ᠡᠪᠦᠳᠦᠭ ᠤᠨ ᠦᠶ᠎ᠡ ᠶᠢᠨ ᠦᠷᠪᠢᠰᠦᠯ ᠢ  ᠵᠦᠪ ᠲᠠᠨᠢᠯᠳᠠᠢ
ᠨᠡᠶᠢᠲᠡᠯᠡᠭᠰᠡᠨ ᠴᠠᠭ᠄
2023/5/4
 ᠡᠪᠦᠳᠦᠭ ᠤᠨ ᠦᠶ᠎ᠡ ᠶᠢᠨ ᠦᠷᠪᠢᠰᠦᠯ ᠢ  ᠵᠦᠪ ᠲᠠᠨᠢᠯᠳᠠᠢ                       — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠶᠠᠰᠤᠨ ᠤ ᠨᠢᠭᠡᠳᠦᠭᠡᠷ ᠰᠠᠯᠠᠭ᠎ᠠ ᠶᠢᠨ ᠡᠮᠴᠢ ᠮᠠᠨᠳᠤᠬᠤᠪᠠᠶᠠᠷ ᠢ ᠰᠤᠷᠪᠤᠯᠵᠢᠯᠠᠭᠠᠳ                               ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠤᠶᠠᠬᠠᠨ  ᠰᠦᠶ᠎ᠡ   ᠠᠮᠢᠳᠤᠷᠠᠯ ᠲᠤᠮᠳᠠ ᠶᠠᠰᠤ ᠦᠶ᠎ᠡ ᠭᠡᠰᠢᠭᠦᠦ ᠶᠢᠨ ᠡᠪᠡᠳᠴᠢᠨ ᠳᠤ ᠨᠡᠷᠪᠡᠭᠳᠡᠭᠰᠡᠨ ᠭᠦᠮᠦᠰ ᠤᠯᠠᠨ ᠲᠤᠬᠢᠶᠠᠯᠳᠤᠳᠠᠭ᠃ ᠶᠠᠰᠤ ᠦᠶ᠎ᠡ ᠭᠡᠰᠢᠭᠦᠦ ᠡᠪᠡᠳᠭᠦ ᠶᠢ ᠵᠠᠷᠢᠮ ᠭᠦᠮᠦᠰ ᠡᠪᠡᠳᠴᠢᠨ ᠢᠶᠠᠷ ᠪᠤᠳᠤᠬᠤ ᠦᠭᠡᠢ᠂ ᠵᠦᠭᠡᠷ ᠯᠠ ᠦᠪᠡᠷᠳᠡᠭᠡᠨ ᠢᠯᠢᠵᠦ ᠨᠤᠬᠤᠯᠠᠬᠤ᠂ ᠬᠠᠯᠠᠭᠤᠨ ᠵᠢᠩ ᠲᠠᠯᠪᠢᠬᠤ ᠡᠰᠡᠭᠦᠯ᠎ᠠ ᠡᠮ ᠲᠠᠢ ᠨᠠᠭᠠᠯᠳᠠ ᠨᠠᠭᠠᠪᠠᠯ ᠭᠠᠶᠢᠭᠤᠢ ᠪᠤᠯᠴᠢᠬᠠᠨ᠎ᠠ ᠭᠡᠮᠡᠨ ᠪᠤᠳᠤᠵᠦ᠂ ᠭᠡᠵᠢᠶ᠎ᠡ ᠰᠡᠭᠦᠯᠡᠷ ᠦᠶ᠎ᠡ ᠭᠡᠰᠢᠭᠦᠦ ᠮᠦᠭᠡᠷᠰᠦᠯᠡᠭᠦ᠂ ᠦᠷᠪᠢᠰᠴᠦ ᠬᠠᠪᠤᠳᠬᠤ ᠭᠡᠭᠦ ᠮᠡᠳᠦ ᠶᠢᠨ ᠪᠠᠶᠢᠳᠠᠯ ᠭᠠᠷᠴᠦ ᠭᠦᠨᠳᠦᠷᠡᠵᠦ ᠢᠷᠡᠭᠦ ᠪᠠᠷ ᠰᠠᠶ᠋ᠢ ᠡᠮᠨᠡᠯᠭᠡ ᠳᠤ ᠭᠦᠷᠴᠦ ᠡᠮᠨᠡᠭᠦᠯᠳᠡᠭ᠃ ᠤᠨᠴᠠᠭᠠᠶᠢᠯᠠᠨ ᠲᠤᠷᠠᠳᠤᠭᠤᠰᠢᠳᠠᠢ ᠨᠢ ᠶᠡᠷᠦ ᠨᠢ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠰᠡᠨ ᠭᠦᠮᠦᠰ ᠤᠯᠠᠨ ᠪᠠᠶᠢᠵᠦ᠂ ᠡᠨᠡᠭᠦ ᠡᠪᠡᠳᠴᠢᠨ ᠨᠢ ᠪᠠᠷᠤᠭ ᠤᠷᠤᠨ ᠨᠤᠳᠤᠭ ᠤᠨ ᠡᠪᠡᠳᠴᠢᠨ ᠳᠤ ᠲᠤᠭᠠᠴᠠᠭᠳᠠᠬᠤ ᠭᠡᠮᠵᠢᠶᠡᠨ ᠳᠤ ᠭᠦᠷᠴᠦ ᠪᠠᠶᠢᠭ᠎ᠠ ᠪᠢᠯᠠ᠃   ᠤᠯᠠᠩᠭᠢ ᠭᠦᠮᠦᠰ ᠡᠪᠦᠳᠦᠭ ᠡᠪᠡᠳᠭᠦ ᠵᠡᠷᠭᠡ ᠪᠠᠭ᠎ᠠ ᠰᠠᠭ᠎ᠠ ᠡᠪᠡᠳᠴᠦ ᠬᠠᠪᠤᠳᠬᠤ ᠶᠢ ᠤᠮᠳᠤᠭᠠᠶᠢᠯᠠᠵᠦ ᠰᠠᠨᠠᠭᠠᠨ ᠳᠤ ᠪᠠᠨ ᠠᠪᠳᠠᠭ ᠦᠭᠡᠢ᠃ ᠭᠡᠳᠡᠯ᠎ᠡ ᠡᠨᠡᠭᠦ ᠰᠠᠨᠠᠭᠠᠨ ᠳᠤ ᠤᠷᠤᠳᠠᠭ ᠦᠭᠡᠢ ᠡᠪᠦᠳᠦᠭ ᠡᠪᠡᠳᠭᠦ ᠨᠢ ᠬᠤᠶᠢᠰᠢᠳᠠ ᠶᠡᠭᠡᠰᠴᠦ ᠡᠪᠦᠳᠦᠭ ᠤᠨ ᠦᠶ᠎ᠡ ᠶᠢᠨ ᠦᠷᠪᠢᠰᠦᠯ ᠪᠤᠯᠵᠦ ᠭᠦᠮᠦᠰ ᠢ ᠶᠡᠭᠡ ᠪᠠᠷ ᠰᠢᠨᠡᠯᠭᠠᠳᠠᠭ ᠶᠤᠮ᠃ ᠲᠡᠭᠡᠪᠡᠯ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠰᠡᠨ ᠤ ᠲᠠᠷᠠᠭ᠎ᠠ ᠶᠠᠮᠠᠷᠬᠠᠨ ᠪᠠᠶᠢᠳᠠᠯ ᠲᠠᠢ ᠪᠠᠶᠢᠳᠠᠭ ᠲᠤᠬᠠᠢ ᠮᠠᠨᠳᠤᠬᠤᠪᠠᠶᠠᠷ ᠡᠮᠴᠢ ᠶᠠᠷᠢᠬᠤ ᠳᠤ ᠪᠠᠨ᠄ ︽ᠡᠪᠦᠳᠦᠭ ᠡᠪᠡᠳᠴᠦ᠂ ᠤᠨᠴᠠᠭᠠᠶᠢᠯᠠᠨ ᠡᠪᠦᠳᠦᠭ ᠤᠨ ᠲᠤᠳᠤᠷ᠎ᠠ ᠲᠠᠯ᠎ᠠ ᠶᠢᠨ ᠭᠡᠰᠡᠭ ᠢᠶᠠᠷ ᠡᠪᠡᠳᠪᠡᠯ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠰᠡᠨ ᠪᠠᠶᠢᠬᠤ ᠪᠤᠯᠤᠯᠴᠠᠭ᠎ᠠ ᠲᠠᠢ᠃ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠰᠡᠨ ᠠᠩᠬᠠᠨ ᠤ ᠬᠤᠭᠤᠴᠠᠭᠠᠨ ᠳᠤ ᠡᠪᠦᠳᠦᠭ ᠤᠨ ᠦᠶ᠎ᠡ ᠶᠢᠨ ᠲᠤᠳᠤᠷ᠎ᠠ ᠲᠠᠯ᠎ᠠ ᠳᠤ ᠡᠪᠡᠳᠴᠦ ᠪᠠᠶᠢᠭᠰᠠᠨ ᠢᠶᠠᠨ ᠲᠤᠮᠳᠠ ᠬᠤᠭᠤᠴᠠᠭᠠᠨ ᠳᠤ ᠤᠷᠤᠪᠠᠯ ᠡᠪᠡᠳᠭᠦ ᠨᠢ ᠤᠯᠠᠮ ᠶᠡᠭᠡᠰᠴᠦ᠂ ᠰᠡᠭᠦᠯᠴᠢ ᠶᠢᠨ ᠬᠤᠭᠤᠴᠠᠭᠠᠨ ᠳᠤ ᠡᠪᠡᠳᠭᠦ ᠭᠡᠮᠵᠢᠶ᠎ᠡ ᠨᠢ ᠤᠯᠠᠮ ᠢᠶᠠᠷ ᠭᠦᠨᠳᠦᠷᠡᠭᠦ ᠶᠢᠨ ᠲᠠᠭᠠᠤ ᠭᠦᠳᠡᠯᠭᠡᠭᠡᠨ ᠬᠠᠷᠰᠢᠯᠠᠭᠳᠠᠵᠦ᠂ ᠡᠪᠦᠳᠦᠭ ᠤᠨ ᠦᠶ᠎ᠡ ᠶᠢᠨ ᠭᠡᠯᠪᠡᠷᠢ ᠪᠠᠶᠢᠳᠠᠯ ᠬᠤᠪᠢᠷᠠᠯᠳᠠ ᠭᠠᠷᠴᠦ ᠵᠡᠷᠡᠮᠳᠡᠭ ᠪᠤᠯᠳᠠᠭ ᠪᠠᠶᠢᠨ᠎ᠠ︾ ᠭᠡᠯ᠎ᠡ᠃   ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠵᠦ ᠡᠷᠳᠡᠭᠡᠨ ᠮᠡᠳᠡᠵᠦ ᠡᠮᠨᠡᠭᠦᠯᠵᠦ ᠵᠠᠰᠠᠭᠤᠯᠬᠤ ᠦᠭᠡᠢ ᠭᠦᠨᠳᠦᠷᠡᠭᠦᠯᠪᠡᠯ ᠶᠡᠭᠡ ᠭᠡᠮᠵᠢᠶᠡᠨ ᠤ ᠪᠡᠶ᠎ᠡ ᠰᠡᠳᠬᠢᠯ ᠤᠨ ᠰᠢᠨᠠᠯᠭᠠᠯ ᠳᠤ ᠤᠴᠠᠷᠠᠳᠠᠭ ᠶᠤᠮ ᠪᠠᠶᠢᠨ᠎ᠠ᠃ ᠲᠡᠭᠡᠪᠡᠯ ᠡᠪᠦᠳᠦᠭ ᠤᠨ ᠦᠶ᠎ᠡ ᠶᠢᠨ ᠦᠷᠪᠢᠰᠦᠯ ᠢ ᠶᠠᠭᠠᠬᠢᠵᠦ ᠲᠠᠨᠢᠪᠠᠯ ᠵᠤᠬᠢᠬᠤ ᠪᠤᠢ︖ ᠮᠠᠨᠳᠤᠬᠤᠪᠠᠶᠠᠷ ᠡᠮᠴᠢ᠄ ︽ᠡᠪᠦᠳᠦᠭ ᠤᠨ ᠦᠶ᠎ᠡ ᠶᠢᠨ ᠦᠷᠪᠢᠰᠦᠯ ᠨᠢ ᠭᠤᠤᠯᠳᠠᠭᠤ ᠡᠪᠦᠳᠦᠭ ᠤᠨ ᠦᠶ᠎ᠡ ᠶᠠᠰᠤᠵᠢᠵᠦ ᠮᠦᠭᠡᠷᠰᠦᠯᠡᠭᠰᠡᠨ ᠠᠴᠠ ᠪᠤᠯᠵᠦ ᠦᠷᠪᠢᠰᠦᠭᠰᠡᠨ ᠪᠠᠶᠢᠳᠠᠯ ᠢ ᠭᠡᠯᠡᠨ᠎ᠡ᠃ ᠡᠪᠡᠳᠴᠢᠨ ᠤ ᠪᠠᠶᠢᠳᠠᠯ ᠪᠤᠯ ᠡᠪᠦᠳᠦᠭ ᠤᠨ ᠦᠶ᠎ᠡ ᠮᠦᠭᠡᠷᠰᠦᠯᠡᠵᠦ᠂ ᠡᠪᠦᠳᠦᠭ ᠤᠨ ᠦᠶ᠎ᠡ ᠶᠢᠨ ᠵᠠᠪᠰᠠᠷ ᠨᠠᠷᠢᠰᠦᠨ᠎ᠠ᠂ ᠡᠯᠡᠭᠳᠡᠵᠦ ᠪᠠᠷᠠᠭᠳᠠᠭᠰᠠᠨ ᠡᠪᠦᠳᠦᠭ ᠤᠨ ᠦᠶ᠎ᠡ ᠬᠠᠳᠠᠭᠤᠷᠠᠵᠦ ᠶᠠᠰᠤᠵᠢᠬᠤ ᠵᠡᠷᠭᠡ ᠪᠠᠶᠢᠳᠠᠯ ᠡᠭᠦᠰᠴᠦ ᠡᠪᠦᠳᠦᠭ ᠡᠪᠡᠳᠭᠦ᠂ ᠭᠦᠳᠡᠯᠭᠡᠭᠡᠨ ᠬᠢᠭᠦ ᠳᠤ ᠬᠠᠷᠰᠢ ᠰᠠᠭᠠᠳ ᠪᠤᠯᠤᠨ᠎ᠠ︾ ᠭᠡᠮᠡᠨ ᠲᠠᠨᠢᠯᠴᠠᠭᠤᠯᠤᠯ᠎ᠠ᠃   ᠵᠠᠷᠢᠮ ᠭᠦᠮᠦᠨ ᠨᠢ ᠨᠠᠰᠤᠨ ᠰᠡᠭᠦᠳᠡᠷ ᠦᠨᠳᠦᠷ ᠭᠦᠮᠦᠨ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠦ ᠠᠴᠠ ᠪᠢᠰᠢ ᠵᠠᠯᠠᠭᠤ ᠭᠦᠮᠦᠨ ᠳᠤ ᠡᠨᠡᠭᠦ ᠡᠪᠡᠳᠴᠢᠨ ᠲᠤᠬᠢᠶᠠᠯᠳᠤᠬᠤ ᠦᠭᠡᠢ ᠭᠡᠮᠡᠨ ᠪᠤᠳᠤᠳᠠᠭ᠃ ᠡᠨᠡ ᠪᠤᠯ ᠪᠤᠷᠤᠭᠤ ᠤᠶᠢᠯᠠᠭᠠᠯᠳᠠ ᠪᠠᠶᠢᠵᠠᠢ᠃ ᠮᠠᠨᠳᠤᠬᠤᠪᠠᠶᠠᠷ ᠡᠮᠴᠢ᠄ ︽ᠡᠪᠦᠳᠦᠭ ᠤᠨ ᠦᠶ᠎ᠡ ᠶᠢᠨ ᠦᠷᠪᠢᠰᠦᠯ ᠤᠨ ᠡᠭᠦᠰᠦᠭᠰᠡᠨ ᠰᠢᠯᠳᠠᠭᠠᠨ ᠨᠢ ᠨᠢᠭᠡ ᠳᠤ᠂ ᠨᠠᠰᠤᠨ ᠰᠡᠭᠦᠳᠡᠷ ᠦᠨᠳᠦᠷ ᠪᠤᠯᠬᠤ ᠶᠢ ᠲᠠᠭᠠᠯᠳᠤᠨ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠦ ᠪᠤᠯᠤᠮᠵᠢ ᠦᠨᠳᠦᠷ ᠪᠠᠶᠢᠳᠠᠭ᠃ ᠬᠤᠶᠠᠷ ᠲᠤ᠂ ᠡᠮᠡᠭᠳᠠᠢ ᠭᠦᠮᠦᠨ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠦ ᠨᠤᠷᠮ᠎ᠠ ᠨᠢ ᠡᠷᠡᠭᠳᠠᠢ ᠭᠦᠮᠦᠨ ᠠᠴᠠ ᠦᠨᠳᠦᠷ ᠪᠠᠶᠢᠳᠠᠭ᠃ ᠭᠤᠷᠪᠠ ᠳᠤ᠂ ᠮᠠᠷᠢᠶ᠎ᠠ ᠶᠡᠭᠡᠳᠠᠢ ᠲᠠᠷᠭᠤᠨ ᠭᠦᠮᠦᠨ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠦ ᠨᠤᠷᠮ᠎ᠠ ᠨᠢ ᠬᠠᠷᠢᠴᠠᠩᠭᠤᠢ ᠦᠨᠳᠦᠷ᠃ ᠮᠠᠷᠢᠶ᠎ᠠ ᠶᠡᠭᠡ ᠠᠴᠠ ᠪᠤᠯᠵᠦ ᠡᠪᠦᠳᠦᠭ ᠤᠨ ᠦᠶ᠎ᠡ ᠳᠤ ᠦᠭᠭᠦ ᠲᠠᠷᠤᠯᠳᠠ ᠶᠡᠭᠡ ᠲᠤᠯᠠ ᠡᠪᠦᠳᠦᠭ ᠤᠨ ᠦᠶ᠎ᠡ ᠶᠢᠨ ᠡᠯᠡᠭᠳᠡᠭᠦ ᠶᠢ ᠲᠦᠷᠭᠡᠳᠭᠡᠵᠦ᠂ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠦ ᠪᠤᠯᠤᠮᠵᠢ ᠦᠨᠳᠦᠷ ᠪᠤᠯᠳᠠᠭ᠃ ᠲᠦᠷᠪᠡ ᠳᠤ᠂ ᠭᠠᠵᠠᠷ ᠵᠦᠢ ᠶᠢᠨ ᠪᠠᠶᠢᠷᠢᠰᠢᠯ ᠠᠴᠠ ᠪᠤᠯᠵᠦ ᠠᠭᠤᠷ ᠠᠮᠢᠰᠬᠤᠯ ᠬᠠᠬᠢᠷ ᠭᠦᠢᠳᠡᠨ ᠭᠠᠵᠠᠷ ᠤᠷᠤᠨ ᠤ ᠬᠦᠮᠤᠰ ᠲᠤᠰ ᠡᠪᠡᠳᠴᠢᠨ ᠳᠤ ᠨᠡᠷᠪᠡᠭᠳᠡᠭᠦ ᠪᠤᠯᠤᠮᠵᠢ ᠶᠡᠭᠡ᠃ ᠲᠠᠪᠤ ᠳᠤ᠂ ᠪᠦᠮᠪᠦᠭᠡ ᠢᠰᠭᠦᠯᠭᠦ ᠵᠡᠷᠭᠡ ᠭᠦᠳᠡᠯᠭᠡᠭᠡᠨ ᠳᠤ ᠰᠠᠨᠠᠮᠰᠠᠷ ᠦᠭᠡᠢ ᠪᠠᠷ ᠡᠪᠦᠳᠦᠭ ᠤᠨ ᠦᠶ᠎ᠡ ᠪᠠᠨ ᠰᠢᠷᠬᠠᠳᠤᠭᠤᠯᠵᠦ ᠭᠠᠳᠠᠷ ᠰᠢᠷᠬ᠎ᠠ ᠶᠢᠨ ᠭᠡᠮᠳᠦᠯ ᠢᠶᠠᠨ ᠡᠷᠳᠡ ᠠᠴᠠ ᠡᠮᠴᠢᠯᠡᠭᠦᠯᠵᠦ ᠵᠠᠰᠠᠭᠰᠠᠨ ᠦᠭᠡᠢ ᠠᠴᠠ ᠪᠤᠯᠵᠦ ᠡᠪᠦᠳᠦᠭ ᠤᠨ ᠦᠶ᠎ᠡ ᠶᠢᠨ ᠦᠷᠪᠢᠰᠦᠯ ᠪᠤᠯᠵᠦ ᠬᠤᠪᠢᠷᠠᠬᠤ ᠪᠤᠯᠤᠯᠴᠠᠭ᠎ᠠ ᠲᠠᠢ︾ ᠭᠡᠯ᠎ᠡ᠃   ᠡᠪᠦᠳᠦᠭ ᠤᠨ ᠦᠶ᠎ᠡ ᠡᠪᠡᠳᠭᠦ ᠶᠢ ᠤᠮᠳᠤᠭᠠᠶᠢᠯᠠᠵᠦ ᠪᠤᠯᠳᠠᠭ ᠦᠭᠡᠢ ᠶᠢᠨ ᠤᠴᠢᠷ ᠡᠷᠳᠡᠭᠡᠨ ᠡᠮᠨᠡᠯᠭᠡ ᠳᠤ ᠭᠦᠷᠴᠦ ᠪᠠᠶᠢᠴᠠᠭᠠᠯᠳᠠ ᠬᠢᠭᠦ ᠴᠢᠬᠤᠯᠠ ᠲᠠᠢ᠃ ᠡᠪᠦᠳᠦᠭ ᠤᠨ ᠦᠶ᠎ᠡ ᠶᠢᠨ ᠦᠷᠪᠢᠰᠦᠯ ᠢ ᠠᠩᠬᠠᠨ ᠤ ᠬᠤᠭᠤᠴᠠᠭᠠᠨ ᠳᠤ ᠮᠡᠳᠡᠪᠡᠯ ᠡᠮ ᠤᠤᠭᠤᠬᠤ ᠵᠡᠷᠭᠡ ᠠᠷᠭ᠎ᠠ ᠠᠪᠴᠠᠯ ᠢᠶᠠᠷ ᠡᠳᠡᠭᠡᠷᠡᠭᠦᠯᠵᠦ ᠪᠤᠯᠳᠠᠭ᠂ ᠭᠡᠷᠪᠡ ᠰᠠᠨᠠᠭᠠᠨ ᠳᠤ ᠪᠠᠨ ᠠᠪᠬᠤ ᠦᠭᠡᠢ ᠭᠦᠨᠳᠦᠷᠡᠭᠦᠯᠪᠡᠯ ᠬᠢᠮᠠᠯ ᠦᠶ᠎ᠡ ᠰᠤᠯᠢᠬᠤ ᠮᠠᠰᠠ ᠵᠠᠰᠠᠯ ᠬᠢᠯᠭᠡᠭᠦ ᠴᠢᠬᠤᠯᠠ ᠲᠠᠢ᠃ ᠮᠠᠨᠳᠤᠬᠤᠪᠠᠶᠠᠷ ᠡᠮᠴᠢ ᠶᠠᠷᠢᠬᠤ ᠳᠤ ᠪᠠᠨ᠄ ︽ᠡᠪᠦᠳᠦᠭ ᠤᠨ ᠦᠶ᠎ᠡ ᠶᠢᠨ ᠦᠷᠪᠢᠰᠦᠯ ᠢ ᠵᠠᠰᠠᠬᠤ ᠳᠤ ᠭᠦᠡᠭᠭᠡᠨ ᠦᠶ᠎ᠡ ᠳᠤ ᠪᠠᠨ ᠡᠮ ᠤᠤᠭᠤᠵᠦ ᠵᠠᠰᠠᠵᠦ ᠪᠤᠯᠳᠠᠭ᠂ ᠭᠡᠷᠪᠡ ᠭᠡᠮᠳᠦᠯ ᠪᠠᠶᠢᠪᠠᠯ ᠪᠢᠴᠢᠯ ᠰᠢᠷᠬᠠᠯᠠᠭᠳᠦ ᠵᠠᠰᠠᠯ ᠬᠢᠭᠦ᠂ ᠡᠭᠦᠨ ᠠᠴᠠ ᠭᠠᠳᠠᠨ᠎ᠠ ᠶᠠᠰᠤ ᠶᠢ ᠨᠢ ᠲᠡᠭᠰᠢᠯᠡᠭᠦ ᠵᠠᠰᠠᠯ ᠬᠢᠵᠦ ᠪᠤᠯᠳᠠᠭ᠃ ᠭᠡᠪᠡᠴᠦ ᠤᠯᠠᠩᠭᠢ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠰᠡᠨ ᠭᠦᠮᠦᠰ ᠡᠮᠨᠡᠯᠭᠡ ᠳᠤ ᠢᠷᠡᠵᠦ ᠦᠵᠡᠭᠦᠯᠭᠦ ᠦᠶ᠎ᠡ ᠳᠤ ᠪᠦᠷ ᠰᠡᠭᠦᠯᠴᠢ ᠶᠢᠨ ᠦᠶ᠎ᠡ ᠳᠤ ᠤᠷᠤᠴᠢᠬᠠᠳᠠᠭ ᠲᠤᠯᠠ ᠤᠯᠠᠩᠭᠢ ᠳᠤ ᠪᠠᠨ ᠬᠢᠮᠠᠯ ᠦᠶ᠎ᠡ ᠰᠤᠯᠢᠬᠤ ᠵᠠᠰᠠᠯ ᠬᠢᠯᠭᠡᠳᠡᠭ ᠪᠠᠶᠢᠨ᠎ᠠ᠃ ᠬᠢᠮᠠᠯ ᠦᠶ᠎ᠡ ᠰᠤᠯᠢᠬᠤ ᠨᠢ ᠡᠯᠡᠭᠳᠡᠵᠦ ᠬᠠᠳᠠᠭᠤᠷᠠᠵᠦ ᠮᠦᠭᠡᠷᠰᠦᠯᠡᠭᠰᠡᠨ ᠦᠶ᠎ᠡ ᠶᠢᠨ ᠨᠢᠭᠤᠷ ᠲᠠᠯ᠎ᠠ ᠶᠢ ᠨᠢ ᠠᠪᠴᠦ ᠲᠡᠮᠦᠷᠯᠢᠭ ᠨᠢᠭᠤᠷ ᠢᠶᠠᠷ ᠰᠤᠯᠢᠨ ᠵᠠᠪᠰᠠᠷ ᠲᠤ ᠨᠢ ᠲᠡᠭᠡᠳᠦ ᠮᠡᠷᠭᠡᠵᠢᠯ ᠤᠨ ᠰᠦᠯᠢᠶᠤᠤ ᠮᠠᠲ᠋ᠧᠷᠢᠶᠠᠯ ᠪᠦᠭᠦᠢ ᠬᠢᠮᠠᠯ ᠦᠶ᠎ᠡ ᠬᠢᠨ᠎ᠠ᠃ ᠬᠢᠮᠠᠯ ᠦᠶ᠎ᠡ ᠬᠢᠭᠰᠡᠨ ᠤ ᠲᠠᠷᠠᠭ᠎ᠠ ᠡᠪᠦᠳᠦᠭ ᠲᠡᠭᠰᠢᠷᠡᠵᠦ ᠡᠪᠡᠳᠭᠦ ᠪᠠᠨ ᠪᠤᠯᠢᠵᠦ᠂ ᠭᠡᠪ ᠤᠨ ᠭᠦᠳᠡᠯᠭᠡᠭᠡᠨ ᠬᠢᠭᠦ ᠭᠡᠮᠵᠢᠶᠡᠨ ᠳᠤ ᠪᠦᠷ ᠭᠦᠷᠴᠦ ᠴᠢᠳᠠᠨ᠎ᠠ︾ ᠭᠡᠯ᠎ᠡ᠃   ᠶᠡᠷᠦ ᠨᠢ ᠡᠪᠦᠳᠦᠭ ᠶᠡᠭᠡ ᠰᠡᠳᠡᠯᠳᠡ ᠭᠦᠷᠳᠡᠭᠦ ᠦᠶᠡᠰ ᠠᠮᠠᠷᠬᠠᠨ ᠮᠦᠭᠡᠷᠰᠦᠯᠡᠳᠡᠭ ᠤᠴᠢᠷ ᠠᠴᠠ ᠭᠡᠳᠦ ᠶᠡᠭᠡ ᠭᠡᠮᠳᠦᠵᠦ ᠰᠢᠷᠬᠠᠳᠤᠬᠤ ᠠᠴᠠ ᠪᠤᠯᠵᠦ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠭᠦ ᠲᠤᠬᠢᠶᠠᠯᠳᠤᠯ ᠪᠠᠶᠢᠳᠠᠭ ᠃ ᠡᠭᠦᠨ ᠠᠴᠠ ᠭᠠᠳᠠᠨ᠎ᠠ᠂ ᠬᠠᠯᠠᠭᠤᠨ ᠭᠡᠷ ᠠᠴᠠ ᠭᠦᠢᠳᠡᠨ ᠳᠤ ᠭᠠᠷᠴᠦ ᠡᠪᠦᠳᠦᠭ ᠢᠶᠠᠨ ᠵᠢᠩᠬᠢᠨᠡᠭᠦᠯᠵᠦ ᠲᠠᠭᠠᠷᠠᠭᠤᠯᠪᠠᠯ ᠲᠤᠰ ᠡᠪᠡᠳᠴᠢᠨ ᠤᠯᠬᠤ ᠨᠤᠷᠮ᠎ᠠ ᠶᠢ ᠲᠦᠷᠭᠡᠳᠭᠡᠳᠡᠭ ᠪᠠᠶᠢᠨ᠎ᠠ᠃ ᠡᠨᠡ ᠲᠤᠬᠠᠢ ᠮᠠᠨᠳᠤᠬᠤᠪᠠᠶᠠᠷ ᠡᠮᠴᠢ ᠰᠠᠨᠠᠭᠤᠯᠬᠤ ᠳᠤ ᠪᠠᠨ᠄ ︽ᠤᠨᠴᠠᠭᠠᠶᠢᠯᠠᠨ ᠮᠠᠨ ᠤ ᠤᠷᠤᠨ ᠨᠤᠳᠤᠭ ᠤᠨ ᠭᠦᠮᠦᠰ ᠡᠪᠦᠳᠦᠭ ᠤᠨ ᠭᠡᠰᠡᠭ ᠢᠶᠠᠨ ᠲᠠᠭᠠᠷᠠᠭᠤᠯᠵᠦ ᠵᠢᠩᠬᠢᠨᠠᠭᠦᠯᠭᠦ ᠶᠢ ᠤᠨᠴᠠᠭᠠᠢ ᠬᠢᠴᠢᠶᠠᠭᠦ ᠭᠡᠷᠡᠭᠳᠠᠢ᠃ ᠭᠠᠭᠴᠠ ᠨᠠᠰᠤᠳᠠᠶᠢᠴᠤᠤᠠ ᠡᠪᠦᠳᠦᠭ ᠤᠨ ᠦᠶ᠎ᠡ ᠶᠢᠨ ᠦᠷᠪᠢᠰᠦᠯ ᠳᠤ ᠨᠡᠷᠪᠡᠭᠳᠡᠨ᠎ᠡ ᠭᠡᠰᠡᠨ ᠤᠴᠢᠷ ᠪᠢᠰᠢ ᠬᠠᠷᠢᠨ ᠵᠠᠯᠠᠭᠤᠴᠤᠳ ᠴᠦ ᠡᠪᠦᠳᠦᠭ ᠤᠨ ᠭᠡᠰᠡᠭ ᠢᠶᠠᠨ ᠭᠡᠳᠦᠷᠭᠡᠢ ᠲᠠᠭᠠᠷᠠᠭᠤᠯᠵᠦ ᠵᠢᠩᠬᠢᠨᠡᠭᠦᠯᠪᠡᠯ ᠮᠥᠨ ᠴᠦ ᠲᠤᠰ ᠡᠪᠡᠳᠴᠢᠨ ᠳᠤ ᠨᠡᠷᠪᠡᠭᠳᠡᠭᠦ ᠪᠤᠯᠤᠮᠵᠢ ᠶᠡᠭᠡ ᠪᠤᠢ︾ ᠭᠡᠯ᠎ᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号