ᠭᠠᠵᠠᠷ ᠤᠰᠤᠨ —  ᠬᠠᠷ᠎ᠠ ᠨᠢᠳᠦᠨ ᠪᠤᠯᠠᠭ
ᠨᠡᠶᠢᠲᠡᠯᠡᠭᠰᠡᠨ ᠴᠠᠭ᠄
2021/5/21
  ᠭᠦᠨᠪᠤᠯᠠᠭ ᠰᠤᠮᠤᠨ ᠤ ᠪᠠᠷᠠᠭᠤᠨ ᠡᠮᠦᠨ᠎ᠡ ᠵᠠᠬ᠎ᠠ ᠳᠤ ᠪᠠᠶᠢᠷᠢᠯᠠᠵᠤ ᠪᠠᠶᠢᠭ᠎ᠠ ᠨᠢᠭᠡᠨ ᠭᠠᠴᠠᠭ᠎ᠠ  ᠎ ᠶᠢ ᠦᠴᠢ ᠤᠪᠤᠭ᠎ᠠ  ᠭᠡᠳᠡᠭ  ᠃ ᠲᠤᠰ ᠭᠠᠵᠠᠷ ᠢ ᠡᠷᠳᠡ  ᠎ ᠳᠡᠭᠡᠨ ︽ᠬᠠᠷ᠎ᠠ ᠨᠢᠳᠦᠨ ᠬᠤᠳᠳᠤᠭ︾ ᠭᠡᠵᠦ ᠲᠠᠭᠤᠳᠠᠳᠠᠭ ᠨᠢ ᠠᠶᠢᠯ ᠤᠨ ᠲᠤᠮᠳᠠ  ᠬᠦᠮᠦᠨ ᠤ ᠬᠤᠤᠰ ᠨᠢᠳᠦ ᠰᠢᠭ  ᠵᠡᠷᠭᠡᠴᠡᠭᠰᠡᠨ ᠬᠤᠶᠠᠷ  ᠪᠤᠯᠠᠭ ᠪᠠᠶᠢᠳᠠᠭ ᠠᠴᠠ ᠢᠷᠡᠯ ᠲᠠᠢ᠃  ᠡᠨᠡ ᠬᠤᠳᠳᠤᠭ ᠠᠴᠠ ᠤᠰᠤ ᠠᠪᠬᠤ ᠳᠤ ᠬᠤᠪᠤᠭᠤ ᠬᠡᠷᠡᠭᠯᠡᠬᠦ ᠦᠭᠡᠢ  ᠂ ᠶᠠᠭ ᠭᠠᠨᠭ᠌ ᠰᠠᠪᠠ ᠠᠴᠠ ᠤᠰᠤ ᠠᠪᠴᠤ ᠪᠠᠶᠢᠬᠤ ᠰᠢᠬ ᠰᠢᠨᠠᠭ᠎ᠠ ᠪᠠᠷ ᠤᠳᠬᠤᠵᠤ ᠠᠪᠳᠠᠭ ᠪᠠᠶᠢᠵᠠᠢ᠃ ᠪᠤᠷᠤᠭᠠᠨ ᠬᠤᠷ᠎ᠠ ᠰᠠᠶᠢᠨ ᠵᠢᠯ ᠪᠤᠯ ᠤᠰᠤ ᠎ ᠨᠢ ᠪᠤᠷᠬᠢᠯᠤᠨ ᠭᠠᠷᠴᠤ ᠤᠷᠤᠭᠰᠢ ᠪᠠᠨ ᠨᠠᠷᠢᠨ ᠰᠤᠪᠠᠭ ᠢᠶᠠᠷ ᠤᠷᠤᠰᠤᠨ᠂  ᠡᠮᠤᠨᠡᠬᠢ ᠲᠡᠯ᠎ᠡ ᠭᠠᠵᠡᠷ ᠤᠨ ᠢᠶᠠᠨ  ᠪᠡᠯᠴᠢᠭᠡᠷ ᠢ ᠤᠮᠳᠡᠯᠡᠵᠤ ᠦᠩ ᠰᠢᠮᠡᠯᠢᠭ  ᠪᠤᠯᠭᠠᠭᠠᠳ᠂  ᠪᠤᠷᠤᠭᠠᠨ ᠶᠡᠭᠡ ᠵᠢᠯ ᠪᠤᠯ  ᠪᠦᠷ ᠪᠠᠶᠠᠨ ᠴᠠᠭᠠᠨ ᠨᠠᠭᠤᠷ ᠎ ᠲᠤ ᠬᠦᠷᠳᠡᠯ᠎ᠡ ᠤᠷᠤᠰᠳᠠᠭ ᠭᠡᠵᠤ  ᠬᠤᠳᠠ ᠤᠰᠤᠨ ᠤ ᠨᠠᠰᠤᠳᠠᠶᠢᠴᠤᠳ ᠶᠠᠷᠢᠳᠠᠭ᠃ ᠡᠪᠤᠯ ᠤᠨ ᠲᠡᠰᠬᠢᠮ᠎ᠠ ᠬᠦᠢᠳᠡᠨ ᠰᠦᠨᠢ ᠬᠤᠳᠳᠤᠭ ᠤᠨ ᠠᠮᠠ  ᠬᠦᠯᠳᠡᠭᠡᠳ᠂ ᠲᠠᠷᠠᠭ᠎ᠠ ᠦᠷᠯᠤᠭᠡ ᠨᠢ  ᠴᠠᠷᠢᠯ ᠢᠶᠠᠷ ᠮᠦᠰᠤ ᠶᠢ ᠨᠢ ᠴᠤᠭᠤᠯᠬᠤ ᠳᠤ ᠬᠤᠳᠳᠤᠭ ᠤᠨ ᠤᠰᠤ  ᠎ ᠨᠢ ᠭᠡᠳᠤᠨ ᠮᠧᠲᠷ ᠦᠨᠳᠤᠷ  ᠴᠤᠷᠬᠢᠨ ᠭᠠᠷᠴᠤ᠂ ᠬᠢᠴᠢᠶᠡᠬᠦ ᠦᠭᠡᠢ ᠪᠤᠯ ᠨᠢᠭᠤᠷ ᠴᠢᠷᠠᠢ᠂ ᠬᠤᠪᠴᠠᠰᠤ ᠬᠤᠨᠠᠷ ᠢ ᠪᠦᠷ ᠱᠠᠯ ᠤᠰᠤ ᠮᠦᠰᠤ ᠪᠤᠯᠭᠠᠳᠠᠭ  ᠭᠡᠨ᠎ᠡ᠃  ᠴᠤᠷᠬᠢᠵᠤ ᠭᠠᠷᠤᠭᠰᠠᠨ ᠤᠰᠤ ᠨᠢ ᠡᠳᠤᠷ ᠤᠨ ᠤᠳᠠᠭᠠᠨ ᠳᠠᠭᠠᠨ ᠮᠦᠰᠤᠨ ᠤᠪᠤᠭ᠎ᠠ  ᠪᠤᠯᠵᠤ  ᠬᠤᠯᠠ ᠠᠴᠠ ᠮᠤᠩᠭᠤᠯ ᠭᠡᠷ ᠰᠢᠭ ᠬᠠᠷᠠᠭᠳᠠᠨ᠎ᠠ᠃ ᠡᠨᠡ ᠬᠤᠳᠳᠤᠭ ᠤᠨ ᠤᠰᠤ ᠶᠢ ᠤᠤᠭᠤᠬᠤ ᠳᠤ ᠮᠠᠰᠢ ᠵᠦᠭᠡᠯᠡᠨ ᠪᠦᠭᠡᠳ ᠰᠠᠶᠢᠬᠠᠨ ᠠᠮᠳᠠᠳᠠᠢ᠃       ᠲᠡᠦᠬᠡᠨ ᠲᠡᠮᠳᠡᠭᠯᠡᠯ ᠳᠤ《  ᠲᠠᠶᠢᠹᠤᠰᠧ ᠵᠡᠭᠦᠨ ᠭᠠᠷ ᠰᠦᠷᠦᠭ ᠠᠨᠤ ᠴᠢᠭᠤᠯᠤᠯᠳᠤ ᠬᠠᠭᠠᠯᠭ᠎ᠠ ᠠᠴᠠ ᠵᠡᠭᠦᠨ ᠬᠤᠶᠢᠰᠢ ᠪᠠᠨ ᠵᠠᠭᠤ ᠲᠦᠴᠢᠨ ᠭᠠᠵᠠᠷ ᠤᠨ ᠠᠯᠤᠰ ᠲᠠᠬᠢ ᠬᠠᠷ᠎ᠠ ᠨᠢᠳᠦᠨ ᠬᠤᠳᠳᠤᠭ ᠲᠤ ᠪᠤᠢ》ᠭᠡᠵᠦ ᠲᠡᠮᠳᠡᠭᠯᠡᠵᠦ ᠪᠠᠶᠢᠳᠠᠭ᠃ 1724 ᠤᠨ ᠳᠤ ᠵᠡᠭᠦᠨ ᠭᠠᠷ ᠰᠦᠷᠦᠭ ᠢ ᠡᠬᠢᠯᠡᠵᠦ ᠪᠠᠶᠢᠭᠤᠯᠬᠤ ᠦᠶ᠎ᠡ ᠠᠴᠠ ᠠᠪᠤᠭᠠᠳ   ᠲᠠᠶᠢᠹᠤᠰᠧ ᠵᠡᠭᠦᠨ ᠭᠠᠷ ᠬᠤᠰᠢᠭᠤ ᠪᠠᠶᠢᠭᠤᠯᠤᠬᠳᠠᠬᠤ ᠪᠤᠯᠳᠠᠯ᠎ᠠ ︵1936 ᠤᠨ︶ ᠪᠠᠷᠤᠭ ᠬᠤᠶᠠᠷ ᠵᠠᠭᠤ  ᠭᠠᠷᠤᠢ ᠵᠢᠯ ᠤᠨ ᠲᠤᠷᠰᠢ ᠬᠤᠰᠢᠭᠤ ᠵᠠᠰᠠᠭ ᠤᠨ ᠭᠠᠵᠠᠷ ᠨᠢ ᠦᠴᠢ ᠤᠪᠤᠭᠠᠨ ᠳᠤ ᠪᠠᠶᠢᠵᠤ  ᠂ ᠵᠡᠭᠦᠨ ᠭᠠᠷ  ᠲᠠᠶᠢᠹᠤᠰᠧ ᠤᠨ ᠤᠯᠤᠰ ᠲᠦᠷᠦ᠂  ᠴᠡᠷᠢᠭ ᠵᠠᠰᠠᠭ᠂ ᠠᠵᠤ ᠠᠬᠤᠢ᠂ ᠰᠤᠶᠤᠯ ᠤᠨ ᠲᠦᠪ ᠨᠢ ᠪᠤᠯᠵᠤ ᠪᠡᠭᠡᠵᠢᠩ ᠎ ᠠᠴᠠ ᠮᠤᠩᠭᠤᠯ᠂ ᠤᠷᠤᠰ ᠵᠢᠴᠢ  ᠡᠸᠦ᠋ᠷᠦᠫᠠ ᠤᠨ ᠤᠯᠤᠰ ᠤᠳ ᠲᠤ  ᠬᠦᠷᠬᠦ ᠬᠤᠳᠠᠯᠳᠤᠭᠠᠨ ᠪᠤᠯᠤᠨ ᠰᠤᠶᠤᠯ ᠎ ᠤᠨ ᠰᠤᠯᠢᠯᠴᠠᠭᠠᠨ ᠤ ᠭᠤᠤᠯ ᠵᠠᠮ ᠪᠤᠯᠵᠤ ᠪᠠᠶᠢᠵᠠᠢ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号