︽ᠴᠠᠩ ᠫᠢᠩ ᠤᠨ ᠭᠦᠵᠡᠯᠵᠡᠭᠡᠨ᠎ᠡ︾  ᠴᠤᠬᠤᠮ ᠰᠠᠶᠢᠬᠠᠨ ᠠᠮᠲᠠᠲᠠᠢ
ᠨᠡᠶᠢᠲᠡᠯᠡᠭᠰᠡᠨ ᠴᠠᠭ᠄
2022/7/26
   ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠪᠣᠯ ᠲᠠᠪᠤᠨ ᠶᠡᠭᠡ ᠰᠡᠷᠭᠦᠨ ᠮᠠᠨᠳᠤᠯᠲᠠ ᠶᠢᠨ ᠲᠡᠷᠢᠭᠦᠨ ᠡᠬᠦᠷᠭᠡ᠂ ᠮᠥᠨᠴᠦ ᠥᠷᠭᠡᠨ ᠤᠯᠠᠨ ᠮᠠᠯᠴᠢᠨ ᠲᠠᠷᠢᠶᠠᠴᠢᠨ ᠤ ᠠᠵᠢᠯ ᠣᠯᠵᠤ ᠣᠷᠣᠯᠭ᠎ᠠ ᠪᠠᠨ ᠨᠡᠮᠡᠭᠳᠡᠭᠦᠯᠬᠦ ᠶᠢ ᠠᠬᠢᠭᠤᠯᠬᠤ ᠴᠢᠬᠤᠯᠠ ᠠᠷᠭ᠎ᠠ ᠵᠠᠮ ᠪᠣᠯᠣᠨ᠎ᠠ᠃ ᠪᠡᠭᠡᠵᠢᠩ ᠥᠪᠥᠷ ᠮᠣᠩᠭᠤᠯ ᠤᠨ ᠬᠠᠮᠵᠢᠯᠴᠠᠭ᠎ᠠ ᠶᠢ ᠥᠷᠨᠢᠭᠦᠯᠦᠭᠰᠡᠨ ᠠᠴᠠ ᠨᠠᠰᠢ᠂  ᠲᠠᠶᠢᠹᠤᠰᠧ ᠬᠤᠰᠢᠭᠤ   ᠨᠢ ᠣᠷᠣᠨ ᠪᠠᠶᠢᠷᠢ ᠶᠢᠨ ᠳᠠᠪᠠᠭᠤᠯᠢᠭ᠂ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠵᠤ᠂ ᠠᠵᠤ ᠦᠢᠯᠡᠰ ᠤᠨ ᠪᠠᠶᠢᠷᠢᠰᠢᠭᠤᠯᠤᠯᠲᠠ ᠪᠠᠨ ᠰᠢᠯᠢᠳᠡᠭᠵᠢᠬᠦᠯᠦᠨ ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠬᠤ ᠶᠢ ᠪᠠᠷᠢᠮᠲᠠᠯᠠᠵᠤ᠂ ᠠᠵᠤ ᠦᠢᠯᠡᠰ ᠤᠨ ᠬᠥᠭᠵᠢᠯᠲᠡ ᠪᠠᠷ ᠤᠯᠠᠨ ᠲᠦᠮᠡᠨ ᠤ ᠣᠷᠣᠯᠭ᠎ᠠ ᠶᠢᠨ ᠨᠡᠮᠡᠭᠳᠡᠯ ᠢ ᠲᠠᠶᠢᠴᠢᠯᠠᠨ᠂  ᠠᠷᠠᠳ ᠢᠷᠭᠡᠳ ᠢ ᠭᠡᠷ ᠤᠨ ᠡᠭᠦᠳᠡᠨ  ᠳᠤᠨᠢ ᠠᠵᠢᠯ ᠣᠯᠭᠤᠵᠤ᠂ ᠭᠡᠷ ᠤᠨ ᠡᠭᠦᠳᠡᠨ ᠳᠤ ᠮᠥᠩᠭᠦ ᠤᠯᠭᠤᠵᠤ ᠪᠠᠶᠢᠨ᠎ᠠ᠃    ᠪᠤᠤᠴᠠᠩ ᠪᠠᠯᠭᠠᠰᠤᠨ ᠤ ᠪᠢᠶᠠᠨ ᠴᠢᠶᠠᠩ ᠲᠣᠰᠬᠤᠨ ᠤ ᠭᠦᠵᠡᠯᠵᠡᠭᠡᠨ᠎ᠡ ᠶᠢᠨ ᠴᠢᠬᠢ ᠪᠣᠶᠢᠵᠢᠭᠤᠯᠬᠤ ᠰᠠᠭᠤᠷᠢᠨ ᠭᠠᠵᠠᠷ ᠲᠤ ᠬᠦᠷᠬᠦᠶ᠎ᠡ ᠴᠠᠶᠢᠯᠵᠠᠨ ᠡᠩᠨᠡᠷᠡᠭᠰᠡᠨ ᠰᠦᠯᠢᠶᠤᠤ  ᠬᠦᠯᠡᠮᠵᠢ ᠬᠠᠷᠠᠭ᠎ᠠ ᠪᠤᠯᠢᠶᠠᠵᠤ᠂  ᠬᠦᠬᠡᠷᠡᠨ ᠨᠤᠭᠤᠭᠠᠷᠠᠭᠰᠠᠨ ᠭᠦᠵᠡᠯᠵᠡᠭᠡᠨ᠎ᠡ ᠶᠢᠨ ᠴᠢᠬᠢ ᠰᠡᠳᠬᠢᠯ ᠪᠠᠶᠠᠰᠬᠠᠭᠠᠳ᠂ ᠠᠵᠢᠯᠴᠢᠳ ᠤᠨ ᠵᠠᠷᠢᠮ ᠨᠢ ᠡᠪᠡᠰᠦ ᠠᠷᠢᠯᠭᠠᠵᠤ᠂ ᠵᠠᠷᠢᠮ ᠨᠢ ᠪᠣᠷᠳᠣᠭᠤᠷ  ᠤᠷᠤᠭᠤᠯᠤᠭᠠᠳ᠂ ᠤᠨᠠᠭᠰᠠᠨ ᠮᠠᠯᠠᠭᠠᠢ ᠰᠢᠬᠦᠷᠬᠦ ᠵᠠᠪ ᠦᠬᠡᠢ ᠶᠠᠭᠠᠷᠤᠯᠳᠤᠨ᠎ᠠ   ︽ ︿ᠴᠠᠩ ᠫᠢᠩ ᠤᠨ ᠭᠦᠵᠡᠯᠵᠡᠭᠡᠨ᠎ᠡ ᠶᠢᠨ ᠬᠦᠯᠡᠮᠵᠢ﹀   ᠳᠤ ᠬᠥᠯᠥᠰᠦᠨ ᠠᠵᠢᠯ ᠬᠢᠵᠦ ᠪᠤᠢ᠂ ᠡᠪᠡᠰᠦ ᠦᠭᠳᠡᠭᠡᠬᠦ᠂ ᠴᠢᠬᠢ ᠰᠠᠭᠤᠯᠭᠠᠬᠤ ᠮᠡᠳᠦ ᠶᠢᠨ ᠠᠵᠢᠯ ᠢ  ᠬᠢᠭᠡᠳ ᠵᠢᠯ ᠤᠨ ᠣᠷᠣᠯᠭ᠎ᠠ 2 ᠲᠦᠮᠡᠨ ᠲᠥᠭᠦᠷᠢᠭ ᠬᠦᠷᠳᠡᠭ  ᠂ ᠭᠡᠷ  ᠠᠴᠠ ᠪᠠᠨ ᠤᠶᠢᠷᠠᠬᠠᠨ ᠪᠤᠯᠬᠤᠷ ᠭᠡᠷ ᠪᠦᠯᠢ ᠪᠠᠨ ᠬᠠᠷᠠᠭᠠᠯᠵᠠᠬᠤ ᠴᠠᠭ ᠲᠠᠢ᠂  ᠠᠯᠢ ᠠᠯᠢ ᠨᠢ ᠴᠤ ᠰᠠᠭᠠᠳᠠᠬᠤ ᠦᠬᠡᠢ︾  ᠬᠡᠮᠡᠨ ᠡᠪᠡᠰᠦ ᠦᠭᠳᠡᠭᠡᠵᠦ ᠪᠠᠶᠢᠭᠰᠠᠨ ᠲᠣᠰᠬᠤᠨ ᠤ ᠠᠷᠠᠳ ᠬᠠᠨ ᠴᠦᠨ ᠬᠤᠸᠠ ᠶᠠᠷᠢᠯ᠎ᠠ᠃    ᠣᠶᠢᠷ᠎ᠠ ᠶᠢᠨ ᠵᠢᠯ ᠳᠤ᠂  ᠲᠠᠶᠢᠹᠤᠰᠧ ᠬᠤᠰᠢᠭᠤ ᠨᠢ ᠴᠠᠩ ᠫᠢᠩ ᠲᠣᠭᠤᠷᠢᠭ ᠤᠨ ᠭᠦᠵᠡᠯᠵᠡᠭᠡᠨ᠎ᠡ ᠶᠢᠨ ᠦᠷ᠎ᠡ ᠴᠢᠬᠢ ᠪᠠ ᠳᠠᠷᠢᠬᠤ ᠮᠡᠷᠭᠡᠵᠢᠯ ᠢ ᠣᠷᠣᠭᠤᠯᠤᠨ ᠠᠪᠴᠢᠷᠠᠵᠤ᠂ ᠭᠦᠵᠡᠯᠵᠡᠭᠡᠨ᠎ᠡ ᠶᠢᠨ ᠦᠷ᠎ᠡ ᠴᠢᠬᠢ ᠪᠣᠶᠢᠵᠢᠭᠤᠯᠬᠤ ᠲᠤᠷᠰᠢᠯᠲᠠ ᠶᠢᠨ ᠰᠠᠭᠤᠷᠢᠨ ᠭᠠᠵᠠᠷ ᠢ ᠪᠠᠶᠢᠭᠤᠯᠤᠭᠠᠳ᠂ ︽ᠳᠠᠪᠠᠭᠤᠯᠢᠭ ᠠᠵᠤ ᠦᠢᠯᠡᠰ + ᠴᠢᠬᠢ ᠪᠣᠶᠢᠵᠢᠭᠤᠯᠬᠤ ᠰᠠᠭᠤᠷᠢᠨ ᠭᠠᠵᠠᠷ +  ᠲᠠᠷᠢᠶᠠᠴᠢᠨ ᠡᠷᠦᠬᠡ︾ ᠶᠢᠨ ᠲᠣᠭᠲᠠᠴᠠ ᠶᠢ ᠭᠡᠷᠡᠭᠯᠡᠵᠦ᠂ ︽ᠴᠠᠩ ᠫᠢᠩ ᠤᠨ ᠭᠦᠵᠡᠯᠵᠡᠭᠡᠨ᠎ᠡ︾ ᠶᠢᠨ ᠴᠢᠬᠢ ᠶᠢ ᠪᠣᠶᠢᠵᠢᠭᠤᠯᠤᠨ᠂ ᠲᠠᠷᠢᠶᠠᠴᠢᠳ   ᠤᠨ ᠠᠵᠢᠯ ᠣᠯᠭᠤᠯᠲᠠ ᠶᠢ ᠠᠬᠢᠭᠤᠯᠵᠤ᠂ ᠠᠰᠢᠭ ᠣᠷᠣᠯᠭ᠎ᠠ ᠶᠢ ᠲᠣᠭᠲᠠᠭᠤᠨ ᠢᠶᠠᠷ ᠨᠡᠮᠡᠭᠳᠡᠭᠦᠯᠬᠦ ᠶᠢᠨ ᠬᠠᠮᠲᠤ᠂  ᠲᠠᠶᠢᠹᠤᠰᠧ ᠬᠤᠰᠢᠭᠤᠨ ᠤ ᠪᠠᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠠᠮ ᠢᠶᠠᠷ ᠤᠯᠠᠮ ᠰᠠᠶᠢᠨ ᠵᠠᠮᠨᠠᠬᠤ ᠳᠤ ᠰᠠᠭᠤᠷᠢ ᠶᠢ ᠪᠠᠬᠢᠵᠢᠭᠦᠯᠵᠦ᠂ ᠴᠠᠩ ᠫᠢᠩ ᠲᠣᠭᠤᠷᠢᠭ ᠤᠨ ᠰᠢᠯᠢᠳᠡᠭ  ᠬᠦᠵᠡᠯᠵᠡᠬᠡᠨ᠎ᠡ ᠶᠢᠨ ᠴᠢᠬᠢ ᠶᠢᠨ ᠬᠡᠷᠡᠭᠴᠡᠭᠡ  ᠶᠢ ᠬᠠᠩᠭᠠᠨ᠂ ᠪᠡᠭᠡᠵᠢᠩ ᠥᠪᠥᠷ ᠮᠣᠩᠭᠤᠯ ᠤᠨ ᠡᠬᠢ ᠪᠠᠶᠠᠯᠢᠭ  ᠢᠶᠠᠷ ᠢᠶᠠᠨ ᠬᠠᠷᠢᠯᠴᠠᠨ ᠨᠥᠬᠦᠪᠦᠷᠢᠯᠡᠬᠦ᠂ ᠳᠠᠪᠠᠭᠤᠯᠢᠭ ᠢᠶᠠᠷ ᠢᠶᠠᠨ ᠬᠠᠷᠢᠯᠴᠠᠨ ᠨᠥᠬᠦᠪᠦᠷᠢᠯᠡᠬᠦ ᠶᠢ ᠪᠡᠶᠡᠯᠡᠬᠦᠯᠵᠡᠢ᠃ ᠣᠶᠢᠯᠠᠭᠠᠭᠰᠠᠨ ᠢᠶᠠᠷ᠂ 2022 ᠣᠨ ᠪᠣᠯᠬᠤ ᠳᠤ᠂ ᠲᠠᠶᠢᠹᠤᠰᠧ ᠬᠤᠰᠢᠭᠤᠨ ᠤ  ᠬᠢᠨ 320 ᠰᠠᠭᠤᠷᠢ ᠲᠣᠮᠣ ᠬᠦᠯᠡᠮᠵᠢ  ᠪᠠᠶᠢᠭᠤᠯᠵᠤ᠂  5 ᠰᠠᠷ᠎ᠠ ᠳᠤ ᠪᠠᠷᠤᠭ 29 ᠲᠦᠮᠡᠨ ᠭᠦᠵᠡᠯᠵᠡᠭᠡᠨ᠎ᠡ ᠶᠢᠨ ᠴᠢᠬᠢ  ᠪᠤᠶᠢᠵᠢᠭᠤᠯᠤᠭᠠᠳ᠂  ᠶᠡᠷᠦᠩᠬᠡᠢ ᠤᠨᠠᠯᠲᠠ ᠨᠢ  400 ᠲᠦᠮᠡᠨ ᠰᠠᠭᠤᠷᠢ  ᠬᠦᠷᠬᠦ ᠵᠢᠱᠢᠮ ᠲᠠᠢ ᠪᠠᠶᠢᠭ᠎ᠠ᠃     ᠲᠠᠶᠢᠹᠤᠰᠧ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠲᠡᠭᠨᠢᠭ ᠮᠡᠷᠭᠡᠵᠢᠯ ᠤᠨ ᠲᠤᠪᠴᠢᠶᠠᠨ ᠤ ᠳᠡᠳ᠋ ᠳᠠᠷᠤᠭ᠎ᠠ ᠵᠦ ᠪᠦᠦ ᠶᠢᠩ ᠲᠠᠨᠢᠯᠴᠠᠭᠤᠯᠬᠤ ᠳᠠᠭᠠᠨ᠄ ︽ᠭᠦᠵᠡᠯᠵᠡᠭᠡᠨ᠎ᠡ ᠶᠢᠨ ᠴᠢᠬᠢ  ᠪᠤᠶᠢᠵᠢᠭᠤᠯᠬᠤ ᠲᠦᠷᠦᠯ ᠵᠦᠢᠯ ᠢ 2018 ᠣᠨ ᠠᠴᠠ ᠡᠬᠢᠯᠡᠨ ᠲᠤᠷᠰᠢᠵᠤ  ᠬᠢᠭᠡᠳ ᠦᠷ᠎ᠡ ᠪᠦᠲᠦᠮᠵᠢ ᠪᠠᠷ ᠨᠡᠯᠢᠶᠡᠳ ᠰᠠᠶᠢᠨ ᠪᠠᠶᠢᠨ᠎ᠠ  ᠂ 2019 ᠣᠨ ᠳᠤ ᠴᠠᠩ ᠫᠢᠩ  