ᠭᠠᠵᠠᠷ ᠤᠰᠤᠨ —  ᠪᠤᠷᠤᠯᠵᠢ
ᠨᠡᠶᠢᠲᠡᠯᠡᠭᠰᠡᠨ ᠴᠠᠭ᠄
2021/7/28
  ᠵᠢᠷᠠᠨ ᠤᠰᠤ ᠭᠠᠴᠠᠭᠠᠨ ᠤ ᠪᠠᠷᠠᠭᠤᠨ ᠡᠮᠦᠨᠡᠬᠦᠷᠬᠢ ᠲᠡᠷᠡᠰᠦᠳᠦ ᠪᠡᠯᠴᠢᠭᠡᠷ ᠲᠤ ᠰᠢᠷᠠᠯᠵᠢ ᠪᠤᠷᠤᠯᠵᠢ  ᠤᠷᠭᠤᠵᠤ᠂ ᠦᠨᠡᠭᠡ ᠬᠢᠷᠰᠠ ᠡᠬᠦᠷᠯᠡᠭᠰᠡᠨ ᠬᠤᠶᠠᠷ ᠪᠢᠴᠢᠬᠠᠨ ᠲᠤᠪᠤᠴᠠᠭ ᠢ ᠪᠤᠷᠤᠯᠵᠢ ᠬᠡᠵᠦ ᠲᠠᠭᠤᠳᠠᠳᠠᠭ᠃  ᠠᠳᠡ ᠬᠡᠳᠦᠨ ᠠᠶᠢᠯ ᠤᠨ ᠭᠡᠷ ᠬᠦᠷᠢᠶᠡᠨ ᠤ ᠪᠠᠭᠤᠷᠢ ᠪᠠᠶᠢᠭ᠎ᠠ ᠨᠢ ᠵᠡᠬᠦᠨ ᠭᠠᠷ ᠲᠠᠶᠢᠹᠤᠰᠧ ᠤᠨ ᠤᠷᠤᠯᠠᠭᠴᠢ ᠠᠮᠪᠠᠨ ᠪᠠᠶᠢᠭᠰᠠᠨ ᠰᠠᠮᠫᠢᠯᠨᠤᠷᠪᠤ ᠠᠮᠪᠠᠨ ᠤ ᠭᠡᠷ ᠤᠨ ᠪᠠᠭᠤᠷᠢ ᠪᠤᠯᠤᠨ᠎ᠠ᠃ ᠲᠡᠬᠡᠬᠦᠯᠡᠷ ᠬᠦᠮᠦᠰ ᠪᠠᠰᠠ ︽ᠰᠠ᠊ ᠠᠮᠪᠠᠨ ᠤ ᠨᠤᠳᠤᠭ︾ ᠭᠡᠳᠡᠭ᠃ ᠰᠠᠮᠫᠢᠯᠨᠤᠷᠪᠤ ᠠᠮᠪᠠᠨ ᠳ᠋ᠧ ᠸᠠᠩ ᠤᠨ ᠵᠠᠰᠠᠭ ᠤᠨ ᠭᠠᠵᠠᠷ ᠲᠤ ᠤᠷᠴᠢᠭᠤᠯᠤᠭᠴᠢ᠂ ᠵᠦᠪᠯᠡᠭᠴᠢ᠂ ᠮᠠᠯ ᠠᠵᠤ ᠠᠬᠤᠢ ᠶᠢᠨ ᠲᠢᠩᠬᠢᠮ ᠤᠨ ᠲᠠᠷᠤᠭ᠎ᠠ᠂ ᠰᠤᠷᠭᠠᠨ ᠬᠦᠮᠦᠵᠢᠯ ᠤᠨ ᠲᠢᠩᠬᠢᠮ ᠤᠨ ᠲᠠᠷᠤᠭ᠎ᠠ ᠪᠠᠷ ᠠᠵᠢᠯᠯᠠᠵᠤ ᠪᠠᠶᠢᠭᠰᠠᠨ ᠪᠦᠬᠡᠳ ︽ᠴᠠᠬᠠᠷ ᠮᠤᠩᠭᠤᠯ ᠤᠨ ᠪᠢᠴᠢᠭ ᠵᠢᠷᠤᠭ ᠤᠨ ᠵᠤᠬᠢᠶᠠᠨ ᠤᠷᠴᠢᠭᠤᠯᠬᠤ ᠬᠤᠷᠢᠶ᠎ᠠ︾᠎ ᠶᠢᠨ  ᠲᠡᠳ᠋ ᠲᠠᠷᠤᠭ᠎ᠠ᠂ ᠶᠡᠷᠦᠩᠬᠡᠢ ᠨᠠᠶᠢᠷᠠᠭᠤᠯᠤᠭᠴᠢ ᠪᠠᠶᠢᠬᠤ ᠳᠠᠭᠠᠨ ᠴᠢᠭᠤᠯᠤᠯᠳᠤ ᠬᠠᠭᠠᠯᠭ᠎ᠠ ᠶᠢᠨ ︽ᠲᠦᠩ ᠢ ᠱᠠᠩ ᠬᠠᠩ︾᠎ ᠢ ᠬᠤᠳᠠᠯᠳᠤᠨ ᠠᠪᠴᠤ  ᠭᠡᠪᠯᠡᠬᠦ ᠦᠢᠯᠡᠳᠪᠦᠷᠢ ᠪᠠᠶᠢᠭᠤᠯᠤᠨ᠂ ︽ᠮᠤᠩᠭᠤᠯ ᠦᠰᠦᠭ ᠤᠨ  ᠴᠠᠭᠠᠨ ᠲᠤᠯᠤᠭᠠᠢ︾᠂ ︽ ᠮᠤᠩᠭᠤᠯ ᠬᠢᠳᠠᠳ ᠦᠰᠦᠭ ᠬᠠᠪᠰᠤᠷᠭᠠᠭᠰᠠᠨ ᠪᠠᠭ᠎ᠠ ᠰᠤᠷᠭᠠᠭᠤᠯᠢ ᠶᠢᠨ ᠤᠯᠤᠰ ᠤᠨ ᠤᠳᠬ᠎ᠠ ᠎ ᠶᠢ ᠤᠩᠰᠢᠬᠤ ᠲᠡᠪᠳᠡᠷ︾᠂ ︽ᠪᠤᠭᠳᠠ ᠶᠢᠨ ᠰᠤᠷᠭᠠᠯ ᠢ  ᠰᠡᠩᠭᠡᠷᠡᠬᠦᠯᠦᠨ ᠪᠠᠳᠠᠷᠠᠭᠤᠯᠬᠤ ᠪᠢᠴᠭ︾᠂ ︽ᠡᠷᠳᠡᠨ ᠡᠳᠦᠭᠡ ᠶᠢᠨ ᠭᠠᠶᠢᠬᠠᠮᠰᠢᠭᠳᠤ ᠦᠵᠡᠭᠳᠡᠯ︾ ᠵᠡᠷᠭᠡ ᠨᠤᠮ ᠪᠢᠴᠢᠭ ᠢ ᠭᠡᠪᠯᠡᠬᠦᠯᠵᠦ᠂ ︽ᠬᠤᠷᠢᠨ ᠨᠠᠢᠮᠠᠳᠤ ᠲᠠᠶᠢᠯᠪᠤᠷᠢ ᠲᠤᠯᠢ︾  ᠎ ᠶᠢ ᠵᠤᠬᠢᠶᠠᠬᠤ ᠠᠵᠢᠯ ᠳᠤ ᠤᠷᠤᠯᠴᠠᠵᠤ᠂ ᠮᠤᠩᠭᠤᠯ ᠦᠨᠳᠦᠰᠦᠳᠡᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠤᠨ ᠬᠦᠭᠵᠢᠯᠳᠡ ᠳᠤ ᠮᠠᠰᠢᠨ ᠠᠷᠪᠢᠨ ᠠᠰᠢᠭᠳᠠᠢ ᠠᠵᠢᠯ ᠢ ᠬᠢᠵᠡᠢ᠃  ᠴᠢᠯᠦᠭᠡᠯᠡᠭᠳᠡᠭᠰᠡᠨ ᠤ ᠲᠠᠷᠠᠭ᠎ᠠ᠂ ᠲᠠᠶᠢᠹᠤᠰᠧ ᠬᠤᠰᠢᠭᠤᠨ ᠤ  ᠵᠠᠰᠠᠭ ᠤᠨ ᠤᠷᠳᠤᠨ ᠤ ᠠᠷᠠᠳ ᠤᠨ ᠶᠠᠪᠤᠳᠠᠯ ᠤᠨ ᠰᠠᠯᠠᠭᠠᠨ ᠤ ᠲᠠᠷᠤᠭ᠎ᠠ ᠪᠠᠷ ᠠᠵᠢᠯᠯᠠᠵᠤ ᠪᠠᠶᠢᠬᠤ ᠳᠠᠭᠠᠨ ᠪᠢᠴᠢᠭᠰᠡᠨ ︽ᠲᠠᠶᠢᠹᠤᠰᠧ ᠵᠡᠬᠦᠨ ᠭᠠᠷ ᠤᠨ ᠦᠩᠭᠡᠷᠡᠭᠰᠡᠨ ᠪᠠ ᠡᠳᠦᠬᠡᠬᠢ︾  ᠬᠡᠮᠡᠬᠦ ᠭᠠᠷ ᠪᠢᠴᠢᠮᠡᠯ ᠨᠢ ᠬᠤᠪᠤᠷ ᠨᠠᠨᠳᠢᠨ ᠲᠡᠦᠬᠡᠨ ᠪᠤᠯᠵᠤ᠂ ᠬᠤᠵᠢᠮ  ᠎ ᠤᠨ ᠬᠦᠮᠦᠰ ᠤᠨ ᠰᠤᠳᠤᠯᠤᠨ ᠯᠠᠪᠯᠠᠬᠤ ᠦᠨᠡᠳᠦ ᠮᠠᠲ᠋ᠧᠷᠢᠶᠠᠯ ᠪᠤᠯᠤᠭᠰᠠᠨ ᠪᠠᠶᠢᠳᠠᠭ᠃     ᠤᠳᠤᠬᠢ ᠲᠠᠶᠢᠹᠤᠰᠧ ᠬᠤᠰᠢᠭᠤᠨ ᠤ ᠰᠢᠩ ᠹᠦ᠋ ᠰᠢᠶᠠᠩ ᠤᠨ ᠵᠠᠰᠠᠭ ᠤᠨ ᠤᠷᠳᠤᠨ ᠤ ᠪᠠᠶᠢᠭ᠎ᠠ ᠭᠠᠵᠠᠷ ᠢ ᠬᠦᠮᠦᠰ ︽ᠢ᠊ ᠬᠤᠰᠠᠢ ᠶᠢᠨ ᠬᠤᠳᠠ︾ ᠭᠡᠳᠡᠭ᠃ ᠢ᠊ ᠬᠤᠰᠠᠢ ᠭᠡᠳᠡᠭ ᠨᠢ ᠰᠠᠮᠫᠢᠯᠨᠤᠷᠪᠤ ᠠᠮᠪᠠᠨ ᠤ ᠠᠪᠠᠭ᠎ᠠ ᠢᠳᠰᠢᠨᠨᠤᠷᠪᠤ ᠶᠢ ᠬᠡᠯᠡᠵᠦ ᠪᠠᠶᠢᠭ᠎ᠠ ᠶᠤᠮ᠃ ᠲᠡᠳᠡᠨ ᠤ ᠨᠤᠳᠤᠭ ᠢ ᠰᠤᠷᠭᠠᠭᠤᠯᠢ ᠶᠢᠨ ᠲᠠᠷᠢᠶᠠᠨ ᠭᠠᠵᠠᠷ ᠪᠤᠯᠭᠠᠵᠤ᠂ ᠮᠠᠯᠴᠢᠳ ᠲᠤᠳᠤᠭᠰᠢ ᠨᠡᠬᠦᠬᠦ ᠳᠤ ᠠᠶᠢᠯ ᠭᠡᠷ ᠢᠶᠠᠷ ᠢᠶᠠᠨ ᠪᠤᠷᠤᠯᠵᠢ ᠳᠤ ᠨᠡᠬᠦᠵᠦ ᠢᠷᠡᠭᠰᠡᠨ ᠪᠠᠶᠢᠨ᠎ᠠ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号