ᠲᠠᠶᠢᠹᠤᠰᠧᠴᠤᠳ ᠭᠤᠷᠪᠠᠨ ᠲᠦᠮᠡᠭᠡᠳ ᠠᠳᠤᠭᠤ ᠶᠢ ᠭᠤᠷᠪᠠᠨ ᠵᠠᠭᠤᠭᠠᠳ ᠵᠢᠯ ᠮᠠᠯᠵᠢᠭᠰᠠᠨ ᠤᠴᠢᠷ ᠤᠰᠤ | ᠰᠠᠶᠢᠳᠠᠢ ᠬᠤᠳᠳᠤᠭ ᠪᠤᠶᠤ ᠨᠠᠭᠤᠷ ᠭᠤᠤᠯ ᠪᠢᠰᠢᠬᠦᠢ ᠤᠯᠠᠨ ᠪᠠᠶᠢᠬᠤ ᠶᠤᠰᠤᠳᠠᠢ᠂ ᠤᠴᠢᠷ ᠨᠢ ᠠᠳᠤᠭᠤ ᠶᠢ | ᠭᠤᠤᠯᠳᠠᠭᠤ ᠬᠤᠳᠳᠤᠭ ᠪᠤᠯᠠᠭ ᠪᠤᠶᠤ ᠭᠤᠤᠯ ᠤᠨ ᠴᠡᠪᠡᠷ ᠤᠰᠤ ᠪᠠᠷ ᠤᠰᠤᠯᠠᠳᠠᠭ ᠪᠠᠶᠢᠨ᠎ᠠ᠃ ᠲᠠᠶᠢᠹᠤᠰᠧ ᠵᠡᠬᠦᠨ | ᠭᠠᠷ ᠰᠦᠷᠦᠭ ᠲᠤ ᠵᠦᠪᠬᠡᠨ ᠠᠳᠤᠭᠤ ᠨᠢ 75 ᠰᠦᠷᠦᠭ ︵300 —400 ᠠᠳᠤᠭᠤ ᠨᠢᠬᠡ ᠰᠦᠷᠦᠭ︶ | ᠪᠠᠶᠢᠭᠰᠠᠨ ᠲᠤᠯᠠ ᠨᠠᠭᠠᠳᠤ ᠵᠠᠬ᠎ᠠ ᠨᠢ 75 ᠤᠰᠤ ᠰᠠᠶᠢᠳᠠᠢ ᠬᠤᠳᠳᠤᠭ ᠪᠤᠶᠤ ᠪᠤᠯᠠᠭ ᠭᠡᠷᠡᠭᠯᠡᠵᠦ ᠪᠠᠶᠢᠵᠠᠢ᠃ | ᠨᠠᠰᠤᠳᠠᠶᠢᠴᠤᠳ ᠤᠨ ᠤᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠮᠢᠩᠭᠠᠨ ᠠᠳᠤᠭᠤ ᠤᠰᠤᠯᠠᠭᠠᠳ ᠰᠢᠷᠬᠢᠳᠡᠭ | ᠦᠬᠡᠢ ᠰᠦᠵᠢ ᠬᠤᠳᠳᠤᠭ ᠤᠯᠠᠨ ᠪᠠᠶᠢᠯ᠎ᠠ ᠭᠡᠳᠡᠭ᠃ ᠵᠢᠱᠢᠶᠡᠯᠡᠪᠡᠯ᠂ ᠡᠷᠳᠡ ᠴᠠᠭ ᠡᠨᠡ ᠨᠤᠳᠤᠭ ᠲᠤ ᠬᠠᠷᠠᠯᠳᠠᠢ | ᠮᠦᠮᠦ ᠬᠡᠵᠦ ᠨᠢᠬᠡᠨ ᠠᠶᠢᠬᠤᠪᠳᠤᠷ ᠪᠠᠶᠠᠨ ᠬᠦᠭᠰᠢᠨ ᠪᠠᠶᠢᠵᠠᠢ᠃ ᠵᠠᠩᠵᠢᠶ᠎ᠠ ᠬᠡᠬᠡᠨ ᠤᠳᠠᠢ ᠶᠢᠨ ᠰᠦᠮ᠎ᠡ ᠠᠴᠠ | ᠲᠤᠯᠤᠨᠨᠤᠤᠷ ᠤᠨ ᠰᠦᠮ᠎ᠡ ᠵᠦᠭ ᠢᠶᠠᠨ ᠪᠤᠴᠠᠬᠤ ᠵᠠᠮ ᠳᠤ ᠵᠠᠷᠤᠳᠠᠯ ᠮᠦᠩᠬᠦ ᠮᠡᠬᠦᠰᠳᠡᠬᠦ ᠳᠡᠭᠡᠨ ᠬᠠᠷᠠᠯᠳᠠ ᠮᠦᠮᠦ | ᠶᠢᠨ ᠳᠤ ᠪᠠᠭᠤᠵᠤ ᠬᠤᠨᠤᠭᠯᠠᠭᠠᠳ᠂ ᠶᠠᠪᠤᠬᠤ ᠳᠠᠭᠠᠨ ᠪᠠᠰᠠ ᠬᠠᠷᠠᠯᠳᠠᠢ ᠮᠦᠮᠦ ᠠᠴᠠ ᠵᠤᠭᠤᠰ ᠮᠦᠩᠬᠦ ᠵᠢᠭᠡᠯᠡᠭᠰᠡᠨ | ᠭᠡᠳᠡᠭ᠃ ᠲᠡᠬᠦᠨ ᠤ ᠲᠡᠮᠡᠭᠡᠨ ᠰᠦᠷᠦᠭ ᠨᠢ ᠤᠯᠠᠭᠠᠨ ᠨᠠᠭᠤᠷ ᠤᠨ ᠶᠡᠭᠡ ᠲᠡᠷᠡᠰᠦ ᠶᠢ ᠪᠦᠷᠬᠦᠨ ᠪᠡᠯᠴᠢᠵᠦ᠂ | ᠲᠡᠮᠡᠭᠡᠳ ᠤᠨ ᠲᠦᠷᠦᠬᠦᠴᠢ ᠨᠢ ᠮᠠᠩᠬᠠᠨ ᠬᠤᠳᠳᠤᠭ ᠤᠨ ᠤᠰᠤᠨ ᠳᠤ ᠤᠷᠤᠭᠠᠳ ᠤᠮᠳᠠᠯᠠᠵᠤ ᠪᠠᠶᠢᠬᠤ ᠳᠤ | ᠰᠡᠬᠦᠯᠴᠢ ᠶᠢᠨ ᠬᠢᠨᠢ ᠬᠤᠸᠠ ᠨᠠᠭᠤᠷ ᠤᠨ ᠬᠦᠯ ᠠᠴᠠ ᠭᠠᠷᠴᠤ ᠢᠷᠡᠭᠡ ᠦᠬᠡᠢ ᠪᠠᠶᠢᠳᠠᠭ ᠭᠡᠨ᠎ᠡ᠂ ᠵᠦᠪᠬᠡᠨ ᠲᠡᠮᠡᠬᠡᠨ | ᠰᠦᠷᠦᠭ ᠨᠢ ᠴᠤ ᠭᠡᠳ ᠲᠤᠭ᠎ᠠ ᠦᠬᠡᠢ ᠤᠯᠠᠨ ᠪᠤᠯᠬᠤᠷ ᠬᠦᠭᠰᠢᠨ ᠰᠦᠷᠦᠭ ᠤᠨ ᠢᠶᠠᠨ ᠲᠤᠭ᠎ᠠ ᠶᠢ ᠨᠢ ᠮᠡᠳᠡᠳᠡᠭ | ᠦᠬᠡᠢ ᠪᠠᠶᠢᠵᠠᠢ᠂ ᠨᠠᠰᠤᠳᠠᠨ ᠲᠡᠮᠡᠭᠡᠳ ᠢᠶᠠᠨ ᠦᠵᠡᠨ ᠪᠠᠶᠠᠰᠴᠤ ︽ᠤᠯᠠᠭᠠᠨ ᠨᠠᠭᠤᠷ ᠤᠨ ᠲᠡᠷᠡᠰᠦ ᠠᠷᠪᠢᠨ | ᠤᠤ᠂ ᠮᠢᠨᠦ ᠲᠡᠮᠡᠭᠡ ᠠᠷᠪᠢᠨ ᠤᠤ︾ ᠭᠡᠵᠦ ᠤᠴᠠᠷᠠᠭᠰᠠᠨ ᠬᠦᠮᠦᠨ ᠠᠴᠠ ᠠᠰᠠᠭᠤᠳᠠᠭ ᠬᠡᠨ᠎ᠡ᠃ ᠲᠡᠬᠦᠨ ᠤ | ᠭᠡᠷᠡᠭᠯᠡᠳᠡᠭ ᠬᠤᠳᠳᠤᠭ ᠨᠢ ᠮᠢᠩᠭᠠᠨ ᠲᠡᠮᠡᠭᠡ ᠤᠰᠤᠯᠠᠭᠠᠳ ᠰᠢᠷᠬᠢᠳᠡᠭ ᠦᠬᠡᠢ ᠰᠠᠶᠢᠨ ᠬᠤᠳᠳᠤᠭ ᠪᠤᠯᠬᠤᠷ | ᠬᠠᠷᠠᠯᠳᠠᠢ ᠮᠦᠮᠦ ᠶᠢᠨ ᠬᠤᠳᠳᠤᠭ ᠬᠡᠵᠦ ᠬᠤᠯᠠ ᠤᠶᠢᠷ᠎ᠠ ᠳᠠᠭᠠᠨ ᠠᠯᠳᠠᠷᠰᠢᠭᠰᠠᠨ ᠪᠠᠶᠢᠨ᠎ᠠ᠃ ᠤᠳᠤ ᠡᠨᠡ | ᠬᠤᠳᠳᠤᠭ ᠤᠨ ᠪᠠᠭᠤᠷᠢ ᠨᠢ ᠪᠠᠰᠠ ᠤᠰᠤ ᠲᠠᠢ ᠬᠤᠩᠬᠤᠷ ᠪᠤᠯᠵᠤ ᠲᠤᠭᠳᠠᠭᠰᠠᠨ ᠪᠠᠶᠢᠳᠠᠭ᠃ |