ᠤᠳᠤ ᠶᠢᠨ ᠾᠧᠪᠸᠢ ᠮᠤᠵᠢ ᠶᠢᠨ ᠵᠠᠩᠪᠸᠢ ᠰᠢᠶᠠᠨ ᠤ ᠬᠢᠵᠠᠭᠠᠷ ᠲᠤ ᠪᠠᠶᠢᠭ᠎ᠠ ᠠᠷᠰᠯᠠᠩᠳᠤ ᠬᠠᠶᠢᠷᠬᠠᠨ | ᠪᠤᠯ ᠵᠡᠬᠦᠨ ᠭᠠᠷ ᠲᠠᠶᠢᠹᠤᠰᠧ ᠶᠢᠨ ᠪᠠᠷᠠᠭᠤᠨ ᠬᠢᠵᠠᠭᠠᠷ ᠢ ᠰᠠᠬᠢᠵᠤ ᠰᠠᠭᠤᠭᠰᠠᠨ ᠠᠷᠰᠯᠠᠨ ᠬᠦᠴᠦᠳᠡᠨ ᠨᠢ ᠪᠤᠯᠤᠨ᠎ᠠ | ᠃ ᠡᠷᠳᠡ ᠦᠶ᠎ᠡ ᠳᠤ ᠠᠳᠡ ᠡᠪᠡᠰᠦ ᠪᠡᠯᠴᠢᠭᠡᠷ ᠰᠠᠬᠤᠯᠢᠭ ᠤᠷᠭᠤᠵᠤ᠂ ᠠᠷᠢᠶᠠᠳᠠᠨ ᠠᠮᠢᠳᠠᠨ ᠤᠷᠤᠩᠨᠠᠭᠰᠠᠨ | ᠦᠵᠡᠰᠬᠦᠯᠡᠩᠳᠦ ᠰᠠᠶᠢᠬᠠᠨ ᠭᠠᠵᠠᠷ ᠪᠠᠶᠢᠵᠠᠢ᠃ ᠠᠯᠤᠰ ᠠᠴᠠ ᠠᠵᠢᠬᠤ ᠳᠤ ᠠᠭᠤᠯᠠ ᠶᠢᠨ ᠵᠡᠬᠦᠨ ᠲᠠᠯ᠎ᠠ ᠳᠤᠨᠢ | ᠬᠠᠳᠠ ᠴᠢᠯᠠᠭᠤ ᠪᠠᠭᠰᠢᠷᠠᠭᠠᠳ ᠠᠷᠰᠯᠠᠨ ᠤ ᠲᠤᠯᠤᠭᠠᠢ ᠮᠡᠳᠦ᠂ ᠪᠠᠷᠠᠭᠤᠨᠰᠢ ᠦᠷᠬᠦᠯᠵᠢᠯᠡᠭᠰᠡᠨ ᠠᠭᠤᠯᠠ ᠨᠢᠷᠤᠭᠤᠳ | ᠨᠢ ᠠᠷᠰᠯᠠᠨ ᠤ ᠨᠢᠷᠤᠭᠤ ᠪᠠ ᠰᠡᠬᠦᠯ ᠮᠡᠳᠦ ᠬᠠᠷᠠᠭᠳᠠᠳᠠᠭ᠃ ᠡᠨᠡ ᠠᠭᠤᠯᠠᠨ ᠤ ᠬᠡᠶᠢᠮᠦᠷᠢ ᠰᠦᠯᠳᠡ ᠶᠢᠨ | ᠰᠠᠬᠢᠭᠴᠢ ᠨᠢ ᠴᠠᠭᠠᠨ ᠠᠷᠰᠯᠠᠨ ᠪᠠᠶᠢᠯ᠎ᠠ ᠭᠡᠳᠡᠭ᠃ ᠠᠷᠰᠯᠠᠩᠳᠤ ᠠᠭᠤᠯᠠ ᠶᠢᠨ ᠡᠩᠬᠡᠷ ᠲᠤ ᠦᠨᠡᠬᠡᠷ ᠨᠠᠢᠮᠠᠨ | ᠲᠤᠬᠤᠢ ᠬᠢᠷᠢᠳᠡᠢ ᠦᠨᠳᠦᠷ ᠨᠢᠬᠡ ᠴᠤᠩᠨᠤᠶᠢᠭᠰᠠᠨ ᠴᠢᠯᠠᠭᠤᠨ ᠠᠷᠰᠯᠠᠨ ᠪᠠᠶᠢᠵᠠᠢ᠃ ᠡᠨᠡᠬᠦ ᠠᠷᠰᠯᠠᠨ ᠢ ᠲᠠᠶᠢᠹᠤᠰᠧ | ᠤᠨ ᠨᠤᠳᠤᠭ ᠠᠴᠠ ᠰᠢᠯᠵᠢᠬᠦᠯᠦᠨ ᠠᠪᠠᠴᠢᠵᠤ ᠲᠠᠯᠪᠢᠭᠰᠠᠨ ᠪᠠᠶᠢᠨ᠎ᠠ᠃ ᠨᠤᠳᠤᠭ ᠤᠨ ᠠᠬᠠᠮᠠᠳ ᠤᠨ ᠶᠠᠷᠢᠬᠤ ᠪᠠᠷ | ᠡᠨᠡᠬᠦ ᠠᠷᠰᠯᠠᠨ ᠤᠤᠯ ᠳᠠᠭᠠᠨ ᠬᠤᠶᠢᠰᠢ ᠬᠠᠷᠠᠭᠰᠠᠨ ᠪᠠᠶᠢᠳᠠᠭ ᠭᠡᠨ᠎ᠡ᠃ ᠤᠯᠠᠮᠵᠢᠯᠠᠯ ᠶᠠᠷᠢᠶᠠᠨ ᠳᠤ ︽ᠤᠷᠢᠳᠤ | ᠴᠠᠭ ᠲᠤ ᠡᠮᠦᠨ᠎ᠡ ᠭᠠᠵᠠᠷ ᠤᠨ ᠨᠢᠬᠡ ᠶᠢᠯᠸᠢᠴᠢᠨ ᠲᠡᠷᠡ ᠠᠷᠰᠯᠠᠨ ᠢ ᠲᠡᠮᠦᠷ ᠬᠢᠨᠵᠢ ᠪᠠᠷ ᠤᠭᠤᠰᠤᠷᠯᠠᠨ᠂ | ᠲᠠᠰᠢᠭᠤᠷᠳᠠᠵᠤ ᠲᠠᠭᠤᠭᠰᠠᠭᠠᠷ ᠶᠠᠪᠤᠵᠠᠢ᠃ ᠶᠠᠭ ᠼᠦᠩ ᠯᠢ ᠶᠢᠨ ᠨᠠᠭᠠᠨ᠎ᠠ ᠬᠦᠷᠬᠦ ᠳᠤ ᠲᠠᠶᠢᠹᠤᠰᠧ ᠵᠡᠬᠦᠨ | ᠭᠠᠷ ᠰᠦᠷᠦᠭ ᠤᠨ ᠰᠢᠯᠤᠭᠤᠨ ᠬᠦᠭᠡ ᠬᠤᠰᠢᠭᠤᠨ ᠤ ᠬᠤᠶᠠᠷ ᠬᠦᠮᠦᠨ ᠤᠯᠵᠤ ᠦᠵᠡᠬᠡᠳ ᠦᠵᠡᠬᠡᠳ | ᠲᠤᠪᠳᠤᠯᠭᠠᠨ ᠬᠦᠷᠴᠦ ︽ᠬᠠᠮᠢᠭ᠎ᠠ ᠠᠴᠠ ᠢᠷᠡᠭᠰᠡᠨ ᠶᠠᠮᠠᠷ ᠠᠶᠤᠮᠰᠢᠭ ᠦᠬᠡᠢ ᠬᠦᠮᠦᠨ ᠮᠠᠨ ᠤ ᠨᠤᠳᠤᠭ ᠤᠨ | ᠠᠷᠰᠯᠠᠨ ᠢ ᠲᠠᠭᠤᠵᠤ ᠶᠠᠪᠤᠮᠤᠢ᠂ ᠵᠤᠭᠰᠤ︾ ᠬᠡᠮᠡᠨ ᠵᠠᠩᠳᠤᠷᠤᠭᠰᠠᠨ ᠳᠤ ᠴᠢᠯᠠᠭᠤᠨ ᠠᠷᠰᠯᠠᠨ ᠴᠤ ᠡᠵᠡᠨ ᠤ ᠪᠠᠨ | ᠲᠠᠭᠤ ᠪᠠᠷ ᠪᠤᠴᠠᠨ ᠡᠷᠬᠢᠵᠦ ᠵᠤᠭᠰᠤᠭᠠᠳ ᠂ ᠲᠠᠬᠢᠵᠤ ᠤᠷᠤᠨ ᠠᠴᠠ ᠪᠠᠨ ᠬᠦᠳᠡᠯᠬᠦ ᠪᠠᠨ ᠪᠤᠯᠢᠭᠰᠠᠨ︾ ᠭᠡᠳᠡᠭ᠃ | ᠢᠩᠬᠢᠭᠡᠳ ᠡᠨᠡ ᠠᠷᠰᠯᠠᠨ ᠠᠭᠤᠯᠠᠨ ᠤ ᠡᠩᠬᠡᠷ ᠠᠴᠠ ᠲᠠᠯ᠎ᠠ ᠲᠡᠭᠡᠷ᠎ᠡ ᠤᠴᠢᠭᠰᠠᠨ ᠶᠤᠮ ᠭᠡᠳᠡᠭ ᠲᠤᠮᠤᠭ | ᠶᠠᠷᠢᠶ᠎ᠠ ᠦᠶ᠎ᠡ ᠤᠯᠠᠷᠢᠨ ᠤᠯᠠᠮᠵᠢᠯᠠᠭᠳᠠᠭᠰᠠᠭᠠᠷ ᠢᠷᠡᠭᠰᠡᠨ ᠪᠦᠬᠡᠳ ᠨᠤᠳᠤᠭ ᠤᠰᠤ᠂ ᠤᠪᠤᠭ᠎ᠠ ᠪᠤᠩᠬᠤᠨ᠂ ᠨᠠᠪᠳᠠᠭ | ᠰᠠᠪᠳᠠᠭ ᠴᠤ ᠨᠤᠳᠤᠭ ᠤᠨ ᠡᠵᠡᠨ ᠤ ᠪᠠᠨ ᠦᠬᠡ ᠶᠢ ᠰᠤᠨᠤᠰᠳᠠᠭ ᠬᠡᠵᠦ ᠬᠡᠯᠡᠳᠡᠭ ᠃ ᠼᠦᠩ ᠯᠢ ᠤᠷᠴᠢᠮ ᠤᠨ | ᠲᠠᠷᠢᠶᠠᠴᠢᠳ ᠪᠠᠰᠠ ︽ᠡᠷᠳᠡ ᠴᠠᠭ ᠲᠤ ᠼᠠᠢ ᠵᠢᠶᠠ ᠶᠢᠩᠽᠢ ᠶᠢᠨ ᠵᠡᠬᠦᠨ ᠠᠭᠤᠯᠠᠨ ᠳᠤ ᠪᠠᠶᠢᠭᠰᠠᠨ ᠴᠢᠯᠠᠭᠤᠨ | ᠠᠷᠰᠯᠠᠨ ᠨᠢ ᠲᠠᠯᠠᠢ ᠯᠠᠮᠠ ᠶᠢᠨ ᠲᠤᠭᠤᠷᠢᠨ ᠶᠠᠪᠤᠵᠤ ᠪᠠᠶᠢᠬᠤ ᠳᠤ ᠲᠠᠭᠠᠭᠠᠳ ᠤᠷᠤᠭᠰᠢ ᠶᠠᠪᠤᠵᠠᠢ᠂ ᠱᠢ ᠽᠢ ᠭᠸᠦ | ︵ᠤᠳᠤ ᠠᠷᠰᠯᠠᠨ ᠪᠠᠶᠢᠭ᠎ᠠ ᠭᠠᠵᠠᠷ︶ ᠬᠦᠷᠬᠦ ᠳᠤ ᠲᠠᠯᠠᠢ ᠯᠠᠮᠠ ᠠᠭᠤᠯᠠ ᠤᠰᠤᠨ ᠤ ᠦᠩᠬᠡ ᠦᠵᠡᠮᠵᠢ᠂ | ᠭᠠᠵᠠᠷ ᠤᠷᠤᠨ ᠤ ᠪᠠᠶᠠᠯᠢᠭ ᠢ ᠬᠠᠷᠠᠭᠠᠳ ᠠᠭᠤᠯᠠ ᠤᠰᠤ ᠬᠦᠭᠡᠷᠡᠨ ᠨᠤᠭᠤᠭᠠᠷᠠᠭᠰᠠᠨ ᠰᠠᠶᠢᠬᠠᠨ ᠭᠠᠵᠠᠷ ᠬᠡᠵᠦ | ᠮᠠᠭᠳᠠᠵᠠᠢ᠂ ᠴᠢᠨᠠᠭᠰᠢ ᠼᠦᠩ ᠯᠢ ᠬᠦᠷᠬᠦ ᠳᠤ ᠭᠠᠵᠠᠷ ᠨᠢ ᠤᠯᠠᠭᠠᠨ ᠢᠶᠠᠷ ᠡᠷᠬᠢᠵᠦ᠂ ᠦᠶᠡᠷ ᠤᠰᠤ ᠪᠠᠭᠤᠵᠤ | ᠪᠠᠶᠢᠭᠰᠠᠨ ᠲᠤᠯᠠ ᠲᠡᠷᠡ ᠬᠤᠪᠠᠭ᠋ᠠᠢ ᠠᠭᠤᠯᠠ ᠬᠤᠭᠤᠰᠤᠨ ᠭᠠᠵᠠᠷ ᠪᠠᠶᠢᠨ᠎ᠠ ᠬᠡᠵᠦ ᠬᠡᠯᠡᠭᠰᠡᠨ ᠳᠤ ᠠᠷᠰᠯᠠᠨ ᠲᠠᠷᠤᠢ | ᠪᠤᠴᠠᠵᠤ ᠢᠷᠡᠭᠡᠳ ᠤᠷᠤᠨ ᠳᠠᠭᠠᠨ ᠵᠤᠭᠰᠤᠯ᠎ᠠ︾ ᠭᠡᠳᠡᠭ᠃ ᠡᠳᠡᠭᠡᠷ ᠨᠢ ᠬᠡᠳᠦᠶᠢᠪᠡᠷ ᠲᠤᠮᠤᠭ ᠶᠠᠷᠢᠶ᠎ᠠ ᠪᠤᠯᠪᠠᠴᠤ᠂ | ᠦᠬᠡᠷ᠎ᠡ ᠭᠠᠵᠠᠷ ᠤᠨ ᠬᠦᠮᠦᠰ ᠶᠠᠮᠠᠷ ᠨᠢᠬᠡ ᠠᠷᠭ᠎ᠠ ᠪᠠᠷ ᠡᠨᠡᠬᠦ ᠴᠢᠯᠠᠭᠤᠨ ᠠᠷᠰᠯᠠᠨ ᠢ ᠲᠠᠶᠢᠹᠤᠰᠧ ᠨᠤᠳᠤᠭ ᠠᠴᠠ | ᠨᠡᠬᠦᠯᠬᠡᠵᠦ ᠰᠢᠯᠵᠢᠬᠦᠯᠦᠭᠰᠡᠨ ᠨᠢ ᠲᠠᠰᠢᠶ᠎ᠠ ᠦᠬᠡᠢ ᠦᠨᠡᠨ ᠤᠴᠢᠷ ᠶᠤᠮ ᠬᠡᠵᠦ ᠨᠠᠰᠤᠳᠠᠶᠢᠴᠤᠳ ᠬᠠᠭᠤᠴᠢᠯᠠᠳᠠᠭ᠃ | ︽ᠰᠤᠶᠤᠯ ᠤᠨ ᠬᠤᠪᠢᠰᠬᠠᠯ︾ ᠤᠨ ᠲᠤᠮᠳᠠ ᠡᠨᠡ ᠬᠦ᠋ ᠴᠢᠯᠠᠭᠤᠨ ᠠᠷᠰᠯᠠᠨ ᠢ ᠪᠠᠯᠪᠠᠴᠢᠵᠤ ᠬᠠᠶᠠᠭᠰᠠᠨ ᠪᠠᠶᠢᠨ᠎ᠠ᠃ | 1985 ᠤᠨ ᠳᠤ ᠼᠦᠩ ᠯᠸᠢ ᠰᠢᠶᠠᠨ ᠠᠴᠠ ᠰᠢᠨ᠎ᠡ ᠴᠢᠯᠠᠭᠤᠨ ᠠᠷᠰᠯᠠᠨ ᠱᠤᠭᠤᠵᠤ᠂ ᠤᠤᠯ ᠤᠷᠤᠨ ᠳᠤᠨᠢ | ᠲᠠᠯᠪᠢᠭᠰᠠᠨ ᠪᠤᠯᠪᠠᠴᠤ ᠤᠤᠯ ᠤᠨ ᠢᠶᠠᠨ ᠬᠢᠷᠢ ᠰᠦᠷᠯᠢᠭ ᠲᠤᠮᠤ ᠪᠢᠰᠢ ᠪᠤᠯᠵᠠᠢ᠃ |