ᠭᠠᠯ ᠰᠡᠷᠭᠡᠶᠢᠯᠡᠯᠲᠡ ᠶᠢᠨ ᠤᠯᠠᠷᠢᠯ ᠬᠦᠷᠴᠦ ᠢᠷᠡᠬᠦ ᠳᠤ᠂ ᠦᠷᠭᠡᠨ ᠤᠯᠠᠨ ᠺᠠᠳ᠋ᠷ᠂ ᠮᠠᠯᠴᠢᠨ ᠲᠦᠮᠡᠨ ᠳᠤ ᠪᠠᠨ | ᠲᠤᠤᠷᠠᠬᠢ ᠬᠡᠲᠤᠨ ᠲᠠᠯ᠎ᠠ ᠶᠢᠨ ᠰᠠᠨᠠᠭᠤᠯᠤᠮᠵᠢ ᠶᠢ ᠠᠩᠬᠠᠷᠤᠭᠤᠯᠵᠤ᠂ ᠭᠠᠯ ᠰᠡᠷᠭᠡᠶᠢᠯᠡᠯᠲᠡ ᠶᠢᠨ ᠠᠵᠢᠯ ᠢ ᠰᠠᠶᠢᠲᠤᠷ | ᠬᠢᠬᠦ ᠳᠤ ᠲᠤᠰᠠ ᠲᠡᠮᠵᠢᠯᠭᠡ ᠪᠤᠯᠭᠠᠶ᠎ᠠ᠃ | ᠤᠢ ᠰᠢᠭᠤᠢ ᠨᠤᠳᠤᠭ ᠪᠡᠯᠴᠢᠬᠡᠷ ᠤᠨ ᠭᠠᠯ ᠲᠦᠢᠮᠡᠷ ᠢ ᠰᠡᠷᠬᠡᠶᠢᠯᠡᠬᠦ ᠬᠤᠭᠤᠴᠠᠭ᠎ᠠ ᠶᠢ ︽ᠤᠢ ᠰᠢᠭᠤᠢ ᠨᠤᠳᠤᠭ | ᠪᠡᠯᠴᠢᠬᠡᠷ ᠤᠨ ᠭᠠᠯ ᠲᠦᠢᠮᠡᠷ ᠢ ᠰᠡᠷᠬᠡᠶᠢᠯᠡᠬᠦ ᠲᠦᠷᠢᠮ︾ ᠳᠤ 3 ᠳ᠋ᠤᠭᠠᠷ ᠰᠠᠷ᠎ᠡ ᠶᠢᠨ 15 ᠤ ᠡᠳᠤᠷ ᠠᠴᠠ 6 | ᠳ᠋ᠤᠭᠠᠷ ᠰᠠᠷ᠎ᠡ ᠶᠢᠨ 15 ᠤ ᠡᠳᠤᠷ ᠪᠤᠯ ᠬᠠᠪᠤᠷ ᠤᠨ ᠤᠯᠠᠷᠢᠯ ᠤᠨ ᠭᠠᠯ ᠰᠡᠷᠬᠡᠶᠢᠯᠡᠬᠦ ᠬᠤᠭᠤᠴᠠᠭ᠎ᠠ ᠮᠦᠨ᠂ 9 | ᠳ᠋ᠤᠭᠡᠷ ᠰᠠᠷ᠎ᠡ ᠶᠢᠨ 15 ᠤ ᠡᠳᠤᠷ ᠠᠴᠠ 11 ᠳ᠋ᠤᠭᠡᠷ ᠰᠠᠷ᠎ᠡ ᠶᠢᠨ 15 ᠤ ᠡᠳᠤᠷ ᠪᠤᠯ ᠨᠠᠮᠤᠷ ᠤᠨ ᠤᠯᠠᠷᠢᠯ ᠤᠨ ᠭᠠᠯ | ᠰᠡᠷᠬᠡᠶᠢᠯᠡᠬᠦ ᠬᠤᠭᠤᠴᠠᠭ᠎ᠠ ᠪᠤᠯᠤᠨ᠎ᠠ ᠭᠡᠵᠥ ᠲᠤᠬᠳᠠᠭᠠᠵᠠᠢ᠃ | ᠭᠠᠯ ᠰᠡᠷᠬᠡᠶᠢᠯᠡᠬᠦ ᠬᠤᠭᠤᠴᠠᠭᠠᠨ ᠳᠤ᠂ ᠭᠡᠭᠡᠷ᠎ᠡ ᠭᠠᠳᠠᠨ᠎ᠠ ᠳᠠᠮᠠᠬᠢᠨ ᠭᠠᠯ ᠢ ᠬᠠᠶᠠᠵᠦ ᠪᠤᠯᠬᠤ ᠦᠭᠡᠢ᠂ ᠫᠤᠤᠵᠢᠩ | ᠳᠠᠯᠪᠢᠬᠤ ᠪᠤᠶᠤ ᠤᠴᠢ ᠤᠯᠠᠯᠵᠠᠭᠤᠯᠵᠦ ᠪᠤᠯᠬᠤ ᠦᠭᠡᠢ᠂ ᠭᠠᠯ ᠢᠶᠠᠷ ᠠᠷᠢᠶᠠᠳᠠᠨ ᠢ ᠤᠳᠤᠵᠦ ᠪᠤᠯᠬᠤ ᠦᠭᠡᠢ᠂ ᠭᠠᠯ | ᠨᠤᠴᠤᠭᠠᠵᠦ ᠳᠤᠯᠠᠭᠠᠴᠠᠬᠤ ᠪᠤᠶᠤ ᠰᠢᠷᠠᠮᠠᠯ ᠰᠢᠷᠠᠵᠦ ᠪᠤᠯᠬᠤ ᠦᠭᠡᠢ᠂ ᠭᠡᠤᠭᠡᠳ ᠭᠠᠯ ᠢᠶᠠᠷ ᠨᠠᠭᠠᠳᠴᠦ ᠪᠤᠯᠬᠤ | ᠦᠭᠡᠢ᠃ ᠬᠡᠷᠪᠡ ᠭᠠᠯ ᠲᠦᠢᠮᠡᠷ ᠤᠨ ᠠᠳᠡᠯ ᠭᠠᠷᠪᠡᠯ 12119 ᠪᠤᠶᠤ 3221814 ᠤᠳᠠᠰᠤ ᠪᠠᠷ ᠮᠡᠳᠡᠭᠳᠡᠬᠦ | ᠬᠡᠷᠭᠳᠠᠢ᠃ ᠤᠢ ᠰᠢᠭᠤᠢ ᠨᠤᠳᠤᠭ ᠪᠡᠯᠴᠢᠭᠡᠷ ᠤᠨ ᠭᠠᠯ ᠲᠦᠢᠮᠡᠷ ᠢ ᠰᠡᠷᠭᠡᠶᠢᠯᠡᠬᠦ ᠠᠷᠭ᠎ᠠ ᠭᠡᠪᠡᠯ ᠬᠤᠯᠠᠩ ᠳᠠᠭᠠᠨ | ᠲᠤᠤᠷ ᠬᠢᠵᠤ᠂ 5 ᠲᠡᠰ ᠠᠴᠠ ᠲᠡᠭᠡᠭᠰᠢ ᠰᠠᠯᠬᠢᠨ ᠳᠤ ᠭᠠᠯᠯᠠᠬᠤ ᠦᠭᠡᠢ᠂ ᠭᠠᠯ ᠲᠠᠢ ᠦᠨᠡᠰᠤ ᠬᠠᠶᠠᠬᠤ ᠦᠭᠡᠢ᠂ | ᠡᠷᠤᠬᠡ ᠪᠦᠷᠢ ᠦᠨᠡᠰᠤᠨ ᠨᠦᠬᠡ ᠲᠠᠢ ᠪᠠᠶᠢᠵᠤ᠂ ᠬᠡᠬᠡᠷ᠎ᠡ ᠭᠠᠳᠠᠨ᠎ᠠ ᠲᠠᠮᠠᠬᠢ ᠲᠠᠳᠠᠬᠤ ᠦᠭᠡᠢ᠂ ᠲᠠᠮᠠᠬᠢᠨ | ᠶᠤᠵᠤᠭᠤᠷ ᠢᠶᠠᠨ ᠬᠠᠮᠢᠶ᠎ᠠ ᠦᠭᠡᠢ ᠬᠠᠶᠠᠵᠤ ᠪᠤᠯᠬᠤ ᠦᠭᠡᠢ᠂ ᠨᠤᠳᠤᠭ ᠪᠡᠯᠴᠢᠭᠡᠷ ᠤᠢ ᠰᠢᠭᠤᠶᠢᠳᠤ ᠤᠷᠤᠨ ᠳᠤ | ᠬᠡᠭᠦᠷ ᠤᠡᠭᠭᠤᠨ ᠳᠤ ᠴᠠᠭᠠᠰᠤ ᠰᠢᠳᠠᠭᠠᠵᠤ ᠪᠤᠯᠬᠤ ᠦᠭᠡᠢ᠃ ᠡᠪᠡᠰᠤᠨ ᠤᠪᠤᠭ᠎ᠠ᠂ ᠫᠸᠡᠭ ᠰᠠᠷᠠᠪᠴᠢ᠂ | ᠲᠦᠯᠡᠰᠢ ᠶᠢᠨ ᠤᠪᠤᠭᠠᠨ ᠤ ᠲᠡᠷᠭᠡᠳᠡ ᠫᠤᠤᠵᠢᠩ ᠲᠠᠯᠪᠢᠵᠤ ᠪᠤᠯᠬᠤ ᠦᠭᠡᠢ᠃ ᠬᠡᠬᠡᠷ᠎ᠡ ᠭᠠᠳᠠᠨ᠎ᠠ ᠪᠡᠯᠴᠢᠭᠡᠷ᠂ | ᠲᠠᠷᠢᠶᠠᠨ ᠭᠤᠤᠷᠰᠤ ᠵᠡᠷᠭᠡ ᠶᠢ ᠰᠢᠳᠠᠭᠠᠵᠤ ᠪᠤᠯᠬᠤ ᠦᠭᠡᠢ᠂ ᠠᠡᠭ ᠠᠩᠨᠠᠬᠤ ᠪᠠ ᠲᠠᠯᠪᠡᠴᠢᠵᠤ ᠪᠤᠯᠬᠤ ᠦᠭᠡᠢ᠂ | ᠲᠤᠭᠤᠭᠠᠯᠠᠬᠤ ᠪᠤᠶᠤ ᠰᠢᠷᠠᠮᠠᠯ ᠰᠢᠷᠠᠵᠤ ᠪᠤᠯᠬᠤ ᠦᠭᠡᠢ᠃ ᠡᠪᠡᠰᠤ᠂ ᠨᠡᠬᠦᠷᠡᠰᠤ ᠵᠡᠷᠭᠡ ᠶᠢ ᠲᠡᠭᠡᠭᠡᠪᠤᠷᠢᠯᠡᠬᠦ ᠲᠡᠷᠭᠡ | ᠡᠷᠬᠡᠪᠰᠢ ᠭᠠᠯ ᠰᠡᠷᠭᠡᠶᠢᠯᠡᠬᠦ ᠪᠦᠷᠬᠦᠪᠴᠢ ᠲᠠᠢ ᠪᠠᠶᠢᠬᠤ ᠬᠡᠷᠡᠭᠳᠠᠢ᠂ ᠡᠰᠡᠪᠡᠯ ᠨᠡᠪᠳᠡᠷᠡᠬᠦ ᠶᠢ ᠴᠠᠭᠠᠵᠠᠯᠠᠨ᠎ᠠ᠃ ᠡᠪᠡᠰᠤ | ᠬᠠᠳᠤᠵᠤ᠂ ᠲᠡᠬᠡᠬᠡᠪᠤᠷᠢᠯᠡᠵᠤ ᠨᠦᠬᠡᠴᠡᠯᠡᠬᠦ ᠳᠡᠭᠡᠨ ᠭᠠᠯ ᠢ ᠤᠨᠴᠡ ᠬᠢᠴᠢᠶᠡᠬᠦ ᠬᠡᠷᠡᠭᠳᠠᠢ᠃ ᠦᠨᠳᠤᠷ ᠲᠠᠷᠤᠯᠳᠡ ᠲᠠᠢ | ᠴᠠᠬᠢᠯᠭᠠᠨ ᠤᠳᠠᠰᠤᠨ ᠲᠡᠭᠡᠷ᠎ᠡ ᠰᠢᠪᠠᠭᠤ ᠡᠬᠦᠷᠯᠡᠵᠤ ᠭᠠᠯ ᠭᠠᠷᠬᠤ ᠠᠴᠠ ᠰᠡᠷᠡᠮᠵᠢᠯᠡᠬᠦ ᠬᠡᠷᠡᠭᠳᠠᠢ᠃ ᠠᠶᠤᠩᠭ᠎ᠠ | ᠨᠢᠷᠭᠡᠵᠤ ᠭᠠᠯ ᠭᠠᠷᠬᠤ ᠠᠴᠠ ᠰᠡᠷᠡᠮᠵᠢᠯᠡᠬᠦ ᠬᠡᠷᠡᠭᠳᠠᠢ᠃ ᠭᠠᠯᠳᠤ ᠲᠡᠷᠭᠡ ᠶᠢᠨ ᠦᠷᠤᠯᠲᠡ ᠠᠴᠠ ᠭᠠᠯ ᠡᠬᠦᠰᠬᠦ ᠶᠢ | ᠬᠢᠴᠢᠶᠡᠬᠦ ᠬᠡᠷᠡᠭᠳᠠᠢ᠃ ᠭᠠᠳᠠᠭᠰᠢ ᠭᠠᠷᠪᠡᠯ ᠰᠠᠯᠬᠢᠨ ᠬᠦᠴᠤᠨ ᠤ ᠴᠠᠬᠢᠯᠭᠠᠨ ᠭᠠᠷᠭᠠᠬᠤ ᠮᠠᠰᠢᠨ ᠢ ᠠᠷᠭᠠᠮᠵᠢᠵᠤ | ᠲᠠᠯᠪᠢᠬᠤ ᠬᠡᠷᠡᠭᠳᠠᠢ᠂ ᠡᠰᠡᠪᠡᠯ ᠭᠠᠯ ᠠᠯᠳᠠᠬᠤ ᠠᠶᠤᠯ ᠲᠠᠢ᠃ ᠠᠶᠢᠯ ᠡᠷᠤᠬᠡ ᠨᠢ ᠭᠠᠴᠠᠭ᠎ᠠ᠂ ᠬᠤᠰᠢᠭᠤ ︵ᠰᠢᠶᠠᠨ︶ | ᠂ ᠰᠤᠮᠤ᠂ ᠪᠠᠯᠭᠠᠰᠤ᠂ ᠲᠠᠯᠠᠪᠡᠢ᠂ ᠭᠠᠳᠠᠨ᠎ᠠ ᠠᠴᠠ ᠢᠷᠡᠭᠰᠡᠨ ᠠᠵᠤ ᠠᠬᠤᠶᠢᠯᠡᠯ ᠲᠠᠢ ᠭᠠᠯ ᠰᠡᠷᠭᠡᠶᠢᠯᠡᠬᠦ ᠭᠡᠷ᠎ᠡ | ᠲᠤᠭᠳᠠᠬᠤ ᠬᠡᠷᠡᠭᠳᠠᠢ᠃ | ᠭᠠᠯ ᠰᠡᠷᠭᠡᠶᠢᠯᠡᠬᠦ ᠰᠠᠯᠠᠭ᠎ᠠ ᠮᠦᠴᠢᠷ ᠨᠢ ᠭᠠᠯ ᠤᠨ ᠶᠡᠭᠡ ᠪᠠᠭ᠎ᠠ᠂ ᠭᠠᠵᠡᠷ ᠤᠨ ᠪᠠᠶᠢᠴᠡ ᠵᠡᠷᠭᠡ ᠪᠤᠲᠠᠲᠠᠢ | ᠪᠠᠶᠢᠳᠠᠯ ᠢ ᠦᠨᠳᠤᠰᠤᠯᠠᠵᠤ ᠭᠠᠯ ᠤᠨᠳᠠᠷᠠᠭᠠᠬᠤ ᠠᠵᠢᠯ ᠢ ᠪᠠᠶᠢᠷᠢᠯᠠᠭᠤᠯᠤᠨ᠎ᠠ᠃ ᠡᠩ ᠤᠨ ᠭᠠᠯ ᠢ ᠰᠤᠮᠤ᠂ | ᠭᠠᠴᠠᠭᠠᠨ ᠠᠴᠠ ᠠᠷᠭᠠᠴᠠᠭᠠᠵᠤ᠂ ᠨᠡᠯᠢᠶᠡᠳ ᠶᠡᠭᠡ ᠭᠠᠯ ᠢ ᠬᠤᠰᠢᠭᠤ ᠰᠢᠶᠠᠨ ᠤ ᠤᠢ ᠰᠢᠭᠤᠢ ᠶᠢᠨ ᠴᠠᠭᠳᠠᠭ᠎ᠠ | ᠪᠤᠯᠤᠨ ᠲᠤᠰᠬᠠᠢ ᠭᠠᠯ ᠤᠨᠳᠠᠷᠠᠭᠠᠬᠤ ᠠᠩᠭᠢ ᠤᠨᠳᠠᠷᠠᠭᠠᠨ᠎ᠠ᠃ ᠭᠠᠯ ᠴᠤᠬᠢᠬᠤ ᠳᠠᠭᠠᠨ ᠰᠠᠯᠬᠢᠨ ᠤᠷᠤᠭᠤ ᠴᠤᠬᠢᠨ᠎ᠠ᠂ | ᠬᠠᠷᠢᠨ ᠲᠦᠢᠮᠡᠷ ᠤᠨ ᠦᠭᠡᠳᠡ ᠠᠴᠠ ᠴᠤᠬᠢᠵᠤ ᠪᠤᠯᠬᠤ ᠦᠭᠡᠢ᠃ ᠴᠤᠬᠢᠵᠤ ᠪᠤᠯᠬᠤ ᠭᠠᠯ ᠲᠦᠢᠮᠡᠷ ᠲᠤᠬᠢᠶᠠᠯᠳᠤᠪᠡᠯ | ᠬᠦᠷᠵᠡ᠂ ᠰᠢᠬᠦᠷ ᠡᠰᠡᠬᠦᠯ᠎ᠡ ᠭᠠᠯ ᠤᠨᠳᠠᠷᠠᠭᠠᠬᠤ ᠮᠠᠰᠢᠨ ᠢᠶᠠᠷ ᠤᠨᠳᠠᠷᠠᠭᠠᠬᠤ ᠬᠡᠷᠡᠭᠳᠠᠢ᠃ ᠶᠡᠭᠡ ᠲᠦᠢᠮᠡᠷ | ᠲᠤᠬᠢᠶᠠᠯᠳᠤᠪᠡᠯ ᠤᠳᠤᠷᠢᠳᠤᠯᠭ᠎ᠠ ᠲᠠᠢ᠂ ᠵᠤᠬᠢᠶᠠᠨ ᠪᠠᠶᠢᠭᠤᠯᠤᠯᠳᠡ ᠲᠠᠢ᠂ ᠭᠠᠯ ᠤᠨᠳᠠᠷᠠᠭᠠᠬᠤ ᠠᠩᠭᠢ ᠶᠢᠨ ᠬᠠᠮᠳᠤ | ᠭᠠᠯ ᠤᠨᠳᠠᠷᠠᠭᠠᠬᠤ ᠬᠡᠷᠡᠭᠲᠡᠢ᠃ ᠵᠠᠪᠳᠤᠭ᠎ᠠ ᠲᠠᠢ ᠦᠶ᠎ᠡ ᠳᠤ ᠫᠸᠡᠭ ᠬᠤᠷᠤᠭ᠎ᠠ ᠭᠡᠷ ᠰᠠᠷᠡᠪᠴᠢ ᠪᠠᠨ ᠬᠠᠮᠠᠭᠠᠯᠠᠬᠤ | ᠴᠠᠷᠠᠭ᠎ᠠ ᠲᠠᠯᠪᠢᠵᠤ ᠪᠤᠯᠤᠨ᠎ᠠ᠂ ᠶᠡᠭᠡ ᠲᠦᠢᠮᠡᠷ ᠢ ᠭᠠᠭᠴᠡ ᠬᠤᠶᠠᠷ ᠬᠦᠮᠤᠨ ᠴᠤᠬᠢᠵᠤ ᠪᠤᠯᠬᠤ ᠦᠬᠡᠢ᠃ | | | | ᠁ |