ᠬᠦᠭᠡᠮᠡᠢ ᠤᠷᠠᠯᠢᠭᠴᠢᠨ ᠬᠦᠭᠵᠢᠯᠲᠤ
ᠨᠡᠶᠢᠲᠡᠯᠡᠭᠰᠡᠨ ᠴᠠᠭ᠄
2020/6/3
   ᠬᠦᠭᠵᠢᠯᠲᠤ᠂ 1961 ᠤᠨ ᠳᠤ ᠰᠢᠯᠢ ᠶᠢᠨ ᠭᠤᠤᠯ ᠠᠶᠢᠮᠠᠭ ᠤᠨ ᠲᠠᠶᠢᠹᠣᠰᠧ ᠬᠤᠰᠢᠭᠤᠨ ᠤ ᠭᠦᠨᠪᠤᠯᠠᠭ ᠰᠤᠮᠤᠨ ᠤ ᠪᠤᠱᠤᠭᠠᠨᠳᠠᠯ᠎ᠠ ᠭᠠᠴᠠᠭᠠᠨ ᠳᠤ ᠲᠦᠷᠦᠪᠡ᠃ ᠤᠯᠤᠰ ᠤᠨ ᠨᠢᠭᠡᠳᠦᠭᠡᠷ ᠲᠡᠰ ᠤᠨ ᠲᠤᠭᠯᠠᠭᠴᠢ᠂ ᠠᠯᠳᠠᠷᠲᠤ ᠲᠠᠭᠤᠴᠢᠨ᠂ ᠲᠠᠭᠤᠤ ᠬᠦᠭᠵᠢᠮ ᠤᠨ ᠫᠷᠤᠹᠧᠰᠰᠤᠷ᠂ ᠤᠯᠤᠰ ᠤᠨ ᠲᠡᠰ ᠤᠨ ᠬᠦᠭᠡᠮᠠᠢ ᠤᠷᠠᠯᠢᠭ ᠤᠨ ᠦᠪᠯᠡᠨ ᠤᠯᠠᠮᠵᠢᠯᠠᠭᠴᠢ᠃ ᠤᠯᠤᠰ ᠤᠷᠤᠨ᠂ ᠲᠡᠯᠡᠬᠡᠢ ᠶᠢᠨ ᠱᠠᠩᠨᠠᠯ ᠢ ᠤᠯᠠᠨᠳᠠ ᠲᠤᠰᠴᠤ᠂ ᠤᠯᠠᠨ ᠤᠯᠤᠰ ᠤᠨ ᠲᠠᠶᠢᠰᠠᠨ᠎ᠠ ᠪᠠᠶᠢᠡᠭᠭᠤ ᠰᠠᠭᠠᠳᠠᠭᠰᠠᠨ ᠡᠭᠡᠯ ᠵᠢᠷ ᠤᠨ ᠮᠤᠩᠭᠤᠯ ᠲᠠᠭᠤᠴᠢᠨ᠂ ᠦᠪᠦᠷ ᠠᠷᠤ ᠳᠤ ᠪᠠᠨ ᠨᠡᠷᠡᠲᠡᠢ ᠬᠦᠭᠡᠮᠠᠶᠢᠴᠢᠨ᠃ 1980 — 1984 ᠤᠨ ᠪᠤᠯᠳᠠᠯ᠎ᠠ ᠰᠢᠯᠢ ᠶᠢᠨ ᠭᠤᠤᠯ ᠠᠶᠢᠮᠠᠭ ᠤᠨ ᠲᠠᠶᠢᠹᠣᠰᠧ ᠬᠤᠰᠢᠭᠤᠨ ᠤ ᠤᠯᠠᠭᠠᠨᠮᠦ᠋ᠴᠢᠷ ᠲᠤ᠂ 1984 — 2015 ᠤᠨ ᠪᠤᠯᠳᠠᠯ᠎ᠠ ᠦᠪᠦᠷ ᠮᠤᠩᠭᠤᠯ ᠤᠨ ᠷᠠᠳᠢᠣ᠋ ᠶᠢᠨ ᠤᠷᠠᠨ ᠰᠠᠶᠢᠬᠠᠨ ᠤ ᠪᠦᠯᠬᠦᠮ ᠳᠤ ᠠᠵᠢᠯᠯᠠᠵᠤ᠂ 2015 ᠤᠨ ᠠᠴᠠ ᠨᠠᠭᠠᠰᠢ ᠦᠪᠦᠷ ᠮᠤᠩᠭᠤᠯ ᠤᠨ ᠦᠨᠳᠦᠰᠦᠳᠡᠨ ᠤ ᠤᠷᠠᠯᠢᠭ ᠵᠦᠴᠦᠭᠡ ᠶᠢᠨ ᠬᠦᠷᠢᠶᠡᠯᠡᠩ ᠳᠤ ᠠᠵᠢᠯᠯᠠᠪᠠ᠃ 2006 ᠤᠨ ᠳᠤ ᠦᠪᠦᠷ ᠮᠤᠩᠭᠤᠯ ᠤᠨ ᠬᠦᠭᠡᠮᠠᠢ ᠶᠢᠨ ᠨᠡᠶᠢᠭᠡᠮᠯᠢᠭ ᠤᠨ ᠲᠡᠷᠢᠭᠦᠯᠡᠭᠴᠢ ᠶᠢᠨ ᠲᠤᠰᠢᠶᠠᠯ ᠢ ᠬᠠᠷᠢᠭᠤᠴᠠᠵᠤ᠂ 2010 ᠤᠨ ᠳᠤ ᠤᠯᠤᠰ ᠤᠨ ᠨᠢᠭᠡᠳᠦᠭᠡᠷ ᠲᠡᠰ ᠤᠨ ᠲᠤᠭᠯᠠᠭᠴᠢ ᠪᠠᠷ ᠦᠨᠡᠯᠡᠭᠳᠡᠨ᠂ 2013 ᠤᠨ ᠳᠤ ᠤᠯᠤᠰ ᠤᠨ ᠲᠡᠰ ᠤᠨ ᠬᠦᠭᠡᠮᠠᠢ ᠤᠷᠠᠯᠢᠭ ᠤᠨ ᠦᠪᠯᠡᠨ ᠤᠯᠠᠮᠵᠢᠯᠠᠭᠴᠢ ᠪᠠᠷ ᠡᠷᠭᠦᠮᠵᠢᠯᠡᠭᠳᠡᠪᠡ᠃ ᠬᠦᠭᠡᠮᠠᠢ᠂ ᠬᠦᠭᠡᠮᠠᠢ ᠪᠤᠯ ᠮᠤᠩᠭᠤᠯ ᠦᠨᠳᠦᠰᠦᠳᠡᠨ ᠤ ᠢᠵᠠᠭᠤᠷ ᠡᠷᠳᠡᠨ ᠤ ᠲᠠᠭᠤᠯᠠᠬᠤ ᠤᠷᠠᠯᠢᠭ ᠤᠨ ᠨᠢᠭᠡ ᠬᠡᠯᠪᠡᠷᠢ᠂ ᠲᠡᠷᠡ ᠨᠢ ᠶᠠᠮᠠᠷᠴᠤ ᠬᠦᠭᠵᠢᠮᠳᠡᠭᠦᠷ ᠤᠨ ᠬᠠᠪᠰᠤᠷᠤᠯ ᠦᠭᠡᠢ ᠪᠠᠷ ᠬᠦᠮᠦᠨ ᠤ ᠬᠤᠭᠤᠯᠠᠢ ᠶᠢᠨ ᠡᠷᠬᠡᠳᠡᠨ ᠠᠴᠠ ᠨᠢᠭᠡᠨ ᠮᠦᠴᠡ ᠳᠤ ᠵᠡᠷᠭᠡ ᠪᠠᠷ ᠭᠠᠷᠬᠤ ᠬᠤᠶᠠᠷ ᠪᠤᠶᠤ ᠭᠤᠷᠪᠠᠨ ᠵᠦᠢᠯ ᠤᠨ ᠲᠠᠭᠤ ᠠᠪᠢᠶ᠎ᠠ ᠶᠢ ᠨᠡᠷᠡᠯᠡᠳᠡᠭ᠂ ᠬᠦᠭᠡᠮᠠᠢ ᠨᠢ ᠮᠤᠩᠭᠤᠯ ᠤᠷᠳᠤ ᠶᠢᠨ ᠲᠠᠭᠤᠤ ᠲᠠᠢ ᠠᠳᠠᠯᠢ ᠪᠠᠷ ︽ᠮᠤᠩᠭᠤᠯ ᠦᠨᠳᠦᠰᠦᠳᠡᠨ ᠤ ᠠᠷᠠᠳ ᠤᠨ ᠢᠵᠠᠭᠤᠷ ᠤᠷᠠᠯᠢᠭ ᠤᠨ ᠠᠮᠢᠳᠤ ᠴᠢᠯᠠᠭᠤᠵᠢᠮᠠᠯ︾ ᠬᠡᠮᠡᠭᠳᠡᠵᠠᠢ᠃ ᠡᠷᠳᠡᠮᠳᠡᠳ᠂ ᠲᠤᠰᠬᠠᠢ ᠮᠡᠷᠭᠡᠵᠢᠯᠳᠡᠳ ᠤᠨ ᠪᠦᠷᠢᠳᠭᠡᠭᠰᠡᠨ ᠢᠶᠠᠷ ᠬᠦᠭᠡᠮᠡᠢ ᠨᠢ ᠬᠢᠷᠬᠢᠷ᠎ᠡ᠂ ᠬᠠᠷᠭᠢᠶ᠎ᠠ᠂ ᠢᠰᠭᠡᠷᠦᠬᠡ᠂ ᠦᠶᠡᠯᠵᠡᠭᠡ ᠢᠰᠭᠡᠷᠦᠭᠡ᠂ ᠰᠢᠯᠤᠭᠤᠨ ᠢᠰᠭᠡᠷᠦᠬᠡ᠂ ᠲᠡᠨᠳᠡᠷᠡᠭᠡ ᠢᠰᠭᠡᠷᠦᠬᠡ᠂ ᠬᠠᠮᠠᠷ ᠤᠨ ᠢᠰᠭᠡᠷᠦᠭᠡ ᠵᠡᠷᠭᠡ 12 ᠵᠦᠢᠯ ᠤᠨ ᠠᠳᠠᠯᠢ ᠪᠤᠰᠤ ᠶᠢᠨ ᠬᠦᠭᠡᠮᠡᠶᠢᠯᠡᠬᠦ ᠠᠷᠭ᠎ᠠ ᠲᠠᠢ᠃ ᠬᠤᠷᠢᠳᠤᠭᠠᠷ ᠵᠠᠭᠤᠨ ᠤ ᠰᠡᠭᠦᠯᠴᠢ ᠳᠤ ᠮᠤᠩᠭᠤᠯ ᠤᠯᠤᠰ᠂ ᠤᠷᠤᠰ ᠤᠨ ᠬᠤᠯᠪᠤᠭᠠᠨ ᠤ ᠪᠤᠷᠢᠶᠠᠳ᠂ ᠬᠠᠯᠢᠮᠠᠭ᠂ ᠲᠤᠸᠠ ᠵᠡᠷᠭᠡ ᠤᠯᠤᠰ ᠪᠤᠯᠤᠨ ᠮᠠᠨ ᠤ ᠤᠯᠤᠰ ᠤᠨ ᠦᠪᠦᠷ ᠮᠤᠩᠭᠤᠯ᠂ ᠰᠢᠨᠵᠢᠶᠠᠩ ᠤᠨ ᠠᠯᠳᠠᠢ ᠵᠡᠷᠭᠡ ᠭᠠᠵᠠᠷ ᠤᠷᠤᠨ ᠳᠤ ᠮᠤᠳᠤᠨ ᠴᠤᠭᠤᠷ᠂ ᠬᠤᠭᠤᠯᠠᠢ ᠶᠢᠨ ᠴᠤᠭᠤᠷ᠂ ᠤᠷᠳᠤ ᠶᠢᠨ ᠳᠠᠭᠤᠤ ᠶᠢᠨ ᠬᠠᠪᠰᠤᠷᠤᠯ ᠵᠡᠷᠭᠡ ᠳᠤ ᠮᠠᠰᠢ ᠳᠠᠩ ᠴᠤᠯᠭᠤᠢ ᠬᠦᠭᠵᠢᠮᠳᠡᠨ ᠲᠠᠭᠤᠯᠠᠬᠤ ᠬᠡᠯᠪᠡᠷᠢ ᠪᠠᠷ ᠤᠯᠠᠮᠵᠢᠯᠠᠭᠳᠠᠨ ᠲᠠᠷᠬᠠᠵᠤ ᠪᠠᠶᠢᠪᠠ᠃ ᠬᠦᠭᠡᠮᠠᠢ 2009 ᠤᠨ ᠳᠤ ︽ᠬᠦᠮᠦᠨ ᠲᠦᠷᠦᠯᠬᠢᠳᠡᠨ ᠤ ᠠᠮᠠᠨ ᠶᠠᠷᠢᠶᠠᠨ ᠤ ᠪᠤᠯᠤᠨ ᠲᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ︾ ᠳᠤ ᠪᠦᠷᠢᠳᠭᠡᠬᠦᠯᠵᠠᠢ᠃ ︽ᠡᠪᠦᠭᠡ ᠲᠡᠭᠡᠳᠦᠰ ᠤᠨ ᠦᠪ ᠬᠦᠷᠦᠩᠭᠡ ᠶᠢ ᠲᠡᠷᠡ ᠶᠤᠰᠤᠭᠠᠷ ᠨᠢ ᠵᠠᠯᠭᠠᠮᠵᠢᠯᠠᠭᠰᠠᠨ ᠰᠠᠭᠤᠷᠢᠨ ᠲᠡᠭᠡᠷ᠎ᠡ ᠰᠠᠶ᠋ᠢ ᠪᠠᠷᠳᠠᠮ ᠤᠯᠠᠮᠵᠢᠯᠠᠬᠤ ᠨᠢᠭᠤᠷ ᠲᠠᠢ︾ ᠭᠡᠵᠤ ᠰᠡᠳᠬᠢᠯ ᠳᠤ ᠪᠠᠨ ᠬᠠᠳᠠᠭᠤ ᠬᠡᠯᠡᠵᠦ᠂ ᠲᠡᠭᠦᠨ ᠤ ᠪᠠᠨ ᠲᠦᠯᠦᠭᠡ ᠤᠯᠠᠨ ᠵᠢᠯ ᠰᠢᠲᠤ ᠵᠠᠭᠤᠨ ᠬᠢᠴᠢᠶᠡᠨ ᠵᠢᠳᠬᠦᠵᠦ᠂ ᠰᠦᠰᠦ ᠠᠮᠳᠠᠯᠠᠨ ᠮᠠᠬᠠᠷᠠᠨ ᠴᠢᠷᠮᠠᠶᠢᠭᠰᠠᠭᠠᠷ ᠢᠷᠡᠭᠰᠡᠨ ᠬᠦᠮᠦᠨ ᠤ ᠨᠢᠭᠡ ᠪᠤᠯ ᠠᠯᠳᠠᠷᠲᠤ ᠲᠠᠭᠤᠴᠢᠨ᠂ ᠤᠯᠤᠰ ᠤᠨ ᠨᠢᠭᠡᠳᠦᠭᠡᠷ ᠲᠡᠰ ᠤᠨ ᠲᠤᠭᠯᠠᠭᠴᠢ᠂ ᠤᠯᠤᠰ ᠤᠨ ᠲᠡᠰ ᠤᠨ ᠬᠦᠭᠡᠮᠠᠢ ᠤᠷᠠᠯᠢᠭ ᠤᠨ ᠦᠪᠯᠡᠨ ᠤᠯᠠᠮᠵᠢᠯᠠᠬᠴᠢ᠂ ᠠᠪᠤᠷᠭᠤ ᠬᠦᠭᠡᠮᠠᠶᠢᠴᠢᠨ ᠬᠦᠭᠵᠢᠯᠲᠤ ᠶᠤᠮ᠃ ᠳᠡᠭᠡᠷ᠎ᠡ ᠵᠠᠭᠤᠨ ᠤ ᠶᠡᠷᠡᠭᠡᠳ ᠤᠨ ᠳᠤ ︽ᠠᠷᠤ ᠭᠡᠷ ᠲᠤ ᠪᠠᠨ ᠵᠠᠬᠢᠳᠠᠯ ᠪᠢᠴᠢᠯ᠎ᠠ︾ ᠲᠠᠭᠤᠤ ᠪᠠᠷ ᠤᠢᠢ ᠤᠯᠠᠨ ᠨᠤᠲᠤᠭ ᠢᠶᠠᠨ ᠰᠠᠨᠠᠭᠰᠠᠨ ᠬᠦᠪᠡᠭᠦᠳ ᠦᠬᠢᠳ ᠤᠨ ᠰᠡᠳᠬᠢᠯ ᠢ ᠰᠡᠮᠰᠡᠷᠡᠭᠦᠯᠦᠨ ᠰᠡᠮᠡᠷᠡᠭᠦᠯᠦᠭᠰᠡᠨ ᠬᠦᠭᠵᠢᠯᠲᠤ ᠶᠢ ᠮᠡᠳᠡᠬᠦ ᠬᠦᠮᠦᠨ ᠠᠷᠪᠢᠨ ᠠᠴᠠ ᠠᠷᠪᠢᠨ᠃ 2003 ᠤᠨ ᠤ ᠦᠪᠦᠷ ᠮᠤᠩᠭᠤᠯ ᠤᠨ ᠲᠧᠯᠸᠢᠰ ᠬᠤᠷᠢᠶᠠᠨ ᠤ ᠴᠠᠭᠠᠨ ᠰᠠᠷ᠎ᠠ ᠶᠢᠨ ᠦᠳᠡᠰᠢᠯᠡᠭᠡ ᠳᠤ ︽ᠲᠡᠭᠷᠢ ᠶᠢᠨ ᠤᠨᠠᠭ᠎ᠠ︾ ᠬᠦᠭᠡᠮᠠᠢ ᠶᠢᠨ ᠭᠤᠴᠤᠯᠠᠯ ᠢᠶᠠᠷ ᠢᠶᠠᠨ ᠤᠯᠠᠨ ᠢ ᠲᠤᠷᠭᠢᠭᠤᠯᠵᠤ᠂ ᠦᠪᠦᠷ ᠮᠤᠩᠭᠤᠯ ᠵᠠᠯᠠᠭᠤᠰ ᠤᠨ ᠲᠤᠮᠳᠠ ᠬᠦᠭᠡᠮᠡᠢ ᠤᠷᠠᠯᠢᠭ ᠢᠶᠠᠨ ᠦᠪᠯᠡᠨ ᠰᠤᠷᠬᠤ ᠬᠠᠯᠠᠭᠤᠨ ᠲᠠᠪᠠᠯᠭᠠᠨ ᠢ ᠡᠳᠦᠵᠤ ᠬᠠᠶᠠᠭᠰᠠᠨ ᠨᠡᠷᠡᠲᠤ ᠬᠦᠭᠡᠮᠠᠶᠢᠴᠢᠨ ᠬᠦᠭᠵᠢᠯᠲᠤ ᠶᠢ ᠲᠠᠨᠢᠬᠤ ᠬᠦᠮᠦᠨ ᠤᠯᠠᠨ ᠠᠴᠠ ᠤᠯᠠᠨ᠃ ᠭᠡᠳᠡᠯ᠎ᠠ ᠲᠡᠭᠦᠨ ᠤ ᠲᠠᠭᠤᠤ ᠤᠷᠠᠯᠢᠭ ᠤᠨ ᠵᠠᠮ ᠬᠦᠳᠡᠭᠡ ᠨᠤᠲᠤᠭ ᠤᠨ ᠪᠤᠷᠤ ᠰᠢᠷᠤᠢ ᠳᠤ ᠨᠢᠳᠤᠯᠡᠨ ᠤᠷᠭᠤᠵᠤ᠂ ᠬᠦᠮᠦᠨ ᠠᠷᠠᠳ ᠤᠨ ᠢᠶᠠᠨ ᠦᠤᠬᠡ ᠲᠡᠤᠬᠡ ᠶᠢᠨ ᠲᠤᠮᠤᠭᠲᠤ ᠠᠶᠠᠯᠭᠤᠨ ᠳᠤ ᠬᠦᠯᠵᠢᠨ ᠲᠦᠯᠵᠢᠭᠡᠳ᠂ ᠲᠡᠯᠡᠬᠡᠢ ᠶᠢᠨ ᠰᠤᠨᠤᠷ ᠲᠤ ᠬᠦᠡᠭᠭᠢᠨᠡᠨ ᠴᠤᠤᠷᠢᠶᠠᠳᠤᠬᠤ ᠪᠤᠯᠳᠠᠯᠠᠬᠢ ᠤᠴᠠᠷᠠᠯ ᠲᠤᠬᠢᠶᠠᠯᠳᠤᠯ ᠪᠤᠯᠤᠭᠰᠠᠨ ᠦᠯᠢᠭᠡᠷ ᠢ ᠮᠡᠳᠡᠬᠦ ᠬᠦᠮᠦᠨ ᠬᠠᠷᠢᠨ ᠴᠦᠬᠡᠨ ᠠᠴᠠ ᠴᠦᠬᠡᠨ᠃ 2016 ᠤᠨ ᠤ 12 ᠰᠠᠷ᠎ᠠ ᠶᠢᠨ 23 ᠤ ᠡᠳᠦᠷ᠂ ᠬᠦᠭᠵᠢᠯᠲᠤ ᠭᠤᠸᠠᠢ ᠲᠠᠢ ᠪᠢ ᠤᠳᠠᠰᠤ ᠪᠠᠷ ᠪᠤᠯᠵᠤᠨ ᠨᠢᠭᠤᠷᠳᠠᠨ ᠵᠤᠯᠭᠠᠵᠤ ᠰᠤᠷᠪᠤᠯᠵᠢᠯᠠᠭ᠎ᠠ ᠠᠪᠤᠭᠰᠠᠨ ᠮᠠᠨᠢ ᠨᠢᠭᠡ ᠶᠤᠰᠤᠨ ᠤ ᠠᠵᠠᠲᠠᠢ ᠤᠴᠠᠷᠠᠯ ᠪᠠᠶᠢᠵᠤ ᠪᠢᠯᠡ᠃ ᠬᠦᠭᠵᠢᠯᠲᠡᠢ ᠰᠠᠶᠢᠬᠠᠨ ᠶᠠᠷᠢᠶ᠎ᠠ ᠬᠦᠭᠡᠷᠦᠭᠡ ᠲᠠᠢ ᠡᠨᠡ ᠠᠪᠤᠷᠭᠤ ᠬᠦᠭᠡᠮᠡᠶᠢᠴᠢᠨ ᠤ ᠶᠡᠷᠦᠳᠡ ᠶᠢᠨ ᠬᠤᠭᠤᠯᠠᠢ ᠶᠢᠨ ᠦᠡᠭᠭᠡ ᠨᠢ ᠴᠤ ᠰᠤᠷᠢᠨᠵᠢᠨ ᠮᠡᠲᠤ ᠠᠭᠠᠭᠢᠯᠢᠭ ᠠᠭᠠᠳ ᠬᠦᠡᠭᠭᠢᠨᠡᠮ᠎ᠡ᠂ ᠵᠠᠩ ᠠᠭᠠᠯᠢ ᠨᠢ ᠲᠤᠭᠯᠠᠯᠳᠠ ᠶᠢᠨ ᠲᠠᠶᠢᠰᠠᠨ᠎ᠠ ᠰᠠᠭᠠᠳᠠᠭᠰᠠᠨ ᠠᠳᠠᠯᠢ ᠪᠠᠨ ᠯᠠᠪᠳᠠᠭᠤᠨ ᠠᠭᠠᠳ ᠪᠤᠷᠤᠭᠵᠢᠭᠤᠨ᠃ ᠨᠡᠬᠡᠯ ᠲᠠᠯᠪᠢᠬᠰᠠᠨ ︽ᠨᠦᠰᠡᠷ ᠴᠢᠯᠠᠭᠤ︾ ︽ᠭᠡᠭᠡᠷ᠎ᠡ ᠶᠢᠨ ᠭᠠᠯᠠᠭᠤ ᠨᠢᠰᠤᠭᠡᠳ ᠬᠦᠷᠬᠦ ᠦᠭᠡᠢ ᠭᠠᠵᠠᠷ ᠠᠴᠠ ᠬᠦᠮᠦᠨ ᠤ ᠦᠷ᠎ᠡ ᠡᠷᠳᠡᠮ ᠡᠪᠦᠷᠯᠡᠵᠦ ᠬᠠᠷᠢᠨ᠎ᠠ︾ ᠭᠡᠳᠡᠭ᠃ ᠭᠡᠳᠡᠯ᠎ᠠ 1996 ᠤᠨ ᠳᠤ ᠦᠪᠦᠷ ᠮᠤᠩᠭᠤᠯ ᠤᠨ ᠠᠵᠢᠯ ᠤᠨ ᠴᠢᠯᠦᠭᠡᠨ ᠤ ᠵᠠᠯᠠᠭᠤᠴᠤᠳ ᠤᠨ ᠨᠠᠶᠢᠷᠠᠯ ᠲᠠᠭᠤᠨ ᠤ ᠪᠦᠯᠬᠦᠮ ᠤᠨ ᠡᠷᠡᠭᠲᠡᠢ ᠬᠠᠮ ᠬᠤᠭᠤᠯᠠᠢ ᠶᠢᠨ ᠲᠠᠭᠤᠴᠢᠨ ᠪᠠᠶᠢᠭᠰᠠᠨ ᠬᠦᠭᠵᠢᠯᠲᠤ ᠪᠦᠯᠬᠦᠮ ᠤᠨ ᠬᠠᠮᠲᠤ ᠬᠠᠷᠢ ᠬᠦᠷᠦᠨ ᠠᠦ᠋ᠰᠳ᠋ᠷᠠᠯᠢᠶ᠎ᠠ ᠤᠯᠤᠰ ᠤᠨ ᠰᠢᠳ᠋ᠨᠢ ᠬᠤᠳᠠᠨ᠎ᠠ ᠲᠤᠭᠯᠠᠯᠳᠠ ᠪᠠᠷ ᠠᠶᠢᠯᠴᠢᠯᠠᠭᠠᠳ ᠪᠤᠴᠠᠬᠤ ᠳᠤ ᠪᠠᠨ ᠬᠠᠷᠢᠨ ᠦᠷᠢ ᠲᠠᠢ ᠶᠤᠮᠰᠢᠬ ᠨᠡᠭᠡᠯ ᠲᠠᠯᠪᠢᠬᠰᠠᠨ ︽ᠨᠦᠰᠡᠷ ᠴᠢᠯᠠᠭᠤ︾ ᠡᠪᠦᠷᠳᠦᠯᠡᠭᠡᠳ ᠢᠷᠠᠵᠠᠢ᠃ ᠲᠤᠭᠯᠠᠯᠳᠠ ᠶᠢᠨ ᠲᠠᠷᠠᠭᠠᠬᠢ ᠰᠤᠷᠪᠤᠯᠵᠢᠯᠠᠬᠴᠢ ᠯᠤᠭ᠎ᠠ ᠶᠢᠨ ᠠᠭᠤᠯᠵᠠᠯᠳᠠ ᠲᠡᠭᠡᠷ᠎ᠡ ᠭᠠᠳᠠᠭᠠᠳᠤ ᠶᠢᠨ ᠨᠢᠭᠡᠨ ᠰᠤᠷᠪᠤᠯᠵᠢᠯᠠᠭᠴᠢ᠄ ︽ᠮᠤᠩᠭᠤᠯᠴᠤᠳ ᠮᠤᠷᠢᠨ ᠬᠤᠭᠤᠷ᠂ ᠤᠷᠲᠤ ᠶᠢᠨ ᠲᠠᠭᠤᠤ ᠠᠴᠠ ᠭᠠᠳᠠᠨ᠎ᠠ ᠪᠠᠰᠠ ᠬᠦᠭᠡᠮᠠᠢ ᠭᠡᠳᠡᠭ ᠠᠶᠢᠬᠤᠪᠳᠤᠷ ᠤᠷᠠᠯᠢᠭ ᠲᠠᠢ ᠪᠢᠯᠡ᠂ ᠲᠠᠨᠠᠷ ᠡᠨᠡ ᠤᠳᠠᠭ᠎ᠠ ᠶᠠᠭᠠᠬᠢᠭᠠᠳ ᠬᠦᠭᠡᠮᠠᠢ ᠶᠢᠨ ᠲᠤᠭᠯᠠᠯᠳᠠ ᠪᠠᠨ ᠦᠵᠡᠭᠦᠯᠦᠭᠰᠡᠨ ᠦᠭᠡᠢ ᠪᠤᠢ︖︾ ᠬᠡᠵᠤ ᠠᠰᠠᠭᠤᠪᠠ᠃ ᠵᠠᠯᠠᠭᠤ ᠽᠠᠨᠳᠠᠨ ᠨᠠᠰᠤᠨ ᠤ ᠪᠠᠨ ᠬᠤᠪᠢ ᠳᠤ ᠤᠷᠠᠯᠢᠬ ᠤᠨ ᠲᠠᠯ᠎ᠠ ᠪᠠᠷ ᠤᠪᠤᠭ᠎ᠠ ᠤᠷᠤᠯᠳᠤᠯᠭ᠎ᠠ ᠴᠢᠷᠮᠠᠶᠢᠯᠭ᠎ᠠ ᠲᠠᠢ ᠭᠡᠵᠤ ᠰᠠᠨᠠᠭ᠎ᠠ ᠬᠠᠨᠭ᠍ᠬᠤᠯᠤᠭᠤᠨ ᠪᠤᠳᠤᠵᠤ ᠪᠠᠶᠢᠬᠰᠠᠨ ᠬᠦᠭᠵᠢᠯᠳᠤ ᠭᠠᠭᠴᠠᠬᠠᠨ ᠡᠨᠡ ᠠᠰᠠᠭᠤᠯᠳᠠ ᠳᠤ ᠬᠠᠷᠢᠭᠤᠯᠳᠠ ᠤᠯᠬᠤ ᠦᠭᠡᠢ ᠬᠠᠰᠢᠬᠳᠠᠵᠤ᠂ ︽ᠬᠦᠭᠡᠮᠡᠢ︕︾ ᠭᠡᠳᠡᠭ ᠭᠠᠭᠴᠠᠬᠠᠨ ᠦᠭᠡ ᠡᠷᠭᠦᠭᠡᠳ ᠲᠠᠭᠠᠭᠠᠬᠤ ᠦᠭᠡᠢ ᠴᠢᠯᠠᠭᠤ ᠪᠠᠷ ᠦᠷᠦᠴᠡ ᠪᠠᠨ ᠲᠠᠷᠤᠭᠤᠯᠤᠬᠰᠠᠨ ᠰᠢᠬ ᠰᠡᠳᠬᠢᠯ ᠬᠦᠨᠳᠦᠷᠡᠭᠰᠡᠨ ᠨᠢ ᠲᠡᠷᠡ ᠪᠠᠶᠢᠵᠠᠢ᠃ ︽ᠬᠦᠭᠡᠮᠠᠢ︕ ᠭᠦᠬᠡᠮᠠᠢ ᠶᠢ ᠵᠠᠪᠠᠯ ᠰᠤᠷᠤᠨ᠎ᠠ︕︾ ᠨᠦᠰᠡᠷ ᠴᠢᠯᠠᠭᠤ ᠰᠢᠬ ᠬᠦᠨᠳᠦ ᠪᠤᠳᠤᠯ ᠲᠡᠷᠡ ᠯᠡ ᠡᠳᠦᠷ ᠠᠴᠠ ᠡᠬᠢᠯᠡᠨ ᠢᠡᠭᠭᠢᠵᠤ ᠡᠳᠦᠷ ᠰᠦᠨᠢ ᠶᠢᠨ ᠵᠠᠢ ᠳᠤ ᠲᠡᠭᠦᠨ ᠢ ᠦᠨᠵᠢᠭᠦᠯᠵᠤ ᠵᠠᠶᠢᠳᠠᠭᠤᠯᠬᠤ ᠶᠢᠨ ᠠᠷᠭ᠎ᠠ ᠦᠭᠡᠢ ᠨᠡᠭᠡᠯ ᠲᠠᠯᠪᠢᠨ ᠰᠢᠨᠠᠯᠭᠠᠵᠤ ᠭᠠᠷᠤᠯ᠎ᠠ᠃ ᠶᠠᠭᠠᠬᠢᠳᠠᠭ ᠪᠢᠯᠡ︖ ᠬᠡᠷᠬᠢᠳᠡᠭ ᠴᠤ ᠪᠢᠯᠡ︖ ᠰᠡᠳᠬᠢᠯ ᠳᠤ ᠪᠠᠨ ᠬᠦᠨᠲᠤ ᠲᠠᠷᠤᠭᠠᠰᠤ ᠲᠠᠢ ᠬᠦᠮᠦᠨ ᠨᠢᠭᠡ ᠪᠤᠯ ᠤᠷᠮ᠎ᠠ ᠬᠤᠭᠤᠷᠠᠨ᠎ᠠ᠂ ᠨᠢᠭᠡ ᠪᠤᠯ ᠤᠬᠠᠭᠠᠨ ᠰᠤᠷᠢᠨ᠎ᠠ᠃ ᠬᠦᠭᠡᠮᠠᠢ ᠤᠷᠠᠯᠢᠭ ᠢ ᠵᠠᠪᠠᠯ ᠰᠤᠷᠤᠨ᠎ᠠ ᠭᠡᠵᠤ ᠰᠢᠭᠤᠳᠤᠬᠰᠠᠨ ᠬᠦᠭᠵᠢᠯᠲᠤ ᠳᠤ ᠲᠤᠬᠠᠢ ᠶᠢᠨ ᠦᠶ᠎ᠠ ᠳᠤ ︽ᠭᠤᠷᠪᠠᠨ ᠭᠡᠴᠡᠬᠦᠦ ᠲᠠᠪᠠᠭ᠎ᠠ︾ ᠲᠤᠯᠭᠠᠷᠠᠭᠰᠠᠨ ᠪᠠᠶᠢᠪᠠ᠃ ᠨᠢᠭᠡ᠂ ᠲᠤᠬᠠᠢ ᠶᠢᠨ ᠦᠶ᠎ᠡ ᠶᠢᠨ ᠦᠪᠦᠷ ᠮᠤᠩᠭᠤᠯ ᠳᠤ ᠬᠦᠭᠡᠮᠠᠢ ᠶᠢᠨ ᠲᠤᠬᠠᠢ ᠤᠢᠢᠯᠠᠭᠠᠯᠳᠠ ᠪᠦᠳᠡᠬᠢ ᠪᠠᠶᠢᠭᠰᠠᠨ ᠤ ᠬᠠᠷᠠᠭ᠎ᠠ ᠪᠠᠷ ᠭᠡᠬᠦ ᠤᠤ ᠤᠷᠠᠯᠢᠭ ᠤᠨ ᠬᠢᠨ ᠲᠤᠮᠳᠠ ᠬᠦᠭᠡᠮᠠᠢ ᠰᠤᠷᠬᠤ ᠨᠢ ᠬᠤᠭᠤᠯᠠᠢ ᠶᠢ ᠠᠯᠠᠵᠤ ᠬᠠᠶᠠᠵᠤ ᠮᠡᠳᠡᠨ᠎ᠡ ᠭᠡᠰᠡᠨ ᠤᠢᠢᠯᠠᠭᠠᠯᠳᠠ ᠭᠠᠵᠠᠷ ᠠᠪᠴᠤ ᠪᠠᠶᠢᠬᠰᠠᠨ ᠪᠤᠯᠬᠤᠷ ᠲᠡᠭᠦᠨ ᠤ ᠤᠳᠤᠷᠢᠳᠤᠯᠭ᠎ᠠ᠂ ᠭᠡᠷ ᠪᠦᠯᠢ ᠶᠢᠨ ᠬᠢᠨ ᠴᠦᠮ ᠲᠡᠭᠦᠨ ᠤ ᠡᠨᠡᠬᠦ ᠵᠤᠷᠢᠮᠠᠭ ᠰᠢᠢᠳᠪᠦᠷᠢ ᠶᠢ ᠡᠷᠡᠰ ᠡᠰᠡᠷᠭᠦᠴᠡᠵᠦ ᠪᠠᠶᠢᠪᠠ᠃ ᠬᠤᠶᠠᠷ᠂ ᠪᠠᠭᠰᠢ ᠵᠠᠯᠠᠬᠤ ᠵᠢᠴᠢ ᠵᠠᠷᠤᠳᠠᠯ ᠰᠦᠢᠳᠭᠡᠯ ᠤᠨ ᠠᠰᠠᠭᠤᠳᠠᠯ᠃ ᠭᠤᠷᠪᠠ᠂ ᠬᠦᠭᠵᠢᠯᠲᠤ ᠪᠤᠯ ᠬᠤᠪᠤᠷ ᠤᠯᠳᠠᠬᠤ ᠡᠷᠡᠭᠲᠡᠢ ᠶᠢᠨ ᠬᠠᠮ ᠬᠤᠭᠤᠯᠠᠢ ᠶᠢᠨ ᠲᠠᠭᠤᠴᠢᠨ᠂ ᠲᠡᠭᠦᠨ ᠤ ᠲᠡᠭᠡᠷ᠎ᠡ ᠬᠦᠭᠡᠮᠡᠢ ᠰᠤᠷᠤᠭᠠᠳ ᠴᠢᠳᠠᠴᠢᠬᠠᠬᠤ ᠪᠠᠷ ᠪᠤᠳᠤᠬᠤ ᠳᠤ ᠬᠦᠬᠡᠮᠡᠢ ᠶᠢᠨ ᠤᠷᠠᠯᠢᠭ ᠢ ᠤᠯᠠᠨ ᠲᠦᠮᠡᠨ ᠬᠦᠯᠢᠶᠡᠨ ᠠᠪᠳᠠᠭ ᠪᠤᠯ ᠤᠤ︖ ︽ᠪᠤᠯᠬᠤ ᠦᠭᠡᠢ ᠪᠤᠯ ᠦᠭᠡᠷ᠎ᠡ ᠵᠠᠮ ᠢᠶᠠᠷ ᠦᠵᠡᠨ᠎ᠡ︾ ᠭᠡᠵᠦ ᠬᠠᠳᠠᠭᠤ ᠰᠢᠢᠳᠦᠭᠰᠡᠨ ᠬᠦᠭᠵᠢᠯᠲᠤ ᠶᠢ ᠬᠡᠨ ᠬᠤᠷᠢᠭᠠᠭᠰᠠᠨ ᠴᠤ ᠰᠠᠭᠠᠳ ᠪᠤᠯᠬᠤ ᠠᠴᠠ ᠦᠡᠭᠭᠡᠷᠡᠪᠡ᠃ ᠲᠡᠷᠨ ᠬᠦᠰᠡᠯ ᠨᠢᠭᠡᠳᠡᠳ ᠲᠠᠢ ᠪᠠᠨ ᠬᠠᠮᠲᠤᠷᠠᠨ ᠦᠴᠦᠬᠡᠨ ᠴᠠᠯᠢᠩ ᠢᠶᠠᠨ ᠭᠠᠮᠨᠠᠨ ᠪᠠᠶᠢᠵᠤ ᠮᠤᠩᠭᠤᠯ ᠤᠯᠤᠰ ᠤᠨ ᠨᠡᠷᠡᠲᠤ ᠬᠦᠭᠡᠮᠠᠶᠢᠴᠢᠨ ᠤᠳᠤᠰᠦ᠋ᠷᠦᠩ ᠢ ᠤᠷᠢᠵᠤ ᠠᠪᠴᠢᠷᠠᠭᠠᠳ ᠦᠷᠯᠦᠭᠡ ᠦᠳᠡᠰᠢ ᠦᠭᠡᠢ᠂ ᠤᠷᠤᠨ ᠭᠠᠷᠤᠨ ᠦᠭᠡᠢ ᠪᠤᠯᠪᠠᠰᠤᠷᠠᠵᠤ ᠁ ᠵᠡᠭᠦᠳᠦᠨ ᠳᠤ ᠪᠠᠨ ᠴᠤ ︽ᠬᠦᠭᠡᠮᠠᠶᠢᠯᠠᠵᠤ︾ ᠡᠬᠢᠯᠡᠪᠡ᠃ ᠠᠩᠬ᠎ᠠ ᠡᠬᠢᠨ ᠳᠤ ᠪᠠᠨ ᠬᠡᠳᠦᠷᠬᠡᠢ ᠰᠤᠷᠬᠤ ᠪᠠᠷ ᠶᠠᠭᠠᠷᠠᠵᠤ ᠰᠠᠨᠳᠤᠷᠤᠭᠰᠠᠨ ᠤ ᠬᠢ ᠴᠤ ᠶᠤᠮ ᠤᠤ᠂ ᠪᠤᠯᠪᠠᠰᠤᠷᠠᠬᠤ ᠠᠷᠭ᠎ᠠ ᠨᠢ ᠪᠤᠷᠤᠭᠤᠳᠠᠭᠰᠠᠨ ᠤ ᠬᠢ ᠪᠣᠯᠪᠠ ᠤᠤ᠂ ᠬᠦᠭᠵᠢᠯᠲᠤ ᠶᠢᠨ ᠬᠤᠭᠤᠯᠠᠢ ᠨᠢ ᠬᠠᠪᠤᠳᠴᠤ ᠬᠦᠷᠡᠭᠡ ᠨᠢ ᠬᠦᠬᠡᠬᠡᠳ ᠲᠠᠭᠤᠯᠠᠵᠤ ᠲᠡᠶᠢᠯᠬᠦ ᠪᠠᠨ ᠪᠤᠯᠢᠴᠢᠬᠠᠪᠠ᠃ ᠭᠡᠰᠡᠨ ᠴᠤ ᠲᠡᠷᠡ ᠤᠬᠤᠷᠢᠭᠰᠠᠨ ᠦᠭᠡᠢ᠂ ᠪᠠᠭᠰᠢ ᠶᠢᠨ ᠢᠶᠠᠨ ᠬᠡᠯᠡᠭᠰᠡᠨ ︽1200 ᠴᠠᠭ ᠲᠠᠰᠬᠠᠯ ᠬᠢᠵᠦ ᠪᠠᠶᠢᠵᠤ ᠰᠠᠶ᠋ᠢ ᠨᠢᠭᠡ ᠪᠡᠶ᠎ᠡ ᠪᠠᠨ ᠳᠠᠭᠠᠭᠠᠭᠰᠠᠨ ᠬᠦᠭᠡᠮᠠᠶᠢᠴᠢᠨ ᠪᠤᠯᠳᠠᠭ ᠶᠤᠮ ᠰᠢᠤ ︾ ᠭᠡᠰᠡᠨ ᠶᠠᠷᠢᠶ᠎ᠠ ᠶᠢ ᠮᠦᠷᠳᠡᠨ ᠪᠤᠯᠪᠠᠰᠤᠷᠠᠯ ᠢᠶᠠᠨ ᠡᠷᠴᠢᠮᠵᠢᠭᠦᠯᠦᠭᠰᠡᠭᠡᠷ ᠯᠡ ᠪᠠᠶᠢᠯ᠎ᠠ᠃ ︽ᠶᠠᠪᠤᠭ᠎ᠠ ᠦᠭᠡᠢ ᠵᠠᠮ ᠲᠠᠮᠤ︾ ᠬᠡᠭᠦᠴᠢᠯᠡᠨ ᠬᠦᠭᠡᠮᠠᠢ ᠰᠤᠷᠬᠤ ᠳᠤ ᠦᠢᠯᠡ ᠪᠠᠨ ᠦᠵᠡᠭᠰᠡᠨ ᠬᠦᠭᠵᠢᠯᠲᠤ ᠤᠳᠤ ᠱᠠᠪᠢᠨᠠᠷ ᠲᠤ ᠪᠠᠨ ᠵᠢᠭᠠᠬᠤ ᠳᠤ ᠪᠠᠨ ᠲᠤᠬᠠᠢ ᠶᠢᠨ ᠬᠦᠮᠦᠨ ᠤ ᠬᠤᠭᠤᠯᠠᠢ ᠳᠤ ᠲᠤᠬᠢᠷᠠᠭᠰᠠᠨ ᠲᠠᠭᠤᠯᠠᠬᠤ ᠠᠷᠭ᠎ᠠ ᠶᠢ ᠰᠤᠳᠤᠯᠵᠤ᠂ ᠬᠦᠭᠡᠮᠠᠢ ᠨᠢ ᠬᠤᠭᠤᠯᠠᠢ ᠶᠢ ᠰᠢᠷᠬᠠᠳᠤᠭᠤᠯᠬᠤ ᠦᠭᠡᠢ ᠪᠦᠭᠡᠳ ᠬᠤᠭᠤᠯᠠᠢ ᠶᠢᠨ ᠴᠢᠳᠠᠯ ᠢ ᠨᠡᠩ ᠬᠦᠭᠵᠢᠭᠦᠯᠬᠦ ᠲᠠᠯᠳᠠ ᠬᠦᠴᠦᠨ ᠢ ᠲᠤᠷᠰᠢᠯᠭ᠎ᠠ ᠶᠢᠨ ᠲᠤᠮᠳᠠ ᠪᠠᠨ ᠨᠤᠳᠠᠯᠠᠵᠠᠢ᠃ 2003 ᠤᠨ᠃ ᠬᠦᠭᠡᠮᠠᠢ ᠡᠬᠢᠯᠡᠨ ᠰᠤᠷᠤᠭᠰᠠᠨ ᠤ ᠲᠦᠷᠪᠡᠳᠡᠬᠢ ᠵᠢᠯ ᠬᠦᠭᠵᠢᠯᠲᠤ ᠶᠢᠨ ᠰᠡᠳᠬᠢᠯ ᠳᠤ ᠤᠷᠭᠤᠭᠰᠠᠨ ᠨᠦᠰᠡᠷ ᠴᠢᠯᠠᠭᠤ ᠬᠦᠡᠭᠭᠡᠷᠡᠬᠦ‍ ᠰᠢᠭ ᠪᠤᠯᠪᠠ᠂ ᠤᠴᠢᠷ ᠨᠢ ᠡᠨᠡ ᠲᠤᠮᠳᠠ ᠲᠡᠷᠡ ᠪᠠᠷ ᠺᠤᠷᠢᠶᠠ ᠳᠤ ᠪᠤᠯᠤᠭᠰᠠᠨ ᠲᠡᠯᠡᠬᠡᠢ ᠶᠢᠨ ᠤᠯᠢᠮᠫᠢᠺ ᠤᠨ ᠨᠠᠶᠢᠷᠠᠯ ᠲᠠᠭᠤᠨ ᠤ ᠲᠡᠮᠡᠴᠡᠭᠡᠨ ᠳᠤ ᠤᠷᠤᠯᠴᠠᠵᠤ ᠠᠯᠳᠠᠨ ᠱᠠᠩᠨᠠᠯ ᠡᠪᠦᠷᠳᠦᠯᠡᠭᠰᠡᠨ ᠢᠶᠠᠷ ᠪᠠᠷᠠᠬᠤ ᠦᠭᠡᠢ᠂ ᠺᠤᠷᠢᠶᠠ ᠤᠯᠤᠰ ᠤᠨ ᠵᠠᠭᠤᠴᠢᠯᠠᠭᠤᠷ ᠤᠨ ᠬᠢᠨ ᠲᠡᠭᠦᠡ ᠢ 40 ᠮᠢᠨᠦ᠋ᠲ ᠲᠤᠰᠬᠠᠢ ᠰᠤᠷᠪᠤᠯᠵᠢᠯᠠᠵᠤ᠂ ᠮᠤᠩᠭᠤᠯ ᠲᠠᠭᠤᠴᠢᠨ ᠤ ᠬᠤᠭᠤᠯᠠᠢ ᠶᠢᠨ ᠴᠢᠳᠠᠯ ᠳᠤ ᠭᠠᠶᠢᠬᠠᠰᠢᠷᠠᠭᠰᠠᠨ ᠦᠵᠡᠭᠴᠢᠳ ᠰᠠᠭᠤᠳᠠᠯ ᠠᠴᠠ ᠪᠠᠨ ᠦᠨᠳᠡᠯᠵᠡᠩᠭᠡᠨ ᠤᠳᠠᠳᠠᠯ᠎ᠠ ᠠᠯᠠᠭ᠎ᠠ ᠲᠠᠰᠢᠭᠰᠠᠨ ᠶᠠᠪᠤᠳᠠᠯ ᠪᠠᠶᠢᠯ᠎ᠠ᠃ ᠲᠡᠷᠡ ᠡᠨᠡ ᠲᠤᠬᠠᠢ ᠡᠷᠭᠢᠴᠡᠭᠦᠯᠬᠦ ᠳᠤ ᠪᠠᠨ᠄ ︽ᠡᠳᠦᠷ ᠲᠤ ᠨᠠᠭᠠᠲᠤ ᠵᠠᠬ᠎ᠠ ᠳᠤ ᠪᠠᠨ 5 ᠴᠠᠭ ᠪᠤᠯᠪᠠᠰᠤᠷᠠᠨ᠎ᠠ᠂ ᠵᠢᠯ ᠳᠤ ᠠᠳᠠᠭ ᠲᠤ ᠪᠠᠨ ᠨᠢᠭᠡ ᠤᠳᠠᠭ᠎ᠠ 3 ᠰᠠᠷ᠎ᠠ ᠶᠢᠨ ᠬᠤᠭᠤᠴᠠᠭ᠎ᠠ ᠲᠠᠢ ᠲᠦᠪᠯᠡᠷᠡᠭᠰᠡᠨ ᠪᠤᠯᠪᠠᠰᠤᠷᠠᠯ ᠳᠤ ᠤᠷᠤᠯᠴᠠᠨ᠎ᠠ᠂ ᠤᠳᠤ ᠶᠢᠨ ᠵᠠᠯᠠᠭᠤᠰ ᠢ ᠪᠤᠳᠤᠪᠠᠯ ᠪᠢᠳᠡᠨ ᠤ ᠲᠡᠷᠡ ᠦᠶ᠎ᠡ ᠳᠤ ᠬᠦᠴᠢᠷᠲᠡᠢ ᠪᠠᠶᠢᠵᠠᠢ᠂ ᠭᠡᠯ᠎ᠠ ᠴᠤ ᠨᠡᠩ ᠤᠯᠠᠨ ᠬᠦᠮᠦᠨ ᠳᠤ ᠬᠦᠭᠡᠮᠡᠢ ᠤᠷᠠᠯᠢᠭ ᠢᠶᠠᠨ ᠲᠠᠨᠢᠭᠤᠯᠵᠤ ᠂ ᠨᠡᠩ ᠤᠯᠠᠨ ᠵᠠᠯᠠᠭᠤᠰ ᠲᠤ ᠪᠠᠨ ᠬᠦᠭᠡᠮᠠᠢ ᠰᠤᠷᠬᠤ ᠳᠤ ᠬᠦᠭᠦᠷᠭᠡ ᠪᠤᠯᠤᠭᠰᠠᠨ ᠳᠤ ᠪᠠᠨ ᠪᠢ ᠬᠡᠵᠢᠶᠡᠲᠡ ᠪᠠᠶᠠᠷ ᠲᠠᠢ ︾ ᠭᠡᠯ᠎ᠠ᠃ ᠬᠦᠭᠡᠮᠠᠢ 2006 ᠤᠨ ᠳᠤ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠭᠳᠡᠨ᠂ 2009 ᠤᠨ ᠤ 9 ᠰᠠᠷ᠎ᠠ ᠶᠢᠨ 30 ᠤ ᠡᠳᠦᠷ ᠲᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ ᠤᠨ ᠪᠦᠷᠢᠳᠭᠡᠯ ᠳᠤ ᠤᠷᠤᠪᠠ᠃ ᠢᠡᠭᠭᠢᠭᠡᠳ ᠮᠤᠩᠭᠤᠯ ᠦᠨᠳᠦᠰᠦᠳᠡᠨ ᠤ ᠲᠠᠭᠤᠤ ᠤᠷᠠᠯᠢᠭ ᠤᠨ ᠲᠤᠯᠭ᠎ᠠ ᠶᠢᠨ ᠭᠤᠷᠪᠠᠨ ᠴᠢᠯᠠᠭᠤ ᠬᠡᠮᠡᠭᠳᠡᠭᠰᠡᠨ ᠮᠤᠷᠢᠨ ᠬᠤᠭᠤᠷ᠂ ᠤᠷᠲᠤ ᠶᠢᠨ ᠲᠠᠭᠤᠤ᠂ ᠬᠦᠭᠡᠮᠠᠢ ᠨᠢ ᠲᠡᠯᠡᠬᠡᠢ ᠶᠢᠨ ᠲᠦᠭ ᠲᠦᠮᠡᠨ ᠦᠨᠳᠦᠰᠦᠳᠡᠨ ᠶᠠᠰᠤᠲᠠᠨ ᠤ ᠡᠭᠦᠳᠦᠨ ᠪᠦᠲᠦᠭᠡᠭᠰᠡᠨ ᠦᠨᠡᠲᠤ ᠦᠪ ᠯᠦᠭᠡ ᠮᠦᠷᠦ ᠵᠡᠷᠭᠡᠴᠡᠨ ᠬᠦᠮᠦᠨ ᠲᠦᠷᠦᠯᠬᠢᠳᠡᠨ ᠤ ᠰᠤᠶᠤᠯ ᠤᠨ ᠦᠪ ᠢᠶᠠᠷ ᠪᠦᠷᠢᠳᠭᠡᠭᠳᠡᠵᠦ᠂ ᠬᠡᠳᠦᠢ ᠦᠨᠡᠲᠡᠢ ᠬᠡᠴᠢᠨᠡᠭᠡᠨ ᠴᠡᠨᠡᠲᠡᠢ ᠭᠡᠳᠡᠭ ᠢᠶᠠᠨ ᠬᠠᠷᠠᠭᠤᠯᠤᠭᠠᠳ ᠪᠠᠶᠢᠨ᠎ᠠ᠃ 1000 ᠱᠠᠪᠢ ᠲᠠᠢ ︽ᠪᠠᠶᠠᠨ ᠪᠠᠭᠰᠢ︾ 2003 ᠤᠨ ᠤ ᠦᠪᠦᠷ ᠮᠤᠩᠭᠤᠯ ᠤᠨ ᠲᠧᠯᠸᠢᠰ ᠬᠤᠷᠢᠶᠠᠨ ᠤ ᠴᠠᠭᠠᠨ ᠰᠠᠷ᠎ᠠ ᠶᠢᠨ ᠦᠳᠡᠰᠢᠯᠡᠭᠡ ᠶᠢ ᠰᠢᠩᠭᠡᠭᠡᠨ ᠦᠢᠯᠡᠳᠬᠦ ᠠᠴᠠ ᠲᠠᠪᠤᠬᠠᠨ ᠡᠳᠦᠷ ᠤᠨ ᠡᠮᠦᠨ᠎ᠡ ᠬᠦᠭᠵᠢᠯᠲᠤ ᠠᠰᠠᠷ ᠤᠨ ᠭᠤᠳᠤᠮ ᠳᠤ ᠲᠤᠬᠠᠢ ᠶᠢᠨ ᠵᠢᠯ ᠤᠨ ᠦᠳᠡᠰᠢᠯᠡᠭᠡ ᠶᠢᠨ ᠭᠤᠤᠯ ᠤᠳᠤᠷᠢᠳᠤᠭᠠᠴᠢ ᠪᠤᠯᠬᠤ ᠬᠡᠰᠢᠭᠲᠦ ᠭᠤᠸᠠᠢ ᠲᠠᠢ ᠲᠤᠬᠢᠶᠠᠯᠳᠤᠭᠠᠳ ︽ᠡᠨᠡ ᠵᠢᠯ ᠬᠦᠭᠡᠮᠠᠢ ᠶᠢᠨ ᠲᠤᠭᠯᠠᠯᠳᠠ ᠪᠠᠷ ᠢᠶᠠᠨ ᠦᠳᠡᠰᠢᠯᠡᠭᠡ ᠳᠤ ᠤᠷᠤ︾ ᠭᠡᠰᠡᠨ ᠰᠡᠳᠬᠢᠯ ᠲᠤᠭᠳᠤᠯᠤᠭᠤᠯᠤᠭᠰᠠᠨ ᠠᠳᠠᠯ᠎ᠠ ᠬᠦᠯᠦᠰᠦ ᠴᠢᠬᠠᠷᠠᠭᠤᠯᠤᠭᠰᠠᠨ ᠬᠦᠨᠲᠤ ᠡᠭᠦᠷᠭᠡ ᠶᠢ ᠲᠤᠰᠴᠠᠢ᠃ ᠦᠳᠡᠰᠢᠯᠡᠭᠡ ᠶᠢ ᠰᠢᠩᠭᠡᠭᠡᠨ ᠦᠢᠯᠡᠳᠬᠦ ᠪᠤᠯᠳᠠᠯ᠎ᠠ ᠲᠠᠪᠤᠬᠠᠨ ᠡᠳᠦᠷ ᠤᠨ ᠬᠤᠭᠤᠴᠠᠭ᠎ᠠ ᠪᠤᠢ ᠂ ᠬᠦᠭᠡᠮᠠᠢ ᠶᠢᠨ ᠰᠢᠨ᠎ᠠ ᠪᠦᠲᠦᠭᠡᠯ ᠪᠠᠰᠠ ᠦᠭᠡᠢ᠂ ᠤᠷᠢᠳᠤ ᠨᠢ ᠬᠦᠭᠡᠮᠠᠢ ᠶᠢ ᠨᠠᠶᠢᠷᠠᠯ ᠬᠦᠭᠵᠢᠮ ᠳᠤ ᠬᠠᠪᠰᠤᠷᠭᠠᠨ ᠲᠠᠭᠤᠯᠠᠵᠤ ᠪᠠᠶᠢᠭᠰᠠᠨ ᠠᠴᠠ ᠪᠢᠰᠢ ᠲᠤᠰᠠᠭᠠᠷ ᠪᠡᠶ᠎ᠡ ᠪᠠᠨ ᠲᠠᠭᠠᠭᠠᠭᠰᠠᠨ ᠲᠤᠭᠯᠠᠯᠳᠠ ᠪᠠᠷ ᠶᠡᠷᠦᠨᠢ ᠤᠷᠤᠯᠴᠠᠵᠤ ᠪᠠᠶᠢᠭ᠎ᠠ ᠦᠭᠡᠢ ᠮᠦᠷᠳᠡᠭᠡᠨ ᠠᠷᠤ ᠦᠪᠦᠷ ᠲᠤ ᠴᠤ ᠦᠭᠡᠷ᠎ᠡ ᠤᠷᠠᠯᠢᠭᠴᠢᠳ ᠡᠶᠢᠮᠦ ᠲᠤᠭᠯᠠᠯᠳᠠ ᠭᠠᠷᠭᠠᠵᠤ ᠦᠡᠭᠭᠡᠷᠡᠭᠡ ᠦᠭᠡᠢ ᠁ ᠰᠤᠷᠪᠤᠯᠵᠢᠯᠠᠭ᠎ᠠ ᠶᠢᠨ ᠲᠤᠮᠳᠠ ᠡᠨᠡ ᠦᠡᠭᠭᠡᠷᠡᠯᠳᠡ ᠪᠠᠨ ᠰᠡᠬᠦᠨ ᠲᠤᠷᠠᠰᠤᠭᠰᠠᠨ ᠬᠦᠭᠵᠢᠯᠲᠤ ᠶᠢᠨ ᠬᠤᠭᠤᠯᠠᠢ ᠨᠢ ᠵᠠᠩᠭᠢᠷᠠᠵᠤ ᠵᠤᠪᠬᠢ ᠨᠢ ᠴᠡᠶᠢᠯᠡᠭᠡᠨᠡᠵᠦ ᠠᠪᠤᠪᠠ᠃ ᠲᠡᠷᠡ᠄ ︽ᠤᠷᠠᠯᠢᠭᠴᠢᠨ ᠬᠦᠮᠦᠨ᠂ ᠢᠯᠠᠩᠭᠤᠶ᠎ᠠ ᠮᠤᠩᠭᠤᠯ ᠤᠷᠠᠯᠢᠭᠴᠢᠨ ᠬᠦᠮᠦᠨ ᠴᠠᠭᠠᠨ ᠰᠠᠷ᠎ᠠ ᠪᠠᠷ ᠨᠡᠶᠢᠳᠡ ᠮᠤᠩᠭᠤᠯ ᠦᠵᠡᠭᠴᠢᠳ ᠲᠠᠢ ᠪᠠᠨ ᠵᠤᠯᠭᠠᠨ᠎ᠠ ᠭᠡᠳᠡᠭ ᠠᠮᠠᠷ ᠦᠭᠡᠢ ᠬᠤᠪᠢ ᠲᠤᠬᠢᠶᠠᠯᠳᠤᠯ ᠰᠢᠤ᠂ ᠲᠡᠭᠡᠬᠦ ᠳᠤ ᠪᠠᠨ ᠰᠡᠳᠬᠢᠯ ᠳᠤ ᠬᠦᠷᠦᠭᠰᠡᠨ ᠪᠦᠲᠦᠭᠡᠯ ᠲᠠᠢ ᠤᠷᠤᠯᠴᠠᠨ᠎ᠠ ᠭᠡᠳᠡᠭ ᠬᠦᠴᠢᠷ ᠠᠰᠠᠭᠤᠳᠠᠯ᠂ ᠲᠡᠭᠡᠭᠡᠳ ᠪᠢ ᠮᠠᠨ ᠤ ᠤᠷᠤᠨ ᠤ ᠠᠯᠳᠠᠷᠲᠤ ᠬᠦᠭᠵᠢᠮ ᠤᠨ ᠵᠤᠬᠢᠶᠠᠯᠴᠢ ᠰ᠊ · ᠡᠩᠭᠡᠪᠠᠶᠠᠷ ᠪᠠᠭᠰᠢ ᠪᠠᠨ ᠡᠷᠢᠵᠦ ᠬᠦᠷᠦᠯ᠎ᠡ᠂ ᠨᠠᠮᠠᠢᠢ ᠬᠦᠷᠴᠤ ᠤᠴᠢᠬᠤ ᠳᠤ ᠡ᠊ ᠪᠠᠭᠰᠢ ᠶᠠᠭ ᠰᠦᠰᠤᠨ ᠤ ᠵᠠᠰᠠᠯ ᠬᠢᠯᠭᠡᠭᠡᠳ ᠬᠡᠳᠦᠭᠡᠨ ᠬᠤᠨᠤᠵᠤ ᠪᠠᠶᠢᠪᠠ᠂ ᠭᠡᠰᠡᠨ ᠴᠤ ᠮᠢᠨᠤ ᠰᠡᠳᠬᠢᠯ ᠢ ᠮᠡᠳᠡᠳᠡᠭ ᠪᠠᠭᠰᠢ ᠮᠠᠨᠢ ᠬᠡᠪᠳᠡᠷᠢ ᠲᠤᠲᠤᠷ᠎ᠠ ᠪᠠᠨ ᠬᠡᠳᠦᠨ ᠰᠦᠨᠢ ᠰᠠᠭᠤᠵᠤ ᠪᠠᠶᠢᠭᠠᠳ ᠲᠡᠷᠡ ᠵᠢᠯ ᠤᠯᠠᠨ᠎ᠠ ᠲᠤᠰᠬᠠᠯ ᠭᠠᠷᠤᠭᠰᠠᠨ ︿ᠲᠡᠭᠷᠢ ᠶᠢᠨ ᠤᠨᠠᠭ᠎ᠠ﹀ ᠪᠦᠲᠦᠭᠡᠯ ᠤᠨ ᠠᠶ᠎ᠠ ᠶᠢ ᠲᠤᠭᠤᠷᠪᠢᠵᠤ ᠦᠭᠭᠦᠭᠰᠡᠨ ᠰᠢᠤ᠂ ᠤᠷᠠᠯᠢᠭ ᠦᠢᠯᠡᠰ ᠢᠶᠠᠨ ᠭᠡᠰᠡᠨ ᠤᠯᠤᠰ ᠤᠨ ᠵᠤᠷᠢᠭ ᠰᠠᠨᠠᠭ᠎ᠠ ᠪᠠᠷᠤᠭ ᠲᠡᠶᠢᠮᠤ ᠪᠠᠶᠢᠳᠠᠭ ᠪᠠᠶᠢᠬ᠎ᠠ︾ ᠭᠡᠳ ᠬᠡᠰᠡᠭ ᠵᠠᠭᠤᠷ᠎ᠠ ᠲᠠᠭᠤ ᠦᠭᠡᠢ ᠪᠤᠯᠵᠠᠢ᠃ ᠪᠢᠳᠡᠨ ᠤ ᠶᠠᠷᠢᠶ᠎ᠠ ᠦᠷᠭᠦᠯᠵᠢᠯᠡᠭᠰᠡᠭᠡᠷ ᠦᠳᠡᠰᠢᠯᠡᠭᠡ ᠶᠢᠨ ᠠᠬᠤᠢ ᠪᠠᠶᠢᠳᠠᠯ ᠢ ᠡᠷᠬᠢᠨ ᠲᠤᠷᠠᠰᠬᠤ ᠳᠤ ᠪᠠᠰᠠ ᠯᠠ ᠦᠯᠢᠭᠡᠷ᠃ ᠲᠡᠷᠡ ᠡᠳᠦᠷ ᠤᠨ ᠦᠳᠡ ᠶᠢᠨ ᠡᠮᠦᠨ᠎ᠡ ᠨᠢ ᠪᠡᠭᠡ ᠨᠢ ᠪᠠᠰᠠ ᠬᠠᠳᠠᠭ᠎ᠠ ᠦᠭᠡᠢ ︽ᠲᠡᠭᠷᠢ ᠶᠢᠨ ᠤᠨᠠᠭ᠎ᠠ︾ ᠲᠠᠭᠤᠤ ᠪᠠᠨ ᠰᠢᠩᠭᠡᠭᠡᠵᠦ ᠲᠠᠭᠤᠰᠤᠭᠰᠠᠨ ᠬᠦᠭᠵᠢᠯᠲᠤ ᠲᠤᠭᠤᠢ ᠪᠠᠨ ᠢᠰᠭᠦᠯᠦᠭᠡᠳ ᠪᠠᠶᠢᠭᠤᠯᠭ᠎ᠠ ᠶᠢᠨ ᠢᠶᠠᠨ ᠨᠠᠶᠢᠷᠠᠯ ᠲᠠᠭᠤᠨ ᠤ ᠲᠤᠭᠯᠠᠯᠳᠠ ᠳᠤ ᠤᠷᠤᠯᠴᠠᠬᠤ ᠪᠠᠷ ᠲᠠᠪᠬᠢᠭᠤᠯᠪᠠ᠃ ᠤᠷᠤᠢ ᠶᠢᠨ ᠲᠤᠭᠯᠠᠯᠳᠠ ᠲᠠᠭᠤᠰᠤᠭᠰᠠᠨ ᠤ ᠲᠠᠷᠠᠭ᠎ᠠ ᠠᠬᠢᠭᠠᠳ ᠴᠠᠭᠠᠨ ᠰᠠᠷ᠎ᠠ ᠶᠢᠨ ᠦᠳᠡᠰᠢᠯᠡᠭᠡ ᠶᠢᠨ ᠠᠬᠤᠢ ᠲᠠᠯᠠᠪᠠᠢ ᠶᠢᠨ ᠰᠢᠩᠭᠡᠭᠡᠯᠳᠡ ᠳᠤ ᠤᠷᠤᠯᠴᠠᠨ᠎ᠠ᠂ ᠠᠬᠢᠭᠠᠳ ᠪᠠᠰᠠ ᠲᠤᠭᠤᠢ ᠪᠠᠨ ᠢᠰᠭᠦᠯᠦᠭᠡᠳ ᠬᠡᠶᠢᠰᠭᠡᠨ᠎ᠡ᠃ ᠲᠡᠭᠡᠭᠡᠳ ᠨᠠᠶᠢᠷᠠᠯ ᠲᠠᠭᠤᠨ ᠤ ᠲᠤᠭᠯᠠᠯᠳᠠ ᠪᠠᠨ ᠲᠠᠭᠤᠰᠬᠠᠴᠢᠬᠠᠭᠠᠳ ᠦᠳᠡᠰᠢᠯᠡᠭᠡ ᠶᠢᠨ ᠠᠬᠤᠢ ᠲᠠᠯᠠᠪᠠᠢ ᠤᠷᠤᠭᠤ ᠲᠤᠪᠳᠤᠯᠵᠤ ᠶᠠᠪᠤᠬᠤ ᠳᠤ ᠪᠠᠨ ᠮᠦᠰᠦᠨ ᠳᠤ ᠬᠠᠯᠳᠤᠷᠢᠵᠤ ᠤᠨᠠᠭᠠᠳ ᠬᠠᠮᠠᠷ ᠢᠶᠠᠨ ᠪᠤᠯᠭᠤ ᠠᠪᠴᠤ ᠴᠢᠰᠤ ᠨᠦᠵᠢ ᠳᠤ ᠪᠢᠯᠳᠠᠭᠳᠠᠵᠠᠢ᠃ ︽ᠦᠳᠡᠰᠢᠯᠡᠭᠡ ᠶᠢᠨ ᠠᠬᠤᠢ ᠲᠠᠯᠠᠪᠠᠢ ᠳᠤ ᠬᠦᠷᠦᠭᠡᠳ ᠲᠠᠶᠢᠰᠠᠨ ᠳᠤ ᠭᠠᠷᠳᠠᠯ᠎ᠠ ᠪᠠᠰᠠ ᠬᠠᠮᠠᠷ ᠠᠴᠠ ᠪᠤᠷᠭᠢᠯᠤᠭᠰᠠᠨ ᠴᠢᠰᠤ ᠵᠤᠭᠰᠤᠬᠤ ᠦᠭᠡᠢ ᠪᠤᠯᠬᠤᠷ ᠠᠷᠭ᠎ᠠ ᠪᠤᠰᠤ ᠵᠡᠭᠦᠨ ᠬᠠᠮᠠᠷ ᠤᠨ ᠨᠦᠬᠡᠨ ᠳᠤ ᠪᠠᠨ ᠴᠠᠭᠠᠰᠤ ᠴᠢᠬᠢᠭᠡᠳ ᠭᠠᠷᠤᠭᠰᠠᠨ ᠳ᠋ᠠ᠂ ᠤᠳᠤ ᠰᠢᠩᠭᠡᠭᠡᠯᠳᠡ ᠶᠢ ᠰᠠᠶᠢᠬᠠᠨ ᠤᠪᠠᠶᠢᠯᠠᠵᠤ ᠦᠵᠡᠪᠡᠯ ᠮᠡᠳᠡᠭᠳᠡᠨ᠎ᠡ ᠰᠢᠤ︾ ᠭᠡᠳ ᠬᠦᠭᠵᠢᠯᠲᠤ ᠭᠤᠸᠠᠢ ᠢᠨᠢᠶᠡᠪᠡ᠃ ᠦᠵᠡᠭᠴᠢᠳ ᠲᠤ ᠠᠪᠴᠤ ᠬᠡᠯᠡᠪᠡᠯ ᠰᠡᠳᠬᠢᠯ ᠲᠤᠭᠳᠤᠯᠤᠭᠤᠯᠤᠭᠰᠠᠨ ᠭᠤᠴᠤ ᠰᠠᠶᠢᠬᠠᠨ ᠲᠤᠭᠯᠠᠯᠳᠠ᠂ ᠬᠦᠭᠵᠢᠯᠲᠤ ᠳᠤ ᠠᠪᠴᠤ ᠬᠡᠯᠡᠪᠡᠯ ᠬᠡᠴᠡᠬᠦᠦ ᠲᠤᠷᠠᠳᠬᠠᠯ ᠲᠠᠢ ᠮᠦᠷᠦᠭᠡᠳᠦᠯ ᠤᠨ ᠲᠤᠭᠯᠠᠯᠳᠠ᠂ ᠭᠡᠰᠡᠨ ᠴᠤ ᠦᠪᠦᠷ ᠮᠤᠩᠭᠤᠯ ᠤᠨ ᠬᠦᠭᠡᠮᠠᠢ ᠶᠢᠨ ᠤᠷᠠᠯᠢᠭ᠂ ᠲᠡᠷᠡᠴᠢᠯᠡᠨ ᠲᠡᠯᠡᠬᠡᠢ ᠶᠢᠨ ᠬᠦᠭᠡᠮᠠᠢ ᠶᠢᠨ ᠤᠷᠠᠯᠢᠭ ᠲᠤ ᠠᠪᠴᠤ ᠬᠡᠯᠡᠪᠡᠯ ᠠᠩᠬ᠎ᠠ ᠤᠳᠠᠭ᠎ᠠ ᠤᠷᠠᠯᠢᠭ ᠤᠨ ᠲᠠᠶᠢᠰᠠᠨ᠎ᠠ ᠬᠦᠭᠡᠮᠡᠢ ᠶᠢᠨ ᠤᠯᠠᠨ ᠲᠦᠷᠦᠯ ᠤᠨ ᠬᠦᠭᠡᠮᠠᠶᠢᠯᠡᠬᠦ ᠠᠷᠭ᠎ᠠ ᠮᠠᠶ᠋ᠢᠭ᠂ ᠢᠷᠦᠭᠡᠯ ᠮᠠᠭᠳᠠᠭᠠᠯ᠂ MIDI ᠬᠦᠭᠵᠢᠮ ᠵᠡᠷᠭᠡ ᠶᠢ ᠬᠠᠮᠳᠤᠷᠠᠭᠤᠯᠤᠨ ᠠᠭᠤᠰᠬᠠᠭᠰᠠᠨ ᠴᠠᠭ ᠦᠶ᠎ᠡ ᠶᠢ ᠵᠠᠭᠠᠭᠯᠠᠬᠤ ᠠᠴᠢ ᠬᠤᠯᠪᠤᠭᠳᠠᠯ ᠲᠠᠢ ᠬᠦᠰᠢᠶ᠎ᠡ ᠪᠤᠯᠤᠭᠰᠠᠨ ᠲᠤᠭᠯᠠᠯᠳᠠ᠃ ᠡᠨᠡ ᠤᠳᠠᠭᠠᠨ ᠤ ᠲᠤᠭᠯᠠᠯᠳᠠ ᠠᠴᠠ ᠠᠪᠤᠭᠠᠳ ᠦᠪᠦᠷ ᠮᠤᠩᠭᠤᠯ ᠤᠨ ᠬᠦᠭᠡᠮᠠᠢ ᠤᠷᠠᠯᠢᠭ ᠪᠦᠬᠡ ᠤᠨᠳᠠᠭᠰᠠᠨ ᠨᠦᠢᠷ ᠠᠴᠠ ᠪᠠᠨ ᠰᠡᠷᠢᠪᠡ᠂ ᠤᠴᠢᠷ ᠨᠢ ᠡᠨᠡ ᠲᠤᠭᠯᠠᠯᠳᠠ ᠶᠢᠨ ᠲᠠᠷᠠᠭ᠎ᠠ ᠬᠦᠭᠵᠢᠯᠲᠤ ᠶᠢ ᠡᠷᠢᠵᠤ ᠬᠦᠭᠡᠮᠠᠢ ᠰᠤᠷᠬᠤ ᠵᠠᠯᠠᠭᠤᠰ ᠤᠯᠠᠰᠢᠷᠠᠪᠠ᠃ ︽ᠵᠠᠯᠠᠭᠤ ᠬᠦᠮᠦᠰ ᠤᠷᠠᠯᠢᠭ ᠲᠤ ᠬᠦᠴᠦ ᠲᠠᠯᠪᠢᠵᠤ ᠪᠠᠶᠢᠨ᠎ᠠ ᠭᠡᠳᠡᠭ ᠪᠤᠯ ᠪᠠᠭ᠋ᠠᠷᠬᠠᠯᠲᠠᠢ ᠶᠠᠪᠤᠳᠠᠯ᠂ ᠤᠷᠠᠯᠢᠭᠴᠢᠨ ᠬᠦᠮᠦᠨ ᠤ ᠤᠷᠠᠯᠢᠭ ᠤᠨ ᠠᠮᠢ ᠨᠠᠰᠤ ᠬᠢᠵᠠᠭᠠᠷ ᠲᠠᠢ᠂ ᠬᠡᠭᠦ ᠳᠤ ᠪᠠᠨ ᠤᠷᠠᠯᠢᠭ ᠮᠦᠡᠭᠭᠡ ᠨᠠᠰᠤ ᠲᠠᠢ᠂ ᠪᠢ ᠵᠠᠯᠠᠭᠤᠰ ᠲᠤ ᠪᠠᠨ ᠪᠠᠭᠰᠢᠯᠠᠬᠤ ᠲᠤᠷ᠎ᠠ ᠲᠠᠢ᠂ ᠦᠪᠡᠷ ᠤᠨ ᠮᠡᠳᠡᠭᠰᠡᠨ ᠢᠶᠠᠨ ᠬᠡᠯᠡᠵᠦ ᠦᠭᠭᠦ ᠲᠤᠷ᠎ᠠ ᠲᠠᠢ︾ ᠭᠡᠳ ᠬᠦᠭᠵᠢᠯᠲᠤ 2003 ᠤᠨ ᠠᠴᠠ ᠤᠳᠤ ᠪᠤᠯᠳᠠᠯᠠᠬᠢ ᠠᠷᠪᠠ ᠭᠠᠷᠤᠢ ᠵᠢᠯ ᠤᠨ ᠲᠤᠷᠰᠢ 1000 ᠭᠠᠷᠤᠢ ᠱᠠᠪᠢ ᠬᠦᠮᠦᠵᠢᠭᠦᠯᠦᠭᠰᠡᠨ ᠢᠶᠠᠨ ᠴᠤᠬᠤᠰ ᠯᠠ ᠶᠠᠷᠢᠭᠠᠳ ᠪᠤᠯᠪᠠ᠃ ᠬᠠᠷᠢᠨ ᠲᠡᠭᠦᠨ ᠤ ᠱᠠᠪᠢᠨᠠᠷ ᠲᠤ ᠪᠠᠨ᠂ ᠬᠤᠵᠢᠮ ᠢᠷᠡᠭᠡᠳᠦᠢ ᠳᠤ ᠬᠦᠭᠡᠮᠠᠢ ᠰᠤᠷᠬᠤ ᠬᠦᠰᠡᠯ ᠲᠠᠢ ᠪᠠᠶᠢᠭ᠎ᠠ ᠵᠠᠯᠠᠭᠤᠰ ᠲᠤ ᠬᠠᠨᠲᠤᠵᠤ ᠬᠡᠯᠡᠭᠰᠡᠨ ᠭᠤᠷᠪᠠᠨ ᠪᠠᠳᠠᠭ ᠢ ᠠᠳᠡ ᠡᠷᠬᠡᠪᠰᠢ ᠲᠡᠮᠳᠡᠭᠯᠡᠵᠦ ᠦᠯᠡᠳᠡᠭᠡᠬᠦ ᠨᠢ ᠵᠦᠢᠳᠠᠢ ᠭᠡᠵᠦ ᠪᠤᠳᠤᠭᠳᠠᠯ᠎ᠠ᠄ ︽ᠵᠤᠷᠢᠭ ᠰᠢᠭᠤᠳᠴᠤ ᠬᠦᠭᠡᠮᠠᠢ ᠰᠤᠷᠤᠭᠰᠠᠨ ᠪᠤᠯ ᠵᠠᠮ ᠲᠤᠮᠳᠠ ᠪᠠᠨ ᠪᠢᠳᠡᠬᠡᠢ ᠲᠤᠷᠭᠤᠨ ᠤᠷᠬᠢ︕ ᠬᠦᠭᠡᠮᠡᠢ ᠪᠠᠨ ᠰᠠᠶᠢᠨ ᠰᠤᠳᠤᠯᠵᠤ ᠶᠠᠪᠤᠭᠠᠷᠠᠢ᠂ ᠮᠡᠳᠡᠭᠰᠡᠨ ᠵᠦᠢᠯᠡᠰ ᠢᠶᠠᠨ ᠪᠤᠰᠤᠳ ᠲᠠᠢ ᠪᠠᠨ ᠬᠤᠪᠢᠶᠠᠯᠴᠠᠵᠤ ᠪᠠᠢ︕ ᠰᠢᠨᠡᠴᠢᠯᠡᠭᠰᠡᠨ ᠠᠶᠠᠰ ᠪᠠᠶᠢᠵᠤ ᠪᠤᠯᠤᠨ᠎ᠠ᠂ ᠭᠡᠬᠦ ᠳᠤ ᠪᠠᠨ ᠤᠯᠠᠮᠵᠢᠯᠠᠯ ᠢᠶᠠᠨ ᠪᠢᠳᠡᠬᠡᠢ ᠲᠤᠷ᠎ᠠ ᠪᠠᠷ ᠬᠤᠪᠢᠷᠠᠭᠤᠯ︕︾ ︽ᠱᠠᠪᠢ ᠶᠢᠨ ᠡᠷᠳᠡᠮ ᠪᠠᠭᠰᠢ ᠠᠴᠠ︾ ᠭᠡᠭᠴᠢ ᠪᠠᠷ ᠡᠷᠳᠡᠮ ᠢ ᠨᠢ ᠰᠤᠷᠴᠢᠬᠠᠭᠠᠳ ᠰᠤᠷᠭᠠᠯ ᠢ ᠡᠰᠡ ᠤᠮᠠᠷᠳᠠᠨ᠎ᠠ ᠭᠡᠳᠡᠭ ᠲᠤ ᠪᠢᠳᠡ ᠢᠳᠡᠭᠡᠨ᠎ᠡ᠃ ᠭᠤᠷᠪᠠᠨ CD ᠶᠢᠨ ︽ᠬᠠᠨᠳᠢᠪ︾ ︽ᠤᠯᠠᠭᠠᠨᠮᠦ᠋ᠴᠢᠷ︾᠂ ︽ᠤᠷᠠᠨ ᠰᠠᠶᠢᠬᠠᠨ ︾ ᠭᠡᠳᠡᠭ ᠦᠭᠡ ᠨᠡᠭᠡᠷᠡᠨ ᠤᠷᠠᠯᠢᠭ ᠲᠠᠭᠤᠨ ᠳᠤ ᠪᠠᠭ᠋ᠠᠲᠠᠢ ᠬᠦᠮᠦᠰ ᠤᠨ ᠤᠢ ᠤᠶᠤᠨ ᠳᠤ ᠨᠡᠪᠴᠢᠲᠡᠯ᠎ᠡ ᠰᠢᠩᠭᠡᠵᠦ ᠠᠭᠤᠰᠳᠠᠯ᠎ᠠ ᠰᠢᠮᠡᠳᠴᠠᠢ᠃ ︽ᠤᠨᠠᠭᠠᠨ ᠰᠠᠭᠠᠷᠠᠯ ᠮᠤᠷᠢ ᠪᠠᠶᠢᠨ᠎ᠠ ᠬᠦ᠋ ᠤᠰᠤᠨ ᠲᠡᠯᠠᠮᠡᠨ ᠵᠢᠷᠤᠭ᠎ᠠ ᠲᠠᠢ ᠳ᠋ᠠ ᠬᠦ᠋ ᠤᠨᠤᠭᠰᠠᠨ ᠡᠵᠡᠨ ᠨᠢ ᠵᠢᠭᠠᠯ ᠶᠤᠮ ᠡ ᠬᠦ᠋ ᠤᠷᠠᠨ ᠰᠠᠶᠢᠬᠠᠨ ᠳᠤ ᠠᠪᠢᠶᠠᠰ ᠲᠠᠢ ᠳ᠋ᠠ ᠬᠦ᠋︾ ᠭᠡᠳᠡᠭ ᠲᠠᠭᠤᠤ ᠶᠢ ᠪᠠᠯᠴᠢᠷ ᠤᠶᠤᠨ ᠳᠤ ᠪᠠᠨ ᠲᠡᠵᠢᠭᠡᠵᠦ ᠦᠰᠦᠭᠰᠡᠨ ᠬᠦᠮᠦᠨ ᠤ ᠨᠢᠭᠡ ᠪᠤᠯ ᠬᠦᠭᠵᠢᠯᠲᠤ᠃ ᠲᠠᠶᠢᠹᠣᠰᠧ ᠬᠤᠰᠢᠭᠤᠨ ᠤ ᠬᠦᠨᠪᠤᠯᠠᠭ ᠰᠤᠮᠤᠨ ᠤ ᠪᠠᠭ᠎ᠠ ᠰᠤᠷᠭᠠᠭᠤᠯᠢ᠂ ᠲᠤᠮᠳᠠᠳᠤ ᠰᠤᠷᠭᠠᠭᠤᠯᠢ ᠳᠤ ᠰᠤᠷᠤᠭᠴᠢ ᠪᠠᠶᠢᠬᠤ ᠳᠤ ᠪᠠᠨ ︽ᠤᠳᠠᠭᠠᠨ ᠵᠢᠯ︾ ᠤᠷᠠᠯᠢᠭ ᠤᠨ ᠭᠡᠰᠢᠭᠦᠨ ᠶᠠᠪᠤᠭᠰᠠᠨ ᠬᠦᠭᠵᠢᠯᠲᠤ ᠦᠨᠳᠦᠷ ᠲᠤᠮᠳᠠᠳᠤ ᠪᠠᠨ ᠲᠡᠭᠦᠰᠥᠮᠡᠭᠴᠡ ᠬᠠᠪ ᠬᠠᠯᠠᠭᠤᠬᠠᠨ ᠰᠢᠭᠤᠳ ᠯᠡ ᠬᠤᠰᠢᠭᠤᠨ ᠤ ᠪᠠᠨ ᠤᠯᠠᠭᠠᠨᠮᠦ᠋ᠴᠢᠷ ᠤᠨ ᠲᠤᠭᠯᠠᠭᠴᠢ ᠪᠠᠷ ᠡᠯᠰᠡᠭᠲᠡᠵᠠᠢ᠃ ᠡᠨᠡ ᠲᠤᠮᠳᠠ ᠲᠡᠷᠡ ᠤᠳᠠᠭ᠎ᠠ ᠲᠠᠷᠠᠭ᠎ᠠ ᠶᠢᠨ ᠪᠤᠯᠪᠠᠰᠤᠷᠠᠯ ᠰᠤᠷᠤᠯᠴᠠᠯᠭ᠎ᠠ ᠶᠢᠨ ᠠᠩᠭᠢ ᠳᠤ ᠲᠤᠮᠢᠯᠠᠯᠳᠠ ᠪᠠᠷ ᠶᠠᠪᠤᠵᠤ ᠪᠠᠶᠢᠭᠰᠠᠨ ᠨᠢ ᠲᠡᠭᠦᠨ ᠤ ᠢᠷᠡᠭᠡᠳᠦᠢ ᠳᠤ ᠤᠷᠠᠯᠢᠬᠴᠢᠨ ᠪᠤᠯᠬᠤ ᠳᠤ ᠨᠢ ᠲᠡᠮ ᠪᠤᠯᠪᠠ᠃ ᠬᠤᠵᠢᠮ ᠨᠢ ᠷᠠᠳᠢᠣ᠋ ᠪᠠᠷ ᠮᠠᠯᠴᠢᠨ ᠲᠦᠮᠡᠨ ᠳᠤ ᠪᠠᠨ ᠲᠠᠨᠢᠭᠳᠠᠭᠰᠠᠨ ᠬᠦᠭᠵᠢᠯᠲᠤ ᠬᠤᠰᠢᠭᠤᠨ ᠤ ᠤᠯᠠᠭᠠᠨᠮᠦ᠋ᠴᠢᠷ ᠠᠴᠠ ᠰᠢᠭᠤᠳ ᠦᠪᠦᠷ ᠮᠤᠩᠭᠤᠯ ᠤᠨ ᠷᠠᠳᠢᠣ᠋ ᠶᠢᠨ ᠤᠷᠠᠨ ᠰᠠᠶᠢᠬᠠᠨ ᠤ ᠪᠦᠯᠬᠦᠮ ᠳᠤ ᠰᠢᠯᠭᠠᠨ ᠤᠷᠤᠪᠠ᠃ ᠢᠡᠭᠬᠢᠵᠤ ᠪᠤᠳᠤᠪᠠᠯ ᠡᠳᠦᠭᠡ ᠬᠦᠷᠳᠡᠯ᠎ᠠ 36 ᠵᠢᠯ ᠲᠠᠭᠤᠤ ᠤᠷᠠᠯᠢᠭ ᠤᠨ ᠹᠷᠤᠨᠲ ᠲᠤ ᠵᠢᠳᠬᠦᠭᠰᠡᠨ ᠬᠦᠭᠵᠢᠯᠲᠤ 2008 ᠤᠨ᠂ 2009 ᠤᠨ ᠳᠤ ᠬᠤᠪᠢᠨ ᠤ ᠮᠦᠡᠭᠭᠦ ᠪᠠᠨ ᠵᠠᠷᠤᠴᠠᠭᠤᠯᠵᠤ ᠪᠠᠶᠢᠭᠠᠳ ︽ᠲᠡᠭᠷᠢᠯᠢᠭ ᠠᠶᠠᠯᠭᠤ︾ ︵ᠲᠡᠭᠡᠲᠤ᠂ ᠲᠤᠤᠷᠠᠲᠤ ᠠᠩᠭᠢ︶᠂ ︽ᠲᠦᠷᠪᠡᠨ ᠨᠠᠰᠤᠲᠠᠢ ᠬᠠᠯᠢᠭᠤᠨ︾ ᠭᠡᠬᠦ ᠬᠤᠪᠢ ᠬᠦᠮᠦᠨ ᠤ ᠬᠦᠭᠡᠮᠡᠢ ᠤᠷᠠᠯᠢᠭ ᠤᠨ ᠪᠦᠲᠦᠭᠡᠯ ᠢᠶᠠᠨ ᠡᠮᠬᠢᠳᠭᠡᠭᠰᠡᠨ 3 CD ᠭᠠᠷᠭᠠᠪᠠ᠃ ᠭᠡᠪᠡᠴᠤ ᠬᠤᠭᠤᠯᠠᠢ ᠶᠢᠨ ᠢᠶᠠᠨ ᠴᠢᠳᠠᠯ ᠢ ᠰᠢᠪᠬᠠᠨ ᠰᠢᠪᠬᠠᠵᠤ᠂ ᠬᠤᠪᠢᠨ ᠤ ᠪᠠᠨ ᠬᠦᠷᠦᠩᠭᠡ ᠶᠢ ᠬᠤᠮᠢᠵᠤ ᠬᠤᠮᠢᠵᠤ ᠭᠠᠷᠭᠠᠭᠰᠠᠨ ᠭᠤᠷᠪᠠᠨ CD ᠨᠢ ᠪᠤᠷᠤᠯᠠᠭᠤᠯᠭ᠎ᠠ ᠶᠢᠨ ᠮᠠᠭᠤᠳᠠᠯ ᠤᠨ ᠴᠠᠭ ᠦᠶ᠎ᠡ ᠳᠤ ᠬᠠᠷᠭᠤᠭᠠᠳ ᠤᠯᠢᠬᠲᠠᠢ ᠬᠡᠳᠦ ᠶᠢ ᠪᠤᠷᠤᠯᠠᠭᠤᠯᠵᠤ ᠠᠮᠵᠢᠭᠰᠠᠨ ᠦᠭᠡᠢ᠂ ᠬᠡᠳᠦ᠋ᠢᠪᠡᠷ ᠶᠡᠭᠡ ᠮᠦᠡᠭᠭᠦ ᠤᠯᠵᠤ ᠲᠡᠯᠪᠡ ᠪᠠᠶᠠᠵᠢᠬᠤ ᠶᠢ ᠭᠤᠷᠢᠯᠠᠭ᠎ᠠ ᠦᠭᠡᠢ ᠴᠤ ᠪᠦᠬᠦ ᠬᠤᠷᠠᠮᠳᠤᠭᠤᠯᠭ᠎ᠠ ᠪᠠᠨ ᠦᠷᠡᠭᠡᠵᠦ ᠪᠠᠶᠢᠵᠤ ᠭᠠᠷᠭᠠᠭᠰᠠᠨ ᠬᠦᠳᠡᠯᠮᠦᠷᠢ ᠶᠢᠨ ᠪᠦᠲᠦᠭᠡᠯ ᠨᠢ ᠢᠡᠭᠬᠢᠭᠡᠳ ︽ᠬᠤᠭᠤᠰᠳᠠᠵᠤ︾᠂ ᠬᠦᠮᠦᠷᠭᠡ ᠶᠢᠨ ᠭᠡᠷ ᠤᠨ ᠮᠤᠬᠤᠷ ᠪᠤᠯᠤᠩ ᠳᠤ ᠲᠤᠭᠤᠰᠤᠨ ᠲᠤᠷᠳᠤᠭ ᠲᠠᠢ ᠬᠠᠮᠲᠤ ᠬᠡᠪᠳᠡᠬᠦ ᠭᠡᠭᠴᠢ ᠶᠢ ᠬᠡᠨ ᠮᠡᠳᠡᠯ᠎ᠡ ᠳ᠋ᠧ᠃
 
 
ᠢᠷᠡᠯᠲᠡ᠄ ᠲᠥᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号