ᠤᠨ ᠲᠤᠰᠬᠠᠢ ᠲᠦᠷᠦᠯ ᠤᠨ ᠪᠡᠯᠡ ᠮᠥᠩᠭᠦ ᠳᠤ ᠲᠦᠰᠢᠭᠯᠡᠨ᠂ ᠲᠦᠷᠦᠭᠦᠦ ᠪᠦᠯᠦᠭ ᠤᠨ 120 ᠭᠠᠷᠤᠢ ᠬᠦᠯᠡᠮᠵᠢ  ᠶᠢ ᠪᠠᠶᠢᠭᠤᠯᠤᠭᠰᠠᠨ ᠪᠦᠭᠡᠳ ᠲᠤᠰ ᠬᠤᠰᠢᠭᠤᠨ ᠤ ᠪᠠᠨ 5 ᠡᠷᠦᠬᠡ ᠭᠡᠷ ᠪᠦᠯᠢ ᠶᠢᠨ ᠲᠠᠷᠢᠶᠠᠯᠠᠩ ᠤᠨ ᠲᠠᠯᠠᠪᠠᠢ ᠶᠢ ᠲᠠᠶᠢᠴᠢᠯᠠᠨ ᠭᠦᠵᠡᠯᠵᠡᠭᠡᠨ᠎ᠡ ᠶᠢᠨ ᠴᠢᠬᠢ ᠪᠤᠶᠢᠵᠢᠭᠤᠯᠬᠤ ᠠᠵᠢᠯ ᠳᠤ ᠤᠷᠤᠯᠴᠠᠭᠤᠯᠤᠭᠰᠠᠨ︾ ᠬᠡᠨ᠎ᠡ᠃    ᠡᠶᠢᠨ ᠬᠦ᠋᠂  ᠵᠢᠪ ᠵᠢᠵᠢᠭᠬᠡᠨ ᠭᠦᠵᠡᠯᠵᠡᠭᠡᠨ᠎ᠡ ᠶᠢᠨ ᠴᠢᠬᠢ ᠨᠢ ︽ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠭᠠᠯᠲᠤ  ᠲᠡᠷᠭᠡᠨ︾ ᠳᠤ  ᠰᠠᠭᠤᠨ ᠴᠠᠩ ᠫᠢᠩ ᠠᠴᠠ ᠲᠠᠶᠢᠹᠤᠰᠧ ᠬᠤᠰᠢᠭᠤ ᠬᠦᠷᠴᠦ᠂ ᠬᠠᠭᠠᠰ ᠵᠢᠯ ᠤᠨ ︽ᠪᠣᠯᠪᠠᠰᠤᠷᠠᠯ︾ ᠢᠶᠠᠷ ᠳᠡᠮᠵᠢᠨ ᠴᠠᠩ ᠫᠢᠩ ᠳᠡᠭᠡᠨ ᠬᠠᠷᠢᠭᠠᠳ᠂ ᠪᠡᠭᠡᠵᠢᠩ ᠥᠪᠥᠷ ᠮᠣᠩᠭᠤᠯ ᠤᠨ ᠠᠵᠤ ᠦᠢᠯᠡᠰ ᠤᠨ ᠬᠠᠮᠲᠤᠷᠠᠯᠴᠠᠭᠠᠨ ᠤ ︽ᠰᠢᠨ᠎ᠡ ᠬᠥᠭᠦᠷᠭᠡ︾ ᠶᠢ ᠴᠤᠭᠴᠠᠯᠠᠵᠤ᠂  ᠬᠤᠶᠠᠷ ᠭᠠᠵᠠᠷ ᠤᠨ ᠠᠵᠤ ᠠᠬᠤᠢ ᠶᠢᠨ ᠬᠠᠮᠲᠤ ᠶᠢᠨ ᠠᠰᠢᠭ ᠢ ᠪᠡᠶᠡᠯᠡᠬᠦᠯᠦᠨᠡᠮ᠃  ︵7.26︶
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号