ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶᠠᠨ ᠤ ᠰᠢᠢᠳᠪᠦᠷᠢᠲᠦ ᠪᠣᠳᠣᠯᠭ᠎ᠠ ᠶᠢᠨ | ᠪᠠᠶᠢᠷᠢᠯᠠᠭᠤᠯᠤᠯᠲᠠ ᠶᠢ ᠲᠤᠭᠤᠰᠢᠯᠠᠭᠤᠯᠤᠨ᠂ ᠦᠨᠳᠦᠰᠦᠨ ᠠᠷᠠᠳ ᠤᠨ ᠠᠮᠢᠳᠤᠷᠠᠯ ᠢ ᠦᠨᠡᠨ ᠬᠦ ᠪᠠᠲᠤᠯᠠᠵᠤ᠂ ᠠᠵᠤ | ᠠᠬᠤᠶᠢᠯᠠᠯ ᠤᠨ ᠬᠦᠴᠢᠷᠳᠡᠯ ᠢ ᠰᠢᠢᠳᠪᠦᠷᠢᠯᠡᠬᠦ ᠳᠤ ᠬᠦᠴᠦᠨ ᠨᠡᠮᠡᠷᠢᠯᠡᠬᠦ ᠶᠢᠨ ᠲᠤᠰᠠᠳᠠ᠂ ᠥᠪᠡᠷᠲᠡᠭᠡᠨ ᠵᠠᠰᠠᠬᠤ | ᠣᠷᠣᠨ ᠤ ᠠᠷᠠᠳ ᠤᠨ ᠵᠠᠰᠠᠭ ᠤᠨ ᠣᠷᠳᠣᠨ ᠤ ᠵᠥᠪᠰᠢᠶᠡᠷᠡᠯ ᠢᠶᠠᠷ᠂ ᠥᠪᠡᠷᠲᠡᠭᠡᠨ ᠵᠠᠰᠠᠬᠤ ᠣᠷᠣᠨ ᠤ ᠡᠮ | ᠡᠮᠨᠡᠯᠭᠡ ᠶᠢᠨ ᠪᠠᠲᠤᠯᠠᠭ᠎ᠠ ᠶᠢᠨ ᠲᠣᠪᠴᠢᠶ᠎ᠠ᠂ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠡᠳ᠋ ᠤᠨ | ᠵᠠᠰᠠᠭ ᠤᠨ ᠲᠢᠩᠬᠢᠮ᠂ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ᠣᠶᠢᠷ᠎ᠠ ᠳᠤ ︽ᠠᠵᠢᠯᠲᠠᠨ ᠠᠵᠢᠯᠴᠢᠨ ᠤ | ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠢᠭᠡᠴᠢ ᠶᠢᠨ ᠲᠤᠰᠢᠶᠠᠬᠤ ᠰᠦᠢᠳᠬᠡᠯ ᠢ ᠱᠠᠲᠤᠴᠢ ᠴᠢᠨᠠᠷᠲᠠᠢ ᠪᠠᠷ | ᠬᠤᠶᠢᠰᠢᠯᠠᠭᠤᠯᠤᠨ ᠲᠤᠰᠢᠶᠠᠬᠤ ᠲᠤᠬᠠᠢ ᠤᠯᠤᠰ ᠤᠨ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠤᠯᠤᠰ ᠤᠨ | ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠡᠳ᠋ ᠤᠨ ᠵᠠᠰᠠᠭ ᠤᠨ ᠶᠠᠮᠤᠨ ᠤᠯᠤᠰ ᠤᠨ ᠭᠠᠶᠢᠯᠢ ᠶᠢᠨ | ᠶᠠᠪᠤᠳᠠᠯ ᠤᠨ ᠶᠡᠷᠦᠩᠬᠡᠢ ᠲᠣᠪᠴᠢᠶ᠎ᠠ ᠶᠢᠨ ᠮᠡᠳᠡᠭᠳᠡᠯ ᠢ ᠤᠯᠠᠮᠵᠢᠯᠠᠨ ᠶᠠᠪᠤᠭᠤᠯᠬᠤ ᠮᠡᠳᠡᠭᠳᠡᠯ︾ ᠢ ᠳᠠᠷᠤᠮᠠᠯᠯᠠᠨ | ᠲᠠᠷᠬᠠᠭᠠᠵᠤ᠂ 7 ᠳ᠋ᠤᠭᠠᠷ ᠰᠠᠷ᠎ᠠ ᠠᠴᠠ ᠡᠬᠢᠯᠡᠨ᠂ ᠳᠤᠮᠳᠠ ᠵᠢᠵᠢᠭ ᠪᠢᠴᠢᠯ ᠵᠡᠷᠭᠡ ᠠᠵᠤ ᠠᠬᠤᠶᠢᠯᠠᠯ ᠤᠨ ᠠᠵᠢᠯᠲᠠᠨ | ᠠᠵᠢᠯᠴᠢᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠨᠢᠭᠡᠴᠢ ᠶᠢᠨ ᠲᠤᠰᠢᠶᠠᠬᠤ ᠰᠦᠢᠳᠬᠡᠯ ᠢ 3 ᠰᠠᠷ᠎ᠠ | ᠬᠤᠶᠢᠰᠢᠯᠠᠭᠤᠯᠤᠨ ᠲᠤᠰᠢᠶᠠᠬᠤ ᠪᠣᠯᠭᠠᠵᠠᠢ᠂ ᠬᠤᠶᠢᠰᠢᠯᠠᠭᠤᠯᠤᠨ ᠲᠤᠰᠢᠶᠠᠬᠤ ᠬᠤᠭᠤᠴᠠᠭᠠᠨ ᠳᠤ ᠳᠠᠭᠠᠳᠬᠠᠯ ᠳᠤ | ᠣᠷᠣᠯᠴᠠᠭᠰᠠᠳ ᠤᠨ ᠡᠮ ᠡᠮᠨᠡᠯᠭᠡ ᠶᠢᠨ ᠪᠠᠲᠤᠯᠠᠭ᠎ᠠ ᠶᠢᠨ ᠬᠠᠷᠠᠭᠠᠯᠵᠠᠯ ᠨᠥᠯᠥᠭᠡᠯᠡᠭᠳᠡᠬᠦ ᠦᠭᠡᠢ ᠪᠣᠯᠭᠠᠪᠠ᠃ | ① ᠬᠤᠶᠢᠰᠢᠯᠠᠭᠤᠯᠤᠨ ᠲᠤᠰᠢᠶᠠᠬᠤ ᠬᠦᠷᠢᠶ᠎ᠡ ᠬᠡᠪᠴᠢᠶ᠎ᠡ ᠪᠠ ᠬᠤᠭᠤᠴᠠᠭ᠎ᠠ ᠶᠢ ᠲᠣᠳᠣᠷᠬᠠᠶᠢᠯᠠᠵᠠᠢ | ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ︵ᠬᠥᠩᠭᠡᠵᠢᠯ ᠤᠨ ᠳᠠᠭᠠᠳᠬᠠᠯ ᠪᠠᠭᠲᠠᠨ᠎ᠠ︶ ᠨᠢᠭᠡᠳᠦᠯᠲᠡᠢ | ᠲᠥᠯᠥᠪᠯᠡᠬᠦ ᠰᠠᠭᠤᠷᠢ ᠮᠥᠩᠭᠦ ᠶᠢᠨ ᠨᠡᠶᠢᠲᠡ ᠦᠯᠡᠳᠡᠪᠦᠷᠢ ᠨᠢ 6 ᠰᠠᠷ᠎ᠠ ᠠᠴᠠ ᠳᠡᠭᠡᠭᠰᠢᠬᠢ ᠥᠭᠴᠦ ᠳᠡᠶᠢᠯᠬᠦ | ᠨᠢᠭᠡᠳᠦᠯᠲᠡᠢ ᠲᠥᠯᠥᠪᠯᠡᠬᠦ ᠭᠠᠵᠠᠷ ᠣᠷᠣᠨ᠂ 2022 ᠣᠨ ᠤ 7 ᠳ᠋ᠤᠭᠠᠷ ᠰᠠᠷ᠎ᠠ ᠠᠴᠠ ᠡᠬᠢᠯᠡᠨ᠂ ᠳᠤᠮᠳᠠ ᠵᠢᠵᠢᠭ | ᠪᠢᠴᠢᠯ ᠠᠵᠤ ᠠᠬᠤᠶᠢᠯᠠᠯ᠂ ᠨᠢᠭᠡᠴᠢ ᠶᠢᠨ ᠠᠷᠭ᠎ᠠ ᠮᠠᠶ᠋ᠢᠭ ᠢᠶᠠᠷ ᠳᠠᠭᠠᠳᠬᠠᠯ ᠳᠤ ᠣᠷᠣᠯᠴᠠᠭᠰᠠᠨ ᠬᠤᠪᠢ ᠶᠢᠨ | ᠦᠢᠯᠡᠳᠪᠦᠷᠢ ᠬᠤᠳᠠᠯᠳᠤᠭᠠᠨ ᠤ ᠡᠷᠦᠬᠡ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ︵ᠬᠥᠩᠭᠡᠵᠢᠯ ᠤᠨ | ᠳᠠᠭᠠᠳᠬᠠᠯ ᠪᠠᠭᠲᠠᠨ᠎ᠠ︶ ᠤᠨ ᠨᠢᠭᠡᠴᠢ ᠶᠢᠨ ᠲᠤᠰᠢᠶᠠᠬᠤ ᠰᠦᠢᠳᠬᠡᠯ ᠢ 3 ᠰᠠᠷ᠎ᠠ ᠬᠤᠶᠢᠰᠢᠯᠠᠭᠤᠯᠤᠨ ᠲᠤᠰᠢᠶᠠᠵᠤ | ᠪᠣᠯᠤᠨ᠎ᠠ᠂ ᠬᠤᠶᠢᠰᠢᠯᠠᠭᠤᠯᠤᠨ ᠲᠤᠰᠢᠶᠠᠬᠤ ᠬᠤᠭᠤᠴᠠᠭᠠᠨ ᠳᠤ ᠬᠤᠭᠤᠴᠠᠭ᠎ᠠ ᠰᠠᠭᠠᠲᠠᠭᠤᠯᠤᠭᠰᠠᠨ ᠲᠣᠷᠭᠠᠭᠤᠯᠢ ᠶᠢᠨ | ᠮᠥᠩᠭᠦ ᠶᠢ ᠬᠡᠯᠲᠦᠷᠢᠭᠦᠯᠦᠨ᠎ᠡ᠃ ᠨᠡᠶᠢᠭᠡᠮ ᠤᠨ ᠪᠦᠯᠬᠦᠮ ᠰᠠᠭᠤᠷᠢ ᠮᠥᠩᠭᠦᠨ ᠤ ᠨᠡᠶᠢᠭᠡᠮᠯᠢᠭ ᠨᠡᠶᠢᠭᠡᠮ ᠤᠨ | ᠦᠢᠯᠡᠴᠢᠯᠡᠭᠡᠨ ᠤ ᠪᠠᠶᠢᠭᠤᠯᠤᠮᠵᠢ ᠬᠠᠤᠯᠢᠴᠢ ᠶᠢᠨ ᠬᠡᠷᠡᠭ ᠡᠷᠬᠢᠯᠡᠬᠦ ᠭᠠᠵᠠᠷ ᠨᠢᠭᠲᠠᠯᠠᠨ ᠪᠣᠳᠣᠭᠴᠢ ᠶᠢᠨ ᠬᠡᠷᠡᠭ | ᠡᠷᠬᠢᠯᠡᠬᠦ ᠭᠠᠵᠠᠷ ᠵᠡᠷᠭᠡ ᠨᠡᠶᠢᠭᠡᠮ ᠤᠨ ᠵᠣᠬᠢᠶᠠᠨ ᠪᠠᠶᠢᠭᠤᠯᠤᠯᠲᠠ ᠯᠠᠪᠯᠠᠯᠲᠠ ᠪᠣᠯᠭᠠᠨ ᠬᠡᠷᠡᠭᠵᠢᠭᠦᠯᠦᠨ᠎ᠡ᠃ | ② ᠬᠤᠶᠢᠰᠢᠯᠠᠭᠤᠯᠤᠨ ᠲᠤᠰᠢᠶᠠᠬᠤ ᠬᠤᠭᠤᠴᠠᠭᠠᠨ ᠳᠤ ᠳᠠᠭᠠᠳᠬᠠᠯ ᠳᠤ ᠣᠷᠣᠯᠴᠠᠭᠰᠠᠳ ᠤᠨ ᠬᠠᠷᠠᠭᠠᠯᠵᠠᠯ ᠢ | ᠪᠠᠭᠤᠷᠠᠭᠤᠯᠬᠤ ᠦᠭᠡᠢ ᠪᠠᠶᠢᠬᠤ ᠶᠢ ᠦᠨᠡᠨ ᠬᠦ ᠪᠠᠲᠤᠯᠠᠨ᠎ᠠ ᠬᠤᠶᠢᠰᠢᠯᠠᠭᠤᠯᠤᠨ ᠲᠤᠰᠢᠶᠠᠬᠤ ᠬᠤᠭᠤᠴᠠᠭᠠᠨ ᠳᠤ | ᠳᠠᠭᠠᠳᠬᠠᠯ ᠳᠤ ᠣᠷᠣᠯᠴᠠᠭᠰᠠᠳ ᠤᠨ ᠬᠠᠷᠠᠭᠠᠯᠵᠠᠯ ᠢ ᠬᠥᠷᠲᠡᠬᠦ ᠶᠣᠰᠣᠲᠠᠢ ᠶᠢ ᠨᠢ ᠴᠥᠮ ᠬᠥᠷᠲᠡᠬᠦ ᠶᠢ ᠦᠨᠡᠨ ᠬᠦ | ᠪᠠᠲᠤᠯᠠᠵᠤ᠂ ᠳᠤᠮᠳᠠ ᠵᠢᠵᠢᠭ ᠪᠢᠴᠢᠯ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠡᠮ ᠡᠮᠨᠡᠯᠭᠡ ᠶᠢᠨ | ᠳᠠᠭᠠᠳᠬᠠᠯ ᠤᠨ ᠨᠢᠭᠡᠴᠢ ᠶᠢᠨ ᠲᠤᠰᠢᠶᠠᠬᠤ ᠵᠠᠷᠤᠳᠠᠯ ᠢ ᠬᠤᠶᠢᠰᠢᠯᠠᠭᠤᠯᠤᠨ ᠲᠤᠰᠢᠶᠠᠬᠤ ᠳᠤ ᠲᠣᠰ ᠠᠵᠤ | ᠠᠬᠤᠶᠢᠯᠠᠯ ᠤᠨ ᠳᠠᠭᠠᠳᠬᠠᠯ ᠳᠤ ᠣᠷᠣᠯᠴᠠᠭᠰᠠᠳ ᠤᠨ ᠡᠪᠡᠳᠴᠢᠨ ᠦᠵᠡᠭᠦᠯᠦᠭᠰᠡᠨ ᠡᠮᠴᠢᠯᠡᠭᠡᠨ ᠤ ᠵᠠᠷᠤᠳᠠᠯ ᠤᠨ | ᠬᠡᠪ ᠢᠶᠠᠷ ᠲᠠᠩᠰᠠ ᠲᠠᠶᠢᠯᠬᠤ ᠶᠢ ᠨᠥᠯᠥᠭᠡᠯᠡᠬᠦ ᠦᠭᠡᠢ ᠪᠠᠶᠢᠯᠭᠠᠵᠤ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ | ᠲᠠᠩᠰᠠ ᠲᠠᠶᠢᠯᠬᠤ ᠬᠢᠷᠢ ᠲᠦᠪᠰᠢᠨ ᠤ ᠲᠣᠭᠲᠠᠭᠤᠨ ᠪᠥᠭᠡᠳ ᠪᠠᠭᠤᠷᠠᠬᠤ ᠦᠭᠡᠢ ᠪᠠᠶᠢᠬᠤ ᠶᠢ ᠦᠨᠡᠨ ᠬᠦ ᠪᠠᠲᠤᠯᠠᠨ᠎ᠠ | ᠃ ᠬᠠᠮᠢᠶ᠎ᠠ ᠪᠦᠬᠦᠢ ᠠᠵᠤ ᠠᠬᠤᠶᠢᠯᠠᠯ ᠤᠨ ᠠᠵᠢᠯᠲᠠᠨ ᠠᠵᠢᠯᠴᠢᠨ ᠤ ᠬᠠᠤᠯᠢ ᠶᠣᠰᠣᠨ ᠤ ᠡᠷᠬᠡ ᠠᠰᠢᠭ ᠢ ᠦᠨᠡᠨ ᠬᠦ | ᠰᠠᠶᠢᠲᠤᠷ ᠪᠠᠲᠤᠯᠠᠬᠤ ᠬᠡᠷᠡᠭᠲᠡᠢ᠃ ᠬᠤᠶᠢᠰᠢᠯᠠᠭᠤᠯᠤᠨ ᠲᠤᠰᠢᠶᠠᠬᠤ ᠬᠤᠭᠤᠴᠠᠭᠠᠨ ᠳᠤ ᠳᠤᠮᠳᠠ ᠵᠢᠵᠢᠭ ᠪᠢᠴᠢᠯ ᠠᠵᠤ | ᠠᠬᠤᠶᠢᠯᠠᠯ ᠠᠵᠢᠯᠲᠠᠨ ᠠᠵᠢᠯᠴᠢᠨ ᠤ ᠬᠤᠪᠢ ᠬᠦᠮᠦᠨ ᠤ ᠲᠤᠰᠢᠶᠠᠬᠤ ᠰᠦᠢᠳᠬᠡᠯ ᠢ ᠣᠷᠣᠯᠠᠨ ᠰᠠᠭᠤᠯᠭᠠᠨ ᠣᠷᠣᠯᠠᠨ | ᠲᠤᠰᠢᠶᠠᠬᠤ ᠡᠭᠦᠷᠭᠡ ᠶᠢ ᠬᠠᠤᠯᠢ ᠶᠣᠰᠤᠭᠠᠷ ᠭᠦᠢᠴᠡᠳᠬᠡᠵᠦ᠂ ᠠᠵᠢᠯᠲᠠᠨ ᠠᠵᠢᠯᠴᠢᠨ ᠤ ᠡᠮ ᠡᠮᠨᠡᠯᠭᠡ ᠶᠢᠨ | ᠳᠠᠭᠠᠳᠬᠠᠯ ᠤᠨ ᠮᠡᠳᠡᠭᠡ ᠵᠠᠩᠭᠢ ᠶᠢ ᠬᠡᠪ ᠤᠨ ᠪᠠᠶᠢᠳᠠᠯ ᠢᠶᠠᠷ ᠮᠡᠳᠡᠭᠦᠯᠵᠦ᠂ ᠠᠵᠢᠯᠲᠠᠨ ᠠᠵᠢᠯᠴᠢᠨ ᠤ ᠦᠷᠭᠦᠯᠵᠢᠯᠡᠨ | ᠳᠠᠭᠠᠳᠬᠠᠯ ᠳᠤ ᠣᠷᠤᠯᠴᠠᠬᠤ᠂ ᠬᠤᠪᠢ ᠬᠥᠮᠥᠨ ᠤ ᠡᠷᠬᠡ ᠠᠰᠢᠭ ᠢᠶᠠᠨ ᠦᠷᠭᠦᠯᠵᠢᠯᠡᠨ ᠲᠡᠮᠳᠡᠭᠯᠡᠬᠦ ᠶᠢ ᠨᠢ ᠦᠨᠡᠨ ᠬᠦ | ᠪᠠᠲᠤᠯᠠᠬᠤ ᠬᠡᠷᠡᠭᠲᠡᠢ᠃ | ③ ︽ᠭᠤᠶᠤᠴᠢᠯᠠᠬᠤ ᠦᠭᠡᠢ ᠪᠠᠷ ᠳᠠᠷᠤᠢ ᠬᠥᠷᠲᠡᠬᠦ︾ ᠭᠠᠷᠲᠠᠨ ᠭᠦᠢᠴᠡᠳᠬᠡᠬᠦ ᠵᠠᠭᠪᠤᠷ ᠢ ᠪᠥᠬᠦ ᠲᠠᠯ᠎ᠠ ᠪᠠᠷ | ᠬᠡᠷᠡᠭᠵᠢᠭᠦᠯᠦᠨ᠎ᠡ ᠨᠥᠬᠦᠴᠡᠯ ᠳᠤ ᠨᠡᠶᠢᠴᠡᠭᠰᠡᠨ ᠳᠤᠮᠳᠠ ᠵᠢᠵᠢᠭ ᠪᠢᠴᠢᠯ ᠠᠵᠤ ᠠᠬᠤᠶᠢᠯᠠᠯ ᠨᠢ ᠬᠤᠶᠢᠰᠢᠯᠠᠭᠤᠯᠤᠨ | ᠲᠤᠰᠢᠶᠠᠬᠤ ᠭᠤᠶᠤᠴᠢᠯᠠᠯ ᠭᠠᠷᠭᠠᠬᠤ ᠦᠭᠡᠢ ᠪᠠᠷ ᠨᠢᠭᠡᠴᠢ ᠶᠢᠨ ᠲᠤᠰᠢᠶᠠᠬᠤ ᠰᠦᠢᠳᠬᠡᠯ ᠢ ᠬᠤᠶᠢᠰᠢᠯᠠᠭᠤᠯᠤᠨ | ᠲᠤᠰᠢᠶᠠᠬᠤ ᠲᠥᠷᠥ ᠶᠢᠨ ᠪᠣᠳᠣᠯᠭ᠎ᠠ ᠶᠢ ᠬᠦᠷᠲᠡᠵᠦ ᠪᠣᠯᠣᠨ᠎ᠠ᠃ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ | ᠪᠠᠲᠤᠯᠠᠭ᠎ᠠ ᠪᠠ ᠭᠠᠶᠢᠯᠢ ᠶᠢᠨ ᠶᠠᠪᠤᠳᠠᠯ ᠵᠡᠷᠭᠡ ᠰᠠᠯᠠᠭ᠎ᠠ ᠮᠥᠴᠢᠷ ᠤᠳ ᠠᠵᠢᠯᠯᠠᠬᠤ ᠴᠤᠪᠤᠷᠠᠯ ᠢ ᠲᠣᠳᠣᠷᠬᠠᠶᠢᠯᠠᠵᠤ᠂ | ᠠᠵᠤ ᠠᠬᠤᠶᠢᠯᠠᠯ ᠤᠨ ᠨᠡᠷᠡᠰ ᠢ ᠲᠣᠭᠲᠠᠭᠠᠨ᠎ᠠ᠃ ᠣᠲᠣ ᠶᠢᠨ ᠪᠠᠶᠢᠭ᠎ᠠ ᠲᠤᠭ᠎ᠠ ᠪᠠᠷᠢᠮᠲᠠ ᠨᠢ ᠠᠵᠤ ᠠᠬᠤᠶᠢᠯᠠᠯ ᠤᠨ | ᠬᠡᠯᠪᠡᠷᠢ ᠬᠤᠪᠢᠶᠠᠷᠢᠯᠠᠬᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ ᠳᠡᠶᠢᠯᠬᠦ ᠦᠭᠡᠢ ᠪᠣᠯ᠂ ᠠᠵᠤ ᠠᠬᠤᠶᠢᠯᠠᠯ ᠨᠢ | ᠰᠦᠢᠳᠬᠡᠯ ᠲᠤᠰᠢᠶᠠᠬᠤ ᠶᠢ ᠬᠢᠨᠠᠨ ᠲᠣᠭᠲᠠᠭᠠᠭᠰᠠᠨ ᠰᠠᠯᠠᠭ᠎ᠠ ᠮᠥᠴᠢᠷ ᠲᠤ ᠪᠢᠴᠢᠭ ᠤᠨ ᠠᠮᠠᠯᠠᠯᠲᠠ ᠬᠢᠵᠦ ᠪᠣᠯᠣᠨ᠎ᠠ᠃ | ᠡᠭᠦᠨ ᠤ ᠬᠠᠮᠲᠤ᠂ ᠰᠠᠯᠠᠭ᠎ᠠ ᠮᠥᠴᠢᠷ ᠤᠨ ᠬᠠᠮᠵᠢᠯᠴᠠᠭ᠎ᠠ ᠶᠢ ᠴᠢᠩᠭᠠᠳᠬᠠᠵᠤ᠂ ᠠᠵᠢᠯ ᠤᠨ ᠭᠤᠭᠴᠤᠭ᠎ᠠ ᠶᠢ | ᠰᠢᠯᠢᠳᠡᠭᠵᠢᠭᠦᠯᠵᠦ᠂ ᠦᠢᠯᠡᠴᠢᠯᠡᠭᠡᠨ ᠤ ᠠᠷᠭ᠎ᠠ ᠬᠡᠯᠪᠡᠷᠢ ᠪᠠᠨ ᠰᠢᠨᠡᠴᠢᠯᠡᠵᠦ᠂ ᠠᠵᠤ ᠠᠬᠤᠶᠢᠯᠠᠯ ᠤᠨ ᠠᠵᠢᠯ | ᠶᠠᠪᠤᠳᠠᠯ ᠤᠨ ᠴᠢᠨᠠᠷᠲᠠᠢ ᠳᠠᠷᠤᠭᠠᠰᠤ ᠶᠢ ᠬᠥᠩᠭᠡᠷᠡᠭᠦᠯᠬᠦ ᠬᠡᠷᠡᠭᠲᠡᠢ᠃ |