ᠭᠠᠵᠠᠷ ᠤᠰᠤᠨ —  ᠪᠠᠶᠠᠨ ᠴᠠᠭᠠᠨ ᠨᠠᠭᠤᠷ
ᠨᠡᠶᠢᠲᠡᠯᠡᠭᠰᠡᠨ ᠴᠠᠭ᠄
2020/6/8
  ᠪᠠᠶᠠᠨ ᠴᠠᠭᠠᠨ ᠬᠠᠶᠢᠷᠬᠠᠨ ᠤ ᠵᠡᠬᠦᠨ ᠬᠦᠯ ᠳᠤ  ᠮᠡᠯᠮᠡᠯᠵᠡᠨ ᠲᠤᠭᠳᠠᠭᠰᠠᠨ ᠨᠢᠬᠡ ᠨᠠᠭᠤᠷ ᠢ ᠪᠠᠶᠠᠨ ᠴᠠᠭᠠᠨ ᠨᠠᠭᠤᠷ ᠭᠡᠳᠡᠭ᠃  ᠬᠠᠰᠢᠶᠠᠳᠤ ᠨᠠᠭᠤᠷ ᠲᠠᠢ  ᠵᠠᠯᠭᠠᠯᠳᠤᠨ᠂ ᠤᠰᠤ ᠪᠠᠷ ᠪᠠᠶᠠᠨ ᠢᠶᠠᠨ ᠭᠠᠶᠢᠬᠠᠭᠤᠯᠳᠠᠭ ᠠᠴᠠ ᠪᠠᠶᠠᠨ ᠴᠠᠭᠠᠨ ᠭᠡᠵᠦ ᠨᠡᠷᠡᠶᠢᠳᠦᠭᠰᠡᠨ ᠭᠡᠨ᠎ᠡ᠃  ᠵᠡᠬᠦᠨ ᠠᠴᠠ ᠨᠢ ᠱᠠᠩᠳᠤ ᠶᠢᠨ ᠭᠤᠤᠯ ᠤᠨ ᠲᠤᠤᠷᠠᠳᠤ ᠰᠠᠯᠪᠤᠷᠢ ᠤᠷᠤᠰᠬᠠᠯ ᠪᠤᠯᠬᠤ ᠪᠤᠭᠤᠳᠤ ᠶᠢᠨ ᠭᠤᠤᠯ᠂ ᠴᠢᠷᠠᠢ ᠶᠢᠨ ᠭᠤᠤᠯ᠂ ᠰᠦᠮ᠎ᠡ ᠶᠢᠨ ᠭᠤᠤᠯ ᠴᠢᠳᠬᠤᠵᠤ᠂ ᠵᠢᠭᠠᠰᠤ ᠵᠢᠷᠠᠭᠠᠬᠠᠢ ᠱᠤᠩᠪᠠᠨ᠂ ᠭᠠᠯᠠᠭᠤ ᠰᠢᠪᠠᠭᠤᠳ ᠭᠠᠩᠭᠠᠨᠠᠯᠳᠤᠭᠠᠳ᠂ ᠦᠬᠡᠳᠡᠩ ᠨᠤᠭᠤᠭᠠᠨ ᠲᠡᠨᠵᠢᠨ ᠳᠤᠨᠢ ᠦᠬᠡᠷ ᠬᠤᠨᠢᠳ ᠪᠡᠯᠴᠢᠭᠰᠡᠨ ᠦᠵᠡᠮᠵᠢᠳᠦ ᠰᠠᠶᠢᠬᠠᠨ ᠨᠠᠭᠤᠷ ᠪᠠᠶᠢᠪᠠ᠃ ᠰᠡᠬᠦᠯᠡᠷ ᠨᠢ ᠲᠡᠭᠡᠳᠦ ᠤᠷᠤᠰᠬᠠᠯ ᠳᠤᠨᠢ ᠾᠧᠪᠸᠢ ᠮᠤᠵᠢ ᠶᠢᠨ ᠬᠦᠶᠤᠸᠠᠨ ᠰᠢᠶᠠᠨ ᠤ ᠬᠢᠨ ᠬᠠᠰᠢᠯᠭ᠎ᠠ ᠪᠠᠷᠢᠵᠤ᠂ ᠱᠠᠩᠳᠤ ᠶᠢᠨ ᠭᠤᠤᠯ ᠤᠨ ᠤᠷᠤᠰᠬᠠᠯ ᠢ ᠲᠠᠰᠤᠯᠤᠭᠰᠠᠨ ᠢᠶᠠᠷ ᠭᠤᠤᠯ ᠰᠢᠷᠬᠢᠵᠦ ᠨᠠᠭᠤᠷ ᠴᠤ ᠬᠠᠳᠠᠵᠠᠢ᠃ ᠭᠡᠪᠡᠴᠦ ᠪᠤᠷᠤᠭᠠᠨ ᠬᠤᠷ᠎ᠠ ᠰᠠᠶᠢᠨ ᠵᠢᠯ ᠪᠤᠯ ᠨᠠᠭᠤᠷ ᠤᠨ ᠤᠰᠤ ᠨᠢ ᠲᠤᠨᠤᠷᠠᠨ ᠮᠡᠯᠮᠡᠯᠵᠡᠭᠡᠳ ᠦᠵᠡᠮᠵᠢ ᠶᠢᠨ ᠰᠠᠶᠢᠬᠠᠨ ᠢᠶᠠᠨ ᠭᠠᠶᠢᠬᠠᠭᠤᠯᠵᠤ ᠯᠠ ᠪᠠᠶᠢᠳᠠᠭ᠃ ᠵᠠᠷᠢᠮ ᠨᠤᠮ ᠪᠢᠴᠢᠭ ᠲᠤ ᠪᠠᠶᠠᠨ ᠴᠠᠭᠠᠨ ᠨᠠᠭᠤᠷ ᠢ ᠪᠠᠰᠠ ᠭᠠᠯᠠᠪ ᠤᠨ ᠨᠠᠭᠤᠷ ᠬᠡᠵᠦ ᠪᠤᠢ᠃  ᠨᠠᠭᠤᠷ ᠤᠨ ᠪᠠᠷᠠᠭᠤᠨ ᠲᠡᠭᠡᠷ᠎ᠡ ᠠᠴᠠ ᠠᠮᠢᠳᠠᠨ ᠤ ᠴᠢᠯᠠᠭᠤᠵᠢᠮᠠᠯ ᠶᠠᠰᠤ ᠪᠠ ᠲᠤᠮᠤ ᠵᠢᠭᠠᠰᠤᠨ ᠤ ᠬᠠᠪᠢᠷᠭ᠎ᠠ ᠶᠢᠨ ᠴᠢᠯᠠᠭᠤᠵᠢᠮᠠᠯ ᠢ ᠤᠯᠵᠠᠢ᠃     ᠤᠷᠢᠳᠤ ᠶᠢᠨ ᠬᠦᠮᠦᠰ ᠡᠨᠡ ᠨᠠᠭᠤᠷ ᠢ ᠬᠦᠯ ᠦᠬᠡᠢ ᠬᠦᠨ ᠨᠠᠭᠤᠷ ᠬᠡᠵᠦ ᠰᠦᠷᠳᠡᠳᠡᠭ  ᠃  ᠮᠦᠨ  ᠡᠨᠡ ᠨᠠᠭᠤᠷ ᠲᠤ ᠤᠷᠢᠳᠤ ᠳᠠᠭᠠᠨ ᠦᠨᠳᠦᠷ ᠤᠷᠳᠤ ᠪᠡᠶ᠎ᠡ ᠲᠠᠢ᠂ ᠬᠢᠯᠳᠤᠭᠠᠨᠠᠭᠰᠠᠨ ᠬᠠᠷ᠎ᠠ ᠦᠰᠦᠳᠡᠢ ᠤᠰᠤᠨ ᠬᠠᠷ᠎ᠠ ᠦᠬᠡᠷ ᠲᠠᠢ ᠪᠠᠶᠢᠵᠤ᠂  ᠦᠷᠯᠦᠬᠡ ᠦᠳᠡᠰᠢ ᠨᠢ ᠤᠰᠤᠨ ᠠᠴᠠ ᠪᠠᠨ ᠭᠠᠷᠴᠤ ᠢᠷᠡᠭᠡᠳ ᠮᠦᠭᠡᠷᠡᠬᠦ ᠨᠢ  ᠬᠡᠳᠦᠨ ᠠᠷᠪᠠᠨ ᠭᠠᠵᠠᠷ ᠤᠨ  ᠴᠠᠭᠠᠨ᠎ᠠ ᠰᠤᠨᠤᠰᠳᠠᠳᠠᠭ  ᠪᠦᠬᠡᠳ ᠬᠠᠶᠠ ᠭᠠᠷᠴᠤ ᠢᠷᠡᠭᠡᠳ ᠠᠶᠢᠯ ᠤᠨ ᠦᠬᠡᠷ ᠤᠨ ᠰᠦᠷᠦᠭ ᠲᠤ  ᠨᠡᠶᠢᠯᠡᠵᠦ ᠲᠤᠭᠯᠠᠨ ᠨᠠᠭᠠᠳᠤᠳᠠᠭ ᠠᠴᠠ ᠡᠨᠡ ᠨᠤᠳᠤᠭ ᠲᠤ ᠦᠬᠡᠷ ᠰᠠᠶᠢᠨ ᠦᠰᠳᠡᠭ ᠮᠦᠷᠳᠡᠭᠡᠨ ᠡᠬᠦᠯᠳᠡᠷ ᠤᠬᠰᠠᠭ᠎ᠠ ᠨᠢ ᠴᠤ ᠰᠠᠶᠢᠨ ᠪᠠᠶᠢᠳᠠᠭ ᠬᠡᠨ᠎ᠡ᠃  ᠶᠠᠫᠤᠨ ᠬᠦᠮᠦᠨ ᠢᠷᠡᠭᠰᠡᠨ ᠤ ᠲᠠᠷᠠᠭ᠎ᠠ  ᠪᠠᠶᠠᠨ ᠴᠠᠭᠠᠨ ᠨᠠᠭᠤᠷ ᠲᠤ ᠮᠤᠲ᠋ᠤᠷᠳᠤ ᠤᠩᠭᠤᠴᠠ  ᠲᠠᠯᠪᠢᠵᠤ᠂ ᠤᠰᠤᠨ ᠬᠠᠷ᠎ᠠ ᠦᠬᠡᠷ ᠢ ᠪᠠᠷᠢᠬᠤ ᠪᠠᠷ ᠤᠷᠤᠯᠳᠤᠭᠰᠠᠨ ᠠᠴᠠ  ᠪᠤᠯᠵᠤ᠂ ᠦᠨᠦ ᠤᠰᠤᠨ ᠦᠬᠡᠷ ᠤᠨ ᠪᠠᠷ᠎ᠠ ᠰᠤᠷᠠᠭ ᠲᠠᠰᠤᠷᠠᠭᠰᠠᠨ  ᠬᠡᠵᠦ ᠶᠠᠷᠢᠯᠴᠠᠳᠠᠭ᠃ ᠵᠠᠷᠢᠮ ᠲᠡᠦᠬᠡᠨ ᠲᠡᠮᠳᠡᠭᠯᠡᠯ ᠳᠤ ᠪᠠᠶᠠᠨ ᠴᠠᠭᠠᠨ ᠨᠠᠭᠤᠷ ᠢ ᠪᠠᠰᠠ ᠭᠠᠯᠠᠪ ᠤᠨ ᠨᠠᠭᠤᠷ ᠭᠡᠵᠦ ᠲᠡᠮᠳᠡᠭᠯᠡᠵᠦ ᠪᠤᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号