ᠮᠠᠯᠠᠭᠠᠢ ᠶᠢᠨ ᠰᠦᠮ᠎ᠡ  ︵ᠪᠦᠷᠢᠨ ᠠᠮᠤᠭᠤᠯᠠᠩᠳᠤ ᠰᠦᠮ᠎ᠡ ︶
ᠨᠡᠶᠢᠲᠡᠯᠡᠭᠰᠡᠨ ᠴᠠᠭ᠄
2018/8/20
   ᠳᠠᠶᠢᠹᠦᠰᠧ ᠬᠤᠰᠢᠭᠤᠨ ᠤ ᠬᠦᠨᠪᠤᠯᠠᠭ ᠰᠤᠮᠤᠨ ᠤ ᠬᠠᠰᠢᠶᠠᠳᠤ ᠭᠠᠴᠠᠭᠠᠨ ᠤ ᠨᠤᠳᠤᠭ ᠲᠤ  ᠪᠠᠶᠢᠷᠢᠯᠠᠭ᠎ᠠ ᠮᠠᠯᠠᠭᠠᠢ ᠶᠢᠨ ᠰᠦᠮ᠎ᠡ ᠪᠤᠯ ᠬᠤᠶᠠᠷ ᠵᠠᠭᠤ ᠭᠠᠷᠤᠢ ᠵᠢᠯ ᠤᠨ ᠳᠡᠤᠭᠡ ᠲᠠᠢ ᠡᠷᠳᠡᠨ ᠤ ᠰᠦᠮ᠎ᠡ ᠶᠤᠮ᠃  ᠴᠢᠩ ᠤᠯᠤᠰ ᠤᠨ ᠡᠩᠭᠡ ᠠᠮᠤᠭᠤᠯᠠᠩ ᠤᠨ ᠰᠡᠭᠦᠯᠴᠢ ᠶᠢᠨ ᠦᠶ᠎ᠡ ᠠᠴᠠ  ᠡᠬᠢᠯᠡᠨ ᠪᠠᠶᠢᠭᠤᠯᠵᠤ᠂ ᠨᠡᠶᠢᠷᠡᠯᠳᠦ  ᠳᠦᠪ ᠤᠨ ᠬᠤᠶᠠᠳᠤᠭᠠᠷ ᠤᠨ ︵1724᠎ ᠤᠨ︶ ᠎ ᠳᠤ  ᠪᠠᠷᠢᠯᠭ᠎ᠠ  ᠲᠠᠭᠤᠰᠬᠠᠵᠠᠢ᠃  ᠡᠨᠡ  ᠰᠦᠮ᠎ᠡ ᠶᠢᠨ ᠲᠠᠩᠰᠠ ᠡᠪᠭᠡᠮᠡᠯ ᠎ ᠳᠤ ᠤᠷᠤᠭᠰᠠᠨ ᠯᠠᠮᠠ 428  ᠪᠠᠶᠢᠪᠠ᠃ ᠡᠨᠡ  ᠲᠤᠬᠠᠢ 1930 ᠤᠨ ᠳᠤ  ᠪᠢᠴᠢᠭᠳᠡᠭᠰᠡᠨ ︽ᠴᠠᠬᠠᠷ ᠮᠤᠵᠢ ᠎ ᠶᠢᠨ ᠨᠡᠪᠳᠡᠷᠭᠡᠢ ᠲᠡᠮᠳᠡᠭᠯᠡᠯ︾᠎ ᠳᠤ  ᠄ ︽ᠮᠠᠯᠠᠭᠠᠢ ᠶᠢᠨ ᠰᠦᠮ᠎ᠡ ᠲᠦᠷᠪᠡᠨ ᠵᠠᠭᠤ ᠬᠤᠷᠢᠨ ᠨᠠᠢᠮᠠᠨ ᠯᠠᠮᠠ ᠲᠠᠢ᠂  ᠰᠦᠮ᠎ᠡ ᠶᠢᠨ ᠲᠠᠷᠢᠶ᠎ᠠ ᠵᠢᠷᠠᠨ ᠴᠢᠩ  ᠃ ᠲᠤᠮᠳᠠ ᠰᠦᠮ᠎ᠡ ᠵᠢᠷᠠᠨ ᠬᠤᠶᠠᠷ ᠵᠢᠷᠠᠨ ᠬᠤᠶᠠᠷ ᠯᠠᠮᠠ ᠲᠠᠢ᠂ ᠰᠦᠮ᠎ᠡ ᠶᠢᠨ ᠲᠠᠷᠢᠶ᠎ᠠ ᠭᠤᠴᠢᠨ ᠴᠢᠩ  ᠃  ᠲᠡᠭᠡᠷᠡᠬᠢ ᠬᠤᠶᠠᠷ ᠰᠦᠮ᠎ᠡ ᠨᠡᠶᠢᠳᠡ ᠲᠦᠷᠪᠡᠨ ᠵᠠᠭᠤ ᠶᠡᠷᠡᠨ ᠯᠠᠮᠠ  ᠎ ᠲᠠᠢ᠂ ᠰᠦᠮ᠎ᠡ ᠎ ᠶᠢᠨ ᠲᠠᠷᠢᠶ᠎ᠠ ᠶᠡᠷᠡᠨ ᠴᠢᠩ  ︾ ᠬᠡᠵᠦ ᠲᠡᠮᠳᠡᠭᠯᠡᠭᠰᠡᠨ ᠪᠠᠶᠢᠳᠠᠭ᠃ ᠡᠬᠦᠨ ᠠᠴᠠ ᠭᠠᠳᠠᠨ᠎ᠠ ᠱᠠᠪᠢ ᠨᠠᠷ ᠴᠤ ᠤᠯᠠᠨ ᠪᠠᠶᠢᠭᠰᠠᠨ ᠪᠤᠯᠬᠤᠷ᠂ ᠬᠠᠮᠤᠭ ᠤᠨ  ᠬᠦᠭᠵᠢᠯᠳᠡᠢ ᠦᠶ᠎ᠠ ᠎ ᠳᠤ ᠯᠠᠮᠠ  ᠎ ᠶᠢᠨ ᠲᠤᠭ᠎ᠠ ᠨᠢ ᠳᠠᠪᠤᠨ ᠵᠠᠭᠤ  ᠎ ᠠᠴᠠ ᠲᠠᠪᠠᠵᠤ ᠪᠠᠶᠢᠵᠠᠢ᠃ 1937 ᠤᠨ ᠳᠤ 139 ᠯᠠᠮᠠ  ᠎ ᠲᠠᠢ  ︵︽ᠮᠤᠩᠭᠤᠯ ᠬᠡᠯᠡ ᠪᠢᠴᠢᠭ︾ ᠰᠡᠳᠬᠦᠯ᠂ 1980 ᠤᠨ ᠤ 3 ᠳ᠋ᠤᠭᠠᠷ ᠬᠤᠭᠤᠴᠠᠭ᠎ᠠ ᠳᠤ ᠪᠤᠢ︶᠂ ᠰᠦᠮ᠎ᠡ ᠶᠢᠨ ᠵᠤᠯᠠ  ᠬᠦᠵᠢ ᠶᠢᠨ ᠲᠠᠷᠢᠶ᠎ᠠ 60 ᠴᠢᠩ ᠭᠠᠵᠠᠷ ᠢ  ᠴᠠᠪ ᠨᠠᠭᠤᠷ ᠤᠨ ᠤᠷᠴᠢᠨ ᠲᠤᠭᠤᠷᠢᠨ ᠳᠠᠬᠢ ᠲᠠᠷᠢᠶᠠᠴᠢᠳ ᠢ ᠨᠡᠬᠦᠯᠬᠡᠨ ᠠᠪᠴᠢᠷᠠᠵᠤ ᠲᠠᠷᠢᠭᠤᠯᠵᠤ ᠪᠠᠶᠢᠪᠠ᠃  ᠲᠡᠬᠦᠨᠴᠢᠯᠡᠨ ᠠᠳᠤᠭᠤ᠂ ᠦᠬᠡᠷ᠂ ᠬᠤᠨᠢ ᠵᠡᠷᠭᠡ ᠤᠯᠠᠨ ᠮᠠᠯ ᠤᠨᠤᠭ᠎ᠠ ᠲᠠᠢ᠂  ᠲᠤᠰᠬᠠᠢ ᠬᠡᠳᠦᠨ ᠠᠶᠢᠯ ᠳᠤ ᠲᠠᠭᠠᠭᠠᠯᠭᠠᠨ ᠮᠠᠯᠵᠢᠭᠤᠯᠵᠤ ᠪᠠᠶᠢᠪᠠ᠃ ᠪᠠᠰᠠ ᠪᠤᠤᠴᠠᠩ ᠪᠠᠯᠭᠠᠰᠤᠨ ᠳᠤ 40 ᠭᠠᠷᠤᠢ ᠲᠠᠰᠤᠯᠭ᠎ᠠ ᠭᠡᠷ ᠪᠠᠷᠢᠵᠤ᠂ ᠬᠦᠯᠦᠰᠦᠨ ᠮᠦᠩᠬᠦ ᠠᠪᠴᠤ ᠪᠠᠶᠢᠪᠠ᠃ ᠲᠤᠰ ᠰᠦᠮ᠎ᠡ ᠶᠢ ᠠᠩᠬ᠎ᠠ ᠪᠠᠶᠢᠭᠤᠯᠬᠤ ᠳᠠᠭᠠᠨ ᠰᠠᠬᠢᠭᠤᠰᠤᠨ ᠲᠤᠭᠠᠩ᠂᠂ ᠴᠤᠭᠴᠢᠨ ᠲᠤᠭᠠᠩ ︵ᠬᠤᠶᠠᠷ ᠲᠠᠪᠬᠤᠷ ᠠᠰᠠᠷ ᠲᠠᠢ︶᠂ ᠮᠠᠬᠠᠷᠠᠨᠽᠠ ᠶᠢᠨ ᠠᠰᠠᠷ᠂ ᠭᠡᠩᠭᠡᠷᠭᠡ ᠶᠢᠨ ᠬᠤᠶᠠᠷ ᠲᠠᠭᠳᠤ᠂ ᠶᠡᠭᠡ ᠰᠠᠩ ᠤᠨ ᠭᠡᠷ ᠬᠦᠷᠢᠶ᠎ᠡ ᠶᠢ ᠪᠠᠷᠢᠵᠤ ᠲᠠᠭᠤᠰᠬᠠᠭᠠᠳ᠂ ᠬᠤᠵᠢᠮ ᠨᠢ ᠮᠠᠮᠪᠠ᠂ ᠲᠦᠢᠩᠺᠡᠷ᠂ ᠵᠦᠳᠪᠡ᠂  ᠯᠠᠮᠷᠢᠮ ᠵᠡᠷᠭᠡ ᠲᠦᠷᠪᠡᠨ ᠷᠠᠰᠠᠩ ᠪᠠ ᠪᠠᠭ᠎ᠠ ᠰᠠᠩ ᠤᠳ ᠢ ᠲᠤᠰ ᠲᠤᠰ ᠪᠠᠶᠢᠭᠤᠯᠵᠠᠢ᠃  ᠲᠠᠷᠠᠭ᠎ᠠ ᠎ ᠪᠠᠷ ᠨᠢ ᠲᠠᠪᠤᠨ ᠬᠤᠰᠢᠭᠤᠨ ᠤ ᠯᠠᠮᠠ  ᠨᠠᠷ ᠦᠪᠡᠷᠰᠡᠳ ᠢᠶᠠᠨ ᠵᠤᠭᠤᠰ ᠮᠦᠩᠬᠦ ᠲᠠᠳᠠᠵᠤ᠂  ᠯᠠᠮᠠ  ᠨᠠᠷ ᠤᠨ ᠰᠠᠭᠤᠬᠤ ᠪᠠᠶᠢᠷᠢ᠂ ᠬᠦᠪᠡᠭᠡᠳᠦ ᠰᠢᠷ᠎ᠠ᠂ ᠬᠦᠯᠦ ᠴᠠᠭᠠᠨ᠂ ᠬᠦᠪᠡᠭᠡᠳᠦ ᠴᠠᠭᠠᠨ᠂ ᠬᠦᠯᠦ ᠬᠦᠬᠡ ᠶᠢᠨ ᠬᠦᠷᠢᠶ᠎ᠡ ᠪᠠ  ᠠᠭᠳᠠᠨ ᠤ ᠬᠦᠷᠢᠶ᠎ᠡ ᠬᠡᠵᠦ ᠲᠠᠪᠤᠨ  ᠪᠠᠶᠢᠭᠤᠯᠤᠭᠰᠠᠨ ᠪᠠᠶᠢᠨ᠎ᠠ᠃  ᠤᠳᠠᠭᠠᠨ ᠵᠢᠯ ᠤᠨ ᠦᠪ ᠲᠠᠢ  ᠯᠠᠮᠠ  ᠨᠠᠷ ᠲᠤ ᠲᠤᠰᠬᠠᠢ ᠭᠡᠷ ᠬᠦᠷᠢᠶ᠎ᠡ ᠲᠠᠢ᠃  ︽ᠴᠠᠬᠠᠷ ᠮᠤᠵᠢ ᠶᠢᠨ ᠨᠡᠪᠳᠡᠷᠭᠡᠢ ᠲᠡᠮᠳᠡᠭᠯᠡᠯ︾᠎ ᠳᠤ  ᠪᠠᠰᠠ ︽ ᠪᠦᠷᠢᠨ ᠠᠮᠤᠭᠤᠯᠠᠩᠳᠤ ᠰᠦᠮ᠎ᠡ ᠮᠤᠩᠭᠤᠯ ᠬᠦᠮᠦᠨ ᠤ ᠰᠦᠮ᠎ᠡ ᠪᠤᠯᠠᠢ᠂ ᠪᠠᠰᠠ ᠮᠠᠯᠠᠭᠠᠢ ᠶᠢᠨ ᠰᠦᠮ᠎ᠡ ᠬᠡᠮᠡᠮᠤᠢ᠂  ᠰᠢᠶᠠᠨ ᠎ ᠠᠴᠠ ᠡᠮᠦᠨ᠎ᠡ᠂ ᠪᠤᠤᠴᠠᠩ ᠬᠤᠳᠠ ᠠᠴᠠ 30 ᠭᠠᠷᠤᠢ ᠭᠠᠵᠠᠷ ᠵᠠᠶᠢᠳᠠᠢ᠃ ᠸᠠᠭᠠᠷ ᠲᠤᠭᠤᠰᠬ᠎ᠠ ᠶᠢᠨ ᠪᠠᠷᠢᠯᠭ᠎ᠠ ᠪᠤᠯᠤᠨ᠎ᠠ᠃  ᠲᠠᠯᠠᠪᠠᠢ ᠨᠢ 10 ᠮᠤ᠋ ᠤᠷᠴᠢᠮ᠂  ᠡᠬᠦᠳᠡᠨ ᠤ ᠡᠮᠦᠨ᠎ᠡ ᠪᠠᠨ ᠬᠤᠶᠠᠷ ᠴᠢᠭᠠᠩ ᠲᠠᠢ  ᠂ ᠪᠠᠷᠤᠭ 6 ᠬᠤᠤᠰ ᠠᠯᠳᠠ ᠦᠨᠳᠦᠷ  ᠃ ᠨᠡᠶᠢᠳᠡ 8 ᠭᠦᠷᠢᠶ᠎ᠡ ᠲᠠᠢ᠃   60 ᠲᠤᠮᠤ ᠤᠯᠠᠭᠠᠨ ᠲᠤᠯᠭᠠᠭᠤᠷᠢ ᠲᠠᠢ᠃  ᠭᠡᠷ ᠪᠠᠷᠢᠯᠭ᠎ᠠ 130 ᠭᠠᠷᠤᠢ ᠳᠠᠰᠤᠯᠭ᠎ᠠ  ᠂ ᠡᠮᠦᠨ᠎ᠡ ᠬᠤᠶᠢᠨ᠎ᠠ ᠬᠦᠷᠢᠶᠡᠨ ᠤ ᠬᠤᠶᠠᠷ ᠵᠠᠬ᠎ᠠ ᠳᠤ ᠲᠦᠷᠪᠡᠨ ᠬᠡᠩᠭᠡᠷᠭᠡ ᠎ ᠶᠢᠨ ᠲᠠᠭᠳᠤ ᠲᠠᠢ᠂ ᠬᠤᠶᠠᠷ ᠬᠦᠷᠡᠯ ᠠᠷᠰᠯᠠᠨ ᠲᠠᠢ᠃ ᠭᠤᠤᠯ ᠲᠤᠭᠠᠩ 5 ᠲᠠᠰᠤᠯᠭ᠎ᠠ᠂ ᠬᠤᠶᠠᠷ ᠲᠠᠯ᠎ᠠ ᠳᠤ  ᠵᠢᠬᠦᠷ ᠤᠨ ᠰᠦᠮ᠎ᠡ ᠲᠠᠢ᠂ ᠶᠡᠭᠡ ᠪᠠᠭ᠎ᠠ ᠬᠤᠷᠢᠭᠠᠳ ᠪᠤᠷᠬᠠᠨ ᠪᠤᠢ᠃ ᠭᠤᠤᠯ ᠲᠤᠭᠠᠩ ᠤᠨ ᠡᠮᠦᠨ᠎ᠡ ᠮᠤᠩᠭᠤᠯ ᠦᠰᠦᠭ  ᠰᠡᠶᠢᠯᠦᠭᠰᠡᠨ ᠬᠤᠶᠠᠷ ᠴᠢᠯᠠᠭᠤᠨ ᠫᠠᠶᠢᠯᠤᠤᠷ ᠲᠠᠢ᠃ ᠰᠦᠮ᠎ᠡ ᠶᠢᠨ ᠬᠦᠷᠢᠶᠡᠨ ᠳᠤ ᠬᠤᠶᠠᠷ ᠲᠤᠮᠤ ᠮᠤᠳᠤ ᠪᠤᠢ᠃ ᠭᠡᠷ ᠪᠠᠷᠢᠯᠭ᠎ᠠ ᠨᠢ ᠡᠪᠳᠡᠷᠡᠭᠰᠡᠨ ᠦᠬᠡᠢ᠂᠃ ᠦᠷᠬᠦᠯᠵᠢ 350  ᠢᠯᠡᠬᠦᠦ ᠯᠠᠮᠠ  ᠰᠠᠭᠤᠨᠠᠮ᠃ ᠵᠢᠯ ᠪᠦᠷᠢ ᠎ ᠶᠢᠨ  ᠵᠢᠷᠭᠤᠳᠤᠭᠠᠷ ᠰᠠᠷ᠎ᠠ ᠶᠢᠨ ᠠᠷᠪᠠᠨ ᠲᠦᠷᠪᠡᠨ᠎ᠡ ᠬᠤᠯᠠ  ᠤᠶᠢᠷ᠎ᠠ ᠶᠢᠨ ᠯᠠᠮᠠ  ᠨᠠᠷ ᠴᠤᠭᠯᠠᠷᠠᠵᠤ ᠨᠤᠮ ᠬᠤᠷᠠᠮᠤᠢ︾  ᠬᠡᠮᠡᠨ   ᠪᠢᠴᠢᠵᠦ ᠪᠤᠢ  ᠃    ᠮᠠᠯᠠᠭᠠᠢ ᠶᠢᠨ ᠰᠦᠮ᠎ᠡ ᠶᠢᠨ ᠪᠠᠷᠢᠯᠭ᠎ᠠ ᠨᠢ ᠭᠤᠶᠤ ᠰᠦᠷᠯᠢᠭ᠂ ᠠᠷᠤ ᠭᠠᠵᠠᠷ ᠤᠨ ᠰᠦᠮ᠎ᠡ ᠬᠡᠶᠢᠳ ᠤᠨ ᠲᠤᠳᠤᠷ᠎ᠠ ᠪᠠᠨ ᠲᠡᠭᠡᠳᠦ ᠳᠤ  ᠲᠤᠭᠠᠴᠠᠭᠳᠠᠳᠠᠭ ᠪᠠᠶᠢᠪᠠ᠃  ᠨᠡᠩ ᠴᠤ ᠴᠠᠮ ᠤᠨ  ᠪᠠᠭ ᠤᠨ ᠭᠡᠯᠪᠡᠷᠢ ᠲᠦᠷᠰᠦ ᠨᠢ ᠠᠮᠢᠳᠤᠯᠢᠭ ᠮᠦᠷᠳᠡᠭᠡᠨ ᠨᠠᠷᠢᠯᠢᠭ ᠪᠠᠶᠢᠵᠠᠢ  ᠃ ᠰᠦᠮ᠎ᠡ ᠶᠢᠨ ᠪᠠᠷᠠᠭᠤᠨ  ᠲᠠᠯ᠎ᠠ ᠳᠤ ᠨᠢᠬᠡ ᠴᠠᠭᠠᠨ ᠰᠤᠪᠤᠷᠭ᠎ᠠ  ᠪᠠᠶᠢᠳᠠᠭ᠃ ᠲᠤᠰ ᠰᠦᠮ᠎ᠡ ᠳᠤ ᠶᠡᠭᠡ ᠬᠦᠯᠬᠡᠨ ᠰᠤᠳᠤᠷ᠂ ᠮᠤᠩᠭᠤᠯ ᠲᠦᠪᠡᠳ ᠭᠠᠨᠵᠤᠤᠷ  ᠳ᠋ᠠᠩᠵᠤᠤᠷ ᠵᠡᠷᠭᠡ ᠬᠤᠪᠤᠷ ᠴᠤᠬᠠᠭ ᠨᠤᠮ ᠰᠤᠳᠤᠷ ᠪᠦᠷᠢᠨ ᠪᠠᠶᠢᠵᠠᠢ᠃  ᠠᠷᠠᠳ ᠤᠨ ᠲᠤᠳᠤᠷ᠎ᠠ ᠬᠠᠳᠠᠭᠠᠯᠭᠳᠠᠵᠤ ᠪᠠᠶᠢᠭᠰᠠᠨ ᠪᠤᠷᠬᠠᠨ᠂ ᠨᠤᠮ ᠰᠤᠳᠤᠷ᠂ ᠲᠡᠦᠬᠡ ᠶᠢᠨ ᠬᠤᠪᠤᠷ ᠮᠠᠲ᠋ᠧᠷᠢᠶᠠᠯ ᠤᠳ ᠢ ᠪᠦᠷ ᠲᠤᠰ ᠰᠦᠮ᠎ᠡ ᠳᠤ ᠠᠪᠠᠴᠢᠵᠤ ᠲᠠᠯᠪᠢᠭᠰᠠᠨ ᠪᠤᠯᠬᠤᠷ  ᠡᠯ᠎ᠡ ᠵᠦᠢᠯ ᠤᠨ ᠨᠤᠮ ᠰᠤᠳᠤᠷ ᠲᠤᠩ ᠤᠯᠠᠨ ᠪᠠᠶᠢᠯ᠎ᠠ ᠭᠡᠳᠡᠭ᠃  ᠵᠠᠷᠢᠮ ᠯᠠᠮᠠ  ᠨᠠᠷ ᠯᠾᠠᠰᠠ᠂ ᠠᠩᠳᠤᠤ᠂ ᠯᠠᠪᠷᠠᠩ᠂ ᠬᠦᠮᠪᠦᠮ᠂ ᠪᠠᠳᠺᠠᠷ ᠵᠡᠷᠭᠡ ᠱᠠᠰᠢᠨ ᠲᠡᠯᠭᠡᠷᠡᠭᠰᠡᠨ ᠭᠠᠵᠠᠷ ᠤᠷᠤᠨ ᠨᠤᠭᠤᠳ ᠢᠶᠠᠷ ᠬᠦᠷᠴᠦ ᠨᠤᠮ ᠪᠢᠰᠢᠯᠭᠠᠨ᠂ ᠱᠠᠪᠷᠤᠩ᠂ ᠬᠠᠮᠪᠤ᠂ ᠭᠠᠪᠵᠤ᠂ ᠲᠤᠷᠤᠮᠪᠠ᠂ ᠬᠦᠦᠱᠢ᠂ ᠭᠡᠪᠰᠢ ᠵᠡᠷᠭᠡ ᠴᠤᠯᠠ ᠤᠯᠤᠭᠰᠠᠨ ᠴᠤ ᠤᠯᠠᠨ ᠪᠠᠶᠢᠪᠠ᠃     ᠮᠠᠯᠠᠭᠠᠢ ᠶᠢᠨ ᠰᠦᠮ᠎ᠡ ᠶᠢᠨ ᠵᠡᠷᠭᠡ ᠭᠡᠷᠭᠡᠮ ᠳᠤ  ᠳ᠋ᠠ ᠯᠠᠮᠠ ᠶᠡᠷᠦᠩᠬᠡᠢ ᠳᠤᠨᠢ ᠬᠠᠮᠢᠶᠠᠷᠴᠤ᠂ ᠲᠡᠬᠦᠨ ᠤ ᠲᠤᠤᠷ᠎ᠠ ᠵᠠᠰᠠᠭ ᠵᠠᠬᠢᠷᠭ᠎ᠠ᠂ ᠠᠵᠤ ᠠᠬᠤᠢ ᠶᠢ ᠬᠠᠮᠢᠶᠠᠷᠬᠤ ᠲᠡᠮᠴᠢ᠂ ᠨᠢᠷᠪᠠ ᠬᠡᠵᠦ ᠪᠤᠢ᠃ ᠶᠡᠭᠡ ᠲᠤᠭᠠᠩ ᠤᠨ ᠬᠤᠷᠠᠯ᠂ ᠪᠦᠬᠦ ᠰᠢᠰᠲ᠋ᠧᠮ ᠢ ᠬᠠᠮᠢᠶᠠᠷᠬᠤ ᠭᠡᠪᠬᠦᠢ᠂ ᠰᠤᠭᠴᠢᠨ᠂ ᠤᠮᠵᠢᠳ᠂ ᠭᠡᠶᠦᠭ᠂ ᠴᠠᠪᠢᠷᠢ᠂ ᠭᠤᠨᠢᠷ ᠬᠡᠵᠦ ᠲᠤᠰ ᠲᠤᠰ ᠲᠠᠭᠠᠨ ᠡᠬᠦᠷᠭᠡ ᠬᠠᠷᠢᠭᠤᠴᠠᠯᠭ᠎ᠠ ᠲᠠᠢ ᠪᠠᠶᠢᠵᠤ᠂ ᠴᠠᠭ ᠲᠤᠬᠠᠢ ᠶᠢᠨ ᠬᠤᠷᠠᠯ ᠨᠤᠮ ᠢᠶᠠᠨ ᠠᠯᠳᠠᠯ ᠦᠬᠡᠢ ᠰᠠᠶᠢᠬᠠᠨ ᠪᠠᠶᠢᠷᠢᠯᠠᠭᠤᠯᠤᠭᠰᠠᠨ ᠪᠠᠶᠢᠳᠠᠭ᠃ ᠮᠠᠮᠪᠠ᠂  ᠯᠠᠮᠷᠢᠮ᠂ ᠲᠦᠢᠩᠺᠡᠷ᠂ ᠵᠦᠳᠪᠡ ᠵᠡᠷᠭᠡ ᠶᠢᠨ ᠷᠠᠰᠠᠩ ᠎ ᠨᠢ ᠮᠦᠨ ᠲᠡᠭᠡᠷᠡᠬᠢ ᠵᠤᠬᠢᠶᠠᠨ ᠪᠠᠶᠢᠭᠤᠯᠤᠯᠳᠠ ᠲᠠᠢ ᠠᠳᠠᠯᠢ ᠪᠠᠷ ᠴᠠᠭ ᠴᠠᠭ ᠲᠠᠭᠠᠨ ᠦᠪᠡᠷ ᠤᠨ ᠰᠢᠰᠲ᠋ᠧᠮ ᠤᠨ ᠬᠤᠷᠠᠯ ᠨᠤᠮ ᠢᠶᠠᠨ ᠤᠩᠰᠢᠳᠠᠭ ᠪᠦᠬᠡᠳ ᠲᠤᠰ ᠲᠤᠰ ᠲᠠᠭᠠᠨ ᠠᠵᠤ ᠠᠬᠤᠢ ᠶᠢ ᠡᠷᠬᠢᠯᠡᠳᠡᠭ᠃  ᠮᠠᠮᠪᠠ ᠷᠠᠰᠠᠩ ᠢ ᠰᠦᠭᠯᠡᠭᠰᠡᠨ ᠠᠴᠠ ᠬᠤᠶᠢᠰᠢ ᠲᠦᠪᠡᠳ ᠡᠮᠨᠡᠯᠬᠡ ᠶᠢᠨ ᠤᠬᠠᠭᠠᠨ ᠢ ᠰᠤᠳᠤᠯᠤᠨ ᠰᠢᠨᠵᠢᠯᠡᠵᠦ᠂ ᠤᠶᠢᠩᠽᠤᠩ ᠬᠤᠷᠠᠬᠤ ᠠᠷᠭ᠎ᠠ ᠪᠠᠷ ᠨᠤᠳᠤᠭ ᠤᠨ ᠡᠪᠡᠰᠦᠨ ᠡᠮ ᠢ ᠲᠡᠬᠦᠵᠦ᠂ ᠱᠠᠪᠢ ᠨᠠᠷ ᠲᠠᠭᠠᠨ ᠪᠤᠳᠠᠳᠠᠢ ᠪᠠᠷ ᠦᠵᠡᠬᠦᠯᠦᠨ ᠬᠠᠷᠠᠭᠤᠯᠵᠤ  ᠰᠤᠷᠭᠠᠳᠠᠭ ᠪᠤᠯᠬᠤᠷ  ᠤᠷᠳᠤ ᠤᠳᠠᠭᠠᠨ ᠳᠠᠭᠠᠨ ᠮᠠᠰᠢ ᠤᠯᠠᠨ ᠮᠡᠷᠭᠡᠵᠢᠯ ᠲᠠᠢ ᠡᠮᠴᠢ ᠬᠦᠮᠦᠵᠢᠬᠦᠯᠵᠡᠢ       ᠮᠠᠯᠠᠭᠠᠢ ᠶᠢᠨ ᠰᠦᠮ᠎ᠡ ᠶᠢ ᠪᠤᠯ ᠯᠤᠤ ᠶᠢᠨ ᠮᠠᠩᠨᠠᠢ ᠲᠡᠭᠡᠷ᠎ᠡ ᠪᠠᠶᠢᠭᠤᠯᠤᠭᠰᠠᠨ ᠶᠡᠭᠡ ᠢᠪᠡᠭᠡᠯ ᠲᠠᠢ ᠤᠷᠤᠨ ᠭᠡᠳᠡᠭ᠃ ᠰᠦᠮ᠎ᠡ ᠶᠢᠨ ᠠᠷᠤ  ᠎ ᠳᠤ ᠰᠦᠮ᠎ᠡ ᠶᠢᠨ ᠤᠪᠤᠭ᠎ᠠ ᠪᠤᠢ᠂ ᠡᠬᠦᠨ ᠢ ᠯᠤᠤ  ᠎ ᠶᠢᠨ ᠭᠠᠪᠠᠯᠠ  ᠭᠡᠨ᠎ᠡ᠃ ᠡᠨᠡ  ᠤᠪᠤᠭᠠᠨ ᠤ ᠴᠢᠯᠠᠭᠤᠨ ᠲᠡᠭᠡᠷ᠎ᠡ ᠮᠤᠷᠢᠨ ᠤ ᠲᠤᠭᠤᠷᠠᠢ ᠶᠢᠨ ᠬᠡᠯᠪᠡᠷᠢ ᠲᠠᠢ ᠬᠡᠳᠦ ᠬᠡᠳᠦᠨ ᠰᠡᠶᠢᠯᠦᠮᠡᠯ ᠪᠤᠢ᠂ ᠡᠬᠦᠨ ᠎ ᠢ ᠴᠢᠩᠬᠢᠰ ᠬᠠᠭᠠᠨ ᠠᠶᠠᠨ ᠲᠠᠶᠢᠨ ᠳᠤ ᠶᠠᠪᠤᠬᠤ ᠳᠠᠭᠠᠨ  ᠦᠯᠡᠳᠡᠭᠡᠭᠰᠡᠨ ᠮᠤᠷᠢᠨ ᠤ ᠲᠤᠭᠤᠷᠠᠢ  ᠎ ᠶᠢᠨ ᠮᠦᠷ ᠭᠡᠳᠡᠭ ᠃ ᠰᠦᠮ᠎ᠡ ᠶᠢᠨ ᠡᠮᠦᠨ᠎ᠡ ᠵᠢᠭᠠᠰᠤᠳᠤ ᠨᠠᠭᠤᠷ᠂ ᠮᠡᠯᠡᠬᠡᠶᠢᠳᠦ ᠨᠠᠭᠤᠷ ᠬᠡᠵᠦ ᠬᠤᠶᠠᠷ ᠨᠠᠭᠤᠷ ᠲᠠᠢ᠂ ᠡᠨᠡ  ᠎ ᠨᠢ ᠯᠤᠤ ᠎ ᠶᠢᠨ ᠨᠢᠳᠦ ᠶᠤᠮ ᠬᠡᠨ᠎ᠡ᠃ ᠰᠦᠮ᠎ᠡ ᠠᠴᠠ ᠤᠷᠤᠭᠰᠢ ᠬᠤᠶᠠᠷ ᠨᠠᠭᠤᠷ ᠢ  ᠬᠠᠮᠠᠷᠯᠠᠨ ᠵᠢᠭᠠᠭᠰᠠᠨ ᠪᠤᠩᠬᠤᠨ ᠰᠢᠷᠡᠭᠡ ᠎ ᠨᠢ ᠯᠤᠤ ᠶᠢᠨ ᠬᠠᠮᠠᠷ᠂ ᠡᠬᠦᠨ ᠠᠴᠠ ᠡᠮᠦᠨ᠎ᠡ ᠪᠠᠶᠢᠭ᠎ᠠ ᠪᠦᠮᠪᠦᠭᠡᠷ ᠠᠭᠤᠯᠠ — ᠶᠠᠷᠨᠠᠢ ᠶᠢᠨ ᠤᠪᠤᠭ᠎ᠠ ᠪᠤᠯ ᠯᠤᠤ ᠎ ᠶᠢᠨ ᠠᠮᠠᠨ ᠲᠤᠳᠤᠷᠠᠬᠢ ᠡᠷᠳᠡᠨᠢ ᠶᠢᠨ ᠪᠦᠮᠪᠦᠭᠡ ᠨᠢ᠂ ᠡᠬᠦᠨ ᠤ ᠤᠷᠢᠳᠤᠭᠤᠷ ᠬᠦᠨᠳᠡᠯᠡᠨ ᠤᠷᠤᠰᠬᠤ ᠰᠦᠮ᠎ᠡ ᠶᠢᠨ ᠭᠤᠤᠯ ᠪᠤᠯ ᠯᠤᠤ ᠶᠢᠨ ᠰᠠᠬᠠᠯ ᠶᠤᠮ ᠬᠡᠨ᠎ᠡ᠃       ᠮᠠᠯᠠᠭᠠᠢ ᠶᠢᠨ ᠰᠦᠮ᠎ᠡ ᠶᠢ ᠪᠠᠶᠢᠭᠤᠯᠤᠭᠰᠠᠨ ᠲᠤᠬᠠᠢ ᠬᠤᠶᠠᠷ ᠤᠯᠠᠮᠵᠢᠯᠠᠯ ᠶᠠᠷᠢᠶ᠎ᠠ ᠪᠠᠶᠢᠳᠠᠭ᠃  ᠨᠢᠬᠡ ᠨᠢ᠂ ᠡᠷᠳᠡ ᠤᠷᠢᠳᠤ ᠶᠢᠨ ᠴᠠᠭ ᠲᠤ ᠮᠠᠨᠵᠤ ᠶᠢᠨ ᠡᠩᠬᠡ ᠠᠮᠤᠭᠤᠯᠠᠩ ᠬᠠᠭᠠᠨ ᠡᠯᠵᠢᠬᠡ ᠤᠨᠤᠵᠤ᠂ ᠡᠯ᠎ᠡ ᠭᠠᠵᠠᠷ ᠢ  ᠲᠤᠭᠤᠷᠢᠨ ᠪᠠᠶᠢᠴᠠᠭᠠᠵᠤ ᠶᠠᠪᠤᠭᠰᠠᠭᠠᠷ ᠠᠳᠡ ᠬᠦᠷᠴᠦ ᠢᠷᠡᠵᠡᠢ᠂  ᠲᠤᠰ ᠭᠠᠵᠠᠷ ᠤᠨ ᠠᠭᠤᠯᠠ  ᠤᠰᠤᠨ ᠤ ᠤᠷᠤᠰᠢᠯ᠂ ᠭᠠᠵᠠᠷ ᠤᠨ ᠪᠠᠶᠢᠴᠠ ᠶᠢ ᠰᠢᠨᠵᠢᠵᠦ ᠦᠵᠡᠭᠡᠳ ᠶᠡᠬᠡᠳᠡ ᠰᠤᠴᠢᠵᠤ  ︽ᠡᠨᠡ  ᠠᠭᠤᠯᠠ  ᠪᠤᠯᠪᠠᠰᠤ ᠯᠤᠤᠰ ᠤᠷᠤᠰᠢᠭᠰᠠᠨ ᠭᠠᠵᠠᠷ ᠪᠤᠯᠠᠢ᠂ ᠲᠡᠭᠷᠢ ᠳᠤᠷ  ᠨᠢᠬᠡᠯᠡ ᠨᠠᠷᠠᠨ ᠪᠠᠶᠢᠵᠤ᠂ ᠲᠡᠯᠡᠬᠡᠢ ᠳᠤᠷ ᠨᠢᠬᠡᠯᠡ ᠡᠵᠡᠨ ᠪᠠᠶᠢᠬᠤ ᠶᠤᠰᠤᠳᠠᠢ᠂ ᠡᠨᠡᠬᠦ ᠠᠭᠤᠯᠠᠨ ᠳᠤᠷ ᠲᠠᠷᠤᠯᠭ᠎ᠠ ᠬᠢᠬᠦ ᠦᠬᠡᠢ ᠪᠤᠯᠪᠠᠰᠤ ᠠᠳᠡ ᠠᠴᠠ ᠶᠡᠬᠡᠰ ᠡᠷᠳᠡᠮᠳᠡᠨ ᠲᠤᠳᠤᠷᠠᠵᠤ᠂ ᠬᠦᠷᠦᠨ ᠲᠦᠷᠦ ᠶᠢ ᠰᠠᠮᠠᠭᠤᠷᠠᠭᠤᠯᠤᠮᠤᠢ︾ ᠭᠡᠮᠡᠨ᠂ ᠶᠠᠪᠤᠬᠤ ᠳᠠᠭᠠᠨ ᠠᠭᠤᠯᠠᠨ ᠡᠩᠬᠡᠷ ︵ᠰᠦᠮ᠎ᠡ ᠎ ᠶᠢᠨ ᠤᠪᠤᠭ᠎ᠠ︶᠎ ᠲᠤ ᠮᠠᠯᠠᠭᠠᠢ ᠪᠠᠨ ᠮᠠᠷᠳᠠᠭᠠᠳ ᠶᠠᠪᠤᠵᠤ ᠬᠡᠨ᠎ᠡ᠃ ᠲᠡᠷᠡᠪᠡᠷ ᠲᠦᠷᠦ ᠳᠡᠭᠡᠨ ᠪᠤᠴᠠᠭᠠᠳ ᠲᠤᠰᠬᠠᠢ ᠮᠡᠷᠭᠡᠨ ᠭᠠᠵᠠᠷ ᠰᠢᠡᠵᠢᠭᠴᠢ ᠶᠢ ᠶᠠᠪᠤᠭᠤᠯᠵᠤ᠂ ᠡᠨᠡᠬᠦ ᠠᠭᠤᠯᠠ ᠶᠢ ᠲᠠᠬᠢᠨ ᠰᠢᠨᠵᠢᠬᠦᠯᠵᠦ ᠬᠡᠨ᠎ᠡ᠃ ᠰᠢᠡᠵᠢᠭᠴᠢ ᠨᠢ ᠢᠷᠡᠵᠦ ᠦᠵᠡᠭᠡᠳ ᠪᠤᠴᠠᠬᠤ ᠳᠠᠭᠠᠨ ᠪᠠᠰᠠ ᠯᠠ ᠮᠠᠯᠠᠭᠠᠢ ᠪᠠᠨ ᠮᠠᠷᠳᠠᠭᠠᠳ ᠶᠠᠪᠤᠵᠠᠢ᠃ ᠲᠡᠭᠡᠭᠡᠳ ᠬᠠᠭᠠᠨ ᠳᠠᠭᠠᠨ ︽ ᠡᠨᠡ  ᠠᠭᠤᠯᠠ  ᠪᠤᠯᠪᠠᠰᠤ ᠯᠤᠤ ᠶᠢᠨ ᠰᠢᠨᠵᠢ ᠲᠠᠢ᠂  ᠯᠤᠤᠰ ᠤᠷᠤᠰᠢᠭᠰᠠᠨ ᠭᠠᠵᠠᠷ ᠪᠤᠯᠠᠢ᠂ ᠯᠤᠤ ᠶᠢᠨ ᠲᠤᠯᠤᠭᠠᠢ ᠶᠢ ᠲᠠᠷᠤᠬᠤ ᠦᠬᠡᠢ ᠪᠤᠯᠪᠠᠰᠤ ᠬᠠᠭᠠᠨ ᠢᠵᠠᠭᠤᠷᠳᠠᠨ ᠲᠦᠷᠦᠵᠦ ᠰᠠᠮᠠᠭᠤᠨ ᠲᠡᠭᠳᠡᠮᠤᠢ︾ ᠭᠡᠮᠡᠨ ᠠᠶᠢᠯᠠᠳᠬᠠᠵᠤ᠂ ᠠᠳᠡ ᠰᠦᠮ᠎ᠡ ᠪᠠᠶᠢᠭᠤᠯᠵᠤ ᠭᠡᠨ᠎ᠡ᠃  ᠨᠦᠬᠦᠭᠡ ᠨᠢ᠂  ᠤᠨ ᠲᠤᠭᠠᠯᠠᠯ ᠤᠨ 1675 ᠤᠨ ᠳᠤ ᠴᠠᠬᠠᠷ ᠯᠢᠭᠳᠡᠨ ᠬᠠᠭᠠᠨ ᠤ  ᠤᠮᠪᠤᠯᠤ  ᠪᠦᠷᠨᠡᠢ ᠴᠢᠩ ᠸᠠᠩ ᠮᠠᠨᠵᠤ ᠶᠢᠨ ᠲᠦᠷᠦ ᠳᠤ ᠤᠷᠪᠠᠯᠭ᠎ᠠ ᠭᠠᠷᠭᠠᠵᠤ ᠢᠯᠠᠭᠳᠠᠭᠠᠳ᠂ ᠮᠠᠨᠵᠤ ᠶᠢᠨ ᠴᠡᠷᠢᠭ ᠲᠤ ᠬᠦᠭᠡᠭᠡᠭᠳᠡᠨ᠂ ᠪᠤᠭᠤᠳᠤ ᠶᠢᠨ ᠲᠠᠯ᠎ᠠ᠂ ᠲᠠᠯᠠᠳᠤ ᠶᠢᠨ ᠲᠠᠯ᠎ᠠ᠂ ᠮᠠᠨᠵᠤ ᠶᠢᠨ ᠦᠯᠦᠩ ᠢᠶᠠᠷ  ᠠᠷᠪᠠᠭᠠᠳ ᠮᠤᠷᠢᠳᠠᠨ ᠢᠶᠠᠨ ᠲᠠᠭᠠᠭᠤᠯᠵᠤ ᠲᠤᠳᠠᠭᠠᠨ ᠭᠠᠷᠴᠤ  ᠢᠷᠡᠵᠡᠢ᠃ ᠰᠦᠮ᠎ᠡ ᠶᠢᠨ ᠡᠮᠦᠨᠡᠬᠢ ᠨᠠᠷᠢᠨ ᠰᠢᠷᠡᠭᠡᠨ ᠲᠡᠭᠡᠷ᠎ᠡ  ᠢᠷᠡᠭᠡᠳ᠂ ᠮᠠᠨᠵᠤ ᠳᠤ ᠤᠷᠪᠠᠵᠤ  ᠪᠦᠷᠨᠡᠢ ᠴᠢᠩ ᠸᠠᠩ ᠢ ᠬᠦᠬᠡᠬᠡᠵᠦ ᠶᠠᠪᠤᠭ᠎ᠠ ᠬᠤᠷᠴᠢᠨ ᠴᠡᠷᠢᠭ ᠤᠨ ᠰᠤᠮᠤᠨ ᠳᠤ ᠰᠢᠷᠬᠠᠳᠤᠵᠤ᠂ ᠤᠪᠤᠭᠠᠨ ᠤ ᠡᠩᠬᠡᠷ ᠲᠤ ᠬᠦᠷᠬᠦ ᠳᠤ ᠮᠠᠯᠠᠭᠠᠢ ᠨᠢ ᠤᠨᠠᠭᠰᠠᠨ ᠎ ᠳᠤ  ︽ᠮᠢᠨᠦ ᠨᠠᠰᠤᠨ ᠬᠤᠳᠤᠭ ᠠᠳᠡ ᠡᠴᠦᠰᠯᠡᠬᠦ  ᠪᠠᠶᠢᠵᠤᠬᠤᠢ︾ ᠭᠡᠮᠡᠨ ᠲᠠᠭᠤᠨ ᠠᠯᠳᠠᠭᠰᠠᠨ ᠪᠠᠶᠢᠵᠠᠢ᠃  ᠪᠦᠷᠨᠡᠢ ᠴᠢᠩ ᠸᠠᠩ ᠨᠦᠭᠴᠢᠭᠰᠡᠨ ᠬᠤᠶᠢᠨ᠎ᠠ  ᠡᠨᠡ ᠨᠤᠳᠤᠭ ᠤᠨ ᠬᠦᠮᠦᠰ  ᠴᠢᠨᠳᠠᠷ ᠢ ᠨᠢ ᠶᠠᠷᠨᠠᠢ  ᠎ ᠶᠢᠨ ᠤᠪᠤᠭᠠᠨ ᠎ ᠳᠤ ᠪᠤᠮᠪᠠᠯᠠᠭᠰᠠᠨ ᠪᠦᠬᠡᠳ  ᠪᠦᠷᠨᠡᠢ ᠶᠢ ᠲᠤᠷᠠᠰᠬᠠᠬᠤ ᠶᠢᠨ ᠲᠤᠯᠠ ᠠᠭᠤᠯᠠᠨ ᠤ ᠡᠩᠬᠡᠷ ᠲᠤ ᠰᠦᠮ᠎ᠡ ᠪᠠᠶᠢᠭᠤᠯᠤᠨ᠂ ᠰᠤᠭᠴᠢᠨ ᠲᠤᠭᠠᠩ ᠤᠨ ᠲᠡᠭᠡᠳᠦ ᠠᠰᠠᠷ ᠤᠨ ᠲᠡᠭᠡᠪᠦᠷ ᠲᠡᠭᠡᠷ᠎ᠡ ᠲᠡᠬᠦᠨ ᠤ ᠬᠦᠷᠦᠭ ᠢ ᠱᠤᠭᠤᠵᠤ᠂ ᠮᠠᠯᠠᠭᠠᠢ ᠤᠨᠠᠭᠰᠠᠨ ᠭᠠᠵᠠᠷ ᠨᠢ ᠴᠠᠭᠠᠨ ᠰᠤᠪᠤᠷᠭ᠎ᠠ ᠪᠤᠰᠬᠠᠵᠤ᠂ ᠰᠢᠷᠬᠠᠳᠤᠵᠤ ᠴᠢᠰᠤ ᠲᠤᠰᠤᠯᠠᠭᠰᠠᠨ ᠭᠠᠵᠠᠷ ᠪᠤᠯᠬᠤ ᠨᠠᠷᠢᠨ ᠰᠢᠷᠡᠭᠡᠨ ᠤ ᠭᠤᠤᠯ ᠳᠤᠨᠢ ᠤᠪᠤᠭ᠎ᠠ ᠪᠤᠰᠬᠠᠵᠤ ᠲᠠᠬᠢᠭᠰᠠᠨ ᠬᠡᠨ᠎ᠡ᠃   ᠲᠡᠭᠡᠭᠡᠳ ᠪᠠᠶᠢᠭᠤᠯᠤᠭᠰᠠᠨ ᠰᠦᠮ᠎ᠡ ᠪᠠᠨ ᠮᠠᠯᠠᠭᠠᠢ ᠶᠢᠨ ᠰᠦᠮ᠎ᠡ ᠬᠡᠵᠦ ᠨᠡᠷᠡᠯᠡᠭᠡᠳ  ᠂ ᠮᠠᠨᠵᠤ ᠶᠢᠨ ᠲᠦᠷᠦ ᠳᠤ ᠮᠡᠳᠡᠬᠦᠯᠬᠦ ᠳᠤ ᠮᠠᠨᠵᠤ ᠶᠢᠨ  ᠬᠠᠭᠠᠨ ᠠᠴᠠ ︽ᠪᠦᠷᠨᠡᠢ ᠶᠢ ᠲᠠᠷᠤᠭᠰᠠᠨ ᠠᠴᠠ ᠬᠤᠶᠢᠰᠢ ᠴᠠᠬᠠᠷ ᠨᠤᠳᠤᠭ ᠪᠦᠷᠢᠨ ᠠᠮᠤᠭᠤᠯᠠᠩ ᠪᠤᠯᠤᠭᠰᠠᠨ ᠲᠤᠯᠠ  ᠪᠦᠷᠢᠨ ᠠᠮᠤᠭᠤᠯᠤᠩᠳᠤ ᠰᠦᠮ᠎ᠡ ᠬᠡᠵᠦ ᠨᠡᠷᠡᠯᠡᠳᠦᠬᠡᠢ︾ ᠭᠡᠮᠡᠨ ᠵᠠᠷᠯᠢᠭ ᠪᠠᠭᠤᠯᠭᠠᠵᠤ᠂  ︽ᠵᠠᠷᠯᠢᠭ ᠢᠶᠠᠷ ᠪᠠᠶᠢᠭᠤᠯᠤᠭᠰᠠᠨ ᠪᠦᠷᠢᠨ ᠠᠮᠤᠭᠤᠯᠠᠩᠳᠤ ᠰᠦᠮ᠎ᠡ︾ ᠭᠡᠰᠡᠨ  ᠠᠯᠳᠠᠨ ᠦᠰᠦᠭᠳᠦ ᠪᠢᠴᠢᠭᠡᠰᠦ ᠦᠭᠴᠠᠢ᠂ ᠭᠡᠪᠡᠴᠦ ᠠᠳᠡᠬᠢ ᠬᠦᠮᠦᠰ ᠨᠤᠭᠤᠷᠠᠰᠢ ᠦᠬᠡᠢ ᠪᠠᠭᠠᠳᠤᠷ ᠪᠦᠷᠨᠠᠢ ᠴᠢᠩ ᠸᠠᠩ ᠢᠶᠠᠨ ᠲᠤᠷᠠᠰᠬᠠᠵᠤ᠂ ᠦᠶ᠎ᠡ ᠶᠢᠨ ᠦᠶ᠎ᠡ ᠳᠡᠭᠡᠨ ︽ ᠮᠠᠯᠠᠭᠠᠢ ᠎ ᠶᠢᠨ ᠰᠦᠮ᠎ᠡ︾  ᠬᠡᠮᠡᠨ ᠨᠡᠷᠡᠯᠡᠨ ᠲᠠᠭᠤᠳᠠᠵᠤ᠂  ᠰᠢᠳᠦᠨ ᠲᠠᠬᠢᠵᠤ ᠢᠷᠡᠭᠰᠡᠨ ᠪᠠᠶᠢᠨ᠎ᠠ᠃      ᠮᠠᠯᠠᠭᠠᠢ ᠶᠢᠨ ᠰᠦᠮ᠎ᠡ ᠶᠢᠨ ᠭᠤᠤᠯ ᠲᠤᠭᠠᠩ ᠤᠨ ᠲᠡᠭᠡᠷ᠎ᠡ ᠠᠰᠠᠷ ᠲᠤ ᠪᠠᠰᠠ ᠨᠢᠬᠡ ᠱᠤᠭᠤᠮᠠᠯ ᠬᠦᠷᠦᠭ  ᠪᠠᠶᠢᠵᠠᠢ᠃  ᠡᠬᠦᠨ ᠢ ᠬᠤᠶᠠᠳᠤᠭᠠᠷ ᠲᠦᠷᠢ ᠶᠢᠨ ᠵᠠᠩᠵᠢᠶ᠎ᠠ ᠬᠤᠳᠤᠭᠳᠤ ᠷᠤᠯᠪᠢᠳᠤᠷᠵᠢ ᠶᠢᠨ ᠬᠦᠷᠦᠭ ᠭᠡᠳᠡᠭ᠃  ︽ᠰᠤᠶᠤᠯ ᠤᠨ ᠶᠡᠭᠡ ᠬᠤᠪᠢᠰᠬᠠᠯ︾᠎ ᠤᠨ ᠦᠶᠡᠰ ᠲᠤᠰ ᠰᠦᠮ᠎ᠡ ᠶᠢ ᠨᠤᠷᠠᠭᠠᠭᠰᠠᠨ ᠳᠤ ᠲᠡᠷᠡ  ᠬᠦᠷᠦᠭ ᠤᠨ ᠲᠤᠤᠷ᠎ᠠ ᠮᠠᠯᠠᠭᠠᠢ ᠶᠢᠨ ᠰᠦᠮ᠎ᠡ ᠶᠢ ᠪᠠᠶᠢᠭᠤᠯᠤᠭᠰᠠᠨ ᠲᠠᠩᠰᠠ ᠡᠪᠬᠡᠮᠡᠯ ᠢ ᠰᠢᠷ᠎ᠠ ᠲᠤᠷᠭᠠᠨ ᠲᠡᠭᠡᠷ᠎ᠡ  ᠪᠢᠴᠢᠭᠡᠳ ᠬᠠᠳᠠᠭᠠᠯᠠᠭᠰᠠᠨ ᠪᠠᠶᠢᠵᠠᠢ  ᠂ ᠡᠬᠦᠨ ᠢ ᠵᠠᠶᠠᠭ ᠭᠡᠳᠡᠭ  ᠂ ᠮᠦᠨ ᠤᠷᠪᠠᠯᠭ᠎ᠠ ᠭᠠᠷᠭᠠᠭᠴᠢᠳ ᠦᠬᠡᠶᠢᠬᠢᠵᠦ ᠤᠷᠬᠢᠵᠠᠢ᠃ ᠲᠤᠰ ᠰᠦᠮ᠎ᠡ ᠳᠤ ᠪᠠᠰᠠ ᠨᠢᠬᠡ ᠰᠢᠷ᠎ᠠ ᠡᠷᠢᠶᠡᠨ ᠪᠠᠷᠰ ᠤᠨ ᠠᠷᠠᠰᠤ ᠲᠠᠬᠢᠵᠤ ᠪᠠᠶᠢᠭᠰᠠᠨ ᠨᠢ ᠨᠤᠳᠤᠭ ᠤᠨ ᠨᠢᠬᠡᠨ ᠠᠩᠴᠢᠨ ᠮᠠᠯᠠᠭᠠᠢ ᠶᠢᠨ ᠰᠦᠮ᠎ᠡ ᠳᠤ ᠡᠷᠬᠦᠭᠰᠡᠨ ᠬᠡᠵᠦ ᠶᠠᠷᠢᠳᠠᠭ᠃ ᠬᠤᠨᠢᠨ  ᠎ ᠤ ᠠᠳᠢᠰ ᠡᠪᠡᠳᠴᠢᠨ ᠭᠠᠷᠬᠤ ᠳᠤ ᠡᠨᠡ  ᠪᠠᠷᠰ ᠤᠨ ᠠᠷᠠᠰᠤ ᠶᠢ ᠨᠦᠮᠦᠷᠴᠦ ᠬᠤᠨᠢ ᠪᠠᠨ ᠦᠷᠬᠦᠭᠡᠪᠡᠯ ᠡᠪᠡᠳᠴᠢᠨ ᠨᠢ  ᠠᠷᠢᠯᠤᠨ᠎ᠠ ᠬᠡᠮᠡᠨ ᠰᠦᠰᠦᠭᠯᠡᠵᠦ ᠂  ᠵᠠᠷᠢᠮ ᠠᠶᠢᠯ ᠨᠢ ᠵᠠᠯᠠᠵᠤ ᠠᠪᠠᠴᠢᠭᠠᠳ ᠬᠡᠦᠬᠡᠳ ᠲᠡᠭᠡᠨ ᠨᠦᠮᠦᠷᠦᠬᠦᠯᠵᠦ  ᠬᠤᠨᠢ ᠰᠦᠷᠦᠭ ᠢᠶᠠᠨ ᠦᠷᠬᠦᠭᠡᠳᠡᠭ ᠭᠡᠨ᠎ᠡ᠃         ᠮᠠᠯᠠᠭᠠᠢ ᠶᠢᠨ ᠰᠦᠮ᠎ᠡ ᠨᠢ ᠬᠡᠬᠡᠨ ᠵᠠᠯᠠᠳᠠᠭ ᠦᠬᠡᠢ᠂ ᠰᠦᠮ᠎ᠡ ᠶᠢᠨ ᠠᠯᠢᠪᠠ ᠠᠵᠢᠯ ᠢ ᠳ᠋ᠠ ᠯᠠᠮᠠ ᠬᠠᠷᠢᠭᠤᠴᠠᠨ᠎ᠠ᠃ ᠡᠨᠡ  ᠰᠦᠮ᠎ᠡ ᠳᠤ ᠭᠡᠳᠦᠨ ᠳ᠋ᠠ ᠯᠠᠮᠠ ᠰᠠᠭᠤᠵᠤ ᠦᠩᠭᠡᠷᠡᠭᠰᠡᠨ᠂ ᠭᠡᠨ ᠭᠡᠭᠴᠢ ᠬᠦᠮᠦᠨ ᠪᠠᠶᠢᠯ᠎ᠠ ᠭᠡᠳᠡᠭ ᠢ ᠡᠳᠦᠬᠡ ᠮᠡᠳᠡᠬᠦ ᠪᠠᠷᠢᠮᠳᠠ ᠦᠬᠡᠢ ᠪᠤᠯᠵᠠᠢ᠃ ᠤᠶᠢᠷ᠎ᠠ ᠦᠶ᠎ᠡ ᠶᠢᠨ ᠳ᠋ᠠ ᠯᠠᠮᠠ  ᠎ ᠨᠤᠭᠤᠳ ᠢ ᠲᠤᠷᠠᠳᠪᠠᠯ᠄ ᠵᠠᠩᠵᠠ ᠳ᠋ᠠ ᠯᠠᠮᠠ᠂  ᠬᠦᠩᠭ᠎ᠠ ᠳ᠋ᠠ ᠯᠠᠮᠠ᠂ ᠬᠠᠮᠪᠤ ᠳ᠋ᠠ ᠯᠠᠮᠠ  ᠂ ᠰᠡᠷᠡᠩᠳᠤᠷᠵᠢ ᠳ᠋ᠠ ᠯᠠᠮᠠ  ᠂ ᠴᠤᠶᠢᠳᠤᠷᠵᠢ ᠳ᠋ᠠ ᠯᠠᠮᠠ᠂ ᠰᠠᠳᠪᠠᠽᠠᠷ ᠳ᠋ᠠ ᠯᠠᠮᠠ  ᠂ ᠪᠠᠨᠽᠠᠷᠠᠭᠴᠠ ᠳ᠋ᠠ ᠯᠠᠮᠠ᠂ ᠲᠤᠭᠤᠭᠠᠴᠢ ᠳ᠋ᠠ ᠯᠠᠮᠠ  ᠂ ᠪᠠᠳᠤᠮᠠᠩᠯᠠᠢ ᠳ᠋ᠠ ᠯᠠᠮᠠ᠂ ᠠᠬᠸᠠᠩᠰᠢᠷᠤᠪ ᠳ᠋ᠠ ᠯᠠᠮᠠ  ᠂ ᠲᠤᠳᠤᠭ ᠳ᠋ᠠ ᠯᠠᠮᠠ ᠵᠡᠷᠭᠡ ᠪᠠᠶᠢᠪᠠ᠃ ᠡᠬᠦᠨ ᠠᠴᠠ ᠭᠠᠳᠠᠨ᠎ᠠ᠂ ᠲᠠᠶᠢᠹᠤᠰᠧ ᠵᠡᠬᠦᠨ ᠭᠠᠷ ᠲᠤ ᠲᠤᠷᠤᠮᠪᠠ ᠶᠢᠨ ᠰᠦᠮ᠎ᠡ ᠶᠢᠨ ᠲᠤᠷᠤᠮᠪᠠ᠂ ᠲᠤᠮᠳᠠ ᠯᠠᠮᠠ  ᠎ ᠶᠢᠨ ᠰᠦᠮ᠎ᠡ ᠶᠢᠨ ᠲᠤᠮᠳᠠ ᠯᠠᠮᠠ᠂ ᠬᠤᠯᠤᠳᠤ ᠎ ᠶᠢᠨ ᠰᠦᠮ᠎ᠡ ᠶᠢᠨ ᠰᠠᠬᠠᠯᠳᠤ ᠮᠠᠮᠠ᠂ ᠰᠡᠩᠬᠡ ᠮᠠᠮᠠ᠂ ᠤᠳᠠᠢ ᠶᠢᠨ ᠰᠠᠮᠳᠠᠯᠢᠩ ᠰᠦᠮ᠎ᠡ ᠶᠢᠨ ᠳ᠋ᠠ ᠯᠠᠮᠠ ᠢᠰᠢᠤᠳᠰᠤᠷ᠂ ᠲᠦᠷᠪᠡᠳ ᠤᠨ ᠰᠢᠷ᠎ᠠ ᠮᠦᠷᠡᠨ ᠰᠦᠮ᠎ᠡ ᠶᠢᠨ ᠳ᠋ᠠ ᠯᠠᠮᠠ ᠶᠦᠩᠷᠦᠩᠳᠠᠮᠪᠠ ᠵᠡᠷᠭᠡ ᠶᠡᠬᠡᠰ ᠯᠠᠮᠠ ᠨᠠᠷ ᠪᠠᠶᠢᠵᠤ ᠦᠩᠭᠡᠷᠡᠪᠡ᠃       ᠵᠡᠬᠦᠨ ᠭᠠᠷ ᠲᠠᠶᠢᠹᠤᠰᠧ ᠤᠨ ᠲᠡᠦᠬᠡᠨ ᠭᠠᠯ ᠢ ᠬᠤᠶᠠᠷ ᠵᠠᠭᠤᠭᠠᠳ ᠵᠢᠯ ᠮᠠᠨᠠᠵᠤ ᠰᠡᠬᠦᠶᠢᠭᠰᠡᠨ ᠴᠠᠬᠠᠷ ᠨᠤᠳᠤᠭ ᠤᠨ ᠨᠡᠷᠡᠳᠦ ᠬᠡᠶᠢᠳ ︽ᠮᠠᠯᠠᠭᠠᠢ ᠶᠢᠨ ᠰᠦᠮ᠎ᠡ︾᠎ ᠨᠢ 1958 ᠤᠨ ᠤ ᠶᠡᠭᠡ ᠦᠰᠦᠷᠦᠩᠬᠦᠢ ᠲᠠᠪᠰᠢᠯᠳᠠ ᠎ ᠶᠢᠨ ᠵᠢᠯ ᠨᠤᠷᠠᠭᠠᠭᠳᠠᠵᠤ ᠡᠬᠢᠯᠡᠭᠰᠡᠨ ᠢᠶᠠᠨ 1969 ᠤᠨ ᠳᠤ ︽ᠰᠤᠶᠤᠯ ᠤᠨ ᠬᠤᠪᠢᠰᠬᠠᠯ︾᠎ ᠤᠨ ᠲᠤᠮᠳᠠ  ᠨᠢᠬᠡᠮᠦᠰᠦᠨ ᠡᠪᠳᠡᠭᠳᠡᠨ ᠪᠠᠯᠠᠷᠠᠵᠤ᠂ ᠮᠤᠳᠤ ᠴᠢᠯᠠᠭᠤ ᠶᠢ ᠨᠢ ᠡᠯ᠎ᠡ ᠪᠠᠷᠢᠭᠠᠳᠠ ᠳᠤ ᠬᠤᠪᠢᠶᠠᠨ ᠦᠭᠴᠦ᠂ ᠪᠠᠷᠢᠭᠠᠳᠠ ᠎ ᠶᠢᠨ ᠭᠡᠷ ᠪᠠᠶᠢᠰᠢᠩ᠂  ᠮᠠᠯ ᠤᠨ ᠬᠠᠰᠢᠶ᠎ᠠ ᠰᠠᠷᠠᠪᠴᠢ ᠪᠠᠶᠢᠭᠤᠯᠬᠤ ᠳᠤ  ᠭᠡᠷᠡᠭᠯᠡᠭᠡᠳ᠂ ᠲᠠᠪᠤᠨ ᠬᠦᠭᠰᠢᠨ ᠬᠠᠶᠢᠯᠠᠰᠤ ᠯᠠ ᠰᠦᠮ᠎ᠡ ᠶᠢᠨ ᠪᠠᠭᠤᠷᠢ ᠶᠢ ᠰᠠᠬᠢᠵᠤ ᠬᠤᠴᠤᠷᠤᠭᠰᠠᠨ ᠪᠠᠶᠢᠯ᠎ᠠ᠃  ᠤᠷᠤᠨ ᠨᠤᠳᠤᠭ ᠤᠨ ᠡᠳ᠋ ᠤᠨ ᠵᠠᠰᠠᠭ ᠤᠨ ᠬᠦᠴᠢᠷᠳᠡᠯ ᠵᠡᠷᠭᠡ  ᠎ ᠠᠴᠠ ᠰᠢᠯᠳᠠᠭᠠᠯᠠᠭᠳᠠᠨ᠂ ᠬᠦᠨᠪᠤᠯᠠᠭᠴᠤᠳ ᠤᠨ ᠮᠠᠯᠠᠭᠠᠢ ᠶᠢᠨ ᠰᠦᠮ᠎ᠡ ᠪᠠᠨ ᠰᠡᠷᠬᠦᠭᠡᠨ ᠪᠠᠶᠢᠭᠤᠯᠬᠤ ᠰᠠᠨᠠᠭᠠᠴᠢᠯᠠᠭ᠎ᠠ ᠨᠢ ᠪᠡᠶᠡᠯᠡᠯ ᠢᠶᠠᠨ ᠤᠯᠵᠤ ᠴᠢᠳᠠᠭ᠎ᠠ ᠦᠬᠡᠢ ᠤᠳᠠᠭᠠᠨ ᠵᠢᠯ ᠪᠤᠯᠤᠭᠰᠠᠨ ᠶᠤᠮ᠃ 2004 ᠤᠨ ᠤ ᠬᠠᠪᠤᠷ ᠠᠴᠠ ᠮᠠᠯᠠᠭᠠᠢ ᠶᠢᠨ ᠰᠦᠮ᠎ᠡ ᠶᠢ ᠰᠡᠷᠬᠦᠬᠡᠨ ᠪᠠᠶᠢᠭᠤᠯᠬᠤ ᠠᠵᠢᠯ ᠨᠢ ᠲᠤᠬᠠᠢ ᠶᠢᠨ ᠦᠶ᠎ᠡ ᠎ ᠶᠢᠨ ᠰᠢᠯᠢ ᠶᠢᠨ ᠭᠤᠤᠯ ᠠᠶᠢᠮᠠᠭ ᠤᠨ ᠦᠨᠳᠦᠰᠦᠳᠡᠨ ᠱᠠᠰᠢᠨ ᠰᠤᠷᠳᠠᠬᠤᠨ ᠤ ᠭᠡᠷᠡᠭ ᠡᠷᠬᠢᠯᠡᠬᠦ ᠲᠤᠪᠴᠢᠶ᠎ᠠ ᠶᠢᠨ ᠲᠡᠳ᠋ ᠲᠠᠷᠤᠭ᠎ᠠ ᠪᠠᠷ ᠠᠵᠢᠯᠯᠠᠵᠤ ᠪᠠᠶᠢᠭᠰᠠᠨ ᠲᠤᠳᠤᠪᠠᠶᠠᠷ ᠭᠤᠸᠠᠢ ᠶᠢᠨ ᠮᠤᠬᠤᠰᠢ ᠦᠬᠡᠢ ᠴᠢᠷᠮᠠᠶᠢᠯᠭ᠎ᠠ᠂ ᠲᠠᠶᠢᠹᠤᠰᠧ ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ ᠪᠠ ᠬᠦᠨᠪᠤᠯᠠᠭ ᠰᠤᠮᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠬᠠᠯᠠᠭᠤᠨ ᠲᠡᠮᠵᠢᠯᠬᠡ ᠵᠢᠴᠢ ᠪᠦᠬᠦ ᠨᠤᠳᠤᠭ  ᠨᠢᠬᠡᠳᠡᠳ ᠤᠨ ᠬᠠᠮᠳᠤ ᠶᠢᠨ ᠬᠦᠴᠦᠨ ᠢᠶᠠᠷ ᠡᠬᠢᠯᠡᠨ ᠶᠠᠪᠤᠭᠳᠠᠵᠤ᠂ ᠲᠤᠰ ᠵᠢᠯ ᠤᠨ ᠬᠢᠨᠢ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠰᠦᠮ᠎ᠡ ᠎ ᠶᠢᠨ ᠤᠪᠤᠭ᠎ᠠ ᠪᠠᠨ ᠰᠡᠷᠬᠦᠬᠡᠨ ᠲᠠᠬᠢᠵᠤ᠂  ᠬᠤᠷ᠎ᠠ ᠪᠤᠷᠤᠭ᠎ᠠ ᠠᠰᠬᠠᠷᠠᠵᠤ ᠬᠦᠮᠦᠨ ᠠᠷᠠᠳ ᠪᠠᠶᠠᠰᠤᠯᠴᠠᠭᠰᠠᠨ ᠰᠠᠶᠢᠬᠠᠨ ᠤᠯᠠᠷᠢᠯ ᠳᠤ ᠬᠠᠨᠳᠢᠪ ᠴᠤᠭᠯᠠᠭᠤᠯᠬᠤ ᠠᠷᠭ᠎ᠠ ᠪᠠᠷ ᠰᠦᠮ᠎ᠡ ᠶᠢᠨ ᠪᠠᠷᠠᠭᠤᠨ ᠲᠠᠯ᠎ᠠ ᠳᠠᠬᠢ ᠴᠠᠭᠠᠨ ᠰᠤᠪᠤᠷᠭ᠎ᠠ ᠶᠢ ᠤᠤᠯ ᠤᠷᠤᠨ ᠳᠤᠨᠢ ᠰᠡᠷᠬᠦᠬᠡᠨ ᠪᠠᠶᠢᠭᠤᠯᠤᠭᠰᠠᠨ ᠪᠠᠶᠢᠨ᠎ᠠ᠃  ᠲᠠᠷᠠᠭᠠᠪᠠᠷ ᠨᠢ ᠰᠦᠮ᠎ᠡ  ᠎ ᠶᠢ ᠤᠤᠯ ᠰᠠᠭᠤᠷᠢᠨ ᠲᠡᠭᠡᠷ᠎ᠡ ᠨᠢ ᠰᠡᠷᠬᠦᠬᠡᠨ ᠪᠠᠶᠢᠭᠤᠯᠬᠤ ᠠᠵᠢᠯ ᠬᠤᠶᠠᠭᠳᠤ ᠭᠤᠸᠠᠢ ᠲᠦᠷᠦᠬᠦᠳᠡᠢ ᠮᠠᠯᠠᠭᠠᠢ ᠶᠢᠨ ᠰᠦᠮ᠎ᠡ ᠶᠢ ᠰᠡᠷᠬᠦᠬᠡᠨ ᠪᠠᠶᠢᠭᠤᠯᠬᠤ ᠠᠵᠢᠯ ᠤᠨ ᠨᠡᠶᠢᠬᠡᠮᠯᠢᠭ ᠤᠨ ᠡᠷᠬᠢᠯᠡᠭᠡ ᠪᠠᠷ ᠡᠬᠢᠯᠡᠨ ᠶᠠᠪᠤᠭᠳᠠᠵᠤ᠂ 2006 ᠤᠨ ᠤ 11 ᠰᠠᠷ᠎ᠠ ᠳᠤ ᠮᠠᠶᠢᠳᠠᠷ ᠲᠤᠭᠠᠩ᠂ ᠨᠤᠮ ᠤᠨ ᠲᠤᠭᠠᠩ ᠤᠨ ᠪᠠᠷᠢᠯᠭ᠎ᠠ ᠲᠡᠬᠦᠰᠴᠦ᠂  ᠮᠠᠯᠠᠭᠠᠢ ᠶᠢᠨ ᠰᠦᠮ᠎ᠡ ᠶᠢᠨ ᠡᠬᠦᠳᠡ ᠰᠡᠬᠦᠵᠦ ᠷᠠᠪᠨᠠᠶᠢᠯᠠᠬᠤ ᠶᠤᠰᠤᠯᠠᠯ ᠨᠢ  ᠮᠠᠯᠴᠢᠳ᠂  ᠵᠤᠴᠢᠳ᠂ ᠰᠢᠳᠦᠯᠭᠡᠳᠡᠳ ᠤᠨ ᠢᠷᠦᠭᠡᠯ ᠵᠦᠩᠨᠡᠯ ᠬᠢᠭᠡᠳ ᠯᠠᠮ᠎ᠠ ᠨᠠᠷ ᠤᠨ ᠨᠤᠮ ᠤᠨ ᠲᠠᠭᠤᠨ ᠤ ᠲᠤᠮᠳᠠ ᠦᠪᠡᠳᠡᠭᠰᠢ ᠰᠠᠶᠢᠬᠠᠨ ᠶᠠᠪᠤᠭᠳᠠᠭᠰᠠᠨ ᠪᠠᠶᠢᠨ᠎ᠠ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号