| | ᠳᠣᠯᠤᠭ᠎ᠠ᠂ ᠠᠵᠢᠯ ᠠᠯᠳᠠᠭᠰᠠᠨ ᠳᠠᠭᠠᠳᠬᠠᠯ ᠤᠨ ᠮᠥᠩᠭᠦ ᠠᠪᠤᠭᠰᠠᠳ ᠤᠨ ᠳᠤᠯᠠᠭᠠᠯᠠᠯᠭ᠎ᠠ ᠶᠢᠨ ᠨᠥᠬᠦᠪᠦᠷᠢ ᠶᠢ | ᠬᠡᠷᠬᠢᠨ ᠲᠣᠭᠲᠠᠭᠠᠭᠰᠠᠨ ᠪᠣᠢ︖ ᠬᠠᠷᠢᠭᠤᠯᠲᠠ᠄ ᠠᠵᠢᠯ ᠠᠯᠳᠠᠭᠰᠠᠳ ᠤᠨ ᠠᠵᠢᠯ ᠠᠯᠳᠠᠭᠰᠠᠨ ᠳᠠᠭᠠᠳᠬᠠᠯ ᠤᠨ | ᠮᠥᠩᠭᠦ ᠠᠪᠬᠤ ᠬᠤᠭᠤᠴᠠᠭᠠᠨ ᠳᠠᠬᠢ ᠳᠤᠯᠠᠭᠠᠯᠠᠯᠭ᠎ᠠ ᠶᠢᠨ ᠨᠥᠬᠦᠪᠦᠷᠢ ᠶᠢ ᠣᠯᠭᠤᠬᠤ ᠪᠠᠷᠢᠮᠵᠢᠶ᠎ᠠ᠄ ᠨᠢᠭᠡᠳᠦᠯᠲᠡᠢ | ᠲᠥᠯᠥᠪᠵᠢᠭᠦᠯᠬᠦ ᠭᠠᠵᠠᠷ ᠣᠷᠣᠨ ᠤ ᠳᠤᠯᠠᠭᠠᠯᠠᠯᠭ᠎ᠠ ᠶᠢᠨ ᠬᠤᠭᠤᠴᠠᠭ᠎ᠠ ᠨᠢ 6 ᠰᠠᠷ᠎ᠠ ᠪᠣᠯ᠂ ᠤᠤᠯ ᠤᠨ ᠬᠥᠮᠥᠨ | ᠪᠦᠷᠢ ᠶᠢᠨ ᠵᠢᠯ ᠤᠨ 42 ᠲᠥᠭᠦᠷᠢᠭ ᠠᠴᠠ 480 ᠲᠥᠭᠦᠷᠢᠭ ᠪᠣᠯᠲᠠᠯ᠎ᠠ ᠳᠡᠭᠡᠭᠰᠢᠯᠡᠭᠦᠯᠵᠦ᠂ ᠨᠢᠭᠡᠳᠦᠯᠲᠡᠢ | ᠲᠥᠯᠥᠪᠵᠢᠭᠦᠯᠬᠦ ᠭᠠᠵᠠᠷ ᠣᠷᠣᠨ ᠤ ᠳᠤᠯᠠᠭᠠᠯᠠᠯᠭ᠎ᠠ ᠶᠢᠨ ᠬᠤᠭᠤᠴᠠᠭ᠎ᠠ ᠨᠢ 7 ᠰᠠᠷ᠎ᠠ ᠪᠣᠯ 560 ᠲᠥᠭᠦᠷᠢᠭ | ᠪᠣᠯᠲᠠᠯ᠎ᠠ ᠳᠡᠭᠡᠭᠰᠢᠯᠡᠭᠦᠯᠦᠨ᠎ᠡ᠃ ᠳᠤᠯᠠᠭᠠᠯᠠᠯᠭ᠎ᠠ ᠶᠢᠨ ᠨᠥᠬᠦᠪᠦᠷᠢ ᠬᠢᠭᠡᠳ ᠠᠵᠢᠯ ᠠᠯᠳᠠᠭᠰᠠᠨ ᠳᠠᠭᠠᠳᠬᠠᠯ ᠤᠨ | ᠮᠥᠩᠭᠦ ᠶᠢ ᠬᠠᠮᠲᠤ ᠳᠤ ᠨᠢ ᠣᠯᠭᠤᠵᠤ᠂ ᠳᠤᠯᠠᠭᠠᠯᠠᠯᠭ᠎ᠠ ᠶᠢᠨ ᠬᠤᠭᠤᠴᠠᠭᠠᠨ ᠳᠤ ᠬᠥᠮᠥᠨ ᠪᠦᠷᠢ ᠳᠤ ᠰᠠᠷ᠎ᠠ ᠶᠢᠨ | 80 ᠲᠥᠭᠦᠷᠢᠭ ᠣᠯᠭᠤᠨ᠎ᠠ᠃ ᠨᠠᠢᠮᠠ᠂ ᠠᠵᠢᠯ ᠠᠯᠳᠠᠭᠰᠠᠨ ᠳᠠᠭᠠᠳᠬᠠᠯ ᠤᠨ ᠮᠥᠩᠭᠦ ᠠᠪᠤᠭᠰᠠᠳ ᠬᠡᠷᠬᠢᠨ | ᠠᠵᠢᠯᠲᠠᠳ ᠤᠨ ᠦᠨᠳᠦᠰᠦᠨ ᠡᠮᠴᠢᠯᠡᠭᠡ ᠶᠢᠨ ᠳᠠᠭᠠᠳᠬᠠᠯ ᠳᠤ ᠣᠷᠣᠯᠴᠠᠬᠤ ᠪᠣᠢ︖ ᠬᠠᠷᠢᠭᠤᠯᠲᠠ᠄ ᠠᠵᠢᠯ | ᠠᠯᠳᠠᠭᠰᠠᠨ ᠳᠠᠭᠠᠳᠬᠠᠯ ᠤᠨ ᠮᠥᠩᠭᠦ ᠠᠪᠤᠭᠰᠠᠳ ᠠᠴᠠ ᠠᠵᠢᠯ ᠠᠯᠳᠠᠭᠰᠠᠨ ᠳᠠᠭᠠᠳᠬᠠᠯ ᠤᠨ ᠮᠥᠩᠭᠦ ᠠᠪᠬᠤ | ᠭᠠᠷᠳᠠᠮ ᠭᠦᠢᠴᠡᠳᠬᠡᠭᠰᠡᠨ ᠡᠳᠦᠷ ᠠᠴᠠ ᠡᠬᠢᠯᠡᠨ᠂ ᠲᠣᠭᠲᠠᠭᠠᠯ ᠶᠣᠰᠣᠭᠠᠷ ᠠᠵᠢᠯ ᠠᠯᠳᠠᠬᠤ ᠠᠴᠠ ᠡᠮᠦᠨ᠎ᠡ ᠠᠵᠢᠯ | ᠠᠯᠳᠠᠭᠰᠠᠨ ᠳᠠᠭᠠᠳᠬᠠᠯ ᠳᠤ ᠣᠷᠣᠯᠴᠠᠭᠰᠠᠨ ᠭᠠᠵᠠᠷ ᠤᠨ ᠢᠶᠠᠨ ᠠᠵᠢᠯᠲᠠᠳ ᠤᠨ ᠦᠨᠳᠦᠰᠦᠨ ᠡᠮᠴᠢᠯᠡᠭᠡ ᠶᠢᠨ | ᠳᠠᠭᠠᠳᠬᠠᠯ ᠳᠤ ᠣᠷᠣᠯᠴᠠᠬᠤ ᠬᠡᠷᠡᠭᠲᠡᠢ᠃ ᠠᠵᠢᠯ ᠠᠯᠳᠠᠭᠰᠠᠨ ᠳᠠᠭᠠᠳᠬᠠᠯ ᠢ ᠳᠠᠭᠠᠭᠠᠨ ᠭᠦᠢᠴᠡᠳᠬᠡᠬᠦ | ᠪᠠᠶᠢᠭᠤᠯᠤᠮᠵᠢ ᠠᠴᠠ ᠲᠤᠰᠢᠶᠠᠪᠠᠰᠤ ᠵᠣᠬᠢᠬᠤ ᠡᠮᠴᠢᠯᠡᠭᠡ ᠶᠢᠨ ᠳᠠᠭᠠᠳᠬᠠᠯ ᠤᠨ ᠰᠦᠢᠳᠬᠡᠯ ᠤᠨ ᠲᠤᠭ᠎ᠠ ᠬᠡᠮᠵᠢᠶ᠎ᠡ ︵ | ᠬᠤᠪᠢ ᠬᠥᠮᠥᠨ ᠤ ᠲᠤᠰᠢᠶᠠᠪᠠᠰᠤ ᠵᠣᠬᠢᠬᠤ ᠬᠡᠰᠡᠭ ᠢ ᠪᠠᠭᠲᠠᠭᠠᠨ᠎ᠠ︶ ᠶᠢ ᠴᠠᠭ ᠲᠤᠬᠠᠢ ᠳᠤ ᠨᠢ ᠬᠠᠷᠭᠤᠭᠤᠯᠤᠨ | ᠲᠣᠭᠲᠠᠭᠠᠵᠤ᠂ ᠰᠠᠷ᠎ᠠ ᠪᠦᠷᠢ ᠲᠤᠬᠠᠢ ᠶᠢᠨ ᠭᠠᠵᠠᠷ ᠤᠨ ᠡᠮᠴᠢᠯᠡᠭᠡ ᠶᠢᠨ ᠳᠠᠭᠠᠳᠬᠠᠯ ᠤᠨ ᠰᠠᠭᠤᠷᠢ ᠮᠥᠩᠭᠦ ᠳᠤ | ᠬᠤᠪᠢᠶᠠᠷᠢᠯᠠᠨ ᠣᠷᠣᠭᠤᠯᠵᠤ᠂ ᠱᠠᠭᠠᠷᠳᠠᠬᠤ ᠪᠡᠯᠡ ᠮᠥᠩᠭᠦ ᠶᠢ ᠠᠵᠢᠯ ᠠᠯᠳᠠᠭᠰᠠᠨ ᠳᠠᠭᠠᠳᠬᠠᠯ ᠤᠨ ᠰᠠᠭᠤᠷᠢ | ᠮᠥᠩᠭᠦ ᠠᠴᠠ ᠵᠢᠭᠰᠠᠭᠠᠨ ᠭᠠᠷᠭᠠᠬᠤ ᠶᠢᠨ ᠬᠠᠮᠲᠤ᠂ ᠰᠠᠭᠤᠷᠢ ᠮᠥᠩᠭᠦ ᠶᠢᠨ ᠣᠷᠣᠯᠭ᠎ᠠ ᠵᠠᠷᠤᠯᠭ᠎ᠠ ᠳᠤ ᠲᠤᠰᠠᠭᠠᠷ ᠨᠢ | ᠲᠤᠰᠬᠠᠨ᠎ᠠ᠃ ᠠᠵᠢᠯ ᠠᠯᠳᠠᠭᠰᠠᠳ ᠤᠨ ᠠᠵᠢᠯ ᠠᠯᠳᠠᠭᠰᠠᠨ ᠳᠠᠭᠠᠳᠬᠠᠯ ᠤᠨ ᠰᠠᠭᠤᠷᠢ ᠮᠥᠩᠭᠦ ᠠᠪᠬᠤ | ᠬᠤᠭᠤᠴᠠᠭᠠᠨ ᠳᠤ ᠪᠠᠨ ᠣᠷᠣᠯᠴᠠᠬᠤ ᠡᠮᠴᠢᠯᠡᠭᠡ ᠶᠢᠨ ᠳᠠᠭᠠᠳᠬᠠᠯ ᠳᠤ᠂ ᠬᠦᠯᠢᠶᠡᠯᠲᠡ ᠶᠢᠨ ᠬᠤᠭᠤᠴᠠᠭ᠎ᠠ | ᠲᠣᠬᠢᠷᠠᠭᠤᠯᠬᠤ ᠦᠭᠡᠢ᠂ ᠲᠤᠬᠠᠶᠢᠯᠠᠪᠠᠯ ᠲᠤᠬᠠᠢ ᠶᠢᠨ ᠬᠤᠭᠤᠴᠠᠭ᠎ᠠ ᠳᠤ ᠰᠦᠢᠳᠬᠡᠯ ᠢᠶᠠᠨ ᠲᠤᠰᠢᠶᠠᠵᠤ ᠲᠤᠬᠠᠢ ᠶᠢᠨ | ᠬᠤᠭᠤᠴᠠᠭ᠎ᠠ ᠳᠤ ᠲᠣᠬᠢᠷᠠᠯᠴᠠᠭᠰᠠᠨ ᠡᠮᠴᠢᠯᠡᠭᠡ ᠶᠢᠨ ᠳᠠᠭᠠᠳᠬᠠᠯ ᠤᠨ ᠬᠠᠷᠠᠭᠠᠯᠵᠠᠯ ᠢ ᠬᠦᠷᠲᠡᠨ᠎ᠡ᠃ |