ᠭᠠᠵᠠᠷ ᠤᠰᠤᠨ —  ᠪᠡᠷᠭᠡ ᠶᠢᠨ ᠠᠭᠤᠯᠠ
ᠨᠡᠶᠢᠲᠡᠯᠡᠭᠰᠡᠨ ᠴᠠᠭ᠄
2020/5/20
 ᠬᠦᠨᠪᠤᠯᠠᠭ ᠨᠤᠳᠤᠭ ᠤᠨ ᠪᠠᠷᠠᠭᠤᠨ ᠬᠤᠶᠢᠭᠤᠷ  ᠡᠮᠦᠨᠡᠰᠢ ᠬᠤᠶᠢᠰᠢ ᠬᠦᠨᠳᠡᠯᠢᠰᠦᠨ ᠰᠦᠨᠳᠡᠷᠯᠡᠵᠦ ᠪᠠᠶᠢᠭ᠎ᠠ ᠠᠭᠤᠯᠠ  ᠨᠢᠷᠤᠭᠤᠳ ᠢ ᠪᠡᠷᠭᠡ  ᠎ ᠶᠢᠨ ᠠᠭᠤᠯᠠ ᠭᠡᠳᠡᠭ᠃  ᠡᠷᠳᠡᠨ ᠳᠡᠭᠡᠨ ᠡᠨᠡ  ᠠᠭᠤᠯᠠᠨ ᠳᠤ ᠡᠪᠡᠰᠦ ᠪᠡᠯᠴᠢᠬᠡᠷ ᠰᠠᠬᠤᠯᠢᠭ᠂ ᠠᠷᠢᠶᠠᠨ ᠬᠦᠷᠦᠭᠡᠰᠦ ᠤᠯᠠᠨ  ᠪᠠᠶᠢᠵᠤ᠂ ᠬᠦᠮᠦᠨ ᠬᠠᠷ᠎ᠠ ᠬᠦᠷᠬᠦ ᠳᠤ ᠪᠡᠷᠭᠡ ᠪᠠᠶᠢᠳᠠᠭ ᠠᠴᠠ ᠡᠨᠡ  ᠨᠡᠷ᠎ᠡ ᠶᠢ ᠤᠯᠤᠭᠰᠠᠨ ᠭᠡᠨ᠎ᠡ᠃  ᠪᠡᠷᠭᠡ ᠶᠢᠨ ᠠᠭᠤᠯᠠ ᠶᠢᠨ  ᠠᠭᠤᠯᠠ ᠬᠠᠶᠢᠷᠬᠠᠳ ᠤᠨ ᠨᠡᠷ᠎ᠡ ᠨᠢ ᠪᠦᠷ ᠬᠤᠪᠢ  ᠬᠤᠪᠢᠨ ᠤ ᠦᠯᠢᠭᠡᠷ ᠲᠤᠮᠤᠭ ᠲᠠᠢ ᠪᠠᠶᠢᠳᠠᠭ᠃  ᠬᠠᠮᠤᠭ ᠤᠨ ᠡᠮᠦᠨᠡᠬᠢ ᠠᠭᠤᠯᠠ  ᠎ ᠨᠢ ᠡᠭᠴᠡ ᠦᠨᠳᠦᠷ᠂  ᠠᠭᠤᠳᠠᠮ ᠲᠠᠯᠪᠢᠭᠤ᠂ ᠡᠮᠦᠨ᠎ᠡ ᠨᠢ ᠨᠦᠮᠦᠷᠰᠡᠭ ᠪᠠᠶᠢᠳᠠᠭ ᠢᠶᠠᠷ ᠢᠶᠠᠨ ︽ᠡᠩᠭᠡᠷ︾ ᠬᠡᠵᠦ  ᠂  ᠠᠭᠤᠯᠠᠨ ᠤ ᠦᠶᠡᠷ ᠎ ᠲᠤ ᠢᠳᠡᠭᠳᠡᠭᠰᠡᠭᠡᠷ ᠤᠯᠠᠭᠠᠨ ᠯᠠᠭ ᠨᠢ ᠢᠯᠡ  ᠭᠠᠷᠤᠭᠰᠠᠨ ᠵᠠᠮ ᠤᠨ ᠬᠦᠳᠦᠯ ᠢ ︽ᠤᠯᠠᠭᠠᠨ ᠬᠦᠳᠦᠯ︾ ᠬᠡᠮᠡᠨ᠂  ᠬᠦᠳᠦᠯ ᠤᠨ ᠬᠤᠶᠢᠨᠠᠬᠢ ᠵᠡᠬᠦᠨᠰᠢ ᠬᠠᠷᠠᠭᠰᠠᠨ ᠠᠭᠤᠯᠠᠨ ᠤ ᠠᠮᠠ  ᠎ ᠨᠢ ᠡᠪᠦᠯ ᠤᠨ ᠬᠦᠢᠳᠡᠨ ᠳᠤ ᠴᠤ ᠰᠠᠯᠬᠢ ᠰᠢᠭᠤᠷᠭ᠎ᠠ ᠦᠬᠡᠢ ᠨᠠᠮᠤᠭᠤᠬᠠᠨ ᠪᠠᠶᠢᠳᠠᠭ ᠢᠶᠠᠷ ︽ᠡᠭᠡᠯᠢᠳᠦ︾  ᠬᠡᠵᠦ ᠨᠡᠷᠡᠯᠡᠵᠡᠢ᠃  ︽ᠡᠭᠡᠯᠢᠳᠦ︾᠎ ᠶᠢᠨ ᠬᠤᠶᠢᠳᠤ ᠡᠩᠬᠡᠷ ᠲᠠᠬᠢ  ᠬᠤᠶᠢᠰᠢ ᠪᠠᠨ ᠬᠠᠷᠠᠭᠰᠠᠨ ᠠᠮᠠᠨ ᠳᠤ ᠭᠤᠷᠪᠠᠨ ᠭᠤᠤ ᠪᠤᠢ᠂ ᠭᠤᠤ ᠪᠦᠷᠢ ᠳᠤ ᠨᠢᠬᠡ ᠬᠠᠶᠢᠯᠠᠰᠤᠨ ᠮᠤᠳᠤ ᠲᠠᠢ᠂ ᠡᠨᠡ  ᠠᠮᠠ  ᠎ ᠶᠢ ︽ᠭᠤᠷᠪᠠᠨ ᠭᠤᠤᠳᠤ︾ ᠭᠡᠳᠡᠭ᠃ ᠲᠡᠨᠳᠡ ᠮᠤᠳᠤ ᠲᠠᠷᠢᠭᠰᠠᠨ ᠬᠦᠮᠦᠨ ᠬᠡᠵᠦ ᠦᠬᠡᠢ᠂ ᠬᠠᠮᠢᠭ᠎ᠠ ᠠᠴᠠ ᠢᠷᠡᠭᠰᠡᠨ ᠬᠠᠶᠢᠯᠠᠰᠤᠨ ᠮᠤᠳᠤ ᠶᠢ ᠴᠤ ᠮᠡᠳᠡᠬᠦ  ᠬᠦᠮᠦᠨ  ᠠᠯᠠᠭ᠎ᠠ᠂  ᠶᠠᠭᠤ ᠪᠤᠯᠤᠭᠰᠠᠨ ᠴᠤ ᠨᠠᠰᠤᠳᠠᠶᠢᠴᠤᠳ ︽ᠡᠨᠡ ᠮᠤᠳᠤ ᠡᠵᠡᠨ ᠲᠠᠢ︾ ᠭᠡᠳ ᠬᠡᠦᠬᠡᠳ ᠠᠴᠢᠷ ᠢᠶᠠᠨ ᠤᠶᠢᠷᠠᠳᠤᠭᠤᠯᠳᠠᠭ ᠦᠬᠡᠢ᠃  ᠡᠪᠦᠯ ᠤᠨ ᠬᠦᠢᠳᠡᠨ ᠳᠤ ᠠᠳᠤᠭᠤ  ᠲᠤᠭᠳᠠᠵᠤ ᠪᠡᠯᠴᠢᠳᠡᠭ  ᠂ ᠡᠬᠡ ᠪᠠᠶᠢᠭᠠᠯᠢ ᠠᠴᠠ ᠪᠠᠶᠢᠭᠤᠯᠵᠤ ᠦᠭᠬᠦᠭᠰᠡᠨ ᠡᠪᠦᠯᠵᠢᠶ᠎ᠡ ᠬᠡᠮᠡᠷ  ᠬᠤᠶᠠᠷ ᠰᠠᠶᠢᠬᠠᠨ ᠠᠭᠤᠯᠠ  ᠎ ᠶᠢᠨ ᠡᠩᠭᠡᠷ ᠢ ︽ᠶᠡᠭᠡ ᠡᠪᠦᠯᠵᠢᠶᠡᠨ︾᠂  ︽ᠪᠠᠭ᠎ᠠ ᠡᠪᠦᠯᠵᠢᠶᠡᠨ︾ ᠭᠡᠳᠡᠭ  ᠃  ︽ᠴᠠᠭᠠᠨ ᠴᠢᠯᠠᠭᠤᠳᠤ︾᠎ ᠶᠢᠨ ᠤᠷᠤᠢ ᠳᠤ ᠨᠢᠬᠡᠨ ᠲᠤᠮᠤ ᠦᠬᠡᠬᠦᠨ ᠴᠢᠯᠠᠭᠤ ᠬᠦᠷᠦᠰᠦᠨ ᠠᠴᠠ ᠪᠤᠯᠳᠠᠶᠢᠵᠤ᠂ ︽ᠲᠡᠷᠡᠰᠦᠳᠦ ᠬᠦᠨᠳᠡᠢ︾᠎ ᠳᠤ ᠴᠦᠬᠡᠨ ᠬᠡᠳᠦᠨ ᠪᠤᠳᠠ ᠲᠡᠷᠡᠰᠦ  ᠤᠷᠭᠤᠭᠰᠠᠨ   ᠪᠠᠶᠢᠳᠠᠭ᠃  ︽ᠪᠤᠭᠤᠷᠤᠯ︾ ᠭᠡᠳᠡᠭ ᠨᠢ  ᠪᠤᠰᠤᠳ ᠠᠭᠤᠯᠠᠰ ᠠᠴᠠ ᠤᠨᠴᠤᠭᠤᠢ ᠪᠠᠶᠢᠵᠤ᠂ ᠦᠳᠭᠡᠨ ᠰᠠᠬᠤᠯᠢᠭ ᠡᠪᠡᠰᠦ ᠪᠡᠯᠴᠢᠭᠡᠷ ᠲᠠᠢ᠂ ᠭᠤᠤ ᠭᠠᠩᠭ᠎ᠠ ᠨᠢ ᠴᠢᠬᠢᠭᠯᠢᠭ᠂ ᠦᠷᠬᠦᠯᠵᠢ ᠤᠨᠢᠶᠠᠷ ᠪᠤᠳᠠᠩ ᠲᠠᠳᠠᠵᠤ᠂  ᠰᠡᠷᠢᠬᠦᠨ ᠤᠷᠤᠮᠠᠭᠴᠠ ᠡᠪᠡᠰᠦᠨ ᠲᠤᠯᠤᠭᠠᠢ ᠳᠤ ᠴᠠᠰᠤᠨ ᠰᠡᠭᠰᠡᠬᠦᠷᠭᠡ  ᠰᠠᠭᠤᠭᠠᠳ ᠪᠤᠭᠤᠷᠤᠯᠳᠤᠨ ᠬᠠᠷᠠᠭᠳᠠᠳᠠᠭ ᠠᠴᠠ ᠤᠯᠤᠭᠰᠠᠨ ᠨᠡᠷ᠎ᠡ ᠬᠡᠨ᠎ᠡ᠃  ᠨᠤᠳᠤᠭ ᠢᠶᠠᠨ ᠰᠠᠬᠢᠭᠰᠠᠨ ᠬᠠᠷ᠎ᠠ ᠨᠤᠬᠠᠢ ᠬᠡᠮᠡᠭᠳᠡᠭᠰᠡᠨ ᠠᠭᠤᠯᠠ ᠎ ᠶᠢᠨ ᠬᠠᠮᠤᠭ ᠤᠨ ᠡᠮᠦᠨ᠎ᠡ ᠬᠤᠰᠢᠭᠤ ᠶᠢ ︽ᠬᠠᠷ᠎ᠠ ᠨᠤᠬᠠᠢ ᠶᠢᠨ ᠬᠤᠰᠢᠭᠤ︾ ᠭᠡᠳᠡᠭ᠃  ᠬᠤᠷᠢᠳᠤᠭᠠᠷ ᠵᠠᠭᠤᠨ ᠤ ᠲᠠᠪᠢᠭᠠᠳ ᠤᠨ ᠤ ᠦᠶᠡᠰ᠂ ᠠᠭᠤᠯᠠᠨ ᠤ ᠬᠦᠷᠦᠭᠡᠰᠦ ︽ᠬᠠᠷ᠎ᠠ ᠨᠤᠬᠠᠢ ᠶᠢᠨ ᠬᠤᠰᠢᠭᠤ︾᠎ ᠶᠢ ᠪᠦᠷᠬᠦᠳᠡᠯ᠎ᠡ ᠪᠠᠭᠤᠵᠤ ᠢᠷᠡᠭᠡᠳ ᠴᠠᠪ ᠨᠠᠭᠤᠷ ᠲᠤ ᠤᠰᠤ ᠤᠤᠭᠤᠳᠠᠭ ᠪᠠᠶᠢᠵᠠᠢ᠃  ᠪᠡᠷᠭᠡ ᠶᠢᠨ ᠠᠭᠤᠯᠠ ᠶᠢᠨ ᠬᠠᠮᠤᠭ ᠬᠤᠶᠢᠳᠤ ᠬᠠᠶᠢᠷᠬᠠᠨ ᠨᠢ ᠲᠠᠷᠤᠢ  ᠵᠡᠬᠦᠨ ᠭᠠᠷ ᠲᠠᠶᠢᠹᠤᠰᠧ ᠤᠨ ᠬᠤᠶᠢᠳᠤ ᠵᠠᠬ᠎ᠠ ᠶᠢ ᠰᠠᠬᠢᠭᠰᠠᠨ ᠬᠠᠨ ᠭᠠᠷᠤᠳᠢ ᠬᠦᠴᠦᠳᠡᠨ  — ᠬᠠᠨ ᠰᠤᠪᠤᠷᠭ᠎ᠠ ᠬᠠᠶᠢᠷᠬᠠᠨ  ᠪᠤᠯᠤᠨ᠎ᠠ᠃ ᠡᠬᠦᠨ ᠠᠴᠠ ᠭᠠᠳᠠᠨ᠎ᠠ᠂  ᠪᠡᠷᠭᠡ ᠶᠢᠨ ᠠᠭᠤᠯᠠᠨ ᠳᠤ ᠲᠦᠯᠦᠪ ᠲᠦᠷᠰᠦ ᠪᠠᠷ ᠨᠡᠷᠡᠯᠡᠭᠰᠡᠨ ︽ᠪᠠᠭ᠎ᠠ ᠬᠠᠳᠠ︾᠂ ︽ᠡᠪᠦᠬᠡᠨ ᠬᠠᠳᠠ︾᠂ ︽ᠭᠤᠷᠪᠠᠨ ᠲᠤᠯᠤᠭᠠᠢ︾᠂ ︽ᠴᠢᠨᠳᠠᠮᠤᠨᠢ︾᠂ ︽ᠮᠤᠬᠤᠷ ᠰᠤᠪᠤᠷᠭ᠎ᠠ︾᠂ ︽ᠱᠤᠷᠤᠩ ᠠᠭᠤᠯᠠ︾ ᠵᠡᠷᠭᠡ ᠠᠭᠤᠯᠠ  ᠬᠠᠳᠠ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号