100 g ᠬᠠᠷ᠎ᠠ ᠪᠤᠷᠴᠠᠭ ᠲᠤ ᠪᠠᠷᠤᠭ 220 mg ᠺᠠᠯᠼ ᠠᠭᠤᠯᠤᠭᠳᠠᠵᠤ ᠪᠠᠶᠢᠳᠠᠭ᠃ ᠬᠡᠳᠦ᠋ᠢᠪᠡᠷ ᠺᠠᠯᠼ ᠤᠨ | ᠠᠭᠤᠯᠤᠭᠳᠠᠴᠠ ᠳᠣᠣᠷ᠎ᠠ ᠪᠢᠰᠢ ᠪᠣᠯᠪᠠᠴᠤ ᠬᠠᠷ᠎ᠠ ᠪᠤᠷᠴᠠᠭ ᠵᠡᠷᠭᠡ ᠪᠤᠷᠴᠠᠭ ᠤᠨ ᠲᠦᠷᠥᠯ ᠳᠤ ᠨᠡᠯᠢᠶᠡᠳ ᠠᠷᠪᠢᠨ | ᠤᠷᠭᠤᠮᠠᠯ ᠤᠨ ᠬᠦᠴᠢᠯ ᠠᠭᠤᠯᠤᠭᠳᠠᠵᠤ᠂ ᠺᠠᠯᠼ ᠲᠠᠢ ᠠᠮᠠᠷᠬᠠᠨ ᠨᠡᠶᠢᠯᠡᠵᠦ ᠬᠥᠮᠦᠨ ᠤ ᠪᠡᠶ᠎ᠡ ᠳᠤ ᠬᠢᠯᠪᠠᠷ | ᠰᠢᠩᠭᠡᠭᠡᠭᠳᠡᠬᠦ ᠦᠭᠡᠢ ᠤᠷᠭᠤᠮᠠᠯ ᠤᠨ ᠬᠦᠴᠢᠯ ᠤᠨ ᠺᠠᠯᠼ ᠪᠣᠯᠳᠠᠭ᠃ ᠪᠤᠷᠴᠠᠭ ᠤᠨ ᠵᠤᠲᠠᠩ ᠪᠣᠯᠣᠨ᠎ᠠ ᠤᠤ︖ | ᠭᠡᠵᠦ ᠵᠠᠷᠢᠮ ᠬᠥᠮᠦᠨ ᠠᠰᠠᠭᠤᠵᠤ ᠮᠡᠳᠡᠨ᠎ᠡ᠃ ᠪᠣᠯᠬᠤ ᠥᠬᠡᠶ︕ 100 g ᠪᠤᠷᠴᠠᠭ ᠤᠨ ᠵᠤᠲᠠᠩ ᠳᠤ ᠵᠥᠪᠬᠡᠨ | 10 mg ᠣᠷᠴᠢᠮ ᠺᠠᠯᠼ ᠠᠭᠤᠯᠵᠤ᠂ ᠪᠤᠷᠴᠠᠭ ᠤᠨ ᠵᠤᠲᠠᠩ ᠳᠤ ᠨᠡᠯᠢᠶᠡᠳ ᠠᠷᠪᠢᠨ ᠤᠰᠤ ᠠᠭᠤᠯᠵᠤ ᠪᠠᠶᠢᠬᠤ | ᠮᠥᠷᠲᠡᠭᠡᠨ ᠬᠢᠬᠦ ᠶᠠᠪᠤᠴᠠ ᠳᠠᠭᠠᠨ ᠵᠤᠭᠠᠩ᠂ ᠬᠠᠯᠤᠬᠧᠨ ᠵᠡᠷᠭᠡ ᠺᠠᠯᠼ ᠤᠨ ᠠᠭᠤᠯᠤᠭᠳᠠᠴᠠ ᠨᠡᠯᠢᠶᠡᠳ ᠥᠨᠳᠥᠷ | ᠪᠣᠳᠠᠰ ᠢ ᠨᠡᠮᠡᠳᠡᠭ ᠦᠭᠡᠢ᠂ ᠡᠶᠢᠮᠦ ᠠᠴᠠ ᠲᠡᠭᠦᠨ ᠤ ᠠᠭᠤᠯᠵᠤ ᠪᠠᠶᠢᠭ᠎ᠠ ᠺᠠᠯᠼ ᠤᠨ ᠠᠭᠤᠯᠤᠭᠳᠠᠴᠠ ᠲᠦᠢᠯ ᠤᠨ | ᠪᠠᠭ᠎ᠠ ᠪᠠᠶᠢᠳᠠᠭ᠃ ᠪᠤᠷᠴᠠᠭ ᠢ ᠬᠠᠭᠤᠷᠴᠤ ᠪᠤᠷᠴᠠᠭ ᠤᠨ ᠤᠭᠤᠷᠠᠭ ᠪᠣᠯᠭᠠᠪᠠᠯ᠂ ᠨᠠᠩ ᠠᠷᠪᠢᠨ ᠺᠠᠯᠼ ᠨᠢ | ᠪᠤᠷᠴᠠᠭ ᠤᠨ ᠰᠢᠭᠠᠷᠤ ᠳᠣᠲᠣᠷ᠎ᠠ ᠦᠯᠡᠳᠡᠨ᠎ᠡ᠃ ᠡᠶᠢᠮᠦ ᠠᠴᠠ᠂ ᠬᠠᠷ᠎ᠠ ᠪᠤᠷᠴᠠᠭ ᠢᠳᠡᠬᠦ᠂ ᠪᠤᠷᠴᠠᠭ ᠤᠨ ᠵᠤᠲᠠᠩ | ᠤᠤᠭᠤᠵᠤ ᠺᠠᠯᠼ ᠨᠥᠬᠦᠪᠥᠷᠢᠯᠡᠬᠦ ᠠᠷᠭ᠎ᠠ ᠮᠠᠶ᠋ᠢᠭ ᠢ ᠴᠤ ᠰᠠᠨᠠᠭᠠᠴᠢᠯᠠᠬᠤ ᠥᠬᠡᠶ᠃ ᠦᠨᠢᠶᠡᠨ ᠰᠦ᠄ ᠨᠠᠰᠤᠨ ᠳᠤ | ᠭᠦᠷᠦᠭᠰᠡᠳ ᠡᠳᠦᠷ ᠪᠦᠷᠢ 300 g ᠰᠦ ᠪᠤᠶᠤ ᠴᠠᠭᠠᠨ ᠢᠳᠡᠭᠡ ᠤᠤᠭᠤᠵᠦ ᠢᠳᠡᠬᠦ ᠶᠢ ᠰᠠᠨᠠᠭᠤᠯᠤᠶ᠎ᠠ᠃ | ᠪᠤᠷᠴᠠᠭ ᠤᠨ ᠢᠳᠡᠭᠡᠨ᠄ ᠳ᠋ᠧᠦᠹᠦ᠋ ᠶᠢᠨ ᠲᠦᠷᠣᠯ ᠪᠣᠯ ᠺᠠᠯᠼ ᠤᠨ ᠠᠭᠤᠯᠤᠭᠳᠠᠴᠠ ᠨᠡᠯᠢᠶᠡᠳ ᠥᠨᠳᠥᠷ ᠪᠤᠷᠴᠠᠭ ᠤᠨ | ᠲᠦᠷᠣᠯ ᠵᠦᠢᠯ ᠪᠣᠯᠣᠨ᠎ᠠ᠃ ᠨᠣᠭᠤᠭᠠᠨ ᠨᠠᠪᠴᠢᠲᠤ ᠢᠳᠡᠰᠢᠨ ᠨᠣᠭᠤᠭ᠎ᠠ᠄ ᠡᠳᠦᠷ ᠪᠦᠷᠢ 300 g ᠠᠴᠠ 500 | g ᠢᠳᠡᠨ᠎ᠡ᠃ ᠨᠣᠭᠤᠭ᠎ᠠ ᠬᠠᠭᠤᠷᠬᠤ ᠠᠴᠠ ᠡᠮᠦᠨ᠎ᠡ ᠢᠳᠡᠰᠢᠨ ᠨᠣᠭᠤᠭ᠎ᠠ ᠶᠢ ᠤᠰᠤᠨ ᠳᠤ ᠴᠢᠨᠠᠵᠣ᠂ ᠡᠪᠡᠰᠦᠨ | ᠬᠦᠴᠢᠯ᠂ ᠤᠷᠭᠤᠮᠠᠯ ᠤᠨ ᠬᠦᠴᠢᠯ ᠵᠡᠷᠭᠡ ᠪᠣᠳᠠᠰ ᠤᠨ ᠺᠠᠯᠼ ᠰᠢᠩᠭᠡᠭᠡᠬᠦ ᠨᠣᠷᠮ᠎ᠠ ᠶᠢ ᠨᠥᠯᠥᠭᠡᠯᠡᠬᠦ ᠠᠴᠠ | ᠵᠠᠶᠢᠯᠠᠰᠬᠢᠬᠦ ᠶᠢ ᠰᠠᠨᠠᠭᠤᠯᠤᠶ᠎ᠠ᠃ ᠭᠡᠷ ᠤᠨ ᠭᠠᠳᠠᠨ᠎ᠠ ᠵᠣᠬᠢᠰᠲᠠᠶ ᠬᠥᠳᠡᠯᠭᠡᠭᠡᠨ ᠬᠢᠵᠦ᠂ ᠸᠢᠲ᠋ᠠᠮᠢᠨ D ᠨᠥᠬᠦᠪᠥᠷᠢᠯᠡᠨ᠎ᠡ | ᠃ ᠭᠠᠳᠠᠭᠰᠢ ᠭᠠᠷᠴᠤ ᠬᠥᠳᠡᠯᠭᠡᠭᠡᠨ ᠬᠢᠵᠤ᠂ ᠨᠡᠷᠡᠨ ᠳᠤ ᠵᠣᠬᠢᠰᠲᠠᠶ ᠡᠭᠡᠭᠡᠵᠦ᠂ ᠠᠷᠠᠰᠤᠨ ᠳᠤ ᠸᠢᠲ᠋ᠠᠮᠢᠨ D | ᠰᠢᠩᠭᠡᠭᠡᠨ᠎ᠡ᠂ ᠭᠡᠬᠦ ᠳᠡᠭᠡᠨ ᠨᠡᠷᠡᠨ ᠳᠤ ᠡᠭᠡᠭᠡᠬᠦ ᠴᠠᠭ ᠪᠠ ᠬᠦᠴᠦᠯᠡᠴᠡ ᠶᠢ ᠠᠩᠬᠠᠷᠴᠤ᠂ ᠠᠷᠠᠰᠤ ᠶᠢ ᠭᠡᠮᠲᠦᠭᠡᠬᠦ ᠠᠴᠠ | ᠰᠡᠷᠭᠡᠶᠢᠯᠡᠬᠦ ᠬᠡᠷᠡᠭᠲᠡᠶ᠃ ᠬᠡᠷᠪᠡ ᠨᠡᠷᠡᠨ ᠤ ᠭᠡᠷᠡᠯ ᠪᠠᠭᠤᠷᠠᠢ ᠪᠤᠶᠤ ᠬᠡᠳᠦ ᠬᠦᠷᠡᠩ ᠰᠠᠴᠤᠷᠠᠭ ᠠᠴᠠ ᠠᠶᠤᠵᠤ ᠪᠠᠶᠢᠪᠠᠯ᠂ | ᠪᠠᠰᠠ ᠸᠢᠲ᠋ᠠᠮᠢᠨ D ᠨᠥᠬᠦᠪᠥᠷᠢ ᠡᠮ ᠤᠤᠭᠤᠵᠤ ᠪᠣᠯᠤᠨ᠎ᠠ᠂ ᠡᠳᠦᠷ ᠪᠦᠷᠢ 400 ᠨᠢᠭᠡᠴᠢ ᠠᠴᠠ ᠬᠡᠳᠦᠷᠡᠭᠦᠯᠵᠦ | ᠪᠣᠯᠬᠤ ᠦᠭᠡᠢ᠃ ᠶᠠᠰᠤᠨ ᠱᠦᠯᠤ ᠺᠠᠯᠼ ᠨᠥᠬᠦᠪᠥᠷᠢᠯᠡᠬᠦ ᠨᠢ ᠨᠠᠶᠢᠳᠠᠪᠤᠷᠢ ᠦᠭᠡᠢ᠂ ᠰᠠᠮ ᠬᠤᠷᠣᠬᠠᠢ ᠶᠢᠨ ᠬᠠᠯᠢᠰᠤ | ᠢᠳᠡᠵᠦ ᠺᠠᠯᠼ ᠨᠥᠬᠦᠪᠥᠷᠢᠯᠡᠬᠦ ᠨᠢ ᠴᠤ ᠰᠢᠨᠵᠢᠯᠡᠬᠦ ᠤᠬᠠᠭᠠᠨᠴᠢ ᠪᠢᠰᠢ᠂ ᠺᠠᠯᠼ ᠶᠡᠬᠡᠲᠡᠢ ᠰᠦ ᠪᠠᠷ ᠺᠠᠯᠼ | ᠨᠥᠬᠦᠪᠥᠷᠢᠯᠡᠬᠦ ᠴᠦ ᠪᠣᠯᠤᠮᠵᠢ ᠦᠭᠡᠢ ᠪᠠᠶᠢᠵᠤ ᠮᠡᠳᠡᠨ᠎ᠡ᠂ ᠣᠯᠠᠨ ᠢᠶᠠᠷ ᠢᠶᠠᠨ ᠰᠢᠨᠵᠢᠯᠡᠬᠦ ᠤᠬᠠᠭᠠᠨᠴᠢ ᠪᠠᠷ ᠺᠠᠯᠼ | ᠨᠥᠬᠦᠪᠥᠷᠢᠯᠡᠭᠡᠷᠡᠢ︕ |