ᠨᠢᠭᠡ᠂ ︽ᠬᠡᠷᠡᠭᠵᠢᠭᠦᠯᠬᠦ ᠰᠠᠨᠠᠯ︾ ᠢ ᠲᠣᠭᠲᠠᠭᠠᠭᠰᠠᠨ ᠠᠬᠤᠢ ᠪᠠᠶᠢᠳᠠᠯ | ︽ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠳᠤ ᠣᠷᠤᠯᠴᠠᠬᠤ ᠶᠢ | ᠵᠣᠷᠢᠭᠵᠢᠭᠤᠯᠬᠤ ᠪᠠ ᠳᠡᠮᠵᠢᠬᠦ ᠲᠤᠬᠠᠢ ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠤᠨ ᠰᠠᠨᠠᠯ︾ ︵ | ᠲᠥᠷᠥ ᠠᠯᠪᠠᠨ ᠲᠠᠷᠬᠠᠭᠠᠭᠰᠠᠨ ﹇2021﹈ 40 ᠳ᠋ᠦ᠋ᠭᠡᠷ ᠲᠣᠭᠠᠲᠤ︶ ᠢ ᠬᠢᠨᠠᠮᠠᠭᠠᠢ ᠲᠤᠭᠤᠰᠢᠯᠠᠭᠤᠯᠤᠨ | ᠨᠠᠶᠢᠳᠠᠪᠤᠷᠢᠵᠢᠭᠤᠯᠵᠤ᠂ ᠥᠪᠥᠷ ᠮᠣᠩᠭᠤᠯ ᠣᠷᠣᠨ ᠤ ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ | ᠰᠡᠷᠭᠦᠭᠡᠬᠦ ᠳᠤ ᠣᠷᠤᠯᠴᠠᠬᠤ ᠪᠠᠶᠢᠭᠤᠯᠤᠯ ᠲᠣᠭᠲᠠᠴᠠ ᠶᠢ ᠪᠦᠬᠦ ᠲᠠᠯ᠎ᠠ ᠪᠠᠷ ᠪᠠᠶᠢᠭᠤᠯᠵᠤ᠂ ᠪᠥᠬᠦ ᠨᠡᠶᠢᠭᠡᠮ ᠤᠨ | ᠬᠦᠴᠦᠨ ᠢ ᠳᠠᠶᠢᠴᠢᠯᠠᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠠᠵᠢᠯ ᠳᠤ ᠣᠷᠣᠯᠴᠠᠭᠤᠯᠵᠤ᠂ ᠮᠠᠨ ᠤ ᠤᠯᠤᠰ ᠤᠨ | ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠬᠢᠵᠢᠭᠦᠯᠬᠦ ᠶᠢᠨ ᠲᠤᠰᠠᠳᠠ᠂ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠠᠴᠠ ︽ᠨᠡᠶᠢᠭᠡᠮ ᠤᠨ | ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠠᠵᠢᠯ ᠳᠤ ᠣᠷᠤᠯᠴᠠᠬᠤ ᠶᠢ ᠤᠯᠠᠮ ᠨᠢᠭᠡ ᠠᠯᠬᠤᠮ | ᠰᠠᠶᠢᠲᠤᠷ ᠬᠢᠬᠦ ᠲᠤᠬᠠᠢ ᠬᠡᠷᠡᠭᠵᠢᠭᠦᠯᠬᠦ ᠰᠠᠨᠠᠯ︾ ︵ᠥᠪᠥᠷ ᠵᠠᠰᠠᠭ ᠠᠯᠪᠠᠨ ᠲᠠᠷᠬᠠᠭᠠᠭᠰᠠᠨ ﹇2023﹈ 14 | ᠳ᠋ᠦ᠋ᠭᠡᠷ ᠲᠣᠭᠠᠲᠤ᠂ ᠳᠣᠷᠣᠭᠰᠢ ︽ᠬᠡᠷᠡᠭᠵᠢᠭᠦᠯᠬᠦ ᠰᠠᠨᠠᠯ︾ ᠭᠡᠵᠦ ᠲᠣᠪᠴᠢᠯᠠᠨ᠎ᠠ︶ ᠢ ᠨᠡᠶᠢᠲᠡᠯᠡᠪᠡ᠃ | ᠬᠤᠶᠠᠷ᠂ ︽ᠬᠡᠷᠡᠭᠵᠢᠭᠦᠯᠬᠦ ᠰᠠᠨᠠᠯ︾ ᠤᠨ ᠭᠤᠣᠯ ᠠᠭᠤᠯᠭ᠎ᠠ | ︽ᠬᠡᠷᠡᠭᠵᠢᠭᠦᠯᠬᠦ ᠰᠠᠨᠠᠯ︾ ᠢ ᠨᠡᠶᠢᠲᠡ 4 ᠬᠡᠰᠡᠭ 24 ᠵᠦᠢᠯ ᠬᠤᠪᠢᠶᠠᠪᠠ᠃ ︵ᠨᠢᠭᠡ︶ ᠨᠡᠶᠢᠭᠡᠮ ᠤᠨ | ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠠᠵᠢᠯ ᠳᠤ ᠣᠷᠤᠯᠴᠠᠬᠤ ᠭᠤᠣᠯᠳᠠᠯᠭ᠎ᠠ ᠲᠠᠢ ᠬᠦᠷᠢᠶ᠎ᠡ ᠶᠢ | ᠲᠣᠳᠣᠷᠬᠠᠶᠢᠯᠠᠪᠠ᠃ ︽ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠳᠤ ᠣᠷᠤᠯᠴᠠᠬᠤ ᠶᠢ | ᠵᠣᠷᠢᠭᠵᠢᠭᠤᠯᠬᠤ ᠪᠠ ᠳᠡᠮᠵᠢᠬᠦ ᠲᠤᠬᠠᠢ ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠤᠨ ᠰᠠᠨᠠᠯ︾ ︵ | ᠲᠥᠷᠥ ᠠᠯᠪᠠᠨ ᠲᠠᠷᠬᠠᠭᠠᠭᠰᠠᠨ ﹇2021﹈ 40 