ᠦᠷᠬᠦᠯᠵᠢ ᠳᠤᠬᠢᠶᠠᠯᠳᠤᠳᠠᠬ ᠬᠤᠳᠤᠭᠤᠳᠤ ᠬᠡᠳᠡᠰᠤᠨ ᠤ ᠡᠪᠡᠳᠴᠢᠨ ᠢ ᠬᠡᠷᠬᠢᠨ ᠰᠡᠷᠬᠡᠶᠢᠯᠡᠬᠦ ᠪᠤᠢ︖ | — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠳᠡᠯᠢᠬᠦᠤ | ᠬᠤᠳᠤᠭᠤᠳᠤᠨ ᠰᠠᠯᠠᠭᠠᠨ ᠤ ᠭᠤᠤᠯᠯᠠᠬᠴᠢ ᠡᠮᠴᠢ ᠪᠠᠢ ᠠᠷᠢᠭᠤᠨ᠎ᠠ ᠶᠢ ᠰᠤᠷᠪᠦᠯᠵᠢᠯᠠᠭᠠᠳ | ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠤᠶᠠᠬᠠᠨ | ᠬᠤᠳᠤᠭᠤᠳᠤ ᠭᠡᠳᠡᠰᠤᠨ ᠤ ᠡᠪᠡᠳᠴᠢᠨ ᠪᠤᠯ ᠪᠢᠳᠡᠨ ᠤ ᠡᠳᠤᠷ ᠳᠤᠳᠤᠮ ᠤᠨ ᠠᠮᠢᠳᠤᠷᠠᠯ ᠳᠤ ᠦᠷᠬᠦᠯᠵᠢ | ᠳᠤᠬᠢᠶᠠᠯᠳᠤᠳᠠᠬ ᠨᠢᠬᠡ ᠵᠦᠢᠯ ᠤᠨ ᠡᠪᠡᠳᠴᠢᠨ ᠪᠤᠯᠤᠨ᠎ᠠ᠃ ᠨᠡᠩ ᠴᠤ ᠤᠢᠢᠷ ᠠ ᠶᠢᠨ ᠵᠢᠯ ᠠᠴᠠ ᠵᠠᠯᠠᠭᠤᠴᠤᠳ | ᠪᠠᠭᠠᠴᠤᠳ ᠤᠨ ᠬᠤᠳᠤᠭᠤᠳᠤ ᠭᠡᠳᠡᠰᠤᠨ ᠤ ᠡᠪᠡᠳᠴᠢᠨ ᠳᠤ ᠨᠡᠷᠪᠡᠭᠳᠡᠵᠤ ᠪᠠᠶᠢᠭ᠎ᠠ ᠨᠢ ᠤᠯᠠᠰᠢᠷᠠᠵᠤ ᠪᠠᠶᠢᠭ᠎ᠠ | ᠪᠠᠶᠢᠳᠠᠯ ᠳᠤ ᠬᠠᠨᠳᠤᠭᠤᠯᠤᠨ ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠳᠡᠯᠢᠬᠦᠤ | ᠬᠤᠳᠤᠭᠤᠳᠤᠨ ᠰᠠᠯᠠᠭᠠᠨ ᠤ ᠭᠤᠤᠯᠯᠠᠬᠴᠢ ᠡᠮᠴᠢ ᠪᠠᠢ ᠠᠷᠢᠭᠤᠨ᠎ᠠ ᠶᠢᠨ ᠦᠷᠬᠦᠯᠵᠢ ᠳᠤᠬᠢᠶᠠᠯᠳᠤᠳᠠᠬ ᠬᠤᠳᠤᠭᠤᠳᠤ | ᠭᠡᠳᠡᠰᠤᠨ ᠤ ᠡᠪᠡᠳᠴᠢᠨ ᠢ ᠬᠡᠷᠬᠢᠨ ᠰᠡᠷᠭᠡᠶᠢᠯᠡᠬᠦ ᠳᠤᠬᠠᠢ ᠶᠠᠷᠢᠬᠰᠠᠨ ᠰᠠᠨᠠᠭᠤᠯᠭ᠎ᠠ ᠶᠢ ᠠᠳᠡ ᠬᠤᠪᠢᠶᠠᠯᠴᠠᠬᠤ ᠪᠤᠯᠤᠯ᠎ᠠ | ᠃ | ᠰᠤᠷᠪᠦᠯᠵᠢᠯᠠᠬᠴᠢ᠄ ᠰᠠᠶᠢᠨ ᠪᠠᠶᠢᠨ᠎ᠠ ᠤᠤ᠂ ᠦᠨᠤᠳᠤᠷ ᠠᠳᠡ ᠳᠠ ᠦᠷᠬᠦᠯᠵᠢ ᠳᠤᠬᠢᠶᠠᠯᠳᠤᠳᠠᠬ ᠬᠤᠳᠤᠭᠤᠳᠤ | ᠭᠡᠳᠡᠰᠤᠨ ᠤ ᠡᠪᠡᠳᠴᠢᠨ ᠢ ᠬᠡᠷᠬᠢᠨ ᠰᠡᠷᠭᠡᠶᠢᠯᠡᠬᠦ ᠳᠤᠬᠠᠢ ᠰᠠᠨᠠᠭᠤᠯᠭ᠎ᠠ ᠦᠭᠭᠦ ᠪᠤᠯᠤᠬᠰᠠᠨ ᠳᠤ ᠪᠠᠶᠠᠷᠯᠠᠵᠤ ᠪᠠᠶᠢᠨ᠎ᠠ᠃ | ᠳᠡᠭᠡᠪᠡᠯ ᠬᠤᠳᠤᠭᠤᠳᠤ ᠭᠡᠳᠡᠰᠤᠨ ᠤ ᠡᠪᠡᠳᠴᠢᠨ ᠤ ᠳᠠᠯ᠎ᠠ ᠪᠠᠷ ᠲᠠ ᠶᠠᠷᠢᠭᠠᠳ ᠦᠭᠭᠦᠨ᠎ᠠ ᠤᠤ︖ | ᠪᠠᠢ ᠠᠷᠢᠭᠤᠨ᠎ᠠ ᠡᠮᠴᠢ᠄ ᠬᠤᠳᠤᠭᠤᠳᠤ ᠭᠡᠳᠡᠰᠤ ᠭᠡᠪᠡᠯ ᠪᠢᠳᠡ ᠪᠦᠬᠦᠳᠡᠭᠡᠷ ᠮᠡᠳᠡᠵᠤ ᠪᠠᠶᠢᠭ᠎ᠠ᠂ ᠡᠨᠡᠬᠦ | ᠡᠷᠭᠡᠳᠡᠨ ᠨᠢ ᠬᠦᠮᠦᠨ ᠤ ᠢᠳᠡᠵᠤ ᠤᠤᠭᠤᠬᠤ ᠶᠢ ᠬᠠᠮᠢᠶᠠᠷᠬᠤ ᠰᠢᠩᠭᠡᠭᠡᠯᠳᠡ ᠶᠢᠨ ᠡᠷᠭᠡᠳᠡᠨ ᠪᠤᠯᠤᠨ᠎ᠠ᠃ ᠡᠶᠢᠮᠤ ᠠᠴᠠ | ᠪᠢᠳᠡ ᠬᠤᠳᠤᠭᠤᠳᠤ ᠭᠡᠳᠡᠰᠤᠨ ᠤ ᠦᠷᠬᠦᠯᠵᠢ ᠳᠤᠬᠢᠶᠠᠯᠳᠤᠬᠤ ᠡᠪᠡᠳᠴᠢᠨ ᠢ ᠰᠡᠷᠭᠡᠶᠢᠯᠡᠶ᠎ᠠ ᠭᠡᠪᠡᠯ ᠢᠳᠡᠭᠡᠨ | ᠤᠮᠳᠠᠭᠠᠨ ᠤ ᠳᠤᠬᠠᠢ ᠶᠠᠷᠢᠬᠤ ᠴᠢᠬᠤᠯᠠᠳᠡᠢ ᠪᠤᠯᠤᠯ᠎ᠠ᠃ | ᠰᠤᠷᠪᠦᠯᠵᠢᠯᠠᠬᠴᠢ᠄ ᠳᠡᠭᠡᠪᠡᠯ ᠢᠳᠡᠭᠡᠨ ᠤᠮᠳᠠᠭᠠᠨ ᠤ ᠳᠠᠯ᠎ᠠ ᠪᠠᠷ ᠶᠠᠭᠠᠬᠢᠵᠤ ᠠᠩᠬᠠᠷᠬᠤ ᠴᠢᠬᠤᠯᠠᠳᠡᠢ ᠪᠤᠢ︖ | ᠪᠠᠢ ᠠᠷᠢᠭᠤᠨ᠎ᠠ ᠡᠮᠴᠢ᠄ ᠢᠳᠡᠭᠡᠨ ᠤᠮᠳᠠᠭᠠᠨ ᠤ ᠳᠠᠯ᠎ᠠ ᠪᠠᠷ ᠪᠢᠳᠡ ᠬᠠᠮᠤᠬ ᠳᠡᠷᠢᠬᠦᠨ ᠳᠤ ᠬᠦᠢᠳᠡᠨ ᠢᠳᠡᠭᠡᠨ | ᠤᠮᠳᠠᠭᠠᠨ ᠢ ᠠᠷᠪᠢᠨ ᠡᠳ᠋ᠯᠡᠵᠤ ᠪᠤᠯᠬᠤ ᠦᠬᠡᠢ᠃ ᠬᠤᠳᠤᠭᠤᠳᠤ ᠭᠡᠳᠡᠰᠤ ᠬᠦᠢᠳᠡᠨ ᠠᠴᠠ ᠠᠶᠤᠳᠠᠬ᠃ ᠨᠡᠩ ᠴᠤ | ᠬᠠᠯᠠᠭᠤᠨ ᠤ ᠴᠠᠬ ᠲᠤ ᠬᠦᠢᠳᠡᠨ ᠤᠮᠳᠠᠭᠠᠨ ᠢ ᠠᠷᠪᠢᠨ ᠢᠳᠡᠵᠤ ᠪᠤᠯᠬᠤ ᠦᠬᠡᠢ᠂ ᠹᠦ᠋ ᠶᠢᠨ ᠬᠠᠯᠠᠭᠤᠨ ᠳᠤ ᠨᠢᠬᠡ | ᠴᠤ ᠢᠳᠡᠬᠦ ᠦᠬᠡᠢ ᠪᠤᠯ ᠨᠡᠩ ᠰᠠᠶᠢᠨ ᠪᠠᠶᠢᠳᠠᠬ᠃ ᠵᠠᠷᠢᠮ ᠬᠦᠮᠦᠰ ᠵᠤᠨ ᠤ ᠬᠠᠯᠠᠭᠤᠨ ᠳᠤ ᠬᠠᠯᠠᠭᠤᠴᠠᠵᠤ ᠪᠠᠶᠢᠨ᠎ᠠ | ᠭᠡᠳ ᠬᠦᠢᠳᠡᠨ ᠤᠮᠳᠠᠭᠠᠨ ᠤᠤᠭᠤᠳᠠᠬ ᠬᠦᠮᠦᠨ ᠤᠯᠠᠨ ᠪᠠᠶᠢᠳᠠᠬ᠃ ᠡᠨᠡ ᠨᠢ ᠬᠤᠳᠤᠭᠤᠳᠤ ᠭᠡᠳᠡᠰᠤᠨ ᠳᠤ | ᠬᠠᠯᠠᠳᠡᠢ ᠪᠠᠶᠢᠳᠠᠬ᠃ ᠤᠮᠳᠠᠭᠠᠰᠪᠠᠯ ᠤᠰᠤ ᠤᠤᠭᠤᠪᠠᠯ ᠳᠠᠭᠠᠷᠠᠨ᠎ᠠ᠂ ᠬᠠᠷᠢᠨ ᠬᠦᠢᠳᠡᠨ ᠤᠮᠳᠠᠭᠠᠨ ᠤᠤᠭᠤᠵᠤ | ᠤᠮᠳᠠᠭᠠᠰᠬᠤ ᠪᠠᠨ ᠳᠠᠷᠤᠵᠤ ᠪᠤᠯᠬᠤ ᠦᠬᠡᠢ᠃ ᠳᠠᠷᠠᠭ᠎ᠠ ᠨᠢ ᠰᠢᠩᠭᠡᠬᠦ ᠳᠤ ᠠᠮᠠᠷᠬᠠᠨ ᠢᠳᠡᠭᠡᠨ ᠢᠳᠡᠨ᠎ᠠ᠃ ᠨᠡᠩ ᠴᠤ | ᠤᠨᠳᠠᠬᠤ ᠠᠴᠠ ᠪᠠᠨ ᠡᠮᠤᠨ᠎ᠠ ᠰᠢᠷᠠᠮᠠᠯ ᠢᠳᠡᠬᠡᠨ ᠢᠳᠡᠵᠤ ᠪᠤᠯᠬᠤ ᠦᠬᠡᠢ᠂ ᠤᠷᠳᠤ ᠬᠤᠭᠤᠴᠠᠭ᠎ᠠ ᠪᠠᠷ | ᠤᠨᠳᠠᠬᠤ ᠠᠴᠠ ᠡᠮᠤᠨ᠎ᠠ ᠰᠢᠷᠠᠮᠠᠯ ᠢᠳᠡᠭᠡᠨ ᠢᠳᠡᠪᠡᠯ ᠬᠤᠳᠤᠭᠤᠳᠤᠨ ᠳᠤ ᠳᠠᠷᠤᠯᠳᠠ ᠦᠭᠴᠤ᠂ ᠬᠤᠳᠤᠭᠤᠳᠤᠨ | ᠰᠢᠷᠬᠠᠯᠠᠭ᠎ᠠ ᠵᠡᠷᠭᠡ ᠡᠪᠡᠳᠴᠢᠨ ᠢ ᠡᠬᠦᠰᠭᠡᠳᠡᠭ᠃ ᠡᠶᠢᠮᠤ ᠠᠴᠠ ᠤᠨᠴᠠ ᠠᠩᠬᠠᠷᠬᠤ ᠨᠢ ᠤᠨᠳᠠᠬᠤ ᠠᠴᠠ ᠪᠠᠨ ᠡᠮᠤᠨ᠎ᠠ | ᠵᠦᠬᠡᠯᠡᠨ᠂ ᠰᠢᠩᠭᠡᠬᠦ ᠳᠤ ᠬᠢᠯᠪᠠᠷ ᠢᠳᠡᠭᠡᠨ ᠢ ᠢᠳᠡᠪᠡᠯ ᠳᠤᠬᠢᠷᠠᠮᠵᠢᠳᠡᠢ᠃ ᠪᠠᠰᠠ ᠢᠳᠡᠬᠡᠨ ᠤ ᠳᠠᠷᠠᠭ᠎ᠠ | ᠲᠤᠬᠢᠷᠠᠮᠵᠢᠳᠡᠢ ᠬᠦᠳᠡᠯᠭᠡᠭᠡᠨ ᠬᠢᠬᠦ ᠬᠡᠷᠡᠭᠳᠡᠢ᠃ ᠭᠤᠷᠪᠠ ᠳᠤ᠂ ᠦᠷᠯᠦᠬᠡ ᠶᠢᠨ ᠬᠤᠭᠤᠯᠠ ᠶᠢ ᠤᠮᠳᠤᠭᠠᠢᠢᠯᠠᠵᠤ | ᠪᠤᠯᠬᠤ ᠦᠬᠡᠢ᠃ ᠮᠠᠨ ᠤ ᠵᠠᠷᠢᠮ ᠵᠠᠯᠠᠭᠤᠴᠤᠳ ᠨᠢ ᠤᠷᠤᠢ ᠤᠨᠳᠠᠵᠤ ᠤᠷᠤᠢ ᠪᠤᠰᠬᠤ ᠳᠠᠳᠬᠠᠯ ᠲᠠᠢ ᠪᠠᠶᠢᠵᠤ | ᠦᠷᠯᠦᠬᠡ ᠶᠢᠨ ᠴᠠᠢ ᠬᠤᠭᠤᠯᠠ ᠶᠢ ᠢᠳᠡᠵᠤ ᠤᠤᠭᠤᠬᠤ ᠪᠠᠨ ᠤᠮᠳᠤᠭᠠᠢᠢᠯᠠᠳᠠᠬ ᠪᠠᠶᠢᠨ᠎ᠠ᠃ ᠡᠨᠡ ᠪᠤᠯ ᠨᠢᠭᠡ | ᠲᠦᠢᠯ ᠤᠨ ᠮᠠᠭᠤ ᠳᠠᠳᠬᠠᠯ ᠪᠤᠯᠤᠨ᠎ᠠ᠃ ᠤᠷᠳᠤ ᠬᠤᠭᠤᠴᠠᠭ᠎ᠠ ᠪᠠᠷ ᠦᠷᠯᠦᠬᠡ ᠶᠢᠨ ᠬᠤᠭᠤᠯᠠ ᠤᠮᠳᠠᠭᠠᠨ ᠢᠶᠠᠨ | ᠤᠮᠳᠤᠭᠠᠢᠢᠯᠠᠪᠠᠯ ᠰᠦᠰᠦᠨ ᠤ ᠴᠢᠯᠠᠭᠤᠵᠢᠯ᠂ ᠬᠤᠳᠤᠭᠤᠳᠤ ᠡᠰᠡ ᠰᠢᠩᠭᠡᠭᠰᠡᠨ᠂ ᠭᠡᠳᠡᠰᠤ ᠰᠠᠭᠤᠯᠭᠠᠬᠤ ᠵᠡᠷᠭᠡ | ᠡᠪᠡᠳᠴᠢᠨ ᠢ ᠡᠭᠦᠰᠭᠡᠳᠡᠭ᠃ ᠶᠠᠭᠤ ᠴᠤ ᠪᠤᠯᠤᠬᠰᠠᠨ ᠪᠢᠳᠡ ᠦᠷᠯᠦᠬᠡ ᠪᠤᠰᠪᠠᠯ ᠠᠵᠢᠯ ᠳᠤ ᠭᠠᠷᠬᠤ ᠠᠴᠠ ᠡᠮᠤᠨ᠎ᠠ | ᠴᠠᠢ ᠬᠤᠭᠤᠯᠠ ᠪᠠᠨ ᠢᠳᠡᠵᠤ ᠤᠤᠭᠤᠪᠠᠯ ᠰᠠᠶ᠋ᠢ ᠪᠡᠶ᠎ᠠ ᠶᠢᠨ ᠡᠷᠡᠬᠦᠯ ᠮᠡᠨᠳᠤ ᠪᠠᠨ ᠪᠠᠳᠤᠯᠠᠵᠤ ᠴᠢᠳᠠᠨ᠎ᠠ᠃ | ᠲᠦᠷᠪᠡ ᠳᠤ᠂ ᠬᠡᠳᠤᠷᠬᠡᠢ ᠦᠯᠦᠰᠦᠭᠰᠡᠨ ᠪᠠᠶᠢᠳᠠᠯ ᠳᠤᠤᠷ᠎ᠠ ᠨᠢᠬᠡ ᠯᠡ ᠤᠳᠠᠭ᠎ᠠ ᠳᠤ ᠭᠡᠳᠤᠷᠡᠳᠡᠯᠠ ᠴᠠᠳᠳᠠᠯ᠎ᠠ | ᠢᠳᠡᠬᠦ ᠪᠤᠶᠤ ᠡᠷᠢᠨ ᠪᠤᠯᠭᠠᠨ ᠤ ᠬᠤᠭᠤᠯᠠ ᠶᠢ ᠴᠠᠳᠳᠠᠯ᠎ᠠ ᠢᠳᠡᠵᠤ ᠪᠤᠯᠬᠤ ᠦᠬᠡᠢ᠃ ᠢᠡᠭᠭᠢᠪᠡᠯ ᠪᠠᠰᠠ | ᠬᠤᠳᠤᠭᠤᠳᠤ ᠭᠡᠳᠡᠰᠤᠨ ᠳᠤ ᠳᠠᠷᠤᠯᠳᠠ ᠦᠭᠴᠤ ᠡᠪᠡᠳᠴᠢᠨ ᠡᠬᠦᠰᠭᠡᠳᠡᠭ᠃ ᠳᠠᠪᠤ ᠳᠤ᠂ ᠴᠢᠬᠢᠭ ᠨᠦᠢᠳᠠᠨ ᠭᠠᠵᠠᠷ | ᠤᠷᠳᠤ ᠬᠤᠭᠤᠴᠠᠭ᠎ᠠ ᠪᠠᠷ ᠪᠠᠶᠢᠵᠤ ᠪᠤᠯᠬᠤ ᠦᠬᠡᠢ᠃ ᠬᠤᠳᠤᠭᠤᠳᠤ ᠭᠡᠳᠡᠰᠤ ᠨᠢ ᠶᠡᠷᠤ ᠨᠢ ᠳᠤᠯᠠᠭᠠᠨ ᠬᠠᠭᠤᠷᠠᠢ | ᠤᠷᠴᠢᠨ ᠳᠤ ᠳᠤᠬᠢᠷᠠᠳᠠᠬ᠃ ᠬᠠᠷᠢᠨ ᠴᠢᠬᠢᠭ ᠨᠦᠢᠳᠠᠨ ᠭᠠᠵᠠᠷ ᠤᠷᠳᠤ ᠬᠤᠭᠤᠴᠠᠭ᠎ᠠ ᠪᠠᠷ ᠪᠠᠶᠢᠪᠠᠯ ᠠᠮᠠᠷᠬᠠᠨ | ᠳᠠᠭᠠᠷᠠᠵᠤ ᠵᠢᠩᠬᠢᠨᠡᠬᠦ ᠠᠴᠠ ᠪᠤᠯᠵᠤ ᠰᠠᠭᠤᠯᠭᠠᠵᠥ ᠭᠡᠳᠡᠰᠤ ᠬᠤᠳᠤᠭᠤᠳᠤ ᠡᠪᠡᠳᠬᠦ ᠪᠠᠶᠢᠳᠠᠯ ᠢᠯᠡᠷᠡᠳᠡᠭ᠃ | ᠡᠶᠢᠮᠤ ᠠᠴᠠ ᠪᠢᠳᠡ ᠬᠡᠪᠡᠯᠢ ᠶᠢᠨ ᠭᠡᠰᠡᠭ ᠢᠶᠠᠨ ᠦᠷᠭᠦᠯᠵᠢ ᠶᠢᠨ ᠴᠢᠨᠠᠷᠳᠡᠢ ᠳᠤᠯᠠᠭᠠᠨ ᠳᠤᠬᠢᠳᠡᠢ ᠪᠠᠶᠢᠯᠭᠠᠬᠤ ᠬᠡᠷᠡᠭᠳᠡᠢ | ᠃ | ᠦᠨᠡᠨᠳᠡᠭᠡᠨ ᠬᠤᠳᠤᠭᠤᠳᠤ ᠬᠡᠳᠡᠰᠤ ᠪᠠᠰᠠ ᠳᠤᠬᠳᠠᠬᠰᠠᠨ ᠠᠮᠠᠷᠠᠬᠤ ᠴᠠᠬ ᠲᠠᠢ᠂ ᠡᠶᠢᠮᠤ ᠠᠴᠠ ᠪᠢᠳᠡ | ᠳᠤᠬᠳᠠᠬᠰᠠᠨ ᠴᠠᠬ ᠲᠤ ᠪᠠᠨ ᠢᠳᠡᠵᠤ ᠤᠤᠭᠤᠵᠤ᠂ ᠠᠮᠠᠷᠠᠵᠤ ᠬᠡᠪᠳᠡᠬᠦ ᠶᠢ ᠠᠩᠬᠠᠷᠬᠤ ᠬᠡᠷᠡᠭᠳᠡᠢ᠃ ᠤᠷᠤᠢ ᠵᠠᠪᠠᠯ | ᠶᠢᠰᠤ ᠠᠴᠠ ᠠᠷᠪᠠᠨ ᠴᠠᠬ ᠤᠨ ᠬᠤᠭᠤᠷᠳᠳᠤ ᠤᠨᠳᠠᠪᠠᠯ ᠬᠤᠳᠤᠭᠤᠳᠤ ᠬᠡᠳᠡᠰᠤᠨ ᠤ ᠠᠮᠠᠷᠠᠬᠤ ᠴᠠᠬ ᠢ ᠬᠠᠷᠰᠢᠯᠠᠬᠤ | ᠦᠬᠡᠢ ᠪᠤᠯᠵᠤ ᠬᠡᠪ ᠤᠨ ᠪᠠᠶᠢᠳᠠᠯ ᠢᠶᠠᠨ ᠪᠠᠳᠤᠯᠠᠵᠤ ᠴᠢᠳᠠᠳᠠᠬ᠃ ᠬᠠᠷᠢᠨ ᠤᠨᠳᠠᠵᠤ ᠠᠮᠠᠷᠠᠬᠤ ᠴᠠᠬ ᠢᠶᠠᠨ | ᠳᠤᠬᠢᠷᠠᠭᠤᠯᠬᠤ ᠦᠬᠡᠢ᠂ ᠳᠠᠷᠤᠢ ᠦᠪᠡᠷ ᠤᠨ ᠪᠡᠶ᠎ᠠ ᠶᠢᠨ ᠠᠮᠢᠳᠤ ᠪᠤᠳᠠᠰ ᠤᠨ ᠴᠠᠬ ᠢᠶᠠᠨ ᠪᠠᠷᠢᠮᠳᠠᠯᠠᠬᠤ ᠦᠬᠡᠢ | ᠤᠷᠳᠤ ᠬᠤᠭᠤᠴᠠᠭ᠎ᠠ ᠪᠠᠷ ᠵᠦᠷᠢᠴᠡᠵᠤ ᠶᠠᠪᠤᠪᠠᠯ ᠬᠤᠳᠤᠭᠤᠳᠤ ᠭᠡᠳᠡᠰᠤᠨ ᠤ ᠡᠷᠡᠬᠦᠯᠵᠢᠯ ᠴᠤ ᠬᠡᠪ ᠤᠨ | ᠪᠠᠶᠢᠳᠠᠯ ᠢᠶᠠᠨ ᠠᠯᠳᠠᠳᠠᠭ ᠪᠠᠶᠢᠨ᠎ᠠ᠃ ᠢᠡᠭᠭᠢᠭᠡᠳ ᠦᠵᠡᠬᠦ ᠳᠤ ᠪᠢᠳᠡ ᠬᠠᠮᠤᠬ ᠴᠢᠬᠤᠯᠠ ᠨᠢ ᠬᠠᠰᠢᠯᠠ ᠢᠳᠡᠵᠤ | ᠤᠤᠭᠤᠬᠤ ᠵᠦᠢᠯ ᠢᠶᠠᠨ ᠠᠩᠬᠠᠷᠴᠤ᠂ ᠤᠨᠳᠠᠵᠤ ᠠᠮᠠᠷᠠᠬᠤ ᠪᠠᠨ ᠳᠤᠬᠢᠷᠠᠭᠤᠯᠪᠠᠯ ᠬᠤᠳᠤᠭᠤᠳᠤ ᠬᠡᠳᠡᠰᠤᠨ ᠤ ᠡᠷᠡᠬᠦᠯ | ᠮᠡᠨᠳᠤ ᠪᠠᠨ ᠪᠠᠳᠤᠯᠠᠵᠤ ᠪᠤᠯᠤᠨ᠎ᠠ᠃ | ᠰᠤᠷᠪᠦᠯᠵᠢᠯᠠᠬᠴᠢ᠄ ᠳᠡᠭᠡᠪᠡᠯ ᠪᠢᠳᠡ ᠬᠤᠳᠤᠭᠤᠳᠤ ᠭᠡᠳᠡᠰᠤᠨ ᠤ ᠪᠠᠶᠢᠴᠠᠭᠠᠯᠳᠠ ᠶᠢ ᠶᠠᠮᠠᠷ ᠪᠠᠶᠢᠳᠠᠯ ᠳᠤᠤᠷ᠎ᠠ ᠬᠢᠬᠦ | ᠴᠢᠬᠤᠯᠠᠳᠡᠢ ᠪᠤᠢ︖ | ᠪᠠᠢ ᠠᠷᠢᠭᠤᠨ᠎ᠠ ᠡᠮᠴᠢ᠄ ᠬᠤᠳᠤᠭᠤᠳᠤ ᠭᠡᠳᠡᠰᠤᠨ ᠤ ᠪᠠᠶᠢᠴᠠᠭᠠᠯᠳᠠ ᠶᠢ ᠬᠢᠯᠬᠡᠬᠦ ᠳᠤ ᠦᠪᠡᠷ ᠤᠨ ᠪᠡᠶ᠎ᠠ ᠶᠢᠨ | ᠪᠤᠳᠠᠳᠤ ᠪᠠᠶᠢᠳᠠᠯ ᠢᠶᠠᠨ ᠦᠵᠡᠬᠦ ᠬᠡᠷᠡᠭᠳᠡᠢ᠃ ᠶᠡᠷᠦ ᠨᠢ ᠭᠦᠮᠦᠰ ᠵᠢᠯ ᠳᠤ ᠨᠢᠭᠡ ᠤᠳᠠᠭ᠎ᠠ ᠪᠡᠶ᠎ᠠ ᠶᠢᠨ ᠪᠠᠶᠢᠴᠠᠭᠠᠯᠳᠠ | ᠬᠢᠭᠦ ᠲᠠᠳᠬᠠᠯ ᠲᠠᠢ ᠪᠤᠯᠬᠤ ᠶᠡᠭᠡ ᠴᠢᠬᠤᠯᠠ᠃ ᠶᠡᠷᠦ ᠨᠢ ᠬᠤᠳᠤᠭᠤᠳᠤ ᠭᠡᠳᠡᠰᠦ ᠪᠤᠰᠤᠳ ᠡᠷᠭᠡᠳᠡᠨ ᠢ ᠪᠤᠳᠤᠪᠠᠯ | ᠡᠪᠡᠳᠴᠢᠯᠡᠵᠦ ᠭᠡᠮᠳᠦᠭᠰᠡᠨ ᠴᠦ ᠵᠠᠷᠢᠮ ᠳᠤ ᠪᠠᠨ ᠭᠦᠮᠦᠰ ᠲᠤ ᠲᠡᠮᠡᠢ ᠮᠡᠳᠡᠭᠳᠡᠭᠦ ᠦᠭᠡᠢ ᠤᠴᠢᠷ ᠠᠴᠠ ᠬᠤᠳᠤᠭᠤᠳᠤ | ᠭᠡᠳᠡᠰᠦᠨ ᠤ ᠡᠪᠡᠳᠴᠢᠨ ᠢ ᠭᠦᠮᠦᠰ ᠠᠮᠠᠷᠬᠠᠨ ᠤᠮᠳᠤᠭᠠᠢᠢᠯᠠᠳᠠᠭ᠃ ᠲᠡᠭᠡᠪᠡᠯ ᠬᠤᠳᠤᠭᠤᠳᠤ ᠭᠡᠳᠡᠰᠦᠨ ᠤ ᠦᠮᠡᠨ | ᠭᠡᠵᠦ ᠶᠠᠷᠢᠪᠠᠯ ᠤᠳᠤ ᠵᠠᠯᠠᠭᠤ ᠭᠦᠮᠦᠨ ᠪᠠᠰᠠ ᠡᠨᠡᠭᠦ ᠡᠪᠡᠳᠴᠢᠨ ᠳᠤ ᠨᠡᠷᠪᠡᠭᠳᠡᠵᠦ ᠪᠠᠶᠢᠳᠠᠭ᠃ ᠡᠨᠡ ᠨᠢ ᠶᠠᠷᠢᠶᠠᠨ | ᠦᠬᠡᠢ 50% ᠨᠢ ᠤᠳᠤᠮᠰᠢᠯ ᠲᠠᠢ ᠬᠤᠯᠪᠤᠭ᠎ᠠ ᠲᠠᠢ ᠪᠠᠶᠢᠳᠠᠬ᠃ ᠡᠶᠢᠮᠤ ᠠᠴᠠ ᠬᠤᠳᠤᠭᠤᠳᠤ ᠭᠡᠳᠡᠰᠤᠨ ᠤ | ᠡᠪᠡᠳᠴᠢᠨ ᠤ ᠤᠳᠤᠮᠰᠢᠯ ᠲᠠᠢ ᠬᠦᠮᠦᠰ ᠪᠤᠯ ᠳᠤᠬᠳᠠᠬᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠯᠭᠡᠪᠡᠯ ᠰᠠᠶᠢᠨ | ᠪᠠᠶᠢᠳᠠᠬ᠃ ᠶᠡᠷᠤ ᠳᠤ ᠪᠠᠨ ᠬᠤᠳᠤᠭᠤᠳᠤ ᠭᠡᠳᠡᠰᠤ ᠤᠷᠳᠤ ᠬᠤᠭᠤᠴᠠᠭ᠎ᠠ ᠪᠠᠷ ᠳᠠᠷᠤᠢ ᠬᠠᠭᠠᠰ ᠵᠢᠯ ᠠᠴᠠ ᠨᠢᠭᠡ | ᠵᠢᠯ ᠤᠨ ᠬᠤᠭᠤᠴᠠᠭ᠎ᠠ ᠲᠠᠢ ᠦᠷᠬᠦᠯᠵᠢ ᠶᠢᠨ ᠴᠢᠨᠠᠷᠳᠡᠢ ᠡᠪᠡᠳᠪᠡᠯ ᠪᠢᠳᠡ ᠡᠮᠨᠡᠯᠭᠡ ᠳᠤ ᠬᠦᠷᠴᠤ ᠬᠤᠳᠤᠭᠤᠳᠤᠨ | ᠳᠤᠷᠠᠨ ᠤ ᠪᠠᠶᠢᠴᠠᠭᠠᠯᠳᠠ ᠬᠢᠯᠬᠡᠵᠤ ᠦᠵᠡᠪᠡᠯ ᠲᠠᠭᠠᠷᠠᠨ᠎ᠡ᠃ ᠪᠢᠳᠡ ᠡᠷᠳᠡ ᠪᠠᠶᠢᠴᠠᠭᠠᠯᠳᠠ ᠬᠢᠯᠬᠡᠵᠤ᠂ ᠡᠷᠳᠡ | ᠮᠡᠳᠡᠵᠤ᠂ ᠡᠷᠳᠡ ᠡᠮᠨᠡᠬᠦᠯᠪᠡᠯ ᠪᠡᠶ᠎ᠠ ᠶᠢᠨ ᠡᠷᠡᠬᠦᠯ ᠮᠡᠨᠳᠤ ᠳᠤ ᠠᠰᠢᠭᠳᠠᠢ᠃ ᠬᠡᠬᠦ ᠳᠤ ᠪᠠᠨ ᠡᠩ ᠤᠨ ᠴᠠᠬ ᠤᠨ | ᠪᠢᠳᠡᠨ ᠤ ᠠᠮᠢᠳᠤᠷᠠᠯ ᠤᠨ ᠳᠠᠳᠬᠠᠯ ᠮᠠᠰᠢ ᠴᠢᠬᠤᠯᠠ ᠶᠤᠮ᠃ ᠳᠠᠷᠤᠢ ᠡᠷᠳᠡ ᠤᠨᠳᠠᠵᠤ ᠡᠷᠳᠡ ᠪᠤᠰᠴᠤ᠂ | ᠳᠤᠬᠳᠠᠬᠰᠠᠨ ᠴᠠᠬ ᠲᠤ ᠪᠠᠨ ᠳᠤᠬᠢᠷᠠᠮᠵᠢᠳᠡᠢ ᠪᠠᠷ ᠬᠤᠭᠤᠯᠠᠯᠠᠬᠤ ᠶᠢ ᠪᠠᠷᠢᠮᠳᠠᠯᠠᠬᠤ ᠳᠠᠳᠬᠠᠯ ᠲᠠᠢ ᠪᠤᠯᠪᠠᠯ ᠦᠷᠬᠦᠯᠵᠢ | ᠳᠤᠬᠢᠶᠠᠯᠳᠤᠳᠠᠬ ᠬᠤᠳᠤᠭᠤᠳᠤ ᠭᠡᠳᠡᠰᠤᠨ ᠡᠪᠡᠳᠴᠢᠨ ᠢ ᠪᠦᠷ ᠰᠡᠷᠭᠡᠶᠢᠯᠡᠵᠤ ᠪᠤᠯᠤᠨ᠎ᠠ᠃ |