ᠦᠷᠦ ᠵᠢᠷᠦᠭᠡ ᠪᠠᠨ ᠲᠠᠯ᠎ᠠ ᠨᠤᠲᠤᠭ ᠲᠠᠢ ᠬᠤᠯᠪᠤᠵᠤ ᠦᠨᠡᠨᠴᠢ ᠰᠡᠳᠬᠢᠯ ᠢᠶᠠᠷ ᠰᠤᠷᠭᠠᠨ ᠬᠦᠮᠦᠵᠢᠯ ᠳᠤ ᠲᠤᠰᠠᠯᠠᠪᠠ
ᠨᠡᠶᠢᠲᠡᠯᠡᠭᠰᠡᠨ ᠴᠠᠭ᠄
2022/7/20
    ᠪᠡᠭᠡᠵᠢᠩ ᠥᠪᠥᠷ ᠮᠣᠩᠭᠤᠯ ᠤᠨ ᠬᠠᠪᠰᠤᠷᠤᠨ ᠬᠠᠮᠳᠤᠷᠠᠯᠴᠠᠭᠠᠨ ᠤ ᠲᠡᠳᠬᠦᠬᠦ ᠠᠵᠢᠯ ᠡᠬᠢᠯᠡᠭᠰᠡᠨ ᠠᠴᠠ ᠨᠠᠰᠢ ᠂ ᠪᠡᠭᠡᠵᠢᠩ ᠬᠤᠳᠠ ᠶᠢᠨ ᠴᠠᠩᠫᠢᠩ ᠲᠣᠭᠤᠷᠢᠭ ᠤᠨ ᠰᠤᠷᠭᠠᠨ ᠬᠥᠮᠦᠵᠢᠯ ᠤᠨ ᠵᠥᠪᠯᠡᠯ ᠨᠢ ᠲᠠᠶᠢᠹᠤᠰᠧ ᠬᠤᠰᠢᠭᠤᠨ  ᠤ  ᠲᠤᠮᠳᠠᠳᠤ ᠪᠠᠭ᠎ᠠ ᠰᠤᠷᠭᠠᠭᠤᠯᠢ ᠳᠤ ᠡᠳ᠋ ᠪᠣᠳᠠᠰ ᠤᠨ ᠬᠠᠷᠠᠮ ᠦᠬᠡᠢ ᠲᠤᠰᠠᠯᠠᠮᠵᠢ ᠬᠠᠩᠭᠠᠬᠤ ᠶᠢᠨ ᠬᠠᠮᠳᠤ᠂ ᠰᠢᠯᠢᠳᠡᠭ ᠪᠠᠭᠰᠢ ᠨᠠᠷ ᠢᠶᠠᠨ ᠰᠤᠩᠭᠤᠨ ᠲᠣᠮᠢᠯᠠᠵᠤ᠂  ᠲᠠᠶᠢᠹᠤᠰᠧ ᠬᠤᠰᠢᠭᠤᠨ ᠤ ᠰᠤᠷᠭᠠᠨ ᠬᠥᠮᠦᠵᠢᠯ ᠤᠨ ᠦᠢᠯᠡᠰ ᠤᠨ ᠬᠥᠭᠵᠢᠯᠲᠡ ᠳᠤ ᠬᠦᠴᠦᠨ ᠨᠡᠮᠡᠷᠢᠯᠡᠵᠦ ᠢᠷᠡᠭᠰᠡᠨ ᠶᠤᠮ᠃  ᠡᠳᠦᠷ ᠰᠠᠷ᠎ᠠ ᠦᠳᠦᠳᠦ ᠰᠤᠮᠤ ᠬᠠᠷᠪᠤᠭᠰᠠᠨ ᠮᠡᠲᠦ ᠦᠩᠭᠡᠷᠡᠨ᠎ᠡ᠃ ᠵᠤᠨ ᠤ ᠠᠮᠠᠷᠠᠯᠲᠠ ᠢᠷᠡᠭᠰᠡᠨ ᠪᠤᠯᠬᠤᠷ ᠵᠠᠩ ᠴᠦᠨ ᠮᠢᠩ᠂ ᠵᠦ ᠰᠤ᠋ ᠢᠦᠢ᠂ ᠵᠧᠦ ᠵᠢᠩ ᠴᠤᠸᠠᠨ᠂ ᠦ᠋ ᠶᠢᠩ ᠢᠦᠢ᠂  ᠰᠤ᠋ ᠬᠠᠢ ᠸᠧᠢ᠂ ᠺᠠᠨ ᠱᠧᠩ ᠬᠦᠸᠧ  ᠵᠡᠷᠭᠡ 6 ᠪᠠᠭᠰᠢ ᠴᠤ ᠲᠠᠶᠢᠹᠤᠰᠧ ᠬᠤᠰᠢᠭᠤᠨ ᠳᠠᠬᠢ ᠰᠤᠷᠭᠠᠨ ᠬᠥᠮᠦᠵᠢᠯ ᠢ ᠳᠡᠮᠵᠢᠬᠦ  ᠵᠢᠯ ᠤᠨ ᠡᠬᠦᠷᠭᠡ ᠪᠠᠨ ᠲᠡᠭᠦᠰ ᠠᠮᠵᠢᠯᠲᠠ ᠲᠠᠢ ᠪᠡᠶᠡᠯᠡᠬᠦᠯᠦᠭᠡᠳ  ᠪᠡᠭᠡᠵᠢᠩ ᠳᠡᠭᠡᠨ ᠪᠤᠴᠠᠬᠤ ᠪᠤᠯᠵᠠᠢ᠃  ᠲᠡᠳᠡ ᠲᠠᠶᠢᠹᠤᠰᠧ ᠬᠤᠰᠢᠭᠤᠨ ᠤ ᠦᠷᠭᠡᠨ ᠤᠯᠠᠨ ᠪᠠᠭᠰᠢ ᠰᠤᠷᠤᠭᠴᠢᠳ  ᠲᠠᠢ ᠬᠠᠮᠳᠤ ᠳᠠᠭᠠᠨ ᠮᠠᠷᠲᠠᠭᠳᠠᠰᠢ ᠦᠭᠡᠢ ᠨᠢᠭᠡ ᠵᠢᠯ ᠢ ᠥᠩᠭᠡᠷᠡᠭᠦᠯᠦᠯ᠎ᠡ᠃  ᠡᠨᠡ ᠬᠤᠭᠤᠴᠠᠭᠠᠨ ᠳᠤ᠂ ᠲᠠᠳᠠ ᠭᠠᠷᠠᠭ  ᠪᠤᠯᠭᠠᠨ ᠠᠳᠡᠬᠢ ᠶᠢᠨ ᠪᠠᠭᠰᠢ ᠨᠠᠷ ᠢ ᠳᠠᠭᠠᠭᠤᠯᠤᠨ ᠵᠢᠭᠠᠨ ᠰᠤᠳᠤᠯᠬᠤ ᠠᠵᠢᠯᠯᠠᠭ᠎ᠠ ᠥᠷᠨᠢᠭᠦᠯᠵᠦ᠂ ᠲᠠᠶᠢᠯᠤᠮᠵᠢ ᠬᠢᠬᠦ᠂ ᠬᠢᠴᠢᠶᠡᠯ ᠰᠤᠨᠤᠰᠬᠤ᠂ ᠵᠢᠱᠢᠶ᠎ᠡ ᠦᠵᠡᠭᠦᠯᠬᠦ ᠬᠢᠴᠢᠶᠡᠯ ᠣᠷᠣᠬᠤ᠂  ᠬᠢᠴᠢᠶᠡᠯ ᠲᠦᠷᠦᠯ ᠤᠨ ᠰᠤᠳᠤᠯᠭᠠᠨ ᠬᠢᠬᠦ ᠵᠡᠷᠭᠡ ᠬᠡᠯᠪᠡᠷᠢ ᠪᠠᠷ     ᠪᠠᠭᠰᠢ ᠨᠠᠷ ᠤᠨ ᠰᠤᠷᠭᠠᠨ ᠬᠥᠮᠦᠵᠢᠯ ᠤᠨ ᠣᠶᠢᠯᠠᠭᠠᠭᠳᠠᠬᠤᠨ ᠢ ᠰᠢᠨᠡᠳᠬᠡᠵᠦ᠂ ᠲᠤᠰᠬᠠᠢ ᠮᠡᠷᠭᠡᠵᠢᠯ ᠤᠨ ᠬᠡᠪ ᠪᠣᠯᠪᠠᠰᠤᠷᠠᠯ ᠢ ᠨᠢ ᠳᠡᠭᠡᠭᠰᠢᠯᠡᠭᠦᠯᠳᠡᠭ᠃ ᠠᠩᠭ᠍ᠯᠢ ᠬᠡᠯᠡᠨ ᠤ ᠪᠠᠭᠰᠢ ᠵᠠᠩ ᠴᠦᠨ ᠮᠢᠩ ᠨᠢᠭᠡᠳᠦᠭᠡᠷ ᠪᠠᠭ᠎ᠠ ᠰᠤᠷᠭᠠᠭᠤᠯᠢ ᠶᠢᠨ ᠨᠢᠭᠡᠳᠦᠭᠡᠷ ᠬᠤᠶᠠᠳᠤᠭᠠᠷ ᠣᠨ ᠳᠤ ᠦᠪᠡᠷ ᠤᠨ ᠨᠠᠶᠢᠷᠠᠭᠤᠯᠤᠭᠰᠠᠨ ︽ᠳᠠᠭᠤᠤ ᠳᠠᠭᠤᠯᠠᠵᠤ ᠠᠩᠭ᠍ᠯᠢ ᠬᠡᠯᠡ ᠰᠤᠷᠬᠤ︾ ᠬᠢᠴᠢᠶᠡᠯ ᠢᠶᠠᠨ ᠤᠷᠤᠭᠠᠳ ᠰᠤᠷᠤᠭᠴᠢᠳ ᠤᠨ ᠠᠩᠭ᠍ᠯᠢ ᠬᠡᠯᠡᠨ ᠤ ᠬᠢᠷᠢ ᠲᠦᠪᠰᠢᠨ ᠢ  ᠲᠡᠭᠡᠭᠰᠢᠯᠡᠬᠦᠯᠵᠦ ᠮᠠᠰᠢ ᠰᠠᠶᠢᠨ ᠠᠮᠵᠢᠯᠳᠠ ᠤᠯᠤᠭᠰᠠᠨ  ᠪᠠᠶᠢᠪᠠ᠃  ᠲᠣᠭᠠᠨ ᠤ ᠤᠬᠠᠭᠠᠨ ᠤ ᠪᠠᠭᠰᠢ  ᠵᠤ᠋ ᠰᠤ᠋ ᠢᠦᠢ ᠲᠦᠷᠪᠡᠳᠦᠭᠡᠷ ᠪᠠᠭ᠎ᠠ ᠰᠤᠷᠭᠠᠭᠤᠯᠢ ᠳᠤ ᠬᠤᠪᠢᠶᠠᠭᠳᠠᠭᠰᠠᠨ ᠤ ᠪᠠᠨ ᠳᠠᠷᠠᠭ᠎ᠠ᠂   ᠵᠢᠭᠠᠬᠤ ᠮᠠᠲ᠋ᠧᠷᠢᠶᠠᠯ   ᠢ ᠡᠮᠬᠢᠯᠡᠬᠦ ᠠᠴᠠ ᠡᠬᠢᠯᠡᠨ  ︽ᠬᠤᠶᠠᠷ   ᠢ ᠬᠦᠩᠭᠡᠷᠡᠬᠦᠯᠬᠦ︾  ᠠᠵᠢᠯ ᠲᠠᠢ ᠤᠶᠠᠯᠳᠤᠭᠤᠯᠤᠨ᠂  ᠵᠢᠭᠠᠨ  ᠰᠤᠷᠭᠠᠬᠤ ᠠᠷᠭ᠎ᠠ ᠮᠠᠶ᠋ᠢᠭ   ᠢ ᠢᠳᠡᠭ ᠢᠳᠡᠭ ᠢᠶᠠᠷ  ᠬᠤᠪᠢᠷᠠᠭᠤᠯᠤᠭᠰᠠᠨ ᠪᠠᠶᠢᠨ᠎ᠠ᠃ ᠨᠢᠭᠡ ᠵᠢᠯ ᠤᠨ ᠵᠢᠭᠠᠨ ᠰᠤᠷᠭᠠᠯᠲᠠ ᠪᠠᠷ ᠳᠠᠮᠵᠢᠭᠠᠳ ᠲᠤᠰ ᠰᠤᠷᠭᠠᠭᠤᠯᠢ ᠶᠢᠨ ᠪᠠᠭᠰᠢ  ᠨᠠᠷ ᠴᠤ ᠬᠢᠴᠢᠶᠡᠯ ᠤᠨ ᠲᠠᠩᠬᠢᠮ  ᠤᠨ ᠠᠵᠢᠯᠯᠠᠭ᠎ᠠ ᠶᠢ ᠵᠣᠬᠢᠶᠠᠨ ᠪᠠᠶᠢᠭᠤᠯᠵᠤ ᠴᠢᠳᠠᠳᠠᠭ ᠪᠤᠯᠤᠭᠰᠠᠨ ᠪᠥᠭᠡᠳ ᠰᠤᠷᠤᠭᠴᠢᠳ ᠨᠢ ᠴᠦ ᠡᠶᠢᠮᠦᠷᠬᠦᠦ ᠵᠢᠭᠠᠨ ᠰᠤᠷᠭᠠᠬᠤ ᠠᠷᠭ᠎ᠠ ᠳᠤ  ᠲᠤᠷ᠎ᠠ ᠪᠠᠬ᠎ᠠ ᠲᠠᠢ ᠪᠤᠯᠵᠠᠢ᠃ ᠲᠣᠭᠠᠨ ᠤ ᠤᠬᠠᠭᠠᠨ ᠤ ᠪᠠᠭᠰᠢ ᠦ᠋ ᠶᠢᠩ ᠢᠦᠢ ᠵᠤᠨ ᠤ ᠠᠮᠠᠷᠠᠯᠳᠠ ᠪᠠᠷ ᠬᠠᠷᠢᠬᠤ ᠠᠴᠠ ᠪᠠᠨ ᠡᠮᠦᠨ᠎ᠡ᠂ ᠨᠢᠭᠡᠳᠦᠭᠡᠷ ᠪᠠᠭ᠎ᠠ ᠰᠤᠷᠭᠠᠭᠤᠯᠢ ᠳᠤ ᠲᠠᠬᠢᠭᠠᠳ ᠨᠢᠬᠡ ᠵᠢᠯ ᠬᠢᠴᠢᠶᠡᠯ ᠤᠷᠤᠬᠤ ᠡᠷᠬᠦᠳᠡᠯ ᠢ ᠲᠡᠪᠰᠢᠬᠦᠯᠦᠭᠰᠡᠨ ᠪᠠᠶᠢᠯ᠎ᠠ᠃  ᠲᠡᠷᠡᠪᠡᠷ ︽ᠲᠠᠶᠢᠹᠤᠰᠧ ᠬᠤᠰᠢᠭᠤ ᠪᠣᠯᠣᠨ ᠴᠠᠩᠫᠢᠩ ᠤᠨ ᠰᠤᠷᠭᠠᠨ ᠬᠥᠮᠦᠵᠢᠯ ᠤᠨ ᠵᠥᠪᠯᠡᠯ ᠠᠴᠠ ᠪᠢᠳᠡᠨ ᠳᠤ ᠬᠠᠷᠢᠯᠴᠠᠨ ᠰᠤᠷᠤᠯᠴᠠᠬᠤ ᠲᠠᠪᠴᠠᠩ ᠬᠠᠩᠭᠠᠭᠰᠠᠨ ᠳᠤ ᠮᠠᠰᠢ ᠲᠠᠯᠠᠷᠬᠠᠵᠤ ᠪᠠᠶᠢᠨ᠎ᠠ᠂  ᠰᠤᠷᠭᠠᠨ ᠬᠦᠮᠦᠵᠢᠯ ᠢ ᠲᠡᠮᠵᠢᠬᠦ ᠠᠵᠢᠯ ᠨᠢ ᠨᠠᠳᠠ ᠮᠠᠰᠢ ᠭᠦᠨ ᠲᠥᠷᠥᠭᠳᠡᠯ ᠦᠭᠬᠦᠭᠰᠡᠨ᠂  ᠵᠢᠭᠠᠨ ᠰᠤᠷᠭᠠᠯᠲᠠ ᠶᠢᠨ  ᠠᠵᠢᠯ ᠤᠨ ᠳᠤᠮᠳᠠ ᠪᠪᠢ ᠦᠪᠡᠷᠦᠨ ᠬᠢᠷᠢ ᠴᠢᠳᠠᠪᠤᠷᠢ ᠪᠠᠨ ᠪᠠᠳᠠᠷᠠᠭᠤᠯᠵᠤ ᠴᠢᠳᠠᠭᠰᠠᠨ ᠪᠦᠭᠡᠳ ᠲᠠᠶᠢᠹᠤᠰᠧ ᠬᠤᠰᠢᠭᠤᠨ ᠤ ᠪᠠᠭᠰᠢ ᠨᠠᠷ ᠲᠠᠢ ᠬᠠᠷᠢᠯᠴᠠᠨ ᠵᠥᠪᠳᠡᠯᠴᠡᠵᠦ᠂ ᠬᠠᠷᠢᠯᠴᠠᠨ ᠰᠤᠷᠤᠯᠴᠠᠵᠤ᠂ ᠬᠠᠮᠲᠤ ᠪᠠᠷ ᠲᠠᠪᠰᠢᠭᠰᠠᠨ ᠶᠤᠮ︾  ᠭᠡᠨ᠎ᠡ᠃   ᠴᠠᠩᠫᠢᠩ ᠤᠨ ᠬᠤᠶᠠᠳᠤᠭᠠᠷ ᠳᠤᠮᠳᠠᠳᠤ ᠰᠤᠷᠭᠠᠭᠤᠯᠢ   ᠠᠴᠠ ᠢᠷᠡᠭᠰᠡᠨ ᠰᠦ ᠬᠠᠢ ᠸᠧᠢ ᠪᠣᠯ ᠪᠡᠶ᠎ᠡ   ᠶᠢᠨ ᠲᠠᠮᠢᠷ ᠤᠨ ᠪᠠᠭᠰᠢ ᠪᠥᠭᠡᠳ ᠤᠯᠤᠰ ᠤᠨ ᠬᠤᠶᠠᠳᠤᠭᠠᠷ ᠳᠡᠰ ᠤᠨ ᠲᠠᠮᠢᠷᠴᠢᠨ ᠶᠤᠮ᠃  ᠲᠡᠷᠡᠪᠡᠷ ᠪᠤᠤᠴᠠᠩ ᠤᠨ ᠨᠢᠭᠡᠳᠦᠭᠡᠷ ᠳᠤᠮᠳᠠᠳᠤ ᠰᠤᠷᠭᠠᠭᠤᠯᠢ ᠳᠤ  ᠠᠵᠢᠯᠯᠠᠭᠰᠠᠨ ᠨᠢᠭᠡ ᠵᠢᠯ ᠤᠨ ᠬᠤᠭᠤᠴᠠᠭᠠᠨ ᠳᠠᠭᠠᠨ ᠰᠤᠷᠭᠠᠭᠤᠯᠢ   ᠶᠢᠨ ᠲᠠᠯ᠎ᠠ ᠶᠢᠨ ᠳᠡᠮᠵᠢᠯᠭᠡ   ᠶᠢ ᠣᠯᠵᠤ  ᠪᠠᠶᠢᠭᠠᠳ ᠰᠤᠷᠭᠠᠭᠤᠯᠢ   ᠶᠢᠨ ᠠᠩᠬᠠᠳᠠᠭᠴᠢ ᠰᠠᠭᠰᠤᠨ ᠪᠥᠮᠪᠦᠭᠡ   ᠶᠢᠨ ᠠᠩᠭᠢ   ᠶᠢ  ᠪᠠᠶᠢᠭᠤᠯᠵᠠᠢ᠃ ︽ᠰᠠᠭᠰᠤᠨ ᠪᠥᠮᠪᠦᠭᠡ ᠶᠢᠨ ᠪᠣᠯᠪᠠᠰᠤᠷᠠᠯ ᠲᠤᠶᠢᠯ ᠤᠨ ᠵᠦᠳᠡᠷᠡᠯᠲᠡᠢ ᠮᠥᠷᠲᠡᠭᠡᠨ ᠤᠶᠢᠳᠬᠠᠷ ᠲᠠᠢ ᠪᠠᠶᠢᠳᠠᠭ᠂  ᠰᠤᠷᠭᠠᠭᠤᠯᠢ ᠳᠤ  ᠤᠳᠤᠬᠠᠨ ᠳᠠᠭᠠᠨ ᠲᠠᠮᠢᠷ ᠤᠨ ᠣᠷᠳᠣᠨ ᠦᠬᠡᠢ ᠪᠤᠯᠬᠤᠷ  ᠪᠡᠯᠡᠳᠭᠡᠯ ᠪᠤᠯᠪᠠᠰᠤᠷᠠᠯ ᠢᠶᠠᠨ ᠭᠠᠳᠠᠨ᠎ᠠ ᠬᠢᠬᠦ ᠯᠡ ᠭᠡᠷᠡᠭ᠂ ᠭᠡᠪᠡᠴᠦ ᠬᠡᠦᠬᠡᠳ ᠤᠳ ᠤᠨ ᠬᠦᠴᠢᠷ ᠪᠡᠷᠭᠡᠰᠢᠶᠡᠯ ᠠᠴᠠ ᠬᠠᠯᠠᠰᠢᠷᠠᠬᠤ ᠦᠬᠡᠢ ᠬᠠᠳᠠᠭᠤᠵᠢᠯᠳᠠᠢ ᠴᠢᠷᠮᠠᠶᠢᠬᠤ ᠵᠤᠷᠢᠭ ᠰᠠᠨᠠᠭ᠎ᠠ ᠨᠢ ᠨᠠᠮᠠᠢᠢ ᠲᠤᠭᠳᠤᠯᠤᠭᠤᠯᠵᠤ  ᠨᠠᠮᠠᠢᠢ ᠵᠤᠷᠢᠬᠵᠢᠭᠤᠯᠳᠠᠭ᠂   ᠵᠢᠯ ᠤᠨ ᠬᠤᠭᠤᠴᠠᠭ᠎ᠠ ᠲᠡᠭᠦᠰᠬᠦ ᠪᠣᠯᠣᠯ᠎ᠠ᠂ ᠪᠢ ᠴᠤ ᠰᠤᠷᠤᠭᠴᠢᠳ ᠲᠠᠢ ᠪᠠᠨ ᠵᠤᠵᠠᠭᠠᠨ ᠨᠥᠬᠦᠷᠯᠡᠯ ᠪᠠᠶᠢᠭᠤᠯᠤᠭᠰᠠᠨ ᠂  ᠰᠤᠷᠤᠭᠴᠢᠳ ᠮᠢᠨᠢ ᠦᠨᠳᠦᠷ ᠠᠮᠵᠢᠯᠳᠠ ᠤᠯᠤᠭᠠᠰᠠᠢ  ︾ ᠬᠡᠯ᠎ᠡ᠃ᠡᠭᠦᠨ ᠲᠠᠢ ᠠᠳᠠᠯᠢ ᠪᠠᠷ  ᠴᠠᠩᠫᠢᠩ ᠠᠴᠠ ᠢᠷᠡᠭᠰᠡᠨ  ᠨᠦᠬᠦᠭᠡ ᠬᠤᠶᠠᠷ  ᠲᠠᠮᠢᠷ ᠤᠨ ᠪᠠᠭᠰᠢ ᠵᠧᠦ ᠵᠢᠩ ᠴᠤᠸᠠᠨ᠂ ᠺᠠᠨ ᠱᠧᠩ ᠭᠦᠸᠧ ᠴᠤ  ᠲᠠᠶᠢᠹᠤᠰᠧ ᠨᠤᠳᠤᠭ ᠤᠨ ᠬᠡᠦᠭᠡᠳ ᠪᠠᠭᠠᠴᠤᠳ ᠳᠤ ᠥᠪᠡᠷ ᠤᠨ ᠰᠤᠷᠴᠤ ᠡᠵᠡᠮᠰᠢᠭᠰᠡᠨ ᠲᠤᠰᠬᠠᠢ ᠮᠡᠷᠭᠡᠵᠢᠯ ᠢᠶᠠᠨ ᠤᠯᠠᠮᠵᠢᠯᠠᠵᠤ᠂  ᠰᠤᠷᠭᠠᠨ ᠬᠦᠮᠦᠵᠢᠯ ᠢ ᠲᠡᠮᠵᠢᠬᠦ ᠠᠵᠢᠯ ᠡᠬᠦᠷᠭᠡ ᠪᠠᠨ ᠠᠮᠵᠢᠯᠳᠠ ᠲᠠᠢ ᠪᠡᠶᠡᠯᠡᠬᠦᠯᠦᠭᠡᠳ᠂  ᠲᠠᠶᠢᠹᠤᠰᠧ ᠬᠤᠰᠢᠭᠤᠨ ᠤ ᠰᠤᠷᠭᠠᠨ ᠬᠦᠮᠦᠵᠢᠯ ᠤᠨ ᠦᠢᠯᠡᠰ ᠤᠨ ᠬᠦᠭᠵᠢᠯᠳᠡ ᠳᠤ ᠦᠪᠡᠷ ᠦᠪᠡᠷ ᠤᠨ ᠬᠦᠴᠦᠨ ᠴᠢᠳᠠᠯ ᠢᠶᠠᠨ ᠡᠷᠬᠦᠭᠰᠡᠨ ᠪᠠᠶᠢᠯ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号