ᠲᠤᠮᠳᠠᠳᠤ ᠤᠯᠤᠰ ᠤᠨ ᠤᠮᠠᠷᠠᠳᠤ ᠤᠷᠤᠨ ᠳᠠᠬᠢ ᠲᠠᠶᠠᠩ ᠳᠤ ᠠᠯᠳᠠᠷᠰᠢᠭᠰᠠᠨ ᠠᠭᠤᠳᠠᠮ ᠲᠠᠯ᠎ᠠ ᠰᠢᠯᠢ ᠶᠢᠨ | ᠭᠤᠤᠯ ᠤᠨ ᠦᠷᠦᠴᠡᠨ ᠳᠤ ᠬᠠᠳᠤᠯᠠᠩ ᠪᠡᠯᠴᠢᠭᠡᠷ ᠨᠢ ᠨᠤᠭᠤᠭᠠᠷᠠᠵᠤ᠂ ᠲᠠᠪᠤᠨ ᠬᠤᠰᠢᠭᠤ ᠮᠠᠯ ᠨᠢ ᠲᠠᠯ᠎ᠠ | ᠲᠦᠬᠦᠷᠡᠩ ᠪᠡᠯᠴᠢᠭᠰᠡᠨ᠂ ᠭᠠᠯᠠᠭᠤ ᠰᠢᠪᠠᠭᠤᠳ ᠤᠨ ᠭᠠᠩᠭᠠᠨᠠᠭ᠎ᠠ ᠲᠠᠢ᠂ ᠬᠢᠷᠰᠠ ᠲᠠᠤᠯᠠᠢ ᠶᠢᠨ ᠴᠠᠮᠨᠠᠭ᠎ᠠ ᠲᠠᠢ᠂ | ᠭᠠᠩᠭᠠᠩ ᠲᠠᠩᠰᠤᠭ ᠪᠠᠶᠢᠭᠠᠯᠢ ᠪᠠᠨ ᠤᠩᠭᠤᠨ ᠬᠡᠪ ᠢᠶᠠᠷ ᠨᠢ ᠬᠠᠳᠠᠭᠠᠯᠠᠭᠰᠠᠨ ᠨᠢᠭᠡᠨ ᠭᠡᠰᠡᠭ ᠪᠢᠨᠳᠤᠷᠢᠶᠠ ᠡᠷᠳᠡᠨᠢ | ᠰᠢᠭ ᠠᠷᠰᠢ ᠶᠢᠨ ᠤᠷᠤᠨ ᠪᠠᠶᠢᠭ᠎ᠠ ᠶᠤᠮ ᠃ ᠦᠪᠦᠷ ᠮᠤᠩᠭᠤᠯ ᠤᠨ ᠲᠠᠶᠢᠪᠤᠰᠧ ᠬᠤᠰᠢᠭᠤᠨ ᠳᠤ ᠬᠠᠷᠢᠶ᠎ᠠ | ᠲᠠᠢ᠂ ᠰᠢᠯᠢ ᠶᠢᠨ ᠭᠤᠤᠯ ᠤᠨ ᠡᠮᠦᠨ᠎ᠡ ᠬᠠᠭᠠᠯᠭ᠎ᠠ ᠪᠤᠯᠵᠤ ᠨᠤᠳᠤᠭᠯᠠᠭᠰᠠᠨ᠂ ᠴᠠᠬᠠᠷ ᠤᠨ ᠵᠡᠬᠦᠨ ᠲᠦᠷᠪᠡᠨ | ᠬᠤᠰᠢᠭᠤᠳ ᠤᠨ ᠰᠢᠯᠢᠳᠡᠭ ᠮᠠᠯᠴᠢᠳ ᠤᠨ ᠦᠷᠡᠰ ᠢᠶᠠᠷ ᠪᠦᠷᠢᠯᠳᠦᠭᠰᠡᠨ ᠦᠵᠡᠰᠬᠦᠯᠡᠩ ᠪᠠᠶᠠᠯᠢᠭ ᠡᠨᠡ ᠨᠣᠳᠤᠭ | ᠪᠣᠯ ᠲᠠᠷᠣᠢ ᠨᠡᠶᠢᠰᠯᠡᠯ ᠪᠡᠭᠡᠵᠢᠩ ᠠᠴᠠ ᠬᠠᠮᠤᠭ ᠤᠶᠢᠷ᠎ᠠ ᠨᠤᠳᠤᠭᠯᠠᠭᠰᠠᠨ ᠨᠤᠮᠢᠨ ᠨᠤᠭᠤᠭᠠᠨ ᠸᠠᠩᠳᠤ ᠤᠯᠤᠰ᠂ | ︽ᠲᠠᠪᠠᠭᠠᠨ ᠭᠠᠳᠠᠨᠠᠬᠢ ᠪᠠᠶᠢᠭᠠᠯᠢᠯᠢᠭ ᠲᠠᠯ᠎ᠠ ᠨᠤᠳᠤᠭ︾ ᠂ ︽ᠤᠷᠢᠳᠤ ᠶᠢᠨ ᠬᠠᠭᠠᠳ ᠤᠨ ᠠᠳᠤᠭᠤᠨ | ᠵᠤᠰᠠᠭᠠᠯ᠂ ᠤᠳᠤᠬᠢ ᠨᠡᠶᠢᠰᠯᠡᠯ ᠤᠨ ᠠᠷᠤ ᠴᠡᠴᠡᠷᠯᠢᠭ︾ ᠬᠡᠮᠡᠨ ᠠᠯᠳᠠᠨ ᠲᠡᠯᠡᠬᠡᠢ ᠳᠤ ᠠᠯᠳᠠᠷ ᠢᠶᠠᠨ | ᠲᠠᠭᠤᠳᠠᠭᠤᠯᠤᠭᠰᠠᠨ ᠬᠦᠨᠪᠤᠯᠠᠭ ᠤᠨ ᠲᠠᠯ᠎ᠠ ᠨᠤᠳᠤᠭ ᠪᠤᠯᠤᠨ᠎ᠠ᠃ 850 ᠬᠠᠪᠳᠠᠭᠠᠢ ᠲᠦᠷᠪᠡᠯᠵᠢᠨ ᠺᠢᠯᠤᠮᠧᠲᠷ | ᠲᠠᠯᠠᠪᠠᠢ ᠲᠠᠢ ᠡᠨ᠋ᠨ ᠰᠠᠶᠢᠬᠠᠨ ᠨᠤᠳᠤᠭ ᠲᠡᠪᠢᠰᠭᠡᠷ ᠲᠡᠭᠡᠷ᠎ᠡ ᠠᠷᠢᠭᠤᠨ ᠬᠦᠳᠡᠯᠮᠦᠷᠢ ᠪᠠᠷ ᠢᠶᠠᠨ ᠠᠵᠤ ᠲᠦᠷᠦᠨ | ᠦᠢᠯᠡᠰ ᠪᠤᠰᠬᠠᠭᠰᠠᠨ ᠬᠦᠨᠪᠤᠯᠠᠭ ᠤᠨ ᠮᠤᠩᠭᠤᠯᠴᠤᠳ᠂ ᠦᠶᠡᠯᠡᠨ ᠤᠯᠠᠷᠢᠬᠤ ᠲᠡᠦᠭᠡ ᠶᠢᠨ ᠤᠷᠤᠰᠬᠠᠯ ᠲᠤᠮᠳᠠ | ᠭᠡᠷᠡᠯ ᠰᠠᠴᠤᠷᠠᠩᠭᠤᠢ ᠪᠤᠯᠪᠠᠰᠤᠨ ᠤ ᠲᠡᠦᠬᠡ ᠬᠢᠭᠡᠳ ᠬᠢᠯᠠᠯᠵᠠᠮ᠎ᠠ ᠰᠠᠶᠢᠬᠠᠨ ᠦᠨᠳᠦᠰᠦᠳᠡᠨ ᠤ ᠰᠤᠶᠤᠯ ᠢ | ᠪᠦᠳᠦᠭᠡᠭᠰᠡᠨ ᠶᠤᠮ᠃ ᠮᠦᠨ ᠡᠨᠡᠬᠦ ᠦᠨᠢᠷ ᠪᠠᠶᠠᠨ ᠦᠵᠡᠰᠬᠦᠯᠡᠩᠳᠦ ᠨᠤᠳᠤᠭ ᠢ ᠮᠠᠨᠵᠤ ᠶᠢᠨ ᠬᠠᠭᠠᠳ ᠦᠪᠡᠷᠦᠨ | ᠡᠷᠭᠡ ᠦᠬᠡᠢ ᠱᠠᠭᠰᠢᠨ ᠪᠠᠭ᠋ᠠᠷᠬᠠᠬᠤ ᠳᠠᠭᠠᠨ 260 ᠭᠠᠷᠤᠢ ᠵᠢᠯ ᠤᠯᠵᠠᠷᠬᠠᠨ ᠨᠤᠳᠤᠭᠯᠠᠵᠤ᠂ ᠠᠳᠤᠭᠤᠨ ᠰᠦᠷᠦᠭ | ᠢᠶᠠᠨ ᠪᠡᠯᠴᠢᠭᠡᠭᠰᠡᠨ ᠪᠠᠶᠢᠳᠠᠭ᠃ | ᠬᠦᠨᠪᠤᠯᠠᠭ ᠤᠨ ᠠᠳᠬᠤ ᠰᠢᠷᠤᠢ᠂ ᠠᠯᠬᠤᠮ ᠵᠠᠢ ᠪᠦᠷᠢ ᠳᠤ ᠡᠯᠪᠡᠭ ᠪᠠᠶᠠᠯᠢᠭ ᠲᠡᠦᠬᠡ ᠰᠤᠶᠤᠯ ᠤᠨ ᠤᠯᠠ | ᠮᠦᠷ ᠵᠦᠩᠳᠡᠭᠡᠨ ᠬᠠᠷᠠᠭᠳᠠᠨ᠎ᠠ ᠃ ᠡᠩᠭᠡ ᠠᠮᠤᠭᠤᠯᠠᠩ ᠤᠨ ᠭᠠᠷ ᠤᠨ ᠪᠢᠴᠢᠭᠡᠰᠦ ᠲᠠᠢ᠂ ᠪᠤᠷᠬᠠᠨ ᠱᠠᠰᠢᠨ ᠤ | ᠠᠷᠢᠭᠤᠨ ᠤᠷᠳᠤ — ᠮᠠᠯᠠᠭᠠᠢ ᠶᠢᠨ ᠰᠦᠮ᠎ᠡ ᠠᠳᠡ ᠪᠠᠶᠢᠨ᠎ᠠ᠂ ᠠᠶᠠᠨ ᠲᠠᠶᠢᠨ ᠤ ᠮᠦᠷ᠂ ᠠᠷᠤᠤᠬᠠᠨ ᠪᠠᠭᠠᠳᠤᠷ | ᠤᠨ ᠨᠡᠷ᠎ᠡ ᠶᠢ ᠲᠠᠮᠠᠭᠠᠯᠠᠭᠰᠠᠨ ᠠᠯᠳᠠᠨ ᠤᠯᠤᠰ ᠤᠨ ᠬᠢᠯᠢ ᠶᠢᠨ ᠬᠡᠷᠡᠮ ᠤᠨ ᠪᠠᠭᠤᠷᠢ ᠠᠳᠡ ᠪᠠᠶᠢᠨ᠎ᠠ ᠃ ᠲᠠᠯ᠎ᠠ | ᠬᠦᠳᠡᠭᠡ ᠠᠴᠠ ᠲᠠᠶᠠᠩ ᠢ ᠡᠷᠭᠡᠰᠢᠶᠡᠭᠰᠡᠨ ᠲᠡᠭᠷᠢᠯᠢᠭ ᠬᠦᠪᠡᠭᠦᠨ ᠪᠤᠭᠳᠠ ᠴᠢᠩᠬᠢᠰ ᠤᠨ ᠤᠮᠤᠭᠯᠠᠩ ᠰᠡᠬᠦᠳᠡᠷ | ᠪᠡᠷᠭᠡ ᠶᠢᠨ ᠦᠨᠳᠦᠷ ᠠᠭᠤᠯᠠᠨ ᠳᠤᠨᠢ ᠰᠡᠶᠢᠯᠦᠭᠳᠡᠵᠦ᠂ ᠪᠠᠶᠠᠨ ᠴᠠᠭᠠᠨ ᠨᠠᠭᠤᠷ ᠲᠤᠨᠢ ᠲᠤᠰᠬᠠᠭᠳᠠᠨ᠎ᠠ᠃ ᠮᠦᠨ | ᠡᠶᠢᠮᠦ ᠳᠡᠭᠡᠨ ᠪᠦᠮᠪᠦᠷᠴᠡᠭ ᠢ ᠲᠤᠭᠤᠷᠢᠭᠰᠠᠨ ᠢᠲ᠋ᠠᠯᠢ ᠶᠢᠨ ᠨᠡᠷᠡᠳᠦ ᠵᠢᠭᠤᠯᠴᠢᠨ ᠮᠠᠷᠺᠤ ᠫᠤᠯᠤ ᠡᠨᠡᠬᠦᠷ ᠦᠩᠭᠡᠷᠡᠬᠦ | ᠳᠡᠭᠡᠨ ︽ᠦᠩᠬᠡ ᠶᠢᠨ ᠴᠡᠴᠡᠭᠡᠰ ᠪᠤᠯᠢᠶᠠᠯᠳᠤᠨ ᠲᠡᠯᠭᠡᠷᠡᠵᠦ᠂ ᠦᠨᠢᠷ ᠰᠦᠷᠦᠭ ᠨᠢ ᠦᠬᠡᠬᠦᠯᠡᠵᠦ ᠪᠡᠯᠴᠢᠭᠡᠷᠯᠡᠭᠰᠡᠨ︾ | ᠲᠠᠩᠰᠤᠭ ᠦᠵᠡᠮᠵᠢ ᠲᠤᠨᠢ ᠰᠤᠭᠳᠤᠭᠤᠷᠠᠨ ᠲᠠᠳᠠᠭᠳᠠᠵᠤ᠂ ᠡᠨ᠋ᠨ ᠨᠤᠳᠤᠭ ᠤᠨ ᠨᠡᠷ᠎ᠡ᠂ ᠡᠨ᠋ᠨ ᠪᠠᠶᠢᠭᠠᠯᠢ ᠶᠢᠨ | ᠦᠵᠡᠮᠵᠢ ᠪᠦᠬᠦᠨ ᠢ ᠰᠤᠳᠤᠨ ᠪᠦᠳᠦᠭᠡᠯ ︽ ᠵᠢᠭᠤᠯᠴᠢᠯᠠᠯ ᠤᠨ ᠲᠡᠮᠳᠡᠭᠯᠡᠯ︾ ᠳᠡᠭᠡᠨ ᠬᠠᠭᠤᠳᠠᠰᠤᠯᠠᠭᠰᠠᠨ | ᠪᠠᠶᠢᠳᠠᠭ᠃ | ᠦᠨᠦᠳᠦᠷ ᠤᠨ ᠬᠦᠨᠪᠤᠯᠠᠭ ᠨᠤᠳᠤᠭ ᠦᠬᠡᠷᠡᠴᠢᠯᠡᠯᠳᠡ ᠨᠡᠭᠡᠭᠡᠯᠳᠡ ᠳᠤ ᠦᠭᠡᠳᠡᠯᠡᠨ ᠲᠡᠭᠵᠢᠷᠡᠵᠦ᠂ ᠦᠨᠢᠷ | ᠪᠠᠶᠠᠵᠢᠯ ᠤᠨ ᠦᠷᠭᠡᠨ ᠬᠠᠷᠭᠤᠢ ᠶᠢ ᠡᠯᠬᠦᠨ᠂ ᠦᠩᠬᠡ ᠬᠢᠯᠪᠠᠭᠠᠳᠤ ᠦᠨᠳᠦᠰᠦᠳᠡᠨ ᠤ ᠰᠤᠶᠤᠯ ᠤᠨ ᠢᠶᠠᠨ ᠭᠠᠯ | ᠭᠤᠯᠤᠮᠳᠠ ᠶᠢ ᠪᠠᠳᠠᠷᠠᠭᠠᠵᠤ᠂ ᠠᠮᠢᠵᠢᠷᠠᠯ ᠤᠨ ᠬᠦᠴᠦᠨ ᠢᠶᠠᠷ ᠪᠢᠯᠬᠠᠨ᠂ ᠬᠤᠪᠢ ᠶᠢᠨ ᠭᠠᠳᠠᠨ᠎ᠠ ᠦᠵᠡᠰᠬᠦᠯᠡᠩ | ᠬᠠᠷᠠᠭᠳᠠᠨ᠎ᠠ᠃ ᠮᠠᠯᠴᠢᠨ ᠠᠶᠢᠯ ᠤᠨ ᠵᠤᠭᠠᠴᠠᠯ ᠰᠦᠨᠢ ᠶᠢᠨ ᠤᠳᠤ ᠰᠢᠭ ᠲᠦᠬᠡᠵᠦ ᠂ 80 ᠳ᠋ᠦᠩᠰᠢᠭᠤᠷ ᠤᠨ | ᠪᠡᠯᠨ ᠤᠷᠤᠭᠤᠯᠤᠯᠳᠠ ᠲᠠᠢ ᠦᠵᠡᠮᠵᠢ ᠶᠢᠨ ᠤᠷᠤᠨ ᠠᠳᠡ ᠨᠤᠳᠤᠭᠰᠢᠨ᠂ ᠵᠤᠭᠠᠴᠠᠯ ᠢᠶᠠᠷ ᠭᠤᠤᠯᠳᠠᠭᠰᠠᠨ | ᠤᠨᠴᠠᠯᠢᠭᠳᠤ ᠦᠢᠯᠡᠰ ᠡᠳᠦᠷ ᠢᠷᠡᠬᠦᠶ᠎ᠡ ᠦᠷᠨᠢᠬᠦᠨ ᠬᠦᠭᠵᠢᠭᠡᠳ᠂ ᠬᠦᠨᠪᠤᠯᠠᠭ ᠤᠨ ᠲᠠᠯ᠎ᠠ ᠨᠤᠳᠤᠭ ᠨᠢ ᠰᠢᠯᠢ | ᠨᠤᠳᠤᠭ ᠲᠠᠭᠠᠨ ᠬᠡᠭᠡ ᠲᠠᠳᠠᠭᠰᠠᠨ ᠦᠵᠡᠮᠵᠢ ᠶᠢᠨ ᠱᠤᠭᠤᠮ ᠪᠤᠯᠤᠨ ᠤᠨᠴᠠᠯᠢᠭᠳᠠᠵᠤ᠂ ᠬᠦᠭᠡ ᠤᠭᠳᠠᠷᠭᠤᠢ᠂ | ᠨᠤᠮᠢᠨ ᠪᠡᠯᠴᠢᠭᠡᠷ᠂ ᠢᠰᠡᠭᠡᠢ ᠬᠡᠷ᠂ ᠠᠷᠭᠤᠮᠠᠭ ᠬᠦᠯᠦᠭ᠂ ᠲᠦᠳᠡᠭ ᠭᠠᠯ᠂ ᠤᠷᠳᠤ ᠶᠢᠨ ᠲᠠᠭᠤᠤ᠂ ᠠᠰᠤᠷᠤ | ᠬᠦᠭᠵᠢᠮ᠂᠂᠂᠂ ᠠᠯᠢ ᠪᠠᠶᠢᠳᠠᠭ ᠰᠢᠯᠢᠳᠡᠭ ᠤᠯᠠᠮᠵᠢᠯᠠᠯ᠂ ᠰᠤᠩᠭᠤᠳᠠᠭ ᠢᠷᠭᠡᠨᠰᠢᠯ ᠢᠶᠠᠷ ᠢᠶᠠᠨ ᠢᠷᠡᠭᠰᠡᠨ ᠪᠦᠬᠦᠨ | ᠢ ᠵᠤᠴᠢᠯᠠᠵᠤ ᠪᠠᠶᠠᠰᠬᠠᠨᠠᠮ᠃ | ᠦᠩᠬᠡ ᠦᠵᠡᠮᠵᠢ᠂ ᠠᠭᠤᠷ ᠠᠮᠢᠰᠬᠤᠯ᠂ ᠦᠪ ᠰᠤᠶᠤᠯ ᠢᠶᠠᠷ ᠢᠶᠠᠨ ᠲᠠᠶᠠᠩ ᠲᠡᠯᠡᠬᠡᠢ ᠶᠢᠨ ᠬᠠᠷᠠᠭᠠᠨ ᠳᠤ | ᠬᠦᠷᠦᠭᠰᠡᠨ ᠴᠡᠩᠭᠡᠯ ᠤᠨ ᠤᠷᠤᠨ ᠪᠤᠯᠵᠤ᠂ 2003 ᠤᠨ ᠳᠤ ᠲᠦᠪ ᠲᠧᠯᠸᠢᠰ ᠤᠨ ᠲᠤᠰᠬᠠᠢ ᠲᠡᠯᠭᠡᠴᠡ ᠳᠤ ᠵᠢᠦ | ᠵᠠᠢ ᠭᠸᠦ᠂ ᠱᠧᠩ ᠨᠦᠩ ᠵᠢᠶᠠ ᠮᠡᠳᠦ ᠨᠡᠷ᠎ᠡ ᠴᠤᠤᠳᠤ ᠦᠵᠡᠮᠵᠢ ᠵᠤᠭᠠᠴᠠᠯ ᠤᠨ ᠤᠷᠤᠨ ᠲᠠᠢ ᠵᠡᠷᠭᠡᠪᠡᠷ ︽ | ᠲᠤᠮᠳᠠᠳᠤ ᠶᠢᠨ ᠠᠷᠪᠠᠨ ᠰᠠᠶᠢᠬᠠᠨ ᠵᠤᠭᠠᠴᠠᠨ ᠨᠠᠭᠠᠳᠬᠤ ᠭᠠᠵᠠᠷ︾ ᠤᠨ ᠨᠢᠭᠡ ᠳᠤ ᠵᠢᠬᠰᠠᠭᠠᠭᠳᠠᠭᠰᠠᠨ ᠤ ᠲᠠᠷᠠᠭ᠎ᠠ | ᠂ ᠬᠦᠨᠪᠤᠯᠠᠭ ᠤᠨ ᠲᠠᠯ᠎ᠠ ᠨᠢ ᠠᠭᠤᠳᠠᠮ ᠦᠷᠦᠴᠡ ᠪᠠᠨ ᠤᠯᠠᠮ ᠬᠠᠨᠠᠶᠢᠯᠭᠠᠨ᠂ ᠠᠶᠤᠰᠢ ᠬᠠᠳᠠᠭ ᠢᠶᠠᠨ ᠠᠯᠳᠠᠯᠠᠨ | ᠲᠡᠯᠬᠡᠵᠦ᠂ ᠠᠷᠪᠠᠨ ᠵᠦᠭ ᠤᠨ ᠬᠡᠶᠢᠴᠢᠨ ᠵᠤᠴᠢᠨ ᠢᠶᠠᠨ ᠮᠤᠩᠭᠤᠯ ᠶᠤᠰᠤ ᠪᠠᠷ ᠤᠭᠳᠤᠨᠠᠮ ᠪᠢᠯᠡ᠃ ᠲᠠᠯ᠎ᠠ | ᠨᠤᠳᠤᠭ ᠤᠨ ᠠᠳᠤᠭᠤᠨ ᠰᠤᠶᠤᠯ ᠢ ᠬᠦᠨ ᠠᠭᠤᠳᠠᠯᠠᠵᠤ᠂ ᠬᠦᠨᠪᠤᠯᠠᠭ ᠨᠤᠳᠤᠭ ᠢᠶᠠᠨ ᠲᠤᠮᠳᠠᠳᠤ ᠤᠯᠤᠰ ᠤᠨ | ᠤᠮᠠᠷᠠᠳᠤ ᠤᠷᠤᠨ ᠤ ᠬᠠᠮᠤᠭ ᠠᠴᠠ ᠲᠦᠯᠦᠭᠡᠯᠡᠬᠦ ᠴᠢᠨᠠᠷ ᠪᠦᠬᠦᠢ ᠠᠳᠤᠭᠤᠨ ᠰᠤᠶᠤᠯ᠂ ᠠᠳᠤᠭᠤᠨ ᠦᠢᠯᠡᠰ ᠤᠨ | ᠰᠠᠭᠤᠷᠢᠨ ᠭᠠᠵᠠᠷ ᠪᠠ ᠵᠤᠭᠠᠴᠠᠯ ᠤᠨ ᠦᠵᠡᠮᠵᠢᠳᠦ ᠤᠷᠤᠨ ᠪᠤᠯᠭᠠᠵᠤ ᠪᠦᠳᠦᠭᠡᠨ ᠪᠠᠶᠢᠭᠤᠯᠬᠤ ᠶᠢᠨ ᠲᠦᠯᠦᠭᠡ | ᠬᠦᠴᠦᠯᠡᠨ ᠴᠢᠷᠮᠠᠶᠢᠭᠰᠠᠨ ᠬᠦᠨᠪᠤᠯᠠᠭᠴᠤᠤᠯ ᠤᠨ ᠬᠠᠯᠠᠭᠤᠨ ᠬᠦᠳᠡᠯᠮᠦᠷᠢ ᠨᠢ ᠠᠷᠢᠭᠤᠨ ᠰᠦ ᠪᠠᠷ ᠮᠢᠯᠢᠶᠠᠭᠳᠠᠵᠤ | ᠂ ︽ᠠᠳᠤᠭᠤᠨ ᠦᠢᠯᠡᠰ ᠤᠨ ᠬᠦᠭᠵᠢᠬᠦᠯᠦᠯᠳᠡ ᠶᠢᠨ ᠰᠠᠭᠤᠷᠢᠨ︾ ᠪᠠᠶᠢᠭᠤᠯᠬᠤ ᠬᠦᠰᠡᠯ ᠨᠢ 2005 ᠤᠨ | ᠪᠤᠯᠤᠭᠠᠳ ᠤᠷᠤᠭᠰᠢᠳᠠᠢ ᠪᠡᠶᠡᠯᠡᠭᠰᠡᠨ ᠪᠦᠭᠡᠳ ︽ᠲᠤᠮᠳᠠᠳᠤ ᠤᠯᠤᠰ ᠤᠨ ᠬᠠᠭᠠᠨ ᠤ ᠠᠳᠤᠭᠤᠨ ᠰᠤᠶᠤᠯ ᠤᠨ | ᠨᠠᠶᠢᠷ ᠵᠢᠴᠢ ᠪᠦᠬᠦ ᠤᠯᠤᠰ ᠤᠨ ᠮᠤᠷᠢᠨ ᠮᠡᠷᠭᠡᠵᠢᠯ ᠤᠨ ᠰᠦᠯᠵᠢᠨ ᠲᠤᠭᠤᠷᠢᠬᠤ ᠮᠠᠩᠯᠠᠢ ᠰᠢᠯᠭᠠᠷᠠᠭᠤᠯᠬᠤ | ᠲᠡᠮᠡᠴᠡᠭᠡᠨ︾ ᠴᠤ 2006 ᠤᠨ ᠠᠴᠠ ᠡᠬᠢᠯᠡᠭᠡᠳ ᠲᠦᠷᠪᠡᠨ ᠬᠤᠭᠤᠴᠠᠭ᠎ᠠ ᠠᠮᠵᠢᠯᠳᠠᠳᠠᠢ ᠶᠠᠪᠤᠭᠳᠠᠵᠤ᠂ | ᠦᠷᠦᠭᠡᠯ ᠠᠴᠠ ᠦᠰᠦᠳ ᠮᠤᠷᠢᠨ ᠮᠡᠷᠭᠡᠵᠢᠯ ᠤᠨ ᠰᠤᠶᠤᠯ ᠪᠤᠶᠤ ᠲᠠᠮᠢᠷ ᠢᠶᠠᠷ ᠢᠶᠠᠨ ᠬᠤᠯᠨ ᠤᠶᠢᠷ᠎ᠠ ᠶᠢᠨ | ᠠᠳᠤᠭᠤᠨ ᠬᠤᠷᠤᠬᠠᠶᠢᠳᠠᠳ᠂ ᠲᠤᠳᠤᠭᠠᠳᠤ ᠭᠠᠳᠠᠭᠠᠳᠤ ᠶᠢᠨ ᠵᠤᠴᠢᠳ ᠵᠤᠭᠠᠴᠠᠭᠴᠢᠳ ᠤᠨ ᠨᠢᠳᠦ ᠶᠢ | ᠬᠤᠵᠢᠷᠯᠠᠵᠤ᠂ ᠠᠰᠤᠷᠤ ᠰᠠᠶᠢᠨ ᠠᠵᠤ ᠠᠬᠤᠢ ᠬᠢᠭᠡᠳ ᠨᠡᠶᠢᠭᠡᠮ ᠤᠨ ᠦᠷ᠎ᠡ ᠠᠰᠢᠭ ᠢ ᠬᠦᠷᠳᠡᠵᠦ ᠪᠠᠶᠢᠭ᠎ᠠ᠃ | ᠮᠠᠯᠴᠢᠨ ᠡᠷᠦᠬᠡ ᠶᠢᠨ ᠵᠤᠭᠠᠴᠠᠯ ᠂ ᠬᠠᠭᠠᠨ ᠤ ᠠᠳᠤᠭᠤᠨ ᠵᠤᠰᠠᠭᠠᠯ᠂ ᠬᠠᠩᠬᠢᠨ ᠭᠤᠮᠪᠤᠵᠠᠪ ᠤᠨ | ᠲᠤᠷᠠᠰᠬᠠᠯ ᠤᠨ ᠤᠷᠳᠤᠨ᠂ ᠮᠠᠯᠠᠭᠠᠢ ᠶᠢᠨ ᠰᠦᠮ᠎ᠡ᠂ ᠠᠯᠳᠠᠨ ᠤᠯᠤᠰ ᠤᠨ ᠭᠡᠷᠡᠮ ᠵᠡᠷᠭᠡ ᠰᠤᠶᠤᠯ ᠵᠤᠭᠠᠴᠠᠯ ᠤᠨ | ᠰᠤᠳᠤᠨ ᠴᠡᠭ ᠤᠳ ᠨᠢ ᠲᠤᠰ ᠰᠤᠮᠤᠨ ᠤ ᠲᠠᠯ᠎ᠠ ᠨᠤᠳᠤᠭ ᠤᠨ ᠵᠤᠭᠠᠴᠠᠯ ᠤᠨ ᠦᠢᠯᠡᠰ ᠲᠤ ᠤᠯᠠᠨ ᠠᠴᠠ | ᠢᠯᠭᠠᠭᠳᠠᠮ᠎ᠠ ᠲᠠᠪᠠᠭᠤᠯᠢᠭ ᠨᠦᠬᠦᠴᠡᠯ ᠢ ᠪᠦᠷᠢᠳᠦᠬᠦᠯᠦᠨ ᠦᠭᠴᠦ᠂ ᠡᠳᠡᠭᠡᠷ ᠮᠤᠩᠭᠤᠯ ᠨᠠᠮᠪᠠ ᠲᠠᠢ ᠵᠤᠭᠠᠴᠠᠯ | ᠤᠨ ᠤᠷᠤᠨ ᠴᠡᠭ ᠤᠳ ᠢᠶᠠᠷ ᠲᠠᠮᠵᠢᠨ᠂ ᠮᠤᠩᠭᠤᠯ ᠰᠤᠶᠤᠯ ᠤᠨ ᠬᠦᠨ ᠠᠭᠤᠯᠤᠭᠳᠠᠬᠤᠨ ᠢ ᠬᠦᠮᠦᠰ ᠲᠤ | ᠲᠠᠨᠢᠭᠤᠯᠵᠤ᠂ ᠮᠤᠩᠭᠤᠯ ᠵᠤᠷᠢᠭ ᠰᠠᠨᠠᠭᠠᠨ ᠤ ᠮᠤᠬᠤᠰᠢ ᠦᠬᠡᠢ ᠷᠢᠳᠢ ᠰᠢᠳᠢ ᠶᠢ ᠲᠠᠶᠠᠩ ᠳᠤ | ᠭᠠᠶᠢᠬᠠᠭᠤᠯᠤᠭᠰᠠᠨ ᠶᠤᠮ᠃ ᠤᠳᠤ ᠪᠦᠬᠦ ᠰᠤᠮᠤᠨ ᠳᠤ ᠵᠤᠭᠠᠴᠠᠯ ᠤᠨ ᠲᠤᠮᠤ ᠦᠵᠡᠮᠵᠢᠳᠦ ᠤᠷᠤᠨ 6 | ᠪᠠᠶᠢᠭᠤᠯᠤᠭᠳᠠᠨ ᠂ 50 ᠡᠷᠦᠬᠡ ︽ᠮᠠᠯᠴᠢᠨ ᠠᠶᠢᠯ ᠤᠨ ᠵᠤᠭᠠᠴᠠᠯ︾ ᠡᠷᠬᠢᠯᠡᠵᠦ᠂ ︽ᠬᠤᠭᠤᠯᠠ ᠤᠮᠳᠠ᠂ | ᠬᠤᠨᠤᠭ ᠰᠠᠭᠤᠴᠠ᠂ ᠠᠶᠠᠯᠠᠯ ᠵᠢᠭᠤᠯᠴᠢᠯᠠᠯ᠂ ᠠᠷᠠᠯᠵᠢᠶ᠎ᠠ ᠬᠤᠳᠠᠯᠳᠤᠭ᠎ᠠ᠂ ᠨᠠᠭᠠᠳᠤᠮ ᠲᠤᠭᠯᠠᠭᠠᠮ︾ ᠵᠡᠷᠭᠡ ᠤᠯᠠᠨ | ᠴᠢᠳᠠᠪᠬᠢ ᠪᠦᠷᠢᠳᠦᠭᠰᠡᠨ ᠵᠤᠭᠠᠴᠠᠯ ᠤᠨ ᠠᠵᠤ ᠦᠢᠯᠡᠰ ᠤᠨ ᠰᠢᠰᠲ᠋ᠧᠮ ᠪᠤᠢ ᠪᠤᠯᠤᠭᠠᠳ᠂ ᠠᠵᠢᠯ ᠤᠯᠭᠤᠯᠳᠠ ᠶᠢ | ᠠᠬᠢᠭᠤᠯᠵᠤ᠂ ᠠᠰᠢᠭ ᠤᠷᠤᠯᠭ᠎ᠠ ᠶᠢ ᠨᠡᠮᠡᠭᠳᠡᠬᠦᠯᠵᠦ ᠢᠷᠡᠯ᠎ᠡ᠃ ᠵᠤᠭᠠᠴᠠᠯ ᠤᠨ ᠦᠢᠯᠡᠰ ᠨᠢ 800 ᠭᠠᠷᠤᠢ | ᠮᠠᠯᠴᠢᠨ ᠳᠤ ᠤᠯᠠᠷᠢᠯ ᠤᠨ ᠴᠢᠨᠠᠷᠳᠠᠢ ᠠᠵᠢᠯ ᠤᠯᠭᠤᠨ᠂ ᠵᠤᠭᠠᠴᠠᠯ ᠤᠨ ᠤᠷᠤᠯᠭ᠎ᠠ ᠵᠢᠯ ᠳᠤ 320 ᠲᠦᠮᠡᠨ | ᠲᠦᠬᠦᠷᠢᠭ ᠢ ᠲᠠᠪᠠᠵᠤ᠂ ᠮᠠᠯᠴᠢᠳ ᠤᠨ ᠤᠷᠤᠯᠭ᠎ᠠ ᠶᠢ ᠬᠦᠮᠦᠨ ᠲᠤᠮᠳᠠᠴᠢ ᠪᠠᠷ 1000 ᠢᠯᠡᠬᠦᠦ ᠲᠦᠬᠦᠷᠢᠭ | ᠨᠡᠮᠡᠭᠳᠡᠬᠦᠯᠵᠦ ᠪᠤᠢ᠃ ᠵᠤᠭᠠᠴᠠᠯ ᠤᠨ ᠦᠢᠯᠡᠰ ᠢ ᠶᠡᠬᠡᠪᠡᠷ ᠬᠦᠭᠵᠢᠬᠦᠯᠵᠦ ᠠᠰᠢᠭ ᠤᠷᠤᠯᠭ᠎ᠠ ᠪᠠᠨ ᠨᠡᠮᠡᠭᠳᠡᠬᠦᠯᠬᠦ ᠳᠤ | ᠴᠢᠭᠯᠡᠭᠳᠡᠭᠰᠡᠨ ᠤᠯᠤᠰ ᠤᠷᠤᠨ ᠠᠶᠢᠮᠠᠭ ᠬᠤᠰᠢᠭᠤᠨ ᠤ ᠵᠦᠪ ᠪᠤᠳᠤᠯᠭ᠎ᠠ ᠶᠤᠰᠤᠭᠠᠷ ︽ᠪᠡᠭᠡᠵᠢᠩ ᠠᠴᠠ ᠬᠠᠮᠤᠭ | ᠤᠶᠢᠷᠠᠬᠠᠨ ᠲᠠᠯ᠎ᠠ ᠨᠤᠳᠤᠭ︾ ᠬᠡᠮᠡᠭᠳᠡᠭᠰᠡᠨ᠂ ᠬᠤᠷᠸ᠎ᠠ ᠳᠤ ᠬᠤᠪᠤᠷᠬᠠᠨ ᠠᠯᠳᠠᠨ ᠲᠢᠳᠢᠮ ᠲᠠᠢ ᠬᠦᠨᠪᠤᠯᠠᠭ ᠨᠤᠳᠤᠭ | ᠮᠢᠨᠢ ᠵᠤᠭᠠᠴᠠᠯ ᠢᠶᠠᠷ ᠨᠤᠳᠤᠭ ᠢᠶᠠᠨ ᠮᠠᠨᠳᠤᠭᠤᠯᠵᠤ᠂ ᠵᠤᠭᠠᠴᠠᠯ ᠢᠶᠠᠷ ᠠᠷᠠᠳ ᠢᠶᠠᠨ ᠪᠠᠶᠠᠵᠢᠭᠤᠯᠬᠤ ᠲᠠᠷᠳᠠᠩ | ᠬᠠᠷᠭᠤᠢ ᠳᠤ ᠵᠢᠯᠤᠭᠤ ᠰᠤᠩᠭᠠᠨ ᠲᠤᠪᠳᠤᠯᠤᠨᠠᠮ᠃ |