠᠬᠤ ᠪᠤᠢ︖   ᠵᠢᠯᠢᠨᠪᠠᠶᠠᠷ ᠡᠮᠴᠢ᠄ ᠨᠢᠷᠤᠭᠤᠨ ᠤ ᠮᠦᠭᠡᠷᠰᠤᠨ ᠳᠠᠪᠠᠬ ᠮᠤᠷᠦ᠋ᠢᠬᠰᠠᠨ ᠬᠡᠮ ᠢ ᠵᠠᠰᠠᠬᠤ ᠳᠤ ᠤᠯᠠᠨ ᠵᠦᠢᠯ ᠤᠨ ᠠᠷᠭ᠎ᠠ ᠪᠠᠶᠢᠨ᠎ᠠ᠃ ᠬᠠᠮᠤᠭ ᠤᠨ ᠡᠩ ᠤᠨ ᠡᠮᠴᠢᠯᠡᠭᠡ ᠨᠢ ᠬᠡᠪᠳᠡᠵᠤ ᠪᠠᠶᠢᠭᠠᠳ ᠵᠠᠰᠠᠬᠤ᠃ ᠡᠬᠦᠨ ᠢ ᠨᠢᠷᠤᠭᠤᠨ ᠤ ᠮᠦᠭᠡᠷᠰᠤᠨ ᠬᠡᠮ ᠤᠨ ᠠᠩᠬᠠᠨ ᠤ ᠬᠤᠭᠤᠴᠠᠭᠠᠨ ᠳᠤ ᠬᠡᠷᠡᠭᠯᠡᠵᠤ ᠪᠤᠯᠤᠨ᠎ᠠ᠃ ᠭᠡᠪᠡᠴᠤ ᠵᠠᠷᠢᠮ ᠬᠦᠮᠦᠰ ᠨᠢ ᠬᠡᠳᠤᠢ ᠤᠳᠠᠭᠠᠨ ᠭᠡᠪᠳᠡᠪᠡᠯ ᠳᠡᠳᠤᠢ ᠰᠠᠶᠢᠨ ᠭᠡᠵᠤ ᠪᠤᠳᠤᠳᠠᠬ᠂ ᠦᠨᠡᠨᠳᠡᠬᠡᠨ ᠳᠡᠶᠢᠮᠤ ᠤᠴᠢᠷ ᠪᠢᠰᠢ᠂ ᠬᠡᠪᠳᠡᠬᠦᠯᠵᠤ ᠪᠠᠶᠢᠭᠠᠳ ᠵᠠᠰᠠᠨ᠎ᠠ ᠭᠡᠳᠡᠭ ᠨᠢ ᠮᠦᠭᠡᠷᠰᠤᠨ ᠳᠠᠪᠠᠬ ᠤᠤᠯ ᠤᠷᠤᠨ ᠠᠴᠠ ᠪᠠᠨ ᠭᠠᠷᠴᠤ ᠢᠷᠡᠵᠤ ᠮᠡᠳᠡᠷᠡᠯ ᠳᠠᠷᠤᠬᠰᠠᠨ ᠪᠠᠶᠢᠳᠠᠯ ᠢ ᠤᠯᠠᠮ ᠳᠠᠷᠬᠠᠬᠤ ᠠᠴᠠ ᠵᠠᠶᠢᠯᠠᠰᠬᠢᠬᠦ ᠶᠢᠨ ᠲᠦᠯᠦᠬᠡ ᠪᠠᠶᠢᠳᠠᠬ ᠪᠤᠯᠬᠤᠷ ᠵᠠᠪᠠᠯ ᠳᠤᠬᠢᠷᠠᠬᠰᠠᠨ ᠬᠡᠮᠵᠢᠶ ᠎ᠠ ᠪᠠᠷ ᠡᠪᠡᠳᠴᠢᠨ ᠤ ᠪᠠᠶᠢᠳᠠᠯ ᠢ ᠦᠨᠳᠤᠰᠤᠯᠡᠵᠤ ᠵᠤᠬᠢᠰᠳᠡᠢ ᠬᠡᠪᠳᠡᠵᠤ ᠠᠮᠠᠷᠠᠵᠤ ᠵᠠᠰᠠᠨ᠎ᠠ᠃ ᠬᠠᠷᠢᠨ ᠬᠡᠳᠤᠷᠬᠡᠢ ᠤᠷᠳᠤ ᠬᠤᠭᠤᠴᠠᠭ᠎ᠠ ᠬᠦᠳᠡᠯᠬᠦ ᠦᠬᠡᠢ ᠬᠡᠪᠳᠡᠪᠡᠯ ᠪᠤᠴᠠᠭᠠᠳ ᠪᠤᠯᠴᠢᠩ ᠤᠨ ᠠᠪᠴᠢᠯᠳᠠ ᠶᠢᠨ ᠴᠢᠳᠠᠪᠬᠢ ᠶᠢ ᠳᠤᠷᠦ᠋ᠢᠳᠠᠭᠤᠯᠵᠤ ᠨᠠᠵᠠᠭᠠᠢ ᠦᠷ᠎ᠠ ᠨᠦᠯᠦᠬᠡ ᠡᠬᠦᠰᠬᠡᠬᠦ ᠪᠤᠯᠤᠨ᠎ᠠ᠃ ᠡᠶᠢᠮᠤ ᠠᠴᠠ ᠵᠠᠪᠠᠯ ᠡᠪᠡᠳᠴᠢᠨ ᠤ ᠪᠠᠶᠢᠳᠠᠯ ᠢᠶᠠᠨ ᠦᠨᠳᠤᠰᠤᠯᠡᠵᠤ ᠵᠤᠬᠢᠰᠳᠡᠢ ᠳᠤᠬᠢᠷᠠᠭᠤᠯᠤᠨ᠎ᠠ᠃ ᠳᠠᠷᠠᠭ᠎ᠠ ᠨᠢ ᠳᠠᠳᠠᠵᠤ ᠵᠠᠰᠠᠨ᠎ᠠ᠃ ᠪᠢᠳᠡ ᠳᠠᠳᠠᠬᠤ ᠵᠠᠰᠠᠯ ᠢᠶᠠᠷ ᠪᠤᠯᠴᠢᠩ ᠢ ᠰᠤᠯᠠᠷᠠᠭᠤᠯᠵᠤ᠂ ᠴᠢᠳᠠᠪᠬᠢ ᠶᠢ ᠰᠡᠷᠭᠦᠬᠡᠬᠦ ᠪᠠᠷ ᠵᠠᠰᠠᠬᠤ ᠶᠢ ᠬᠡᠯᠡᠵᠤ ᠪᠠᠶᠢᠨ᠎ᠠ᠃ ᠪᠠᠰᠠ ᠪᠢᠳᠡᠨ ᠤ ᠤᠯᠠᠮᠵᠢᠯᠠᠯᠳᠤ ᠵᠠᠰᠠᠯ ᠪᠤᠯᠬᠤ ᠢᠯᠢᠵᠤ ᠨᠤᠬᠤᠯᠠᠬᠤ ᠵᠠᠰᠠᠯ ᠢ ᠬᠡᠷᠡᠭᠯᠡᠵᠤ ᠪᠤᠯᠤᠨ᠎ᠠ᠃ ᠢᠯᠢᠵᠤ ᠨᠤᠬᠤᠯᠬᠠᠤ ᠵᠠᠰᠠᠯ ᠤᠨ ᠦᠷ᠎ᠠ ᠳ᠋ᠦᠡᠭ ᠶᠡᠭᠡ ᠰᠠᠶᠢᠨ ᠪᠠᠶᠢᠳᠠᠬ᠃ ᠨᠡᠩ ᠴᠤ ᠤᠬᠤᠷ ᠬᠤᠭᠤᠴᠠᠭᠠᠨ ᠳᠤ ᠡᠬᠦᠰᠦᠭᠰᠡᠨ ᠮᠦᠭᠡᠷᠰᠤᠨ ᠳᠠᠪᠠᠭ ᠳᠤᠪᠤᠶᠢᠬᠰᠠᠨ ᠬᠡᠮ ᠳᠤ ᠨᠡᠩ ᠰᠠᠶᠢᠨ ᠪᠠᠶᠢᠳᠠᠬ᠃ ᠡᠨᠡᠬᠦ ᠡᠮᠴᠢᠯᠡᠭᠡ ᠶᠢᠨ ᠠᠷᠭ᠎ᠠ ᠶᠢ ᠬᠡᠷᠡᠭᠯᠡᠪᠡᠯ ᠤᠳᠠᠭᠠᠨ ᠤᠷᠳᠤ ᠬᠤᠭᠤᠴᠠᠭ᠎ᠠ ᠪᠠᠷ ᠡᠮᠨᠡᠬᠦ ᠬᠡᠷᠡᠭᠳᠡᠢ᠃ ᠡᠬᠦᠨ ᠠᠴᠠ ᠭᠠᠳᠠᠨ᠎ᠠ ᠪᠠᠰᠠ ᠡᠮ ᠵᠠᠰᠠᠯ᠂ ᠮᠡᠰᠡ ᠵᠠᠰᠠᠯ ᠤᠨ ᠠᠷᠭ᠎ᠠ ᠪᠠᠶᠢᠳᠠᠬ᠃ ᠮᠡᠰᠡ ᠵᠠᠰᠠᠯ ᠤᠨ ᠠᠷᠭ᠎ᠠ ᠳᠤ ᠳᠤᠪᠤᠶᠢᠬᠰᠠᠨ ᠭᠡᠰᠡᠭ ᠢ ᠰᠢᠳᠠᠭᠠᠬᠤ᠂ ᠤᠬᠳᠤᠯᠬᠤ ᠵᠡᠷᠭᠡ ᠠᠷᠭ᠎ᠠ ᠪᠠᠶᠢᠳᠠᠬ ᠪᠦᠭᠡᠳ ᠡᠨᠡᠬᠦ ᠠᠷᠭ᠎ᠠ ᠶᠢ ᠨᠡᠯᠢᠶᠡᠳ ᠬᠦᠨᠳᠤ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠬᠡᠮ ᠳᠤ ᠬᠡᠷᠡᠭᠯᠡᠳᠡᠭ᠃   ᠰᠤᠷᠪᠦᠯᠵᠢᠯᠠᠬᠴᠢ᠄ ᠪᠢᠳᠡ ᠡᠮᠨᠡᠵᠤ ᠵᠠᠰᠠᠬᠰᠠᠨ ᠤ ᠳᠠᠷᠠᠭ᠎ᠠ ᠶᠠᠭᠤ ᠶᠢ ᠠᠩᠬᠠᠷᠬᠤ ᠴᠢᠬᠤᠯᠠᠳᠠᠢ ᠪᠤᠢ︖   ᠵᠢᠯᠢᠨᠪᠠᠶᠠᠷ ᠡᠮᠴᠢ᠄ ᠨᠢᠷᠤᠭᠤᠨ ᠤ ᠮᠦᠭᠡᠷᠰᠤᠨ ᠳᠠᠪᠠᠬ ᠳᠤᠪᠤᠶᠢᠬᠰᠠᠨ ᠬᠡᠮ ᠢ ᠵᠠᠰᠠᠬᠰᠠᠨ ᠤ ᠳᠠᠷᠠᠭ᠎ᠠ ᠰᠤᠪᠢᠯᠠᠯᠳᠠ ᠳᠦᠢᠯ ᠤᠨ ᠴᠢᠬᠤᠯᠠ ᠪᠠᠶᠢᠳᠠᠬ᠃ ᠨᠢᠬᠡ ᠳᠤ ᠤᠨᠳᠠᠵᠤ ᠬᠡᠪᠳᠡᠬᠦ ᠤᠷᠤ ᠶᠢ ᠬᠡᠳᠤᠷᠬᠡᠢ ᠵᠦᠬᠡᠯᠡᠨ ᠪᠠᠶᠢᠯᠭᠠᠵᠤ ᠪᠤᠯᠬᠤ ᠦᠬᠡᠢ᠃ ᠬᠤᠶᠠᠷ ᠲᠤ᠂ ᠳᠤᠯᠠᠭᠠᠨ ᠢ ᠪᠠᠳᠤᠯᠠᠬᠤ ᠬᠡᠷᠡᠭᠳᠡᠢ᠃ ᠬᠡᠷᠪᠡ ᠵᠢᠩᠬᠢᠨᠡᠵᠤ ᠳᠠᠭᠠᠷᠠᠪᠠᠯ ᠨᠢᠷᠤᠭᠤᠨ ᠤ ᠮᠦᠭᠡᠷᠰᠤᠨ ᠳᠠᠪᠠᠭ ᠳᠤᠪᠤᠶᠢᠬᠰᠠᠨ ᠬᠡᠮ ᠨᠢ ᠳᠠᠬᠢᠬᠤ ᠪᠤᠯᠤᠯᠴᠠᠭ᠎ᠠ ᠳᠦᠢᠯ ᠤᠨ ᠶᠡᠭᠡ ᠪᠠᠶᠢᠳᠠᠬ᠂ ᠡᠶᠢᠮᠤ ᠠᠴᠠ ᠵᠠᠪᠠᠯ ᠳᠤᠯᠠᠭᠠᠨ ᠢ ᠪᠠᠳᠤᠯᠠᠬᠤ ᠬᠡᠷᠡᠭᠳᠡᠢ᠃ ᠭᠤᠷᠪᠠ ᠳᠤ᠂ ᠨᠢᠷᠤᠭᠤᠨ ᠤ ᠮᠦᠭᠡᠷᠰᠤᠨ ᠳᠠᠪᠠᠬ ᠳᠤᠪᠤᠶᠢᠬᠰᠠᠨ ᠬᠡᠮ ᠢ ᠵᠠᠰᠠᠬᠰᠠᠨ ᠤ ᠳᠠᠷᠠᠭ᠎ᠠ ᠨᠢᠷᠤᠭᠤᠨ ᠤ ᠪᠦᠰᠡᠯᠡᠬᠦᠷ ᠵᠡᠬᠦᠬᠦ ᠳᠤ ᠪᠠᠨ ᠬᠡᠳᠤᠷᠬᠡᠢ ᠬᠠᠳᠠᠭᠤ ᠪᠦᠰᠡᠯᠡᠬᠦᠷ ᠵᠡᠬᠦᠵᠤ ᠪᠤᠯᠬᠤ ᠦᠬᠡᠢ᠃ ᠲᠦᠷᠪᠡ ᠳᠤ᠂ ᠪᠦᠬᠦ᠋ᠢᠵᠤ ᠬᠦᠴᠤ ᠭᠠᠷᠭᠠᠬᠤ ᠠᠵᠢᠯ ᠬᠢᠵᠤ ᠪᠤᠯᠬᠤ ᠦᠬᠡᠢ᠂ ᠪᠦᠬᠦ᠋ᠢᠵᠤ ᠠᠵᠢᠯ ᠬᠢᠬᠦ ᠦᠶ᠎ᠠ ᠳᠤ ᠨᠢᠷᠤᠭᠤᠨ ᠤ ᠪᠤᠯᠴᠢᠩ ᠳᠤ ᠳᠠᠷᠤᠯᠳᠠ ᠦᠭᠳᠡᠭ ᠪᠤᠯᠬᠤᠷ ᠳᠠᠬᠢᠬᠤ ᠪᠤᠯᠤᠯᠴᠠᠭ᠎ᠠ ᠪᠠᠰᠠ ᠶᠡᠭᠡ ᠪᠠᠶᠢᠳᠠᠬ᠃ ᠳᠠᠪᠤ ᠳᠤ᠂ ᠬᠦᠳᠡᠯᠬᠡᠬᠡᠨ ᠬᠢᠨ᠎ᠠ᠃ ᠬᠡᠬᠦ ᠳᠤ ᠪᠠᠨ ᠲᠦᠷᠭᠡᠨ ᠴᠢᠨᠠᠷᠳᠡᠢ ᠬᠦᠳᠡᠯᠬᠡᠬᠡᠨ ᠬᠢᠵᠤ ᠪᠤᠯᠬᠤ ᠦᠬᠡᠢ᠂ ᠳᠤᠬᠢᠷᠠᠮᠵᠢᠳᠡᠢ ᠨᠢᠷᠤᠭᠤᠨ ᠤ ᠪᠤᠯᠴᠢᠩ ᠤᠨ ᠰᠡᠷᠭᠦᠬᠡᠯᠳᠡ ᠳᠤ ᠠᠰᠢᠬᠳᠡᠢ ᠬᠦᠳᠡᠯᠬᠡᠬᠡᠨ ᠢ ᠬᠢᠨ᠎ᠠ᠃ ᠵᠢᠷᠭᠤᠭ᠎ᠠ ᠳᠤ᠂ ᠰᠤᠪᠢᠯᠠᠯᠳᠠ ᠪᠠᠷ ᠳᠠᠮᠵᠢᠨ ᠡᠪᠡᠳᠴᠢᠨ ᠢᠶᠠᠨ ᠪᠦᠷᠢᠮᠤᠰᠤᠨ ᠡᠳᠡᠭᠡᠭᠡᠭᠰᠡᠨ ᠤ ᠳᠠᠷᠠᠭ᠎ᠠ ᠵᠠᠪᠠᠯ ᠬᠦᠳᠡᠯᠬᠡᠬᠡᠨ ᠢ ᠰᠠᠶᠢᠨ ᠬᠢᠵᠤ ᠨᠢᠷᠤᠭᠤᠨ ᠤ ᠮᠦᠭᠡᠷᠰᠤᠨ ᠳᠠᠪᠠᠭ ᠤᠨ ᠳᠤᠪᠤᠶᠢᠬᠤ ᠬᠡᠮ ᠳᠠᠬᠢᠵᠤ ᠡᠬᠦᠰᠬᠦ ᠠᠴᠠ ᠰᠡᠷᠭᠡᠶᠢᠯᠡᠪᠠᠯ ᠵᠤᠭᠢᠨ᠎ᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号