ᠭᠠᠵᠠᠷ ᠤᠰᠤᠨ —  ᠬᠠᠨ ᠰᠤᠪᠤᠷᠭ᠎ᠠ
ᠨᠡᠶᠢᠲᠡᠯᠡᠭᠰᠡᠨ ᠴᠠᠭ᠄
2020/3/26
  ᠬᠠᠨ ᠰᠤᠪᠤᠷᠭ᠎ᠠ ᠪᠤᠯ ᠬᠦᠨᠪᠤᠯᠠᠭ ᠰᠤᠮᠤᠨ ᠤ ᠪᠠᠷᠠᠭᠤᠨ  ᠬᠤᠶᠢᠭᠤᠷ  ᠬᠦᠨᠳᠡᠯᠢᠰᠦᠨ ᠰᠡᠬᠦᠶᠢᠭᠰᠡᠨ  ᠪᠡᠷᠭᠡ ᠶᠢᠨ ᠠᠭᠤᠯᠠ ᠶᠢᠨ ᠬᠠᠮᠤᠭ ᠬᠤᠶᠢᠳᠤ ᠬᠠᠶᠢᠷᠬᠠᠨ  ᠂ ᠵᠡᠬᠦᠨ ᠭᠠᠷ ᠲᠠᠶᠢᠹᠤᠰᠧ ᠤᠨ ᠦᠨᠳᠦᠷ ᠠᠭᠤᠯᠠ ᠶᠢᠨ ᠨᠢᠬᠡ᠂  ᠬᠤᠶᠢᠳᠤ  ᠵᠠᠬ᠎ᠠ ᠶᠢ ᠰᠠᠬᠢᠭᠰᠠᠨ ᠬᠠᠨ ᠭᠠᠷᠤᠳᠢ ᠬᠦᠴᠦᠳᠡᠨ ᠨᠢ ᠪᠤᠯᠤᠨ᠎ᠠ᠃ ᠲᠡᠷᠡ   ᠨᠢ ᠠᠭᠤᠳᠠᠮ ᠲᠠᠯ᠎ᠠ ᠶᠢᠨ ᠲᠤᠮᠳᠠ ᠤᠭᠳᠠᠷᠭᠤᠢ ᠶᠢᠨ ᠮᠠᠨᠳᠠᠯ ᠲᠠᠢ ᠵᠠᠯᠭᠠᠨ ᠰᠦᠮᠪᠦᠷᠯᠡᠭᠡᠳ᠂  ᠲᠤᠯᠤᠭᠠᠢ ᠨᠢ ᠡᠬᠦᠯᠡᠨ ᠳᠤ ᠰᠢᠷᠭᠤᠨ ᠲᠠᠯᠠᠪᠴᠢ ᠪᠠᠨ ᠲᠡᠯᠬᠡᠵᠦ ᠨᠢᠰᠦᠭᠡ ᠬᠠᠨ ᠭᠠᠷᠤᠳᠢ ᠦᠬᠡᠷ᠎ᠡ ᠦᠬᠡᠢ ᠪᠠᠶᠢᠳᠠᠭ᠃   ᠴᠢᠭᠤᠯᠤᠯᠳᠤ ᠬᠠᠭᠠᠯᠭ᠎ᠠ ᠶᠢᠨ ᠠᠷᠤ ᠳᠠᠬᠢ ᠬᠠᠨ ᠠᠭᠤᠯᠠ ᠶᠢᠨ ᠲᠠᠪᠠᠭᠠᠨ ᠳᠤ ᠭᠠᠷᠤᠮᠠᠭᠴᠠ ᠬᠠᠨ ᠰᠤᠪᠤᠷᠭ᠎ᠠ ᠶᠢᠨ ᠪᠠᠷ᠎ᠠ ᠬᠠᠷᠠᠭᠳᠠᠨ᠎ᠠ᠃  ᠤᠷᠢᠳᠤ ᠶᠢᠨ ᠵᠢᠩᠴᠢᠳ ᠴᠢᠭᠤᠯᠤᠯᠳᠤ ᠬᠠᠭᠠᠯᠭ᠎ᠠ ᠤᠷᠤᠭᠠᠳ ᠪᠤᠴᠠᠬᠤ ᠳᠠᠭᠠᠨ ᠲᠠᠶᠢᠹᠤᠰᠧ ᠶᠢᠨ ᠬᠠᠨ ᠰᠤᠪᠤᠷᠭ᠎ᠠ ᠬᠠᠷᠠᠭᠳᠠᠯ᠎ᠠ᠂ ᠮᠤᠩᠭᠤᠯ ᠨᠤᠳᠤᠭ ᠤᠨ ᠪᠠᠷ᠎ᠠ ᠦᠵᠡᠭᠳᠡᠪᠡ ᠬᠡᠵᠦ ᠨᠤᠳᠤᠭ ᠤᠰᠤ ᠪᠠᠨ ᠰᠠᠨᠠᠭᠰᠠᠨ ᠰᠡᠳᠬᠢᠯᠬᠡ ᠪᠠᠨ ᠢᠯᠡᠳᠭᠡᠵᠦ ᠶᠠᠷᠢᠯᠴᠠᠳᠠᠭ ᠪᠠᠶᠢᠵᠠᠢ᠃  ᠡᠨᠡᠬᠦ ᠦᠨᠳᠦᠷ ᠬᠠᠨᠶᠢᠷᠬᠠᠨ ᠲᠡᠭᠡᠷ᠎ᠡ ᠤᠳᠤ ᠴᠤ  ᠭᠡᠳ ᠨᠢᠬᠡᠨ ᠰᠤᠪᠤᠷᠭ᠎ᠠ  ᠶᠢᠨ ᠰᠠᠭᠤᠷᠢ ᠮᠡᠳᠡᠭᠳᠡᠳᠡᠭ᠃  ᠠᠷᠠᠳ ᠤᠨ ᠶᠠᠷᠢᠶᠠᠨ ᠳᠤ ᠡᠷᠳᠡ ᠤᠷᠢᠳᠤ ᠴᠠᠭ ᠲᠤ ᠡᠨᠡ  ᠨᠤᠳᠤᠭ ᠲᠤ ᠨᠢᠬᠡᠨ ᠪᠠᠭᠠᠳᠤᠷ ᠡᠷ᠎ᠡ ᠭᠠᠷᠴᠤ᠂ ᠬᠦᠷᠦᠨ ᠲᠦᠷᠦ ᠳᠤ ᠭᠠᠪᠢᠶ᠎ᠠ ᠵᠢᠳᠬᠦᠯ ᠲᠠᠢ ᠶᠠᠪᠤᠭᠰᠠᠨ ᠢᠶᠠᠷ ᠲᠡᠬᠦᠨ ᠢ ᠨᠦᠭᠴᠢᠭᠰᠡᠨ ᠬᠤᠶᠢᠨ᠎ᠠ ᠱᠠᠷᠢᠯ ᠢ ᠠᠳᠡ ᠤᠷᠤᠰᠢᠭᠤᠯᠵᠤ᠂ ᠡᠵᠡᠨ ᠬᠠᠭᠠᠨ ᠠᠴᠠ ᠵᠠᠷᠯᠢᠭ ᠪᠠᠭᠤᠯᠭᠠᠨ  ᠰᠤᠪᠤᠷᠭ᠎ᠠ ᠪᠤᠰᠬᠠᠵᠤ ᠭᠠᠪᠢᠶ᠎ᠠ ᠲᠡᠮᠳᠡᠭᠯᠡᠭᠰᠡᠨ ᠢᠶᠠᠷ ᠢᠩᠬᠢᠵᠦ ᠨᠡᠷᠡᠯᠡᠯ᠎ᠡ ᠭᠡᠳᠡᠭ᠃   ᠪᠠᠰᠠ  ᠪᠦᠷᠨᠡᠢ ᠴᠢᠩ ᠸᠠᠩ 1675 ᠤᠨ ᠳᠤ ᠮᠠᠨᠵᠤ ᠬᠤᠷᠴᠢᠨ ᠳᠤ ᠲᠠᠷᠤᠭᠳᠠᠵᠤ ᠡᠨᠡ ᠨᠤᠳᠤᠭ ᠲᠤ  ᠨᠠᠰᠤ ᠨᠦᠭᠴᠢᠬᠦ ᠳᠤ  ᠨᠤᠳᠤᠭ ᠤᠨ ᠬᠦᠮᠦᠰ ᠱᠠᠷᠢᠯ ᠢ ᠶᠠᠷᠨᠠᠢ ᠶᠢᠨ ᠤᠪᠤᠭᠠᠨ ᠳᠤ ᠤᠷᠤᠰᠢᠭᠤᠯᠵᠠᠢ ᠭᠡᠰᠡᠨ ᠨᠡᠷ᠎ᠡ ᠪᠠᠷ ᠮᠠᠨᠵᠤ ᠠᠴᠠ  ᠨᠢᠭᠤᠵᠤ ᠪᠠᠶᠢᠭᠠᠳ᠂ ᠦᠨᠡᠨᠳᠡᠭᠡᠨ ᠪᠡᠷᠭᠡ ᠶᠢᠨ ᠠᠭᠤᠯᠠᠨ ᠤ ᠠᠷᠤ ᠳᠠᠬᠢ ᠱᠤᠪᠬᠤ ᠠᠭᠤᠯᠠᠨ ᠤ ᠡᠩᠬᠡᠷ ᠲᠤ ᠤᠷᠤᠰᠢᠭᠤᠯᠤᠨ᠂ ᠲᠡᠭᠡᠷ᠎ᠡ ᠨᠢ  ᠴᠠᠭᠠᠨ ᠰᠤᠪᠤᠷᠭ᠎ᠠ ᠪᠤᠰᠬᠠᠵᠤ  ᠂ ᠲᠡᠬᠦᠨ ᠢᠶᠠᠨ ᠬᠠᠨ ᠰᠤᠪᠤᠷᠭ᠎ᠠ ᠭᠡᠵᠦ  ᠨᠡᠷᠡᠯᠡᠯ᠎ᠡ ᠭᠡᠰᠡᠨ ᠤᠯᠠᠮᠵᠢᠯᠠᠯ ᠶᠠᠷᠢᠶ᠎ᠠ  ᠪᠤᠢ᠃  ᠶᠠᠭᠤ ᠪᠤᠯᠤᠭᠰᠠᠨ ᠴᠤ ᠬᠠᠨ ᠰᠤᠪᠤᠷᠭ᠎ᠠ ᠪᠤᠯ ᠮᠠᠰᠢ ᠶᠡᠭᠡ ᠪᠡᠷᠭᠡ ᠪᠠᠷᠳᠠᠭ᠎ᠠ ᠲᠠᠢ ᠠᠭᠯᠠᠭ ᠠᠭᠤᠯᠠ ᠪᠠᠶᠢᠪᠠ  ᠃ ᠶᠡᠷᠦᠨᠢ ᠪᠦᠷᠨᠡᠢ ᠴᠢᠩ ᠸᠠᠩ ᠤᠨ ᠡᠴᠦᠰ ᠤᠨ ᠵᠠᠮ ᠮᠦᠷ ᠤᠨ ᠲᠤᠬᠠᠢ ᠮᠠᠨᠵᠤ ᠴᠢᠩ ᠤᠨ ᠪᠢᠴᠢᠭ ᠰᠤᠳᠤᠷ ᠪᠠ ᠮᠤᠩᠭᠤᠯ ᠡᠷᠳᠡᠮᠳᠡᠳ ᠤᠨ ᠬᠡᠯᠡᠯᠬᠡ ᠬᠤᠭᠤᠷᠤᠨᠳᠤ ᠪᠠᠨ ᠵᠦᠷᠢᠶ᠎ᠡ ᠶᠡᠭᠡ ᠲᠠᠢ ᠪᠠᠶᠢᠳᠠᠭ ᠰᠠᠨ᠃ ᠡᠷᠳᠡᠮᠳᠡᠳ ᠪᠠ ᠰᠤᠨᠢᠷᠬᠠᠭᠴᠢᠳ ᠴᠢᠨᠠᠭᠰᠢᠳᠠ ᠰᠤᠳᠤᠯᠵᠤ ᠪᠤᠯᠬᠤ ᠪᠤᠶᠤ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号