ᠵᠤᠨ ᠤ ᠬᠠᠯᠠᠭᠤᠨ ᠠᠴᠠ ᠪᠤᠯᠵᠤ ᠬᠦᠮᠦᠨ ᠤ ᠪᠡᠶ᠎ᠠ ᠶᠢᠨ ᠬᠡᠪ ᠤᠨ ᠠᠵᠢᠯᠯᠠᠭ᠎ᠠ ᠠᠳᠠᠯᠢ ᠪᠤᠰᠤ ᠬᠡᠮᠵᠢᠶᠡᠨ ᠤ | ᠬᠤᠪᠢᠷᠠᠯᠳᠠ ᠲᠠᠢ ᠪᠤᠯᠵᠤ᠂ ᠨᠠᠮᠤᠷ ᠤᠨ ᠤᠯᠠᠷᠢᠯ ᠪᠤᠯᠤᠬᠰᠠᠭᠠᠷ ᠰᠢᠯᠦᠰᠤᠨ ᠤ ᠱᠦᠬᠦᠷᠡᠯᠳᠡ ᠪᠠᠭᠠᠰᠴᠤ᠂ ᠪᠡᠶ ᠠ ᠶᠢᠨ | ᠠᠷᠠᠰᠤ ᠬᠠᠭᠤᠷᠡᠶᠢᠰᠢᠬᠤ᠂ ᠬᠠᠮᠠᠷ ᠠᠮᠠ ᠬᠠᠳᠠᠬᠤ᠂ ᠨᠢᠳᠤ ᠤᠯᠡᠶᠢᠵᠤ ᠡᠪᠡᠳᠬᠦ᠂ ᠬᠤᠷᠭᠤᠰᠤ ᠬᠠᠳᠠᠬᠤ ᠵᠡᠷᠭᠡ | ᠡᠪᠡᠳᠴᠢᠨ ᠬᠡᠮ ᠠᠮᠠᠷᠬᠠᠨ ᠡᠬᠦᠰᠳᠡᠭ᠂ ᠳᠡᠷᠡᠴᠢᠯᠡᠨ ᠡᠪᠡᠳᠴᠢᠨ ᠢ ᠳᠠᠭᠠᠭᠠᠬᠤ ᠴᠢᠳᠠᠪᠦᠷᠢ ᠨᠢ ᠮᠡᠳᠡᠭᠳᠡᠮ᠎ᠠ ᠪᠠᠭᠤᠷᠠᠢ | ᠪᠤᠯᠳᠠᠬ ᠳᠤᠯᠠ ᠪᠤᠰᠤᠳ ᠵᠦᠢᠯ ᠤᠨ ᠶᠡᠷᠤ ᠶᠢᠨ ᠡᠪᠡᠳᠴᠢᠨ ᠠᠷᠬᠠᠬ ᠪᠤᠶᠤ ᠬᠠᠯᠳᠠᠪᠦᠷᠢᠳᠤ ᠡᠪᠡᠳᠴᠢᠨ ᠬᠢᠵᠢᠭ ᠲᠤ | ᠠᠮᠠᠷᠬᠠᠨ ᠨᠡᠷᠪᠡᠭᠳᠡᠳᠡᠭ᠃ ᠡᠶᠢᠮᠤ ᠠᠴᠠ ᠨᠠᠮᠤᠷ ᠤᠨ ᠰᠤᠪᠢᠯᠠᠯᠳᠠ ᠳᠤ᠄ | ︵1︶ ᠬᠡᠳᠤ ᠶᠠᠳᠠᠷᠠᠬᠤ᠂ ᠤᠨᠴᠠᠭᠠᠢᠢᠯᠠᠨ ᠳᠤᠳᠤᠷ ᠳᠠᠮᠢᠷ ᠢᠶᠠᠨ ᠶᠡᠭᠡ ᠪᠠᠷᠠᠬᠤ ᠶᠢ ᠰᠡᠷᠭᠡᠶᠢᠯᠡᠵᠤ ᠬᠡᠳᠤ | ᠬᠦᠯᠦᠷᠡᠬᠦ ᠦᠬᠡᠢ ᠪᠠᠶᠢᠬᠤ ᠬᠡᠷᠡᠭᠳᠡᠢ᠃ | ︵2︶ ᠠᠮᠢᠳᠤᠷᠠᠯ ᠢᠶᠠᠨ ᠵᠢᠮ᠎ᠠ ᠵᠦᠢ ᠲᠠᠢ ᠪᠠᠶᠢᠯᠭᠠᠵᠤ᠂ ᠰᠠᠭᠤᠬᠤ ᠦᠷᠤᠬᠡᠨ ᠳᠤ ᠪᠠᠨ ᠬᠤᠸᠠᠷ ᠴᠡᠴᠡᠭ | ᠳᠡᠵᠢᠬᠡᠵᠤ ᠦᠷᠬᠦᠯᠵᠢ ᠪᠠᠭ᠎ᠠ ᠰᠠᠭ᠎ᠠ ᠤᠰᠤ ᠰᠦᠷᠴᠢᠨ ᠠᠭᠤᠷ ᠠᠮᠢᠰᠬᠤᠯ ᠢᠶᠠᠨ ᠴᠢᠬᠢᠭᠯᠢᠭ ᠪᠠᠶᠢᠯᠭᠠᠬᠤ ᠬᠡᠷᠡᠭᠳᠡᠢ᠃ | ︵3︶ ᠢᠳᠡᠬᠡᠨ ᠤᠮᠳᠠᠭᠠᠨ ᠢᠶᠠᠨ ᠳᠤᠬᠢᠳᠡᠢ ᠳᠤᠬᠢᠷᠠᠭᠤᠯᠵᠤ ᠠᠭᠤᠰᠬᠢ᠂ ᠴᠤᠯᠤ ᠶᠢᠨ ᠳᠠᠮᠢᠷ ᠢ | ᠰᠠᠶᠢᠵᠢᠷᠠᠭᠤᠯᠬᠤ ᠰᠢᠮ᠎ᠠ ᠳᠡᠵᠢᠬᠡᠯ ᠰᠠᠶᠢᠳᠡᠢ ᠢᠳᠡᠭᠡᠨ ᠳᠤᠬᠠᠢᠢᠯᠠᠪᠠᠯ ᠮᠠᠭᠠᠵᠢ᠂ ᠵᠢᠵᠢᠭ ᠴᠠᠭᠠᠨ ᠤᠭᠤᠭᠠ᠂ | ᠯᠤᠤᠪᠠᠨᠭ᠌᠂ ᠠᠯᠢᠮ᠎ᠠ᠂ ᠱᠠᠪᠳᠠᠯ᠎ᠠ᠂ ᠴᠠᠭᠠᠨ ᠳᠡᠯᠳᠡᠤ ᠵᠡᠷᠭᠡ ᠶᠢ ᠢᠯᠡᠬᠦᠬᠡᠨ ᠢᠳᠡᠵᠤ ᠪᠠᠶᠢᠪᠠᠯ ᠰᠠᠶᠢᠨ᠃ | ︵4︶ ᠨᠠᠮᠤᠷ ᠪᠤᠷᠤᠭᠠᠨ ᠰᠢᠪᠡᠷᠡᠬᠦ ᠪᠦᠷᠢ ᠳᠡᠭᠷᠢ ᠬᠦᠢᠳᠡᠷᠡᠨ᠎ᠠ ᠭᠡᠳᠡᠭ᠂ ᠪᠡᠶ᠎ᠠ ᠡᠷᠡᠬᠦᠯ ᠴᠢᠬᠢᠷᠠᠬ ᠬᠦᠮᠦᠰ ᠲᠤ | ᠠᠪᠴᠤ ᠬᠡᠯᠡᠪᠡᠯ ᠬᠡᠳᠤ ᠡᠷᠳᠡ ᠡᠮᠤᠰᠴᠤ ᠵᠡᠬᠦᠬᠦ ᠪᠠᠨ ᠵᠤᠵᠠᠭᠠᠯᠠᠬᠤ ᠦᠬᠡᠢ ᠪᠤᠯ ᠵᠤᠬᠢᠨ᠎ᠠ᠃ ᠬᠠᠷᠢᠨ ᠳᠠᠮᠢᠷ ᠤᠨ | ᠪᠤᠯᠪᠠᠰᠤᠷᠠᠯ ᠳᠤ ᠢᠯᠡᠬᠦᠬᠡᠨ ᠤᠷᠤᠯᠴᠠᠵᠤ᠂ ᠡᠪᠡᠳᠴᠢᠨ ᠢ ᠳᠠᠭᠠᠭᠠᠬᠤ ᠴᠢᠳᠠᠪᠦᠷᠢ ᠪᠠᠨ ᠳᠡᠭᠡᠭᠰᠢᠯᠡᠬᠦᠯᠬᠦ ᠬᠡᠷᠡᠭᠳᠡᠢ᠃ | ᠭᠡᠪᠡᠴᠤ ᠬᠡᠳᠤᠷᠬᠡᠢ ᠨᠢᠮᠬᠡᠨ ᠡᠮᠤᠰᠴᠤ ᠵᠡᠬᠦᠬᠦ ᠦᠬᠡᠢ᠃ ᠦᠬᠡᠢ ᠪᠤᠯ ᠦᠶ᠎ᠠ ᠬᠡᠰᠢᠬᠦᠤ ᠶᠢᠨ ᠡᠪᠡᠳᠴᠢᠨ᠂ | ᠮᠦᠬᠡᠷᠰᠤᠨ ᠬᠤᠭᠤᠯᠠᠢ ᠶᠢᠨ ᠦᠷᠪᠢᠰᠤᠯ᠂ ᠰᠢᠩᠭᠡᠭᠡᠯᠳᠡ ᠶᠢᠨ ᠵᠠᠮ ᠤᠨ ᠡᠪᠡᠳᠴᠢᠨ ᠵᠡᠷᠭᠡ ᠳᠤ ᠨᠡᠷᠪᠡᠭᠳᠡᠳᠡᠭ᠃ | ︵5︶ ᠨᠠᠮᠤᠷ ᠤᠨ ᠴᠠᠬ ᠲᠤ ᠬᠠᠯᠠᠭᠤᠨ ᠬᠦᠢᠳᠡᠨ ᠨᠢ ᠳᠤᠬᠳᠠᠭᠤᠨ ᠦᠬᠡᠢ ᠳᠤᠯᠠ ᠠᠮᠠᠷᠬᠠᠨ ᠬᠢᠮᠦᠷᠠᠬᠤ | ᠨᠠᠰᠤᠳᠡᠶᠢᠴᠤᠳ᠂ ᠬᠡᠤᠬᠡᠳ ᠠᠮᠠᠷᠬᠠᠨ ᠡᠪᠡᠳᠴᠢᠯᠡᠳᠡᠭ ᠪᠤᠶᠤ ᠬᠠᠭᠤᠴᠢᠨ ᠡᠪᠡᠳᠴᠢᠨ ᠬᠡᠮ ᠨᠢ ᠬᠦᠳᠡᠯᠳᠡᠭ᠃ | ᠴᠢᠰᠤᠨ ᠳᠠᠷᠤᠯᠳᠠ ᠦᠨᠳᠤᠷ ᠡᠪᠡᠳᠴᠢᠳᠡᠨ ᠨᠠᠮᠤᠷ ᠤᠨ ᠬᠦᠢᠳᠡᠨ ᠳᠤ ᠴᠢᠰᠤᠨ ᠰᠤᠳᠠᠯ ᠨᠢ ᠠᠪᠴᠢᠵᠤ ᠴᠢᠰᠤᠨ | ᠳᠠᠷᠤᠯᠳᠠ ᠨᠢ ᠦᠨᠳᠤᠷᠵᠢᠳᠡᠭ ᠳᠤᠯᠠ ᠦᠷᠬᠦᠯᠵᠢ ᠴᠢᠰᠤᠨ ᠳᠠᠷᠤᠯᠳᠠ ᠪᠠᠨ ᠬᠡᠮᠵᠢᠨ ᠡᠮ ᠳᠠᠩ ᠢᠶᠠᠨ | ᠳᠠᠰᠤᠯᠳᠠᠭᠤᠯᠤᠯ ᠦᠬᠡᠢ ᠤᠤᠭᠤᠵᠤ᠂ ᠡᠮᠴᠢ ᠪᠠᠷ ᠤᠨᠤᠰᠢᠯᠠᠭᠤᠯᠬᠤ ᠶᠢ ᠠᠩᠬᠠᠷᠬᠤ ᠬᠡᠷᠡᠭᠳᠡᠢ᠃ |