ᠲᠠᠶᠢᠹᠤᠰᠧ ᠬᠤᠰᠢᠭᠤ ᠠᠷᠠᠯᠵᠢᠶᠠᠴᠢᠨ ᠤᠷᠢᠵᠤ ᠪᠡᠯᠡ ᠣᠷᠣᠭᠤᠯᠬᠤ ᠬᠤᠷᠳᠤ ᠪᠠᠨ ᠲᠦᠷᠭᠡᠳᠬᠡᠨᠡᠮ
ᠨᠡᠶᠢᠲᠡᠯᠡᠭᠰᠡᠨ ᠴᠠᠭ᠄
2022/7/18
 ᠤᠷᠴᠢᠮᠬᠠᠨ ᠬᠤᠰᠢᠭᠤ ᠨᠠᠮ ᠤᠨ ᠬᠤᠷᠢᠶᠠᠨ ᠤ ᠱᠦᠵᠢ ᠵᠤᠤ ᠹᠧᠢ ᠫᠧᠩ ᠲᠢᠶᠠᠨᠵᠢᠨ ᠬᠤᠳᠠ ᠳᠤ ᠬᠦᠷᠴᠦ ᠠᠷᠠᠯᠵᠢᠶᠠᠴᠢᠨ ᠤᠷᠢᠵᠤ ᠰᠢᠨᠵᠢᠯᠡᠨ ᠪᠠᠶᠢᠴᠠᠭᠠᠬᠤ ᠠᠵᠢᠯᠯᠠᠭ᠎ᠠ ᠦᠷᠨᠢᠬᠦᠯᠦᠨ᠂ ᠲᠠᠶᠢᠹᠤᠰᠧ ᠬᠤᠰᠢᠭᠤ  ᠪᠠᠨ ᠤᠬᠠᠭᠤᠯᠤᠨ ᠲᠠᠨᠢᠯᠴᠠᠭᠤᠯᠵᠤ᠂  ᠬᠦᠭᠵᠢᠭᠰᠡᠨ ᠤᠷᠤᠨ ᠤ ᠠᠷᠭ᠎ᠠ ᠲᠤᠷᠰᠢᠯᠭ᠎ᠠ ᠶᠢ ᠰᠤᠷᠤᠯᠴᠠᠨ᠂ ᠬᠠᠮᠳᠤᠷᠠᠯᠴᠠᠭᠠᠨ  ᠤ ᠲᠦᠷᠦᠯ ᠵᠦᠢᠯ ᠢ ᠵᠦᠪᠳᠡᠵᠦ᠂ ᠬᠥᠭᠵᠢᠯᠲᠡ ᠶᠢᠨ ᠠᠷᠭ᠎ᠠ ᠵᠠᠮ ᠢ ᠬᠠᠶᠢᠭᠰᠠᠨ ᠪᠠᠶᠢᠨ᠎ᠠ᠃ ᠵᠤᠤ ᠹᠧᠢ ᠫᠧᠩ ᠤᠷᠢᠳ ᠬᠤᠵᠢᠳ ᠲᠢᠶᠠᠨᠵᠢᠨ ᠤ ᠲᠠᠢ ᠳ᠋ᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ᠂ ᠪᠢᠨ ᠬᠠᠢ ᠬᠤᠵᠢᠷᠯᠢᠭ ᠭᠠᠵᠠᠷ ᠤᠨ ᠠᠮᠢ ᠠᠬᠤᠢ  ᠶᠢ ᠵᠠᠰᠠᠬᠤ ᠤᠯᠤᠰ ᠤᠨ ᠠᠵᠤ ᠠᠬᠤᠶᠢᠯᠠᠯ ᠤᠨ ᠮᠡᠷᠭᠡᠵᠢᠯ ᠤᠨ ᠲᠥᠪ᠂  ᠲᠠᠢ ᠳ᠋ᠠ ᠨᠣᠭᠤᠭᠠᠷᠠᠭᠤᠯᠤᠯᠲᠠ ᠶᠢᠨ ᠰᠢᠨᠵᠢᠯᠡᠭᠡ ᠮᠡᠷᠭᠡᠵᠢᠯ ᠤᠨ ᠪᠦᠯᠦᠭᠯᠡᠯ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠂   ᠲᠠᠢ ᠳ᠋ᠠ ᠬᠤᠳᠠ ᠶᠢᠨ ᠴᠡᠴᠡᠷᠯᠢᠭ ᠤᠨ MSD ᠵᠢᠴᠢ  ᠪᠢᠨ ᠾᠧ ᠴᠡᠴᠡᠷᠯᠢᠭ ᠲᠤ ᠰᠢᠨᠵᠢᠯᠡᠨ ᠪᠠᠶᠢᠴᠠᠭᠠᠵᠤ ᠲᠣᠭᠤᠷᠢᠨ ᠦᠵᠡᠬᠦ ᠶᠢᠨ ᠲᠠᠭᠠᠤ᠂ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠲᠡ᠂ ᠮᠡᠷᠭᠡᠵᠢᠯ ᠤᠨ ᠡᠭᠦᠳᠦᠯᠲᠡ᠂ ᠵᠠᠬ᠎ᠠ ᠳᠡᠯᠭᠡᠭᠦᠷ ᠤᠨ ᠥᠷᠭᠡᠳᠬᠡᠯ᠂ ᠢᠷᠡᠭᠡᠳᠦᠢ ᠶᠢᠨ ᠬᠥᠭᠵᠢᠯᠲᠡ ᠪᠣᠯᠣᠨ ᠬᠤᠲᠠ ᠶᠢᠨ ᠴᠡᠴᠡᠷᠯᠢᠭ ᠤᠨ ᠲᠥᠯᠦᠪᠵᠢᠭᠦᠯᠭᠡ ᠵᠡᠷᠭᠡ ᠬᠠᠮᠢᠶ᠎ᠠ ᠪᠦᠬᠦᠢ ᠪᠠᠶᠢᠳᠠᠯ ᠢ ᠨᠠᠷᠢᠨ ᠣᠶᠢᠯᠠᠭᠠᠵᠤ᠂ ᠬᠤᠭ ᠨᠣᠪᠰᠢ ᠶᠢ ᠰᠢᠲᠠᠭᠠᠬᠤ᠂ ᠣᠷᠴᠢᠨ ᠲᠣᠭᠤᠷᠢᠨ ᠢ ᠵᠠᠰᠠᠬᠤ᠂ ᠬᠤᠵᠢᠷᠯᠢᠭ ᠭᠠᠵᠠᠷ ᠢ ᠵᠠᠰᠠᠵᠤ ᠨᠣᠭᠤᠭᠠᠷᠠᠭᠤᠯᠬᠤ  ᠵᠢᠴᠢ ᠬᠤᠳᠠ ᠶᠢᠨ ᠲᠥᠯᠦᠪᠵᠢᠭᠦᠯᠭᠡ ᠵᠡᠷᠭᠡ ᠠᠵᠢᠯ ᠤᠨ ᠲᠣᠭᠤᠷᠢᠨ ᠳᠤ ᠬᠠᠮᠢᠶ᠎ᠠ ᠪᠦᠬᠦᠢ ᠬᠠᠷᠢᠭᠤᠴᠠᠯᠭᠠᠲᠠᠨ ᠲᠠᠢ ᠰᠠᠨᠠᠯ ᠢᠶᠠᠨ ᠭᠦᠨᠵᠡᠭᠡᠢ ᠰᠤᠯᠢᠯᠴᠠᠭᠰᠠᠨ ᠪᠦᠭᠡᠳ ᠲᠠᠶᠢᠹᠤᠰᠧ ᠬᠤᠰᠢᠭᠤᠨ ᠤ ᠪᠠᠨ ᠠᠵᠤ ᠠᠬᠤᠢ ᠶᠢᠨ ᠬᠥᠭᠵᠢᠯᠲᠡ᠂ ᠲᠡᠦᠬᠡ ᠰᠣᠶᠣᠯ ᠤᠨ ᠡᠬᠢ ᠪᠠᠶᠠᠯᠢᠭ᠂ ᠣᠷᠣᠨ ᠪᠠᠶᠢᠷᠢ ᠶᠢᠨ ᠳᠠᠪᠠᠭᠤᠯᠢᠭ᠂ ᠠᠵᠤ ᠦᠢᠯᠡᠰ ᠤᠨ ᠲᠥᠯᠦᠪᠵᠢᠭᠦᠯᠭᠡ᠂ ᠬᠤᠳᠠᠯᠳᠤᠭ᠎ᠠ ᠡᠷᠬᠢᠯᠡᠬᠦ ᠣᠷᠴᠢᠨ ᠨᠦᠬᠦᠴᠡᠯ ᠤᠨ ᠲᠠᠯ᠎ᠠ ᠪᠠᠷ ᠲᠠᠨᠢᠯᠴᠠᠭᠤᠯᠵᠤ᠂ ᠬᠠᠮᠲᠤᠷᠠᠯᠴᠠᠭᠠᠨ ᠤ ᠠᠵᠠ ᠲᠣᠬᠢᠶᠠᠯ ᠢ ᠡᠷᠢᠯᠬᠢᠯᠡᠭᠰᠡᠨ ᠪᠠᠶᠢᠨ᠎ᠠ᠃ ᠵᠣᠣ ᠹᠧᠢ ᠫᠧᠩ ᠢᠯᠡᠷᠭᠡᠶᠢᠯᠡᠬᠦ ᠳᠡᠭᠡᠨ᠂ ᠲᠠᠶᠢᠹᠤᠰᠧ ᠬᠤᠰᠢᠭᠤ ᠪᠣᠯ ᠨᠡᠭᠡᠭᠡᠨ ᠬᠥᠭᠵᠢᠭᠦᠯᠬᠦ ᠪᠠ ᠪᠡᠯᠡ ᠣᠷᠣᠭᠤᠯᠬᠤ  ︽ᠰᠢᠮᠡᠳᠦ ᠬᠥᠷᠥᠰᠥ︾  ᠪᠠᠶᠢᠵᠤ᠂  ᠣᠲᠣ ᠶᠠᠭ ᠬᠡᠯᠪᠡᠷᠢ ᠪᠠᠨ ᠬᠤᠪᠢᠷᠠᠭᠤᠯᠤᠨ ᠲᠠᠰ ᠳᠡᠪᠰᠢᠬᠦ᠂ ᠬᠦᠭᠵᠢᠯᠳᠡ ᠶᠢᠨ ᠬᠤᠷᠳᠤ ᠪᠠᠨ ᠱᠠᠯᠠᠪᠳᠠᠨ ᠲᠦᠷᠭᠡᠳᠭᠡᠬᠦ ᠵᠠᠩᠭᠢᠯᠠᠭ᠎ᠠ ᠶᠢᠨ ᠴᠠᠭ ᠦᠶ᠎ᠡ ᠳᠤ ᠣᠷᠣᠰᠢᠵᠤ ᠪᠠᠶᠢᠨ᠎ᠠ  ᠃  ᠭᠠᠳᠠᠨ᠎ᠠ ᠤᠷᠤᠨ ᠤ ᠠᠵᠤ ᠠᠬᠤᠶᠢᠯᠠᠯ ᠤᠳ ᠨᠢ ᠲᠠᠶᠢᠹᠤᠰᠧ ᠬᠤᠰᠢᠭᠤᠨ ᠳᠤ ᠢᠷᠡᠵᠦ ᠰᠢᠨᠵᠢᠯᠡᠨ ᠪᠠᠶᠢᠴᠠᠭᠠᠵᠤ ᠵᠥᠪᠳᠡᠯᠴᠡᠨ ᠶᠠᠷᠢᠯᠴᠠᠵᠤ᠂  ᠬᠠᠮᠲᠤ ᠪᠠᠷ ᠠᠰᠢᠭ ᠭᠥᠷᠳᠡᠬᠦ ᠰᠠᠶᠢᠨ ᠰᠠᠶᠢᠬᠠᠨ ᠪᠠᠶᠢᠳᠠᠯ ᠢ ᠪᠡᠶᠡᠯᠡᠭᠦᠯᠦᠨ᠂ ᠠᠵᠤ ᠠᠬᠤᠢ ᠨᠡᠶᠢᠭᠡᠮ ᠤᠨ ᠪᠣᠬᠢᠷᠳᠤᠯ ᠦᠭᠡᠢ ᠬᠥᠭᠵᠢᠯᠲᠡ᠂ ᠴᠢᠨᠠᠷ ᠰᠠᠶᠢᠲᠠᠢ ᠬᠥᠭᠵᠢᠯᠲᠡ ᠶᠢ ᠴᠢᠨᠠᠭᠰᠢᠳᠠ ᠠᠬᠢᠭᠤᠯᠬᠤ ᠶᠢ ᠬᠦᠰᠡᠵᠦ ᠪᠠᠶᠢᠨ᠎ᠠ  ᠃  ᠮᠠᠨ  ᠤ ᠬᠤᠰᠢᠭᠤᠨ ᠤ ᠬᠢᠨ ᠦᠢᠯᠡᠴᠢᠯᠡᠭᠡ ᠪᠠᠳᠤᠯᠠᠭᠠᠨ ᠤ ᠠᠵᠢᠯ ᠢᠶᠠᠨ ᠦᠷᠭᠦᠯᠵᠢᠯᠡᠨ ᠰᠠᠶᠢᠲᠤᠷ ᠬᠢᠵᠦ᠂ ᠬᠤᠳᠠᠯᠳᠤᠭ᠎ᠠ ᠡᠷᠬᠢᠯᠡᠬᠦ ᠣᠷᠴᠢᠨ ᠨᠦᠬᠦᠴᠡᠯ ᠢ ᠬᠦᠴᠦᠯᠡᠨ ᠰᠢᠯᠢᠳᠡᠭᠵᠢᠭᠦᠯᠵᠦ᠂ ᠬᠠᠮᠲᠤᠷᠠᠯᠴᠠᠭ᠎ᠠ ᠰᠣᠯᠢᠯᠴᠠᠭᠠᠨ ᠤ ᠲᠠᠪᠴᠠᠩ ᠢ  ᠪᠠᠶᠢᠭᠤᠯᠤᠨ᠂ ᠠᠵᠤ ᠠᠬᠤᠶᠢᠯᠠᠯ ᠤᠨ  ᠮᠠᠨ ᠤ ᠬᠤᠰᠢᠭᠤᠨ ᠳᠤ ᠨᠤᠳᠤᠭᠰᠢᠨ  ᠬᠥᠭᠵᠢᠬᠦ ᠳᠤ ᠠᠰᠢᠭᠲᠠᠢ ᠨᠥᠬᠦᠴᠡᠯ ᠢ  ᠡᠬᠦᠳᠴᠦ ᠦᠭᠬᠦᠨ᠎ᠡ ᠬᠡᠵᠡᠢ᠃  ᠬᠤᠰᠢᠭᠤᠨ ᠤ ᠤᠳᠤᠷᠢᠳᠤᠯᠭ᠎ᠠ ᠯᠢ ᠵᠠᠨ ᠷᠦᠢ᠂ ᠶᠢᠨ ᠶᠦᠩ ᠾᠧ ᠂ ᠵᠤᠤ ᠬᠠᠢ ᠯᠢ᠂ ᠮᠠ ᠵᠦᠩ ᠰᠢᠶᠦ᠋ᠨ ᠵᠢᠴᠢ ᠣᠷᠣᠨ ᠪᠦᠰᠡ ᠶᠢᠨ ᠠᠵᠤ ᠠᠬᠤᠢ ᠶᠢᠨ ᠬᠠᠮᠲᠤᠷᠠᠯᠴᠠᠭᠠᠨ ᠤ ᠦᠢᠯᠡᠴᠢᠯᠡᠭᠡᠨ ᠤ ᠲᠥᠪ ᠤᠨ ᠬᠠᠮᠢᠶ᠎ᠠ ᠪᠦᠬᠦᠢ ᠬᠠᠷᠢᠭᠤᠴᠠᠯᠭᠠᠲᠠᠨ ᠰᠢᠨᠵᠢᠯᠡᠨ ᠪᠠᠶᠢᠴᠠᠭᠠᠬᠤ ᠳᠤ  ᠤᠷᠤᠯᠴᠠᠪᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号