︽ᠰᠦᠯᠵᠢᠶᠡᠨ ᠤᠳᠤᠨ︾ ᠤ ᠬᠦᠴᠦᠨ ᠢ ᠠᠰᠢᠭᠯᠠᠵᠤ  ᠰᠤᠶᠤᠯ ᠵᠢᠭᠤᠯᠴᠢᠯᠠᠯ ᠤᠨ ᠬᠥᠭᠵᠢᠯᠲᠡ ᠶᠢ ᠠᠬᠢᠭᠤᠯᠤᠨ᠎ᠠ
ᠨᠡᠶᠢᠲᠡᠯᠡᠭᠰᠡᠨ ᠴᠠᠭ᠄
2022/8/25
  ᠣᠶᠢᠷ᠎ᠠ ᠶᠢᠨ ᠵᠢᠯ ᠳᠤ᠂ ᠬᠥᠳᠡᠭᠡ ᠲᠣᠰᠬᠤᠨ ᠤ ᠬᠥᠭᠵᠢᠯᠲᠡ ᠶᠢ  ᠠᠬᠢᠭᠤᠯᠤᠨ᠂ ᠮᠠᠯᠴᠢᠨ ᠲᠠᠷᠢᠶᠠᠴᠢᠨ ᠤ ᠣᠷᠣᠯᠭ᠎ᠠ ᠶᠢ ᠨᠡᠮᠡᠭᠳᠡᠭᠦᠯᠵᠦ᠂  ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠶᠢᠨ ᠲᠥᠯᠥᠭᠡ᠂ ᠤᠯᠤᠰ ᠠᠴᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ  ᠭᠡᠷᠡᠭᠵᠢᠬᠦᠯᠦᠭᠡᠳ᠂ ᠡᠯ᠎ᠡ ᠭᠠᠵᠠᠷ ᠣᠷᠣᠨ ᠤ ᠬᠢᠨ ᠪᠤᠳᠠᠳᠠᠢ ᠪᠠᠶᠢᠳᠠᠯ ᠳᠠᠭᠠᠨ ᠲᠣᠬᠢᠷᠠᠭᠤᠯᠵᠤ᠂  ᠠᠵᠤ ᠦᠢᠯᠡᠰ ᠢ ᠬᠥᠭᠵᠢᠭᠦᠯᠬᠦ  ᠡᠯ᠎ᠡ ᠲᠦᠷᠦᠯ ᠤᠨ ᠲᠦᠷᠦ ᠶᠢᠨ ᠪᠣᠳᠣᠯᠭ᠎ᠠ ᠶᠢ ᠦᠷᠨᠢᠬᠦᠯᠦᠭᠰᠡᠨ ᠪᠠᠶᠢᠨ᠎ᠠ᠃ ᠲᠠᠶᠢᠹᠤᠰᠧ ᠬᠤᠰᠢᠭᠤ ᠨᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢᠨ ᠴᠢᠬᠤᠯᠠ ᠶᠡᠭᠡ ᠠᠵᠠ ᠲᠣᠬᠢᠶᠠᠯ ᠢ ᠡᠵᠡᠮᠳᠡᠵᠦ᠂ ︽ᠪᠡᠭᠡᠵᠢᠩ ᠲᠢᠶᠠᠨᠵᠢᠨ ᠾᠧᠪᠧᠢ ᠠᠴᠠ ᠬᠠᠮᠤᠭ ᠤᠨ ᠣᠶᠢᠷ᠎ᠠ ᠲᠠᠯ᠎ᠠ ᠨᠤᠲᠤᠭ ᠤᠨ ᠰᠣᠶᠣᠯ  ᠵᠢᠭᠤᠯᠴᠢᠯᠠᠯ ᠤᠨ ᠤᠷᠤᠨ︾ ᠢ ᠪᠠᠶᠢᠭᠤᠯᠬᠤ ᠪᠠᠷ ᠬᠠᠷᠠᠯᠲᠠ ᠪᠤᠯᠭᠠᠨ᠂ ᠲᠠᠯ᠎ᠠ ᠨᠤᠲᠤᠭ ᠤᠨ ᠰᠣᠶᠣᠯ ᠢᠶᠠᠷ ᠨᠡᠷ᠎ᠡ ᠶᠢᠨ ᠬᠠᠭᠤᠳᠠᠰᠤ ᠪᠣᠯᠭᠠᠵᠤ᠂ ᠠᠮᠲᠠᠲᠤ ᠢᠳᠡᠭᠡᠨ ᠲᠠᠩᠰᠤᠭ ᠦᠵᠡᠮᠵᠢ ᠪᠠᠷ ᠢᠶᠠᠨ ᠵᠢᠭᠤᠯᠴᠢᠯᠠᠭᠴᠢ ᠶᠢ  ᠲᠠᠳᠠᠬᠤ ᠶᠢᠨ ᠬᠠᠮᠳᠤ᠂  ︽ᠰᠦᠯᠵᠢᠶᠡᠨ ᠤᠳᠤ  + ᠡᠯᠧᠺᠲᠷᠣᠨ ᠬᠤᠳᠠᠯᠳᠤᠭ᠎ᠠ︾ ᠰᠢᠨ᠎ᠡ ᠵᠠᠭᠪᠤᠷ ᠢ ᠠᠰᠢᠭᠯᠠᠨ᠂  ᠬᠤᠰᠢᠭᠤ ᠨᠤᠳᠤᠭ ᠤᠨ ᠢᠶᠠᠨ ᠣᠨᠴᠠᠯᠢᠭᠲᠤ ᠰᠣᠶᠣᠯ ᠵᠢᠭᠤᠯᠴᠢᠯᠠᠯ ᠤᠨ ᠡᠬᠢ ᠪᠠᠶᠠᠯᠢᠭ ᠢ ᠤᠬᠠᠭᠤᠯᠤᠨ ᠲᠠᠨᠢᠯᠴᠠᠭᠤᠯᠵᠤ᠂ ᠰᠣᠶᠣᠯ ᠤᠨ ᠠᠵᠤ ᠦᠢᠯᠡᠰ ᠤᠨ ᠬᠥᠭᠵᠢᠯᠲᠡ ᠶᠢ ᠠᠬᠢᠭᠤᠯᠵᠤ ᠢᠷᠡᠵᠡᠢ᠃
    ᠨᠠᠯᠠᠭᠠᠷ ᠨᠠᠮᠤᠷ ᠤᠨ ᠨᠠᠶᠢᠷᠰᠠᠭ ᠤᠯᠠᠷᠢᠯ ᠳᠤ ᠡᠯᠪᠡᠭ ᠬᠤᠷᠢᠶᠠᠯᠲᠠ ᠶᠢᠨ ᠡᠭᠡᠰᠢᠭ ᠲᠠᠭᠤᠤ ᠬᠠᠩᠬᠢᠨᠠᠨ᠎ᠠ᠃ ᠣᠶᠢᠷ᠎ᠠ ᠳᠤ᠂ ᠲᠠᠶᠢᠹᠤᠰᠧ ᠬᠤᠰᠢᠭᠤᠨ ᠤ ᠡᠯᠪᠡᠭ ᠬᠤᠷᠢᠶᠠᠯᠲᠠ ᠪᠠᠨ ᠪᠡᠯᠭᠡᠯᠡᠬᠦ  ᠠᠵᠢᠯᠯᠠᠭᠠᠨ ᠤ ᠲᠣᠬᠢᠷᠠᠭᠤᠯᠤᠯᠲᠠ ᠪᠠᠷ᠂ ᠬᠡᠳᠦᠨ ᠠᠷᠪᠠᠨ ︽ ᠰᠦᠯᠵᠢᠶᠡᠨ ᠤᠳᠤᠨ︾  ᠲᠠᠶᠢᠹᠤᠰᠧ ᠬᠤᠰᠢᠭᠤᠨ ᠳᠤ  ᠢᠷᠡᠵᠦ᠂ ᠥᠪᠡᠷᠮᠢᠴᠡ ᠣᠨᠴᠠᠯᠢᠭ ᠲᠠᠢ ᠠᠮᠲᠠᠲᠤ ᠢᠳᠡᠭᠡᠨ ᠢ ᠨᠢ ᠠᠮᠳᠠᠯᠠᠨ᠂  ᠠᠭᠤᠯᠠ  ᠤᠰᠤᠨ ᠤ ᠦᠩᠭᠡ ᠦᠵᠡᠮᠵᠢ ᠶᠢ  ᠨᠢ ᠰᠤᠨᠢᠷᠬᠠᠭᠰᠠᠨ ᠪᠠᠶᠢᠯ᠎ᠠ᠃   ᠡᠳᠡᠭᠡᠷ ︽ ᠰᠦᠯᠵᠢᠶᠡᠨ ᠤᠳᠤᠳ︾   ᠨᠢ ᠦᠵᠡᠵᠦ ᠬᠠᠷᠠᠭᠰᠠᠨ ᠵᠦᠢᠯ ᠢᠶᠠᠨ ᠥᠪᠡᠷ ᠤᠨ ᠵᠢᠷᠤᠭᠯᠠᠭᠤᠷ ᠲᠠᠭᠠᠨ ᠰᠢᠩᠭᠡᠭᠡᠵᠦ  ᠂ ᠪᠦᠬᠦ ᠤᠯᠤᠰ ᠤᠨ ᠡᠯ᠎ᠡ ᠭᠠᠵᠠᠷ ᠲᠤ ᠰᠦᠯᠵᠢᠶ᠎ᠡ ᠪᠠᠷ ᠰᠠᠴᠤᠬᠤ ᠪᠣᠯᠣᠨ᠎ᠠ᠃  ᠲᠡᠳᠡᠨᠡᠷ  ᠥᠪᠡᠷ ᠥᠪᠡᠷ ᠤᠨ  ᠦᠪᠡᠷᠮᠢᠴᠡ ᠠᠷᠭ᠎ᠠ ᠪᠠᠷ ᠢᠶᠠᠨ ᠲᠠᠶᠢᠹᠤᠰᠧ ᠬᠤᠰᠢᠭᠤ ᠶᠢ ᠤᠬᠠᠭᠤᠯᠵᠤ᠂  ᠡᠨᠡ  ᠨᠤᠳᠤᠭ ᠤᠨ ᠰᠣᠶᠣᠯ ᠵᠢᠭᠤᠯᠴᠢᠯᠠᠯ ᠤᠨ ᠨᠠᠷᠠᠲᠤ ᠲᠡᠮᠳᠡᠭ ᠤᠨ ᠨᠥᠯᠥᠭᠡᠯᠡᠬᠦ ᠬᠦᠴᠦᠨ ᠢ ᠨᠡᠮᠡᠭᠳᠡᠬᠦᠯᠦᠨ᠂  ᠨᠡᠷ᠎ᠡ ᠠᠯᠳᠠᠷᠰᠢᠯ ᠪᠠ ᠤᠬᠠᠭᠤᠯᠭ᠎ᠠ ᠰᠤᠷᠳᠠᠯᠴᠢᠯᠠᠭ᠎ᠠ ᠶᠢᠨ ᠦᠢᠯᠡᠳᠦᠯ ᠢ ᠥᠷᠭᠡᠳᠬᠡᠬᠦ ᠳᠤ ᠬᠦᠴᠦᠨ ᠨᠡᠮᠡᠷᠢᠯᠡᠬᠦ ᠨᠢ ᠮᠡᠳᠡᠭᠡᠵᠢ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号