︽2018 ᠤᠨ ᠤ ᠲᠠᠶᠢᠹᠤᠰᠧ ᠬᠤᠰᠢᠭᠤᠨ ᠤ ᠲᠠᠯ᠎ᠠ ᠨᠤᠳᠤᠭ ᠤᠨ ᠮᠦᠩᠬᠦᠨ ᠡᠪᠦᠯ ᠤᠨ ᠨᠠᠭᠠᠳᠤᠮ︾ ᠶᠠᠪᠤᠭᠳᠠᠬᠤ ᠪᠠᠷ ᠪᠠᠶᠢᠨ᠎ᠠ
ᠨᠡᠶᠢᠲᠡᠯᠡᠭᠰᠡᠨ ᠴᠠᠭ᠄
2018/12/20

ᠦᠩᠰᠢᠭ ᠡᠪᠦᠯ ᠤᠨ ᠲᠠᠶᠢᠹᠤᠰᠧ ᠨᠤᠳᠤᠭ  ᠦᠩᠭᠡ ᠮᠦᠩᠭᠦᠨ ᠵᠠᠰᠠᠯ ᠲᠠᠢ ᠬᠢᠯᠪᠠᠵᠦ᠂ ᠠᠭᠠᠷ ᠭᠦᠢᠳᠡᠨ ᠡᠪᠤᠯ

 ᠳᠤᠨᠢ  ᠮᠦᠰᠤ ᠴᠠᠰᠤ  ᠬᠤᠩᠭᠤᠷᠯᠠᠨ᠂ ᠠᠯᠳᠠᠨ ᠨᠠᠷᠠᠨ ᠤ ᠲᠤᠶᠠᠭᠠᠨ ᠳᠤᠨᠢ ᠮᠦᠩᠭᠦᠨ ᠠᠭᠤᠯᠠᠰ  ᠬᠢᠯᠠᠯᠵᠠᠨᠠᠮ᠃

ᠠᠵᠢᠯᠴᠢ ᠴᠠᠴᠠᠨ ᠬᠦᠨᠪᠤᠯᠠᠭ ᠤᠨ ᠮᠠᠯᠴᠢᠳ ᠠᠳᠠᠯ ᠦᠢᠯᠡᠰ ᠢᠶᠠᠨ ᠪᠤᠰᠬᠠᠨ ᠴᠤᠭᠴᠠᠯᠠᠵᠤ᠂ ᠪᠠᠶᠠᠨ ᠴᠠᠭᠠᠨ ᠨᠠᠭᠤᠷ

 ᠲᠤᠨᠢ ᠪᠠᠶᠠᠷ ᠤᠨ ᠲᠠᠭᠤᠤ ᠰᠢᠷᠤᠩᠬᠠᠶᠢᠯᠠᠨ᠂ ᠪᠠᠭ᠋ᠠᠳᠤᠮ᠎ᠠ ᠬᠠᠯᠠᠭᠤᠨ ᠠᠮᠢᠳᠤᠷᠠᠯ ᠳᠤᠨᠢ ᠬᠦᠰᠡᠯ ᠢᠳᠡᠭᠡᠯ

ᠬᠦᠪᠴᠢᠯᠡᠭᠳᠡᠨᠡᠮ᠃

     ᠮᠦᠩᠬᠦᠨ ᠡᠪᠦᠯ ᠬᠠᠶᠠᠭᠠᠨ ᠳᠤ  ᠰᠠᠭᠠᠳᠠᠵᠤ᠂  ᠮᠦᠰᠦ  ᠴᠠᠰᠤ ᠲᠠᠯ᠎ᠠ ᠶᠢ  ᠴᠢᠮᠡᠭᠰᠡᠨ ᠦᠯᠵᠡᠢ ᠪᠡᠯᠭᠡᠳᠦ

ᠰᠠᠶᠢᠬᠠᠨ ᠡᠷᠡᠨ ᠢ ᠲᠤᠬᠢᠶᠠᠯᠳᠤᠭᠤᠯᠵᠤ᠂ ᠲᠤᠮᠳᠠᠳᠤ ᠤᠯᠤᠰ ᠤᠨ ᠠᠳᠤᠭᠤᠨ ᠤ ᠦᠢᠯᠡᠰ ᠤᠨ ᠨᠡᠶᠢᠬᠡᠮᠯᠢᠭ ᠤᠨ  

ᠦᠨᠳᠦᠰᠦᠳᠡᠨ ᠤ ᠮᠤᠷᠢᠨ ᠤᠷᠤᠯᠳᠤᠭᠠᠨ ᠤ ᠰᠤᠶᠤᠯ ᠤᠨ ᠵᠦᠪᠯᠡᠯ ᠬᠢᠭᠡᠳ ᠲᠠᠶᠢᠹᠤᠰᠧ ᠬᠤᠰᠢᠭᠤᠨ ᠤ ᠠᠷᠠᠳ ᠤᠨ

ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠭᠰᠡᠨ  ︽2018 ᠤᠨ ᠤ ᠲᠠᠶᠢᠹᠤᠰᠧ ᠬᠤᠰᠢᠭᠤᠨ ᠤ ᠲᠠᠯ᠎ᠠ

ᠨᠤᠳᠤᠭ ᠤᠨ ᠮᠦᠩᠬᠦᠨ ᠡᠪᠦᠯ ᠤᠨ ᠨᠠᠭᠠᠳᠤᠮ︾ 2018 ᠤᠨ ᠤ 12 ᠰᠠᠷ᠎ᠠ ᠶᠢᠨ 22 ᠤᠨ ᠡᠳᠦᠷ  ︽ᠬᠠᠭᠠᠨ

 ᠤ ᠠᠳᠤᠭᠤᠨ ᠵᠤᠰᠠᠭᠠᠯ︾ ᠵᠢᠭᠤᠯᠴᠢᠯᠠᠯ ᠤᠨ ᠤᠷᠤᠨ ᠳᠤ ᠦᠪᠡᠳᠡᠭᠰᠢ ᠶᠠᠪᠤᠭᠳᠠᠬᠤ ᠪᠠᠷ ᠪᠠᠶᠢᠭ᠎ᠠ᠃

      ᠲᠠᠶᠢᠹᠤᠰᠧ ᠬᠤᠰᠢᠭᠤᠨ ᠤ ᠪᠠᠨ ᠮᠦᠩᠬᠦᠨ ᠡᠪᠦᠯ ᠤᠨ ᠦᠩᠬᠡ ᠦᠵᠡᠮᠵᠢ  ᠂ ᠮᠦᠩᠬᠡ ᠶᠢᠨ ᠦᠪ ᠲᠠᠢ

ᠲᠡᠦᠬᠡ ᠰᠤᠶᠤᠯ ᠢ ᠤᠯᠠᠨ   ᠳᠤ ᠬᠠᠷᠠᠭᠤᠯᠵᠤ᠂  ᠲᠠᠶᠢᠹᠤᠰᠧ  ᠨᠤᠳᠤᠭ ᠤᠨ ᠢᠶᠠᠨ  ᠬᠠᠭᠠᠨ ᠤ ᠠᠳᠤᠭᠤᠨ ᠰᠤᠶᠤᠯ

 ᠤᠨ ᠦᠷᠦᠭᠡᠯ ᠠᠴᠠ ᠦᠰᠦᠳ ᠦᠪᠡᠷᠮᠢᠴᠡ ᠲᠠᠯ᠎ᠠ ᠶᠢ ᠲᠠᠶᠠᠭᠠᠷ ᠲᠤ ᠲᠠᠨᠢᠭᠤᠯᠤᠨ᠂  ᠪᠡᠭᠡᠵᠢᠩ ᠲᠢᠶᠠᠨᠵᠢᠨ

ᠾᠧᠪᠸᠢ ᠤᠷᠤᠨ ᠠᠴᠠ ᠬᠠᠮᠤᠭ ᠤᠶᠢᠷ᠎ᠠ  ᠪᠠᠶᠢᠷᠢ ᠲᠠᠢ ᠲᠠᠯ᠎ᠠ ᠨᠤᠳᠤᠭ ᠤᠨ ᠵᠢᠭᠤᠯᠴᠢᠯᠠᠯ ᠤᠨ ᠤᠷᠤᠨ   ᠢ  

ᠪᠠᠶᠢᠭᠤᠯᠬᠤ   ᠳᠤ ᠲᠦᠯᠬᠢᠴᠡ ᠬᠦᠴᠦᠨ  ᠨᠡᠮᠡᠷᠢᠯᠡᠵᠦ᠂ ᠦᠨᠳᠦᠰᠦᠳᠡᠨ ᠤ ᠤᠯᠠᠮᠵᠢᠯᠠᠯᠳᠤ ᠰᠢᠯᠢᠳᠡᠭ ᠰᠤᠶᠤᠯ ᠢ  

ᠲᠡᠯᠭᠡᠷᠡᠬᠦᠯᠦᠨ᠂ ᠲᠠᠯ᠎ᠠ ᠨᠤᠳᠤᠭ ᠤᠨ ᠡᠪᠦᠯ ᠤᠨ ᠤᠯᠠᠷᠢᠯ ᠤᠨ ᠰᠤᠶᠤᠯ ᠵᠢᠭᠤᠯᠴᠢᠯᠠᠯ ᠤᠨ ᠨᠡᠷᠡᠳᠦ ᠳᠡᠮᠳᠡᠭ ᠢ  

ᠡᠬᠦᠳᠴᠦ᠂ ᠰᠤᠶᠤᠯ ᠵᠢᠭᠤᠯᠴᠢᠯᠠᠯ ᠢᠶᠠᠷ ᠠᠷᠠᠳ ᠢᠶᠠᠨ ᠪᠠᠶᠠᠵᠢᠭᠤᠯᠬᠤ  ᠠᠵᠤ ᠦᠢᠯᠡᠰ ᠤᠨ ᠡᠷᠡᠬᠦᠯ ᠢᠶᠠᠷ ᠬᠦᠭᠵᠢᠬᠦ

 ᠶᠢ  ᠠᠬᠢᠭᠤᠯᠤᠨ᠂  ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠨᠡᠶᠢᠬᠡᠮ ᠤᠨ

ᠬᠦᠴᠦᠨ ᠢ ᠨᠢᠬᠳᠠᠷᠠᠭᠤᠯᠬᠤ ᠪᠤᠯ  ᠤᠴᠢᠷᠳᠠᠢ ᠰᠠᠶᠢᠬᠠᠨ ᠡᠨᠡ ᠨᠠᠭᠠᠳᠤᠮ ᠢ ᠡᠷᠬᠢᠯᠡᠵᠦ ᠪᠠᠶᠢᠭ᠎ᠠ ᠶᠢᠨ ᠵᠤᠷᠢᠯᠭ᠎ᠠ  

ᠪᠢᠯᠡ᠃

      ᠡᠨᠡ ᠬᠦ᠋ ᠨᠠᠭᠠᠳᠤᠮ ᠳᠤ ᠤᠬᠠᠭᠠᠨ ᠰᠢᠨᠳᠠᠰᠤ ᠰᠢᠯᠭᠠᠬᠤ ᠡᠷ᠎ᠡ ᠶᠢᠨ ᠭᠤᠷᠪᠠᠨ ᠨᠠᠭᠠᠳᠤᠮ ᠠᠴᠠ ᠭᠠᠳᠠᠨ᠎ᠠ᠂

 ᠦᠨᠳᠦᠰᠦᠳᠡᠨ ᠤ ᠬᠤᠪᠴᠠᠰᠤ ᠵᠠᠰᠠᠯ ᠤᠨ ᠦᠵᠡᠬᠦᠯᠦᠯᠬᠡ᠂  ᠮᠠᠯᠴᠢᠳ ᠤᠨ ᠲᠡᠪᠡᠯ ᠲᠡᠷᠯᠢᠭ ᠤᠨ ᠠᠳᠠᠯᠢᠳᠬᠠᠯ᠂  

ᠤᠯᠠᠮᠵᠢᠯᠠᠯᠳᠤ ᠲᠤᠭᠯᠠᠭᠠᠮ ᠱᠠᠭ᠎ᠠ ᠶᠢᠨ ᠤᠷᠤᠯᠳᠤᠭᠠᠨ ᠵᠡᠷᠭᠡ   ᠶᠢ ᠲᠤᠬᠢᠷᠠᠭᠤᠯᠤᠭᠰᠠᠨ ᠪᠦᠬᠡᠳ  ᠲᠠᠪᠤᠨ ᠲᠢᠪ  

