ᠠᠯᠪᠠᠨ ᠵᠢᠷᠤᠮ ᠤᠨ ᠡᠮᠴᠢᠯᠡᠭᠡ  ᠠᠷᠠᠳ ᠤᠨ ᠰᠡᠳᠬᠢᠯ ᠢ ᠲᠤᠯᠠᠭᠠᠴᠠᠭᠤᠯᠤᠨ᠎ᠠ
ᠨᠡᠶᠢᠲᠡᠯᠡᠭᠰᠡᠨ ᠴᠠᠭ᠄
2023/4/18
   4 ᠰᠠᠷ᠎ᠠ ᠶᠢᠨ 14 ᠤ ᠡᠳᠦᠷ᠂  ᠲᠠᠶᠢᠹᠤᠰᠧ ᠬᠤᠰᠢᠭᠤᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ  ᠨᠢ ᠬᠤᠰᠢᠭᠤᠨ ᠤ ᠬᠢᠲᠠᠳ ᠮᠣᠩᠭᠤᠯ ᠡᠮᠨᠡᠯᠭᠡ ᠶᠢᠨ ᠬᠤᠷᠢᠶ᠎ᠠ᠂ ᠡᠬᠡ ᠨᠢᠯᠬᠠᠰ ᠤᠨ ᠡᠷᠡᠭᠦᠯᠵᠢᠯ ᠪᠠ ᠲᠥᠯᠥᠪᠯᠡᠭᠡᠲᠦ ᠦᠷᠡᠵᠢᠯ ᠤᠨ ᠦᠢᠯᠡᠴᠢᠯᠡᠭᠡᠨ ᠤ ᠲᠥᠪ ᠤᠨ ᠲᠤᠰᠬᠠᠢ ᠮᠡᠷᠭᠡᠵᠢᠯᠳᠡᠳ ᠢ ᠵᠣᠬᠢᠶᠠᠨ ᠪᠠᠶᠢᠭᠤᠯᠵᠤ᠂  ᠬᠦᠨᠪᠤᠯᠠᠭ ᠰᠤᠮᠤᠨ ᠳᠤ ᠭᠦᠨᠵᠡᠭᠡᠶᠢᠷᠡᠨ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠥᠷᠨᠢᠭᠦᠯᠪᠡ᠃    ︽ᠡᠵᠢ ᠠ᠋᠂ ᠲᠠᠨ ᠤ ᠴᠢᠰᠤᠨ ᠳᠠᠷᠤᠯᠲᠠ ᠵᠢᠭᠠᠬᠠᠨ ᠥᠨᠳᠥᠷ ᠪᠠᠶᠢᠨ᠎ᠠ᠂  ᠳᠠᠷᠤᠯᠲᠠ  ᠪᠠᠭᠤᠷᠠᠭᠤᠯᠬᠤ ᠡᠮ  ᠢᠶᠠᠨ ᠵᠣᠭᠰᠣᠭᠠᠵᠤ ᠪᠣᠯᠬᠤ ᠦᠭᠡᠢ᠂ ᠵᠠᠪᠠᠯ ᠲᠣᠭᠲᠠᠭᠰᠠᠨ ᠴᠠᠭ ᠲᠤ ᠴᠢᠰᠤᠨ ᠲᠠᠷᠤᠯᠳᠠ ᠪᠠᠨ ᠬᠡᠮᠵᠢᠬᠦᠯᠬᠦ ᠬᠡᠷᠡᠭᠲᠡᠢ ᠂᠂᠂᠂︾  ᠂ ︽ ᠠᠪᠠᠭ᠎ᠠ ᠡ᠂  ᠢᠳᠡᠵᠦ ᠤᠤᠭᠤᠬᠤ ᠪᠠᠨ ᠰᠠᠶᠢᠨ ᠠᠩᠬᠠᠷᠤᠭᠠᠷᠠᠢ᠂  ᠮᠢᠬ᠎ᠠ ᠲᠤᠰᠤ ᠪᠠ ᠲᠠᠪᠤᠰᠤ  ᠲᠠᠢ ᠵᠦᠢᠯ ᠪᠠᠭ᠎ᠠ ᠭᠡᠷᠡᠭᠯᠡᠨ᠎ᠡ ᠰᠢᠦ᠂᠂᠂᠂᠂︾᠃  ᠡᠮᠴᠢ ᠰᠤᠪᠢᠯᠠᠭᠴᠢ ᠨᠠᠷ  ᠰᠤᠳᠠᠯ  ᠪᠠᠷᠢᠬᠤ᠂  ᠴᠢᠰᠤᠨ ᠲᠠᠷᠤᠯᠳᠠ  ᠬᠡᠮᠵᠢᠬᠦ  ᠂ B ᠲᠤᠯᠬᠢᠶᠠᠨ ᠢᠶᠠᠷ ᠪᠠᠶᠢᠴᠠᠭᠠᠬᠤ ᠵᠡᠷᠭᠡ ᠡᠯ ᠲᠦᠷᠦᠯ ᠤᠨ ᠦᠢᠯᠡᠴᠢᠯᠡᠭᠡ ᠶᠢ ᠬᠢᠬᠦ ᠶᠢᠨ ᠬᠠᠮᠳᠤ᠂   ᠪᠠᠶᠢᠩᠭᠤ ᠲᠤᠬᠢᠶᠠᠯᠳᠤᠬᠤ ᠡᠪᠡᠳᠴᠢᠨ ᠬᠡᠮ   ᠢ ᠰᠡᠷᠭᠡᠶᠢᠯᠡᠨ ᠵᠠᠰᠠᠬᠤ  ᠪᠠ ᠪᠡᠶ᠎ᠡ ᠮᠠᠬᠠᠪᠤᠳ ᠢᠶᠠᠨ ᠠᠰᠠᠷᠠᠨ ᠰᠤᠪᠢᠯᠠᠬᠤ ᠮᠡᠳᠡᠯᠭᠡ ᠶᠢ ᠲᠠᠶᠢᠯᠪᠤᠷᠢᠯᠠᠵᠤ᠂ ᠠᠳᠠᠯᠢ ᠪᠤᠰᠤ ᠶᠢᠨ ᠠᠷᠬᠠᠭ ᠬᠡᠮ ᠳᠤ ᠴᠢᠭᠯᠡᠬᠦᠯᠦᠨ ᠡᠮᠴᠢᠯᠡᠨ ᠵᠠᠰᠠᠬᠤ ᠰᠠᠨᠠᠭᠤᠯᠭ᠎ᠠ ᠪᠠ ᠵᠢᠯᠤᠭᠤᠳᠤᠯᠭ᠎ᠠ ᠶᠢ ᠦᠭᠴᠦ ᠪᠠᠶᠢᠯ᠎ᠠ᠃    ︽ᠨᠠᠮ ᠤᠨ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠰᠠᠶᠢᠨ᠃  ᠡᠮᠨᠡᠯᠭᠡ ᠶᠢᠨ ᠠᠵᠢᠯᠳᠠᠳ ᠭᠡᠷ ᠤᠨ ᠡᠭᠦᠳᠡᠨ ᠳᠤ ᠮᠢᠨᠢ ᠢᠷᠡᠵᠦ ᠦᠨ᠎ᠡ ᠲᠦᠯᠦᠪᠦᠷᠢ ᠦᠬᠡᠢ ᠪᠠᠷ ᠡᠪᠡᠳᠴᠢᠨ ᠠᠷᠬᠠᠭ ᠢ  ᠪᠠᠶᠢᠴᠠᠭᠠᠨ ᠤᠨᠤᠰᠢᠯᠠᠵᠤ ᠡᠮᠨᠡᠨ ᠵᠠᠰᠠᠵᠤ ᠪᠠᠶᠢᠨ᠎ᠠ᠂ ᠪᠢᠳᠡᠨ ᠳᠤ  ᠪᠠᠰᠠ ᠡᠪᠡᠳᠴᠢᠨ ᠡᠮᠭᠡᠭ ᠢ ᠰᠡᠷᠭᠡᠶᠢᠯᠡᠬᠦ  ᠠᠷᠭ᠎ᠠ ᠤᠬᠠᠭᠠᠨ ᠢ  ᠵᠢᠭᠠᠵᠤ ᠤᠯᠠᠮᠵᠢᠯᠠᠵᠠᠢ᠂ ᠲᠠ ᠨᠠᠷ ᠵᠦᠳᠡᠷᠡᠯ᠎ᠡ ᠰᠢᠦ︾ ᠭᠡᠵᠦ ᠮᠠᠯᠴᠢᠨ ᠤᠷᠠᠩᠭᠤᠸ᠎ᠠ ᠰᠡᠳᠬᠢᠯ ᠳᠣᠭᠳᠣᠯᠤᠨ ᠬᠡᠯᠡᠯ᠎ᠡ᠃     ᠤᠶᠢᠯᠠᠭᠠᠭᠰᠠᠨ ᠢᠶᠠᠷ᠂ ᠲᠤᠬᠠᠢ ᠶᠢᠨ ᠡᠳᠦᠷ ᠨᠡᠶᠢᠲᠡ 150 ᠭᠠᠷᠤᠢ ᠬᠥᠮᠥᠨ ᠤ ᠡᠪᠡᠳᠴᠢᠨ ᠢ ᠦᠵᠡᠵᠦ ᠦᠭᠬᠦᠭᠰᠡᠨ ᠪᠦᠭᠡᠳ ᠡᠷᠡᠭᠦᠯ ᠮᠡᠨᠳᠦ ᠶᠢᠨ ᠮᠡᠳᠡᠯᠭᠡ ᠶᠢᠨ ᠤᠬᠠᠭᠤᠯᠭ᠎ᠠ ᠶᠢᠨ ᠮᠠᠲ᠋ᠧᠷᠢᠶᠠᠯ 300 ᠭᠠᠷᠤᠢ ᠬᠤᠪᠢ  ᠲᠠᠷᠬᠠᠭᠠᠭᠠᠳ᠂ ᠮᠠᠯᠴᠢᠨ ᠲᠦᠮᠡᠨ ᠤ ᠦᠨᠳᠦᠷ ᠦᠨᠡᠯᠡᠯᠲᠡ ᠶᠢ  ᠤᠯᠵᠤ᠂ ︽ᠪᠠᠭ᠎ᠠ ᠦᠢᠯᠡᠴᠢᠯᠡᠭᠡ︾ ᠨᠢ ︽ᠶᠡᠭᠡ ᠡᠨᠧᠷᠭᠢ︾ ᠶᠢ ᠬᠤᠷᠠᠮᠳᠤᠭᠤᠯᠤᠭᠰᠠᠨ ᠪᠠᠶᠢᠪᠠ᠃ ᠡᠨᠡ  ᠤᠳᠠᠭᠠᠨ ᠤ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ  ᠨᠢ ᠮᠠᠯᠴᠢᠨ ᠲᠦᠮᠡᠨ ᠳᠤ ᠰᠢᠯᠢᠳᠡᠭ ᠡᠮᠴᠢᠯᠡᠭᠡᠨ ᠤ ᠦᠢᠯᠡᠴᠢᠯᠡᠭᠡ ᠶᠢ ᠬᠦᠷᠭᠡᠵᠦ ᠶᠡᠭᠡᠭᠡᠨ ᠠᠰᠢᠭ ᠲᠤᠰᠠ ᠬᠦᠷᠲᠡᠭᠡᠭᠰᠡᠨ ᠢᠶᠠᠷ ᠪᠠᠷᠠᠬᠤ ᠦᠭᠡᠢ᠂  ᠲᠠᠶᠢᠹᠤᠰᠧ ᠬᠤᠰᠢᠭᠤᠨ ᠤ ᠦᠨᠳᠦᠰᠦᠲᠡᠨ ᠨᠦᠭᠦᠳ ᠤᠨ ᠠᠬ᠎ᠠ ᠳᠡᠭᠦᠦ ᠨᠠᠷ ᠤᠨ ᠬᠤᠭᠤᠷᠣᠨᠳᠣᠬᠢ ᠬᠠᠶᠢᠷ᠎ᠠ ᠬᠠᠯᠠᠮᠵᠢ ᠶᠢ  ᠢᠯᠡᠷᠡᠬᠦᠯᠵᠡᠢ᠃      ᠲᠠᠶᠢᠹᠦᠰᠧ ᠬᠤᠰᠢᠭᠤᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠡᠷᠬᠢᠯᠡᠭᠴᠢ ᠶᠧ ᠲᠢᠩ ᠶᠦᠩ ᠄ ︽ᠲᠠᠷᠠᠭᠠᠴᠢ ᠶᠢᠨ ᠠᠯᠬᠤᠮ ᠳᠤ  ᠪᠢᠳᠡ  ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠶᠢ ᠪᠥᠬᠦ ᠬᠤᠰᠢᠭᠤᠨ ᠳᠤ  ᠦᠷᠨᠢᠬᠦᠯᠵᠦ᠂ ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠴᠢᠯᠡᠭᠡ᠂ ᠡᠮ ᠡᠮᠨᠡᠯᠭᠡ ᠪᠠᠷ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢ ᠣᠯᠠᠨ ᠲᠦᠮᠡᠨ ᠤ ᠬᠠᠵᠠᠭᠤ ᠳᠤ  ᠪᠠᠶᠢᠩᠭᠤ ᠬᠦᠷᠭᠡᠨ᠎ᠡ︾᠃  
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号