ᠲᠠᠶᠢᠹᠤᠰᠧ ᠬᠤᠰᠢᠭᠤ ᠮᠦᠩᠬᠦᠨ ᠬᠦᠢᠯᠬᠡᠬᠡ ᠪᠠᠷ ᠦᠢᠯᠡᠳᠪᠦᠷᠢᠯᠡᠯ ᠰᠡᠷᠬᠦᠬᠡᠬᠦ ᠶᠢ ᠲᠡᠮᠵᠢᠬᠦ  ᠵᠠᠰᠠᠭ ᠪᠠᠩᠬᠢ ᠠᠵᠤ ᠠᠬᠤᠶᠢᠯᠠᠯ ᠤᠨ  ᠬᠠᠮᠳᠤᠷᠠᠯᠴᠠᠭ᠎ᠠ  ᠶᠢ ᠠᠬᠢᠭᠤᠯᠬᠤ ᠬᠤᠷᠠᠯ ᠬᠢᠪᠡ
ᠨᠡᠶᠢᠲᠡᠯᠡᠭᠰᠡᠨ ᠴᠠᠭ᠄
2020-03-26
   ᠬᠢᠵᠢᠭ ᠰᠡᠷᠭᠡᠶᠢᠯᠡᠬᠦ ᠬᠤᠭᠤᠴᠠᠭᠠᠨ ᠳᠤ ᠤᠯᠤᠰ ᠠᠴᠠ ᠲᠤᠭᠳᠠᠭᠠᠭᠰᠠᠨ ᠮᠦᠩᠬᠦᠨ ᠬᠦᠢᠯᠬᠡᠬᠡᠨ ᠤ ᠬᠠᠷᠠᠭᠠᠯᠵᠠᠯ  ᠤᠨ ᠲᠦᠷᠦ ᠶᠢᠨ ᠪᠤᠳᠤᠯᠭ᠎ᠠ   ᠶᠢᠨ ᠨᠠᠶᠢᠳᠠᠪᠤᠷᠢᠵᠢᠬᠤ ᠶᠢ ᠲᠦᠯᠬᠢᠨ ᠠᠬᠢᠭᠤᠯᠵᠤ᠂  ᠵᠠᠰᠠᠭ ᠪᠠᠩᠬᠢ ᠠᠵᠤ ᠠᠬᠤᠶᠢᠯᠠᠯ ᠤᠨ ᠰᠤᠯᠢᠯᠴᠠᠭᠠᠨ ᠤ ᠲᠠᠪᠴᠠᠩ ᠢ ᠪᠠᠶᠢᠭᠤᠯᠤᠨ᠂  ᠪᠠᠩᠬᠢ ᠠᠵᠤ ᠠᠬᠤᠶᠢᠯᠠᠯ ᠤᠨ ᠬᠠᠮᠳᠤᠷᠠᠯᠴᠠᠭ᠎ᠠ ᠶᠢ ᠬᠦᠨᠵᠡᠬᠡᠶᠢᠷᠡᠬᠦᠯᠵᠦ᠂  ᠲᠤᠮᠳᠠᠳᠤ ᠪᠠᠭ᠎ᠠ ᠵᠢᠵᠢᠭ ᠠᠵᠤ ᠠᠬᠤᠶᠢᠯᠠᠯ   ᠳᠤ ᠦᠵᠡᠬᠦᠯᠬᠦ ᠬᠢᠵᠢᠭ ᠤᠨ ᠨᠦᠯᠦᠬᠡᠯᠡᠯ ᠢ ᠪᠠᠭᠠᠰᠬᠠᠭᠰᠠᠨ ᠰᠠᠭᠤᠷᠢᠨ ᠲᠡᠭᠡᠷ᠎ᠡ ᠬᠠᠮᠳᠤ ᠶᠢᠨ ᠠᠰᠢᠭ ᠲᠤᠰᠠ ᠶᠢ ᠪᠡᠶᠡᠯᠡᠬᠦᠯᠵᠦ᠂ ᠪᠦᠬᠦ ᠬᠤᠰᠢᠭᠤᠨ ᠤ ᠠᠵᠤ ᠠᠬᠤᠢ ᠨᠡᠶᠢᠬᠡᠮ ᠤᠨ  ᠦᠷᠬᠦᠯᠵᠢᠯᠡᠨ ᠲᠤᠭᠳᠠᠭᠤᠨ ᠢᠶᠠᠷ ᠬᠦᠭᠵᠢᠬᠦ ᠶᠢ ᠠᠬᠢᠭᠤᠯᠬᠤ   ᠶᠢᠨ ᠲᠤᠰᠠᠳᠠ᠂   3 ᠰᠠᠷ᠎ᠠ  ᠶᠢᠨ 23 ᠤ ᠡᠳᠦᠷ᠂ ᠲᠠᠶᠢᠹᠤᠰᠧ ᠬᠤᠰᠢᠭᠤ ᠮᠦᠩᠬᠦᠨ ᠬᠦᠢᠯᠬᠡᠬᠡ ᠪᠠᠷ ᠦᠢᠯᠡᠳᠪᠦᠷᠢᠯᠡᠯ ᠰᠡᠷᠬᠦᠬᠡᠬᠦ ᠶᠢ ᠲᠡᠳᠬᠦᠬᠦ ᠵᠠᠰᠠᠭ ᠪᠠᠩᠬᠢ ᠠᠵᠤ ᠠᠬᠤᠶᠢᠯᠠᠯ ᠤᠨ ᠬᠠᠮᠳᠤᠷᠠᠯᠴᠠᠭ᠎ᠠ ᠶᠢ ᠠᠬᠢᠭᠤᠯᠬᠤ ᠬᠤᠷᠠᠯ ᠬᠤᠷᠠᠯᠳᠤᠭᠤᠯᠪᠠ᠃     ᠲᠡᠳ᠋ ᠬᠤᠰᠢᠭᠤ ᠲᠠᠷᠤᠭ᠎ᠠ ᠬᠦᠸᠧ ᠢᠤᠢ ᠺᠦᠨ ᠬᠤᠷᠠᠯ ᠳᠤ ᠤᠷᠤᠯᠴᠠᠵᠤ᠂  ᠮᠦᠩᠬᠦᠨ ᠬᠦᠢᠯᠬᠡᠬᠡᠨ ᠤ ᠦᠢᠯᠡᠴᠢᠯᠡᠭᠡ ᠶᠢ ᠴᠢᠩᠭᠠᠳᠬᠠᠬᠤ᠂  ᠪᠤᠳᠠᠳᠤ ᠴᠤᠭᠴᠠ ᠶᠢᠨ  ᠠᠵᠤ ᠠᠬᠤᠢ ᠶᠢ ᠲᠡᠮᠵᠢᠬᠦ᠂  ᠰᠠᠨᠠᠭᠠᠴᠢᠯᠠᠭ᠎ᠠ ᠠᠴᠠ  ᠪᠠᠨ ᠲᠡᠮᠵᠢᠯᠬᠡ ᠡᠷᠢᠬᠦ᠂   ᠪᠡᠯᠡ  ᠬᠤᠷᠠᠮᠳᠤᠭᠤᠯᠬᠤ ᠬᠦᠴᠢᠷᠳᠡᠢ ᠠᠰᠠᠭᠤᠳᠠᠯ ᠢ ᠰᠢᠢᠳᠪᠦᠷᠢᠯᠡᠬᠦ᠂  ᠢᠳᠡᠪᠬᠢᠳᠡᠢ  ᠪᠠᠷ ᠲᠠᠪᠴᠠᠩ ᠪᠠᠶᠢᠭᠤᠯᠬᠤ᠂  ᠠᠵᠤ ᠠᠬᠤᠢ ᠶᠢᠨ ᠬᠦᠭᠵᠢᠯᠳᠡ ᠶᠢ ᠠᠬᠢᠭᠤᠯᠬᠤ ᠵᠡᠷᠭᠡ ᠲᠠᠯ᠎ᠠ ᠠᠴᠠ  ᠵᠠᠰᠠᠭ ᠪᠠᠩᠬᠢ ᠠᠵᠤ ᠠᠬᠤᠶᠢᠯᠠᠯ ᠤᠨ ᠬᠠᠮᠳᠤᠷᠠᠯᠴᠠᠭ᠎ᠠ ᠶᠢ ᠤᠯᠠᠮ ᠬᠦᠨᠵᠡᠬᠡᠶᠢᠷᠡᠬᠦᠯᠵᠦ᠂  ᠦᠢᠯᠡᠳᠪᠦᠷᠢᠯᠡᠯ ᠰᠡᠷᠬᠦᠬᠡᠬᠦ ᠳᠤ ᠲᠡᠮᠵᠢᠯᠬᠡ ᠦᠵᠡᠬᠦᠯᠬᠦ ᠲᠤᠬᠠᠢ ᠪᠤᠳᠠᠳᠠᠢ ᠰᠠᠨᠠᠯ ᠪᠠ ᠱᠠᠭᠠᠷᠳᠠᠯᠭ᠎ᠠ ᠪᠠᠨ ᠲᠤᠷᠠᠳᠤᠭᠰᠠᠨ ᠪᠠᠶᠢᠨ᠎ᠠ᠃     ᠬᠤᠷᠠᠯ ᠲᠡᠭᠡᠷ᠎ᠡ᠂  ᠬᠤᠰᠢᠭᠤᠨ ᠤ ᠮᠦᠩᠬᠦᠨ ᠬᠦᠢᠯᠬᠡᠬᠡᠨ ᠤ ᠠᠯᠪᠠᠨ ᠭᠡᠷ ᠤᠨ ᠬᠠᠷᠢᠭᠤᠴᠠᠯᠭᠠᠳᠠᠨ ᠠᠴᠠ  ᠠᠶᠢᠮᠠᠭ ᠤᠨ ᠵᠠᠬᠢᠷᠭ᠎ᠠ ᠶᠢᠨ ᠲᠠᠷᠬᠠᠭᠠᠭᠰᠠᠨ  ︽ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠬᠦᠭᠵᠢᠯᠳᠡ ᠳᠤ ᠦᠵᠡᠬᠦᠯᠬᠦ  ᠮᠦᠩᠬᠦᠨ ᠬᠦᠢᠯᠬᠡᠬᠡᠨ ᠤ ᠲᠡᠮᠵᠢᠯᠬᠡ ᠶᠢ ᠤᠯᠠᠮ ᠨᠢᠬᠡ ᠠᠯᠬᠤᠮ ᠴᠢᠩᠭᠠᠳᠬᠠᠬᠤ ᠲᠤᠬᠠᠢ ᠮᠡᠳᠡᠭᠳᠡᠯ︾  ᠢ ᠤᠯᠠᠮᠵᠢᠯᠠᠵᠤ᠂  ᠠᠵᠤ ᠦᠢᠯᠡᠳᠪᠦᠷᠢ ᠮᠡᠳᠡᠭᠡ ᠵᠠᠩᠬᠢᠵᠢᠭᠤᠯᠤᠯᠳᠠ ᠶᠢᠨ ᠲᠤᠪᠴᠢᠶᠠᠨ ᠤ ᠬᠠᠷᠢᠭᠤᠴᠠᠯᠭᠠᠳᠠᠨ ᠪᠠ ᠦᠢᠯᠡᠳᠪᠦᠷᠢ ᠬᠤᠳᠠᠯᠳᠤᠭᠠᠨ ᠤ  ᠬᠤᠯᠪᠤᠭ᠎ᠠ ᠶᠢᠨ ᠬᠠᠷᠢᠭᠤᠴᠠᠯᠭᠠᠳᠠᠨ ᠠᠴᠠ  ᠪᠦᠬᠦ ᠬᠤᠰᠢᠭᠤᠨ ᠤ ᠲᠤᠮᠳᠠᠳᠤ ᠪᠠᠭ᠎ᠠ ᠵᠢᠵᠢᠭ ᠠᠵᠤ ᠠᠬᠤᠶᠢᠯᠠᠯ   ᠤᠨ ᠬᠦᠭᠵᠢᠯᠳᠡ ᠶᠢᠨ ᠤᠳᠤᠬᠢ ᠪᠠᠶᠢᠳᠠᠯ ᠪᠠ ᠮᠦᠩᠬᠦᠨ ᠬᠦᠢᠯᠬᠡᠬᠡᠨ ᠤ  ᠭᠡᠷᠡᠭᠴᠡᠭᠡᠨ ᠤ ᠪᠠᠶᠢᠳᠠᠯ ᠢ ᠲᠠᠨᠢᠯᠴᠠᠭᠤᠯᠵᠤ᠂  ᠠᠷᠠᠳ ᠤᠨ ᠪᠠᠩᠬᠢ ᠶᠢᠨ ᠬᠠᠷᠢᠭᠤᠴᠠᠯᠭᠠᠳᠠᠨ ᠠᠴᠠ  ᠠᠷᠠᠳ ᠤᠨ ᠶᠡᠷᠦᠩᠬᠡᠢ ᠪᠠᠩᠬᠢ ᠶᠢᠨ ᠵᠢᠬᠡᠯᠡᠯᠬᠡ ᠪᠠᠷ ᠦᠢᠯᠡᠳᠪᠦᠷᠢᠯᠡᠯ ᠰᠡᠷᠬᠦᠬᠡᠬᠦ ᠶᠢ ᠲᠡᠮᠵᠢᠬᠦ ᠲᠤᠬᠠᠢ ᠪᠢᠴᠢᠭ ᠮᠠᠲ᠋ᠧᠷᠢᠶᠠᠯ ᠤᠨ ᠵᠤᠷᠢᠭ ᠰᠠᠨᠠᠭ᠎ᠠ ᠶᠢ ᠤᠯᠠᠮᠵᠢᠯᠠᠨ  ᠲᠠᠶᠢᠯᠪᠤᠷᠢᠯᠠᠵᠤ᠂  ᠡᠯ᠎ᠡ ᠪᠠᠩᠬᠢ ᠶᠢᠨ ᠬᠠᠷᠢᠭᠤᠴᠠᠯᠭᠠᠳᠠᠨ ᠠᠴᠠ ᠲᠤᠰ ᠪᠠᠩᠬᠢ  ᠶᠢᠨ ᠢᠶᠠᠨ  ᠮᠦᠩᠬᠦᠨ ᠬᠦᠢᠯᠬᠡᠬᠡ ᠪᠠᠷ ᠦᠢᠯᠡᠳᠪᠦᠷᠢᠯᠡᠯ ᠰᠡᠷᠬᠦᠬᠡᠯᠳᠡ ᠶᠢ ᠲᠡᠮᠵᠢᠬᠦ  ᠠᠷᠭ᠎ᠠ ᠪᠤᠳᠤᠯᠭ᠎ᠠ   ᠶᠢᠨ ᠲᠤᠬᠠᠢ ᠮᠡᠳᠡᠬᠦᠯᠦᠯᠳᠡ ᠬᠢᠵᠦ᠂  ᠪᠠᠢ ᠬᠤᠢ ᠱᠧᠩ ᠰᠢᠬᠢᠷ ᠤᠨ ᠦᠢᠯᠡᠰ ᠤᠨ ᠬᠢᠵᠠᠭᠠᠷᠳᠤ ᠺᠤᠮᠫᠠᠨᠢ  ᠂ ᠭᠧ ᠷᠦᠢ ᠳ᠋ᠧ ᠲᠦᠮᠦᠰᠦᠨ ᠤ ᠦᠢᠯᠡᠰ ᠤᠨ ᠬᠢᠵᠠᠭᠠᠷᠳᠤ ᠺᠤᠮᠫᠠᠨᠢ ᠵᠡᠷᠭᠡ ᠠᠵᠤ ᠠᠬᠤᠶᠢᠯᠠᠯ   ᠤᠨ  ᠬᠠᠷᠢᠭᠤᠴᠠᠯᠭᠠᠳᠠᠨ ᠠᠴᠠ ᠤᠳᠤᠬᠠᠨ ᠤ ᠠᠵᠤ ᠠᠬᠤᠶᠢᠯᠠᠯ ᠤᠨ ᠬᠦᠭᠵᠢᠯᠳᠡ ᠳᠤ ᠲᠤᠯᠭᠠᠷᠠᠵᠤ ᠪᠠᠶᠢᠭ᠎ᠠ ᠪᠤᠳᠠᠳᠠᠢ ᠬᠦᠴᠢᠷᠳᠡᠯ ᠢᠶᠠᠨ ᠶᠠᠷᠢᠵᠤ ᠢᠯᠡᠳᠭᠡᠭᠰᠡᠨ ᠪᠠᠶᠢᠨ᠎ᠠ᠃   ᠬᠤᠷᠠᠯ   ᠤᠨ ᠠᠬᠤᠢ ᠲᠠᠯᠠᠪᠠᠢ ᠳᠤ  6  ᠪᠠᠩᠬᠢ ᠠᠴᠠ  31 ᠠᠵᠤ ᠠᠬᠤᠶᠢᠯᠠᠯ ᠲᠠᠢ  ᠲᠡᠮᠵᠢᠯᠬᠡ ᠦᠵᠡᠬᠦᠯᠬᠦ ᠭᠡᠷ᠎ᠡ ᠲᠤᠭᠳᠠᠵᠤ᠂  ᠭᠡᠷ᠎ᠡ ᠲᠤᠭᠳᠠᠭᠰᠠᠨ ᠪᠡᠯᠡ ᠮᠦᠩᠬᠦ ᠶᠢᠨ ᠬᠡᠮᠵᠢᠶ᠎ᠡ  5.2 ᠳ᠋ᠦᠩᠰᠢᠭᠤᠷ ᠲᠦᠬᠦᠷᠢᠭ ᠲᠤ ᠬᠦᠷᠴᠡᠢ᠃       ᠬᠤᠰᠢᠭᠤᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ᠂  ᠡᠯ᠎ᠡ ᠪᠠᠩᠬᠢ ᠪᠠ  ᠬᠤᠯᠪᠤᠭᠳᠠᠬᠤ ᠠᠵᠤ ᠠᠬᠤᠶᠢᠯᠠᠯ ᠤᠨ ᠬᠠᠷᠢᠭᠤᠴᠠᠯᠭᠠᠳᠠᠨ ᠬᠤᠷᠠᠯ ᠳᠤ ᠤᠷᠤᠯᠴᠠᠪᠠ  ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号