ᠰᠢᠨᠡᠯᠡᠬᠦ
ᠨᠡᠶᠢᠲᠡᠯᠡᠭᠰᠡᠨ ᠴᠠᠭ᠄
2018/7/20
    ᠰᠢᠨ᠎ᠡ ᠶᠢᠨ ᠨᠢᠭᠡᠨ ᠳᠤ ᠦᠷ ᠤᠨ ᠴᠤᠯᠮᠤᠨ ᠢ ᠤᠭᠳᠤᠨ ᠪᠤᠰᠴᠤ ᠴᠠᠢ ᠴᠦ᠋ ᠪᠠᠨ ᠴᠢᠨᠠᠨ᠂ ᠬᠦᠮᠦᠨ ᠪᠤᠯᠭᠠᠨ ᠰᠢᠨ᠎ᠡ ᠬᠤᠪᠴᠠᠰᠤ ᠪᠠᠨ ᠡᠮᠦᠰᠴᠦ ᠭᠤᠶᠤᠯᠠᠨ᠎ᠠ᠃  ᠶᠢᠰᠦ ᠪᠤᠶᠤ ᠨᠠᠶᠠᠨ ᠨᠢᠬᠡᠨ ᠰᠢᠷᠭᠡᠭ ᠲᠡᠷᠡᠰᠦᠨ ᠳᠤ ᠬᠦᠪᠦᠩ ᠎ ᠢᠶᠠᠷ ᠪᠠᠮᠪᠠᠷ ᠤᠷᠢᠶᠠᠵᠤ ᠲᠡᠭᠡᠷ᠎ᠡ ᠨᠢ ᠰᠢᠷ᠎ᠠ ᠲᠤᠰᠤ ᠴᠢᠳᠬᠤᠨ ᠲᠡᠭᠷᠢ ᠶᠢᠨ ᠵᠤᠯᠠ ᠬᠢᠳᠡᠭ᠃ ᠬᠡᠷ ᠤᠨ ᠡᠵᠡᠨ  ᠎ ᠠᠴᠠ ᠵᠤᠯᠠ ᠪᠠᠨ  ᠠᠰᠠᠭᠠᠭᠰᠠᠨ ᠤ ᠲᠠᠷᠠᠭ᠎ᠠ᠂  ᠪᠦᠬᠦᠳᠡᠭᠡᠷ ᠰᠦᠬᠦᠳᠴᠦ ᠲᠡᠭᠷᠢ ᠳᠡᠭᠡᠨ  ᠮᠦᠷᠬᠦᠵᠦ᠂  ᠲᠠᠭᠢᠯᠭ᠎ᠠ ᠂ ᠢᠳᠡᠭᠡᠨ ᠤ ᠲᠡᠭᠡᠵᠢ᠂ ᠠᠷᠢᠬᠢ ᠰᠠᠴᠤᠯᠢ ᠪᠠᠨ ᠵᠦᠭ ᠵᠦᠭ ᠳᠤ ᠡᠷᠬᠦᠵᠦ ᠫᠤᠤᠵᠢᠩ ᠲᠠᠯᠪᠢᠨ ᠪᠠᠶᠠᠰᠤᠯᠴᠠᠨ᠎ᠠ᠃   ᠲᠡᠭᠷᠢ ᠳᠤ ᠮᠦᠷᠬᠦᠵᠦ ᠪᠠᠷᠠᠭᠰᠠᠨ ᠤ ᠲᠠᠷᠠᠭ᠎ᠠ᠂ ᠭᠡᠷ ᠲᠡᠭᠡᠨ ᠤᠷᠤᠵᠤ  ᠬᠠᠷᠢᠯᠴᠠᠨ ᠰᠢᠨᠡᠯᠡᠭᠡᠳ ᠴᠠᠢ ᠪᠠᠨ ᠠᠶᠠᠭᠠᠯᠠᠨ᠎ᠠ᠃   ᠨᠠᠰᠤᠳᠠᠨ  ᠎ ᠢᠶᠠᠨ ᠬᠤᠶᠢᠮᠤᠷ ᠲᠤ ᠵᠠᠯᠠᠨ ᠰᠠᠭᠤᠯᠭᠠᠵᠤ᠂  ᠭᠠᠷ ᠲᠠᠬᠢ ᠬᠠᠳᠠᠭ ᠢᠶᠠᠨ  ᠨᠠᠰᠤᠳᠠᠶᠢᠴᠤᠳ ᠤᠨ ᠪᠠᠷᠢᠭᠰᠠᠨ ᠬᠠᠳᠠᠭ ᠲᠡᠭᠡᠷ᠎ᠡ ᠬᠤᠶᠠᠷ ᠭᠠᠷ ᠢᠶᠠᠷ ᠵᠦᠷᠢᠬᠦᠯᠡᠰᠬᠢᠨ ᠲᠠᠯᠪᠢᠭᠠᠳ  ᠮᠦᠷᠬᠦᠵᠦ ︽ᠠᠪᠤ ᠡᠵᠢ ᠰᠠᠶᠢᠨ ᠰᠢᠨᠡᠯᠡᠪᠡᠦ︖  ︾ ᠬᠡᠬᠦᠴᠢᠯᠡᠨ ᠮᠡᠨᠳᠦᠯᠡᠵᠦ ᠵᠤᠯᠭᠠᠨ᠎ᠠ᠃ ᠲᠡᠭᠡᠷ᠎ᠡ ᠦᠶ᠎ᠡ ᠶᠢᠨ ᠬᠢᠨ ︽ᠰᠠᠶᠢᠨ ᠰᠢᠨᠡᠯᠡᠯ᠎ᠡ᠂ ᠤᠷᠳᠤ ᠨᠠᠰᠤᠯᠠᠵᠤ ᠤᠳᠠᠭᠠᠨ ᠵᠢᠷᠭ᠎ᠠ᠂ ᠨᠠᠷᠠ ᠰᠢᠭ᠋ ᠮᠠᠨᠳᠠ᠂ ᠨᠠᠪᠴᠢ ᠰᠢᠭ᠋ ᠲᠡᠯᠭᠡᠷ︾ ᠭᠡᠬᠦ ᠮᠡᠳᠦ ᠪᠠᠷ  ᠢᠷᠦᠭᠡᠳᠡᠭ᠃ ᠡᠨᠡ ᠮᠡᠳᠦ ᠪᠠᠷ ᠡᠪᠦᠭᠡ ᠡᠮᠡᠭᠡ᠂ ᠠᠪᠤ ᠡᠵᠢ ᠬᠡᠵᠦ ᠲᠠᠷᠠᠭᠠᠯᠠᠨ ᠵᠤᠯᠭᠠᠭᠰᠠᠨ ᠤ ᠲᠠᠷᠠᠭ᠎ᠠ ᠠᠬ᠎ᠠ ᠲᠡᠬᠦᠦ ᠨᠠᠷ ᠴᠤ ᠬᠠᠷᠢᠯᠴᠠᠨ ᠨᠠᠰᠤ ᠲᠠᠷᠠᠭᠠᠯᠠᠨ ᠵᠤᠯᠭᠠᠬᠤ ᠪᠦᠭᠡᠳ ᠠᠬᠠᠰ ᠵᠠᠬᠠᠰ ᠢᠶᠠᠨ ︽ᠮᠤᠷᠢᠯᠠᠵᠤ ᠰᠠᠭᠠᠳᠠ︾ ᠭᠡᠮᠡᠨ  ᠰᠠᠭᠤᠯᠭᠠᠵᠤ ᠵᠤᠯᠭᠠᠳᠠᠭ ᠪᠠᠶᠢᠨ᠎ᠠ᠃ ᠵᠤᠯᠭᠠᠵᠤ ᠪᠠᠷᠠᠪᠠᠯ ᠨᠠᠰᠤᠳᠠᠨ ᠨᠢ ᠭᠡᠦᠭᠡᠳ ᠳᠡᠭᠡᠨ ᠰᠢᠨ᠎ᠡ ᠶᠢᠨ ᠰᠦ ᠠᠮᠰᠠᠭᠤᠯᠤᠨ᠎ᠠ᠃ ᠰᠦ  ᠎ ᠶᠢ  ᠬᠤᠶᠠᠷ ᠭᠠᠷ ᠢᠶᠠᠷ  ᠲᠤᠰᠤᠨ ᠠᠪᠴᠤ ᠠᠮᠰᠠᠭᠠᠳ ᠪᠤᠴᠠᠭᠠᠬᠤ ᠶᠤᠰᠤ ᠲᠠᠢ᠂ ᠲᠠᠷᠠᠭ᠎ᠠ ᠎ ᠨᠢ ᠨᠠᠰᠤᠳᠠᠳ ᠲᠠᠭᠠᠨ ᠠᠷᠢᠬᠢ ᠪᠠᠷᠢᠵᠤ ᠮᠦᠷᠬᠦᠨ᠎ᠡ᠃  ᠬᠡᠷ ᠤᠨ ᠵᠤᠯᠭᠠᠯᠳᠠ ᠲᠠᠭᠤᠰᠪᠠᠯ ᠠᠶᠢᠯ ᠬᠤᠳᠠᠨ ᠳᠠᠭᠠᠨ ᠲᠤᠭᠤᠷᠢᠵᠤ ᠵᠤᠯᠭᠠᠯᠳᠠ ᠬᠢᠨ᠎ᠡ᠃  ᠠᠶᠢᠯ ᠲᠤᠭᠤᠷᠢᠬᠤ ᠳᠠᠭᠠᠨ ᠬᠠᠳᠠᠭ ᠬᠦᠬᠦᠷ ᠢᠶᠠᠨ ᠠᠪᠴᠤ᠂ ᠭᠤᠶᠤᠯᠠᠯ ᠤᠨ ᠬᠤᠪᠴᠠᠰᠤ ᠪᠠᠨ ᠡᠮᠦᠰᠬᠦ ᠪᠦᠭᠡᠳ ︽ᠪᠤᠷᠬᠠᠨ ᠳᠤᠨᠢ ᠮᠦᠷᠬᠦᠵᠦ᠂ ᠪᠤᠭᠤᠷᠤᠯ ᠳᠤᠨᠢ ᠵᠤᠯᠭᠠᠬᠤ  ︾ ᠬᠡᠵᠦ ᠤᠷᠢᠳᠠᠪᠠᠷ ᠵᠠᠪᠠᠯ ᠨᠠᠰᠤᠳᠠᠢ ᠲᠤᠮᠤᠭᠠᠳᠠᠢ ᠬᠦᠮᠦᠰ ᠲᠠᠢ  ᠵᠤᠯᠭᠠᠨ᠎ᠠ᠃ ᠠᠶᠢᠯ ᠤᠨ ᠭᠠᠳᠠᠨ᠎ᠠ ᠤᠴᠢᠪᠠᠯ ᠡᠷᠭᠡᠪᠰᠢ  ᠤᠭᠳᠤᠨ ᠭᠠᠷᠴᠤ᠂  ︽ᠰᠠᠶᠢᠨ ᠰᠢᠨᠡᠯᠡᠪᠡᠦ︾ ᠬᠡᠮᠡᠨ ᠬᠠᠷᠢᠯᠴᠠᠨ ᠮᠡᠨᠳᠦ ᠮᠡᠳᠡᠯᠴᠡᠵᠦ᠂ ᠡᠵᠡᠨ ᠵᠤᠴᠢᠨ ᠬᠠᠷᠢᠯᠴᠠᠨ ︽ᠲᠠ ᠪᠠᠭᠤ᠂ ᠲᠠ ᠪᠠᠭᠤ︾ ᠭᠡᠵᠦ ᠨᠠᠶᠢᠷ ᠲᠠᠯᠪᠢᠯᠴᠠᠨ ᠭᠡᠷ ᠳᠤ ᠤᠷᠤᠳᠠᠭ᠂ ᠨᠠᠰᠤᠳᠠᠢ ᠲᠤᠮᠤᠭᠠᠳᠠᠢ ᠬᠦᠮᠦᠰ ᠢ ᠰᠠᠭᠤᠯᠭᠠᠵᠤ ᠪᠠᠶᠢᠭᠠᠳ ᠬᠠᠳᠠᠭ  ᠪᠠᠷᠢᠵᠤ ᠰᠢᠨᠡᠯᠡᠨ᠎ᠡ᠃  ᠠᠬᠠᠰ ᠵᠠᠬᠠᠰ ᠤᠨ ᠲᠠᠷᠠᠭᠠᠯᠠᠯ ᠢᠶᠠᠷ ᠰᠠᠭᠤᠵᠤ᠂ ᠠᠶᠠᠭᠠᠯᠠᠭᠰᠠᠨ ᠴᠠᠢ ᠴᠠᠭᠠᠨ ᠢᠳᠡᠭᠡᠨ ᠠᠴᠠ ᠠᠮᠰᠠᠵᠤ᠂ ︽ᠰᠢᠨ᠎ᠡ ᠵᠢᠯ ᠰᠠᠶᠢᠬᠠᠨ ᠪᠤᠯᠤᠯ᠎ᠠ  ︾ ᠬᠡᠬᠦ ᠮᠡᠳᠦ ᠪᠡᠯᠭᠡ ᠎ ᠲᠠᠢ ᠦᠬᠡᠰ ᠦᠬᠦᠯᠡᠯᠴᠡᠨ᠂  ᠰᠢᠨ᠎ᠡ  ᠎ ᠶᠢᠨ ᠭᠤᠷᠪᠠᠨ ᠭᠡᠮ  ᠪᠠᠷᠢᠵᠤ ᠶᠤᠰᠤ  ᠬᠦᠢᠴᠡᠳᠭᠡᠨ᠎ᠡ᠃  ᠠᠷᠢᠬᠢ ᠪᠠᠷᠢᠬᠤ ᠎ ᠳᠤ ᠡᠷᠭᠡᠪᠰᠢ ᠲᠤᠪᠴᠢ ᠪᠠᠨ ᠲᠤᠪᠴᠢᠯᠠᠵᠤ᠂ ᠬᠠᠨᠴᠤᠢ ᠪᠠᠨ ᠪᠠᠭᠤᠯᠭᠠᠨ᠂ ᠮᠠᠯᠠᠭᠠᠢ ᠵᠡᠬᠦᠬᠦ ᠬᠡᠷᠡᠭᠳᠡᠢ᠃ ᠲᠤᠭᠤᠷᠢᠬᠤ ᠎ ᠳᠠᠭᠠᠨ ᠠᠶᠢᠯ ᠬᠡᠬᠡᠬᠦ  ᠎ ᠶᠢ  ᠴᠡᠭᠡᠷᠯᠡᠵᠦ᠂ ︽ ᠰᠢᠪᠠᠭᠠᠰᠤ ᠲᠠᠢ ᠭᠡᠷ ᠳᠤ ᠴᠤ  ᠤᠷᠤᠵᠤ᠂ ᠱᠠᠯᠳᠠᠩ ᠬᠦᠮᠦᠨ ᠲᠠᠢ ᠴᠤ  ᠠᠭᠤᠯᠵᠠᠨ᠎ᠠ︾  ᠭᠡᠳᠡᠭ᠃ ᠠᠶᠢᠯ ᠲᠤᠭᠤᠷᠢᠵᠤ ᠰᠢᠨᠡᠯᠡᠬᠦ ᠳᠤ ᠬᠡᠦᠭᠡᠳ ᠲᠤ ᠰᠢᠨ᠎ᠡ ᠶᠢᠨ ᠪᠤᠤᠪᠤ ᠦᠭᠳᠡᠭ᠂ ᠠᠶᠢᠯ ᠤᠨ ᠦᠭᠬᠦᠭᠰᠡᠨ ᠪᠤᠤᠪᠤ ᠶᠢ ᠶᠠᠮᠠᠷ ᠴᠤ ᠭᠤᠯᠤᠯ ᠦᠬᠡᠢ ᠠᠪᠴᠤ  ᠪᠠᠶᠢᠬᠤ ᠶᠤᠰᠤᠳᠠᠢ᠃   ᠰᠢᠨ᠎ᠡ ᠶᠢᠨ ᠨᠢᠭᠡᠨ ᠤ ᠵᠤᠴᠢᠨ ᠠᠶᠢᠯ ᠳᠤ ᠬᠤᠨᠤᠳᠠᠭ ᠦᠬᠡᠢ᠃ ᠬᠤᠳᠠ ᠤᠰᠤᠨ ᠳᠠᠭᠠᠨ ᠰᠢᠨᠡᠯᠡᠭᠰᠡᠨ  ᠎ ᠤ ᠲᠠᠷᠠᠭ᠎ᠠ᠂  ᠲᠦᠷᠦᠯ ᠰᠠᠳᠤᠨ᠂  ᠨᠠᠶᠢᠵᠠ ᠨᠦᠬᠦᠳ  ᠎ ᠲᠠᠢ ᠪᠠᠨ ᠰᠢᠨᠡᠯᠡᠬᠦ ᠪᠠᠷ ᠬᠤᠯᠠ ᠶᠢᠨ ᠵᠤᠯᠭᠠᠯᠳᠠ ᠳᠤ ᠮᠤᠷᠳᠠᠳᠠᠭ᠃ ᠬᠡᠬᠦ ᠲᠠᠭᠠᠨ ᠰᠢᠨ᠎ᠡ ᠶᠢᠨ ᠪᠡᠯᠡᠭ ᠬᠡᠵᠦ ᠠᠷᠢᠬᠢ᠂ ᠪᠤᠤᠪᠤ  ᠂ ᠴᠠᠭᠠᠨ ᠢᠳᠡᠭᠡ ᠭᠠᠨᠵᠤᠭᠠᠯᠠᠵᠤ  ᠶᠠᠪᠤᠨ᠎ᠠ᠃  ᠠᠷᠪᠠᠨ ᠲᠠᠪᠤᠨ ᠎ ᠠᠴᠠ ᠡᠮᠦᠨ᠎ᠡ ᠰᠢᠨ᠎ᠡ ᠶᠢᠨ ᠴᠠᠭᠠᠨ ᠢᠳᠡᠭᠡ ᠶᠢ ᠬᠤᠷᠢᠶᠠᠬᠤ ᠦᠬᠡᠢ ᠬᠡᠪ ᠢᠶᠠᠷ  ᠪᠠᠶᠢᠯᠭᠠᠨ᠎ᠠ᠂ ᠵᠤᠴᠢᠳ ᠴᠤ  ᠪᠤᠯᠬᠤ ᠶᠢᠨ ᠲᠤᠳᠤᠷ᠎ᠠ ᠠᠷᠪᠠᠨ ᠲᠠᠪᠤᠨ ᠠᠴᠠ ᠡᠮᠦᠨ᠎ᠡ  ᠠᠶᠢᠯᠴᠢᠯᠠᠵᠤ ᠲᠤᠭᠤᠷᠢᠳᠠᠭ ᠨᠠᠷᠪᠠᠨ ᠲᠠᠪᠤᠨ ᠦᠩᠭᠡᠷᠡᠪᠡᠯ ᠰᠢᠨ᠎ᠡ ᠬᠠᠭᠤᠴᠢᠷᠠᠵᠤ ᠭᠡᠪ ᠤᠨ ᠪᠠᠶᠢᠳᠠᠯ ᠳᠠᠭᠠᠨ ᠤᠷᠤᠨ᠎ᠠ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号