ᠠᠯᠳᠠᠨ ᠰᠢᠷ᠎ᠠ ᠤᠳᠪᠠᠯᠠ ᠠᠰᠢᠭ ᠤᠷᠤᠯᠭ᠎ᠠ ᠶᠢ ᠨᠡᠮᠡᠭᠳᠡᠬᠦᠯᠦᠨ᠎ᠡ
ᠨᠡᠶᠢᠲᠡᠯᠡᠭᠰᠡᠨ ᠴᠠᠭ᠄
2022/8/18
 ᠠᠯᠲᠠᠨ ᠨᠠᠮᠤᠷ ᠤᠨ ᠨᠠᠢᠮᠠᠨ ᠰᠠᠷ᠎ᠠ ᠳᠤ᠂  ᠬᠤᠩ ᠴᠢ ᠪᠠᠯᠭᠠᠰᠤᠨ ᠤ ᠬᠤᠩ ᠰᠢ ᠲᠣᠰᠬᠤᠨ ᠳᠤ ᠬᠦᠷᠬᠦᠶ᠎ᠡ᠂ ᠤᠳᠪᠠᠯᠠ ᠴᠡᠴᠡᠭ ᠤᠨ ᠠᠩᠬᠢᠯᠤᠮ᠎ᠠ ᠦᠨᠦᠷ ᠬᠠᠩᠬᠤᠯᠵᠤ᠂ ᠬᠥᠬᠡ ᠣᠭᠲᠠᠷᠭᠤᠢ᠂ ᠴᠠᠭᠠᠨ ᠡᠭᠦᠯᠡ᠂  ᠴᠡᠴᠡᠭ ᠤᠨ ᠬᠦᠷᠢᠶ᠎ᠡ  ᠂᠂᠂᠂᠂᠂ ᠬᠥᠳᠡᠭᠡ ᠲᠣᠰᠬᠤᠨ ᠤ ᠨᠠᠮᠤᠷ ᠤᠨ ᠦᠵᠡᠮᠵᠢ ᠬᠦᠮᠦᠨ ᠪᠦᠬᠦᠨ ᠤ ᠬᠠᠷᠠᠭ᠎ᠠ ᠶᠢ ᠮᠢᠯᠢᠶᠠᠨ᠎ᠠ  ᠃  ᠣᠶᠢᠷ᠎ᠠ ᠶᠢᠨ ᠵᠢᠯ ᠳᠤ᠂ ᠬᠤᠩ ᠰᠢ ᠲᠣᠰᠬᠤᠨ ᠤ ᠬᠢᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠬᠦ ᠲᠠᠢ ᠤᠶᠠᠯᠳᠤᠭᠤᠯᠵᠤ᠂  ᠲᠤᠬᠠᠢ ᠶᠢᠨ ᠭᠠᠵᠠᠷ ᠤᠨ ᠢᠶᠠᠨ ᠲᠠᠯᠠᠢ ᠶᠢᠨ ᠲᠦᠪᠰᠢᠨ ᠤ ᠡᠷᠬᠦᠭᠳᠡᠴᠡ ᠥᠨᠳᠥᠷ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠨᠡᠷᠡᠨ ᠤ ᠲᠤᠰᠤᠯᠲᠠ ᠶᠢᠨ  ᠬᠤᠭᠤᠴᠠᠭ᠎ᠠ ᠤᠷᠳᠤ ᠪᠠᠶᠢᠳᠠᠭ ᠣᠨᠴᠠᠯᠢᠭ ᠲᠤ ᠲᠦᠰᠢᠭᠯᠡᠨ᠂  ᠬᠦᠷᠢᠶ᠎ᠡ ᠬᠠᠰᠢᠶᠠᠨ ᠳᠠᠭᠠᠨ ᠤᠳᠪᠠᠯᠠ ᠲᠠᠷᠢᠵᠤ ᠠᠰᠢᠭ ᠣᠷᠣᠯᠭ᠎ᠠ ᠪᠠᠨ ᠨᠡᠮᠡᠭᠳᠡᠬᠦᠯᠬᠦ ᠲᠤᠷᠰᠢᠯᠲᠠ ᠶᠢ ᠬᠢᠭᠰᠡᠨ ᠪᠠᠶᠢᠨ᠎ᠠ᠃     ᠬᠤᠩ ᠰᠢ ᠲᠣᠰᠬᠤᠨ ᠤ ᠨᠠᠮ ᠤᠨ ᠡᠭᠦᠷ ᠤᠨ ᠱᠦᠵᠢ ᠨᠢᠦ ᠲᠦᠩ ᠵᠢᠶᠦ᠋ᠨ  ᠄ ︽2019 ᠣᠨ ᠳᠤ᠂ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠭᠤᠯᠭ᠎ᠠ  ᠬᠤᠩ ᠰᠢ ᠲᠣᠰᠬᠤᠨ ᠢ ᠬᠠᠪᠰᠤᠷᠤᠨ ᠲᠡᠳᠬᠦᠬᠦ ᠠᠵᠢᠯ ᠢᠶᠠᠨ ᠡᠬᠢᠯᠡᠬᠦᠯᠵᠡᠢ᠂ ᠲᠤᠬᠠᠢ ᠶᠢᠨ ᠦᠶ᠎ᠡ ᠳᠤ ᠺᠦᠨᠯᠦ᠋ᠨ ᠤ ᠴᠠᠰᠤᠨ ᠤᠳᠪᠠᠯᠠ ᠶᠢᠨ ᠦᠷ᠎ᠡ ᠶᠢ ᠬᠤᠳᠠᠯᠳᠤᠨ ᠠᠪᠴᠢᠷᠠᠵᠤ ᠲᠠᠷᠢᠶᠠᠴᠢᠳ ᠢᠶᠠᠷ ᠲᠤᠷᠰᠢᠵᠤ ᠲᠠᠷᠢᠭᠤᠯᠤᠭᠰᠠᠨ ᠪᠠᠶᠢᠨ᠎ᠠ  ᠃ ᠠᠩᠬ᠎ᠠ  ᠲᠤᠷᠰᠢᠬᠤ ᠳᠤ   ᠲᠠᠷᠢᠶᠠᠴᠢᠳ ᠴᠠᠰᠤᠨ ᠤᠳᠪᠠᠯᠠ ᠶᠢ ᠲᠠᠨᠢᠵᠤ ᠮᠡᠳᠡᠷᠡᠬᠦ ᠦᠭᠡᠢ ᠪᠤᠯᠬᠤᠷ ᠠᠷᠪᠠᠭᠠᠳᠬᠠᠨ ᠡᠷᠦᠬᠡ ᠲᠠᠷᠢᠵᠦ  ᠪᠠᠶᠢᠵᠠᠢ᠃  ᠰᠡᠬᠦᠯᠡᠷ ᠨᠢ ᠲᠣᠰᠬᠤᠨ ᠤ ᠠᠷᠠᠳ  ᠴᠠᠰᠤᠨ ᠤᠳᠪᠠᠯᠠ ᠶᠢᠨ ᠤᠨᠠᠯᠳᠠ ᠭᠠᠷᠤᠯᠲᠠ ᠥᠨᠳᠥᠷ ᠂ ᠦᠷ᠎ᠡ ᠠᠰᠢᠭ  ᠰᠠᠶᠢᠨ ᠪᠠᠶᠢᠭ᠎ᠠ ᠶᠢ ᠣᠯᠵᠤ ᠮᠡᠳᠡᠭᠡᠳ᠂  ᠲᠡᠬᠦᠨ ᠤ ᠲᠤᠬᠠᠢ ᠰᠢᠨ᠎ᠡ ᠲᠠᠨᠢᠯᠲᠠ ᠲᠠᠢ ᠪᠣᠯᠵᠤ᠂ 2021 ᠣᠨ ᠠᠴᠠ ᠡᠬᠢᠯᠡᠭᠡᠳ ᠠᠶᠢᠯ ᠪᠣᠯᠭᠠᠨ ᠬᠦᠷᠢᠶᠡᠨ ᠳᠡᠭᠡᠨ ᠶᠡᠭᠡ ᠬᠡᠮᠵᠢᠶ᠎ᠡ ᠪᠠᠷ ᠲᠠᠷᠢᠵᠦ ᠡᠬᠢᠯᠡᠭᠰᠡᠨ᠃  ᠲᠠᠷᠢᠶᠠᠴᠢᠳ ᠤᠳᠤ  ᠴᠠᠰᠤᠨ ᠤᠳᠪᠠᠯᠠ ᠶᠢᠨ ᠦᠷ᠎ᠡ ᠠᠰᠢᠭ ᠢ ᠬᠦᠷᠳᠡᠭᠡᠳ᠂  ᠡᠬᠦᠪᠡᠷ ᠠᠰᠢᠭ ᠤᠷᠤᠯᠭ᠎ᠠ ᠪᠠᠨ ᠨᠡᠮᠡᠭᠳᠡᠬᠦᠯᠬᠦ ᠳᠤ ᠮᠠᠰᠢ ᠶᠡᠭᠡ ᠢᠳᠡᠭᠡᠯ ᠲᠠᠢ ᠪᠠᠶᠢᠠᠭ᠎ᠠ᠃ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠭᠤᠯᠭ᠎ᠠ ᠠᠴᠠ ᠪᠢᠳᠡᠨ ᠢ ᠬᠠᠪᠰᠤᠷᠤᠨ ᠪᠤᠷᠤᠯᠠᠭᠤᠯᠭ᠎ᠠ ᠶᠢᠨ ᠠᠷᠭ᠎ᠠ ᠵᠠᠮ ᠢ ᠬᠠᠶᠢᠵᠤ ᠪᠤᠢ︾᠃     ᠬᠤᠩ ᠰᠢ ᠲᠣᠰᠬᠤᠨ ᠤ ᠲᠠᠷᠢᠶᠠᠴᠢᠨ ᠵᠠᠩ ᠱᠧᠦ ᠼᠦᠨ ︽ᠮᠠᠨ ᠤ ᠬᠢᠨ 2019 ᠣᠨ   ᠠᠴᠠ ᠡᠬᠢᠯᠡᠨ ᠴᠠᠰᠤᠨ ᠤᠳᠪᠠᠯᠠ ᠲᠠᠷᠢᠵᠠᠢ᠂ ᠭᠠᠷᠤᠯᠲᠠ ᠨᠢ ᠮᠠᠰᠢ ᠥᠨᠳᠥᠷ  ᠂ ᠬᠢᠮᠢ ᠶᠢᠨ ᠪᠣᠷᠳᠣᠭᠤᠷ᠂ ᠲᠠᠷᠢᠶᠠᠨ ᠡᠮ  ᠨᠢᠭᠡ ᠴᠤ ᠭᠡᠷᠡᠭᠯᠡᠬᠦ ᠦᠬᠡᠢ ᠪᠤᠯᠬᠤᠷ ᠪᠣᠬᠢᠷᠳᠤᠯ ᠬᠤᠤᠷᠠᠳᠠᠯ ᠬᠡᠵᠦ ᠰᠠᠨᠠᠭ᠎ᠠ ᠵᠤᠪᠠᠭ᠋ᠤ ᠶᠠᠪᠤᠳᠠᠯ ᠠᠯᠠᠭ᠎ᠠ᠂  ᠪᠦᠷ ᠬᠥᠮᠥᠨ ᠤ ᠬᠦᠴᠦ ᠪᠠᠷ ᠲᠡᠭᠦᠵᠦ᠂ ᠬᠥᠮᠥᠨ ᠤ ᠬᠦᠴᠦ ᠪᠠᠷ ᠬᠠᠳᠠᠭᠠᠵᠤ ᠪᠠᠶᠢᠨ᠎ᠠ᠃  ᠴᠠᠰᠤᠨ ᠤᠳᠪᠠᠯᠠ ᠶᠢᠨ ᠰᠢᠮ᠎ᠡ ᠲᠡᠵᠢᠭᠡᠯ ᠮᠠᠰᠢ ᠥᠨᠳᠥᠷ  ᠮᠦᠷᠳᠡᠭᠡᠨ ︿ᠭᠤᠷᠪᠠᠨ ᠥᠨᠳᠥᠷ﹀   ᠤᠨ ᠡᠪᠡᠳᠴᠢᠨ ᠢ  ᠵᠠᠰᠠᠳᠠᠭ ᠭᠡᠨ᠎ᠡ︾  ᠃      ᠡᠳᠦᠭᠡ ᠬᠤᠩ ᠰᠢ ᠲᠣᠰᠬᠤᠨ ᠤ ᠡᠷᠦᠬᠡ ᠪᠣᠯᠭᠠᠨ ᠤ ᠬᠦᠷᠢᠶ᠎ᠡ ᠬᠠᠰᠢᠶᠠᠨ ᠳᠤ ᠤᠳᠪᠠᠯᠠ ᠶᠢᠨ ᠦᠨᠦᠷ ᠠᠩᠬᠢᠯᠵᠤ᠂  ᠠᠯᠳᠠᠨ ᠰᠢᠷ᠎ᠠ ᠤᠳᠪᠠᠯᠠ ᠴᠡᠴᠡᠭ ᠤᠳ  ᠬᠦᠳᠡᠭᠡ ᠲᠣᠰᠬᠤᠨ ᠳᠤ ︽ᠦᠩᠭᠡ ᠵᠢᠰᠦ︾ ᠨᠡᠮᠡᠷᠢᠯᠡᠭᠰᠡᠨ ᠢᠶᠠᠷ ᠪᠠᠷᠠᠬᠤ ᠦᠭᠡᠢ᠂  ᠠᠷᠠᠳ  ᠢᠷᠭᠡᠳ ᠤᠨ ᠠᠰᠢᠭ ᠣᠷᠣᠯᠭ᠎ᠠ ᠶᠢ ᠨᠡᠮᠡᠭᠳᠡᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ︽ ᠬᠥᠳᠡᠯᠭᠡᠭᠦ ᠬᠦᠴᠦᠨ︾  ᠨᠡᠮᠡᠷᠢᠯᠡᠨᠡᠮ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号