ᠬᠦᠨᠪᠤᠯᠠᠭ ᠤᠨ ᠲᠤᠮᠳᠠ ᠬᠠᠪᠢ ᠪᠠᠷ ᠪᠠᠶᠢᠷᠢᠰᠢᠨ᠎ᠠ᠃ ᠬᠤᠷ᠎ᠠ ᠪᠤᠷᠤᠭᠠᠨ ᠲᠡᠩᠴᠡᠭᠰᠡᠨ ᠪᠠᠶᠠᠨ ᠲᠠᠷᠭᠤᠨ ᠨᠠᠮᠤᠷ | ᠠᠯᠤᠰ ᠠᠴᠠ ᠪᠠᠷᠠᠯᠠᠬᠤ ᠳᠤ ᠴᠡᠩᠭᠡᠷᠯᠡᠨ ᠬᠠᠷᠠᠭᠳᠠᠬᠤ ᠨᠠᠭᠤᠷ ᠤᠨ ᠤᠰᠤᠨ ᠳᠤ ᠵᠦᠢᠯ ᠤᠨ ᠰᠢᠪᠠᠭᠤᠳ | ᠭᠠᠩᠭᠠᠨᠠᠯᠳᠤᠨ᠂ ᠨᠠᠭᠤᠷ ᠤᠨ ᠪᠠᠷᠠᠭᠤᠨ ᠵᠠᠬ᠎ᠠ ᠪᠠᠷ ᠡᠮᠦᠨᠡᠰᠢ ᠬᠤᠶᠢᠰᠢ ᠦᠷᠬᠦᠯᠵᠢᠯᠡᠭᠰᠡᠨ ᠲᠡᠷᠡᠰᠦᠨ ᠲᠠᠯᠠᠢ | ᠰᠠᠯᠬᠢᠨ ᠤ ᠠᠶᠠᠰ ᠢᠶᠠᠷ ᠨᠠᠶᠢᠭᠤᠬᠤ ᠨᠢ ᠶᠠᠭ ᠯᠠ ᠬᠦᠪᠡᠭᠡ ᠬᠢᠵᠠᠭᠠᠷ ᠦᠬᠡᠢ ᠰᠢᠷ᠎ᠠ ᠲᠤᠷᠳᠤᠩ ᠲᠡᠯᠭᠡᠴᠢᠬᠡᠬᠡᠳ | ᠲᠠᠪᠢᠵᠦ ᠪᠠᠶᠢᠬᠤ ᠰᠢᠭ᠋ ᠭᠤᠶᠤᠬᠠᠨ ᠬᠠᠷᠠᠭᠳᠠᠳᠠᠭ᠃ ᠬᠤᠷ᠎ᠠ ᠪᠤᠷᠤᠭᠠᠨ ᠡᠯᠪᠡᠭ ᠵᠢᠯ ᠨᠠᠭᠤᠷ ᠤᠰᠤ ᠪᠠᠷ | ᠲᠦᠬᠦᠷᠴᠦ᠂ ᠨᠠᠭᠤᠷ ᠤᠨ ᠬᠦᠪᠡᠭᠡ ᠪᠤᠯᠤᠨ ᠨᠠᠭᠤᠷ ᠲᠤᠮᠳᠠᠬᠢ ᠶᠡᠭᠡ ᠪᠠᠭ᠎ᠠ ᠲᠠᠩ ᠲᠡᠭᠡᠷ᠎ᠡ ᠤᠯᠠᠭᠠᠨ ᠦᠩᠬᠡ ᠲᠠᠢ | ᠭᠡᠷᠡᠰᠦ ᠲᠦᠬᠦᠷᠳᠡᠯ᠎ᠡ ᠤᠷᠭᠤᠭᠠᠳ ᠴᠡᠩᠬᠡᠷ ᠤᠰᠤ᠂ ᠤᠯᠠᠭᠠᠨ ᠭᠡᠷᠡᠰᠦ᠂ ᠠᠯᠳᠠᠨ ᠰᠢᠷᠭᠠᠯ ᠲᠡᠷᠡᠰᠦ ᠨᠠᠭᠤᠷ ᠢ | ᠴᠢᠮᠡᠭᠯᠡᠵᠦ᠂ ᠡᠬᠡ ᠪᠠᠶᠢᠭᠠᠯᠢ ᠶᠢᠨ ᠭᠤᠸ᠎ᠠ ᠰᠠᠶᠢᠬᠠᠨ ᠢ ᠬᠦᠮᠦᠰ ᠲᠤ ᠭᠠᠶᠢᠬᠠᠭᠤᠯᠤᠨ᠎ᠠ᠃ ᠢᠩᠬᠢᠬᠡᠳ ᠯᠠ ᠨᠠᠭᠤᠷ | ᠤᠨ ᠴᠢᠮᠡᠭ ᠪᠤᠯᠤᠭᠰᠠᠨ ᠤᠯᠠᠭᠠᠨ ᠭᠡᠷᠡᠰᠦ ᠨᠢ ︽ᠤᠯᠠᠭᠠᠨᠨᠠᠭᠤᠷ︾ ᠭᠡᠳᠡᠭ ᠰᠠᠶᠢᠬᠠᠨ ᠨᠡᠷ᠎ᠡ ᠶᠢ ᠡᠨᠡ ᠶᠢᠷᠳᠢᠨᠴᠦ | ᠳᠤ ᠠᠪᠴᠢᠷᠠᠵᠠᠢ᠃ ᠤᠯᠠᠭᠠᠨᠨᠠᠭᠤᠷ ᠪᠤᠯ ᠬᠤᠶᠢᠨ᠎ᠠ ᠠᠴᠠ ᠪᠠᠨ ᠤᠷᠤᠭᠰᠢ ᠰᠤᠨᠤᠯᠵᠠᠵᠤ ᠲᠠᠬᠢᠭᠠᠳ ᠪᠠᠷᠠᠭᠤᠨᠰᠢ | ᠲᠠᠬᠢᠷᠯᠠᠭᠰᠠᠨ ᠲᠤᠮᠤ ᠨᠠᠭᠤᠷ ᠪᠤᠯᠤᠨ᠎ᠠ᠃ ᠤᠤᠯ ᠳᠠᠭᠠᠨ ᠪᠤᠮᠪᠠᠨ ᠭᠤᠤᠯ ᠨᠢ ᠪᠤᠤᠴᠠᠩ᠂ ᠪᠤᠮᠪᠠᠨ᠂ ᠪᠤᠷᠤᠬᠤᠳᠠ᠂ | ᠫᠤᠤᠲ᠋ᠠᠶᠢᠶ᠋ᠢᠩᠽᠢ ᠶᠢ ᠲᠠᠭᠠᠷᠢᠵᠤ ᠤᠯᠠᠭᠠᠨᠨᠠᠭᠤᠷ ᠲᠤ ᠴᠢᠳᠬᠤᠳᠠᠭ ᠪᠠᠶᠢᠵᠠᠢ᠃ ᠨᠠᠭᠤᠷ ᠤᠨ ᠵᠡᠬᠦᠨ ᠬᠤᠶᠢᠳᠤ ᠲᠠᠯ᠎ᠠ | ᠳᠤ ᠰᠦᠵᠢ ᠶᠢᠨ ᠤᠪᠤᠭ᠎ᠠ ᠪᠤᠢ᠃ ᠲᠡᠬᠦᠨ ᠤ ᠪᠠᠷᠠᠭᠤᠨ ᠰᠤᠭᠤ ᠪᠠᠷ ᠨᠠᠮᠤᠭᠤᠨ ᠲᠦᠯᠬᠡᠨ ᠰᠦᠵᠢ ᠶᠢᠨ ᠭᠤᠤᠯ | ᠰᠦᠵᠢ ᠶᠢᠨ ᠬᠦᠨᠳᠡᠢ ᠶᠢᠨ ᠲᠤᠮᠳᠠᠭᠤᠷ ᠠᠨᠢᠷ ᠴᠢᠮᠡᠭᠡ ᠦᠬᠡᠶᠢᠬᠡᠨ ᠤᠯᠠᠭᠠᠨᠨᠠᠭᠤᠷ ᠲᠤ ᠴᠢᠳᠬᠤᠨ᠎ᠠ᠃ | ᠤᠯᠠᠭᠠᠨᠨᠠᠭᠤᠷ ᠠᠴᠠ ᠲᠠᠪᠤᠰᠤ ᠭᠠᠷᠤᠨ᠎ᠠ᠃ ᠵᠤᠵᠠᠭᠠᠨ ᠳᠠᠭᠠᠨ ᠲᠠᠪᠤᠨ ᠬᠤᠷᠤᠭᠤ ᠂ ᠬᠠᠮᠤᠭ ᠨᠢᠮᠬᠡᠨ ᠳᠡᠭᠡᠨ | ᠴᠤ ᠬᠤᠶᠠᠷ ᠬᠤᠷᠤᠭᠤ ᠬᠢᠷᠢ ᠪᠠᠶᠢᠳᠠᠭ᠃ ᠦᠩᠬᠡ ᠠᠮᠳᠠ ᠨᠢ ᠡᠵᠢ ᠨᠠᠭᠤᠷ ᠤᠨ ᠲᠠᠪᠤᠰᠤ ᠯᠤᠭ᠎ᠠ ᠲᠡᠮᠡᠢ ᠵᠦᠷᠢᠶ᠎ᠡ | ᠦᠬᠡᠢ᠃ | ᠤᠯᠠᠭᠠᠨᠨᠠᠭᠤᠷ ᠤᠨ ᠪᠠᠷᠠᠭᠤᠨ ᠲᠠᠯ᠎ᠠ ᠳᠠᠬᠢ ᠤᠷᠤᠭᠰᠢ ᠬᠤᠶᠢᠰᠢ ᠦᠷᠬᠦᠯᠵᠢᠯᠡᠭᠰᠡᠨ ᠠᠭᠤᠯᠠ ᠬᠠᠶᠢᠷᠬᠠᠳ ᠢ | ᠪᠡᠷᠭᠡ ᠶᠢᠨ ᠠᠭᠤᠯᠠ ᠨᠢᠷᠤᠭᠤᠣᠳ ᠭᠡᠳᠡᠭ᠃ ᠡᠮᠦᠨ᠎ᠡ ᠠᠴᠠ ᠬᠤᠶᠢᠰᠢ ᠪᠠᠨ ᠤᠯᠠᠭᠠᠨ ᠬᠦᠳᠦᠯ᠂ ᠡᠬᠡᠯᠢᠳᠦ᠂ | ᠬᠠᠷ᠎ᠠ ᠨᠤᠬᠠᠢ ᠶᠢᠨ ᠬᠤᠰᠢᠭᠤ ᠬᠠᠷᠠᠭᠳᠠᠨ᠎ᠠ᠃ ᠤᠰᠤᠨ ᠤ ᠤᠷᠤᠰᠬᠠᠯ ᠳᠤ ᠢᠳᠡᠭᠳᠡᠨ ᠭᠠᠷᠤᠭᠰᠠᠨ ᠭᠤᠤ ᠶᠢᠨ | ᠰᠢᠷᠤᠢ ᠨᠢ ᠤᠯᠠᠭᠠᠨ ᠨᠠᠩᠬᠢ ᠲᠤᠯᠠ ᠡᠨᠡ ᠬᠦᠳᠦᠯ ᠢ ᠤᠯᠠᠭᠠᠨ ᠬᠦᠳᠦᠯ ᠬᠡᠵᠦ ᠨᠡᠷᠡᠯᠡᠵᠡᠢ᠃ ᠬᠦᠳᠦᠯ ᠤᠨ | ᠬᠤᠶᠢᠳᠤᠬᠢ ᠵᠡᠬᠦᠨᠰᠢ ᠬᠠᠷᠠᠭᠰᠠᠨ ᠠᠭᠤᠯᠠᠨ ᠠᠮᠠ ᠨᠢ ᠴᠠᠰᠤ ᠰᠢᠭᠤᠷᠭᠠᠨ ᠲᠠᠢ ᠡᠪᠦᠯ ᠤᠨ ᠬᠦᠢᠳᠡᠨ ᠳᠤ ᠴᠤ | ᠨᠦᠮᠦᠷᠢ ᠲᠠᠢ ᠲᠤᠯᠠᠭᠠᠨ ᠪᠤᠯᠬᠤᠷ ᠡᠭᠡᠯᠢᠳᠦ ᠬᠡᠮᠡᠨ ᠨᠡᠷᠡᠶᠢᠳᠴᠤ ᠬᠡᠨ᠎ᠡ᠃ ᠡᠬᠡᠯᠢᠳᠦ ᠠᠴᠠ ᠵᠡᠬᠦᠨ ᠬᠤᠶᠢᠰᠢ | ᠬᠠᠷᠠᠭᠳᠠᠬᠤ ᠦᠷᠬᠦᠯᠵᠢᠯᠡᠭᠰᠡᠨ ᠠᠭᠤᠯᠠ ᠨᠢᠷᠤᠭᠤᠳ ᠨᠢ ᠲᠠᠷᠠᠭᠠᠯᠠᠨ ᠬᠠᠷ᠎ᠠ ᠨᠤᠬᠠᠢ ᠶᠢᠨ ᠬᠤᠰᠢᠭᠤ᠂ ᠶᠡᠭᠡ | ᠡᠪᠡᠰᠦᠳᠡᠢ᠂ ᠶᠡᠭᠡ ᠡᠪᠦᠯᠵᠢᠶ᠎ᠡ᠂ ᠴᠠᠭᠠᠨ ᠴᠢᠯᠠᠭᠤᠳᠤ᠂ ᠲᠡᠷᠡᠰᠦᠳᠦ ᠡᠩᠬᠡᠷ ᠪᠤᠯᠤᠨ᠎ᠠ᠃ ᠡᠳᠡᠭᠡᠷ ᠠᠭᠤᠯᠠ | ᠨᠢᠷᠤᠭᠤᠳ ᠢ ᠬᠠᠮᠳᠤᠷᠠᠭᠤᠯᠤᠨ ᠨᠤᠳᠤᠭ ᠢᠶᠠᠨ ᠰᠠᠬᠢᠭᠰᠠᠨ ᠬᠠᠷ᠎ᠠ ᠨᠤᠬᠠᠢ ᠭᠡᠳᠡᠭ᠃ ᠬᠠᠷ᠎ᠠ ᠨᠤᠬᠠᠢ ᠡᠮᠦᠨᠡᠰᠢ | ᠬᠠᠨᠳᠤᠨ ᠬᠤᠶᠠᠷ ᠬᠦᠯ ᠢᠶᠠᠨ ᠤᠷᠤᠭᠰᠢ ᠵᠢᠬᠢᠵᠦ᠂ ᠡᠷᠡᠦ ᠪᠠᠨ ᠲᠡᠷᠡᠯᠡᠨ ᠬᠡᠪᠳᠡᠵᠦ᠂ ᠰᠡᠷᠭᠡᠭ ᠨᠢᠳᠦ ᠰᠤᠷᠭᠤᠭ | ᠰᠤᠨᠤᠷ ᠲᠠᠭᠠᠨ ᠲᠦᠰᠢᠭᠯᠡᠨ ᠨᠤᠳᠤᠭ ᠤᠨ ᠢᠶᠠᠨ ᠠᠮᠤᠷ ᠲᠠᠶᠢᠪᠤᠩ ᠢ ᠬᠠᠷᠠᠵᠤ ᠬᠠᠮᠠᠭᠠᠯᠠᠨ᠎ᠠ᠃ ᠡᠶᠢᠮᠦ ᠠᠴᠠ | ᠠᠭᠤᠯᠠ ᠶᠢᠨ ᠡᠮᠦᠨ᠎ᠡ ᠬᠤᠰᠢᠭᠤ ᠶᠢ ᠬᠠᠷ᠎ᠠ ᠨᠤᠬᠠᠢ ᠶᠢᠨ ᠬᠤᠰᠢᠭᠤ ᠭᠡᠳᠡᠭ᠃ |