ᠭᠠᠵᠠᠷ ᠤᠰᠤᠨ —  ᠰᠢᠪᠠᠷᠳᠤ
ᠨᠡᠶᠢᠲᠡᠯᠡᠭᠰᠡᠨ ᠴᠠᠭ᠄
2021/10/20
  ᠬᠦᠨᠪᠤᠯᠠᠭ ᠰᠤᠮᠤᠨ ᠤ ᠰᠢᠪᠠᠷᠳᠤ ᠭᠠᠴᠠᠭᠠᠨ ᠤ ᠡᠮᠦᠨᠡᠬᠡᠨ ᠪᠠᠶᠢᠭ᠎ᠠ  ᠭᠤᠤᠯ ᠭᠤᠷᠤᠬ᠎ᠠ ᠶᠢᠨ ᠴᠢᠳᠬᠤᠯᠠᠩ ᠬᠡᠵᠦ ᠦᠬᠡᠢ᠂ ᠬᠤᠷ᠎ᠠ ᠪᠤᠷᠤᠭᠠᠨ ᠤ ᠤᠰᠤ ᠪᠠᠷ ᠲᠦᠬᠦᠷᠴᠦ ᠮᠡᠯᠮᠡᠯᠵᠡᠳᠡᠭ  ᠪᠢᠴᠢᠬᠠᠨ ᠲᠤᠭᠤᠷᠢᠮ ᠢ ᠲᠦᠬᠦᠷᠢᠭ ᠨᠠᠭᠤᠷ ᠭᠡᠳᠡᠭ᠃   ᠵᠤᠨ ᠨᠠᠮᠤᠷ ᠲᠠᠭᠠᠨ ᠠᠩᠭᠠᠭᠰᠠᠨ ᠬᠤᠨᠢ᠂  ᠤᠭᠤᠳᠤᠩᠨᠠᠭᠰᠠᠨ ᠦᠬᠡᠷ᠂  ᠢᠯᠠᠭᠠᠰᠢᠭᠰᠠᠨ ᠠᠳᠤᠭᠤᠳ ᠨᠠᠭᠤᠷ ᠤᠨ ᠬᠦᠪᠡᠬᠡᠨ ᠤ ᠤᠰᠤᠨ ᠳᠤ ᠤᠷᠤᠵᠤ᠂  ᠮᠠᠯ ᠰᠢᠪᠠᠷᠳᠠᠬᠤ ᠶᠠᠪᠤᠳᠠᠯ ᠦᠷᠬᠦᠯᠵᠢ ᠭᠠᠷᠤᠭᠠᠳ ᠪᠠᠶᠢᠬᠤᠯᠠᠷ ᠨᠤᠳᠤᠭ ᠤᠨ ᠬᠦᠮᠦᠰ ᠲᠦᠬᠦᠷᠢᠭ ᠨᠠᠭᠤᠷ ᠢᠶᠠᠨ ᠰᠢᠪᠠᠷᠳᠤ ᠨᠠᠭᠤᠷ ᠭᠡᠵᠦ  ᠨᠡᠷᠡᠯᠡᠭᠡᠳ᠂  ᠠᠭᠠᠵᠢᠮ ᠳᠠᠭᠠᠨ  ᠨᠠᠭᠤᠷ  ᠢ ᠬᠦᠪᠡᠭᠡᠯᠳᠡᠵᠦ ᠰᠠᠭᠤᠭᠰᠠᠨ ᠠᠶᠢᠯ ᠬᠤᠳᠠᠨ ᠤ ᠨᠡᠷ᠎ᠡ ᠪᠤᠯᠵᠠᠢ᠃  ᠮᠠᠯᠴᠢᠳ ᠲᠦᠬᠦᠷᠢᠭ ᠨᠠᠭᠤᠷ ᠢᠶᠠᠨ ᠡᠵᠡᠨ ᠲᠠᠢ ᠨᠠᠭᠤᠷ ᠬᠡᠮᠡᠨ  ᠰᠦᠵᠢᠭᠯᠡᠨ ᠲᠠᠬᠢᠳᠠᠭ ᠪᠢᠯᠡ  ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号