ᠲᠠᠶᠢᠹᠤᠰᠧ ᠬᠤᠰᠢᠭᠤ ᠪᠠᠶᠢᠰᠢᠩᠳᠤ ᠲᠤᠭᠤᠷᠢᠭ ᠤᠨ ᠦᠬᠡᠷᠡᠴᠢᠯᠡᠯᠳᠡ ᠶᠢᠨ ᠠᠵᠢᠯ ᠢᠶᠠᠨ ᠠᠯᠬᠤᠮ ᠲᠠᠷᠠᠭ᠎ᠠ ᠲᠠᠢ ᠰᠡᠷᠬᠦᠬᠡᠨ ᠶᠠᠪᠤᠭᠳᠠᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2020-03-26
  ᠪᠠᠶᠢᠰᠢᠩᠳᠤ ᠲᠤᠭᠤᠷᠢᠭ ᠤᠨ ᠦᠬᠡᠷᠡᠴᠢᠯᠡᠯᠳᠡ ᠶᠢᠨ ᠠᠬᠢᠴᠠ ᠶᠢ ᠪᠠᠳᠤᠯᠠᠬᠤ ᠶᠢᠨ ᠲᠦᠯᠦᠬᠡ᠂ ᠲᠤᠰ ᠬᠤᠰᠢᠭᠤ  ᠬᠢᠵᠢᠭ ᠰᠡᠷᠭᠡᠶᠢᠯᠡᠬᠦ ᠠᠵᠢᠯ ᠢ ᠰᠠᠶᠢᠨ ᠬᠢᠬᠦ ᠶᠢᠨ ᠲᠠᠭᠠᠤ  ᠂  ᠪᠦᠳᠦᠬᠡᠨ ᠪᠠᠶᠢᠭᠤᠯᠤᠯᠳᠠ ᠶᠢᠨ ᠠᠵᠢᠯ ᠢ ᠠᠯᠬᠤᠮ  ᠲᠠᠷᠠᠭ᠎ᠠ ᠲᠠᠢ ᠰᠡᠷᠬᠦᠬᠡᠨ ᠶᠠᠪᠤᠭᠳᠠᠭᠤᠯᠵᠤ  ᠡᠬᠢᠯᠡᠪᠡ᠃ ᠤᠶᠢᠷ᠎ᠠ ᠳᠤ᠂ ᠪᠤᠤᠴᠠᠩ ᠪᠠᠯᠭᠠᠰᠤᠨ ᠤ ᠰᠢ ᠵᠢᠶᠤᠤ ᠨᠡᠶᠢᠬᠡᠮ ᠲᠤᠭᠤᠷᠢᠭ ᠤᠨ ᠪᠠᠶᠢᠰᠢᠩᠳᠤ ᠲᠤᠭᠤᠷᠢᠭ ᠤᠨ ᠦᠬᠡᠷᠡᠴᠢᠯᠡᠯᠳᠡ ᠶᠢᠨ ᠲᠦᠷᠦᠯ ᠵᠦᠢᠯ ᠤᠨ ᠠᠬᠤᠢ ᠲᠠᠯᠠᠪᠠᠢ  ᠳᠤ ᠲᠤᠮᠤ ᠮᠠᠰᠢᠨ ᠵᠦᠷᠢᠯᠳᠦᠵᠦ᠂  ᠬᠠᠭᠤᠴᠢᠨ ᠪᠠᠶᠢᠰᠢᠩ ᠢ  ᠲᠦᠯᠬᠢᠵᠦ ᠨᠤᠷᠠᠭᠠᠬᠤ ᠪᠠ  ᠲᠤᠭᠤᠰᠬ᠎ᠠ ᠰᠢᠷᠤᠢ ᠶᠢ ᠵᠦᠬᠡᠬᠡᠵᠦ ᠬᠠᠶᠠᠬᠤ ᠠᠵᠢᠯ ᠶᠠᠭᠠᠷᠠᠯᠳᠠᠢ  ᠶᠠᠪᠤᠭᠳᠠᠨᠠᠮ᠃     ᠪᠠᠶᠢᠰᠢᠩᠳᠤ ᠲᠤᠭᠤᠷᠢᠭ ᠤᠨ ᠦᠬᠡᠷᠡᠴᠢᠯᠡᠯᠳᠡ ᠪᠤᠯ ᠲᠠᠶᠢᠹᠤᠰᠧ ᠬᠤᠰᠢᠭᠤᠨ ᠤ  ᠴᠢᠬᠤᠯᠠ ᠠᠷᠠᠳ ᠤᠨ ᠠᠮᠢᠳᠤᠷᠠᠯ ᠤᠨ ᠢᠨᠵᠧᠨᠧᠷᠢᠩ ᠤᠨ ᠨᠢᠬᠡ ᠪᠦᠬᠡᠳ  ᠭᠤᠤᠯᠳᠠᠯᠭ᠎ᠠ ᠲᠠᠢ ᠪᠦᠳᠦᠬᠡᠨ ᠪᠠᠶᠢᠭᠤᠯᠤᠯᠳᠠ ᠶᠢᠨ ᠲᠦᠷᠦᠯ ᠵᠦᠢᠯ ᠤᠨ ᠨᠢᠬᠡ ᠪᠤᠯᠤᠨ᠎ᠠ᠃  ᠲᠤᠰ ᠬᠤᠰᠢᠭᠤᠨ ᠤ  ᠪᠠᠶᠢᠰᠢᠩᠳᠤ ᠲᠤᠭᠤᠷᠢᠭ ᠤᠨ ᠦᠬᠡᠷᠡᠴᠢᠯᠡᠯᠳᠡ ᠶᠢᠨ ᠠᠵᠢᠯ 2015 ᠤᠨ ᠠᠴᠠ ᠵᠢᠩᠬᠢᠨᠢ ᠪᠠᠷ  ᠡᠬᠢᠯᠡᠭᠡᠳ᠂  ᠨᠤᠷᠠᠭᠠᠵᠤ ᠦᠬᠡᠷᠡᠴᠢᠯᠡᠬᠦ ᠬᠡᠪᠴᠢᠶᠡᠨ   ᠳᠤ ᠪᠤᠤᠴᠠᠩ ᠪᠠᠯᠭᠠᠰᠤᠨ ᠤ ᠰᠢ ᠵᠢᠶᠤᠤ ᠨᠡᠶᠢᠬᠡᠮ ᠲᠤᠭᠤᠷᠢᠭ  ᠂ ᠨᠠᠨ ᠵᠢᠶᠤᠤ ᠨᠡᠶᠢᠬᠡᠮ ᠲᠤᠭᠤᠷᠢᠭ᠂   ᠲᠠᠢ ᠫᠢᠩ ᠨᠡᠶᠢᠬᠡᠮ ᠲᠤᠭᠤᠷᠢᠭ   ᠤᠨ ᠪᠠᠶᠢᠰᠢᠩᠳᠤ ᠡᠷᠦᠬᠡ   ᠤᠳ ᠪᠠᠭᠳᠠᠵᠤ᠂  ᠤᠳᠤ ᠪᠤᠯᠳᠠᠯ᠎ᠠ 4010 ᠡᠷᠦᠬᠡ ᠲᠠᠢ ᠨᠤᠷᠠᠭᠠᠵᠤ ᠦᠬᠡᠷᠡᠴᠢᠯᠡᠬᠦ ᠭᠡᠷ᠎ᠡ  ᠲᠤᠭᠳᠠᠭᠠᠳ᠂ ᠡᠨᠡ  ᠵᠢᠯ ᠳᠤ  ᠪᠦᠬᠦᠨ ᠢ ᠨᠤᠷᠠᠭᠠᠵᠤ ᠴᠡᠪᠡᠷᠯᠡᠬᠦ   ᠪᠠᠷ ᠲᠦᠯᠦᠪᠯᠡᠵᠡᠢ᠃  
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号