ᠴᠠᠭᠠᠨ ᠦᠰᠦ ᠶᠢ ᠦᠭᠳᠡᠭᠡᠬᠦ ᠳᠣᠰᠣᠮ ᠣᠷᠭᠤᠳᠠᠭ ᠤᠤ︖
ᠨᠡᠶᠢᠲᠡᠯᠡᠭᠰᠡᠨ ᠴᠠᠭ᠄
2022/12/5
   ᠴᠠᠭᠠᠨ ᠦᠰᠦ ᠶᠠᠭᠠᠬᠢᠭᠠᠳ ᠣᠯᠠᠮ ᠨᠡᠮᠡᠭᠳᠡᠳᠡᠭ ᠪᠤᠢ︖ ᠵᠠᠷᠢᠮ ᠬᠥᠮᠥᠨ ᠤ ᠦᠵᠡᠬᠦ ᠪᠠᠷ᠂ ᠴᠠᠭᠠᠨ ᠦᠰᠦ ᠦᠭᠲᠡᠭᠡᠬᠦ ᠳᠣᠰᠣᠮ ᠨᠡᠮᠡᠭᠳᠡᠨ᠎ᠡ ᠬᠡᠵᠦ ᠪᠤᠢ᠃ ᠡᠨᠡ ᠨᠢ ᠡᠰᠢ ᠪᠠᠷᠢᠮᠲᠠ ᠲᠠᠢ ᠤᠤ︖ ᠬᠤᠨᠠᠨ ᠮᠤᠵᠢ ᠶᠢᠨ ᠠᠷᠠᠳ ᠤᠨ ᠡᠮᠨᠡᠯᠭᠡ ᠶᠢᠨ ᠬᠤᠷᠢᠶᠠᠨ ᠤ ᠠᠷᠠᠰᠤᠨ ᠤ ᠡᠮᠨᠡᠯᠬᠡ ᠶᠢᠨ ᠡᠷᠬᠢᠯᠡᠭᠴᠢ ᠡᠮᠴᠢ ᠰᠢᠶᠣᠣ ᠸᠧᠢ ᠷᠦᠩ ᠬᠡᠯᠡᠬᠦ ᠳᠡᠭᠡᠨ᠂ ᠡᠨᠡ ᠨᠢ ᠶᠠᠮᠠᠷᠴᠦ ᠰᠢᠨᠵᠢᠯᠡᠬᠦ ᠤᠬᠠᠭᠠᠨ ᠤ ᠡᠰᠢ ᠪᠠᠷᠢᠮᠳᠠ ᠦᠬᠡᠢ ᠶᠤᠮ ᠬᠡᠵᠠᠢ᠃ ᠲᠡᠭᠡᠪᠡᠯ᠂ ᠶᠠᠭᠠᠬᠢᠭᠠᠳ ᠬᠥᠮᠥᠨ ᠤ ᠨᠠᠰᠤ ᠨᠡᠮᠡᠭᠳᠡᠬᠦ ᠶᠢ ᠳᠠᠭᠠᠯᠳᠤᠨ᠂ ᠭᠡᠵᠢᠭᠡ ᠦᠰᠦ ᠨᠢ ᠪᠤᠭᠤᠷᠤᠯᠳᠣᠵᠦ᠂ ᠨᠡᠩ ᠴᠦ ᠵᠠᠯᠠᠭᠤᠴᠤᠳ ᠤᠨ ᠳᠤᠮᠳᠠ ᠪᠤᠭᠤᠷᠤᠯ ᠦᠰᠦ ᠲᠠᠢ ᠬᠥᠮᠥᠨ ᠣᠯᠠᠰᠢᠷᠠᠭᠰᠠᠨ ᠪᠤᠯ︖ ᠡᠭᠦᠨ ᠤ ᠲᠤᠬᠠᠢ ᠰᠢᠶᠣᠣ ᠸᠧᠢ ᠷᠦᠩ ᠬᠡᠯᠡᠬᠦ ᠳᠡᠭᠡᠨ᠂ ᠵᠠᠯᠠᠭᠤ ᠬᠥᠮᠥᠨ ᠤ ᠭᠡᠵᠢᠭᠡ ᠨᠢ ᠳᠠᠰᠦ ᠬᠠᠷ᠎ᠠ ᠪᠠᠶᠢᠳᠠᠭ ᠨᠢ ᠦᠰᠦᠨ ᠤ ᠤᠭ ᠲᠤ ᠬᠠᠷ᠎ᠠ ᠥᠩᠭᠡᠨ ᠤ ᠡᠳ᠋ ᠪᠠᠶᠢᠳᠠᠭ ᠠᠴᠠ ᠪᠣᠯᠤᠭᠰᠠᠨ ᠶᠤᠮ᠃ ᠨᠠᠰᠦ ᠨᠡᠮᠡᠭᠳᠡᠬᠦ ᠶᠢ ᠳᠠᠭᠠᠯᠳᠤᠨ᠂ ᠦᠩᠬᠡᠨ ᠤ ᠡᠳ᠋ ᠤᠨ ᠢᠳᠡᠪᠬᠢ ᠴᠢᠨᠠᠷ ᠨᠢ ᠪᠠᠭᠤᠷᠠᠵᠤ᠂ ᠠᠭᠠᠵᠢᠮ ᠢᠶᠠᠷ ᠪᠤᠭᠤᠷᠤᠯᠲᠤᠳᠠᠭ ᠶᠤᠮ ᠪᠠᠶᠢᠨ᠎ᠠ᠃ ᠬᠠᠷ᠎ᠠ ᠥᠩᠭᠡᠨ ᠤ ᠡᠳ᠋ ᠡᠭᠦᠰᠬᠦ ᠶᠠᠪᠤᠴᠠ ᠳᠤ ᠵᠡᠰ᠂ ᠴᠠᠶᠢᠷ᠂ ᠲᠡᠮᠦᠷ ᠵᠡᠷᠭᠡ ᠪᠢᠴᠢᠯ ᠡᠯᠧᠮᠧᠨ᠋ᠲ ᠬᠡᠷᠡᠭᠲᠡᠢ᠃ ᠬᠡᠷᠪᠡ ᠬᠦᠮᠦᠨ ᠤ ᠪᠡᠶ᠎ᠡ ᠳᠤ ᠡᠲᠡᠭᠡᠷ ᠡᠯᠧᠮᠧᠨ᠋ᠲ ᠳᠤᠲᠠᠭᠳᠠᠪᠠᠯ᠂ ᠬᠠᠷ᠎ᠠ ᠥᠩᠭᠡᠨ ᠤ ᠡᠳ᠋ ᠤᠨ ᠪᠣᠶ ᠪᠣᠯᠬᠤ ᠶᠢ ᠨᠥᠯᠥᠭᠡᠯᠡᠬᠦ ᠪᠤᠯᠬᠤᠷ ᠭᠡᠵᠢᠭᠡ ᠰᠢᠷᠠᠯᠠᠬᠤ ᠪᠤᠶᠤ ᠴᠢᠨᠠᠭᠰᠢᠯᠠᠭᠠᠳ ᠴᠠᠶᠢᠷᠠᠳᠠᠭ᠃ ᠡᠭᠦᠨ ᠠᠴᠠ ᠭᠠᠳᠠᠨ᠎ᠠ᠂ ᠤᠳᠤᠮᠰᠢᠯ᠂ ᠣᠶᠣᠨ ᠰᠠᠨᠠᠭᠠᠨ ᠤ ᠨᠦᠯᠦᠬᠡᠯᠡᠯ ᠵᠡᠷᠭᠡ ᠨᠢ ᠪᠠᠰᠠ ᠦᠰᠦ ᠴᠠᠶᠢᠬᠤ ᠶᠢᠨ ᠴᠢᠬᠤᠯᠠ ᠰᠢᠯᠲᠠᠭᠠᠨ ᠪᠤᠯᠵᠦ ᠪᠠᠶᠢᠭ᠎ᠠ ᠶᠤᠮ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号