ᠳ᠋ᠦ᠋ᠭᠡᠷ ᠲᠣᠭᠠᠲᠤ︶ ᠢ ᠦᠨᠳᠦᠰᠦᠯᠡᠨ ᠲᠣᠭᠲᠠᠭᠠᠭᠰᠠᠨ | ᠭᠤᠣᠯᠳᠠᠯᠭ᠎ᠠ ᠲᠠᠢ ᠬᠦᠷᠢᠶ᠎ᠡ᠂ ︽ᠪᠥᠬᠦ ᠤᠯᠤᠰ ᠤᠨ ᠴᠢᠬᠤᠯᠠ ᠠᠮᠢ ᠠᠬᠤᠢ ᠶᠢᠨ ᠰᠢᠰᠲ᠋ᠧᠮ ᠢ ᠬᠠᠮᠠᠭᠠᠯᠠᠬᠤ ᠪᠠ | ᠰᠡᠷᠭᠦᠭᠡᠬᠦ ᠴᠢᠬᠤᠯᠠ ᠶᠡᠭᠡ ᠢᠨᠵᠧᠨᠧᠷᠢᠩ ᠤᠨ ᠶᠡᠷᠦᠩᠬᠡᠢ ᠲᠥᠯᠦᠪᠵᠢᠭᠦᠯᠭᠡ ︵2021 — 2035 ᠣᠨ︶︾ | ᠪᠠᠷ ᠥᠪᠡᠷᠲᠡᠭᠡᠨ ᠵᠠᠰᠠᠬᠤ ᠣᠷᠣᠨ ᠤ ︽ᠨᠢᠭᠡ ᠣᠷᠣᠨ ᠬᠤᠶᠠᠷ ᠪᠦᠰᠡ︾ ᠲᠠᠢ ᠬᠤᠯᠪᠣᠭᠳᠠᠬᠤ ᠭᠤᠣᠯᠳᠠᠯᠭ᠎ᠠ ᠲᠠᠢ | ᠠᠮᠢ ᠠᠬᠤᠢ ᠶᠢᠨ ᠴᠢᠳᠠᠮᠵᠢ ᠶᠢᠨ ᠣᠷᠣᠨ ᠪᠠ ᠥᠪᠡᠷᠲᠡᠭᠡᠨ ᠵᠠᠰᠠᠬᠤ ᠣᠷᠣᠨ ᠤ ᠤᠯᠤᠰ ᠤᠨ ᠨᠤᠲᠤᠭ ᠳᠡᠪᠢᠰᠭᠡᠷ ᠤᠨ | ᠣᠷᠣᠨ ᠵᠠᠢ ᠶᠢᠨ ᠲᠥᠯᠦᠪᠵᠢᠭᠦᠯᠭᠡ ᠳᠤ ᠲᠣᠭᠲᠠᠭᠠᠭᠰᠠᠨ ᠭᠤᠣᠯᠳᠠᠯᠭ᠎ᠠ ᠲᠠᠢ ᠠᠮᠢ ᠠᠬᠤᠢ ᠶᠢᠨ ᠰᠡᠷᠭᠦᠭᠡᠯᠲᠡ ᠶᠢᠨ | ᠣᠷᠣᠨ ᠪᠦᠰᠡ ᠶᠢ ᠲᠣᠳᠣᠷᠬᠠᠶᠢᠯᠠᠵᠤ᠂ ᠣᠢ ᠰᠢᠭᠤᠢ ᠨᠤᠲᠤᠭ ᠪᠡᠯᠴᠢᠭᠡᠷ᠂ ᠡᠯᠡᠰᠦᠷᠬᠡᠭᠵᠢᠭᠰᠡᠨ ᠭᠠᠵᠠᠷ ᠰᠢᠷᠣᠢ᠂ | ᠭᠤᠣᠯ ᠮᠦᠷᠡᠨ ᠨᠠᠭᠤᠷ ᠴᠥᠭᠦᠷᠥᠮ ᠨᠦᠢᠲᠠᠨ ᠭᠠᠵᠠᠷ᠂ ᠠᠭᠤᠷᠬᠠᠢ ᠶᠢᠨ ᠣᠷᠣᠨ᠂ ᠲᠠᠷᠢᠶᠠᠨ ᠭᠠᠵᠠᠷ᠂ ᠬᠤᠲᠠ | ᠪᠠᠯᠭᠠᠰᠤ᠂ ᠠᠮᠢ ᠠᠬᠤᠢ ᠶᠢᠨ ᠠᠵᠤ ᠦᠢᠯᠡᠰ ᠵᠡᠷᠭᠡ ᠠᠮᠢ ᠠᠬᠤᠢ ᠶᠢ ᠬᠠᠮᠠᠭᠠᠯᠠᠨ ᠰᠡᠷᠭᠦᠭᠡᠬᠦ 7 ᠭᠤᠣᠯᠳᠠᠯᠭ᠎ᠠ ᠲᠠᠢ | ᠬᠦᠷᠢᠶ᠎ᠡ ᠶᠢ ᠲᠣᠭᠲᠠᠭᠠᠪᠠ᠃ ︵ᠬᠤᠶᠠᠷ︶ ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ | ᠠᠵᠢᠯ ᠳᠤ ᠣᠷᠤᠯᠴᠠᠬᠤ ᠬᠠᠮᠢᠶᠠᠷᠤᠯᠲᠠ ᠶᠢᠨ ᠲᠣᠭᠲᠠᠴᠠ ᠶᠢ ᠲᠡᠭᠦᠯᠳᠡᠷᠵᠢᠭᠦᠯᠪᠡ᠃ ︽ᠬᠡᠨ ᠰᠡᠷᠭᠦᠭᠡᠪᠡᠯ ᠬᠡᠨ | ᠠᠰᠢᠭ ᠭᠥᠷᠳᠡᠬᠦ︾ ᠵᠠᠷᠴᠢᠮ ᠶᠣᠰᠣᠭᠠᠷ᠂ ᠲᠥᠷᠥᠯ ᠵᠦᠢᠯ ᠢ ᠪᠠᠶᠢᠭᠤᠯᠬᠤ᠂ ᠬᠡᠷᠡᠭᠵᠢᠭᠦᠯᠬᠦ᠂ ᠰᠢᠯᠭᠠᠨ ᠬᠤᠷᠢᠶᠠᠵᠤ | ᠠᠪᠬᠤ᠂ ᠬᠠᠮᠢᠶᠠᠷᠴᠤ ᠬᠠᠮᠠᠭᠠᠯᠠᠬᠤ᠂ ᠡᠷᠬᠡ ᠠᠰᠢᠭ ᠵᠡᠷᠭᠡ ᠲᠥᠷᠥᠯ ᠵᠦᠢᠯ ᠢ ᠬᠡᠷᠡᠭᠵᠢᠭᠦᠯᠬᠦ ᠪᠦᠬᠦ ᠶᠠᠪᠤᠴᠠ ᠳᠤ | ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠠᠵᠢᠯ ᠳᠤ ᠣᠷᠤᠯᠴᠠᠬᠤ 8 ᠲᠠᠯ᠎ᠠ ᠶᠢᠨ | ᠠᠵᠢᠯ ᠤᠨ ᠠᠷᠭ᠎ᠠ ᠬᠡᠮᠵᠢᠶ᠎ᠡ᠂ ᠪᠣᠳᠠᠲᠠᠢ ᠠᠷᠭ᠎ᠠ ᠵᠠᠮ ᠪᠠ ᠬᠤᠯᠪᠣᠭᠳᠠᠯ ᠪᠦᠬᠦᠢ ᠱᠠᠭᠠᠷᠳᠠᠯᠭ᠎ᠠ ᠶᠢ ᠳᠤᠷᠠᠳᠴᠤ᠂ | ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠳᠤ ᠣᠷᠤᠯᠴᠠᠬᠤ ᠠᠭᠤᠯᠭ᠎ᠠ᠂ ᠣᠷᠤᠯᠴᠠᠬᠤ | ᠠᠷᠭ᠎ᠠ ᠬᠡᠯᠪᠡᠷᠢ᠂ ᠣᠷᠤᠯᠴᠠᠬᠤ ᠶᠠᠪᠤᠴᠠ ᠶᠢ ᠵᠢᠭᠠᠨ ᠲᠣᠳᠣᠷᠬᠠᠶᠢᠯᠠᠵᠤ᠂ ᠲᠣᠳᠣᠷᠬᠠᠢ ᠠᠷᠭ᠎ᠠ ᠵᠠᠮ ᠢ ᠲᠣᠭᠲᠠᠭᠠᠵᠤ᠂ | ᠬᠠᠮᠢᠶᠠᠷᠤᠯᠲᠠ ᠶᠢᠨ ᠵᠢᠷᠤᠮᠵᠢᠯ ᠢ ᠲᠣᠳᠣᠷᠬᠠᠶᠢᠯᠠᠨ᠂ ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ | ᠰᠡᠷᠭᠦᠭᠡᠬᠦ ᠳᠤ ᠣᠷᠤᠯᠴᠠᠬᠤ ᠶᠢ ᠰᠢᠨᠵᠢᠯᠡᠬᠦ ᠤᠬᠠᠭᠠᠨᠴᠢᠯᠠᠭᠰᠠᠨ᠂ ᠳᠦᠷᠢᠮᠵᠢᠭᠰᠡᠨ ᠵᠣᠬᠢᠶᠠᠨ ᠪᠠᠶᠢᠭᠤᠯᠤᠯᠲᠠ ᠶᠢᠨ | ᠬᠠᠮᠢᠶᠠᠷᠤᠯᠲᠠ ᠲᠠᠢ ᠪᠣᠯᠭᠠᠬᠤ ᠶᠢ ᠪᠠᠲᠤᠯᠠᠵᠠᠢ᠃ ︵ᠭᠤᠷᠪᠠ︶ ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ | ᠬᠠᠮᠠᠭᠠᠯᠠᠨ ᠰᠡᠷᠭᠦᠭᠡᠬᠦ ᠠᠵᠢᠯ ᠳᠤ ᠣᠷᠤᠯᠴᠠᠬᠤ ᠬᠠᠮᠢᠶ᠎ᠠ ᠪᠦᠬᠦᠢ ᠳᠡᠮᠵᠢᠯᠭᠡ ᠶᠢᠨ ᠲᠥᠷᠥ ᠶᠢᠨ ᠪᠣᠳᠣᠯᠭ᠎ᠠ ᠶᠢ | ᠪᠤᠲᠠᠲᠠᠶᠢᠵᠢᠭᠤᠯᠤᠨ ᠦᠷ᠎ᠡ ᠪᠦᠲᠦᠮᠵᠢ ᠣᠯᠬᠤ ᠶᠢ ᠠᠬᠢᠭᠤᠯᠪᠠ᠃ ᠥᠪᠡᠷᠲᠡᠭᠡᠨ ᠵᠠᠰᠠᠬᠤ ᠣᠷᠣᠨ ᠤ ᠪᠣᠳᠠᠲᠤ | ᠪᠠᠶᠢᠳᠠᠯ ᠲᠠᠢ ᠤᠶᠠᠯᠳᠤᠭᠤᠯᠤᠨ᠂ ᠭᠠᠵᠠᠷ ᠰᠢᠷᠣᠢ ᠶᠢ ᠵᠦᠷᠢᠶᠡᠵᠢᠬᠦᠯᠦᠨ ᠬᠡᠷᠡᠭᠯᠡᠬᠦ ᠪᠠᠲᠤᠯᠠᠭ᠎ᠠ ᠶᠢᠨ ᠲᠥᠷᠥ ᠶᠢᠨ | ᠪᠣᠳᠣᠯᠭ᠎ᠠ ᠶᠢ ᠬᠡᠷᠡᠭᠵᠢᠭᠦᠯᠬᠦ᠂ ᠰᠢᠷᠣᠢ ᠴᠢᠯᠠᠭᠤᠨ ᠮᠠᠲ᠋ᠧᠷᠢᠶᠠᠯ ᠢ ᠵᠦᠢ ᠵᠣᠬᠢᠰᠲᠠᠢ ᠠᠰᠢᠭᠯᠠᠬᠤ᠂ ᠣᠶ ᠮᠣᠳᠣᠨ ᠤ | ᠬᠠᠮᠢᠶᠠᠷᠤᠯᠲᠠ ᠶᠢᠨ ᠲᠣᠭᠲᠠᠴᠠ ᠳᠤ ᠰᠢᠨ᠎ᠡ ᠶᠢ ᠡᠭᠦᠳᠬᠦ᠂ ᠨᠡᠭᠦᠷᠡᠰᠦᠲᠥ᠋ᠷᠥᠭᠴᠢ ᠶᠢ ᠬᠤᠷᠠᠭᠤᠯᠬᠤ ᠦᠢᠯᠡᠳᠬᠦᠨ ᠤ | ᠥᠷᠲᠡᠭ ᠢ ᠪᠡᠶᠡᠯᠡᠭᠦᠯᠬᠦ ᠵᠠᠭᠪᠤᠷ ᠢ ᠬᠠᠶᠢᠨ ᠰᠦᠪᠡᠭᠴᠢᠯᠡᠬᠦ᠂ ᠡᠳ᠋ ᠤᠨ ᠵᠠᠰᠠᠭ ᠤᠨ ᠬᠥᠲᠥᠯᠥᠨ ᠵᠢᠯᠤᠭᠤᠳᠬᠤ ᠪᠠ | ᠳᠠᠶᠢᠴᠢᠯᠠᠬᠤ ᠦᠢᠯᠡᠳᠦᠯ ᠢ ᠪᠠᠳᠠᠷᠠᠭᠤᠯᠬᠤ ᠵᠡᠷᠭᠡ 6 ᠲᠠᠯ᠎ᠠ ᠪᠠᠷ ᠨᠠᠷᠢᠯᠢᠭᠵᠢᠭᠤᠯᠤᠭᠰᠠᠨ ᠲᠥᠷᠥ ᠶᠢᠨ ᠪᠣᠳᠣᠯᠭ᠎ᠠ ᠶᠢᠨ | ᠠᠷᠭ᠎ᠠ ᠬᠡᠮᠵᠢᠶ᠎ᠡ ᠶᠢ ᠳᠤᠷᠠᠳᠤᠨ ᠭᠠᠷᠭᠠᠵᠤ᠂ ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ | ᠰᠡᠷᠭᠦᠭᠡᠬᠦ ᠳᠤ ᠣᠷᠤᠯᠴᠠᠬᠤ ᠶᠢ ᠳᠡᠮᠵᠢᠬᠦ ᠳᠤ ᠲᠥᠷᠥ ᠶᠢᠨ ᠪᠣᠳᠣᠯᠭ᠎ᠠ ᠶᠢᠨ ᠪᠣᠳᠠᠲᠠᠢ ᠵᠢᠯᠣᠭᠤᠳᠤᠯᠭ᠎ᠠ ᠬᠠᠩᠭᠠᠪᠠ᠃ | ︵ᠳᠥᠷᠪᠡ︶ ᠨᠡᠶᠢᠭᠡᠮ ᠤᠨ ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠠᠵᠢᠯ ᠳᠤ ᠣᠷᠤᠯᠴᠠᠬᠤ | ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠶᠢ ᠴᠢᠩᠭᠠᠳᠬᠠᠪᠠ᠃ ᠭᠤᠣᠯᠳᠠᠭᠤ ᠥᠪᠡᠷᠲᠡᠭᠡᠨ ᠵᠠᠰᠠᠬᠤ ᠣᠷᠣᠨ ᠤ | ᠠᠷᠠᠳ ᠤᠨ ᠵᠠᠰᠠᠭ ᠤᠨ ᠣᠷᠳᠣᠨ ᠤ ᠬᠠᠮᠢᠶ᠎ᠠ ᠪᠦᠬᠦᠢ ᠲᠤᠬᠠᠶᠢᠯᠠᠭᠰᠠᠨ ᠠᠵᠢᠯ ᠤᠨ ᠭᠤᠣᠯᠴᠢᠯᠠᠨ ᠬᠠᠮᠢᠶᠠᠷᠬᠤ | ᠰᠠᠯᠠᠭ᠎ᠠ ᠮᠥᠴᠢᠷ ᠪᠣᠯᠣᠨ ᠠᠶᠢᠮᠠᠭ ᠬᠤᠲᠠ᠂ ᠬᠤᠰᠢᠭᠤ ᠰᠢᠶᠠᠨ ︵ᠬᠤᠲᠠ᠂ ᠲᠣᠭᠤᠷᠢᠭ︶ ᠤ ᠵᠠᠰᠠᠭ ᠤᠨ ᠣᠷᠳᠣᠨ | ᠵᠢᠴᠢ ᠬᠠᠮᠢᠶ᠎ᠠ ᠪᠦᠬᠦᠢ ᠲᠤᠬᠠᠶᠢᠯᠠᠭᠰᠠᠨ ᠠᠵᠢᠯ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠲᠤ ᠨᠡᠶᠢᠭᠡᠮ ᠤᠨ | ᠬᠥᠷᠥᠩᠭᠡ ᠶᠢᠨ ᠠᠮᠢ ᠠᠬᠤᠢ ᠶᠢ ᠬᠠᠮᠠᠭᠠᠯᠠᠨ ᠰᠡᠷᠭᠦᠭᠡᠬᠦ ᠳᠤ ᠣᠷᠤᠯᠴᠠᠬᠤ ᠶᠢ ᠥᠷᠨᠢᠭᠦᠯᠬᠦ ᠶᠠᠪᠤᠴᠠ ᠳᠠᠬᠢ | ᠦᠢᠯᠡᠴᠢᠯᠡᠭᠡᠨ ᠤ ᠪᠠᠲᠤᠯᠠᠭ᠎ᠠ ᠶᠢᠨ ᠱᠠᠭᠠᠷᠳᠠᠯᠭ᠎ᠠ ᠶᠢ ᠳᠤᠷᠠᠳᠴᠤ᠂ ᠵᠣᠬᠢᠴᠠᠭᠤᠯᠬᠤ ᠲᠣᠭᠲᠠᠴᠠ ᠶᠢ ᠪᠠᠶᠢᠭᠤᠯᠬᠤ᠂ | ᠵᠢᠱᠢᠶ᠎ᠡ ᠦᠵᠡᠭᠦᠯᠦᠨ ᠬᠥᠲᠥᠯᠥᠨ ᠳᠠᠭᠠᠭᠤᠯᠬᠤ ᠶᠢ ᠴᠢᠩᠭᠠᠷᠠᠭᠤᠯᠬᠤ᠂ ᠬᠢᠨᠠᠯᠲᠠ ᠬᠠᠮᠢᠶᠠᠷᠤᠯᠲᠠ ᠶᠢᠨ | ᠦᠢᠯᠡᠴᠢᠯᠡᠭᠡ ᠶᠢ ᠴᠢᠩᠭᠠᠳᠬᠠᠬᠤ ᠭᠡᠬᠦ 3 ᠲᠠᠯ᠎ᠠ ᠠᠴᠠ ᠪᠣᠳᠠᠲᠠᠢ ᠱᠠᠭᠠᠷᠳᠠᠯᠭ᠎ᠠ ᠳᠤᠷᠠᠳᠪᠠ᠃ | ᠭᠤᠷᠪᠠ᠂ ︽ᠬᠡᠷᠡᠭᠵᠢᠭᠦᠯᠬᠦ ᠰᠠᠨᠠᠯ︾ ᠤᠨ ᠣᠨᠴᠠᠯᠢᠭ ᠪᠦᠬᠦᠢ ᠭᠢᠯᠠᠰ ᠴᠡᠭ | ︽ᠬᠡᠷᠡᠭᠵᠢᠭᠦᠯᠬᠦ ᠰᠠᠨᠠᠯ︾ ᠳᠤ ᠨᠡᠶᠢᠭᠡᠮ ᠨᠡᠶᠢᠲᠡ ᠪᠠᠷ ᠢᠶᠠᠨ ᠨᠡᠶᠢᠳᠡᠮ ᠠᠩᠬᠠᠷᠴᠤ ᠪᠠᠶᠢᠭ᠎ᠠ ᠲᠡᠦᠬᠡᠨ ᠠᠴᠠ | ᠦᠯᠡᠳᠡᠭᠳᠡᠵᠦ ᠢᠷᠡᠭᠰᠡᠨ ᠠᠭᠤᠷᠬᠠᠢ ᠶᠢ ᠵᠠᠬ᠎ᠠ ᠳᠡᠯᠭᠡᠭᠦᠷᠴᠢᠯᠡᠨ ᠠᠮᠢ ᠠᠬᠤᠢ ᠶᠢ ᠰᠡᠷᠭᠦᠭᠡᠬᠦ ᠲᠥᠷᠥᠯ ᠵᠦᠢᠯ ᠤᠨ | ᠰᠢᠷᠣᠢ ᠴᠢᠯᠠᠭᠤᠨ ᠮᠠᠲ᠋ᠧᠷᠢᠶᠠᠯ ᠢ ᠠᠰᠢᠭᠯᠠᠬᠤ᠂ ᠠᠮᠢ ᠠᠬᠤᠢ ᠶᠢ ᠰᠡᠷᠭᠦᠭᠡᠬᠦ ᠲᠥᠷᠥᠯ ᠵᠦᠢᠯ ᠤᠨ ᠰᠢᠨ᠎ᠡ ᠪᠠᠷ | ᠨᠡᠮᠡᠭᠳᠡᠭᠰᠡᠨ ᠲᠠᠷᠢᠶᠠᠨ ᠭᠠᠵᠠᠷ ᠢ ᠡᠵᠡᠯᠡᠬᠦ ᠪᠠ ᠨᠥᠬᠦᠪᠦᠷᠢᠯᠡᠬᠦ ᠶᠢ ᠲᠡᠩᠴᠡᠭᠦᠷᠢᠲᠡᠢ ᠠᠰᠢᠭᠯᠠᠬᠤ᠂ ᠠᠮᠢ ᠠᠬᠤᠢ ᠶᠢ | ᠰᠡᠷᠭᠦᠭᠡᠬᠦ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠨᠡᠮᠡᠭᠳᠡᠯ ᠬᠠᠰᠤᠭᠳᠠᠯ ᠢ | ᠬᠤᠯᠪᠣᠭᠳᠠᠭᠤᠯᠤᠨ ᠠᠰᠢᠭᠯᠠᠬᠤ ᠵᠡᠷᠭᠡ ᠠᠮᠢ ᠠᠬᠤᠢ ᠶᠢ ᠬᠠᠮᠠᠭᠠᠯᠠᠨ ᠰᠡᠷᠭᠦᠭᠡᠬᠦ ᠭᠤᠣᠯ ᠴᠣᠭᠴᠠ ᠶᠢᠨ ᠡᠷᠬᠡ | ᠠᠰᠢᠭ ᠢ ᠪᠡᠶᠡᠯᠡᠭᠦᠯᠬᠦ ᠭᠤᠣᠯᠳᠠᠯᠭ᠎ᠠ ᠲᠠᠢ ᠠᠷᠭ᠎ᠠ ᠵᠠᠮ ᠳᠤ ᠪᠥᠬᠦ ᠴᠣᠪᠣᠷᠠᠯ ᠤᠨ ᠲᠥᠷᠥ ᠶᠢᠨ ᠪᠣᠳᠣᠯᠭ᠎ᠠ ᠶᠢᠨ | ᠪᠣᠭᠤᠵᠢᠯᠠᠯ ᠬᠢᠵᠤ᠂ ᠡᠭᠦᠨ ᠤ ᠬᠠᠮᠲᠤ 4 ᠯᠠᠪᠯᠠᠯᠲᠠ ᠶᠢᠨ ᠲᠣᠪᠴᠢ ᠶᠢ ᠳᠠᠭᠠᠯᠳᠤᠭᠤᠯᠤᠨ᠂ ᠰᠡᠷᠭᠦᠭᠡᠬᠦ | ᠲᠥᠰᠥᠯ ᠲᠠᠢ ᠬᠠᠮᠲᠤ ᠴᠣᠬᠤᠯᠠᠪᠤᠷᠢᠯᠠᠨ ᠬᠡᠷᠡᠭᠵᠢᠭᠦᠯᠵᠦ᠂ ᠳᠠᠭᠢᠵᠤ ᠲᠤᠰᠠᠭᠠᠷ ᠬᠢᠨᠠᠨ ᠵᠥᠪᠰᠢᠶᠡᠷᠡᠬᠦ ᠦᠭᠡᠢ | ᠪᠣᠯᠭᠠᠵᠤ᠂ ᠨᠡᠶᠢᠭᠡᠮ ᠤᠨ ᠬᠥᠷᠥᠩᠭᠡ ᠶᠢᠨ ᠬᠠᠤᠯᠢ ᠶᠣᠰᠣᠨ ᠤ ᠡᠷᠬᠡ ᠠᠰᠢᠭ ᠢ ᠪᠦᠲᠦᠮᠵᠢᠲᠡᠶ ᠪᠠᠲᠤᠯᠠᠭᠰᠠᠨ | ᠰᠠᠭᠤᠷᠢᠨ ᠳᠡᠭᠡᠷ᠎ᠡ᠂ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠲᠥᠷᠥ ᠶᠢᠨ ᠪᠣᠳᠣᠯᠭ᠎ᠠ ᠶᠢᠨ ᠠᠰᠢᠭ | ᠲᠤᠰᠠ ᠶᠢ ᠭᠦᠢᠴᠡᠳ ᠪᠠᠳᠠᠷᠠᠭᠤᠯᠪᠠ᠃ |