︽ᠬᠠᠭᠠᠨ  ᠤ ᠠᠳᠤᠭᠤᠨ ᠵᠤᠰᠠᠭᠠᠯ ︾
ᠨᠡᠶᠢᠲᠡᠯᠡᠭᠰᠡᠨ ᠴᠠᠭ᠄
2017/6/21
 ︽ᠬᠠᠭᠠᠨ  ᠤ ᠠᠳᠤᠭᠤᠨ ᠵᠤᠰᠠᠭᠠᠯ  ︾ ᠵᠤᠭᠠᠴᠠᠯ  ᠤᠨ ᠤᠷᠤᠨ ᠲᠠᠶᠢᠹᠤᠰᠧ  ᠬᠤᠰᠢᠭᠤᠨ ᠤ ᠬᠦᠨᠪᠤᠯᠠᠭ  ᠰᠤᠮᠤᠨ   ᠳᠤ ᠪᠠᠶᠢᠷᠢᠯᠠᠵᠤ᠂  ᠰᠢᠯᠢ  ᠶᠢᠨ ᠭᠤᠤᠯ  ᠤᠨ ᠲᠠᠯ᠎ᠠ ᠨᠤᠳᠤᠭ  ᠲᠡᠭᠡᠷᠡᠬᠢ ᠪᠡᠭᠡᠵᠢᠩ᠂ ᠲᠢᠶᠠᠨᠵᠢᠨ᠂ ᠾᠧᠪᠸᠢ ᠤᠷᠤᠨ  ᠠᠴᠠ ᠬᠠᠮᠤᠭ ᠤᠶᠢᠷ᠎ᠠ ᠪᠠᠶᠢᠭ᠎ᠠ᠂ ᠮᠤᠩᠭᠤᠯ ᠬᠡᠪ ᠵᠠᠩᠰᠢᠯ ᠪᠠ ᠬᠠᠭᠠᠨ  ᠤ ᠠᠳᠤᠭᠤᠨ ᠰᠤᠶᠤᠯ  ᠤᠶᠠᠯᠳᠤᠭᠰᠠᠨ ᠵᠤᠭᠠᠴᠠᠯ  ᠤᠨ ᠲᠤᠮᠤ ᠦᠵᠡᠮᠵᠢᠳᠦ ᠴᠡᠭ ᠪᠤᠯᠬᠤ ᠶᠤᠮ᠃   2006  — 2014 ᠤᠨ ᠳᠤ ᠵᠤᠭᠠᠴᠠᠯ  ᠤᠨ ᠤᠷᠤᠨ ᠨᠢ  ︽ᠪᠦᠬᠦ ᠤᠯᠤᠰ  ᠤᠨ ᠮᠤᠷᠢᠨ ᠮᠡᠷᠭᠡᠵᠢᠯ  ᠤᠨ  ᠲᠦᠩᠰᠡ ᠲᠤᠭᠤᠷᠢᠬᠤ  ᠤᠷᠤᠯᠳᠤᠭᠠᠨ ᠵᠢᠴᠢ ᠲᠠᠯ᠎ᠠ ᠨᠤᠳᠤᠭ  ᠤᠨ ᠬᠠᠭᠠᠨ  ᠤ ᠠᠳᠤᠭᠤᠨ ᠰᠤᠶᠤᠯ  ᠤᠨ ᠨᠠᠶᠢᠷ︾  ᠢ  ᠲᠦᠷᠪᠡᠨ ᠬᠤᠭᠤᠴᠠᠭ᠎ᠠ ᠠᠮᠵᠢᠯᠳᠠᠳᠠᠢ  ᠡᠷᠬᠢᠯᠡᠭᠰᠡᠨ ᠪᠠᠶᠢᠨ᠎ᠠ᠃ ᠤᠳᠤ ᠵᠤᠭᠠᠴᠠᠯ  ᠤᠨ ᠤᠷᠤᠨ ᠤ ᠶᠡᠷᠦᠩᠭᠡᠢ ᠲᠠᠯᠠᠪᠠᠢ 1.5 ᠲᠦᠮᠡᠨ ᠮᠤ᠋  ᠂  ᠪᠡᠯᠴᠢᠭᠡᠷ  ᠤᠨ ᠪᠦᠷᠬᠦᠴᠡ 100%  ᠂ ᠪᠠᠷᠢᠯᠭ᠎ᠠ ᠶᠢᠨ ᠲᠠᠯᠠᠪᠠᠢ 1.3 ᠲᠦᠮᠡᠨ ᠲᠡᠭᠰᠢ ᠲᠦᠷᠪᠡᠯᠵᠢᠨ ᠮᠧᠲᠷ   ᠲᠤ ᠬᠦᠷᠴᠦ᠂ 1000 ᠬᠦᠮᠦᠨ  ᠤ ᠪᠤᠳᠠᠭᠠᠯᠠᠭ᠎ᠠ᠂ 700 ᠬᠦᠮᠦᠨ  ᠤ ᠬᠤᠨᠤᠭ ᠢ  ᠪᠡᠯᠡᠳᠭᠡᠭᠰᠡᠨ ᠪᠦᠬᠡᠳ ᠮᠤᠷᠢᠨ ᠤᠷᠤᠯᠳᠤᠭᠠᠨ  ᠤ ᠪᠠᠷᠢᠮᠵᠢᠶᠠᠳᠤ ᠲᠠᠯᠠᠪᠠᠢ ᠬᠢᠬᠡᠳ ᠮᠤᠷᠢᠨ ᠮᠡᠷᠭᠡᠵᠢᠯ  ᠤᠨ  ᠲᠦᠩᠰᠡ ᠲᠤᠭᠤᠷᠢᠬᠤ ᠤᠷᠤᠯᠳᠤᠭᠠᠨ  ᠤ ᠲᠠᠯᠠᠪᠠᠢ ᠵᠡᠷᠭᠡ ᠦᠨᠳᠦᠷ ᠲᠡᠰ  ᠤᠨ ᠨᠠᠶᠢᠷ ᠨᠠᠭᠠᠳᠤᠮ  ᠤᠨ ᠲᠦᠷᠦᠯ ᠵᠦᠢᠯ  ᠢ ᠪᠦᠷᠢᠳᠦᠬᠦᠯᠦᠭᠰᠡᠨ ᠪᠠᠶᠢᠳᠠᠭ᠃  
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号