ᠪᠢᠳᠡᠬᠦᠯᠡᠬᠦ
ᠨᠡᠶᠢᠲᠡᠯᠡᠭᠰᠡᠨ ᠴᠠᠭ᠄
2018/7/20
   ᠪᠢᠳᠡᠬᠦᠯᠡᠬᠦ ᠪᠠ ᠰᠢᠨᠡᠯᠡᠬᠦ ᠪᠤᠯ ᠬᠤᠨᠤᠭ ᠤᠨ ᠬᠤᠭᠤᠷᠤᠨᠳᠤ ᠵᠠᠯᠭᠠᠯᠳᠤᠭᠰᠠᠨ᠂ ᠬᠠᠭᠤᠴᠢᠨ ᠵᠢᠯ ᠢᠶᠠᠨ ᠦᠳᠡᠨ ᠮᠤᠷᠳᠠᠭᠤᠯᠵᠤ᠂ ᠰᠢᠨ᠎ᠡ ᠵᠢᠯ ᠢᠶᠠᠨ ᠪᠠᠶᠠᠷᠯᠠᠨ ᠤᠭᠳᠤᠵᠤ᠂ ᠨᠠᠰᠤ ᠨᠡᠮᠡᠭᠰᠡᠨ ᠪᠠᠶᠠᠷ ᠢᠶᠠᠨ ᠪᠡᠯᠭᠡᠯᠡᠬᠦ ᠬᠠᠮ ᠪᠠᠶᠠᠷ ᠨᠠᠶᠢᠷ ᠪᠤᠯᠤᠨ᠎ᠠ᠃  ︽ ᠭᠠᠯ ᠲᠠᠬᠢᠬᠤ ᠶᠢᠨ ᠬᠤᠷᠢᠨ ᠭᠤᠷᠪᠠᠨ︾ ᠠᠴᠠ  ᠪᠢᠳᠡᠭᠦᠨ ᠬᠦᠷᠳᠡᠯᠡᠬᠢ  ᠲᠤᠯᠤᠭᠠᠨ ᠡᠳᠦᠷ  ᠪᠤᠯ ᠰᠢᠨ᠎ᠡ ᠶᠢᠨ ᠪᠡᠯᠡᠳᠭᠡᠯ   ᠤᠨ ᠶᠠᠭᠠᠷᠠᠤ ᠬᠤᠭᠤᠴᠠᠭ᠎ᠠ  ᠃  ᠪᠤᠤᠪᠤ ᠪᠤᠭᠤᠷᠰᠤᠭ ᠬᠠᠭᠠᠷᠢᠬᠤ᠂ ᠰᠢᠨ᠎ᠡ  ᠶᠢᠨ ᠱᠦᠯᠦᠨ ᠤ ᠶᠠᠭᠤᠮ᠎ᠠ ᠪᠡᠯᠡᠳᠭᠡᠬᠦ᠂ ᠪᠡᠯᠡᠭ ᠰᠡᠯᠳᠡ ᠲᠦᠬᠦᠭᠡᠷᠬᠦ᠂ ᠪᠠᠩᠰᠢ ᠪᠤᠤᠽᠢ ᠪᠠᠷᠢᠬᠤ ᠵᠡᠷᠭᠡ ᠠᠵᠢᠯ ᠳᠤ ᠶᠠᠭᠠᠷᠠᠨ᠎ᠠ᠃ ᠠᠶᠢᠯ ᠪᠦᠷᠢ ᠭᠡᠳᠦᠨ ᠵᠠᠭᠤ ᠠᠴᠠ ᠬᠡᠳᠦᠨ ᠮᠢᠩᠭᠠᠭᠠᠳ ᠪᠠᠩᠰᠢ ᠪᠠᠷᠢᠵᠤ ᠬᠦᠯᠳᠡᠭᠡᠬᠦ ᠪᠦᠭᠡᠳ ᠪᠠᠩᠰᠢ ᠲᠤᠳᠤᠷ᠎ᠠ ᠪᠠᠨ ᠠᠷᠢᠭᠤᠳᠬᠠᠵᠤ ᠴᠡᠪᠡᠷᠯᠡᠭᠰᠡᠨ ᠵᠢᠵᠢᠭ ᠮᠦᠩᠬᠦᠨ ᠵᠤᠭᠤᠰ᠂ ᠭᠠᠤᠯᠢᠨ ᠵᠤᠭᠤᠰ᠂ ᠵᠠᠷᠢᠮ ᠳᠤᠨᠢ ᠴᠠᠭᠠᠨ ᠤᠳᠠᠰᠤ ᠬᠢᠵᠦ ᠪᠤᠭᠤᠳᠠᠭ᠃ ᠵᠤᠭᠤᠰ ᠲᠠᠢ ᠪᠠᠩᠰᠢ ᠤᠯᠵᠤ ᠢᠳᠡᠭᠰᠡᠨ ᠬᠦᠮᠦᠨ ᠢ ᠤᠯᠵᠠ ᠤᠯᠤᠨ᠎ᠠ ᠭᠡᠬᠦ ᠪᠠ ᠤᠳᠠᠰᠤ ᠲᠠᠢ ᠪᠠᠩᠰᠢ  ᠲᠠᠭᠠᠷᠠᠭᠰᠠᠨ ᠬᠦᠮᠦᠨ ᠢ ᠤᠷᠳᠤ ᠨᠠᠰᠤᠯᠠᠨ᠎ᠠ ᠬᠡᠮᠡᠨ ᠪᠡᠯᠭᠡᠰᠢᠶᠡᠳᠡᠭ᠃ ᠪᠢᠳᠡᠭᠦᠨ ᠠᠴᠠ ᠡᠮᠦᠨ᠎ᠡ  ᠬᠠᠭᠤᠴᠢᠨ ᠵᠢᠯ ᠳᠡᠭᠡᠨ ᠬᠡᠦᠭᠡᠨ ᠢᠶᠠᠨ ᠡᠷᠬᠢᠨ᠎ᠡ᠃ ᠬᠡᠦᠭᠡᠨ ᠡᠷᠬᠢᠬᠦ   ᠳᠤ ᠭᠤᠤᠯᠳᠠᠭᠤ ᠪᠤᠯᠭᠤᠭᠰᠠᠨ ᠬᠤᠨᠢᠨ ᠤ ᠮᠢᠬ᠎ᠠ ᠪᠤᠶᠤ ᠴᠠᠭᠠᠨ ᠢᠳᠡᠭᠡ  ᠂ ᠪᠤᠤᠪᠤ ᠪᠤᠭᠤᠷᠰᠤᠭ ᠭᠡᠷᠡᠭᠯᠡᠨ᠎ᠡ᠃  ᠪᠢᠳᠡᠬᠦᠨ ᠤ ᠡᠳᠦᠷ ᠪᠤᠯᠬᠤ ᠳᠤ ᠬᠡᠷ ᠲᠡᠷᠭᠡ᠂ ᠡᠬᠦᠳᠡ ᠬᠠᠭᠠᠯᠭ᠎ᠠ᠂ ᠬᠦᠷᠢᠶ᠎ᠡ ᠬᠠᠰᠢᠶ᠎ᠠ ᠪᠠᠨ ᠬᠢᠯᠠ ᠪᠠᠭᠤᠳᠠᠯ᠎ᠠ ᠴᠡᠪᠡᠷᠯᠡᠵᠦ᠂ ᠮᠤᠷᠢ  ᠤᠨᠤᠭᠠᠨ ᠤ  ᠪᠠᠨ ᠲᠠᠯ ᠢ ᠨᠢ ᠵᠠᠰᠠᠨ᠂ ᠡᠮᠡᠬᠡᠯ ᠬᠠᠵᠠᠭᠠᠷ᠂ ᠡᠮᠦᠰᠬᠦ ᠲᠡᠪᠡᠯ᠂ ᠪᠦᠰᠡ᠂ ᠮᠠᠯᠠᠭᠠᠢ᠂ ᠭᠤᠳᠤᠯ᠂ ᠡᠮᠡᠭᠳᠡᠶᠢᠴᠤᠳ  ᠤᠨ ᠵᠡᠬᠦᠬᠦ ᠵᠠᠰᠠᠯ ᠵᠢᠮᠰᠡᠭ ᠢᠶᠠᠨ ᠪᠡᠯᠡᠳᠭᠡᠵᠦ  ᠂  ᠵᠦᠯᠬᠦᠵᠦ ᠠᠷᠴᠢᠬᠤ᠂ ᠦᠰᠦ ᠲᠤᠯᠤᠭᠠᠢ ᠪᠠᠨ ᠤᠬᠢᠶᠠᠬᠤ᠂ ᠴᠠᠭᠠᠨ ᠢᠳᠡᠭᠡ ᠵᠠᠰᠠᠬᠤ᠂ ᠤᠯᠪᠤᠭ ᠰᠢᠷᠳᠡᠭ ᠲᠡᠪᠢᠰᠬᠦ᠂ ᠬᠤᠤᠰ ᠤᠶᠠᠩᠭ᠎ᠠ ᠨᠠᠭᠠᠬᠤ᠂ ᠲᠡᠭᠷᠢ ᠶᠢᠨ ᠵᠤᠯᠠ ᠤᠷᠢᠶᠠᠬᠤ᠂  ᠮᠦᠷ ᠤᠨ ᠵᠦᠭ ᠦᠵᠡᠬᠦᠯᠬᠦ ᠵᠡᠷᠭᠡ ᠠᠵᠢᠯ ᠤᠳ ᠢ ᠠᠮᠵᠢᠨ ᠬᠦᠢᠴᠡᠳᠭᠡᠬᠦ ᠪᠠ  ᠪᠤᠷᠬᠠᠨ ᠢᠶᠠᠨ ᠠᠷᠴᠢᠵᠤ ᠵᠦᠯᠬᠦᠨ᠂ ᠲᠠᠬᠢᠯ ᠴᠦᠬᠦᠴᠡ ᠶᠢ ᠠᠷᠢᠭᠤᠳᠬᠠᠵᠤ᠂ ᠨᠢᠨᠳᠡᠷ ᠬᠠᠳᠠᠭ ᠡᠯᠬᠦᠨ᠂ ᠤᠰᠤᠨ ᠲᠠᠬᠢᠯ ᠲᠠᠬᠢᠨ᠎ᠠ ᠃ ᠪᠠᠰᠠ ᠰᠢᠨ᠎ᠡ ᠶᠢᠨ ᠨᠢᠭᠡᠨ ᠤ ᠲᠡᠭᠷᠢ ᠳᠤ ᠮᠦᠷᠬᠦᠬᠦ ᠶᠡᠨᠳᠡᠷ ᠢ ᠪᠡᠯᠡᠳᠭᠡᠨ᠎ᠡ᠃  ᠲᠤᠬᠠᠶᠢᠯᠠᠪᠠᠯ ᠬᠦᠷ ᠴᠠᠰᠤ ᠶᠢ ᠲᠤᠭᠤᠷᠢᠭᠯᠠᠨ ᠡᠰᠬᠡᠵᠦ ᠲᠤᠤᠷ᠎ᠠ ᠠᠴᠠ ᠲᠡᠭᠡᠭᠰᠢ ᠪᠠᠨ ᠶᠢᠰᠦᠨ ᠲᠠᠪᠬᠤᠷ ᠰᠤᠪᠤᠷᠭᠠᠯᠠᠨ ᠪᠤᠰᠬᠠᠭᠠᠳ᠂ 108 ᠰᠢᠷᠭᠡᠭ ᠴᠡᠪᠡᠷ ᠲᠡᠷᠡᠰᠦ ᠶᠢ ᠲᠤᠰᠪᠤᠷᠢ ᠲᠤᠷᠳᠤᠮ ᠰᠢᠨ᠎ᠡ ᠬᠦᠪᠦᠩ ᠢᠶᠠᠷ ᠤᠷᠢᠶᠠᠵᠤ ᠪᠠᠭᠯᠠᠭᠠᠳ ᠰᠢᠷ᠎ᠠ ᠲᠤᠰᠤ ᠴᠢᠳᠬᠤᠨ  ᠴᠠᠷᠴᠠᠭᠠᠵᠤ᠂ ᠶᠡᠨᠳᠡᠷ ᠲᠡᠭᠡᠷ᠎ᠡ ᠪᠠᠨ ᠬᠠᠳᠬᠤᠬᠤ ᠪᠠᠷ ᠪᠡᠯᠡᠳᠭᠡᠵᠦ ᠲᠠᠯᠪᠢᠨ᠎ᠠ᠃  ᠪᠢᠳᠡᠬᠦᠨ ᠳᠤ  ᠪᠢᠳᠡᠬᠦᠦ ᠡᠳᠦᠷ  ᠭᠡᠮᠡᠨ ᠭᠠᠳᠠᠭᠰᠢ ᠶᠠᠭᠤᠮ᠎ᠠ ᠭᠠᠷᠭᠠᠬᠤ ᠦᠬᠡᠢ᠂  ᠮᠦᠨᠴᠦ ᠠᠶᠢᠯ ᠠᠴᠠ ᠵᠢᠬᠡᠯᠡᠵᠦ ᠬᠡᠷᠡᠭᠯᠡᠭᠰᠡᠨ ᠶᠠᠭᠤᠮ᠎ᠠ ᠭᠡᠦᠮ᠎ᠡ ᠶᠢ ᠪᠢᠳᠡᠬᠦᠨ ᠠᠴᠠ ᠡᠮᠦᠨ᠎ᠡ ᠵᠠᠪᠠᠯ ᠪᠤᠴᠠᠭᠠᠨ᠎ᠠ᠃ ᠭᠠᠷ ᠮᠠᠯ ᠢ ᠪᠢᠳᠡᠬᠦᠨ ᠳᠤ ᠡᠷᠳᠡ ᠬᠤᠳᠠᠯᠠᠭᠤᠯᠳᠠᠭ ᠪᠦᠭᠡᠳ ᠭᠡᠷᠡᠭᠡ ᠭᠠᠳᠠᠨ᠎ᠠ ᠪᠤᠶᠤ ᠠᠶᠢᠯ ᠳᠤ ᠬᠤᠨᠤᠭᠤᠯᠬᠤ ᠦᠬᠡᠢ᠃ ᠬᠡᠦᠭᠡᠳ  ᠨᠤᠮ ᠪᠢᠴᠢᠭ  ᠢᠶᠠᠨ   ᠤᠯᠠᠭᠠᠨ ᠴᠠᠭᠠᠰᠤ ᠪᠤᠶᠤ ᠤᠯᠠᠭᠠᠨ ᠪᠦᠰ ᠢᠶᠠᠷ ᠪᠠᠭᠯᠠᠵᠤ ᠪᠢᠳᠡᠬᠦᠯᠡᠬᠦ ᠪᠠ ᠡᠮᠡᠭᠳᠡᠶᠢᠴᠤᠳ ᠵᠡᠬᠦᠦ ᠤᠳᠠᠰᠤ  ᠪᠠᠨ ᠭᠠᠷ ᠲᠠᠭᠠᠷᠴᠤᠭ ᠲᠠᠭᠠᠨ  ᠪᠠᠭᠯᠠᠵᠤ ᠪᠢᠳᠡᠬᠦᠯᠡᠳᠡᠭ᠃  ᠦᠳᠡ ᠶᠢᠨ ᠬᠤᠶᠢᠨ᠎ᠠ ᠪᠢᠳᠡᠬᠦᠨ ᠤ ᠮᠢᠬ᠎ᠠ ᠪᠠᠨ ᠴᠢᠨᠠᠵᠤ ᠢᠳᠡᠭᠡ ᠪᠤᠳᠠᠭ᠎ᠠ ᠪᠠᠨ ᠪᠡᠯᠡᠳᠭᠡᠨ᠎ᠡ᠃ ᠪᠢᠳᠡᠬᠦᠨ ᠤ ᠢᠳᠡᠭᠡ ᠪᠦᠬᠦᠨ ᠤ ᠲᠡᠭᠡᠵᠢ ᠠᠴᠠ  ᠴᠡᠪᠡᠷᠭᠡᠨ ᠬᠤᠶᠠᠷ ᠰᠠᠪᠠᠨ ᠳᠤ ᠠᠪᠴᠤ᠂   ᠲᠤᠰᠪᠤᠷᠢ ᠪᠢᠳᠡᠬᠦᠨ ᠪᠠ ᠰᠢᠨ᠎ᠡ ᠶᠢᠨ ᠨᠢᠭᠡᠨ ᠤ ᠲᠡᠭᠷᠢ ᠳᠤ ᠡᠷᠬᠦᠬᠦ ᠳᠤ ᠪᠡᠯᠡᠳᠭᠡᠨ᠎ᠡ᠃   ᠤᠳᠤ ᠭᠠᠷᠬᠤ ᠶᠢᠨ ᠬᠢᠷᠢ ᠲᠡᠭᠷᠢ ᠳᠤ ᠵᠤᠯᠠ ᠪᠠᠨ ᠡᠷᠬᠦᠭᠡᠳ  ᠂ ᠫᠤᠤᠵᠢᠩ ᠲᠠᠯᠪᠢᠵᠤ ᠢᠳᠡᠭᠡᠨ ᠤ ᠲᠡᠭᠡᠵᠢ ᠪᠠᠨ ᠡᠷᠬᠦᠨ ᠮᠦᠷᠬᠦᠵᠦ᠂ ᠡᠬᠦᠨ ᠤ ᠵᠡᠷᠭᠡᠴᠡᠭᠡ ᠪᠠᠷ ᠭᠠᠯ ᠤᠨ ᠪᠤᠷᠬᠠᠨ ᠳᠠᠭᠠᠨ ᠲᠠᠬᠢᠭᠠᠳ ᠪᠢᠳᠡᠬᠦᠨ ᠤ ᠬᠤᠭᠤᠯᠠ ᠪᠠᠨ ᠢᠳᠡᠨ᠎ᠡ᠃  ᠬᠤᠭᠤᠯᠠᠨ ᠠᠴᠠ ᠡᠮᠦᠨ᠎ᠡ ᠦᠶ᠎ᠡ ᠲᠠᠷᠠᠭᠠᠯᠠᠨ ᠰᠠᠭᠤᠵᠠᠭᠠᠵᠤ᠂  ᠪᠡᠷᠢᠶᠠᠳ ᠴᠠᠢ ᠠᠶᠠᠭᠠᠯᠠᠵᠤ ᠴᠠᠭᠠᠨ ᠢᠳᠡᠭᠡ ᠲᠠᠯᠪᠢᠨ᠎ᠠ᠃ ᠴᠠᠢ ᠤᠤᠭᠤᠵᠤ ᠴᠠᠭᠠᠨ ᠢᠳᠡᠭᠡ ᠠᠮᠰᠠᠭᠰᠠᠨ ᠤ ᠲᠠᠷᠠᠭ᠎ᠠ᠂ ᠪᠢᠳᠡᠬᠦᠨ ᠤ ᠬᠤᠭᠤᠯᠠ ᠪᠠᠨ ᠭᠠᠷᠭᠠᠵᠤ᠂ ᠲᠤᠤᠷ᠎ᠠ ᠦᠶ᠎ᠡ ᠶᠢᠨ ᠬᠦᠮᠦᠰ ᠪᠤᠰᠴᠤ᠂ ᠲᠡᠪᠡᠯ ᠮᠠᠯᠠᠭᠠᠢ ᠪᠠᠨ ᠵᠠᠰᠠᠭᠠᠳ ᠨᠠᠰᠤᠳᠠᠶᠢᠴᠤᠳ ᠲᠠᠭᠠᠨ ᠠᠷᠢᠬᠢ ᠪᠠᠷᠢᠨ᠎ᠠ᠃  ᠪᠢᠳᠡᠬᠦᠨ ᠤ ᠰᠦᠨᠢ  ᠯᠾᠠᠮᠤ ᠪᠤᠷᠬᠠᠨ  ᠶᠢᠷᠳᠢᠨᠴᠦ ᠶᠢ ᠪᠦᠳᠦᠨ ᠨᠢᠭᠡ ᠡᠷᠬᠢᠵᠦ ᠠᠶᠢᠯ ᠬᠡᠭᠡᠯ ᠦᠬᠡᠢ  ᠱᠠᠬᠠᠶᠢᠵᠤ ᠦᠵᠡᠳᠡᠭ ᠬᠡᠮᠡᠨ ᠬᠡᠯᠡᠯᠴᠡᠳᠡᠭ ᠲᠤᠯᠠ  ᠪᠢᠳᠡᠬᠦᠨ ᠤ ᠪᠠᠩᠰᠢ ᠠᠴᠠ ᠯᠾᠠᠮᠤ ᠪᠤᠷᠬᠠᠨ   ᠤ ᠢᠳᠡᠭᠡᠨ ᠪᠤᠯᠭᠠᠵᠤ  ᠴᠤᠩᠬᠤᠨ‌‍ᠲ᠋ᠡᠭᠡᠷ᠎ᠡ ᠪᠠᠨ  ᠭᠤᠷᠪᠠ ᠶᠢ ᠲᠠᠯᠪᠢᠳᠠᠭ  ᠃  ᠪᠢᠳᠡᠬᠦᠨ ᠳᠤ ᠵᠠᠪᠠᠯ ᠪᠢᠳᠡᠬᠦᠦ ᠬᠤᠭᠤᠯᠠ ᠢᠳᠡᠬᠦ ᠪᠦᠭᠡᠳ ︽ᠲᠤᠯᠤᠭᠠᠨ ᠲᠤᠭᠤᠭ᠎ᠠ ᠲᠠᠯᠪᠢᠵᠤ ᠪᠢᠳᠡᠬᠦᠷᠡᠳᠡᠯ᠎ᠡ ᠪᠠᠨ ᠢᠳᠡᠨ᠎ᠡ︾ ᠬᠡᠳᠡᠭ᠃ ᠪᠢᠳᠡᠬᠦᠨ ᠤ ᠰᠦᠨᠢ ᠪᠠᠷᠤᠭ ᠤᠨᠳᠠᠬᠤ ᠦᠬᠡᠢ ᠦᠩᠬᠡᠷᠡᠭᠡᠳᠡᠭ ᠪᠦᠭᠡᠳ ᠳ᠋ᠧᠩ ᠵᠤᠯᠠ ᠠᠰᠠᠭᠠᠵᠤ ᠭᠡᠷᠡᠯ ᠭᠡᠭᠡ ᠲᠠᠢ ᠬᠤᠨᠤᠳᠠᠭ ᠶᠤᠮ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号