ᠰᠢᠬᠢᠷ ᠰᠢᠵᠢᠩ ᠡᠪᠡᠳᠴᠢᠨ ᠢ ᠶᠠᠭᠠᠬᠢᠵᠦ ᠰᠡᠷᠭᠡᠶᠢᠯᠡᠨ ᠵᠠᠰᠠᠬᠤ ᠪᠤᠢ︖ | — ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠲᠡᠯᠢᠭᠦᠦ | ᠬᠤᠳᠤᠭᠤᠳᠤᠨ ᠤ ᠰᠠᠯᠠᠭᠠᠨ ᠤ ᠭᠤᠤᠯᠯᠠᠭᠴᠢ ᠡᠮᠴᠢ ᠪᠠᠢ ᠠᠷᠢᠭᠤᠨ᠎ᠠ ᠶᠢ ᠰᠤᠷᠪᠤᠯᠵᠢᠯᠠᠭᠠᠳ | ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠤᠶᠠᠬᠠᠨ | ᠠᠮᠢᠳᠤᠷᠠᠯ ᠤᠨ ᠲᠦᠪᠰᠢᠨ ᠰᠠᠶᠢᠵᠢᠷᠠᠵᠦ ᠢᠳᠡᠭᠡᠨ ᠤᠮᠳᠠᠭᠠᠨ ᠡᠯᠪᠡᠭᠵᠢᠭᠰᠡᠨ ᠦᠨᠦᠳᠦᠷ ᠭᠦᠮᠦᠰ ᠤᠨ ᠲᠤᠮᠳᠠ | ᠰᠢᠬᠢᠷ ᠰᠢᠵᠢᠩ ᠡᠪᠡᠳᠴᠢᠨ ᠶᠡᠭᠡ ᠭᠠᠵᠠᠷ ᠠᠪᠬᠤ ᠪᠤᠯᠤᠯ᠎ᠠ᠃ ᠨᠠᠰᠤ ᠠᠬᠢᠭᠰᠠᠨ ᠭᠦᠮᠦᠰ ᠤᠨ ᠢᠳᠡᠭᠡᠨ ᠤᠮᠳᠠᠭᠠᠨ | ᠪᠤᠶᠤ ᠪᠡᠶ᠎ᠡ ᠶᠢᠨ ᠪᠠᠶᠢᠳᠠᠯ ᠲᠡᠩᠴᠡᠭᠦᠷᠢ ᠪᠠᠨ ᠠᠯᠳᠠᠭᠰᠠᠨ ᠠᠴᠠ ᠴᠢᠰᠦᠨ ᠤ ᠰᠢᠬᠢᠷ ᠦᠨᠳᠦᠷᠵᠢᠵᠦ ᠰᠢᠬᠢᠷ ᠰᠢᠵᠢᠩ | ᠡᠪᠡᠳᠴᠢᠨ ᠤᠯᠬᠤ ᠨᠤᠷᠮ᠎ᠠ ᠦᠨᠳᠦᠷ ᠪᠠᠶᠢᠭᠰᠠᠨ ᠠᠴᠠ ᠪᠠᠨ ᠤᠷᠴᠢᠮ ᠤᠨ ᠵᠢᠯ ᠳᠤ ᠵᠠᠯᠠᠭᠤᠴᠤᠳ ᠤᠨ ᠲᠤᠮᠳᠠ ᠴᠦ | ᠡᠨᠡ ᠭᠦ ᠡᠪᠡᠳᠴᠢᠨ ᠢ ᠤᠯᠵᠦ ᠪᠠᠶᠢᠬᠤ ᠦᠵᠡᠭᠳᠡᠯ ᠪᠠᠶᠢᠡᠭᠭᠤ ᠬᠠᠷᠠᠬᠳᠠᠬᠤ ᠪᠤᠯᠤᠯ᠎ᠠ᠃ ᠡᠨᠡ ᠭᠦ ᠡᠪᠡᠳᠴᠢᠨ ᠨᠢ | ᠪᠠᠭ᠎ᠠ ᠭᠡᠮᠵᠢᠶᠡᠨ ᠳᠤ ᠤᠳᠤᠮᠯᠠᠯ ᠤᠨ ᠴᠢᠨᠠᠷ ᠲᠠᠢ ᠭᠡᠭᠦ ᠳᠤ ᠤᠯᠠᠩᠭᠢ ᠨᠢ ᠠᠮᠢᠳᠤᠷᠠᠯ ᠤᠨ ᠵᠠᠩ ᠲᠠᠳᠬᠠᠯ᠂ ᠢᠳᠡᠭᠡᠨ | ᠤᠮᠳᠠᠭᠠᠨ ᠲᠠᠢ ᠨᠢᠬᠳᠠ ᠬᠤᠯᠪᠤᠭᠳᠠᠯ ᠲᠠᠢ ᠪᠠᠶᠢᠳᠠᠬ᠃ | ᠲᠡᠭᠡᠪᠡᠯ ᠰᠢᠬᠢᠷ ᠰᠢᠵᠢᠩ ᠡᠪᠡᠳᠴᠢᠨ ᠢ ᠶᠠᠭᠠᠬᠢᠵᠦ ᠰᠡᠷᠭᠡᠶᠢᠯᠡᠭᠦ᠂ ᠰᠢᠬᠢᠷ ᠰᠢᠵᠢᠩ ᠡᠪᠡᠳᠴᠢᠳᠠᠨ ᠶᠠᠭᠤ ᠶᠢ | ᠠᠩᠬᠠᠷᠬᠤ ᠴᠢᠬᠤᠯᠠ ᠲᠠᠢ ᠪᠤᠢ ᠭᠡᠭᠦ ᠠᠰᠠᠭᠤᠯᠳᠠ ᠶᠢᠨ ᠲᠤᠭᠤᠷᠢᠨ ᠳᠤ ᠪᠠᠢ ᠠᠷᠢᠭᠤᠨ᠎ᠠ ᠡᠮᠴᠢ ᠨᠠᠷᠢᠨ ᠲᠠᠶᠢᠯᠤᠮᠵᠢ | ᠬᠢᠯ᠎ᠠ᠃ | ᠰᠤᠷᠪᠤᠯᠵᠢᠯᠠᠭᠴᠢ᠄ ᠲᠠ ᠰᠠᠶᠢᠨ ᠤᠤ︖ ᠦᠡᠭᠭᠡᠷᠡᠭᠰᠡᠨ ᠳᠤ ᠰᠢᠬᠢᠷ ᠰᠢᠵᠢᠩ ᠡᠪᠡᠳᠴᠢᠨ ᠳᠤ ᠨᠡᠷᠪᠡᠭᠳᠡᠵᠦ | ᠪᠠᠶᠢᠨ᠎ᠠ ᠭᠡᠳᠡᠭ ᠢ ᠴᠦᠭᠡᠨ ᠰᠤᠨᠤᠰᠴᠦ ᠪᠠᠶᠢᠭᠰᠠᠨ ᠪᠤᠯ ᠤᠳᠤ ᠪᠤᠯᠬᠤ ᠳᠤ ᠨᠡᠶᠢᠳᠡᠮ ᠤᠨ ᠴᠢᠨᠠᠷ ᠲᠠᠢ ᠰᠤᠨᠤᠰᠳᠠᠬᠤ | ᠪᠤᠯᠤᠯ᠎ᠠ᠃ ᠡᠨᠡ ᠨᠢ ᠶᠠᠭᠤᠨ ᠠᠴᠠ ᠪᠤᠯᠤᠭᠰᠠᠨ ᠪᠤᠢ︖ | ᠪᠠᠢ ᠠᠷᠢᠭᠤᠨ᠎ᠠ ᠡᠮᠴᠢ᠄ ᠦᠡᠭᠭᠡᠷᠡᠭᠰᠡᠨ ᠳᠤ ᠭᠦᠮᠦᠰ ᠮᠥᠨ ᠰᠢᠬᠢᠷ ᠰᠢᠵᠢᠩ ᠡᠪᠡᠳᠴᠢᠨ ᠳᠤ ᠨᠡᠷᠪᠡᠭᠳᠡᠵᠦ | ᠪᠠᠶᠢᠭᠰᠠᠨ᠂ ᠭᠡᠪᠡᠴᠦ ᠲᠤᠬᠠᠢ ᠶᠢᠨ ᠦᠶ᠎ᠡ ᠶᠢᠨ ᠡᠮ ᠡᠮᠨᠡᠯᠭᠡ ᠶᠢᠨ ᠲᠦᠭᠦᠭᠡᠷᠦᠮᠵᠢ᠂ ᠮᠡᠷᠭᠡᠵᠢᠯ ᠤᠨ ᠲᠦᠪᠰᠢᠨ | ᠲᠡᠶᠢᠮᠦ ᠰᠠᠶᠢᠨ ᠪᠢᠰᠢ ᠪᠤᠯᠬᠤᠷ ᠤᠯᠠᠨ ᠭᠦᠮᠦᠰ ᠮᠡᠳᠡᠳᠡᠭ ᠦᠭᠡᠢ᠃ ᠬᠠᠷᠢᠨ ᠡᠨᠡ ᠭᠦ ᠡᠪᠡᠳᠴᠢᠨ ᠭᠠᠭᠴᠠ ᠯᠠ | ᠤᠳᠤ ᠶᠢᠨ ᠨᠡᠶᠢᠭᠡᠮ ᠳᠤ ᠯᠠ ᠭᠠᠷᠴᠦ ᠪᠠᠶᠢᠭ᠎ᠠ ᠭᠡᠰᠡᠨ ᠤᠴᠢᠷ ᠪᠢᠰᠢ᠃ ᠦᠡᠭᠭᠡᠷᠡᠭᠰᠡᠨ ᠳᠤ ᠠᠮᠢᠳᠤᠷᠠᠯ ᠤᠨ | ᠲᠦᠪᠰᠢᠨ ᠲᠤᠤᠷ᠎ᠠ ᠢᠳᠡᠵᠦ ᠤᠤᠭᠤᠬᠤ ᠶᠠᠭᠤᠮ᠎ᠠ ᠬᠤᠪᠤᠷ ᠪᠤᠯᠬᠤᠷ ᠰᠢᠬᠢᠷ ᠰᠢᠵᠢᠩ ᠡᠪᠡᠳᠴᠢᠨ ᠳᠤ ᠨᠡᠷᠪᠡᠭᠳᠡᠭᠦ | ᠨᠤᠷᠮ᠎ᠠ ᠬᠠᠷᠢᠴᠠᠩᠭᠤᠢ ᠲᠤᠤᠷ᠎ᠠ᠂ ᠤᠳᠤ ᠪᠤᠯ ᠨᠡᠶᠢᠭᠡᠮ ᠰᠠᠶᠢᠵᠢᠷᠠᠵᠦ ᠢᠳᠡᠵᠦ ᠤᠤᠭᠤᠬᠤ ᠵᠦᠢᠯᠡᠰ ᠡᠯᠪᠡᠭ | ᠪᠤᠯᠤᠭᠰᠠᠨ ᠠᠴᠠ ᠭᠦᠮᠦᠰ ᠭᠡᠳᠦᠷᠭᠡᠢ ᠢᠳᠡᠵᠦ ᠤᠤᠭᠤᠬᠤ ᠳᠡᠷᠡᠴᠢᠯᠡᠨ ᠰᠢᠬᠢᠷ ᠤᠨ ᠠᠭᠤᠯᠤᠭᠳᠠᠴᠠ ᠲᠠᠢ ᠵᠦᠢᠯ | ᠢᠯᠡᠭᠦᠦ ᠡᠳ᠋ᠯᠡᠭᠰᠡᠨ ᠠᠴᠠ ᠪᠤᠯᠵᠦ ᠰᠢᠬᠢᠷ ᠰᠢᠵᠢᠩ ᠡᠪᠡᠳᠴᠢᠨ ᠤᠯᠵᠦ ᠪᠠᠶᠢᠭ᠎ᠠ ᠭᠦᠮᠦᠨ ᠤᠯᠠᠨ ᠪᠤᠯᠵᠦ ᠪᠠᠶᠢᠨ᠎ᠠ᠃ | ᠰᠤᠷᠪᠤᠯᠵᠢᠯᠠᠭᠴᠢ᠄ ᠲᠡᠭᠡᠪᠡᠯ ᠰᠢᠬᠢᠷ ᠰᠢᠵᠢᠩ ᠡᠪᠡᠳᠴᠢᠨ ᠳᠤ ᠨᠡᠷᠪᠡᠭᠳᠡᠪᠡᠯ ᠦᠪᠡᠷ ᠤᠨ ᠪᠡᠶ᠎ᠡ ᠳᠤ ᠨᠢ ᠶᠠᠮᠠᠷᠬᠠᠨ | ᠢᠯᠡᠷᠡᠯ ᠭᠠᠷᠳᠠᠭ ᠪᠤᠢ︖ | ᠪᠠᠢ ᠠᠷᠢᠭᠤᠨ᠎ᠠ ᠡᠮᠴᠢ᠄ ᠰᠢᠬᠢᠷ ᠰᠢᠵᠢᠩ ᠡᠪᠡᠳᠴᠢᠳᠠᠨ ᠢᠳᠡᠵᠦ ᠤᠤᠭᠤᠬᠤ ᠨᠢ ᠢᠯᠡᠭᠦᠦ ᠠᠳᠠᠯ᠎ᠠ ᠪᠠᠨ ᠡᠴᠡᠵᠦ | ᠲᠤᠷᠠᠳᠠᠭ᠂ ᠲᠡᠭᠡᠭᠡᠳ ᠰᠢᠭᠡᠭᠦ ᠨᠢ ᠤᠯᠠᠨ᠂ ᠰᠢᠭᠡᠰᠦ ᠨᠢ ᠡᠷᠡᠭᠦᠯ ᠭᠦᠮᠦᠨ ᠲᠠᠢ ᠠᠳᠠᠯᠢ ᠦᠭᠡᠢ᠂ ᠢᠯᠡᠭᠦᠦ ᠭᠦᠭᠡᠰᠦ | ᠭᠠᠷᠴᠦ᠂ ᠰᠢᠬᠢᠷ ᠤᠨ ᠠᠭᠤᠯᠤᠭᠳᠠᠴᠠ ᠢᠯᠡᠭᠦᠦ ᠪᠤᠯᠬᠤᠷ ᠨᠠᠭᠠᠯᠳᠤᠩᠬᠠᠢ ᠪᠠᠶᠢᠳᠠᠭ᠂ ᠭᠡᠪᠡᠴᠦ ᠡᠩ ᠤᠨ ᠪᠠᠶᠢᠳᠠᠯ ᠳᠤ | ᠦᠪᠡᠷᠳᠡᠭᠡᠨ ᠦᠵᠡᠵᠦ ᠭᠠᠷᠳᠠᠭ ᠦᠭᠡᠢ᠃ | ᠰᠤᠷᠪᠤᠯᠵᠢᠯᠠᠭᠴᠢ᠄ ᠲᠡᠭᠡᠪᠡᠯ ᠵᠠᠷᠢᠮ ᠭᠦᠮᠦᠰ ᠰᠢᠬᠢᠷ ᠰᠢᠵᠢᠩ ᠡᠪᠡᠳᠴᠢᠨ ᠢ ᠤᠳᠤᠮᠰᠢᠯ ᠤᠨ ᠴᠢᠨᠠᠷ ᠲᠠᠢ ᠭᠡᠵᠦ | ᠶᠠᠷᠢᠳᠠᠭ᠂ ᠡᠨᠡ ᠲᠤᠬᠠᠢ ᠲᠠ ᠶᠠᠷᠢᠭᠠᠳ ᠦᠭᠭᠦᠨ᠎ᠠ ᠤᠤ︖ | ᠪᠠᠢ ᠠᠷᠢᠭᠤᠨ᠎ᠠ ᠡᠮᠴᠢ᠄ ᠤᠳᠤ ᠶᠢᠨ ᠨᠡᠶᠢᠭᠡᠮ ᠳᠤ ᠰᠢᠬᠢᠷ ᠰᠢᠵᠢᠩ ᠡᠪᠡᠳᠴᠢᠨ ᠤᠯᠵᠦ ᠪᠠᠶᠢᠭ᠎ᠠ ᠭᠦᠮᠦᠨ ᠤᠯᠠᠨ | ᠪᠤᠯᠵᠦ ᠪᠠᠶᠢᠭ᠎ᠠ ᠮᠦᠷᠳᠡᠭᠡᠨ ᠵᠠᠯᠠᠭᠤ ᠭᠦᠮᠦᠰ ᠴᠦ ᠰᠢᠬᠢᠷ ᠰᠢᠵᠢᠩ ᠡᠪᠡᠳᠴᠢᠨ ᠤᠯᠵᠦ ᠪᠠᠶᠢᠨ᠎ᠠ᠂ ᠡᠨᠡ ᠨᠢ | ᠠᠮᠢᠳᠤᠷᠠᠯ ᠤᠨ ᠲᠦᠪᠰᠢᠨ ᠰᠠᠶᠢᠵᠢᠷᠠᠵᠦ ᠢᠳᠡᠭᠡᠨ ᠤᠮᠳᠠᠭᠠᠨ ᠡᠯᠪᠡᠭ ᠲᠡᠯᠪᠡᠭ ᠪᠤᠯᠤᠭᠰᠠᠨ ᠲᠠᠢ ᠶᠡᠭᠡ | ᠬᠤᠯᠪᠤᠭᠳᠠᠯ ᠲᠠᠢ᠃ ᠭᠡᠪᠡᠴᠦ ᠰᠢᠬᠢᠷ ᠰᠢᠵᠢᠩ ᠡᠪᠡᠳᠴᠢᠳᠠᠨ ᠤ ᠲᠤᠳᠤᠷ᠎ᠠ 20% ᠠᠴᠠ 30% ᠨᠢ | ᠤᠳᠤᠮᠰᠢᠯ ᠤᠨ ᠴᠢᠨᠠᠷ ᠪᠠᠶᠢᠳᠠᠭ᠃ ᠡᠵᠢ ᠠᠪᠤ᠂ ᠡᠪᠦᠭᠡ ᠡᠮᠡᠭᠡ᠂ ᠨᠠᠭᠠᠴᠦ ᠡᠪᠦᠭᠡ ᠡᠮᠡᠭᠡ ᠵᠡᠷᠭᠡ ᠨᠢ ᠰᠢᠬᠢᠷ | ᠰᠢᠵᠢᠩ ᠡᠪᠡᠳᠴᠢᠨ ᠤ ᠲᠡᠦᠭᠡ ᠲᠠᠢ ᠪᠤᠯ ᠰᠢᠬᠢᠷ ᠰᠢᠵᠢᠩ ᠡᠪᠡᠳᠴᠢᠨ ᠤᠯᠬᠤ ᠨᠤᠷᠮ᠎ᠠ ᠨᠢ ᠦᠨᠳᠦᠷ ᠪᠤᠯᠤᠨ᠎ᠠ᠃ | ᠲᠡᠭᠡᠪᠡᠯ ᠰᠢᠬᠢᠷ ᠰᠢᠵᠢᠩ ᠡᠪᠡᠳᠴᠢᠨ ᠢ ᠲᠦᠷᠦᠯᠬᠢ ᠶᠢᠨ ᠴᠢᠨᠠᠷ ᠪᠠ ᠰᠡᠭᠦᠯᠴᠢ ᠶᠢᠨ ᠦᠶ᠎ᠡ ᠳᠤ ᠤᠯᠤᠭᠰᠠᠨ ᠭᠡᠵᠦ | ᠬᠤᠶᠠᠷ ᠲᠦᠷᠦᠯ ᠬᠤᠪᠢᠶᠠᠨ᠎ᠠ᠃ ᠲᠦᠷᠦᠯᠬᠢ ᠶᠢᠨ ᠴᠢᠨᠠᠷ ᠲᠠᠢ ᠰᠢᠬᠢᠷ ᠰᠢᠵᠢᠩ ᠡᠪᠡᠳᠴᠢᠳᠠᠨ ᠪᠤᠯ ᠲᠦᠷᠦᠯᠬᠢ | ᠨᠦᠢᠷ ᠤᠨ ᠪᠤᠯᠴᠢᠷᠬᠠᠢ ᠶᠢᠨ ᠡᠰ ᠤᠨ ᠦᠢᠯᠡᠳᠦᠯ ᠴᠢᠳᠠᠪᠬᠢ ᠨᠢ ᠠᠨᠠᠢ ᠪᠠᠶᠢᠵᠦ᠂ ᠤᠯᠠᠩᠭᠢ ᠨᠢ ᠵᠠᠯᠠᠭᠤ ᠪᠠᠭ᠎ᠠ | ᠨᠠᠰᠤᠨ ᠳᠤ ᠪᠠᠨ ᠡᠪᠡᠳᠴᠢᠨ ᠤ ᠢᠯᠡᠷᠡᠯ ᠭᠠᠷᠳᠠᠭ᠃ ᠡᠶᠢᠮᠦ ᠪᠠᠶᠢᠳᠠᠯ ᠳᠤ ᠭᠠᠳᠠᠨ᠎ᠠ ᠠᠴᠠ ᠨᠦᠢᠷ ᠤᠨ ᠠᠷᠠᠯ ᠤᠨ | ᠡᠳ᠋ ︵ᠢᠰᠯᠢᠨ︶ ᠴᠤᠬᠢᠵᠦ ᠨᠦᠢᠷ ᠤᠨ ᠪᠤᠯᠴᠢᠷᠬᠠᠢ ᠶᠢᠨ ᠡᠰ ᠤᠨ ᠦᠢᠯᠡᠳᠦᠯ ᠴᠢᠳᠠᠪᠬᠢ ᠶᠢ ᠤᠷᠤᠯᠠᠭᠤᠯᠤᠨ᠎ᠠ᠃ | ᠲᠡᠭᠡᠪᠡᠯ ᠰᠡᠭᠦᠯᠴᠢ ᠶᠢᠨ ᠦᠶ᠎ᠡ ᠳᠤ ᠤᠯᠤᠭᠰᠠᠨ ᠰᠢᠬᠢᠷ ᠰᠢᠵᠢᠩ ᠡᠪᠡᠳᠴᠢᠳᠠᠨ ᠪᠤᠯ ᠰᠢᠬᠢᠷ ᠤᠨ ᠠᠭᠤᠯᠤᠭᠳᠠᠴᠠ | ᠶᠡᠭᠡ ᠵᠦᠢᠯᠡᠰ ᠢ ᠭᠡᠳᠦᠷᠭᠡᠢ ᠡᠳ᠋ᠯᠡᠭᠰᠡᠨ ᠠᠴᠠ ᠪᠤᠯᠵᠦ ᠬᠤᠪᠢ ᠪᠡᠶ᠎ᠡ ᠶᠢᠨ ᠰᠢᠬᠢᠷ ᠢ ᠲᠠᠶᠢᠯᠳᠠᠭ ᠨᠦᠢᠷ ᠤᠨ ᠠᠷᠠᠯ | ᠡᠳ᠋ ︵ᠢᠰᠯᠢᠨ︶ ᠤᠨ ᠲᠠᠷᠤᠯᠳᠠ ᠶᠡᠭᠡ ᠪᠤᠯᠵᠦ ᠠᠵᠢᠯᠯᠠᠭ᠎ᠠ ᠨᠢ ᠲᠤᠷᠦ᠋ᠢᠳᠠᠵᠦ ᠰᠢᠬᠢᠷ ᠤᠨ ᠵᠦᠢᠯ ᠢᠶᠠᠨ ᠲᠠᠶᠢᠯᠵᠦ | ᠲᠡᠶᠢᠯᠭᠦ ᠦᠭᠡᠢ ᠪᠤᠯᠵᠦ᠂ ᠰᠢᠭᠤᠳ ᠰᠢᠭᠡᠰᠦ ᠪᠠᠷ ᠲᠠᠮᠵᠢᠵᠦ ᠭᠠᠳᠠᠬᠰᠢᠯᠠᠳᠠᠬ᠃ | ᠰᠤᠷᠪᠤᠯᠵᠢᠯᠠᠭᠴᠢ᠄ ᠲᠡᠭᠡᠪᠡᠯ ᠰᠢᠬᠢᠷ ᠰᠢᠵᠢᠩ ᠡᠪᠡᠳᠴᠢᠨ ᠤᠯᠪᠠᠯ ᠶᠠᠭᠤ ᠶᠢ ᠠᠩᠬᠠᠷᠬᠤ ᠪᠤᠢ︖ | ᠪᠠᠢ ᠠᠷᠢᠭᠤᠨ᠎ᠠ ᠡᠮᠴᠢ᠄ ᠰᠢᠬᠢᠷ ᠰᠢᠵᠢᠩ ᠡᠪᠡᠳᠴᠢᠳᠠᠨ ᠳᠤ ᠠᠪᠴᠥ ᠬᠡᠯᠡᠪᠡᠯ ᠢᠳᠡᠵᠦ ᠤᠤᠭᠤᠬᠤ ᠪᠠᠨ | ᠲᠤᠬᠢᠷᠠᠭᠤᠯᠬᠤ ᠨᠢ ᠲᠦᠢᠯ ᠤᠨ ᠴᠢᠬᠤᠯᠠ ᠶᠤᠮ᠃ ᠰᠢᠬᠢᠷ ᠤᠨ ᠠᠭᠤᠯᠤᠭᠳᠠᠴᠠ ᠲᠠᠢ ᠵᠦᠢᠯᠡᠰ ᠢ ᠬᠠᠮᠤᠭ ᠤᠨ | ᠰᠠᠶᠢᠨ ᠨᠢ ᠢᠳᠡᠭᠦ ᠦᠭᠡᠢ ᠪᠠᠶᠢᠬᠤ ᠶᠢ ᠠᠩᠬᠠᠷᠤᠨ᠎ᠠ᠃ ᠤᠨᠴᠠᠭᠠᠶᠢᠯᠠᠨ ᠭᠠᠳᠠᠨ᠎ᠠ ᠬᠤᠳᠠᠯᠳᠤᠵᠦ ᠪᠠᠶᠢᠭ᠎ᠠ ᠡᠯᠳᠡᠪ ᠤᠨ | ᠪᠤᠤᠪᠤ ᠪᠤᠭᠤᠷᠰᠤᠭ᠂ ᠡᠭᠡᠳᠦᠭᠰᠡᠨ ᠰᠦ ᠵᠡᠷᠭᠡ ᠪᠤᠯ ᠪᠦᠷ ᠰᠢᠬᠢᠷ ᠤᠨ ᠠᠭᠤᠯᠤᠭᠳᠠᠴᠠ ᠲᠠᠢ ᠪᠠᠶᠢᠳᠠᠭ ᠤᠴᠢᠷ ᠠᠴᠠ | ᠲᠡᠯᠭᠡᠭᠦᠷ ᠲᠤ ᠬᠤᠳᠠᠯᠳᠤᠵᠦ ᠪᠠᠶᠢᠭ᠎ᠠ ᠢᠳᠡᠭᠡᠨ ᠢ ᠠᠪᠬᠤ ᠳᠤ ᠪᠠᠨ ᠪᠦᠷᠢᠯᠳᠦᠭᠦᠨ ᠢ ᠨᠢ ᠠᠩᠬᠠᠷᠴᠦ ᠰᠢᠬᠢᠷ ᠤᠨ | ᠠᠭᠤᠯᠤᠭᠳᠠᠴᠠ ᠪᠠᠶᠢᠬᠤ ᠡᠰᠡᠭᠦ ᠶᠢ ᠨᠢ ᠦᠵᠡᠨ᠎ᠡ᠃ ᠲᠡᠭᠡᠪᠡᠯ ᠭᠤᠷᠪᠠᠨ ᠡᠷᠢᠨ ᠤ ᠪᠠᠨ ᠬᠤᠭᠤᠯᠠ ᠶᠢ ᠭᠡᠮᠵᠢᠶ᠎ᠡ ᠲᠠᠢ | ᠢᠳᠡᠵᠦ᠂ ᠨᠢᠭᠡ ᠡᠷᠢᠨ ᠳᠤ ᠨᠢᠳᠤᠷᠭᠠᠨ ᠴᠢᠨᠠᠭᠡᠨ ᠪᠤᠳᠠᠭ᠎ᠠ᠂ ᠨᠢᠭᠡ ᠮᠠᠨᠳᠠᠤ ᠪᠠᠷ ᠬᠢᠵᠠᠭᠠᠷᠯᠠᠨ᠎ᠠ᠃ ᠭᠡᠷᠪᠡ | ᠦᠯᠦᠰᠪᠡᠯ ᠦᠷᠭᠡᠰᠤᠳᠤ ᠭᠡᠮᠭᠡ᠂ ᠲᠦᠪᠡᠳ ᠬᠠᠰᠢ ᠵᠡᠷᠭᠡ ᠨᠤᠭᠤᠭᠠᠨ ᠤ ᠲᠦᠷᠦᠯ ᠪᠤᠶᠤ ᠵᠦᠷᠵᠢᠯᠢᠭ ᠮᠡᠳᠤ ᠶᠢᠨ | ᠰᠢᠬᠢᠷ ᠤᠨ ᠠᠭᠤᠯᠤᠭᠳᠠᠴᠠ ᠪᠠᠭ᠎ᠠ ᠵᠢᠮᠢᠰ ᠢᠳᠡᠵᠦ ᠪᠤᠯᠤᠨ᠎ᠠ᠃ ᠬᠠᠷᠢᠨ ᠦᠯᠦᠰᠴᠦ ᠪᠤᠢ ᠭᠡᠮᠡᠨ ᠬᠤᠭᠤᠯᠠ ᠨᠡᠮᠡᠵᠦ | ᠢᠳᠡᠵᠦ ᠪᠤᠯᠬᠤ ᠦᠭᠡᠢ᠃ ᠤᠷᠤᠢ ᠶᠢᠨ ᠬᠤᠭᠤᠯᠠ ᠪᠠᠨ ᠬᠠᠷᠢᠴᠠᠩᠭᠤᠢ ᠪᠠᠭ᠎ᠠ ᠢᠳᠡᠭᠦ ᠬᠡᠷᠡᠭᠳᠡᠢ᠂ ᠤᠴᠢᠷ ᠨᠢ ᠡᠳᠦᠷ | ᠪᠤᠯ ᠭᠦᠮᠦᠰ ᠭᠦᠳᠡᠯᠭᠡᠭᠡᠨ ᠢᠶᠠᠷ ᠲᠠᠮᠵᠢᠭᠤᠯᠵᠦ ᠢᠳᠡᠭᠰᠡᠨ ᠢᠶᠠᠨ ᠠᠮᠠᠷᠬᠠᠨ ᠰᠢᠩᠭᠡᠭᠡᠵᠦ᠂ ᠬᠠᠷᠢᠨ ᠤᠷᠤᠢ ᠳᠤ ᠪᠠᠨ | ᠪᠤᠯ ᠭᠦᠳᠡᠯᠭᠡᠭᠡᠨ ᠪᠠᠭ᠎ᠠ᠂ ᠤᠨᠳᠠᠵᠦ ᠠᠮᠠᠷᠠᠬᠤ ᠲᠤᠯᠠ ᠪᠠᠭ᠎ᠠ ᠢᠳᠡᠵᠦ ᠰᠢᠩᠭᠡᠭᠡᠯᠳᠡ ᠶᠢᠨ ᠰᠢᠰᠲ᠋ᠧᠮ ᠪᠠ | ᠨᠦᠢᠷ ᠤᠨ ᠪᠤᠯᠴᠢᠷᠬᠠᠢ ᠶᠢᠨ ᠲᠠᠷᠤᠭᠠᠰᠦ ᠶᠢ ᠭᠦᠡᠭᠭᠡᠯᠡᠭᠦ ᠭᠡᠷᠡᠭᠳᠠᠢ᠃ ᠲᠡᠭᠡᠪᠡᠯ ᠤᠷᠤᠢ ᠶᠢᠨ ᠬᠤᠭᠤᠯᠠᠨ ᠤ ᠲᠠᠷᠠᠭ᠎ᠠ | ᠭᠦᠳᠡᠯᠭᠡᠭᠡᠨ ᠬᠢᠭᠦ ᠨᠢ ᠪᠠᠰᠠ ᠲᠤᠩ ᠴᠢᠬᠤᠯᠠ᠂ ᠬᠤᠭᠤᠯᠠᠨ ᠤ ᠲᠠᠷᠠᠭ᠎ᠠ ᠠᠯᠬᠤᠬᠤ᠂ ᠤᠳᠠᠭᠠᠨ ᠠᠭᠠᠵᠢᠮ | ᠨᠠᠮᠵᠢᠭᠤᠨ ᠲᠠᠮᠢᠷ ᠵᠡᠷᠭᠡ ᠭᠦᠴᠢᠯᠳᠦ᠋ᠷᠦᠭᠴᠢ ᠲᠠᠢ ᠭᠦᠳᠡᠯᠭᠡᠭᠡᠨ ᠬᠢᠵᠦ ᠪᠤᠯᠤᠨ᠎ᠠ᠃ | ᠰᠤᠷᠪᠤᠯᠵᠢᠯᠠᠭᠴᠢ᠄ ᠶᠡᠷᠦ ᠨᠢ ᠰᠢᠬᠢᠷ ᠰᠢᠵᠢᠩ ᠡᠪᠡᠳᠴᠢᠨ ᠤᠯᠤᠭᠰᠠᠨ ᠭᠦᠮᠦᠰ ᠤᠨ ᠲᠤᠳᠤᠷ᠎ᠠ ᠪᠠᠰᠠ | ᠮᠠᠷᠢᠶ᠎ᠠ ᠲᠠᠢ ᠲᠠᠷᠭᠤᠨ ᠭᠦᠮᠦᠨ ᠪᠠᠶᠢᠳᠠᠭ᠃ ᠡᠨᠡ ᠨᠢ ᠶᠠᠭᠠᠬᠢᠭᠠᠳ ᠪᠤᠢ︖ | ᠪᠠᠢ ᠠᠷᠢᠭᠤᠨ᠎ᠠ ᠡᠮᠴᠢ᠄ ᠰᠢᠬᠢᠷ ᠰᠢᠵᠢᠩ ᠡᠪᠡᠳᠴᠢᠳᠠᠨ ᠡᠬᠢᠨ ᠳᠤ ᠪᠠᠨ ᠴᠢᠰᠦᠨ ᠤ ᠲᠤᠳᠤᠷᠠᠬᠢ ᠰᠢᠬᠢᠷ ᠤᠨ | ᠭᠡᠮᠵᠢᠶ᠎ᠡ ᠭᠡᠪ ᠤᠨ ᠪᠠᠶᠢᠳᠠᠯ ᠠᠴᠠ ᠪᠠᠨ ᠦᠨᠳᠦᠷ ᠪᠤᠯᠬᠤ ᠦᠶ᠎ᠠ ᠳᠤ ᠡᠬᠢᠯᠡᠵᠦ ᠮᠠᠷᠢᠶᠠᠯᠠᠳᠠᠭ᠂ ᠮᠠᠷᠢᠶᠠᠯᠠᠬᠤ | ᠦᠶᠡᠰ ᠲᠤ ᠪᠠᠨ ᠴᠢᠰᠦᠨ ᠤ ᠦᠭᠡᠭᠦᠯᠢᠭ ᠦᠨᠳᠦᠷ ᠪᠤᠯᠵᠦ᠂ ᠦᠯᠦᠩ ᠦᠶ᠎ᠡ ᠶᠢᠨ ᠴᠢᠰᠦᠨ ᠤ ᠰᠢᠬᠢᠷ ᠤᠨ ᠭᠡᠮᠵᠢᠶ᠎ᠡ | 6.5 ᠠᠴᠠ ᠦᠨᠳᠦᠷ ᠭᠠᠷᠴᠦ᠂ ᠭᠡᠷᠪᠡ ᠬᠤᠶᠠᠷ ᠤᠳᠠᠭᠠᠨ ᠤ ᠦᠯᠦᠩ ᠦᠶ᠎ᠡ ᠶᠢᠨ ᠴᠢᠰᠦᠨ ᠤ ᠰᠢᠬᠢᠷ ᠤᠨ ᠭᠡᠮᠵᠢᠶ᠎ᠡ | ᠪᠦᠷ 6.5 ᠠᠴᠠ ᠲᠡᠭᠡᠭᠰᠢ ᠪᠤᠯᠪᠠᠯ ᠰᠢᠬᠢᠷ ᠰᠢᠵᠢᠩ ᠡᠪᠡᠳᠴᠢᠨ ᠢᠶᠠᠷ ᠤᠨᠤᠰᠢᠯᠡᠵᠦ ᠪᠤᠯᠤᠨ᠎ᠠ᠃ ᠶᠡᠷᠦ ᠨᠢ ᠭᠦᠮᠦᠰ | ᠡᠬᠢᠯᠡᠵᠦ ᠮᠠᠷᠢᠶᠠᠯᠠᠨ᠂ ᠰᠢᠬᠢᠷᠯᠢᠭ ᠵᠦᠢᠯᠡᠰ ᠲᠤ ᠲᠤᠷᠠᠯᠠᠵᠦ ᠡᠬᠢᠯᠡᠪᠡᠯ ᠠᠩᠬᠠᠷᠤᠯ ᠳᠤ ᠪᠠᠨ ᠠᠪᠬᠤ ᠭᠡᠷᠡᠭᠳᠠᠢ᠃ | ᠢᠯᠡᠭᠦᠦ ᠭᠦᠳᠡᠯᠭᠡᠭᠡᠨ ᠳᠤ ᠤᠷᠤᠯᠴᠠᠵᠦ᠂ ᠰᠢᠬᠢᠷᠯᠢᠭ ᠵᠦᠢᠯ ᠤᠨ ᠢᠳᠡᠬᠡᠨ ᠢᠳᠡᠵᠦ ᠤᠤᠭᠤᠬᠤ ᠪᠠᠨ | ᠪᠠᠭᠠᠰᠬᠠᠬᠤ ᠶᠢ ᠠᠩᠬᠠᠷᠴᠦ ᠰᠢᠬᠢᠷ ᠰᠢᠵᠢᠩ ᠡᠪᠡᠳᠴᠢᠨ ᠢ ᠤᠷᠢᠳᠴᠢᠯᠠᠨ ᠰᠡᠷᠭᠡᠶᠢᠯᠡᠭᠦ ᠭᠡᠷᠡᠭᠳᠠᠢ᠃ | ᠰᠤᠷᠪᠤᠯᠵᠢᠯᠠᠭᠴᠢ᠄ ᠰᠢᠬᠢᠷ ᠰᠢᠵᠢᠩ ᠡᠪᠡᠳᠴᠢᠨ ᠭᠦᠨᠳᠦᠷᠡᠵᠦ ᠠᠮᠢ ᠨᠠᠰᠤᠨ ᠳᠤ ᠬᠦᠷᠦᠨ᠎ᠠ ᠭᠡᠳᠡᠭ᠃ ᠰᠢᠬᠢᠷ | ᠰᠢᠵᠢᠩ ᠡᠪᠡᠳᠴᠢᠨ ᠭᠦᠨᠳᠦᠷᠡᠪᠡᠯ ᠲᠡᠶᠢᠮᠦ ᠠᠶᠤᠯᠳᠠᠢ ᠤᠤ︖ | ᠪᠠᠢ ᠠᠷᠢᠭᠤᠨ᠎ᠠ ᠡᠮᠴᠢ᠄ ᠰᠢᠬᠢᠷ ᠰᠢᠵᠢᠩ ᠡᠪᠡᠳᠴᠢᠨ ᠠᠴᠠ ᠪᠤᠯᠵᠦ ᠲᠠᠭᠠᠯᠳᠠ ᠡᠪᠡᠳᠴᠢᠨ ᠭᠠᠷᠴᠦ ᠲᠠᠭᠠᠯᠳᠠ | ᠡᠪᠡᠳᠴᠢᠨ ᠨᠢ ᠭᠦᠮᠦᠰ ᠤᠨ ᠠᠮᠢ ᠨᠠᠰᠤᠨ ᠳᠤ ᠭᠦᠷᠳᠡᠭ᠃ ᠰᠢᠬᠢᠷ ᠰᠢᠵᠢᠩ ᠡᠪᠡᠳᠴᠢᠨ ᠳᠤ ᠨᠡᠷᠪᠡᠭᠳᠡᠴᠢᠭᠡᠭᠡᠳ | ᠦᠪᠡᠷ ᠤᠨ ᠢᠶᠠᠨ ᠴᠢᠰᠦᠨ ᠰᠢᠬᠢᠷ ᠤᠨ ᠭᠡᠮᠵᠢᠶ᠎ᠡ ᠪᠠᠨ ᠬᠠᠮᠢᠶᠠᠷᠳᠠᠭ ᠦᠭᠡᠢ ᠭᠦᠮᠦᠨ ᠤᠯᠠᠨ ᠪᠠᠶᠢᠨ᠎ᠠ᠃ ᠰᠢᠬᠢᠷ | ᠰᠢᠵᠢᠩ ᠡᠪᠡᠳᠴᠢᠳᠠᠨ ᠡᠪᠡᠳᠴᠢᠨ ᠢᠶᠠᠨ ᠠᠩᠬᠠᠷᠤᠯ ᠳᠤ ᠪᠠᠨ ᠠᠪᠬᠤ ᠦᠭᠡᠢ ᠪᠤᠯ ᠲᠠᠷᠢᠬᠢᠨ ᠤ ᠰᠤᠳᠠᠯ᠂ | ᠵᠢᠷᠦᠭᠡᠨ ᠤ ᠰᠤᠳᠠᠯ᠂ ᠪᠦᠭᠡᠷ᠎ᠡ ᠶᠢᠨ ᠨᠠᠷᠢᠨ ᠰᠤᠳᠠᠯ ᠨᠦᠯᠦᠭᠡᠯᠡᠭᠳᠡᠵᠦ᠂ ᠴᠢᠰᠦᠨ ᠲᠤᠳᠤᠷᠠᠬᠢ ᠰᠢᠬᠢᠷ ᠤᠨ | ᠠᠭᠤᠯᠤᠭᠳᠠᠴᠠ ᠶᠡᠭᠡ ᠪᠤᠯᠪᠠᠯ ᠴᠢᠰᠦᠨ ᠰᠤᠳᠠᠯ ᠤᠨ ᠬᠠᠷᠢᠮᠠᠬᠠᠢ ᠴᠢᠨᠠᠷ ᠮᠠᠭᠤᠳᠠᠵᠦ ᠰᠤᠳᠠᠯ ᠬᠠᠳᠠᠭᠤᠷᠠᠵᠦ᠂ | ᠵᠢᠷᠦᠭᠡ᠂ ᠲᠠᠷᠢᠬᠢᠨ ᠤ ᠰᠤᠳᠠᠯ ᠪᠦᠭᠯᠡᠷᠡᠵᠦ᠂ ᠰᠠ ᠡᠪᠡᠳᠴᠢᠨ ᠤᠯᠬᠤ᠂ ᠵᠢᠷᠦᠭᠡᠨ ᠬᠠᠳᠬᠤᠯᠭ᠎ᠠ ᠡᠪᠡᠳᠴᠢᠨ ᠢᠶᠠᠷ | ᠨᠠᠰᠤ ᠪᠠᠷᠠᠬᠤ ᠦᠵᠡᠭᠳᠡᠯ ᠭᠠᠷᠤᠨ᠎ᠠ᠃ ᠲᠡᠭᠡᠪᠡᠯ ᠪᠠᠰᠠ ᠰᠢᠬᠢᠷ ᠰᠢᠵᠢᠩ ᠡᠪᠡᠳᠴᠢᠨ ᠠᠴᠠ ᠪᠤᠯᠵᠦ ᠴᠠᠭᠠᠨ ᠰᠤᠳᠠᠯ ᠢ | ᠭᠡᠮᠳᠦᠭᠡᠵᠦ ᠭᠦᠯ ᠭᠠᠷ ᠮᠢᠨᠴᠤᠷᠠᠭᠦ ᠰᠢᠨᠵᠢ ᠡᠭᠦᠰᠴᠦ᠂ ᠰᠢᠷᠬ᠎ᠠ ᠰᠤᠷᠪᠢ ᠠᠮᠠᠷᠬᠠᠨ ᠡᠳᠡᠭᠡᠷᠡᠭᠦ ᠦᠭᠡᠢ ᠦᠵᠡᠭᠳᠡᠯ | ᠭᠠᠷᠴᠦ᠂ ᠲᠦᠷᠪᠡᠨ ᠮᠦᠴᠢ ᠶᠢᠨ ᠦᠭᠦᠵᠢᠯ ᠡᠭᠦᠰᠭᠦ ᠠᠶᠤᠯ ᠲᠠᠢ᠃ | ᠰᠤᠷᠪᠤᠯᠵᠢᠯᠠᠭᠴᠢ᠄ ᠲᠡᠭᠡᠪᠡᠯ ᠰᠡᠭᠦᠯᠴᠢ ᠶᠢᠨ ᠦᠶ᠎ᠡ ᠳᠤ ᠤᠯᠤᠭᠰᠠᠨ ᠰᠢᠬᠢᠷ ᠰᠢᠵᠢᠩ ᠡᠪᠡᠳᠴᠢᠨ ᠢ ᠵᠠᠰᠠᠵᠦ | ᠢᠯᠡᠷᠢ ᠪᠤᠯᠭᠠᠵᠦ ᠲᠡᠶᠢᠯᠦᠨ᠎ᠠ ᠤᠤ︖ | ᠪᠠᠢ ᠠᠷᠢᠭᠤᠨ᠎ᠠ ᠡᠮᠴᠢ᠄ ᠰᠡᠭᠦᠯᠴᠢ ᠶᠢᠨ ᠦᠶ᠎ᠡ ᠳᠤ ᠤᠯᠤᠭᠰᠠᠨ ᠰᠢᠬᠢᠷ ᠰᠢᠵᠢᠩ ᠡᠪᠡᠳᠴᠢᠳᠠᠨ ᠢ ᠡᠮᠨᠡᠯᠭᠡ ᠳᠤ | ᠡᠮ ᠲᠠᠩ ᠭᠡᠷᠡᠭᠯᠡᠵᠦ ᠢᠳᠡᠭᠡᠨ ᠤᠮᠳᠠᠭᠠᠨ ᠢᠶᠠᠷ ᠲᠠᠮᠵᠢᠭᠤᠯᠵᠦ ᠴᠢᠰᠦᠨ ᠰᠢᠬᠢᠷ ᠤᠨ ᠭᠡᠮᠵᠢᠶ᠎ᠡ ᠶᠢ ᠭᠡᠪ ᠤᠨ | ᠪᠠᠶᠢᠳᠠᠯ ᠲᠠᠢ ᠤᠶᠢᠷᠠᠬᠠᠨ ᠪᠤᠯᠭᠠᠵᠦ ᠪᠤᠯᠤᠨ᠎ᠠ᠃ ᠡᠪᠡᠳᠴᠢᠳᠠᠨ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠠᠵᠦ᠂ ᠡᠮ | ᠲᠠᠩ ᠢᠶᠠᠨ ᠰᠠᠶᠢᠳᠤᠷ ᠤᠤᠭᠤᠵᠦ᠂ ᠢᠳᠡᠵᠦ ᠤᠤᠭᠤᠬᠤ᠂ ᠤᠨᠳᠠᠵᠦ ᠠᠮᠠᠷᠠᠬᠤ᠂ ᠭᠦᠳᠡᠯᠭᠡᠭᠡᠨ ᠢᠶᠠᠨ ᠠᠩᠬᠠᠷᠴᠦ | ᠴᠢᠰᠦᠨ ᠤ ᠰᠢᠬᠢᠷ ᠤᠨ ᠭᠡᠮᠵᠢᠶ᠎ᠡ ᠭᠡᠪ ᠤᠨ ᠪᠠᠶᠢᠳᠠᠯ ᠳᠤ ᠤᠷᠤᠭᠰᠠᠨ ᠪᠠᠶᠢᠪᠠᠯ ᠡᠮ ᠲᠠᠩ ᠤᠨ ᠢᠶᠠᠨ ᠭᠡᠮᠵᠢᠶ᠎ᠡ ᠶᠢ | ᠪᠠᠭ᠎ᠠ ᠪᠠᠭ᠎ᠠ ᠪᠠᠷ ᠬᠠᠰᠤᠵᠦ ᠪᠤᠯᠤᠨ᠎ᠠ᠃ ᠭᠡᠪᠡᠴᠦ ᠰᠢᠬᠢᠷ ᠰᠢᠵᠢᠩ ᠡᠪᠡᠳᠴᠢᠳᠠᠨ ᠡᠮ ᠲᠠᠩ ᠢᠳᠡᠭᠡᠨ | ᠤᠮᠳᠠᠭᠠᠨ ᠢᠶᠠᠷ ᠲᠠᠮᠵᠢᠭᠤᠯᠵᠦ ᠢᠯᠡᠷᠢ ᠪᠤᠯᠤᠭᠰᠠᠨ ᠴᠦ ᠴᠢᠰᠤᠨ ᠤ ᠰᠢᠬᠢᠷ ᠤᠨ ᠬᠡᠮᠵᠢᠶ᠎ᠡ ᠨᠢ ᠡᠷᠡᠭᠦᠯ ᠬᠦᠮᠦᠨ | ᠲᠠᠢ ᠵᠦᠷᠢᠶᠡᠨ ᠲᠠᠢ᠂ ᠬᠡᠪᠡᠴᠤ ᠡᠮᠴᠢᠯᠡᠭᠡ ᠶᠢᠨ ᠦᠷ᠎ᠡ ᠳ᠋ᠦᠩ ᠢ ᠡᠷᠡᠭᠦᠯ ᠤᠨ ᠬᠡᠮᠵᠢᠶ᠎ᠡ ᠲᠠᠢ ᠬᠠᠮᠤᠭ ᠤᠨ | ᠤᠶᠢᠷᠠᠯᠴᠠᠭ᠎ᠠ ᠪᠤᠯᠭᠠᠬᠤ ᠪᠠᠷ ᠴᠢᠷᠮᠠᠶᠢᠳᠠᠭ᠃ ᠳᠠᠷᠤᠢ 50 ᠨᠠᠰᠤᠨ ᠠᠴᠠ ᠳᠡᠭᠡᠭᠰᠢᠬᠢ ᠬᠦᠮᠦᠰ ᠤᠨ ᠰᠢᠬᠢᠷ ᠰᠢᠵᠢᠩ | ᠡᠪᠡᠳᠴᠢᠳᠠᠨ ᠤ ᠴᠢᠰᠤᠨ ᠤ ᠰᠢᠬᠢᠷ ᠢ 8 ᠠᠴᠠ ᠪᠠᠭ᠎ᠠ ᠪᠤᠯᠭᠠᠵᠦ᠂ ᠬᠤᠭᠤᠯᠠᠨ ᠤ ᠳᠠᠷᠠᠭ᠎ᠠ 12 ᠠᠴᠠ ᠪᠠᠭ᠎ᠠ | ᠪᠤᠯᠭᠠᠨ᠎ᠠ ᠂ 80 ᠨᠠᠰᠤᠨ ᠠᠴᠠ ᠳᠡᠭᠡᠭᠰᠢᠬᠢ ᠬᠦᠮᠦᠰ ᠪᠤᠯ ᠥᠯᠥᠩ ᠦᠶᠡᠰ 10 ᠪᠠᠷ ᠪᠠᠷᠢᠮᠵᠢᠶᠠᠯᠠᠵᠦ᠂ | ᠬᠤᠭᠤᠯᠠᠨ ᠤ ᠳᠠᠷᠠᠭ᠎ᠠ 15 ᠪᠠᠷ ᠪᠠᠷᠢᠮᠵᠢᠶᠠᠯᠠᠵᠦ ᠪᠤᠯᠤᠨ᠎ᠠ᠃ ᠰᠢᠬᠢᠷ ᠰᠢᠵᠢᠩ ᠡᠪᠡᠳᠴᠢᠳᠡᠨ ᠪᠤᠯ ᠢᠯᠡᠭᠦᠦ | ᠰᠢᠬᠢᠷᠯᠢᠭ ᠢᠳᠡᠭᠡᠨ ᠳᠤ ᠳᠤᠷᠠᠯᠠᠬᠤ ᠣᠴᠢᠷ ᠠᠴᠠ ᠪᠡᠶ᠎ᠡ ᠪᠠᠨ ᠪᠠᠷᠢᠵᠦ᠂ ᠦᠷᠭᠦᠯᠵᠢ ᠶᠢᠨ ᠴᠢᠨᠠᠷ ᠲᠠᠢ | ᠢᠳᠡᠭᠡᠨ ᠢᠶᠠᠨ ᠠᠩᠬᠠᠷᠬᠤ ᠬᠡᠷᠡᠭᠳᠡᠢ᠃ ᠴᠢᠰᠤᠨ ᠤ ᠰᠢᠬᠢᠷ ᠤᠨ ᠬᠡᠮᠵᠢᠶ᠎ᠡ ᠬᠡᠪ ᠤᠨ ᠪᠠᠶᠢᠳᠠᠯ ᠳᠤ ᠤᠷᠤᠯ᠎ᠠ ᠭᠡᠰᠡᠨ | ᠴᠦ ᠢᠳᠡᠭᠡᠨ ᠢᠶᠠᠨ ᠠᠩᠬᠠᠷᠴᠤ᠂ ᠲᠤᠭᠳᠠᠭᠰᠠᠨ ᠴᠠᠭ ᠲᠠᠢ ᠴᠢᠰᠤᠨ ᠤ ᠰᠢᠬᠢᠷ ᠢᠶᠠᠨ ᠪᠠᠶᠢᠴᠠᠭᠠᠬᠤ ᠶᠢ | ᠤᠮᠳᠤᠭᠠᠶᠢᠯᠠᠵᠦ ᠪᠤᠯᠠᠬᠤ ᠦᠭᠡᠢ᠃ |