ᠭᠠᠵᠠᠷ ᠤᠰᠤᠨ — ᠪᠦᠷᠵᠢ ᠶᠢᠨ ᠬᠤᠳᠠ
ᠨᠡᠶᠢᠲᠡᠯᠡᠭᠰᠡᠨ ᠴᠠᠭ᠄
2021/4/12
ᠰᠤᠮᠤᠨ ᠤ ᠲᠦᠪ ᠫᠤᠤᠲᠠᠶᠢᠶ᠋ᠢᠩᠽᠢ ᠶᠢᠨ ᠵᠡᠬᠦᠨ ᠬᠤᠶᠢᠨᠠᠬᠠᠨ ᠪᠠᠶᠢᠭ᠎ᠠ ᠤᠳᠤᠬᠢ ᠵᠢᠷᠠᠨ ᠤᠰᠤ ᠭᠠᠴᠠᠭᠠᠨ ᠤ ᠡᠮᠦᠨ᠎ᠡ ᠬᠤᠳᠠ ᠪᠤᠯᠤᠨ᠎ᠠ᠃ ᠲᠠᠶᠢᠹᠤᠰᠧ ᠵᠡᠬᠦᠨ ᠭᠠᠷ ᠰᠦᠷᠦᠭ ᠪᠠᠶᠢᠭᠤᠯᠤᠭᠳᠠᠬᠤ ᠦᠶᠡᠰ᠂  ᠤᠯᠠᠭᠠᠨᠨᠠᠭᠤᠷ ᠤᠨ ᠵᠡᠬᠦᠨ ᠡᠮᠦᠨ᠎ᠡ ᠬᠦᠪᠡᠭᠡᠨ ᠳᠤ ᠪᠤᠷᠤᠯᠵᠢ ᠶᠢᠨ ᠵᠡᠬᠦᠨ ᠲᠡᠭᠡᠷ᠎ᠡ ᠴᠦᠬᠡᠨ ᠬᠡᠳᠦᠨ ᠭᠡᠷᠡᠶᠢᠳ ᠠᠶᠢᠮᠠᠭ ᠤᠨ ᠠᠶᠢᠯ ᠨᠤᠳᠤᠭᠯᠠᠵᠠᠢ᠃ ᠡᠨᠡ ᠠᠶᠢᠯ ᠢ ᠪᠤᠷᠤᠯᠵᠢ ᠶᠢᠨ ᠵᠡᠬᠦᠨ ᠠᠶᠢᠯ ᠬᠡᠵᠦ᠂  ᠠᠶᠢᠯ ᠠᠶᠢᠮᠠᠭ   ᠲᠠᠭᠠᠨ ᠬᠦᠨᠳᠦᠳᠬᠡᠯ ᠲᠠᠢ ᠪᠠᠳᠤᠬᠡᠷᠡᠯ ᠬᠡᠮᠡᠭᠴᠢ ᠮᠠᠯᠴᠢᠨ ᠠᠶᠢᠯ ᠬᠤᠳᠠᠨ ᠤ ᠪᠠᠨ ᠠᠬᠠᠯᠠᠭᠴᠢ ᠪᠤᠯᠵᠠᠢ᠃ ᠪᠠᠳᠤᠭᠡᠷᠡᠯ ᠤᠨ  ᠬᠦᠪᠡᠬᠦᠨ ᠪᠦᠷᠵᠢ  ᠭᠤᠸᠠᠢ  ᠴᠤ ᠠᠵᠢᠯᠴᠢ ᠬᠦᠳᠡᠯᠮᠦᠷᠢᠴᠢ᠂  ᠤᠬᠠᠭᠠᠯᠢᠭ ᠰᠡᠷᠬᠦᠯᠡᠩ᠂ ᠠᠷᠠᠯᠵᠢᠶ᠎ᠠ ᠮᠠᠶᠢᠮᠠᠢ ᠳᠤ ᠰᠠᠶᠢᠨ ᠬᠦᠮᠦᠨ ᠪᠠᠶᠢᠵᠤ᠂ ᠪᠠᠷᠢᠭᠠᠳᠠ ᠶᠢᠨ ᠲᠠᠷᠤᠭ᠎ᠠ ᠶᠢᠨ ᠲᠤᠰᠢᠶᠠᠯ ᠢ ᠤᠳᠠᠭᠠᠨ ᠵᠢᠯ  ᠡᠬᠦᠷᠭᠡᠯᠡᠨ᠂ ᠨᠤᠳᠤᠭ ᠤᠰᠤᠨ ᠳᠠᠭᠠᠨ  ᠬᠦᠨᠳᠦᠳᠭᠡᠭᠳᠡᠵᠦ ᠬᠦᠷᠢᠶᠡᠯᠡᠭᠳᠡᠵᠦ  ᠶᠠᠪᠤᠭᠰᠠᠨ ᠪᠦᠬᠡᠳ ᠠᠷᠪᠠᠨ ᠬᠦᠪᠡᠬᠦᠨ ᠢᠶᠠᠨ ᠪᠦᠷ ᠰᠤᠶᠤᠯ ᠡᠷᠳᠡᠮ ᠤᠨ ᠮᠦᠷ ᠬᠦᠬᠡᠬᠡᠯᠬᠡᠵᠦ᠂ ᠠᠵᠢᠯ ᠦᠢᠯᠡᠰ ᠤᠨ ᠲᠦᠷᠦᠬᠡᠨ ᠳᠤ ᠮᠤᠷᠳᠠᠭᠤᠯᠵᠠᠢ᠃ ᠡᠶᠢᠨ ᠬᠦ᠋᠂ ᠪᠦᠷᠵᠢ ᠨᠠᠰᠤᠳᠠᠨ ᠤ ᠠᠯᠳᠠᠷ ᠨᠤᠳᠤᠭ ᠤᠰᠤᠨ ᠳᠠᠭᠠᠨ ᠲᠠᠭᠤᠷᠢᠰᠴᠤ᠂ ᠲᠤᠰ ᠨᠤᠳᠤᠭ ᠤᠨ ᠨᠡᠷ᠎ᠡ ᠪᠤᠯᠵᠤ ᠮᠦᠩᠭᠡᠷᠡᠭᠰᠡᠨ ᠪᠠᠶᠢᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号