ᠲᠠᠶᠢᠹᠤᠰᠧ ᠬᠤᠪᠴᠠᠰᠤ ᠵᠠᠰᠠᠯ ᠤᠨ ᠲᠤᠪᠴᠢ ᠲᠠᠨᠢᠯᠴᠭᠤᠯᠭ᠎ᠠ
ᠨᠡᠶᠢᠲᠡᠯᠡᠭᠰᠡᠨ ᠴᠠᠭ᠄
2017-03-01
   ᠲᠠᠶᠢᠹᠤᠰᠧ ᠵᠡᠬᠦᠨ ᠭᠠᠷᠴᠤᠳ ᠬᠡᠳᠦᠨ ᠵᠠᠭᠤᠨ ᠵᠢᠯ ᠤᠨ ᠲᠤᠷᠰᠢ᠂ ᠤᠯᠠᠮᠵᠢᠯᠠᠯᠳᠤ  ᠮᠤᠩᠭᠤᠯ ᠡᠳ᠋ᠯᠡᠯ ᠵᠠᠰᠠᠯ  ᠢᠶᠠᠨ  ᠭᠡᠷᠡᠭᠯᠡᠭᠰᠡᠭᠡᠷ  ᠢᠷᠡᠵᠦ᠂ ᠤᠷᠤᠰᠢᠨ ᠰᠠᠭᠤᠭᠰᠠᠨ ᠭᠠᠵᠠᠷ ᠨᠤᠳᠤᠭ᠂ ᠤᠯᠤᠭᠰᠠᠨ ᠬᠦᠷᠳᠡᠭᠰᠡᠨ ᠭᠠᠳᠠᠭᠠᠳᠤ ᠨᠦᠯᠦᠬᠡ ᠠᠴᠠ ᠰᠢᠯᠳᠠᠭᠠᠯᠠᠭᠳᠠᠨ᠂ ᠦᠪᠡᠷᠮᠢᠴᠡ ᠤᠨᠴᠠᠯᠢᠭ ᠢᠶᠠᠨ ᠪᠦᠷᠢᠯᠳᠦᠬᠦᠯᠦᠭᠰᠡᠨ ᠪᠠᠶᠢᠳᠠᠭ᠃       ᠡᠷᠡᠭᠳᠡᠢ ᠶᠢᠨ ᠬᠤᠪᠴᠠᠰᠤ ᠵᠠᠰᠠᠯ  ᠄ ᠲᠠᠶᠢᠹᠤᠰᠧ ᠡᠷᠡᠭᠳᠡᠶᠢᠴᠤᠳ ᠵᠤᠨ ᠨᠠᠮᠤᠷ ᠳᠠᠭᠠᠨ ᠲᠠᠩ ᠲᠠᠪᠬᠤᠷ  ᠲᠡᠷᠯᠢᠭ᠂ ᠡᠪᠦᠯ ᠬᠠᠪᠤᠷ ᠤᠨ ᠤᠯᠠᠷᠢᠯ ᠳᠤ  ᠬᠦᠪᠦᠩ ᠲᠡᠪᠡᠯ᠂ ᠵᠤᠪᠴᠠᠭ᠎ᠠ᠂ ᠨᠡᠬᠡᠢ ᠲᠡᠪᠡᠯ ᠡᠮᠦᠰᠳᠡᠭ᠃ ᠡᠷᠡᠭᠳᠡᠢ ᠬᠦᠮᠦᠨ ᠤ ᠲᠡᠷᠯᠢᠭ  ᠲᠡᠪᠡᠯ ᠤᠨ ᠦᠩᠬᠡ ᠳᠤ ᠭᠤᠤᠯᠳᠠᠭᠤ ᠬᠦᠭᠡ᠂ ᠴᠡᠩᠭᠡᠷ᠂ ᠪᠤᠷᠤ᠂ ᠬᠦᠷᠡᠩ  ᠪᠤᠷᠤ ᠦᠩᠬᠡ  ᠶᠢ ᠰᠤᠩᠭᠤᠳᠠᠭ᠃  ᠡᠩ ᠤᠨ ᠭᠡᠷ ᠵᠠᠭᠤᠷ᠎ᠠ ᠡᠮᠦᠰᠬᠦ  ᠪᠤᠯ ᠲᠠᠯᠢᠩᠪᠤ ᠪᠠᠷ ᠬᠢᠵᠦ᠂  ᠪᠠᠶᠠᠷ ᠨᠠᠶᠢᠷ ᠲᠤ ᠡᠮᠦᠰᠬᠦ ᠭᠤᠶᠤᠯᠠᠯ ᠤᠨ ᠬᠤᠪᠴᠠᠰᠤ ᠶᠢ ᠪᠤᠯ  ᠲᠤᠷᠭ᠎ᠠ ᠪᠤᠶᠤ ᠴᠢᠰᠴᠠᠤ ᠪᠠᠷ  ᠬᠢᠨ᠎ᠡ᠃  ᠵᠠᠭᠠᠮ᠎ᠠ᠂ ᠡᠭᠡᠮ᠂ ᠰᠤᠭᠤ᠂ ᠲᠠᠰᠢᠶᠠᠨ ᠳᠠᠭᠠᠨ ᠡᠮᠵᠢᠭᠰᠡᠨ ᠰᠢᠯᠪᠢ ᠪᠤᠶᠤ  ᠰᠢᠯᠪᠢ ᠪᠠᠷ ᠵᠠᠩᠬᠢᠳᠤᠭᠰᠠᠨ ᠲᠤᠪᠴᠢ ᠲᠠᠢ᠃ ᠵᠤᠪᠴᠠᠭ᠎ᠠ ᠨᠡᠭᠡᠢ ᠲᠡᠪᠡᠯ ᠳᠤ ᠭᠠᠤᠯᠢ ᠪᠤᠶᠤ ᠮᠦᠩᠬᠦᠨ ᠲᠤᠪᠴᠢ  ᠤᠯᠠᠨ ᠭᠡᠷᠡᠭᠯᠡᠨ᠎ᠡ᠃ ᠲᠠᠶᠢᠹᠤᠰᠧ ᠲᠡᠪᠡᠯ ᠤᠯᠠᠩᠬᠢ ᠨᠢ ᠡᠮᠵᠢᠶᠡᠷᠢ ᠦᠬᠡᠢ᠃  ᠪᠦᠰᠡ ᠶᠢ ᠪᠤᠯ ᠬᠤᠪᠴᠠᠰᠤᠨ ᠤ ᠦᠩᠬᠡ ᠲᠠᠢ ᠵᠤᠬᠢᠴᠠᠭᠤᠯᠤᠨ ᠭᠤᠤᠯᠳᠠᠭᠤ ᠰᠢᠷ᠎ᠠ᠂ ᠤᠯᠠᠪᠤᠷ ᠰᠢᠷ᠎ᠠ᠂ ᠬᠦᠭᠡ᠂ ᠴᠡᠩᠭᠡᠷ ᠲᠤᠷᠳᠤᠩ ᠢᠶᠠᠷ ᠬᠢᠳᠡᠭ᠂ ᠨᠢᠭᠡ ᠪᠦᠰᠡᠨ ᠳᠤ ᠪᠠᠷᠤᠭ ᠬᠤᠷᠢᠨ ᠲᠤᠬᠤᠢ ᠲᠤᠷᠳᠤᠩ ᠭᠡᠷᠡᠭᠯᠡᠨ᠎ᠡ᠃ ᠡᠷᠡᠭᠳᠡᠶᠢᠴᠤᠳ ᠭᠤᠤᠯᠳᠠᠭᠤ ᠰᠠᠷᠢᠰᠤᠨ ᠬᠠᠪᠴᠢᠶᠠᠷᠢ ᠲᠠᠢ  ᠱᠦᠪᠦᠭᠡᠷᠭᠡᠨ ᠬᠤᠩᠰᠢᠶᠠᠷ ᠲᠠᠢ ᠪᠤᠯᠢᠭᠠᠷᠢ ᠭᠤᠳᠤᠯ ᠡᠮᠦᠰᠬᠦ ᠪᠠ ᠭᠡ ᠤᠭᠠᠯᠵᠠ ᠭᠠᠷᠭᠠᠵᠤ ᠤᠷᠠᠯᠠᠭᠰᠠᠨ ᠰᠢᠷᠢᠮᠡᠯ ᠪᠦᠰᠡ ᠭᠤᠳᠤᠯ ᠴᠤ ᠡᠮᠦᠰᠦᠨ᠎ᠡ᠃ ᠡᠪᠦᠯ ᠴᠠᠭ ᠲᠤ ᠭᠤᠳᠤᠯ ᠲᠤᠳᠤᠷ᠎ᠠ ᠪᠠᠨ ᠲᠦᠷᠡᠢ ᠶᠢ ᠨᠢ ᠭᠡ ᠭᠠᠷᠭᠠᠵᠤ ᠬᠦᠪᠡᠭᠡᠯᠡᠭᠰᠡᠨ ᠢᠰᠡᠭᠡᠢ ᠤᠶᠢᠮᠤᠰᠤ ᠡᠮᠦᠰᠴᠦ᠂ ᠵᠤᠨ ᠪᠤᠯ ᠲᠠᠪᠤᠤ ᠤᠶᠢᠮᠤᠰᠤ  ᠡᠮᠦᠰᠦᠨ᠎ᠡ᠃ ᠡᠷᠡᠭᠳᠡᠢ ᠬᠦᠮᠦᠨ ᠪᠠᠰᠠ ᠤᠯᠤᠩᠳᠠᠢ ᠡᠮᠦᠰᠳᠡᠭ ᠵᠠᠩᠰᠢᠯ ᠲᠠᠢ᠃ ᠤᠯᠤᠩᠳᠠᠢ ᠪᠤᠯ ᠲᠡᠷᠯᠢᠭ ᠤᠨ ᠭᠠᠳᠠᠭᠤᠷ ᠡᠮᠦᠰᠳᠡᠭ᠂ ᠭᠤᠤᠯ ᠢᠶᠠᠷ ᠢᠶᠠᠨ ᠭᠤᠯᠳᠤ ᠡᠩᠭᠡᠷ ᠲᠠᠢ᠂ ᠲᠠᠪᠤᠨ ᠲᠤᠪᠴᠢ ᠲᠠᠢ᠂ ᠬᠠᠨᠴᠤᠢ  ᠲᠠᠢ᠂ ᠰᠦᠬᠦᠮ ᠬᠢᠷᠢ ᠤᠨᠤᠭᠤ ᠲᠠᠢ᠂ ᠲᠦᠷᠪᠡᠨ ᠬᠤᠷᠮᠤᠢ ᠲᠠᠢ ᠪᠤᠭᠤᠨᠢ ᠬᠤᠪᠴᠠᠰᠤ ᠪᠤᠯᠤᠨ᠎ᠠ᠃ ᠤᠯᠠᠩᠬᠢ  ᠳᠠᠭᠠᠨ ᠬᠠᠷ᠎ᠠ ᠲᠤᠷᠭ᠎ᠠ ᠪᠠᠷ ᠬᠢᠳᠡᠭ᠃ ᠬᠠᠨᠵᠢᠶᠠᠷ ᠪᠤᠯ ᠮᠦᠨ ᠬᠦ᠋ ᠲᠡᠪᠡᠯ ᠤᠨ ᠭᠠᠳᠠᠭᠤᠷ ᠡᠮᠦᠰᠬᠦ ᠬᠠᠨᠴᠤᠢ ᠦᠬᠡᠢ ᠤᠬᠤᠷ ᠬᠤᠪᠴᠠᠰᠤ᠂ ᠬᠠᠷ᠎ᠠ ᠪᠤᠶᠤ ᠬᠦᠷᠡᠩ ᠲᠤᠷᠭ᠎ᠠ ᠪᠠᠷ ᠬᠢᠬᠦ ᠨᠢ ᠤᠯᠠᠨ᠃ ᠡᠷᠡᠭᠳᠡᠶᠢᠴᠤᠳ ᠵᠤᠨ ᠤ ᠴᠠᠭ ᠲᠤ ᠲᠤᠭᠤᠷᠴᠤᠭ᠂ ᠡᠪᠦᠯ ᠳᠡᠭᠡᠨ ᠪᠤᠯ ᠲᠤᠭᠤᠷᠢᠭᠤᠯ ᠮᠠᠯᠠᠭᠠᠢ ᠪᠤᠶᠤ ᠬᠤᠯᠤᠭᠤᠪᠴᠢ ᠡᠮᠦᠰᠳᠡᠭ᠃ ᠲᠤᠭᠤᠷᠴᠤᠭ   ᠨᠢ ᠵᠢᠷᠭᠤᠭᠠᠨ ᠬᠠᠪᠢᠰᠤ ᠲᠠᠢ᠂ ᠤᠷᠤᠢ ᠲᠡᠭᠡᠷ᠎ᠡ ᠪᠠᠨ ᠤᠯᠠᠭᠠᠨ ᠰᠤᠸᠠᠮᠫᠠᠨ ᠲᠠᠢ᠂ ᠤᠯᠠᠩᠬᠢ ᠨᠢ ᠬᠠᠷ᠎ᠠ ᠲᠤᠷᠭ᠎ᠠ ᠪᠠᠷ ᠭᠠᠳᠠᠷᠯᠠᠭᠰᠠᠨ ᠪᠠᠶᠢᠳᠠᠭ᠃ ᠲᠤᠭᠤᠷᠢᠭᠤᠯ ᠮᠠᠯᠠᠭᠠᠢ ᠶᠢ ᠪᠤᠯ ᠦᠨᠡᠬᠡᠨ ᠠᠷᠠᠰᠤ ᠪᠤᠶᠤ ᠲᠠᠩ ᠦᠩᠬᠡ ᠶᠢᠨ ᠬᠤᠷᠠᠭᠠᠨ  ᠠᠷᠠᠰᠤᠨ ᠳᠤ ᠬᠦᠭᠡ ᠪᠤᠶᠤ ᠬᠦᠷᠡᠩ ᠲᠤᠷᠭᠠᠨ ᠭᠠᠳᠠᠷ ᠲᠠᠳᠠᠵᠤ ᠬᠢᠳᠡᠭ᠂ ᠤᠷᠤᠢ ᠲᠡᠭᠡᠷ᠎ᠡ   ᠨᠢ ᠤᠯᠠᠭᠠᠨ ᠰᠤᠸᠠᠮᠫᠠᠨ ᠲᠠᠢ᠂ ᠰᠤᠸᠠᠮᠫᠠᠨ ᠢᠶᠠᠨ ᠲᠤᠭᠤᠷᠢᠭᠠᠳ ᠲᠠᠪᠠ ᠲᠠᠢ᠂ ᠰᠢᠯᠢ ᠳᠤᠨᠢ ᠬᠤᠶᠠᠷ ᠪᠦᠴᠡ ᠬᠠᠳᠠᠭᠰᠠᠨ ᠪᠠᠶᠢᠳᠠᠭ᠃ ᠬᠤᠯᠤᠭᠤᠪᠴᠢ ᠮᠠᠯᠠᠭᠠᠢ ᠪᠤᠯ ᠮᠦᠨ ᠬᠦ᠋ ᠦᠨᠡᠭᠡᠨ ᠠᠷᠠᠰᠤ ᠪᠤᠶᠤ ᠬᠤᠷᠠᠭᠠᠨ ᠠᠷᠠᠰᠤ ᠳᠤ ᠭᠠᠳᠠᠷ ᠳᠠᠳᠠᠵᠤ ᠬᠢᠭᠰᠡᠨ ᠱᠤᠪᠤᠭᠤᠷ ᠭᠡᠯᠪᠡᠷᠢ ᠲᠠᠢ᠂ ᠰᠢᠯᠢ ᠪᠠᠨ ᠪᠦᠳᠡᠭᠡᠭᠰᠡᠨ ᠬᠤᠷᠮᠤᠢ ᠲᠠᠢ᠂ ᠡᠷᠡᠦ ᠳᠡᠭᠡᠨ ᠲᠤᠯᠳᠠᠯ᠎ᠠ ᠪᠦᠴᠡᠯᠡᠵᠦ ᠪᠤᠯᠬᠤ ᠬᠠᠴᠠᠷᠯᠠᠭᠰᠠᠨ ᠴᠢᠬᠢᠪᠴᠢ ᠲᠠᠢ ᠮᠠᠯᠠᠭᠠᠢ  ᠃ ᠡᠷᠡᠭᠳᠡᠶᠢᠴᠤᠳ ᠭᠡᠳᠡ ᠬᠢᠳᠤᠭ᠎ᠠ  ᠂  ᠲᠠᠯᠢᠩ ᠬᠦᠬᠦᠷ᠂ ᠲᠠᠮᠠᠬᠢᠨ ᠤᠭᠤᠳᠠ ᠵᠡᠷᠭᠡ  ᠡᠳᠦᠷ ᠲᠤᠳᠤᠮ   ᠤᠨ ᠭᠡᠷᠡᠭᠯᠡᠬᠡᠨ ᠤ ᠡᠳ᠋ᠯᠡᠯ ᠢ  ᠵᠡᠬᠦᠳᠡᠭ ᠪᠦᠬᠡᠳ ᠭᠠᠷ  ᠲᠠᠭᠠᠨ ᠠᠯᠳᠠ ᠮᠦᠩᠬᠦᠨ ᠪᠦᠬᠡᠵᠢ ᠵᠡᠬᠦᠳᠡᠭ᠃      ᠡᠮᠡᠭᠳᠡᠶᠢᠴᠤᠳ ᠤᠨ ᠬᠤᠪᠴᠠᠰᠤ ᠵᠠᠰᠠᠯ  ᠄  ᠡᠮᠡᠭᠳᠠᠶᠢᠴᠤᠳ ᠭᠤᠣᠯᠳᠠᠭᠤ ᠴᠡᠩᠭᠡᠷ᠂ ᠨᠣᠭᠤᠭᠠᠨ᠂ ᠬᠦᠨ ᠨᠤᠭᠤᠭᠠᠨ᠂ ᠭᠡᠭᠡᠪᠲᠦᠷ ᠬᠦᠭᠡ ᠴᠡᠩᠭᠡᠷ ᠵᠡᠷᠭᠡ ᠢᠯᠭᠤᠮ ᠥᠩᠭᠡ ᠶᠢᠨ ᠴᠢᠰᠴᠡᠤ᠂ ᠲᠣᠷᠭ᠎ᠠ ᠶᠢ  ᠰᠤᠩᠭᠤᠵᠤ  ᠲᠡᠷᠯᠢᠭ ᠬᠢᠨ᠎ᠡ᠃ ᠡᠮᠡᠭᠲᠡᠢ ᠬᠥᠮᠥᠨ ᠨᠡᠭᠡᠢ ᠳᠡᠪᠡᠯ ᠪᠠᠷᠤᠭ ᠡᠮᠦᠰᠬᠦ ᠦᠭᠡᠢ ᠪᠦᠭᠡᠳ ᠪᠦᠰᠡ ᠪᠦᠰᠡᠯᠡᠳᠡᠭ ᠦᠭᠡᠢ᠃ ᠬᠠᠷᠢᠨ ᠬᠠᠨᠵᠢᠶᠠᠷ ᠡᠮᠦᠰᠦᠨ᠎ᠡ᠃ ᠬᠠᠨᠵᠢᠶᠠᠷ ᠢ ᠲᠡᠪᠡᠯ ᠠᠴᠠ ᠥᠩᠭᠡ ᠢᠯᠭᠠᠬᠳᠠᠬᠤ ᠭᠡᠭᠡᠪᠲᠦᠷ ᠥᠩᠭᠡ ᠶᠢᠨ ᠲᠣᠷᠭ᠎ᠠ   ᠪᠠᠷ ᠬᠢᠨ᠎ᠠ᠃ ᠵᠢᠯ ᠴᠠᠭᠠᠨ ᠰᠠᠷ᠎ᠠ ᠪᠠᠶᠠᠷ ᠨᠠᠶᠢᠷ ᠲᠤ ᠡᠮᠡᠭᠳᠡᠶᠢᠴᠤᠳ ᠤᠤᠵᠢ ᠡᠮᠦᠰᠳᠡᠭ᠃ ᠤᠤᠵᠢ ᠪᠣᠯ ᠲᠠᠶᠢᠹᠤᠰᠧ ᠡᠮᠡᠭᠳᠡᠶᠢᠴᠦᠳ ᠤᠨ ᠬᠡᠷᠡᠭᠯᠡᠳᠡᠭ ᠲᠦᠷᠦ ᠶᠢᠨ ᠡᠳ᠋ᠯᠡᠯ ᠪᠤᠯᠤᠨ᠎ᠠ  ᠂ ᠬᠡᠦᠬᠡᠨ ᠬᠦᠮᠦᠨ ᠡᠮᠦᠰᠬᠦ ᠦᠭᠡᠢ᠃ ᠤᠤᠵᠢ ᠪᠣᠯ ᠬᠤᠭᠤᠯᠠᠶᠢᠪᠴᠢ ᠦᠭᠡᠢ ᠲᠣᠭᠤᠷᠢᠭ ᠵᠠᠭᠠᠮ᠎ᠠ ᠲᠠᠢ᠂ ᠬᠤᠷᠭᠤᠢ ᠰᠢᠯᠪᠢ ᠲᠠᠢ᠂ ᠮᠥᠩᠬᠦᠨ ᠳᠣᠪᠴᠢ  ᠲᠠᠢ᠂ ᠬᠠᠨᠴᠣᠢ ᠦᠭᠡᠢ ᠴᠡᠭᠡᠵᠢᠮᠡᠭ ᠮᠥᠷᠦ ᠲᠠᠢ᠂ ᠳᠦᠷᠪᠡᠨ ᠬᠤᠷᠮᠣᠢ ᠳᠦᠷᠪᠡᠨ ᠵᠠᠶᠢᠴᠠ ᠲᠠᠢ ᠵᠠᠰᠠᠯ ᠤᠨ ᠬᠤᠪᠴᠠᠰᠤ᠃ ᠵᠠᠭᠠᠮ᠎ᠠ᠂ ᠡᠩᠭᠡᠷ᠂ ᠮᠦᠷᠦ  ᠂ ᠰᠤᠭᠤ᠂ ᠳᠦᠷᠪᠡᠨ ᠬᠤᠷᠮᠤᠢ ᠶᠢ ᠴᠦᠮ ᠥᠩᠭᠡ ᠶᠢᠨ ᠬᠤᠷᠭᠤᠢ  ᠪᠠᠷ ᠳᠦᠷᠪᠡᠨ ᠬᠤᠷᠤᠭᠤ ᠡᠮᠵᠢᠶᠠᠷᠢᠯᠡᠨ ᠣᠶᠤᠵᠤ᠂ ᠭᠤᠷᠪᠠᠨ ᠵᠠᠶᠢᠴᠡ ᠶᠢᠨ ᠲᠣᠯᠣᠭᠠᠢ ᠳᠤ ᠴᠦᠮ ᠵᠤᠤᠪᠠᠩ ᠲᠣᠯᠣᠭᠠᠢ ᠲᠠᠢ ᠳᠦᠷᠪᠡᠯᠵᠢᠨ ᠳᠠᠷᠤᠭᠤᠯᠭ᠎ᠠ ᠳᠠᠷᠤᠵᠤ ᠤᠶᠤᠬᠰᠠᠨ ᠪᠠᠶᠢᠳᠠᠭ᠃ ᠳᠠᠶᠢᠹᠤᠰᠧ ᠪᠦᠰᠡᠭᠦᠦᠶᠢᠴᠦᠳ ᠭᠤᠣᠯᠳᠠᠭᠤ ᠬᠡ ᠭᠠᠷᠭᠠᠵᠦ ᠰᠢᠷᠢᠭᠰᠡᠨ ᠬᠠᠪᠴᠢᠶᠠᠷᠢ ᠲᠠᠢ ᠪᠦᠰ ᠭᠤᠳᠤᠯ ᠪᠠ ᠬᠠᠷ᠎ᠠ ᠰᠠᠷᠢᠰᠤᠨ ᠬᠠᠪᠴᠢᠶᠠᠷᠢ ᠲᠠᠢ ᠬᠦᠮ ᠭᠤᠳᠤᠯ ᠡᠮᠦᠰᠳᠡᠭ᠂ ᠠᠶᠢᠯ ᠬᠤᠳᠠ ᠵᠠᠭᠤᠷ᠎ᠠ ᠪᠠᠨ ᠪᠦᠰ ᠱᠠᠬᠠᠢ ᠡᠮᠦᠰᠬᠦ ᠪᠠ ᠬᠤᠸᠠᠷ ᠬᠠᠳᠬᠤᠬᠰᠠᠨ ᠱᠠᠬᠠᠢ ᠴᠦ ᠡᠮᠦᠰᠦᠨ᠎ᠠ᠃ ᠬᠠᠪᠤᠷ ᠨᠠᠮᠤᠷ ᠨᠢ ᠥᠮᠦᠳᠦᠨ ᠤ ᠭᠠᠳᠠᠭᠤᠷ ᠲᠤᠬᠤ ᠬᠡᠮᠡᠬᠦ ᠭᠤᠶᠠᠪᠴᠢ ᠡᠮᠦᠰᠳᠡᠭ᠃  ᠳᠠᠶᠢᠹᠤᠰᠧ ᠪᠦᠰᠡᠭᠦᠦᠶᠢᠴᠦᠳ ᠤᠨ ᠲᠣᠯᠣᠭᠠᠢ ᠶᠢᠨ ᠵᠠᠰᠠᠯ ᠨᠢ ᠲᠠᠶᠢᠹᠤᠰᠧ ᠵᠠᠰᠠᠯ ᠬᠡᠮᠡᠨ ᠴᠠᠬᠠᠷ ᠨᠤᠲᠤᠭ ᠲᠤ ᠠᠯᠳᠠᠷᠲᠠᠢ᠃ ᠰᠦᠢᠭᠡ ᠪᠣᠯ ᠲᠠᠶᠢᠹᠤᠰᠧ ᠵᠡᠭᠦᠨ ᠭᠠᠷ ᠡᠮᠡᠭᠳᠠᠶᠢᠴᠤᠳ ᠤᠨ ᠲᠥᠷᠦ ᠶᠢᠨ ᠡᠳ᠋ᠯᠡᠯ  ᠪᠠᠶᠢᠵᠤ᠂ ᠤᠯᠠᠩᠬᠢ ᠳᠠᠭᠠᠨ ᠲᠠᠪᠤᠨ ᠰᠢᠬᠢᠳᠭᠡ᠂ ᠭᠤᠷᠪᠠᠨ ᠬᠦᠯ ᠲᠠᠢ ᠡᠯᠬᠦᠮᠡᠯ ᠮᠦᠩᠬᠦᠨ ᠰᠦᠢᠬᠡ  ᠪᠠᠶᠢᠳᠠᠭ᠃ ᠲᠠᠶᠢᠹᠤᠰᠧ ᠪᠤᠭᠤᠳᠠᠰᠤ ᠪᠤᠯ ᠲᠠᠶᠢᠹᠤᠰᠧ  ᠵᠡᠬᠦᠨ ᠭᠠᠷ ᠤᠨ ᠤᠨᠴᠠᠯᠢᠭ ᠪᠦᠬᠦᠢ ᠲᠤᠯᠤᠭᠠᠢ ᠶᠢᠨ ᠵᠠᠰᠠᠯ  ᠪᠠᠶᠢᠵᠤ᠂ ᠰᠠᠨᠴᠤᠭ᠂ ᠰᠢᠬᠠᠯᠭ᠎ᠠ᠂ ᠮᠠᠩᠨᠠᠢ ᠶᠢᠨ ᠲᠤᠤᠷ᠂ ᠲᠠᠳᠠᠭᠤᠷ᠂ ᠤᠨᠵᠢᠭᠤᠷᠭ᠎ᠠ᠂ ᠰᠢᠯᠢ ᠲᠤᠤᠷ ᠵᠡᠷᠭᠡ ᠪᠠᠷ ᠪᠦᠷᠢᠯᠳᠦᠨ᠎ᠡ᠃ ᠲᠠᠶᠢᠹᠤᠰᠧ ᠡᠮᠡᠭᠳᠡᠶᠢᠴᠤᠳ   ᠤᠨ ᠮᠠᠯᠠᠭᠠᠢ ᠪᠤᠯ ᠬᠠᠷ᠎ᠠ ᠬᠢᠯᠢᠩ ᠲᠤᠭᠤᠷᠢᠭᠤᠯ ᠮᠠᠯᠠᠭᠠᠢ ᠪᠠ ᠬᠠᠷ᠎ᠠ ᠦᠬᠡᠳᠡᠩ ᠲᠤᠭᠤᠷᠢᠭᠤᠯ ᠮᠠᠯᠠᠭᠠᠢ ᠪᠤᠯᠤᠨ᠎ᠠ᠃ ᠮᠦᠨ ᠬᠠᠷ᠎ᠠ ᠦᠬᠡᠳᠡᠩ ᠪᠤᠶᠤ ᠬᠠᠷ᠎ᠠ ᠬᠢᠯᠢᠩ ᠲᠤᠭᠤᠷᠢᠭᠤᠯ ᠰᠠᠷᠠᠪᠴᠢ ᠲᠠᠢ᠂ ᠵᠢᠷᠭᠤᠭᠠᠨ ᠲᠠᠯᠠᠳᠤ ᠤᠷᠤᠢ ᠲᠠᠢ᠂ ᠤᠷᠤᠢ ᠲᠡᠭᠡᠷ᠎ᠡ ᠨᠢ ᠵᠠᠩᠬᠢᠳᠤᠮᠠᠯ ᠬᠠᠷ᠎ᠠ ᠰᠤᠸᠠᠮᠫᠠᠨ ᠲᠠᠢ᠂ ᠲᠤᠭᠤᠷᠢᠭᠠᠳ ᠠᠯᠳᠠᠨ ᠤᠳᠠᠰᠤ ᠪᠠᠷ ᠤᠷᠠᠯᠠᠭᠰᠠᠨ ᠵᠢᠷᠭᠤᠭᠠᠨ ᠲᠠᠪᠠ ᠲᠠᠢ᠂ ᠠᠷᠤ ᠳᠠᠭᠠᠨ ᠬᠤᠶᠠᠷ ᠤᠯᠠᠭᠠᠨ ᠪᠦᠴᠡ ᠲᠠᠢ ᠪᠠᠶᠢᠳᠠᠭ᠃ ᠡᠮᠡᠭᠳᠡᠶᠢᠴᠤᠳ  ᠶᠡᠷᠦ ᠳᠡᠭᠡᠨ ᠪᠠᠭᠤᠤ᠂ ᠪᠦᠬᠡᠵᠢ᠂ ᠡᠭᠡᠮᠦᠭ ᠵᠡᠬᠦᠨ᠎ᠡ᠃  ᠪᠠᠭᠤᠤ ᠳᠤ ᠭᠡ ᠲᠠᠢ  ᠮᠦᠩᠬᠦᠨ ᠪᠠᠭᠤᠤ ᠪᠠ ᠴᠤᠯᠭᠤᠢ ᠮᠦᠩᠬᠦᠨ ᠪᠠᠭᠤᠤ᠂ ᠬᠤᠤᠰ ᠮᠦᠩᠬᠦᠨ ᠪᠠᠭᠤᠤ᠂ ᠱᠢᠷᠦ ᠤᠭ᠍ᠶᠤ ᠰᠢᠬᠢᠳᠭᠡᠷᠢ ᠲᠠᠢ ᠮᠦᠩᠬᠦᠨ ᠪᠠᠭᠤᠤ ᠵᠡᠷᠭᠡ ᠪᠠᠶᠢᠳᠠᠭ᠃ ᠮᠦᠨ ᠶᠢᠰᠦᠨ ᠡᠷᠳᠡᠨᠢ ᠶᠢᠨ ᠨᠢᠬᠡ ᠬᠡᠮᠡᠨ ᠵᠡᠰ ᠪᠠᠭᠤᠤ  ᠵᠡᠬᠦᠬᠦ ᠴᠤ ᠪᠤᠢ᠃ ᠡᠭᠡᠮᠦᠭ ᠲᠤ ᠠᠯᠳᠠᠨ ᠭᠠᠷᠠᠬ᠎ᠠ ᠪᠠᠶᠢᠬᠤ ᠪᠦᠭᠡᠳ ᠤᠯᠠᠩᠬᠢ ᠨᠢ ᠰᠤᠪᠤᠳ ᠤᠨᠵᠢᠯᠭ᠎ᠠ ᠲᠠᠢ᠂ ᠱᠢᠷᠦ ᠤᠨᠵᠢᠯᠭ᠎ᠠ ᠲᠠᠢ ᠂ ᠨᠤᠭᠤᠭᠠᠨ ᠨᠠᠪᠴᠢᠨ ᠢᠨᠳᠡᠷᠨᠢᠯᠡ ᠤᠨᠵᠢᠯᠭ᠎ᠠ ᠲᠠᠢ ᠲᠠᠢ ᠪᠠ ᠱᠢᠷᠦ ᠰᠢᠬᠢᠳᠭᠡᠭᠰᠡᠨ ᠮᠦᠩᠬᠦᠨ ᠡᠬᠡᠮᠦᠭ ᠵᠡᠬᠦᠨ᠎ᠡ᠃ ᠡᠮᠡᠭᠳᠡᠶᠢᠴᠤᠳ ᠭᠤᠤᠯᠳᠠᠭᠤ ᠪᠡᠰᠡᠷᠡᠭᠭᠡᠨ ᠬᠠᠰ ᠪᠤᠶᠤ ᠨᠤᠮᠢᠨ ᠬᠦᠬᠦᠷ ᠭᠡᠷᠡᠭᠯᠡᠨ᠎ᠡ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号