 ᠤᠨ ᠰᠢᠯᠢᠳᠡᠭ ᠡᠬᠦᠯᠳᠡᠷ ᠤᠨ ᠠᠳᠤᠭᠤᠳ   ᠢ ᠲᠦᠷᠪᠡᠨ ᠵᠦᠭ ᠤᠨ ᠨᠠᠭᠠᠳᠤᠮᠴᠢᠨ ᠵᠢᠭᠤᠯᠴᠢᠨ ᠳᠤ ᠤᠶᠢᠷ᠎ᠠ ᠵᠠᠢ

 ᠠᠴᠠ  ᠬᠠᠷᠠᠭᠤᠯᠵᠤ  ᠂  ᠠᠳᠤᠭᠤᠨ ᠪᠠᠭ᠋ᠠᠳᠠᠳ ᠤᠨ ᠬᠠᠷᠠᠭ᠎ᠠ ᠶᠢ  ᠪᠠᠶᠠᠰᠬᠠᠨ ᠬᠦᠰᠡᠯ ᠢ ᠲᠡᠷᠭᠡᠯᠰᠢᠬᠦᠯᠬᠦ ᠪᠤᠯᠤᠨ᠎ᠠ᠃

      ᠦᠪ  ᠰᠤᠶᠤᠯ   ᠤᠨ ᠰᠢᠳᠢ ᠶᠢ ᠭᠠᠶᠢᠬᠠᠭᠤᠯᠤᠭᠰᠠᠨ ᠲᠠᠶᠢᠹᠤᠰᠧ ᠨᠤᠳᠤᠭ᠂ ᠦᠩᠬᠡ ᠦᠵᠡᠮᠵᠢ   ᠶᠢᠨ

ᠭᠤᠴᠤ ᠶᠢ ᠬᠠᠷᠠᠭᠤᠯᠤᠭᠰᠠᠨ ᠲᠠᠶᠢᠹᠤᠰᠧ ᠨᠤᠳᠤᠭ ᠲᠤ ᠮᠢᠨᠢ ᠮᠤᠷᠢᠯᠠᠨ ᠰᠠᠭᠠᠳᠠᠮᠤ ᠬᠡᠮᠡᠨ  ᠬᠤᠯᠠ  ᠤᠶᠢᠷ᠎ᠠ ᠶᠢᠨ

ᠨᠠᠶᠢᠵᠠ ᠨᠦᠬᠦᠳ᠂ ᠨᠠᠭᠠᠳᠤᠮᠴᠢᠳ ᠵᠢᠭᠤᠯᠴᠢᠳ ᠢ ᠦᠨᠡᠨᠴᠢ ᠬᠠᠯᠠᠭᠤᠨ ᠰᠡᠳᠬᠢᠯ ᠢᠶᠠᠷ ᠪᠠᠶᠠᠷᠯᠠᠨ ᠤᠭᠳᠤᠵᠤ

ᠪᠠᠶᠢᠨ᠎ᠠ᠃  

       ᠰᠦᠨ ᠴᠠᠭᠠᠨ ᠢᠷᠦᠬᠡᠯ ᠰᠦᠩᠨᠡᠭᠰᠡᠨ ᠰᠠᠭᠠᠯᠢ ᠶᠢᠨ ᠠᠷᠢᠬᠢ ᠶᠢ ᠮᠢᠨᠢ ᠪᠠᠯᠭᠤᠵᠤ᠂ ᠠᠶᠠᠨ ᠵᠠᠮ ᠤᠨ ᠢᠶᠠᠨ

ᠠᠯᠵᠢᠶᠠᠯ   ᠢ ᠲᠠᠶᠢᠯᠤᠭᠳᠤᠨ︕

       ᠰᠠᠶᠢᠬᠠᠨ ᠰᠡᠳᠬᠢᠯᠳᠦ ᠠᠷᠠᠳ ᠲᠦᠮᠡᠨ ᠤ ᠮᠢᠨᠢ ᠢᠷᠦᠬᠡᠯ ᠵᠦᠩᠨᠡᠯ ᠢ ᠲᠤᠰᠴᠤ᠂  ᠢᠷᠡᠬᠦ ᠮᠠᠷᠭᠠᠰᠢ

 ᠳᠠᠭᠠᠨ ᠠᠮᠤᠭᠤᠯᠠᠩ ᠶᠠᠪᠤᠭᠳᠤᠨ︕  

   

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号