ᠲᠠᠶᠢᠹᠤᠰᠧ ᠭᠡᠮᠡᠬᠦ ᠨᠡᠷ᠎ᠡ ᠶᠢᠨ ᠢᠷᠡᠯ — ᠲᠠᠶᠢᠹᠤᠰᠧ ᠬᠡᠮᠡᠬᠦ ᠨᠡᠷ᠎ᠡ ᠪᠤᠯ ᠡᠷᠳᠡ ᠤᠷᠢᠳᠤ ᠳᠠᠭᠠᠨ ᠲᠦᠷᠦ | ᠶᠢᠨ ᠰᠠᠶᠢᠳ ᠲᠦᠰᠢᠮᠡᠳ ᠣᠨᠨᠡᠷᠡ ᠪᠠᠶᠢᠭᠰᠠᠨ ᠠᠴᠠ ᠪᠠᠨ ᠠᠯᠪᠠᠨ ᠶᠠᠮᠤᠨ ᠤ ᠨᠡᠷ᠎ᠡ ᠪᠤᠯᠵᠤ᠂ ᠪᠦᠷ ᠰᠡᠭᠦᠯ | ᠳᠡᠭᠡᠨ ᠵᠠᠰᠠᠭ ᠵᠠᠬᠢᠷᠭᠠᠨ ᠤ ᠬᠤᠪᠢᠶᠠᠷᠢ ᠶᠢᠨ ᠨᠢᠭᠡᠴᠢ ᠪᠤᠯᠤᠭᠰᠠᠨ ᠪᠠᠶᠢᠨ᠎ᠠ᠃ ᠳᠤᠮᠳᠠᠳᠤ ᠶᠢᠨ ᠲᠡᠦᠬᠡᠨ᠎ᠡ ᠴᠦᠨ | ᠴᠢᠦ ᠪᠠᠶᠢᠯᠳᠤᠭᠠᠨᠳᠤ ᠤᠯᠤᠰ ᠤᠨ ᠦᠶ᠎ᠡ ᠳᠤ ᠬᠠᠭᠠᠨ ᠤ ᠠᠭᠳᠠ ᠪᠠ ᠠᠭᠳᠠᠨ ᠤ ᠶᠠᠪᠤᠳᠠᠯ ᠢ ᠬᠠᠮᠢᠶᠠᠷᠳᠠᠭ | ᠲᠠᠶᠢᠹᠦ᠋ (太仆) ᠭᠡᠳᠡᠭ ᠲᠦᠰᠢᠮᠡᠯ ᠲᠠᠢ ᠪᠠᠶᠢᠵᠠᠢ᠃ ᠴᠢᠨ ᠤᠯᠤᠰ᠂ ᠬᠠᠨ ᠤᠯᠤᠰ ᠤᠨ ᠦᠶ᠎ᠡ ᠳᠤ | ᠲᠠᠶᠢᠹᠦ᠋ ᠨᠢ ᠬᠠᠭᠠᠨ ᠤ ᠶᠢᠰᠦᠨ ᠲᠦᠰᠢᠮᠡᠯ ᠤᠨ ᠨᠢᠭᠡ ᠪᠠᠶᠢᠪᠠ᠃ ᠤᠮᠠᠷᠠᠳᠤ ᠴᠢ ᠤᠯᠤᠰ ᠤᠨ ᠦᠶ᠎ᠡ | ᠪᠤᠯᠬᠤ ᠳᠤ ᠬᠠᠭᠠᠨ ᠤ ᠠᠭᠳᠠᠨ ᠤ ᠶᠠᠪᠤᠳᠠᠯ ᠢ ᠬᠠᠮᠢᠶᠠᠷᠳᠠᠭ ᠲᠤᠰᠬᠠᠢ ᠶᠠᠮᠤᠨ ᠲᠠᠶᠢᠹᠤᠰᠧ (太仆寺) | ᠪᠤᠢ ᠪᠤᠯᠵᠤ᠂ ᠡᠬᠦᠨ ᠠᠴᠠ ᠬᠤᠶᠢᠰᠢ ᠡᠯ᠎ᠡ ᠲᠦᠷᠦ ᠨᠢ ᠪᠦᠷ ᠲᠠᠶᠢᠹᠣᠰᠧ ᠶᠠᠮᠤᠨ ᠲᠠᠢ ᠪᠠᠶᠢᠪᠠ᠃ ᠮᠠᠨᠵᠤ ᠴᠢᠩ | ᠤᠯᠤᠰ ᠪᠦᠬᠦ ᠳᠤᠮᠳᠠᠳᠤ ᠤᠯᠤᠰ ᠢ ᠨᠤᠶᠠᠷᠬᠠᠭᠰᠠᠨ ᠤ ᠲᠠᠷᠠᠭ᠎ᠠ ᠡᠨ᠋ᠨ ᠨᠡᠷ᠎ᠡ ᠶᠢ ᠮᠦᠨ ᠤᠤᠯ ᠬᠡᠪ ᠢᠶᠠᠷ ᠨᠢ | ᠬᠡᠷᠡᠭᠯᠡᠵᠦ᠂ ᠲᠠᠶᠢᠹᠣᠰᠧ ᠶᠠᠮᠤᠨ ᠪᠠᠶᠢᠭᠤᠯᠤᠭᠠᠳ᠂ ᠲᠤᠰᠬᠠᠶᠢᠯᠠᠨ ᠬᠠᠭᠠᠨ ᠤ ᠠᠳᠤᠭᠤᠨ ᠰᠦᠷᠦᠭ ᠢ | ᠬᠠᠮᠢᠶᠠᠷᠤᠭᠤᠯᠬᠤ ᠪᠤᠯᠤᠭᠰᠠᠨ ᠪᠠᠶᠢᠨ᠎ᠠ᠃ ᠪᠠᠳᠠᠷᠠᠭᠤᠯᠳᠤ ᠲᠦᠷᠦ ᠶᠢᠨ ᠦᠶ᠎ᠡ ᠳᠤ ᠨᠤᠶᠠᠨ ᠤ ᠲᠦᠷᠢᠮ ᠢ | ᠦᠭᠡᠷᠡᠴᠢᠯᠡᠨ ᠲᠠᠶᠢᠹᠤᠰᠧ ᠶᠠᠮᠤᠨ ᠢ ᠲᠠᠷᠬᠠᠭᠠᠵᠤ᠂ ᠲᠡᠬᠦᠨ ᠤ ᠬᠠᠮᠢᠶᠠᠷᠴᠤ ᠪᠠᠶᠢᠭᠰᠠᠨ ᠠᠵᠢᠯ ᠢ ᠬᠠᠭᠤᠷᠠᠢ ᠵᠠᠮ | ᠤᠨ ᠴᠡᠷᠢᠭ ᠤᠨ ᠶᠠᠮᠤᠨ ᠳᠤ ᠰᠢᠯᠵᠢᠬᠦᠯᠦᠨ ᠬᠠᠮᠢᠶᠠᠷᠤᠭᠤᠯᠵᠤ᠂ ᠡᠩᠬᠡ ᠠᠮᠤᠭᠤᠯᠠᠩ ᠤᠨ ᠦᠶ᠎ᠡ ᠬᠦᠷᠦᠭᠡᠳ | ᠮᠤᠩᠭᠤᠯ ᠤᠨ ᠴᠠᠬᠠᠷ ᠠᠶᠢᠮᠠᠭ ᠢ ᠠᠩᠬ᠎ᠠ ᠨᠠᠶᠢᠮᠠᠨ ᠬᠤᠰᠢᠭᠤ ᠪᠤᠯᠭᠠᠨ ᠬᠤᠪᠢᠶᠠᠭᠰᠠᠨ ᠠᠴᠠ ᠬᠤᠶᠢᠰᠢ ᠲᠠᠬᠢᠨ | ᠴᠠᠬᠠᠷ ᠨᠠᠶᠢᠮᠠᠨ ᠬᠤᠰᠢᠭᠤᠨ ᠠᠴᠠ ᠪᠠᠨ ᠠᠶᠢᠯ ᠡᠷᠦᠬᠡ ᠲᠠᠳᠠᠵᠤ᠂ ᠲᠤᠰᠬᠠᠢ ᠠᠳᠣᠭᠤᠨ ᠰᠦᠷᠦᠭ ᠪᠠᠶᠢᠭᠤᠯᠤᠨ | ᠰᠢᠭᠤᠳ ᠲᠠᠶᠢᠹᠣᠰᠧ ᠶᠠᠮᠤᠨ ᠳᠤ ᠵᠠᠬᠢᠷᠣᠭᠤᠯᠵᠤ᠂ ᠲᠡᠬᠦᠨ ᠢᠶᠠᠨ ᠲᠠᠶᠢᠹᠤᠰᠧ ᠵᠡᠬᠦᠨ ᠭᠠᠷ ᠰᠦᠷᠦᠭ ᠪᠠ | ᠲᠠᠶᠢᠹᠣᠰᠧ ᠪᠠᠷᠠᠭᠤᠨ ᠭᠠᠷ ᠰᠦᠷᠦᠭ ᠬᠡᠮᠡᠨ ᠨᠡᠷᠡᠶᠢᠳᠴᠠᠢ᠃ 1950 ᠤᠨ ᠳᠤ᠂ ᠲᠠᠶᠢᠹᠤᠰᠧ ᠵᠠᠬᠦᠨ ᠭᠠᠷ | ᠰᠦᠷᠦᠭ ᠨᠢ ᠪᠤᠤᠴᠠᠩ ᠰᠢᠶᠠᠨ ᠲᠠᠢ ᠨᠡᠶᠢᠯᠡᠨ ᠲᠠᠶᠢᠹᠣᠰᠧ ᠬᠤᠰᠢᠭᠤ ᠪᠤᠯᠵᠤ᠂ ᠪᠤᠤᠴᠠᠩ ᠢᠶᠠᠷ ᠲᠦᠪ ᠪᠤᠯᠭᠠᠪᠠ᠃ | 1958 ᠤᠨ ᠳᠤ ᠴᠠᠬᠠᠷ ᠠᠶᠢᠮᠠᠭ ᠨᠢ ᠰᠢᠯᠢ ᠶᠢᠨ ᠭᠤᠤᠯ ᠠᠶᠢᠮᠠᠭ ᠯᠤᠭ᠎ᠠ ᠨᠢᠭᠡᠳᠦᠨ ᠰᠢᠯᠢ ᠶᠢᠨ ᠭᠤᠤᠯ | ᠠᠶᠢᠮᠠᠭ ᠪᠤᠯᠵᠤ᠂ ᠴᠠᠬᠠᠷ ᠠᠶᠢᠮᠠᠭ ᠤᠨ ᠵᠠᠬᠢᠷᠭ᠎ᠠ ᠨᠢ ᠪᠤᠤᠴᠠᠩ ᠠᠴᠠ ᠰᠢᠯᠢᠩᠬᠤᠳᠠ ᠳᠤ ᠨᠡᠬᠦᠭᠰᠡᠨ ᠠᠴᠠ | ᠠᠪᠤᠭᠠᠳ ᠲᠠᠶᠢᠹᠣᠰᠧ ᠬᠤᠰᠢᠭᠤ ᠨᠢ ᠰᠢᠯᠢ ᠶᠢᠨ ᠭᠤᠤᠯ ᠠᠶᠢᠮᠠᠭ ᠲᠤ ᠬᠠᠷᠢᠶᠠᠯᠠᠭᠳᠠᠬᠤ ᠪᠤᠯᠪᠠ᠃ | ᠲᠠᠶᠢᠹᠤᠰᠧ ᠨᠤᠳᠤᠭ ᠲᠤ ᠲᠦᠷᠪᠡᠨ ᠬᠦᠴᠦᠳᠡᠨ ᠲᠤᠭᠳᠠᠭᠰᠠᠨ ᠭᠠᠵᠠᠷ ᠭᠡᠵᠦ ᠨᠤᠳᠤᠭ ᠤᠨ | ᠪᠤᠭᠤᠷᠤᠯᠴᠤᠳ ᠤᠴᠢᠷᠯᠠᠳᠠᠭ᠃ ᠯᠤᠤ᠂ ᠭᠠᠷᠤᠳᠢ᠂ ᠪᠠᠷᠰ᠂ ᠠᠷᠰᠯᠠᠨ ᠲᠦᠷᠪᠡᠨ ᠬᠦᠴᠦᠳᠡᠨ ᠨᠢ ᠡᠨᠡ ᠨᠤᠳᠤᠭ | ᠤᠨ ᠡᠮᠦᠨ᠎ᠡ᠂ ᠬᠤᠶᠢᠨ᠎ᠠ᠂ ᠵᠡᠬᠦᠨ᠂ ᠪᠠᠷᠠᠭᠤᠨ ᠲᠦᠷᠪᠡᠨ ᠵᠦᠭ ᠢ ᠰᠠᠬᠢᠨ ᠬᠠᠮᠠᠭᠠᠯᠠᠵᠤ ᠪᠠᠶᠢᠳᠠᠭ᠃ ᠲᠦᠷᠪᠡᠨ | ᠬᠦᠴᠦᠳᠡᠨ ᠤ ᠲᠦᠷᠦᠬᠦᠦ ᠪᠤᠯᠬᠤ ᠯᠤᠤ ᠭᠡᠳᠡᠭ ᠨᠢ ᠶᠠᠷᠨᠠᠢ ᠤᠪᠤᠭ᠎ᠠ ᠠᠴᠠ ᠬᠤᠶᠢᠰᠢ ᠬᠦᠨᠳᠡᠢ ᠠᠯᠤᠰᠯᠠᠨ᠂ | ᠵᠡᠬᠦᠨ ᠠᠴᠠ ᠪᠠᠷᠠᠭᠤᠨᠰᠢ ᠬᠦᠨᠳᠡᠯᠢᠳᠦᠭᠰᠡᠨ ᠮᠠᠯᠠᠭᠠᠢ ᠶᠢᠨ ᠰᠦᠮ᠎ᠡ ᠶᠢᠨ ᠠᠭᠤᠯᠠ ᠨᠢᠷᠤᠭᠤᠳ ᠪᠠᠶᠢᠵᠤ᠂ ᠡᠮᠦᠨ᠎ᠡ | ᠬᠢᠵᠠᠭᠠᠷ ᠢ ᠰᠠᠬᠢᠵᠤ ᠪᠠᠶᠢᠷᠢᠰᠢᠵᠠᠢ ᠃ ᠬᠦᠨᠪᠤᠯᠠᠭ ᠰᠤᠮᠤᠨ ᠤ ᠬᠤᠶᠢᠳᠤ ᠪᠡᠶ᠎ᠡ ᠳᠤ ᠪᠠᠶᠢᠷᠢᠯᠠᠭᠰᠠᠨ ᠪᠡᠷᠭᠡ ᠶᠢᠨ | ᠠᠭᠤᠯᠠ ᠶᠢᠨ ᠠᠷᠤ ᠲᠡᠭᠡᠷ᠎ᠡ ᠪᠠᠶᠢᠭ᠎ᠠ ᠬᠠᠨ ᠰᠤᠪᠤᠷᠭ᠎ᠠ ᠪᠤᠯ ᠬᠠᠨ ᠭᠠᠷᠤᠳᠢ ᠨᠢ ᠪᠤᠯᠤᠨ᠎ᠠ᠃ ᠤᠳᠤ ᠶᠢᠨ | ᠾᠧᠪᠸᠢ ᠮᠤᠵᠢ ᠶᠢᠨ ᠵᠠᠩᠪᠸᠢ ᠰᠢᠶᠠᠨ ᠤ ᠬᠢᠵᠠᠭᠠᠷ ᠲᠤ ᠪᠠᠶᠢᠭ᠎ᠠ ᠠᠷᠰᠯᠠᠩᠳᠤ ᠠᠭᠤᠯᠠ ᠪᠤᠯ ᠪᠠᠷᠠᠭᠤᠨ ᠬᠢᠵᠠᠭᠠᠷ | ᠢ ᠰᠠᠬᠢᠵᠤ ᠰᠠᠭᠤᠭᠰᠠᠨ ᠠᠷᠰᠯᠠᠨ ᠨᠢ ᠪᠠᠶᠢᠵᠤ᠂ ᠪᠤᠤᠴᠠᠩ ᠤᠨ ᠠᠷᠤ ᠪᠠᠷ ᠬᠦᠨᠳᠡᠯᠢᠳᠦᠨ ᠰᠡᠬᠦᠶᠢᠭᠰᠡᠨ ᠪᠠᠷᠰ | ᠠᠭᠤᠯᠠ ᠪᠤᠯ ᠵᠡᠬᠦᠨ ᠵᠦᠭ ᠤᠨ ᠬᠦᠴᠦᠳᠦ ᠪᠠᠷᠰ ᠨᠢ ᠶᠤᠮ ᠭᠡᠨ᠎ᠡ᠃ | ᠬᠠᠨ ᠰᠤᠪᠤᠷᠭ᠎ᠠ — ᠬᠠᠨ ᠰᠤᠪᠤᠷᠭ᠎ᠠ ᠪᠤᠯ ᠵᠡᠬᠦᠨ ᠭᠠᠷ ᠲᠠᠶᠢᠹᠤᠰᠧ ᠤᠨ ᠦᠨᠳᠦᠷ ᠠᠭᠤᠯᠠ ᠶᠢᠨ ᠨᠢᠬᠡ᠃ | ᠴᠢᠭᠤᠯᠤᠯᠳᠤ ᠬᠠᠭᠠᠯᠭ᠎ᠠ ᠶᠢᠨ ᠠᠷᠤ ᠳᠠᠬᠢ ᠬᠠᠨ ᠠᠭᠤᠯᠠ ᠶᠢᠨ ᠲᠠᠪᠠᠭᠠᠨ ᠳᠤ ᠭᠠᠷᠤᠮᠠᠭᠴᠠ ᠬᠠᠨ ᠰᠤᠪᠤᠷᠭ᠎ᠠ ᠶᠢᠨ | ᠪᠠᠷ᠎ᠠ ᠬᠠᠷᠠᠭᠳᠠᠨ᠎ᠠ᠃ ᠤᠷᠢᠳᠤ ᠶᠢᠨ ᠵᠢᠩᠴᠢᠳ ᠴᠢᠭᠤᠯᠤᠯᠳᠤ ᠬᠠᠭᠠᠯᠭ᠎ᠠ ᠤᠷᠤᠭᠠᠳ ᠪᠤᠴᠠᠬᠤ ᠳᠠᠭᠠᠨ ᠲᠠᠶᠢᠹᠤᠰᠧ | ᠶᠢᠨ ᠬᠠᠨ ᠰᠤᠪᠤᠷᠭ᠎ᠠ ᠬᠠᠷᠠᠭᠳᠠᠯ᠎ᠠ᠂ ᠮᠤᠩᠭᠤᠯ ᠨᠤᠳᠤᠭ ᠤᠨ ᠪᠠᠷ᠎ᠠ ᠦᠵᠡᠭᠳᠡᠪᠡ ᠬᠡᠵᠦ ᠨᠤᠳᠤᠭ ᠤᠰᠤ ᠪᠠᠨ | ᠰᠠᠨᠠᠭᠰᠠᠨ ᠰᠡᠳᠬᠢᠯᠬᠡ ᠪᠠᠨ ᠢᠯᠡᠳᠭᠡᠵᠦ ᠶᠠᠷᠢᠯᠴᠠᠳᠠᠭ ᠪᠠᠶᠢᠵᠠᠢ᠃ ᠡᠨᠡᠬᠦ ᠦᠨᠳᠦᠷ ᠬᠠᠨᠶᠢᠷᠬᠠᠨ ᠲᠡᠭᠡᠷ᠎ᠡ ᠤᠳᠤ ᠴᠤ | ᠭᠡᠳ ᠨᠢᠬᠡᠨ ᠰᠤᠪᠤᠷᠭ᠎ᠠ ᠶᠢᠨ ᠰᠠᠭᠤᠷᠢ ᠮᠡᠳᠡᠭᠳᠡᠳᠡᠭ᠃ ᠲᠤᠮᠤ ᠶᠠᠷᠢᠶᠠᠨ ᠳᠤ ᠡᠷᠳᠡ ᠤᠷᠢᠳᠤ ᠴᠠᠭ ᠲᠤ ᠡᠨᠡ | ᠨᠤᠳᠤᠭ ᠲᠤ ᠨᠢᠬᠡᠨ ᠪᠠᠭᠠᠳᠤᠷ ᠡᠷ᠎ᠡ ᠭᠠᠷᠴᠤ᠂ ᠬᠦᠷᠦᠨ ᠲᠦᠷᠦ ᠳᠤ ᠭᠠᠪᠢᠶ᠎ᠠ ᠵᠢᠳᠬᠦᠯ ᠲᠠᠢ ᠶᠠᠪᠤᠭᠰᠠᠨ ᠢᠶᠠᠷ | ᠲᠡᠬᠦᠨ ᠢ ᠨᠦᠭᠴᠢᠭᠰᠡᠨ ᠬᠤᠶᠢᠨ᠎ᠠ ᠱᠠᠷᠢᠯ ᠢ ᠠᠳᠡ ᠤᠷᠤᠰᠢᠭᠤᠯᠵᠤ᠂ ᠡᠵᠡᠨ ᠬᠠᠭᠠᠨ ᠠᠴᠠ ᠵᠠᠷᠯᠢᠭ ᠪᠠᠭᠤᠯᠭᠠᠨ | ᠰᠤᠪᠤᠷᠭ᠎ᠠ ᠪᠤᠰᠬᠠᠵᠤ ᠭᠠᠪᠢᠶ᠎ᠠ ᠲᠡᠮᠳᠡᠭᠯᠡᠭᠰᠡᠨ ᠢᠶᠠᠷ ᠢᠩᠬᠢᠵᠦ ᠨᠡᠷᠡᠯᠡᠯ᠎ᠡ ᠭᠡᠳᠡᠭ᠃ ᠪᠠᠰᠠ ᠪᠦᠷᠨᠡᠢ ᠴᠢᠩ ᠸᠠᠩ | ᠡᠨᠡ ᠨᠤᠳᠤᠭ ᠲᠤ ᠨᠠᠰᠤ ᠨᠦᠭᠴᠢᠬᠦ ᠳᠤ ᠨᠤᠳᠤᠭ ᠤᠨ ᠬᠦᠮᠦᠰ ᠱᠠᠷᠢᠯ ᠢ ᠶᠠᠷᠨᠠᠢ ᠶᠢᠨ ᠤᠪᠤᠭᠠᠨ ᠳᠤ | ᠤᠷᠤᠰᠢᠭᠤᠯᠵᠠᠢ ᠭᠡᠰᠡᠨ ᠨᠡᠷ᠎ᠡ ᠪᠠᠷ ᠮᠠᠨᠵᠤ ᠠᠴᠠ ᠨᠢᠭᠤᠵᠤ ᠪᠠᠶᠢᠭᠠᠳ᠂ ᠦᠨᠡᠨᠳᠡᠭᠡᠨ ᠪᠡᠷᠭᠡ ᠶᠢᠨ ᠠᠭᠤᠯᠠᠨ ᠤ | ᠠᠷᠤ ᠳᠠᠬᠢ ᠱᠤᠪᠬᠤ ᠠᠭᠤᠯᠠᠨ ᠤ ᠡᠩᠬᠡᠷ ᠲᠤ ᠤᠷᠤᠰᠢᠭᠤᠯᠤᠨ᠂ ᠲᠡᠭᠡᠷ᠎ᠡ ᠨᠢ ᠴᠠᠭᠠᠨ ᠰᠤᠪᠤᠷᠭ᠎ᠠ ᠪᠤᠰᠬᠠᠵᠤ ᠂ | ᠲᠡᠬᠦᠨ ᠢᠶᠠᠨ ᠬᠠᠨ ᠰᠤᠪᠤᠷᠭ᠎ᠠ ᠭᠡᠵᠦ ᠲᠠᠭᠤᠳᠠᠳᠠᠭ ᠭᠡᠰᠡᠨ ᠤᠯᠠᠮᠵᠢᠯᠠᠯ ᠶᠠᠷᠢᠶ᠎ᠠ ᠪᠤᠢ᠃ ᠶᠠᠭᠤ ᠪᠤᠯᠤᠭᠰᠠᠨ ᠴᠤ | ᠬᠠᠨ ᠰᠤᠪᠤᠷᠭ᠎ᠠ ᠪᠤᠯ ᠮᠠᠰᠢ ᠶᠡᠭᠡ ᠪᠡᠷᠭᠡ ᠪᠠᠷᠳᠠᠭ᠎ᠠ ᠲᠠᠢ ᠠᠭᠯᠠᠭ ᠠᠭᠤᠯᠠ ᠪᠠᠶᠢᠪᠠ ᠂ ᠲᠡᠭᠡᠬᠦᠯᠡᠷ ᠠᠷᠤ ᠭᠠᠵᠠᠷ | ᠤᠨ ᠮᠤᠩᠭᠤᠯᠴᠤᠳ ᠪᠦᠷ ᠮᠡᠳᠡᠳᠡᠭ ᠪᠠᠶᠢᠵᠠᠢ᠃ ᠤᠷᠢᠳᠤ ᠪᠡᠭᠡᠵᠢᠩ᠂ ᠤᠳᠠᠢ ᠬᠦᠷᠬᠦ ᠪᠠᠷ ᠶᠠᠪᠤᠬᠤ ᠠᠶᠠᠨᠴᠢᠨ | ᠮᠦᠷᠬᠦᠯᠴᠢᠳ ᠠᠳᠡ ᠢᠷᠡᠪᠡᠯ ᠪᠦᠷ ᠠᠷᠤ ᠬᠠᠩᠭᠠᠢ ︵ᠬᠠᠨ ᠰᠤᠪᠤᠷᠭ᠎ᠠ ᠶᠢ ᠬᠡᠯᠡᠵᠦ ᠪᠤᠢ︶ ᠳᠤ ᠲᠦᠢᠮᠡᠷ ᠲᠠᠢ ᠤᠤ᠂ | ᠪᠠᠶᠠᠨ ᠴᠠᠭᠠᠨ ᠳᠤ ᠤᠰᠤ ᠲᠠᠢ ᠤᠤ ᠬᠡᠵᠦ ᠠᠰᠠᠭᠤᠳᠠᠭ ᠭᠡᠨ᠎ᠡ᠃ | ᠠᠷᠰᠯᠠᠩᠳᠤ ᠠᠭᠤᠯᠠ ᠶᠢᠨ ᠲᠤᠮᠤᠭ — ᠠᠷᠰᠯᠠᠩᠳᠤ ᠠᠭᠤᠯᠠ ︵ᠤᠳᠤ ᠶᠢᠨ ᠾᠧᠪᠸᠢ ᠮᠤᠵᠢ ᠶᠢᠨ | ᠵᠠᠩᠪᠸᠢ ᠰᠢᠶᠠᠨ ᠤ ᠰᠠᠨ ᠬᠤᠤ ᠳ᠋ᠢ ᠳᠤ ᠪᠤᠢ︶ ᠶᠢᠨ ᠡᠩᠬᠡᠷ ᠲᠤ ᠨᠠᠢᠮᠠᠨ ᠲᠤᠬᠤᠢ ᠬᠢᠷᠢᠳᠡᠢ ᠦᠨᠳᠦᠷ ᠨᠢᠬᠡ | ᠴᠤᠩᠨᠤᠶᠢᠭᠰᠠᠨ ᠴᠢᠯᠠᠭᠤᠨ ᠠᠷᠰᠯᠠᠨ ᠪᠠᠶᠢᠵᠠᠢ᠃ ᠡᠨᠡᠬᠦ ᠠᠷᠰᠯᠠᠨ ᠢ ᠲᠠᠶᠢᠹᠤᠰᠧ ᠤᠨ ᠨᠤᠳᠤᠭ ᠠᠴᠠ ᠰᠢᠯᠵᠢᠬᠦᠯᠦᠨ | ᠠᠪᠠᠴᠢᠵᠤ᠂ ᠼᠦᠩ ᠯᠢ ᠰᠢᠶᠠᠨ ᠤ ᠨᠠᠭᠠᠨ᠎ᠠ ᠬᠤᠷᠢᠭᠠᠳ ᠭᠠᠵᠠᠷ ᠤᠨ ᠵᠠᠶᠢᠳᠠᠢ ᠡᠭᠴᠡ ᠬᠠᠳᠠᠳᠤ ᠠᠭᠤᠯᠠ ᠶᠢᠨ | ᠠᠮᠠᠨ ᠳᠤ ᠲᠠᠯᠪᠢᠭᠰᠠᠨ ᠪᠠᠶᠢᠨ᠎ᠠ ᠨᠤᠳᠤᠭ ᠤᠨ ᠠᠬᠠᠮᠠᠳ ᠤᠨ ᠶᠠᠷᠢᠬᠤ ᠪᠠᠷ ᠡᠨᠡᠬᠦ ᠠᠷᠰᠯᠠᠨ ᠤᠤᠯ ᠳᠠᠭᠠᠨ | ᠬᠤᠶᠢᠰᠢ ᠬᠠᠷᠠᠭᠰᠠᠨ ᠪᠠᠶᠢᠳᠠᠭ ᠭᠡᠨ᠎ᠡ᠃ ᠤᠯᠠᠮᠵᠢᠯᠠᠯ ᠶᠠᠷᠢᠶᠠᠨ ᠳᠤ ︽ᠤᠷᠢᠳᠤ ᠴᠠᠭ ᠲᠤ ᠡᠮᠦᠨ᠎ᠡ ᠭᠠᠵᠠᠷ ᠤᠨ | ᠨᠢᠬᠡ ᠶᠢᠯᠸᠢᠴᠢᠨ ᠲᠡᠷᠡ ᠠᠷᠰᠯᠠᠨ ᠢ ᠲᠡᠮᠦᠷ ᠬᠢᠨᠵᠢ ᠪᠠᠷ ᠤᠭᠤᠰᠤᠷᠯᠠᠨ᠂ ᠲᠠᠰᠢᠭᠤᠷᠳᠠᠵᠤ ᠲᠠᠭᠤᠭᠰᠠᠭᠠᠷ ᠶᠠᠪᠤᠵᠠᠢ | ᠃ ᠶᠠᠭ ᠼᠦᠩ ᠯᠢ ᠶᠢᠨ ᠨᠠᠭᠠᠨ᠎ᠠ ᠬᠦᠷᠬᠦ ᠳᠤ ᠲᠠᠶᠢᠹᠤᠰᠧ ᠵᠡᠬᠦᠨ ᠰᠦᠷᠦᠭ ᠤᠨ ᠰᠢᠯᠤᠭᠤᠨ ᠬᠦᠭᠡ | ᠬᠤᠰᠢᠭᠤᠨ ᠤ ᠬᠤᠶᠠᠷ ᠬᠦᠮᠦᠨ ᠤᠯᠵᠤ ᠦᠵᠡᠬᠡᠳ ᠦᠵᠡᠬᠡᠳ ᠲᠤᠪᠳᠤᠯᠭᠠᠨ ᠬᠦᠷᠴᠦ ︽ᠬᠠᠮᠢᠭ᠎ᠠ ᠠᠴᠠ | ᠢᠷᠡᠭᠰᠡᠨ ᠶᠠᠮᠠᠷ ᠠᠶᠤᠮᠰᠢᠭ ᠦᠬᠡᠢ ᠬᠦᠮᠦᠨ ᠮᠠᠨ ᠤ ᠨᠤᠳᠤᠭ ᠤᠨ ᠠᠷᠰᠯᠠᠨ ᠢ ᠲᠠᠭᠤᠵᠤ ᠶᠠᠪᠤᠮᠤᠢ᠂ ᠵᠤᠭᠰᠤ︾ | ᠬᠡᠮᠡᠨ ᠵᠠᠩᠳᠤᠷᠤᠭᠰᠠᠨ ᠳᠤ ᠴᠢᠯᠠᠭᠤᠨ ᠠᠷᠰᠯᠠᠨ ᠴᠤ ᠡᠵᠡᠨ ᠤ ᠪᠠᠨ ᠲᠠᠭᠤ ᠪᠠᠷ ᠪᠤᠴᠠᠨ ᠡᠷᠬᠢᠵᠦ ᠵᠤᠭᠰᠤᠭᠠᠳ ᠂ | ᠲᠠᠬᠢᠵᠤ ᠤᠷᠤᠨ ᠠᠴᠠ ᠪᠠᠨ ᠬᠦᠳᠡᠯᠬᠦ ᠪᠠᠨ ᠪᠤᠯᠢᠭᠰᠠᠨ︾ ᠭᠡᠳᠡᠭ᠃ ᠢᠩᠬᠢᠭᠡᠳ ᠡᠨᠡ ᠠᠷᠰᠯᠠᠨ ᠠᠭᠤᠯᠠᠨ ᠤ | ᠡᠩᠬᠡᠷ ᠠᠴᠠ ᠲᠠᠯ᠎ᠠ ᠲᠡᠭᠡᠷ᠎ᠡ ᠤᠴᠢᠭᠰᠠᠨ ᠶᠤᠮ ᠭᠡᠳᠡᠭ ᠲᠤᠮᠤᠭ ᠶᠠᠷᠢᠶ᠎ᠠ ᠦᠶ᠎ᠡ ᠤᠯᠠᠷᠢᠨ ᠤᠯᠠᠮᠵᠢᠯᠠᠭᠳᠠᠭᠰᠠᠭᠠᠷ | ᠢᠷᠡᠭᠰᠡᠨ ᠪᠦᠬᠡᠳ ᠨᠤᠳᠤᠭ ᠤᠰᠤ᠂ ᠤᠪᠤᠭ᠎ᠠ ᠪᠤᠩᠬᠤᠨ᠂ ᠨᠠᠪᠳᠠᠭ ᠰᠠᠪᠳᠠᠭ ᠴᠤ ᠨᠤᠳᠤᠭ ᠤᠨ ᠡᠵᠡᠨ ᠤ ᠪᠠᠨ | ᠦᠬᠡ ᠶᠢ ᠰᠤᠨᠤᠰᠳᠠᠭ ᠬᠡᠵᠦ ᠬᠡᠯᠡᠳᠡᠭ ᠃ ᠼᠦᠩ ᠯᠢ ᠤᠷᠴᠢᠮ ᠤᠨ ᠲᠠᠷᠢᠶᠠᠴᠢᠳ ᠪᠠᠰᠠ ︽ᠡᠷᠳᠡ ᠴᠠᠭ ᠲᠤ | ᠼᠠᠢ ᠵᠢᠶᠠ ᠶᠢᠩᠽᠢ ᠶᠢᠨ ᠵᠡᠬᠦᠨ ᠠᠭᠤᠯᠠᠨ ᠳᠤ ᠪᠠᠶᠢᠭᠰᠠᠨ ᠴᠢᠯᠠᠭᠤᠨ ᠠᠷᠰᠯᠠᠨ ᠨᠢ ᠲᠠᠯᠠᠢ ᠯᠠᠮᠠ ᠶᠢᠨ ᠲᠤᠭᠤᠷᠢᠨ | ᠶᠠᠪᠤᠵᠤ ᠪᠠᠶᠢᠬᠤ ᠳᠤ ᠲᠠᠭᠠᠭᠠᠳ ᠤᠷᠤᠭᠰᠢ ᠶᠠᠪᠤᠵᠠᠢ᠂ ᠱᠢ ᠽᠢ ᠭᠸᠦ ︵ᠤᠳᠤ ᠠᠷᠰᠯᠠᠨ ᠪᠠᠶᠢᠭ᠎ᠠ ᠭᠠᠵᠠᠷ︶ | ᠬᠦᠷᠬᠦ ᠳᠤ ᠲᠠᠯᠠᠢ ᠯᠠᠮᠠ ᠠᠭᠤᠯᠠ ᠤᠰᠤᠨ ᠤ ᠦᠩᠬᠡ ᠦᠵᠡᠮᠵᠢ᠂ ᠭᠠᠵᠠᠷ ᠤᠷᠤᠨ ᠤ ᠪᠠᠶᠠᠯᠢᠭ ᠢ ᠬᠠᠷᠠᠭᠠᠳ | ᠠᠭᠤᠯᠠ ᠤᠰᠤ ᠬᠦᠭᠡᠷᠡᠨ ᠨᠤᠭᠤᠭᠠᠷᠠᠭᠰᠠᠨ ᠰᠠᠶᠢᠬᠠᠨ ᠭᠠᠵᠠᠷ ᠬᠡᠵᠦ ᠮᠠᠭᠳᠠᠵᠠᠢ᠂ ᠴᠢᠨᠠᠭᠰᠢ ᠼᠦᠩ ᠯᠢ ᠬᠦᠷᠬᠦ | ᠳᠤ ᠭᠠᠵᠠᠷ ᠨᠢ ᠤᠯᠠᠭᠠᠨ ᠢᠶᠠᠷ ᠡᠷᠬᠢᠵᠦ᠂ ᠦᠶᠡᠷ ᠤᠰᠤ ᠪᠠᠭᠤᠵᠤ ᠪᠠᠶᠢᠭᠰᠠᠨ ᠲᠤᠯᠠ ᠲᠡᠷᠡ ᠬᠤᠪᠠᠭ᠋ᠠᠢ ᠠᠭᠤᠯᠠ | ᠬᠤᠭᠤᠰᠤᠨ ᠭᠠᠵᠠᠷ ᠪᠠᠶᠢᠨ᠎ᠠ ᠬᠡᠵᠦ ᠬᠡᠯᠡᠭᠰᠡᠨ ᠳᠤ ᠠᠷᠰᠯᠠᠨ ᠲᠠᠷᠤᠢ ᠪᠤᠴᠠᠵᠤ ᠢᠷᠡᠭᠡᠳ ᠤᠷᠤᠨ ᠳᠠᠭᠠᠨ | ᠵᠤᠭᠰᠤᠯ᠎ᠠ︾ ᠭᠡᠳᠡᠭ᠃ ᠡᠳᠡᠭᠡᠷ ᠨᠢ ᠪᠤᠳᠠᠳᠠᠢ ᠳᠤ ᠨᠡᠶᠢᠴᠡᠬᠦ ᠦᠬᠡᠢ ᠪᠤᠯᠪᠠᠴᠤ᠂ ᠦᠬᠡᠷ᠎ᠡ ᠭᠠᠵᠠᠷ ᠤᠨ ᠬᠦᠮᠦᠰ | ᠶᠠᠮᠠᠷ ᠨᠢᠬᠡ ᠠᠷᠭ᠎ᠠ ᠪᠠᠷ ᠨᠡᠬᠦᠯᠬᠡᠵᠦ ᠰᠢᠯᠵᠢᠬᠦᠯᠦᠭᠰᠡᠨ ᠨᠢ ᠲᠠᠰᠢᠶ᠎ᠠ ᠦᠬᠡᠢ ᠦᠨᠡᠨ ᠤᠴᠢᠷ ᠶᠤᠮ᠃ | ᠦᠴᠢ ᠤᠪᠤᠭ᠎ᠠ ᠪᠤᠯᠤᠨ ᠬᠠᠷ᠎ᠠ ᠨᠢᠳᠦᠨ ᠬᠤᠳᠳᠤᠭ — ᠭᠦᠨᠪᠤᠯᠠᠭ ᠰᠤᠮᠤᠨ ᠤ ᠪᠠᠷᠠᠭᠤᠨ ᠡᠮᠦᠨ᠎ᠡ ᠵᠠᠬ᠎ᠠ | ᠳᠤ ᠪᠠᠶᠢᠷᠢᠯᠠᠵᠤ ᠪᠠᠶᠢᠭ᠎ᠠ ᠨᠢᠭᠡᠨ ᠭᠠᠴᠠᠭ᠎ᠠ ᠶᠢ ᠦᠴᠢ ᠤᠪᠤᠭ᠎ᠠ ᠭᠡᠳᠡᠭ ᠃ ᠲᠤᠰ ᠭᠠᠵᠠᠷ ᠢ ᠡᠷᠳᠡ ᠳᠡᠭᠡᠨ《 | ᠬᠠᠷ᠎ᠠ ᠨᠢᠳᠦᠨ ᠬᠤᠳᠳᠤᠭ》 ᠭᠡᠵᠦ ᠲᠠᠭᠤᠳᠠᠳᠠᠭ ᠪᠠᠶᠢᠪᠠ᠃ ᠲᠡᠦᠬᠡᠨ ᠲᠡᠮᠳᠡᠭᠯᠡᠯ ᠳᠤ《 ᠲᠠᠶᠢᠹᠤᠰᠧ ᠵᠡᠭᠦᠨ | ᠭᠠᠷ ᠰᠦᠷᠦᠭ ᠠᠨᠤ ᠴᠢᠭᠤᠯᠤᠯᠳᠤ ᠬᠠᠭᠠᠯᠭ᠎ᠠ ᠠᠴᠠ ᠵᠡᠭᠦᠨ ᠬᠤᠶᠢᠰᠢ ᠪᠠᠨ ᠵᠠᠭᠤ ᠲᠦᠴᠢᠨ ᠭᠠᠵᠠᠷ ᠤᠨ ᠠᠯᠤᠰ | ᠲᠠᠬᠢ ᠬᠠᠷ᠎ᠠ ᠨᠢᠳᠦᠨ ᠬᠤᠳᠳᠤᠭ ᠲᠤ ᠪᠤᠢ》ᠭᠡᠵᠦ ᠲᠡᠮᠳᠡᠭᠯᠡᠵᠦ ᠪᠠᠶᠢᠳᠠᠭ᠃ ᠲᠡᠶᠢᠹᠤᠰᠧ ᠵᠡᠭᠦᠨ ᠭᠠᠷ ᠰᠦᠷᠦᠭ ᠢ | ᠡᠬᠢᠯᠡᠵᠦ ᠪᠠᠶᠢᠭᠤᠯᠬᠤ ᠠᠴᠠ ᠠᠪᠤᠭᠠᠳ ᠲᠡᠶᠢᠹᠤᠰᠧ ᠵᠡᠭᠦᠨ ᠭᠠᠷ ᠬᠤᠰᠢᠭᠤ ᠪᠠᠶᠢᠭᠤᠯᠤᠬᠳᠠᠬᠤ ︵1675 | —1936︶ ᠬᠦᠷᠳᠡᠯ᠎ᠡ ᠬᠤᠶᠠᠷ ᠵᠠᠭᠤ ᠲᠠᠪᠢ ᠵᠢᠷᠠᠭᠠᠳ ᠵᠢᠯ ᠤᠨ ᠲᠤᠷᠰᠢ ᠵᠡᠭᠦᠨ ᠭᠠᠷ ᠰᠦᠷᠦᠭ ᠤᠨ ᠵᠠᠰᠠᠭ | ᠤᠨ ᠭᠠᠵᠠᠷ ︵ᠲᠠᠮᠠᠭᠠᠨ ᠭᠠᠵᠠᠷ︶ ᠨᠢ ᠬᠤᠰᠢᠭᠤ ᠵᠠᠰᠠᠭ ᠤᠨ ᠭᠠᠵᠠᠷ ᠨᠢ ᠦᠴᠢ ᠤᠪᠤᠭᠠᠨ ᠳᠤ ᠪᠠᠶᠢᠵᠤ ᠂ ᠵᠡᠭᠦᠨ | ᠭᠠᠷ ᠲᠠᠶᠢᠹᠤᠰᠧ ᠤᠨ ᠤᠯᠤᠰ ᠲᠦᠷᠦ᠂ ᠴᠡᠷᠢᠭ ᠵᠠᠰᠠᠭ᠂ ᠠᠵᠤ ᠠᠬᠤᠢ᠂ ᠰᠤᠶᠤᠯ ᠤᠨ ᠲᠦᠪ ᠪᠦᠬᠡᠳ | ᠪᠡᠭᠡᠵᠢᠩ ᠠᠴᠠ ᠮᠤᠩᠭᠤᠯ᠂ ᠤᠷᠤᠰ ᠵᠢᠴᠢ ᠡᠸᠦ᠋ᠷᠦᠫᠠ ᠤᠨ ᠤᠯᠤᠰ ᠤᠳ ᠲᠤ ᠬᠦᠷᠬᠦ ᠠᠷᠠᠯᠵᠢᠶ᠎ᠠ ᠬᠤᠳᠠᠯᠳᠤᠭ᠎ᠠ | ᠪᠠ ᠰᠤᠶᠤᠯ ᠤᠨ ᠰᠤᠯᠢᠯᠴᠠᠭᠠᠨ ᠤ ᠭᠤᠤᠯ ᠵᠠᠮ ᠪᠤᠯᠵᠤ ᠪᠠᠶᠢᠵᠠᠢ᠃ ᠦᠴᠢ ᠤᠪᠤᠭ᠎ᠠ ᠭᠠᠴᠠᠭᠠᠨ ᠤ ᠬᠤᠶᠢᠳᠤ | ᠲᠡᠯ᠎ᠡ ᠳᠤ ᠪᠠᠶᠢᠭ᠎ᠠ ᠦᠨᠳᠦᠷ ᠠᠭᠤᠯᠠ ᠶᠢᠨ ᠤᠷᠤᠢ ᠲᠡᠭᠡᠷ᠎ᠡ ᠪᠠᠶᠢᠭᠤᠯᠤᠬᠰᠠᠨ ᠨᠢᠭᠡᠨ ᠤᠪᠤᠭ᠎ᠠ ᠶᠢ ᠦᠴᠢ | ᠤᠪᠤᠭ᠎ᠠ ᠭᠡᠳᠡᠭ᠃ ᠦᠴᠢ ᠤᠪᠤᠭ᠎ᠠ ᠪᠤᠯ ᠬᠠᠭᠤᠴᠢᠨ ᠲᠠᠶᠢᠹᠤᠰᠧ ᠵᠡᠭᠦᠨ ᠭᠠᠷ ᠰᠦᠷᠦᠭ ︵ᠬᠤᠰᠢᠭᠤ︶ ᠤᠨ | ᠭᠦᠯᠦ ᠴᠠᠭᠠᠨ ᠬᠤᠰᠢᠭᠤᠨ ᠤ ᠰᠢᠳᠦᠭᠡᠨ ᠤᠪᠤᠭ᠎ᠠ ᠪᠤᠯᠤᠨ᠎ᠠ᠃ ᠲᠤᠰ ᠤᠪᠤᠭ᠎ᠠ ᠶᠢ ᠨᠢᠬᠡ ᠦᠶ᠎ᠡ ᠪᠦᠬᠦ ᠵᠡᠭᠦᠨ | ᠭᠠᠷ ᠢᠶᠠᠷ ᠢᠶᠠᠨ ᠲᠠᠬᠢᠵᠦ ᠪᠠᠶᠢᠬᠰᠠᠨ ᠪᠤᠯᠬᠤᠷ ᠦᠴᠢ ᠤᠪᠤᠭ᠎ᠠ ︵ᠲᠠᠪᠤᠨ ᠬᠤᠰᠢᠭᠤ ᠤᠪᠤᠭ᠎ᠠ ᠬᠡᠰᠡᠨ ᠦᠬᠡ ︶ | ᠭᠡᠵᠦ ᠲᠠᠭᠤᠳᠠᠳᠠᠭ ᠪᠤᠯᠵᠤ᠂ ᠤᠨ ᠵᠢᠯ ᠤᠨ ᠤᠷᠳᠤ ᠳᠤ ᠡᠨᠡᠬᠦ ᠠᠶᠢᠯ ᠬᠤᠳᠠ ᠶᠢ ᠴᠤ ᠤᠪᠤᠭᠠᠨ ᠤ ᠨᠡᠷ᠎ᠡ ᠪᠠᠷ | ᠨᠡᠷᠡᠰᠢᠭᠰᠡᠨ ᠪᠠᠶᠢᠨ᠎ᠠ᠃ ᠬᠠᠭᠤᠴᠢ ᠶᠠᠷᠢᠶᠠᠨ ᠳᠤ ᠦᠴᠢ ᠤᠪᠤᠭ᠎ᠠ ᠶᠢ ᠪᠠᠰᠠ ᠵᠠᠩᠵᠤᠨ ᠤᠪᠤᠭ᠎ᠠ ᠭᠡᠵᠦ ᠬᠡᠯᠡᠳᠡᠭ | ᠃ ᠡᠨᠡ ᠨᠢ ᠲᠤᠰ ᠠᠭᠤᠯᠠ ᠶᠢᠨ ᠪᠠᠶᠢᠭᠠᠯᠢᠯᠢᠭ ᠪᠦᠳᠦᠴᠡ ᠶᠢᠨ ᠰᠢᠨᠵᠢ ᠲᠡᠮᠳᠡᠭ ᠢ ᠦᠨᠳᠦᠰᠦᠯᠡᠨ ᠤᠳᠠᠭᠠᠨ | ᠵᠢᠯ ᠤᠨ ᠨᠡᠶᠢᠭᠡᠮ ᠤᠨ ᠪᠤᠳᠡᠳᠤ ᠵᠢᠱᠢᠶ᠎ᠡ ᠠᠴᠠ ᠢᠷᠡᠭᠰᠡᠨ ᠨᠡᠷ᠎ᠡ ᠭᠡᠵᠦ ᠦᠵᠡᠵᠦ ᠪᠤᠯᠤᠨ᠎ᠠ ᠃ ᠡᠨᠡ ᠠᠭᠤᠯᠠ ᠶᠢᠨ | ᠠᠷᠤ ᠰᠢᠯᠢ ᠳᠤ ᠨᠢᠭᠡᠨ ᠬᠡᠰᠡᠭ ᠪᠠᠭᠰᠢᠷᠡᠮᠡ ᠱᠠᠬᠡᠪᠤᠷ ᠮᠤᠳᠤ ᠤᠷᠭᠤᠵᠤ ᠂ ᠤᠪᠤᠭᠠᠨ ᠤ ᠴᠢᠯᠭᠤᠨ ᠪᠠᠶᠢᠷᠢ ᠶᠢᠨ | ᠠᠷᠤ ᠰᠢᠯᠢ ᠳᠤ ᠨᠢᠭᠡᠨ ᠲᠤᠮᠤ ᠤᠷᠭᠤᠭ᠎ᠠ ᠬᠠᠶᠢᠯᠠᠰᠤ ᠰᠡᠬᠦᠶᠢᠨ ᠨᠤᠭᠤᠭᠠᠷᠠᠵᠦ ᠪᠠᠶᠢᠳᠠᠭ᠃ ᠡᠶᠢᠮᠦ ᠠᠴᠠ ᠡᠨᠡ ᠬᠦ | ᠰᠢᠨᠵᠢ ᠪᠠᠷ ᠨᠢ ᠡᠷᠳᠡᠨ ᠤ ᠨᠤᠶᠠᠨ ᠬᠦᠮᠦᠨ ᠤ ᠤᠳᠤᠭ ᠵᠢᠩᠰᠡ ᠵᠡᠭᠦᠭᠦ ᠰᠢᠨᠵᠢ ᠪᠦᠷᠢᠳᠦᠭᠰᠡᠨ ᠠᠴᠠ ᠡᠨᠡ ᠭᠠᠵᠠᠷ | ᠲᠤ ᠨᠤᠶᠠᠨ ᠰᠠᠭᠤᠬᠤ ᠬᠦᠮᠦᠨ ᠤᠯᠠᠨ ᠭᠠᠷᠳᠠᠭ ᠬᠡᠨ᠎ᠡ᠃ ᠦᠴᠢ ᠤᠪᠤᠭᠠᠨ ᠳᠤ ᠰᠡᠷᠡᠩᠳᠤᠩᠷᠤᠪ ᠂ | ᠰᠠᠮᠳᠠᠩᠯᠦ᠋ᠩᠷᠦ᠋ᠪ ᠠᠮᠪᠠᠨ ᠤ ᠲᠡᠭᠡᠳᠦ ᠦᠶ᠎ᠡ ᠠᠴᠠ ᠡᠬᠢᠯᠡᠨ ᠰᠠᠭᠤᠷᠢᠰᠢᠵᠤ᠂ ᠲᠡᠦᠬᠡᠨ ᠲᠡᠭᠡᠷ᠎ᠡ ᠲᠤᠰ ᠡᠷᠦᠬᠡ ᠠᠴᠠ | ᠵᠡᠭᠦᠨ ᠭᠠᠷ ᠰᠦᠷᠦᠭ ᠲᠤ ᠲᠤᠯᠤᠭᠠᠨ ᠦᠶ᠎ᠡ ᠠᠮᠪᠠᠨ ᠰᠠᠭᠤᠬᠰᠠᠨ ᠭᠡᠵᠦ ᠶᠠᠷᠢᠳᠠᠭ ᠶᠤᠮ᠃ ᠡᠳᠡᠨᠡᠶᠢᠬᠢᠨ ᠤ | ᠰᠠᠭᠤᠵᠤ ᠪᠠᠶᠢᠬᠰᠠ ᠭᠡᠷ ᠬᠦᠷᠢᠶ᠎ᠠ ᠶᠢ ᠵᠡᠭᠦᠨ ᠭᠠᠷ ᠲᠠᠶᠢᠹᠤᠰᠧ ᠤᠨ ᠬᠢᠨ ︽ ᠡᠮᠦᠨ᠎ᠡ ᠬᠦᠷᠢᠶ᠎ᠡ︾ ᠪᠤᠶᠤ ︽ᠰᠠ᠊ | ᠠᠮᠪᠠᠨ ᠤ ᠬᠦᠷᠢᠶ᠎ᠡ ︾ ᠭᠡᠵᠦ ᠨᠡᠷᠡᠶᠢᠳᠴᠡᠢ᠃ ︽ᠦᠴᠢ ᠤᠪᠤᠭ᠎ᠠ︾ ᠨᠢ ᠪᠠᠰᠠ《 ᠭᠤᠮᠪᠤ | 》ᠰᠠᠬᠢᠭᠤᠯᠰᠤᠨ ᠤᠷᠤᠰᠢᠭᠰᠠᠨ ᠭᠠᠵᠠᠷ ᠪᠤᠯᠬᠤᠷ ᠶᠡᠬᠡᠳᠡ ᠢᠳᠡ ᠬᠦᠴᠦᠳᠡᠢ᠂ ᠬᠦᠷᠴᠦ ᠬᠦᠨᠳᠡᠵᠦ ᠪᠤᠯᠳᠠᠭ | ᠦᠭᠡᠢ ᠬᠡᠴᠡᠭᠦᠦ ᠤᠪᠤᠭ᠎ᠠ ᠭᠡᠵᠦ ᠶᠠᠷᠢᠳᠠᠭ᠃ ᠲᠡᠭᠡᠷ᠎ᠡ ᠵᠠᠭᠤᠨ ᠤ ᠲᠠᠯᠠᠭᠠᠳ ᠤᠨ ᠳᠤ ᠨᠢᠭᠡᠨ ᠲᠠᠷᠢᠶᠠᠴᠢᠨ ᠠᠶᠢᠯ | ᠰᠦᠨᠢ ᠢᠷᠡᠵᠦ ᠤᠪᠤᠭᠠᠨ ᠤ ᠴᠢᠯᠠᠭᠤ ᠶᠢ ᠮᠠᠯᠳᠠᠵᠤ ᠬᠦᠳᠡᠯᠭᠡᠭᠰᠡᠨ ᠠᠴᠠ ᠲᠡᠮᠡᠢ ᠤᠳᠠᠬᠰᠠᠨ ᠦᠭᠡᠢ ᠲᠡᠷᠡ ᠠᠶᠢᠯ | ᠤᠨ ᠬᠦᠮᠦᠰ ᠬᠡᠳᠦᠨ ᠦᠶ᠎ᠡ ᠪᠠᠷ ᠢᠶᠠᠨ ᠪᠦᠷ ᠦᠬᠦᠵᠦ ᠰᠤᠶᠢᠳᠦᠭᠰᠠᠨ ᠭᠡᠳᠡᠭ᠃ | ᠦᠴᠢ ᠤᠪᠤᠭ᠎ᠠ ᠶᠢᠨ ᠠᠶᠢᠯ ᠤᠨ ᠲᠤᠮᠳᠠ ᠪᠠᠨ ᠬᠤᠶᠠᠷ ᠵᠡᠷᠭᠡᠴᠡᠭᠰᠡᠨ ᠬᠤᠳᠳᠤᠭ ᠪᠠᠶᠢᠳᠠᠭ᠃ ᠲᠡᠬᠦᠨ ᠤ | ᠤᠰᠤ ᠨᠢ ᠬᠠᠪ ᠬᠠᠷ᠎ᠠ ᠦᠵᠡᠭᠳᠡᠬᠦ ᠪᠦᠭᠡᠳ ᠬᠦᠮᠤᠨ ᠤ ᠨᠢᠳᠤ ᠰᠢᠬ ᠬᠤᠶᠠᠷ ᠵᠡᠷᠭᠡᠴᠡᠭᠰᠡᠨ ᠬᠤᠳᠳᠤᠭ ᠤᠴᠢᠷ | ᠠᠴᠠ ᠬᠦᠮᠤᠰ ︽ᠬᠠᠷ᠎ᠠ ᠨᠢᠳᠤᠨ ᠬᠤᠳᠳᠤᠭ︾ ᠪᠤᠶᠤ ︽ᠬᠠᠷ᠎ᠠ ᠨᠢᠳᠤᠨ ᠪᠤᠯᠠᠭ︾ ᠭᠡᠵᠤ ᠨᠡᠷᠡᠶᠢᠳᠳᠡᠭ᠃ ᠡᠨᠡ | ᠬᠤᠳᠳᠤᠭ ᠠᠴᠠ ᠤᠰᠤ ᠠᠪᠬᠤ ᠳᠤ ᠤᠷᠳᠤ ᠲᠡᠭᠡᠰᠤ ᠪᠤᠶᠤ ᠡᠰᠢ ᠲᠠᠢ ᠬᠤᠪᠤᠭᠤ ᠬᠡᠷᠡᠭᠯᠡᠬᠦ ᠦᠭᠡᠢ ᠂ ᠶᠠᠭ | ᠭᠠᠨᠭ᠌ ᠰᠠᠪᠠ ᠠᠴᠠ ᠰᠢᠨᠠᠭ᠎ᠠ ᠪᠠᠷ ᠢᠶᠠᠨ ᠤᠳᠬᠤᠵᠤ ᠪᠠᠶᠢᠬᠤ ᠰᠢᠬ ᠤᠰᠤ ᠠᠪᠳᠠᠭ᠃ ᠪᠤᠷᠤᠭᠠᠨ ᠬᠤᠷ᠎ᠠ ᠰᠠᠶᠢᠨ | ᠵᠢᠯ ᠪᠤᠯ ᠬᠤᠳᠳᠤᠭ ᠤᠨ ᠤᠰᠤ ᠪᠤᠷᠬᠢᠯᠤᠨ ᠭᠠᠷᠴᠤ ᠤᠷᠤᠭᠰᠢ ᠪᠠᠨ ᠰᠤᠪᠠᠭᠷᠠᠵᠤ ᠤᠷᠤᠰᠤᠭᠠᠳ᠂ ᠲᠡᠯ᠎ᠡ | ᠭᠠᠵᠡᠷ ᠤᠨ ᠢᠶᠠᠨ ᠪᠡᠯᠴᠢᠭᠡᠷ ᠢ ᠤᠮᠳᠡᠯᠡᠵᠤ ᠦᠩ ᠰᠢᠮᠡᠯᠢᠭ ᠪᠤᠯᠭᠠᠳᠠᠭ᠃ ᠪᠤᠷᠤᠭᠠᠨ ᠶᠡᠭᠡ ᠵᠢᠯ ᠪᠤᠯ ᠪᠠᠶᠠᠨ | ᠴᠠᠭᠠᠨ ᠨᠠᠭᠤᠷ ᠲᠤ ᠬᠦᠷᠳᠡᠯ᠎ᠡ ᠤᠷᠤᠰᠳᠠᠭ ᠭᠡᠵᠤ ᠠᠶᠢᠯ ᠤᠨ ᠨᠠᠰᠤᠳᠠᠶᠢᠴᠤᠳ ᠶᠠᠷᠢᠳᠠᠭ᠃ ᠡᠪᠤᠯ ᠤᠨ ᠬᠦᠢᠳᠡᠨ | ᠳᠤ ᠬᠤᠳᠳᠤᠭ ᠤᠨ ᠠᠮᠠ ᠬᠦᠯᠳᠡᠭᠡᠳ ᠮᠦᠰᠤ ᠶᠢ ᠨᠢ ᠴᠠᠷᠢᠯ ᠢᠶᠠᠷ ᠴᠤᠭᠤᠯᠬᠤ ᠳᠤ ᠬᠤᠳᠳᠤᠭ ᠤᠨ ᠤᠰᠤ | ᠭᠡᠳᠤᠨ ᠮᠧᠲᠷ ᠦᠨᠳᠤᠷ ᠲᠤ ᠴᠤᠷᠬᠢᠨ ᠭᠠᠷᠴᠤ᠂ ᠬᠢᠴᠢᠶᠡᠬᠦ ᠦᠭᠡᠢ ᠪᠤᠯ ᠬᠤᠪᠴᠠᠰᠤ ᠬᠤᠨᠠᠷ ᠢ ᠱᠠᠯ ᠨᠤᠷᠭᠠᠳᠠᠭ | ᠪᠠᠶᠢᠵᠠᠢ᠃ ᠴᠤᠷᠬᠢᠵᠤ ᠭᠠᠷᠤᠭᠰᠠᠨ ᠤᠰᠤ ᠨᠢ ᠡᠳᠤᠷ ᠤᠨ ᠤᠳᠠᠭᠠᠨ ᠳᠠᠭᠠᠨ ᠮᠦᠰᠤᠨ ᠤᠪᠤᠭ᠎ᠠ ᠪᠤᠯᠵᠤ ᠬᠤᠯᠠ | ᠠᠴᠠ ᠮᠤᠩᠭᠤᠯ ᠭᠡᠷ ᠰᠢᠭ ᠬᠠᠷᠠᠭᠳᠠᠨ᠎ᠠ᠃ | | ᠮᠠᠯᠠᠭᠠᠢ ᠶᠢᠨ ᠰᠦᠮ᠎ᠡ ︵ᠪᠠᠰᠠ ᠪᠦᠷᠢᠨ ᠠᠮᠤᠭᠤᠯᠠᠩᠳᠤ ᠰᠦᠮ᠎ᠡ ᠭᠡᠳᠡᠭ ︶ — ᠬᠦᠨᠪᠤᠯᠠᠭ ᠰᠤᠮᠤᠨ ᠤ | ᠡᠮᠦᠨ᠎ᠡ ᠬᠡᠰᠡᠭ ᠲᠤ ᠬᠠᠰᠢᠶᠠᠳᠤ ᠭᠠᠴᠠᠭᠠᠨ ᠤ ᠨᠤᠳᠤᠭ ᠲᠡᠭᠡᠷ᠎ᠡ ᠪᠤᠢ᠃ ᠮᠠᠯᠠᠭᠠᠢ ᠶᠢᠨ ᠰᠦᠮ᠎ᠡ ᠶᠢ ᠪᠠᠶᠢᠭᠤᠯᠤᠭᠰᠠᠨ | ᠲᠤᠬᠠᠢ ᠬᠤᠶᠠᠷ ᠤᠯᠠᠮᠵᠢᠯᠠᠯ ᠶᠠᠷᠢᠶ᠎ᠠ ᠪᠠᠶᠢᠳᠠᠭ᠃ ᠨᠢᠬᠡ ᠨᠢ᠂ ᠡᠷᠳᠡ ᠤᠷᠢᠳᠤ ᠶᠢᠨ ᠴᠠᠭ ᠲᠤ ᠮᠠᠨᠵᠤ ᠶᠢᠨ ᠡᠩᠬᠡ | ᠠᠮᠤᠭᠤᠯᠠᠩ ᠬᠠᠭᠠᠨ ᠡᠯᠵᠢᠬᠡ ᠤᠨᠤᠵᠤ᠂ ᠡᠯ᠎ᠡ ᠭᠠᠵᠠᠷ ᠢ ᠲᠤᠭᠤᠷᠢᠨ ᠪᠠᠶᠢᠴᠠᠭᠠᠵᠤ ᠶᠠᠪᠤᠭᠰᠠᠭᠠᠷ ᠠᠳᠡ ᠬᠦᠷᠴᠦ | ᠢᠷᠡᠵᠡᠢ᠂ ᠲᠤᠰ ᠭᠠᠵᠠᠷ ᠤᠨ ᠠᠭᠤᠯᠠ ᠤᠰᠤᠨ ᠤ ᠤᠷᠤᠰᠢᠯ᠂ ᠭᠠᠵᠠᠷ ᠤᠨ ᠪᠠᠶᠢᠴᠠ ᠶᠢ ᠰᠢᠨᠵᠢᠵᠦ ᠦᠵᠡᠭᠡᠳ | ᠶᠡᠬᠡᠳᠡ ᠰᠤᠴᠢᠵᠤ ︽ᠡᠨᠡ ᠠᠭᠤᠯᠠ ᠪᠤᠯᠪᠠᠰᠤ ᠯᠤᠤᠰ ᠤᠷᠤᠰᠢᠭᠰᠠᠨ ᠭᠠᠵᠠᠷ ᠪᠤᠯᠠᠢ᠂ ᠲᠡᠭᠷᠢ ᠳᠤᠷ ᠨᠢᠬᠡᠯᠡ | ᠨᠠᠷᠠᠨ ᠪᠠᠶᠢᠵᠤ᠂ ᠲᠡᠯᠡᠬᠡᠢ ᠳᠤᠷ ᠨᠢᠬᠡᠯᠡ ᠡᠵᠡᠨ ᠪᠠᠶᠢᠬᠤ ᠶᠤᠰᠤᠳᠠᠢ᠂ ᠡᠨᠡᠬᠦ ᠠᠭᠤᠯᠠᠨ ᠳᠤᠷ ᠲᠠᠷᠤᠯᠭ᠎ᠠ ᠬᠢᠬᠦ ᠦᠬᠡᠢ | ᠪᠤᠯᠪᠠᠰᠤ ᠠᠳᠡ ᠠᠴᠠ ᠶᠡᠬᠡᠰ ᠡᠷᠳᠡᠮᠳᠡᠨ ᠲᠤᠳᠤᠷᠠᠵᠤ᠂ ᠬᠦᠷᠦᠨ ᠲᠦᠷᠦ ᠶᠢ ᠰᠠᠮᠠᠭᠤᠷᠠᠭᠤᠯᠤᠮᠤᠢ︾ ᠭᠡᠮᠡᠨ᠂ | ᠶᠠᠪᠤᠬᠤ ᠳᠠᠭᠠᠨ ᠠᠭᠤᠯᠠᠨ ᠡᠩᠬᠡᠷ ︵ᠰᠦᠮ᠎ᠡ ᠶᠢᠨ ᠤᠪᠤᠭ᠎ᠠ︶ ᠲᠤ ᠮᠠᠯᠠᠭᠠᠢ ᠪᠠᠨ ᠮᠠᠷᠳᠠᠭᠠᠳ ᠶᠠᠪᠤᠵᠤ ᠬᠡᠨ᠎ᠡ᠃ | ᠲᠡᠷᠡᠪᠡᠷ ᠲᠦᠷᠦ ᠳᠡᠭᠡᠨ ᠪᠤᠴᠠᠭᠠᠳ ᠲᠤᠰᠬᠠᠢ ᠮᠡᠷᠭᠡᠨ ᠭᠠᠵᠠᠷ ᠰᠢᠡᠵᠢᠭᠴᠢ ᠶᠢ ᠶᠠᠪᠤᠭᠤᠯᠵᠤ᠂ ᠡᠨᠡᠬᠦ ᠠᠭᠤᠯᠠ ᠶᠢ | ᠲᠠᠬᠢᠨ ᠰᠢᠨᠵᠢᠬᠦᠯᠵᠦ ᠬᠡᠨ᠎ᠡ᠃ ᠰᠢᠡᠵᠢᠭᠴᠢ ᠨᠢ ᠢᠷᠡᠵᠦ ᠦᠵᠡᠭᠡᠳ ᠪᠤᠴᠠᠬᠤ ᠳᠠᠭᠠᠨ ᠪᠠᠰᠠ ᠯᠠ ᠮᠠᠯᠠᠭᠠᠢ ᠪᠠᠨ | ᠮᠠᠷᠳᠠᠭᠠᠳ ᠶᠠᠪᠤᠵᠠᠢ᠃ ᠲᠡᠭᠡᠭᠡᠳ ᠬᠠᠭᠠᠨ ᠳᠠᠭᠠᠨ ︽ ᠡᠨᠡ ᠠᠭᠤᠯᠠ ᠪᠤᠯᠪᠠᠰᠤ ᠯᠤᠤ ᠶᠢᠨ ᠰᠢᠨᠵᠢ ᠲᠠᠢ᠂ | ᠯᠤᠤᠰ ᠤᠷᠤᠰᠢᠭᠰᠠᠨ ᠭᠠᠵᠠᠷ ᠪᠤᠯᠠᠢ᠂ ᠯᠤᠤ ᠶᠢᠨ ᠲᠤᠯᠤᠭᠠᠢ ᠶᠢ ᠲᠠᠷᠤᠬᠤ ᠦᠬᠡᠢ ᠪᠤᠯᠪᠠᠰᠤ ᠬᠠᠭᠠᠨ ᠢᠵᠠᠭᠤᠷᠳᠠᠨ | ᠲᠦᠷᠦᠵᠦ ᠰᠠᠮᠠᠭᠤᠨ ᠲᠡᠭᠳᠡᠮᠤᠢ︾ ᠭᠡᠮᠡᠨ ᠠᠶᠢᠯᠠᠳᠬᠠᠵᠤ᠂ ᠠᠳᠡ ᠰᠦᠮ᠎ᠡ ᠪᠠᠶᠢᠭᠤᠯᠵᠤ ᠭᠡᠨ᠎ᠡ᠃ ᠨᠦᠬᠦᠭᠡ ᠨᠢ᠂ | ᠡᠷᠳᠡ ᠤᠷᠢᠳᠤ ᠶᠢᠨ ᠴᠠᠭ ᠲᠤ ᠴᠠᠬᠠᠷ ᠯᠢᠭᠳᠡᠨ ᠬᠠᠭᠠᠨ ᠤ ᠬᠤᠶᠢᠴᠢ ᠦᠶ᠎ᠡ ᠪᠤᠯᠬᠤ ᠪᠦᠷᠨᠡᠢ ᠴᠢᠩ ᠸᠠᠩ ᠮᠠᠨᠵᠤ | ᠶᠢᠨ ᠲᠦᠷᠦ ᠳᠤ ᠤᠷᠪᠠᠯᠭ᠎ᠠ ᠭᠠᠷᠭᠠᠵᠤ ᠢᠯᠠᠭᠳᠠᠭᠠᠳ᠂ ᠮᠠᠨᠵᠤ ᠶᠢᠨ ᠴᠡᠷᠢᠭ ᠲᠤ ᠬᠦᠭᠡᠭᠡᠭᠳᠡᠨ᠂ ᠪᠤᠭᠤᠳᠤ ᠶᠢᠨ | ᠲᠠᠯ᠎ᠠ᠂ ᠲᠠᠯᠠᠳᠤ ᠶᠢᠨ ᠲᠠᠯ᠎ᠠ᠂ ᠮᠠᠨᠵᠤ ᠶᠢᠨ ᠦᠯᠦᠩ ᠢᠶᠠᠷ 12 ᠮᠤᠷᠢᠳᠠᠨ ᠢ ᠲᠠᠭᠠᠭᠤᠯᠵᠤ ᠲᠤᠳᠠᠭᠠᠨ ᠭᠠᠷᠴᠤ | ᠢᠷᠡᠵᠡᠢ᠃ ᠰᠦᠮ᠎ᠡ ᠶᠢᠨ ᠡᠮᠦᠨᠡᠬᠢ ᠨᠠᠷᠢᠨ ᠰᠢᠷᠡᠭᠡᠨ ᠲᠡᠭᠡᠷ᠎ᠡ ᠢᠷᠡᠭᠡᠳ ᠬᠤᠷᠴᠢᠨ ᠴᠡᠷᠢᠭ ᠤᠨ ᠰᠤᠮᠤᠨ ᠳᠤ | ᠰᠢᠷᠬᠠᠳᠤᠵᠤ᠂ ᠤᠪᠤᠭᠠᠨ ᠤ ᠡᠩᠬᠡᠷ ᠲᠤ ᠬᠦᠷᠬᠦ ᠳᠤ ᠮᠠᠯᠠᠭᠠᠢ ᠨᠢ ᠤᠨᠠᠭᠰᠠᠨ ᠳᠤ ︽ᠮᠢᠨᠦ ᠨᠠᠰᠤᠨ ᠬᠤᠳᠤᠭ | ᠠᠳᠡ ᠡᠴᠦᠰᠯᠡᠬᠦ ᠪᠠᠶᠢᠵᠤᠬᠤᠢ︾ ᠭᠡᠮᠡᠨ ᠲᠠᠭᠤᠨ ᠠᠯᠳᠠᠭᠰᠠᠨ ᠪᠠᠶᠢᠵᠠᠢ᠃ ᠨᠦᠭᠴᠢᠭᠰᠡᠨ ᠬᠤᠶᠢᠨ᠎ᠠ ᠴᠢᠨᠳᠠᠷ ᠢ | ᠨᠢ ᠨᠤᠳᠤᠭ ᠤᠨ ᠬᠦᠮᠦᠰ ᠶᠠᠷᠨᠠᠢ ᠶᠢᠨ ᠤᠪᠤᠭᠠᠨ ᠳᠤ ᠪᠤᠮᠪᠠᠯᠠᠵᠤ ᠬᠡᠨ᠎ᠡ᠃ ᠨᠤᠳᠤᠭ ᠤᠨ ᠬᠦᠮᠦᠰ ᠪᠦᠷᠨᠡᠢ ᠶᠢ | ᠲᠤᠷᠠᠰᠬᠠᠬᠤ ᠶᠢᠨ ᠲᠤᠯᠠ ᠠᠭᠤᠯᠠᠨ ᠤ ᠡᠩᠬᠡᠷ ᠲᠤ ᠰᠦᠮ᠎ᠡ ᠪᠠᠶᠢᠭᠤᠯᠤᠨ᠂ ᠰᠤᠭᠴᠢᠨ ᠲᠤᠭᠠᠩ ᠤᠨ ᠲᠡᠭᠡᠳᠦ ᠠᠰᠠᠷ | ᠤᠨ ᠲᠡᠭᠡᠪᠦᠷ ᠲᠡᠭᠡᠷ᠎ᠡ ᠲᠡᠬᠦᠨ ᠤ ᠬᠦᠷᠦᠭ ᠢ ᠱᠤᠭᠤᠵᠤ᠂ ᠮᠠᠯᠠᠭᠠᠢ ᠤᠨᠠᠭᠰᠠᠨ ᠭᠠᠵᠠᠷ ᠨᠢ ᠴᠠᠭᠠᠨ ᠰᠤᠪᠤᠷᠭ᠎ᠠ | ᠪᠤᠰᠬᠠᠵᠤ᠂ ᠰᠢᠷᠬᠠᠳᠤᠵᠤ ᠴᠢᠰᠤ ᠲᠤᠰᠤᠯᠠᠭᠰᠠᠨ ᠭᠠᠵᠠᠷ ᠨᠠᠷᠢᠨ ᠰᠢᠷᠡᠭᠡᠨ ᠤ ᠭᠤᠤᠯ ᠳᠤᠨᠢ ᠤᠪᠤᠭ᠎ᠠ ᠪᠤᠰᠬᠠᠵᠤ᠂ | ᠴᠢᠨᠳᠠᠷ ᠢ ᠨᠢ ᠡᠮᠦᠨᠡᠬᠢ ᠵᠢᠷᠦᠬᠡᠨ ᠠᠭᠤᠯᠠᠨ ᠳᠤ ᠤᠷᠤᠰᠢᠭᠤᠯᠤᠨ᠂ ᠤᠪᠤᠭ᠎ᠠ ᠪᠤᠯᠭᠠᠨ ᠲᠠᠬᠢᠵᠤ ᠰᠠᠭᠤᠵᠠᠢ ᠬᠡᠨ᠎ᠡ᠃ | ᠨᠤᠳᠤᠭ ᠤᠨ ᠬᠦᠮᠦᠰ ᠪᠠᠶᠢᠭᠤᠯᠤᠭᠰᠠᠨ ᠰᠦᠮ᠎ᠡ ᠪᠠᠨ ᠮᠠᠯᠠᠭᠠᠢ ᠶᠢᠨ ᠰᠦᠮ᠎ᠡ ᠬᠡᠵᠦ ᠨᠡᠷᠡᠯᠡᠭᠡᠳ ᠮᠠᠨᠵᠤ ᠶᠢᠨ | ᠲᠦᠷᠦ ᠳᠤ ᠮᠡᠳᠡᠬᠦᠯᠬᠦ ᠳᠤ ᠮᠠᠨᠵᠤ ᠶᠢᠨ ᠡᠵᠡᠨ ᠠᠴᠠ ︽ᠪᠦᠷᠨᠡᠢ ᠶᠢ ᠲᠠᠷᠤᠭᠰᠠᠨ ᠠᠴᠠ ᠬᠤᠶᠢᠰᠢ ᠴᠠᠬᠠᠷ ᠨᠤᠳᠤᠭ | ᠪᠦᠷᠢᠨ ᠠᠮᠤᠭᠤᠯᠠᠩ ᠪᠤᠯᠤᠭᠰᠠᠨ ᠲᠤᠯᠠ ᠪᠦᠷᠦᠨ ᠠᠮᠤᠭᠤᠯᠤᠩᠳᠤ ᠰᠦᠮ᠎ᠡ ᠬᠡᠵᠦ ᠨᠡᠷᠡᠯᠡᠳᠦᠬᠡᠢ︾ ᠭᠡᠮᠡᠨ ᠵᠠᠷᠯᠢᠭ | ᠪᠠᠭᠤᠯᠭᠠᠵᠤ᠂ ︽ᠵᠠᠷᠯᠢᠭ ᠢᠶᠠᠷ ᠪᠠᠶᠢᠭᠤᠯᠤᠭᠰᠠᠨ ᠪᠦᠷᠢᠨ ᠠᠮᠤᠭᠤᠯᠠᠩᠳᠤ ᠰᠦᠮ᠎ᠡ︾ ᠭᠡᠰᠡᠨ ᠠᠯᠳᠠᠨ ᠦᠰᠦᠭᠳᠦ | ᠪᠢᠴᠢᠭᠡᠰᠦ ᠦᠭᠴᠠᠢ᠂ ᠭᠡᠪᠡᠴᠦ ᠠᠳᠡᠬᠢ ᠬᠦᠮᠦᠰ ᠨᠤᠭᠤᠷᠠᠰᠢ ᠦᠬᠡᠢ ᠪᠠᠭᠠᠳᠤᠷ ᠪᠦᠷᠨᠠᠢ ᠴᠢᠩ ᠸᠠᠩ ᠢᠶᠠᠨ | ᠲᠤᠷᠠᠰᠬᠠᠵᠤ᠂ ᠦᠶ᠎ᠡ ᠶᠢᠨ ᠦᠶ᠎ᠡ ᠳᠡᠭᠡᠨ ︽ ᠮᠠᠯᠠᠭᠠᠢ ᠶᠢᠨ ᠰᠦᠮ᠎ᠡ︾ ᠬᠡᠮᠡᠨ ᠨᠡᠷᠡᠯᠡᠨ ᠲᠠᠭᠤᠳᠠᠵᠤ᠂ ᠰᠢᠳᠦᠨ | ᠲᠠᠬᠢᠵᠤ ᠢᠷᠡᠭᠰᠡᠨ ᠪᠠᠶᠢᠨ᠎ᠠ᠃ ᠮᠠᠯᠠᠭᠠᠢ ᠶᠢᠨ ᠰᠦᠮ᠎ᠡ ᠶᠢ ᠪᠤᠯ ᠯᠤᠤ ᠶᠢᠨ ᠮᠠᠩᠨᠠᠢ ᠲᠡᠭᠡᠷ᠎ᠡ ᠪᠠᠶᠢᠭᠤᠯᠤᠭᠰᠠᠨ ᠶᠡᠭᠡ | ᠢᠪᠡᠭᠡᠯ ᠲᠠᠢ ᠤᠷᠤᠨ ᠭᠡᠳᠡᠭ᠃ ᠰᠦᠮ᠎ᠡ ᠶᠢᠨ ᠠᠷᠤ ᠳᠠᠬᠢ ᠰᠦᠮ᠎ᠡ ᠶᠢᠨ ᠤᠪᠤᠭ᠎ᠠ ᠶᠢ ᠯᠤᠤ ᠶᠢᠨ ᠭᠠᠪᠠᠯᠠ | ᠭᠡᠨ᠎ᠡ᠃ ᠡᠨᠡ ᠤᠪᠤᠭᠠᠨ ᠤ ᠴᠢᠯᠠᠭᠤᠨ ᠲᠡᠭᠡᠷ᠎ᠡ ᠮᠤᠷᠢᠨ ᠤ ᠲᠤᠭᠤᠷᠠᠢ ᠶᠢᠨ ᠬᠡᠯᠪᠡᠷᠢ ᠲᠠᠢ ᠭᠡᠦᠳ ᠬᠡᠳᠦᠨ | ᠰᠡᠶᠢᠯᠦᠮᠡᠯ ᠪᠤᠢ᠂ ᠡᠬᠦᠨ ᠢ ᠴᠢᠩᠬᠢᠰ ᠬᠠᠭᠠᠨ ᠠᠶᠠᠨ ᠲᠠᠶᠢᠨ ᠳᠤ ᠶᠠᠪᠤᠬᠤ ᠳᠠᠭᠠᠨ ᠦᠯᠡᠳᠡᠭᠡᠭᠰᠡᠨ ᠮᠤᠷᠢᠨ | ᠲᠤᠭᠤᠷᠠᠢ ᠶᠢᠨ ᠮᠦᠷ ᠭᠡᠳᠡᠭ᠃ ᠰᠦᠮ᠎ᠡ ᠶᠢᠨ ᠡᠮᠦᠨ᠎ᠡ ᠵᠢᠭᠠᠰᠤᠳᠤ ᠨᠠᠭᠤᠷ᠂ ᠮᠡᠯᠡᠬᠡᠶᠢᠳᠦ ᠨᠠᠭᠤᠷ ᠬᠡᠵᠦ ᠬᠤᠶᠠᠷ | ᠨᠠᠭᠤᠷ ᠲᠠᠢ᠂ ᠡᠨᠡ ᠨᠢ ᠯᠤᠤ ᠶᠢᠨ ᠨᠢᠳᠦ ᠬᠡᠨ᠎ᠡ᠃ ᠰᠦᠮ᠎ᠡ ᠠᠴᠠ ᠤᠷᠤᠭᠰᠢ ᠬᠤᠶᠠᠷ ᠨᠠᠭᠤᠷ ᠢ ᠬᠠᠮᠠᠷᠯᠠᠨ | ᠵᠢᠭᠠᠭᠰᠠᠨ ᠪᠤᠩᠬᠤᠨ ᠰᠢᠷᠡᠭᠡ ᠨᠢ ᠯᠤᠤ ᠶᠢᠨ ᠬᠠᠮᠠᠷ᠂ ᠡᠬᠦᠨ ᠠᠴᠠ ᠡᠮᠦᠨ᠎ᠡ ᠪᠠᠶᠢᠭ᠎ᠠ ᠪᠦᠮᠪᠦᠭᠡᠷ ᠠᠭᠤᠯᠠ — ᠶᠠᠷᠨᠠᠢ | ᠶᠢᠨ ᠤᠪᠤᠭ᠎ᠠ ᠪᠤᠯ ᠯᠤᠤ ᠶᠢᠨ ᠠᠮᠠᠨ ᠲᠤᠳᠤᠷᠠᠬᠢ ᠡᠷᠳᠡᠨᠢ ᠶᠢᠨ ᠪᠦᠮᠪᠦᠭᠡ ᠨᠢ᠂ ᠡᠬᠦᠨ ᠤ ᠤᠷᠢᠳᠤᠭᠤᠷ ᠬᠦᠨᠳᠡᠯᠡᠨ | ᠤᠷᠤᠰᠬᠤ ᠰᠦᠮ᠎ᠡ ᠶᠢᠨ ᠭᠤᠤᠯ ᠪᠤᠯ ᠯᠤᠤ ᠶᠢᠨ ᠰᠠᠬᠠᠯ ᠶᠤᠮ ᠬᠡᠨ᠎ᠡ᠃ ᠮᠠᠯᠠᠭᠠᠢ ᠶᠢᠨ ᠰᠦᠮ᠎ᠡ ᠶᠢᠨ ᠭᠤᠤᠯ | ᠲᠤᠭᠠᠩ ᠤᠨ ᠲᠡᠭᠡᠷ᠎ᠡ ᠠᠰᠠᠷ ᠲᠤ ᠨᠢᠬᠡ ᠱᠤᠭᠤᠮᠠᠯ ᠬᠦᠷᠦᠭ ᠪᠠᠶᠢᠭᠰᠠᠨ ᠨᠢ ᠬᠤᠶᠠᠳᠤᠭᠠᠷ ᠲᠦᠷᠢ ᠶᠢᠨ ᠵᠠᠩᠵᠢᠶ᠎ᠠ | ᠬᠤᠳᠤᠭᠳᠤ ᠷᠤᠯᠪᠢᠳᠤᠷᠵᠢ ᠶᠢᠨ ᠬᠦᠷᠦᠭ ᠭᠡᠳᠡᠭ᠃ ᠲᠤᠰ ᠰᠦᠮ᠎ᠡ ᠳᠤ ᠪᠠᠰᠠ ᠨᠢᠬᠡ ᠰᠢᠷ᠎ᠠ ᠡᠷᠢᠶᠡᠨ ᠪᠠᠷᠰ ᠤᠨ | ᠠᠷᠠᠰᠤ ᠲᠠᠬᠢᠵᠤ ᠪᠠᠶᠢᠭᠰᠠᠨ ᠨᠢ ᠨᠤᠳᠤᠭ ᠤᠨ ᠨᠢᠬᠡᠨ ᠠᠩᠴᠢᠨ ᠮᠠᠯᠠᠭᠠᠢ ᠶᠢᠨ ᠰᠦᠮ᠎ᠡ ᠳᠤ ᠡᠷᠬᠦᠭᠰᠡᠨ ᠬᠡᠵᠦ | ᠶᠠᠷᠢᠳᠠᠭ᠃ ᠬᠤᠨᠢᠨ ᠤ ᠠᠳᠢᠰ ᠡᠪᠡᠳᠴᠢᠨ ᠭᠠᠷᠬᠤ ᠳᠤ ᠡᠨᠡ ᠪᠠᠷᠰ ᠤᠨ ᠠᠷᠠᠰᠤ ᠶᠢ ᠨᠦᠮᠦᠷᠴᠦ ᠬᠤᠨᠢ ᠪᠠᠨ | ᠦᠷᠬᠦᠭᠡᠪᠡᠯ ᠡᠪᠡᠳᠴᠢᠨ ᠨᠢ ᠠᠷᠢᠯᠳᠠᠭ ᠪᠤᠯᠬᠤᠷ᠂ ᠵᠠᠷᠢᠮ ᠠᠶᠢᠯ ᠨᠢ ᠡᠬᠦᠨ ᠢ ᠵᠠᠯᠠᠵᠤ ᠠᠪᠠᠴᠢᠭᠠᠳ ᠬᠡᠦᠬᠡᠳ | ᠲᠡᠭᠡᠨ ᠨᠦᠮᠦᠷᠦᠬᠦᠯᠵᠦ ᠬᠤᠨᠢ ᠰᠦᠷᠦᠭ ᠢᠶᠠᠨ ᠦᠷᠬᠦᠭᠡᠳᠡᠭ ᠭᠡᠨ᠎ᠡ᠃ | ᠰᠤᠪᠤᠷᠭᠠᠨ ᠤᠪᠤᠭᠠᠨ ᠤ ᠲᠤᠮᠤᠭ — ᠮᠠᠯᠠᠭᠠᠢ ᠶᠢᠨ ᠰᠦᠮ᠎ᠡ ᠶᠢᠨ ᠵᠡᠬᠦᠨ ᠤᠪᠤᠭ᠎ᠠ ᠪᠤᠯᠬᠤ ᠰᠤᠪᠤᠷᠭᠠᠨ | ᠤᠪᠤᠭ᠎ᠠ ᠨᠢ ᠠᠭᠳᠠᠨ ᠰᠤᠮᠤᠨ ᠤ ᠤᠪᠤᠭ᠎ᠠ ᠲᠠᠬᠢᠳᠠᠭ ᠪᠤᠯᠤᠨ᠎ᠠ᠃ ᠡᠨᠡ ᠤᠪᠤᠭᠠᠨ ᠤ ᠵᠡᠬᠦᠨ ᠡᠮᠦᠨ᠎ᠡ ᠬᠦᠮᠦᠰᠭᠡ | ᠶᠢᠨ ᠬᠠᠳᠠᠨ ᠲᠡᠭᠡᠷ᠎ᠡ ᠨᠢᠬᠡ ᠯᠠᠭᠤᠰᠠᠨ ᠲᠤᠭᠤᠷᠠᠢ ᠪᠠᠶᠢᠳᠠᠭ ᠃ ᠡᠬᠦᠨ ᠳᠤ ᠪᠠᠰᠠ ᠬᠤᠶᠠᠷ ᠵᠦᠢᠯ ᠤᠨ ᠤᠯᠠᠮᠵᠢᠯᠠᠯ | ᠶᠠᠷᠢᠶ᠎ᠠ ᠪᠠᠶᠢᠳᠠᠭ᠃ ᠨᠢᠬᠡ ᠨᠢ ᠤᠷᠢᠳᠤ ᠴᠠᠭ ᠲᠤ ᠡᠩᠬᠡ ᠠᠮᠤᠭᠤᠯᠠᠩ ᠬᠠᠭᠠᠨ ᠯᠠᠭᠤᠰᠠ ᠤᠨᠤᠵᠤ ᠲᠤᠭᠤᠷᠢᠨ | ᠶᠠᠪᠤᠬᠤ ᠳᠠᠭᠠᠨ ᠬᠠᠳᠠᠨ ᠲᠡᠭᠡᠷ᠎ᠡ ᠬᠢᠰᠬᠢᠭᠰᠡᠨ ᠳᠤ ᠯᠠᠭᠤᠰᠠᠨ ᠲᠤᠭᠤᠷᠠᠢ ᠶᠢᠨ ᠤᠷᠤ ᠨᠢ ᠦᠯᠡᠳᠡᠵᠡᠢ ᠭᠡᠨ᠎ᠡ᠃ | ᠨᠦᠬᠦᠭᠡ ᠨᠢ᠂ ᠡᠷᠳᠡ ᠤᠷᠢᠳᠤ ᠴᠠᠭ ᠲᠤ ᠰᠤᠭᠴᠢᠨ ᠤᠮᠽᠤᠨ ᠯᠠᠮᠠ ᠨᠠᠷ ᠲᠠᠢ ᠪᠠᠨ ᠰᠦᠨᠢ ᠠᠮᠠ ᠪᠤᠷᠬᠠᠨ ᠢ | ᠲᠠᠬᠢᠵᠤ ᠪᠠᠶᠢᠬᠤ ᠳᠤ ᠠᠮᠠ ᠪᠤᠷᠬᠠᠨ ᠤᠯᠠᠭᠠᠨ ᠯᠠᠭᠤᠰᠠ ᠪᠠᠨ ᠤᠨᠤᠵᠤ ᠢᠷᠡᠭᠡᠳ ᠲᠡᠬᠦᠨ ᠤ ᠠᠷᠤ ᠳᠤ ᠵᠤᠭᠰᠤᠬᠤ | ᠳᠤ ᠯᠠᠭᠤᠰᠠᠨ ᠤ ᠠᠮᠢᠰᠬᠤᠯ ᠨᠢ ᠲᠡᠬᠦᠨ ᠤ ᠲᠤᠯᠤᠭᠠᠢ ᠶᠢ ᠬᠠᠯᠠᠭᠤᠨ ᠰᠢᠳᠠᠭᠤᠯᠵᠠᠢ᠂ ᠰᠤᠭᠴᠢᠨ ᠤᠮᠽᠤᠨ ᠬᠤᠷᠠᠯ | ᠢᠶᠠᠨ ᠲᠠᠷᠬᠠᠭᠠᠳ ᠡᠨᠡ ᠤᠴᠢᠷ ᠢ ᠭᠡᠯᠡᠵᠦ ᠯᠠᠮᠠ ᠨᠠᠷ ᠢᠶᠠᠨ ᠲᠠᠭᠠᠭᠤᠯᠤᠨ᠂ ᠠᠮᠠ ᠪᠤᠷᠬᠠᠨ ᠤ ᠢᠷᠡᠭᠰᠡᠨ ᠵᠠᠮ ᠢᠶᠠᠷ | ᠬᠠᠶᠢᠵᠤ᠂ ᠠᠭᠳᠠᠨ ᠤᠪᠤᠭᠠᠨ ᠤ ᠵᠡᠬᠦᠨ ᠡᠮᠦᠨ᠎ᠡ ᠬᠦᠮᠦᠰᠭᠡ ᠶᠢᠨ ᠬᠠᠳᠠᠨ ᠲᠡᠭᠡᠷ᠎ᠡ ᠠᠴᠠ ᠯᠠᠭᠤᠰᠠᠨ ᠲᠤᠭᠤᠷᠠᠢ ᠶᠢᠨ | ᠤᠷᠤ ᠶᠢ ᠤᠯᠵᠤ ᠠᠪᠴᠠᠢ᠃ ᠲᠠᠭᠠᠵᠤ ᠶᠠᠪᠤᠭᠰᠠᠨ ᠯᠠᠮᠠ ᠨᠠᠷ ︽ᠠᠮᠠ ᠪᠤᠷᠬᠠᠨ ᠪᠤᠳᠠ ᠪᠡᠶ᠎ᠡ ᠪᠠᠷ ᠶᠢᠨ ᠤᠯᠠᠭᠠᠨ | ᠯᠠᠭᠤᠰᠠ ᠪᠠᠨ ᠤᠨᠤᠵᠤ ᠮᠤᠷᠢᠯᠠᠨ ᠢᠷᠡᠵᠡᠢ︾ ᠬᠡᠮᠡᠨ ᠯᠠᠭᠤᠰᠠᠨ ᠲᠤᠭᠤᠷᠠᠢ ᠳᠤ ᠵᠠᠯᠪᠠᠷᠢᠨ ᠮᠦᠷᠬᠦᠯ᠎ᠡ ᠭᠡᠳᠡᠭ᠃ | ᠬᠢᠷᠠᠬᠠᠢ ᠨᠢᠬᠡᠨ ᠯᠠᠮᠠ ᠤᠬᠠᠭᠠᠨ ᠢ ᠨᠢ ᠮᠡᠳᠡᠵᠦ ︽ᠠ᠂ ᠰᠤᠭᠴᠢᠨ ᠭᠤᠸᠠᠢ ᠬᠤᠷᠠᠯ ᠲᠠᠷᠬᠠᠪᠠᠯ ᠤᠪᠤᠭᠠᠨ ᠤ | ᠡᠩᠬᠡᠷ ᠢᠶᠠᠷ ᠵᠡᠬᠦᠨ ᠬᠤᠶᠢᠰᠢ ᠶᠠᠪᠤᠳᠠᠭ ᠪᠠᠶᠢᠭᠰᠠᠨ ᠨᠢ ᠡᠶᠢᠮᠦ ᠪᠠᠶᠢᠵᠠᠢ︾ ᠬᠡᠵᠡᠢ᠃ ᠤᠤᠯ ᠨᠢ ᠰᠤᠭᠴᠢᠨ | ᠤᠮᠽᠤᠨ ᠡᠨᠡᠬᠦ ᠯᠠᠭᠤᠰᠠᠨ ᠲᠤᠭᠤᠷᠠᠢ ᠶᠢ ᠬᠠᠳᠠᠨ ᠲᠡᠭᠡᠷ᠎ᠡ ᠰᠡᠶᠢᠯᠪᠦᠷᠢᠯᠡᠭᠰᠡᠨ ᠶᠤᠮ ᠬᠡᠨ᠎ᠡ᠃ | ᠪᠠᠶᠠᠨ ᠴᠠᠭᠠᠨ ᠨᠠᠭᠤᠷ — ᠪᠠᠶᠠᠨ ᠴᠠᠭᠠᠨ ᠨᠠᠭᠤᠷ ᠪᠤᠯ ᠬᠠᠰᠢᠶᠠᠳᠤ ᠨᠠᠭᠤᠷ ᠲᠠᠢ ᠵᠠᠯᠭᠠᠯᠳᠤᠨ᠂ ᠤᠰᠤ | ᠪᠠᠷ ᠪᠠᠶᠠᠨ ᠢᠶᠠᠨ ᠭᠠᠶᠢᠬᠠᠭᠤᠯᠳᠠᠭ ᠠᠴᠠ ᠪᠠᠶᠠᠨ ᠴᠠᠭᠠᠨ ᠭᠡᠵᠦ ᠨᠡᠷᠡᠶᠢᠳᠦᠭᠰᠡᠨ ᠭᠡᠨ᠎ᠡ᠃ ᠤᠷᠢᠳᠤ ᠶᠢᠨ ᠬᠦᠮᠦᠰ | ᠡᠨᠡ ᠨᠠᠭᠤᠷ ᠢ ᠬᠦᠯ ᠦᠬᠡᠢ ᠬᠦᠨ ᠨᠠᠭᠤᠷ ᠬᠡᠵᠦ ᠰᠦᠷᠳᠡᠳᠡᠭ ᠃ ᠮᠦᠨ ᠡᠨᠡ ᠨᠠᠭᠤᠷ ᠲᠤ ᠤᠷᠢᠳᠤ ᠳᠠᠭᠠᠨ | ᠦᠨᠳᠦᠷ ᠤᠷᠳᠤ ᠪᠡᠶ᠎ᠡ ᠲᠠᠢ᠂ ᠬᠢᠯᠳᠤᠭᠠᠨᠠᠭᠰᠠᠨ ᠬᠠᠷ᠎ᠠ ᠦᠰᠦᠳᠡᠢ ᠤᠰᠤᠨ ᠬᠠᠷ᠎ᠠ ᠦᠬᠡᠷ ᠲᠠᠢ ᠪᠠᠶᠢᠵᠤ᠂ | ᠦᠷᠯᠦᠬᠡ ᠦᠳᠡᠰᠢ ᠨᠢ ᠤᠰᠤᠨ ᠠᠴᠠ ᠪᠠᠨ ᠭᠠᠷᠴᠤ ᠢᠷᠡᠭᠡᠳ ᠮᠦᠭᠡᠷᠡᠬᠦ ᠨᠢ ᠬᠡᠳᠦᠨ ᠠᠷᠪᠠᠨ ᠭᠠᠵᠠᠷ ᠤᠨ | ᠴᠠᠭᠠᠨ᠎ᠠ ᠰᠤᠨᠤᠰᠳᠠᠳᠠᠭ ᠪᠦᠬᠡᠳ ᠬᠠᠶᠠ ᠭᠠᠷᠴᠤ ᠢᠷᠡᠭᠡᠳ ᠠᠶᠢᠯ ᠤᠨ ᠦᠬᠡᠷ ᠤᠨ ᠰᠦᠷᠦᠭ ᠲᠤ ᠨᠡᠶᠢᠯᠡᠵᠦ | ᠲᠤᠭᠯᠠᠨ ᠨᠠᠭᠠᠳᠤᠳᠠᠭ ᠠᠴᠠ ᠡᠨᠡ ᠨᠤᠳᠤᠭ ᠲᠤ ᠦᠬᠡᠷ ᠰᠠᠶᠢᠨ ᠦᠰᠳᠡᠭ ᠮᠦᠷᠳᠡᠭᠡᠨ ᠡᠬᠦᠯᠳᠡᠷ ᠤᠬᠰᠠᠭ᠎ᠠ ᠨᠢ ᠴᠤ | ᠰᠠᠶᠢᠨ ᠪᠠᠶᠢᠳᠠᠭ ᠬᠡᠨ᠎ᠡ᠃ ᠶᠠᠫᠤᠨ ᠡᠵᠡᠯᠡᠵᠦ ᠪᠠᠶᠢᠬᠤ ᠳᠠᠭᠠᠨ ᠪᠠᠶᠠᠨ ᠴᠠᠭᠠᠨ ᠨᠠᠭᠤᠷ ᠲᠤ ᠮᠤᠲ᠋ᠤᠷᠳᠤ ᠤᠩᠭᠤᠴᠠ | ᠲᠠᠯᠪᠢᠵᠤ᠂ ᠤᠰᠤᠨ ᠬᠠᠷ᠎ᠠ ᠦᠬᠡᠷ ᠢ ᠪᠠᠷᠢᠬᠤ ᠪᠠᠷ ᠤᠷᠤᠯᠳᠤᠭᠰᠠᠨ ᠠᠴᠠ ᠪᠤᠯᠵᠤ᠂ ᠦᠨᠦ ᠤᠰᠤᠨ ᠦᠬᠡᠷ ᠤᠨ | ᠪᠠᠷ᠎ᠠ ᠰᠤᠷᠠᠭ ᠲᠠᠰᠤᠷᠠᠭᠰᠠᠨ ᠬᠡᠵᠦ ᠶᠠᠷᠢᠯᠴᠠᠳᠠᠭ᠃ | ᠪᠠᠶᠠᠨ ᠴᠠᠭᠠᠨ ᠬᠠᠶᠢᠷᠬᠠᠨ — ᠪᠠᠰᠠ ᠦᠬᠢᠨ ᠬᠠᠳᠠ ᠭᠡᠳᠡᠭ᠃ ᠲᠤᠮᠤᠭ ᠶᠠᠷᠢᠶᠠᠨ ᠳᠤ ᠪᠠᠶᠠᠨ ᠴᠠᠭᠠᠨ | ᠬᠠᠶᠢᠷᠬᠠᠨ ᠪᠤᠯᠤᠨ ᠢᠷᠤᠭᠠᠯ ᠬᠠᠶᠢᠷᠬᠠᠨ ︵ ᠤᠳᠤᠬᠢ ᠾᠧᠪᠸᠢ ᠮᠤᠵᠢ ᠶᠢᠨ 半拉山) ᠪᠤᠯ ᠤᠤᠯ ᠨᠢ | ᠨᠢᠬᠡ ᠠᠭᠤᠯᠠ ᠪᠠᠶᠢᠯ᠎ᠠ ᠭᠡᠳᠡᠭ᠃ ᠰᠡᠬᠦᠯᠡᠷ ᠨᠢ ᠪᠤᠭᠳᠠ ᠡᠵᠡᠨ ᠴᠢᠩᠬᠢᠰ ᠬᠠᠭᠠᠨ ᠠᠶᠠᠨ ᠲᠠᠶᠢᠨ ᠳᠤ ᠶᠠᠪᠤᠵᠤ | ᠪᠠᠶᠢᠭᠠᠳ ᠡᠷᠳᠡᠨᠢ ᠶᠢᠨ ᠰᠡᠯᠡᠮ᠎ᠡ ᠶᠢᠨ ᠢᠶᠠᠨ ᠢᠷ ᠢ ᠦᠵᠡᠬᠦ ᠬᠡᠵᠦ ᠡᠨᠡ ᠠᠭᠤᠯᠠ ᠶᠢ ᠭᠤᠤᠯ ᠢᠶᠠᠷ ᠨᠢ ᠨᠢᠬᠡᠯᠡ | ᠴᠠᠪᠴᠢᠭᠰᠠᠨ ᠳᠤ ᠨᠢᠬᠡ ᠬᠡᠰᠡᠭ ᠨᠢ ᠪᠠᠶᠠᠨ ᠴᠠᠭᠠᠨ ᠨᠠᠭᠤᠷ ᠤᠨ ᠬᠦᠪᠡᠭᠡᠨ ᠳᠤ ᠲᠤᠭᠳᠠᠵᠤ ᠬᠡᠨ᠎ᠡ᠃ ᠨᠦᠬᠦᠬᠡ | ᠨᠢᠬᠡ ᠶᠠᠷᠢᠶ᠎ᠠ ᠨᠢ᠂ ᠡᠷᠳᠡ ᠤᠷᠢᠳᠤ ᠴᠠᠭ ᠲᠤ ᠴᠢᠩᠬᠢᠰ ᠪᠤᠭᠳᠠ ᠠᠯᠳᠠᠨ ᠤᠯᠤᠰ ᠢ ᠲᠠᠶᠢᠯᠠᠬᠤ ᠠᠶᠠᠨ ᠵᠠᠮ ᠳᠤ | ᠡᠷᠳᠡᠨᠢ ᠶᠢᠨ ᠬᠦᠯᠦᠭ ᠨᠢ ᠨᠢᠬᠡ ᠡᠳᠦᠷ ᠭᠠᠵᠠᠷᠯᠠᠭᠠᠳ ᠶᠠᠪᠤᠴᠢᠬᠠᠵᠠᠢ᠂ ᠪᠤᠭᠳᠠ ᠡᠵᠡᠨ ᠡᠷᠳᠡᠨᠢ ᠶᠢᠨ ᠬᠦᠯᠦᠭ | ᠢᠶᠠᠨ ᠡᠷᠢᠵᠦ ᠶᠠᠪᠤᠳᠠᠯ᠎ᠠ ᠡᠮᠦᠨ᠎ᠡ ᠨᠢ ᠨᠢᠬᠡ ᠶᠡᠭᠡ ᠠᠭᠤᠯᠠ ᠬᠦᠨᠳᠡᠯᠢᠰᠦᠭᠡᠳ᠂ ᠬᠤᠯᠠ ᠶᠢᠨ ᠪᠠᠷ᠎ᠠ ᠦᠵᠡᠭᠳᠡᠵᠦ | ᠦᠭᠬᠦ ᠦᠬᠡᠢ ᠶᠡᠭᠡ ᠵᠤᠪᠠᠭᠠᠭᠰᠠᠨ ᠪᠠᠶᠢᠨ᠎ᠠ᠂ ᠬᠠᠷᠠᠵᠤ ᠴᠦᠬᠦᠭᠡᠳ ᠠᠭᠤᠷ ᠨᠢ ᠬᠦᠷᠴᠦ ᠂ ᠡᠷᠳᠡᠨᠢ ᠶᠢᠨ ᠰᠡᠯᠡᠮ᠎ᠡ | ᠪᠠᠨ ᠰᠤᠭᠤᠯᠤᠨ ᠲᠡᠷᠡ ᠶᠡᠭᠡ ᠠᠭᠤᠯᠠ ᠶᠢ ᠭᠤᠤᠯ ᠢᠶᠠᠷ ᠨᠢ ᠲᠠᠰᠤ ᠴᠪᠴᠢᠵᠤ᠂ ᠬᠠᠭᠠᠰ ᠢ ᠨᠢ ᠰᠢᠳᠡᠵᠦ | ᠶᠠᠪᠤᠭᠤᠯᠤᠭᠰᠠᠨ ᠳᠤ ᠦᠨᠦ ᠬᠠᠭᠠᠰ ᠠᠭᠤᠯᠠ ᠨᠢ ᠤᠷᠳᠤ ᠨᠠᠭᠤᠷ ᠤᠨ ᠪᠠᠷᠠᠭᠤᠨ ᠡᠷᠬᠢᠨ᠎ᠡ ᠤᠨᠠᠨ ᠲᠤᠭᠳᠠᠵᠤ᠂ | ᠦᠯᠡᠳᠡᠭᠰᠡᠨ ᠬᠠᠭᠠᠰ ᠨᠢ ᠪᠠᠶᠠᠨ ᠴᠠᠭᠠᠨ ᠨᠠᠭᠤᠷ ᠤᠨ ᠢᠶᠠᠨ ᠬᠦᠪᠡᠭᠡᠨ ᠳᠤ ᠰᠡᠬᠦᠶᠢᠨ᠂ ᠡᠨᠡ ᠨᠤᠳᠤᠭ ᠤᠨ ᠢᠶᠠᠨ | ᠭᠠᠶᠢᠬᠠᠮᠰᠢᠭᠳᠤ ᠨᠢᠬᠡᠨ ᠦᠵᠡᠮᠵᠢ ᠪᠤᠯᠵᠤ ᠬᠤᠴᠤᠷᠴᠠᠢ ᠭᠡᠳᠡᠭ᠃ ᠬᠤᠶᠠᠷ ᠠᠭᠤᠯᠠ ᠦᠨᠡᠬᠡᠷ ᠦᠨᠳᠦᠷ ᠪᠤᠭᠤᠨᠢ᠂ | ᠭᠡᠯᠪᠡᠷᠢ ᠮᠠᠶ᠋ᠢᠭ ᠢᠶᠠᠷ ᠢᠶᠠᠨ ᠪᠦᠷ ᠲᠦᠰᠳᠡᠢ ᠪᠠᠶᠢᠵᠤ᠂ ᠨᠢᠬᠡ ᠲᠠᠯ᠎ᠠ ᠨᠢ ᠴᠠᠪᠴᠢᠭᠰᠠᠨ ᠮᠡᠳᠦ ᠡᠭᠴᠡ ᠪᠤᠰᠤᠭ᠎ᠠ | ᠬᠠᠳᠠ ᠪᠠᠶᠢᠳᠠᠭ᠃ ᠬᠤᠵᠢᠮ ᠨᠢ ᠬᠢᠳᠠᠳ ᠬᠦᠮᠦᠰ ᠲᠡᠬᠦᠨ ᠢ ᠬᠠᠭᠠᠰ ᠠᠭᠤᠯᠠ ᠪᠤᠶᠤ ᠠᠪᠰᠠ ᠠᠭᠤᠯᠠ ᠬᠡᠵᠦ | ᠲᠠᠭᠤᠳᠠᠳᠠᠭ ᠲᠤᠨᠢ ᠨᠤᠳᠤᠭ ᠤᠨ ᠮᠠᠯᠴᠢᠳ ᠮᠠᠰᠢ ᠲᠤᠷ᠎ᠠ ᠦᠬᠡᠶᠢᠴᠡᠳᠡᠭ ᠶᠤᠮ᠃ | ᠸᠠᠰᠠ — ᠮᠠᠯᠠᠭᠠᠢ ᠶᠢᠨ ᠰᠦᠮ᠎ᠡ ᠶᠢᠨ ᠶᠠᠷᠨᠠᠢ ᠤᠪᠤᠭᠠᠨ ᠠᠴᠠ ᠡᠮᠦᠨ᠎ᠡ ᠲᠠᠪᠤᠨ ᠭᠠᠵᠠᠷ ᠲᠤ ᠪᠠᠶᠢᠭ᠎ᠠ | ᠲᠤᠪᠤᠴᠠᠭ ᠢ ᠬᠦᠨᠪᠤᠯᠠᠭ ᠤᠨ ᠬᠢᠨ ᠸᠠᠰᠠ ᠭᠡᠳᠡᠭ᠃ ᠪᠠᠳᠠᠷᠠᠭᠤᠯᠳᠤ ᠲᠦᠷᠦ ᠶᠢᠨ ᠦᠶᠡᠰ᠂ ᠸᠠᠰᠠ ᠶᠢᠨ ᠡᠩᠬᠡᠷ | ᠲᠤ ︽ᠬᠤᠶᠠᠷ ᠭᠠᠷ ᠢ ᠶᠡᠷᠦᠩᠬᠡᠶᠢᠯᠡᠨ ᠵᠠᠬᠢᠷᠬᠤ ᠨᠡᠶᠢᠳᠡ ᠶᠢᠨ ᠲᠠᠷᠤᠭ᠎ᠠ ᠶᠢᠨ ᠶᠠᠮᠤᠨ︾ ᠢ ᠪᠠᠶᠢᠭᠤᠯᠵᠤ᠂ ᠡᠷᠬᠢᠨ | ᠲᠤᠭᠤᠷᠢᠨ ᠦᠨᠳᠦᠷ ᠭᠡᠷᠡᠮ ᠴᠤᠭᠴᠠᠯᠠᠨ᠂ ᠸᠠᠭᠠᠷ ᠲᠤᠭᠤᠰᠬᠠᠨ ᠪᠦᠳᠦᠴᠡ ᠲᠠᠢ ᠭᠡᠷ ᠪᠠᠶᠢᠰᠢᠩ ᠪᠠᠷᠢᠭᠰᠠᠨ ᠪᠠᠶᠢᠵᠠᠢ | ᠃ ᠬᠦᠷᠢᠶᠡᠨ ᠤ ᠡᠷᠬᠢᠨ ᠲᠤᠭᠤᠷᠢᠨ ᠳᠤ ᠲᠠᠪᠬᠤᠷ ᠲᠠᠪᠬᠤᠷ ᠮᠤᠳᠤ ᠲᠠᠷᠢᠭᠰᠠᠨ ᠢᠶᠠᠷ ᠨᠤᠭᠤᠭᠠᠷᠠᠨ ᠬᠦᠭᠡᠷᠴᠦ᠂ ᠶᠠᠭ | ᠨᠢᠬᠡᠨ ᠭᠡᠰᠡᠭ ᠰᠢᠭᠤᠢ ᠰᠢᠭ ᠬᠠᠷᠠᠭᠳᠠᠳᠠᠭ ᠭᠡᠨ᠎ᠡ᠃ ᠪᠠᠰᠠ ᠮᠠᠨᠵᠤ ᠶᠢᠨ ᠴᠡᠷᠢᠭ ᠤᠨ ᠠᠬᠳᠠ ᠮᠠᠯᠵᠢᠬᠤ ᠲᠠᠯᠠᠪᠠᠢ | ᠪᠠᠨ ᠪᠤᠯᠭᠠᠵᠤ᠂ ᠶᠠᠮᠤᠨ ᠲᠡᠭᠡᠷ᠎ᠡ ᠴᠡᠷᠢᠭ ᠰᠠᠭᠤᠯᠭᠠᠨ᠂ ᠠᠭᠳᠠ ᠮᠠᠯᠵᠢᠬᠤ ᠫᠧᠩ ᠬᠤᠷᠤᠭ᠎ᠠ ᠪᠠᠷᠢᠵᠤ᠂ ᠰᠠᠶᠢᠨ | ᠡᠬᠦᠯᠳᠡᠷ ᠤᠨ ᠠᠵᠢᠷᠭ᠎ᠠ ᠤᠷᠤᠭᠤᠯᠤᠨ᠂ ᠡᠬᠦᠯᠳᠡᠷ ᠰᠠᠶᠢᠵᠢᠷᠠᠭᠤᠯᠬᠤ ᠠᠵᠢᠯ ᠬᠢᠭᠰᠡᠨ ᠪᠤᠯᠪᠠᠴᠤ ᠠᠵᠢᠷᠭ᠎ᠠ ᠨᠢ ᠡᠪᠦᠯ | ᠤᠨ ᠬᠦᠢᠳᠡᠨ ᠳᠤ ᠬᠦᠯᠳᠡᠵᠦ ᠦᠬᠦᠭᠡᠳ ᠠᠵᠢᠯ ᠨᠢ ᠶᠠᠪᠤᠭᠳᠠᠵᠤ ᠲᠡᠶᠢᠯᠦᠭᠰᠡᠨ ᠦᠬᠡᠢ ᠭᠡᠳᠡᠭ᠃ ᠰᠡᠬᠦᠯ ᠳᠤᠨᠢ | ᠶᠠᠮᠤᠨ ᠤ ᠭᠡᠷ ᠬᠦᠷᠢᠶ᠎ᠡ ᠶᠢ ᠰᠡᠯᠪᠢᠨ ᠵᠠᠰᠠᠵᠤ᠂ ᠲᠠᠶᠢᠹᠤᠰᠧ ᠵᠡᠬᠦᠨ ᠭᠠᠷ ᠤᠨ ᠬᠠᠮᠤᠭ ᠠᠩᠬᠠᠳᠤᠭᠴᠢ ᠤᠯᠤᠰ | ᠠᠷᠠᠳ ᠤᠨ ᠰᠤᠷᠭᠠᠭᠤᠯᠢ ᠶᠢ ᠪᠠᠶᠢᠭᠤᠯᠵᠠᠢ᠃ | ᠬᠦᠯᠦ ᠬᠦᠬᠡ ᠶᠢᠨ ᠪᠤᠭᠳᠠ — ᠠᠮᠠᠨ ᠶᠠᠷᠢᠶᠠᠨ ᠳᠤ ᠬᠦᠯᠦ ᠬᠦᠭᠡ ᠶᠢᠨ ᠪᠤᠭᠳᠠ ᠪᠤᠯ ᠡᠵᠡᠨ ᠴᠢᠩᠬᠢᠰ | ᠤᠨ ᠭᠡᠬᠦᠦ ᠰᠠᠭᠠᠵᠤ ᠪᠠᠶᠢᠭᠰᠠᠨ ᠭᠠᠵᠠᠷ ᠬᠡᠵᠦ ᠭᠡᠯᠡᠯᠴᠡᠳᠡᠭ᠃ ᠬᠦᠯᠦ ᠬᠦᠭᠡ ᠶᠢᠨ ᠪᠤᠭᠳᠠ ᠶᠢᠨ ᠪᠠᠶᠢᠷᠢᠰᠢᠯ ᠨᠢ | ᠨᠡᠯᠢᠶᠡᠳ ᠦᠨᠳᠦᠷ᠂ ᠤᠷᠤᠢ ᠨᠢ ᠡᠬᠦᠯᠡᠨ ᠳᠤ ᠰᠢᠷᠭᠤᠵᠤ ᠪᠠᠯ ᠢᠶᠠᠷ ᠨᠢ ᠮᠠᠨᠠᠨ ᠲᠤᠨᠤᠷᠠᠨ᠎ᠠ᠃ ︽ᠬᠦᠯᠦ ᠬᠦᠭᠡ | ᠶᠢᠨ ᠪᠤᠭᠳᠠ ᠶᠢᠨ ᠮᠠᠨᠠᠨ ᠲᠡᠭᠡᠭᠰᠢᠯᠡᠪᠡᠯ ᠨᠠᠷᠠᠨ ᠭᠠᠷᠴᠤ᠂ ᠲᠤᠷᠤᠭᠰᠢᠯᠠᠪᠠᠯ ᠪᠤᠷᠤᠭᠠᠨ ᠤᠷᠤᠨ᠎ᠠ︾ ᠭᠡᠵᠦ ᠨᠤᠳᠤᠭ | ᠤᠨ ᠮᠠᠯᠴᠢᠳ ᠶᠡᠭᠡ ᠰᠦᠵᠢᠭᠳᠡᠢ ᠶᠠᠷᠢᠳᠠᠭ᠃ ᠬᠦᠯᠦ ᠬᠦᠭᠡ ᠶᠢᠨ ᠪᠤᠭᠳᠠ ᠳᠤ ᠵᠡᠬᠦᠨ ᠪᠠᠷᠠᠭᠤᠨ ᠬᠤᠶᠠᠷ ᠤᠪᠤᠭ᠎ᠠ | ᠲᠠᠢ᠂ ᠤᠪᠤᠭ᠎ᠠ ᠪᠦᠷᠢ ᠶᠢᠨ ᠤᠷᠤᠢ ᠲᠡᠭᠡᠷ᠎ᠡ ᠮᠤᠷᠢᠨ ᠲᠤᠭᠤᠷᠠᠢ ᠶᠢᠨ ᠤᠷᠤᠮ ᠰᠢᠭ᠋ ᠵᠢᠵᠢᠭ ᠴᠤᠩᠬᠢᠶᠠᠯ ᠲᠠᠢ | ᠴᠢᠯᠠᠭᠤ ᠪᠤᠢ᠂ ᠡᠬᠦᠨ ᠢ ᠮᠦᠨ ︽ᠪᠤᠭᠳᠠ ᠴᠢᠩᠬᠢᠰ ᠤᠨ ᠮᠤᠷᠢᠨ ᠲᠤᠭᠤᠷᠠᠢ ᠶᠢᠨ ᠤᠷᠤᠮ ︾ ᠭᠡᠳᠡᠭ᠃ | ᠤᠪᠤᠭ᠎ᠠ ᠪᠦᠷᠢ ᠳᠤ ᠨᠢᠬᠡᠨ ᠲᠤᠮᠤ ᠤᠷᠭᠤᠭ᠎ᠠ ᠬᠠᠶᠢᠯᠠᠰᠤ ᠪᠤᠢ᠂ ᠡᠬᠦᠨ ᠢ ︽ᠵᠡᠬᠦᠨ ᠭᠠᠭᠴᠠ ᠮᠤᠳᠤ︾ ᠪᠠ ︽ | ᠪᠠᠷᠠᠭᠤᠨ ᠭᠠᠭᠴᠠ ᠮᠤᠳᠤ︾ ᠬᠡᠳᠡᠭ ᠪᠦᠬᠡᠳ ᠪᠤᠭᠳᠠ ᠡᠵᠡᠨ ᠤ ᠬᠡᠬᠦᠦ ᠶᠢᠨ ᠵᠡᠯ᠎ᠡ ᠶᠢᠨ ᠬᠤᠶᠠᠷ ᠦᠵᠦᠬᠦᠷ ᠤᠨ | ᠭᠠᠳᠠᠰᠤ ᠭᠡᠳᠡᠭ᠃ | ᠫᠤᠤᠲᠠᠶᠢᠶ᠋ᠢᠩᠽᠢ — ᠫᠤᠤᠲᠠᠶᠢᠶ᠋ᠢᠩᠽᠢ ᠪᠤᠯ ᠤᠳᠤᠬᠢ ᠬᠦᠨᠪᠤᠯᠠᠭ ᠰᠤᠮᠤᠨ ᠤ ᠲᠦᠪ᠃ 1935 ᠤᠨ ᠠᠴᠠ | ᠲᠠᠶᠢᠹᠤᠰᠧ ᠵᠡᠬᠦᠨ ᠭᠠᠷ ᠬᠤᠰᠢᠭᠤᠨ ᠤ ᠲᠦᠪ ᠪᠠᠶᠢᠵᠤ᠂ 1941 ᠤᠨ ᠳᠤ ᠬᠤᠰᠢᠭᠤ ᠵᠠᠰᠠᠭ ᠤᠨ ᠭᠡᠷ | ᠬᠦᠷᠢᠶ᠎ᠡ ᠶᠢ ᠪᠠᠶᠢᠭᠤᠯᠤᠨ᠂ ᠦᠨᠳᠦᠷ ᠭᠡᠷᠡᠮ᠂ ᠤᠨᠠᠭᠤᠯᠢ ᠭᠤᠤ ᠪᠠᠷ ᠬᠦᠷᠢᠶᠡᠯᠡᠵᠦ ᠂ ᠪᠠᠳᠤ ᠪᠠᠬᠢ ᠡᠬᠦᠳᠡ | ᠬᠠᠭᠠᠯᠭ᠎ᠠ ᠲᠤᠬᠢᠷᠠᠭᠤᠯᠤᠨ᠂ ᠲᠦᠷᠪᠡᠨ ᠦᠨᠴᠦᠭ ᠲᠤᠨᠢ ᠫᠤᠤᠲ᠋ᠠᠢ ᠪᠠᠷᠢᠵᠠᠢ᠃ 1935 ᠤᠨ ᠳᠤ ᠰᠡᠷᠡᠩᠨᠠᠮᠵᠢᠯ | ᠠᠮᠪᠠᠨ ᠲᠠᠶᠢᠹᠤᠰᠧ ᠵᠡᠬᠦᠨ ᠭᠠᠷ ᠬᠤᠰᠢᠭᠤᠨ ᠳᠤ ᠠᠮᠪᠠᠨ ᠰᠠᠭᠤᠭᠰᠠᠨ ᠤ ᠲᠠᠷᠠᠭ᠎ᠠ ᠨᠢᠬᠡ ᠬᠤᠪᠢᠯᠭᠠᠨ ᠯᠠᠮᠠ | ᠲᠡᠳᠡᠨ ᠤ ᠪᠠᠷ ᠵᠠᠯᠠᠷᠠᠨ ᠪᠠᠭᠤᠬᠤ ᠳᠤ ᠵᠡᠷᠭᠡ ᠭᠡᠷᠭᠡᠮ᠂ ᠨᠡᠷ᠎ᠡ ᠠᠯᠳᠠᠷ ᠢᠶᠠᠨ ᠮᠠᠨᠳᠤᠭᠤᠯᠬᠤ ᠲᠤᠬᠠᠢ ᠠᠮᠪᠠᠨ ᠭᠤᠸᠠᠢ | ᠬᠤᠪᠢᠯᠭᠠᠨ ᠯᠠᠮᠠ ᠠᠴᠠ ᠠᠪᠤᠷᠠᠯ ᠬᠦᠰᠡᠭᠰᠡᠨ ᠭᠡᠨ᠎ᠡ᠂ ᠲᠡᠭᠡᠬᠦ ᠳᠤ ᠬᠤᠪᠢᠯᠭᠠᠨ ᠯᠠᠮᠠ ᠠᠴᠠ ︽ᠡᠷᠬᠢᠮ | ᠠᠮᠪᠠᠨᠳᠠᠨ ᠲᠠᠭᠳᠤ ᠪᠠᠶᠢᠭᠤᠯᠪᠠᠰᠤ ᠬᠦᠰᠡᠭᠰᠡᠨ ᠬᠦᠰᠡᠯ ᠶᠤᠰᠤᠴᠢᠯᠠᠨ ᠪᠦᠳᠦᠮᠤᠢ︾ ᠭᠡᠵᠦ ᠰᠤᠷᠭᠠᠯ ᠬᠠᠶᠢᠷᠠᠯᠠᠵᠠᠢ᠃ | ᠠᠮᠪᠠᠨ ᠡᠨᠡ ᠦᠬᠡᠨ ᠤ ᠤᠳᠬ᠎ᠠ ᠤᠴᠢᠷ ᠢ ᠤᠶᠢᠯᠠᠭᠠᠭᠰᠠᠨ ᠦᠬᠡᠢ ᠲᠤᠯᠠ ᠬᠤᠰᠢᠭᠤᠨ ᠤ ᠪᠠᠨ ᠠᠯᠪᠠᠨ | ᠲᠤᠰᠢᠶᠠᠯᠳᠠᠨ᠂ ᠲᠠᠪᠤᠨ ᠰᠤᠮᠤᠨ ᠤ ᠵᠠᠩᠬᠢ ᠪᠠ ᠬᠡᠷᠭᠡᠮᠳᠡᠨ ᠯᠠᠮᠠᠳᠠᠨ ᠨᠠᠷ ᠢ ᠴᠤᠭᠯᠠᠭᠤᠯᠵᠤ ᠵᠦᠪᠳᠡᠨ | ᠶᠠᠷᠢᠯᠴᠠᠭᠰᠠᠨ ᠳᠤ ᠰᠤᠪᠤᠷᠭ᠎ᠠ ᠪᠠᠶᠢᠭᠤᠯᠪᠠᠯ ᠰᠠᠶᠢᠨ ᠭᠡᠳᠡᠯ᠎ᠡ ᠠᠰᠠᠷ ᠲᠠᠭᠳᠤ ᠪᠠᠶᠢᠭᠤᠯᠪᠠᠯ ᠵᠦᠬᠡᠷ ᠬᠡᠵᠦ ᠡᠯᠳᠡᠪ | ᠢᠶᠠᠷ ᠶᠠᠷᠢᠯᠴᠠᠭᠰᠠᠨ ᠪᠠᠶᠢᠪᠠ᠃ ᠰᠡᠬᠦᠯ ᠳᠤᠨᠢ ︽ᠠᠮᠪᠠᠨ ᠤ ᠭᠡᠷ ᠤᠨ ᠡᠷᠬᠢᠨ ᠲᠤᠭᠤᠷᠢᠨ ᠬᠦᠪᠴᠢᠭ ᠰᠢᠷᠡᠭᠡ ᠪᠠᠷ | ᠬᠦᠷᠢᠶᠡᠯᠡᠭᠳᠡᠵᠦ᠂ ᠭᠠᠵᠠᠷ ᠤᠨ ᠪᠠᠶᠢᠴᠠ ᠲᠤᠤᠷ᠎ᠠ ᠪᠤᠯᠤᠭᠰᠠᠨ ᠲᠤᠯᠠ ᠦᠨᠳᠦᠷ ᠲᠡᠭᠡᠷ᠎ᠡ ᠠᠴᠠ ᠠᠯᠤᠰ ᠢ ᠪᠠᠷᠠᠯᠠᠵᠤ | ᠴᠢᠳᠠᠬᠤ ᠪᠠᠷᠢᠯᠭ᠎ᠠ ᠪᠠᠷᠢᠬᠤ ᠭᠡᠷᠡᠭᠳᠡᠢ ᠪᠠᠶᠢᠯᠬᠦᠢ︾ ᠬᠡᠮᠡᠬᠦ ᠰᠠᠨᠠᠭᠤᠯᠭ᠎ᠠ ᠶᠢ ᠵᠦᠪᠰᠢᠶᠡᠷᠡᠵᠦ᠂ ᠭᠡᠷ ᠤᠨ ᠬᠠᠵᠠᠭᠤ | ᠳᠤ ᠰᠢᠪᠠᠷ ᠫᠤᠤᠲ᠋ᠠᠢ ᠴᠤᠭᠴᠠᠯᠠᠪᠠᠯ ᠠᠰᠠᠷ ᠲᠠᠭᠳᠤ ᠰᠢᠭ ᠪᠤᠯᠬᠤ ᠪᠦᠭᠡᠳ ᠲᠡᠭᠡᠷ᠎ᠡ ᠲᠠᠪᠬᠤᠷᠭ᠎ᠠ ᠠᠴᠠ ᠨᠢ ᠡᠷᠬᠢᠨ | ᠲᠤᠭᠤᠷᠢᠨ ᠤ ᠠᠷᠪᠠᠭᠠᠳ ᠭᠠᠵᠠᠷ ᠢ ᠠᠵᠢᠭᠯᠠᠨ ᠪᠠᠷᠠᠯᠠᠵᠤ ᠴᠢᠳᠠᠨ᠎ᠠ ᠬᠡᠮᠡᠨ ᠫᠤᠤᠲ᠋ᠠᠢ ᠪᠠᠶᠢᠭᠤᠯᠬᠤ ᠲᠡᠭᠡᠷ᠎ᠡ | ᠦᠵᠡᠯᠳᠡ ᠨᠢᠭᠡᠳᠴᠡᠢ᠃ ᠡᠶᠢᠨᠬᠦ ᠭᠤᠷᠪᠠᠨ ᠲᠠᠪᠬᠤᠷ ᠦᠨᠳᠦᠷ ᠢᠶᠠᠷ ᠢᠶᠠᠨ ᠠᠷᠪᠠᠭᠠᠳ ᠮᠧᠲᠷ ᠬᠠᠷᠠᠭᠤᠯ ᠤᠨ | ᠫᠤᠤᠲ᠋ᠠᠢ ᠶᠢ ᠪᠠᠶᠢᠭᠤᠯᠤᠭᠠᠳ᠂ ᠲᠤᠮᠳᠠ ᠲᠠᠪᠬᠤᠷᠭ᠎ᠠ ᠳᠤᠨᠢ ᠬᠦᠮᠦᠨ ᠰᠠᠭᠤᠵᠤ᠂ ᠲᠡᠭᠡᠷ᠎ᠡ ᠲᠠᠪᠬᠤᠷᠭ᠎ᠠ ᠠᠴᠠ ᠨᠢ | ᠠᠯᠤᠰ ᠢ ᠪᠠᠷᠠᠯᠠᠵᠤ ᠪᠤᠯᠬᠤ ᠪᠦᠬᠡᠳ ᠬᠠᠮᠤᠭ ᠲᠡᠭᠡᠷ᠎ᠡ ᠨᠢ ᠨᠢᠬᠡ ᠬᠦᠮᠦᠨ ᠵᠤᠭᠰᠤᠵᠤ ᠪᠤᠯᠤᠮᠠᠷ ᠰᠢᠯᠦᠨ ᠴᠤᠩᠬᠤ | ᠲᠠᠢ ᠮᠤᠳᠤᠨ ᠲᠢᠩᠬᠢᠮ ᠪᠠᠶᠢᠭᠤᠯᠵᠠᠢ᠃ | ᠬᠠᠰᠢᠶᠠᠳᠤ ᠭᠠᠴᠠᠭ᠎ᠠ — ᠨᠠᠰᠤᠳᠠᠶᠢᠴᠤᠳ ᠤᠨ ᠶᠠᠷᠢᠬᠤ ᠪᠠᠷ ᠡᠨᠡ ᠨᠤᠳᠤᠭ ᠲᠤ ᠠᠩᠬ᠎ᠠ ᠨᠤᠳᠤᠭᠯᠠᠭᠰᠠᠨ | ᠮᠠᠯᠴᠢᠳ ᠨᠢᠬᠡ ᠲᠤᠮᠤ ᠨᠠᠭᠤᠷ ᠤᠨ ᠬᠤᠶᠢᠳᠤ ᠬᠦᠪᠡᠭᠡ ᠶᠢ ᠲᠠᠭᠠᠵᠤ ᠪᠠᠭᠤᠭᠰᠠᠨ ᠪᠠᠶᠢᠵᠠᠢ᠃ ᠲᠡᠷᠡ ᠦᠶᠡᠰ | ᠡᠨᠡᠬᠦ ᠨᠠᠭᠤᠷ ᠨᠢ ᠬᠠᠯᠬᠢᠯᠠᠵᠤ ᠴᠠᠯᠬᠢᠯᠠᠭᠰᠠᠨ ᠲᠤᠮᠤ ᠨᠠᠭᠤᠷ ᠶᠤᠮ ᠭᠡᠨ᠎ᠡ᠃ ᠬᠤᠷ᠎ᠠ ᠪᠤᠷᠤᠭᠠᠨ ᠡᠯᠪᠡᠭ ᠵᠢᠯ ᠨᠠᠭᠤᠷ | ᠭᠡᠴᠢᠨᠡᠨ ᠲᠡᠯᠡᠷᠡᠭᠰᠡᠨ ᠴᠤ ᠬᠤᠶᠢᠳᠤ ᠵᠠᠬ᠎ᠠ ᠪᠠᠷ ᠨᠢ ᠰᠠᠭᠤᠭᠰᠠᠨ ᠠᠶᠢᠯ ᠤᠳ ᠢᠶᠠᠨ ᠶᠡᠷᠦ ᠤᠰᠤᠳᠠᠭᠤᠯᠳᠠᠭ ᠦᠬᠡᠢ | ᠪᠠᠶᠢᠵᠠᠢ᠃ ᠠᠶᠢᠯ ᠤᠨ ᠬᠤᠶᠢᠭᠤᠷ ᠪᠠᠶᠠᠩ ᠬᠠᠩᠭᠠᠢ ᠠᠭᠤᠯᠠᠨ ᠠᠴᠠ ᠦᠷᠬᠦᠯᠵᠢᠯᠡᠭᠰᠡᠨ ᠰᠢᠷᠡᠭᠡ ᠪᠠᠶᠢᠳᠠᠭ᠂ | ᠡᠨᠡᠰᠢᠷᠡᠭᠡ ᠬᠤᠪᠢᠯᠭᠠᠨ ᠤᠪᠢᠳᠢᠰ ᠲᠠᠢ ᠪᠠᠶᠢᠵᠤ᠂ ᠨᠠᠭᠤᠷ ᠤᠨ ᠤᠰᠤ ᠶᠢ ᠵᠢᠭᠠᠬᠠᠨ ᠴᠤ ᠬᠤᠶᠢᠰᠢ ᠲᠡᠯᠡᠬᠦᠯᠳᠡᠭ | ᠦᠬᠡᠢ ᠴᠢᠳᠠᠯ ᠲᠠᠢ ᠭᠡᠨ᠎ᠡ᠃ ᠢᠩᠬᠢᠭᠡᠳ ᠮᠠᠯᠴᠢᠳ ᠠᠶᠢᠯ ᠤᠨ ᠬᠤᠶᠢᠭᠤᠷᠬᠢ ᠰᠢᠷᠡᠭᠡ ᠪᠠᠨ ᠰᠢᠳᠢᠳᠦ ᠬᠠᠰᠢᠶ᠎ᠠ | ᠭᠡᠮᠡᠨ᠂ ᠬᠠᠰᠢᠶ᠎ᠠ ᠶᠢ ᠲᠠᠭᠠᠵᠤ ᠪᠠᠭᠤᠭᠰᠠᠨ ᠠᠶᠢᠯ ᠢ ᠬᠠᠰᠢᠶᠠᠳᠤ ᠠᠶᠢᠯ ᠭᠡᠵᠦ ᠨᠡᠷᠡᠯᠡᠨ᠂ ᠲᠡᠷᠡᠬᠦ ᠨᠠᠭᠤᠷ ᠢ ᠴᠤ | ᠬᠠᠰᠢᠶᠠᠳᠤ ᠨᠠᠭᠤᠷ ᠭᠡᠵᠦ ᠨᠡᠷᠡᠯᠡᠬᠦ ᠪᠤᠯᠤᠭᠰᠠᠨ ᠪᠠᠶᠢᠨ᠎ᠠ᠃ | ᠬᠤᠸᠠ ᠮᠠ ᠴᠢᠦ᠋ᠨ — ᠰᠠᠶᠢᠬᠠᠨᠨᠠᠭᠤᠷ ᠭᠠᠴᠠᠭᠠᠨ ᠤ ᠨᠢᠬᠡ ᠬᠤᠳᠠ ᠤᠰᠤ ᠂ ᠠᠯᠠᠭ ᠠᠳᠤᠭᠤᠨ ᠰᠦᠷᠦᠭ | ᠭᠡᠰᠡᠨ ᠦᠬᠡ᠃ ᠮᠠᠨᠵᠤ ᠶᠢᠨ ᠪᠠᠳᠠᠷᠠᠭᠤᠯᠳᠤ ᠲᠦᠷᠦ ᠶᠢᠨ ᠦᠶᠡᠰ ᠨᠢᠬᠡ ᠪᠦᠯᠦᠭ ᠨᠤᠶᠠᠳ ᠴᠡᠷᠢᠭ ᠮᠠᠯᠠᠭᠠᠢ ᠶᠢᠨ | ᠰᠦᠮ᠎ᠡ ᠲᠡᠭᠡᠷ᠎ᠡ ᠰᠠᠭᠤᠵᠤ᠂ ᠬᠦᠢᠰᠦᠳᠦ ᠨᠠᠭᠤᠷ ᠤᠨ ᠵᠡᠬᠦᠨ ᠡᠮᠦᠨ᠎ᠡ ᠰᠢᠷᠡᠭᠡᠨ ᠲᠡᠭᠡᠷ᠎ᠡ ᠪᠠ ᠬᠠᠰᠢᠶᠠᠳᠤ ᠨᠠᠭᠤᠷ | ᠤᠨ ᠵᠡᠬᠦᠨᠳᠡᠢ ᠶᠡᠭᠡ ᠭᠤᠤ ᠮᠠᠯᠳᠠᠨ ᠠᠳᠤᠭᠤ ᠬᠤᠷᠢᠵᠤ᠂ ᠠᠳᠤᠭᠤᠨ ᠰᠦᠷᠦᠭ ᠪᠦᠷᠢ ᠶᠢ ᠨᠢᠭᠡᠳ ᠨᠢᠬᠡ ᠪᠠᠷ ᠨᠢ | ᠡᠷ᠎ᠡ ᠡᠮ᠎ᠡ᠂ ᠨᠠᠰᠤ ᠵᠢᠰᠦ ᠪᠠᠷ ᠨᠢ ᠢᠯᠭᠠᠨ ᠲᠠᠩᠰᠠᠯᠠᠭᠠᠳ᠂ ᠵᠦᠪ ᠲᠠᠯ᠎ᠠ ᠶᠢᠨ ᠭᠤᠶ᠎ᠠ ᠲᠡᠭᠡᠷ᠎ᠡ ᠨᠢ ᠭᠢᠳᠠᠳ | ᠦᠰᠦᠭ ᠤᠨ生 ᠲᠠᠮᠠᠭ᠎ᠠ ᠬᠠᠶᠢᠷᠤᠭᠰᠠᠨ ᠭᠡᠨ᠎ᠡ᠃ ᠲᠡᠷᠡ ᠶᠡᠭᠡ ᠭᠤᠤ ᠶᠢ ︽ᠲᠠᠪᠤᠨ ᠬᠤᠰᠢᠭᠤ ᠬᠦᠷᠢᠶ᠎ᠡ︾ | ᠭᠡᠳᠡᠭ᠃ ᠵᠠᠯᠭᠠᠭᠠᠳ ᠲᠤᠭᠠᠯᠠᠨ ᠲᠠᠮᠠᠭᠠᠯᠠᠭᠰᠠᠨ ᠠᠳᠤᠭᠤ ᠪᠠᠨ ᠦᠩᠬᠡ ᠵᠢᠰᠦ ᠪᠠᠷ ᠨᠢ ᠢᠯᠭᠠᠨ ᠴᠠᠭᠠᠨ ᠠᠳᠤᠭᠤ᠂ | ᠠᠯᠠᠭ ᠠᠳᠤᠭᠤ᠂ ᠭᠡᠭᠡᠷ ᠠᠳᠤᠭᠤ᠂ ᠵᠡᠭᠡᠷᠳᠡ ᠠᠳᠤᠭᠤ ᠭᠡᠮᠡᠨ ᠵᠢᠰᠦᠯᠡᠨ ᠨᠡᠶᠢᠯᠡᠬᠦᠯᠵᠦ᠂ ᠰᠦᠷᠦᠭ ᠪᠤᠯᠭᠠᠨ ᠢ | ᠲᠤᠰᠬᠠᠢ ᠲᠠᠷᠤᠭ᠎ᠠ ᠳᠤ ᠲᠤᠰᠢᠶᠠᠨ ᠦᠭᠴᠦ ᠮᠠᠯᠵᠢᠭᠤᠯᠤᠭᠰᠠᠨ ᠪᠠᠶᠢᠪᠠ᠃ ᠡᠶᠢᠨᠬᠦ ᠲᠠᠶᠢᠹᠤᠰᠧ ᠵᠡᠬᠦᠨ ᠭᠠᠷ ᠤᠨ | ᠲᠠᠯᠠᠨ ᠲᠠᠪᠤᠨ ᠠᠳᠤᠭᠤᠨ ᠰᠦᠷᠦᠭ ᠨᠢ ᠬᠤᠷᠢᠶᠠᠭᠳᠠᠭᠠᠳ᠂ ᠠᠳᠤᠭᠤᠨ ᠲᠠᠷᠤᠭ᠎ᠠ᠂ ᠮᠡᠶᠢᠷᠡᠨ᠂ ᠠᠳᠤᠭᠤᠴᠢᠨ | ᠬᠦᠷᠳᠡᠯ᠎ᠡ ᠤᠨᠤᠭᠠᠷᠢ ᠪᠠᠨ ᠠᠯᠳᠠᠵᠤ᠂ ᠭᠠᠭ᠋ᠠᠢ ᠶᠠᠪᠠᠭᠠᠨ ᠪᠤᠯᠤᠯ᠎ᠠ ᠬᠡᠵᠦ ᠮᠠᠨᠵᠤ ᠶᠢ ᠵᠦᠬᠡᠳᠡᠭ ᠪᠠᠶᠢᠵᠠᠢ᠃ ᠲᠡᠭᠡᠬᠦ | ᠳᠡᠭᠡᠨ ᠴᠤᠬᠤᠷ ᠠᠯᠠᠭ ᠠᠳᠤᠭᠤᠨ ᠰᠦᠷᠦᠭ ᠢ ᠰᠠᠶᠢᠬᠠᠨᠨᠠᠭᠤᠷ ᠤᠨ ᠲᠠᠯ᠎ᠠ ᠳᠤ ᠮᠠᠯᠵᠢᠭᠰᠠᠨ ᠠᠴᠠ ᠠᠯᠠᠭ ᠰᠦᠷᠦᠭ | ᠤᠨ ᠰᠠᠭᠤᠷᠢᠰᠢᠯ ᠪᠤᠯᠵᠤ᠂ ᠬᠢᠳᠠᠳ ᠢᠶᠠᠷ ᠬᠤᠸᠠ ᠮᠠ ᠴᠢᠦ᠋ᠨ ᠭᠡᠮᠡᠬᠦ ᠭᠠᠵᠠᠷ ᠤᠰᠤᠨ ᠤ ᠨᠡᠷᠡᠶᠢᠳᠦᠯ | ᠪᠤᠯᠵᠠᠢ᠃ | ᠪᠡᠷᠭᠡ ᠶᠢᠨ ᠠᠭᠤᠯᠠ — ᠡᠨᠡ ᠠᠠᠭᠤᠯᠠ ᠤᠷᠢᠳᠤ ᠳᠠᠭᠠᠨ ᠬᠦᠮᠦᠨ ᠤ ᠪᠠᠷ᠎ᠠ ᠦᠬᠡᠢ ᠠᠳᠠᠷ ᠭᠡᠭᠡᠷ᠎ᠡ | ᠭᠠᠵᠠᠷ ᠪᠠᠶᠢᠵᠤ᠂ ᠡᠪᠡᠰᠦ ᠤᠷᠭᠤᠮᠠᠯ ᠢᠬᠴᠤ ᠰᠠᠬᠤᠯᠢᠭ ᠂ ᠦᠨᠳᠦᠷ ᠨᠢ ᠲᠦᠷᠦᠭᠡ ᠰᠢᠬᠦᠷᠳᠡᠭ ᠪᠦᠬᠡᠳ | ᠠᠭᠤᠯᠠᠨ ᠳᠤ ᠠᠮᠢᠳᠠᠨ ᠠᠷᠢᠶᠠᠳᠠᠨ ᠠᠷᠪᠢᠨ ᠂ ᠢᠯᠠᠩᠭᠤᠶ᠎ᠠ ᠴᠢᠨ᠋ᠸ᠎ᠠ ᠪᠠ ᠤᠭᠳᠤᠷ ᠬᠦᠭᠡ ᠠᠷᠪᠢᠨ ᠪᠠᠶᠢᠳᠠᠭ ᠪᠡᠷᠭᠡ | ᠪᠡᠷᠭᠡ ᠪᠠᠷᠳᠠᠭ᠎ᠠ ᠶᠡᠬᠡᠳᠡᠢ ᠭᠠᠵᠠᠷ ᠪᠤᠯᠬᠤᠷ ᠬᠦᠮᠦᠰ ᠪᠡᠷᠭᠡ ᠶᠢᠨ ᠠᠭᠤᠯᠠ ᠭᠡᠵᠦ ᠨᠡᠷᠡᠯᠡᠭᠰᠡᠨ ᠬᠡᠨ᠎ᠡ᠃ | ᠵᠢᠷᠠᠨ ᠤᠰᠤ ᠭᠠᠴᠠᠭ᠎ᠠ — ᠨᠤᠳᠤᠭ ᠤᠨ ᠠᠬᠠᠮᠠᠳ ᠤᠨ ᠬᠡᠯᠡᠬᠦ ᠪᠠᠷ ᠡᠷᠳᠡ ᠤᠷᠢᠳᠤ ᠴᠠᠭ ᠲᠤ ᠴᠢᠩᠬᠢᠰ | ᠬᠠᠭᠠᠨ ᠠᠶᠠᠨ ᠲᠠᠶᠢᠨ ᠳᠤ ᠮᠤᠷᠳᠠᠵᠤ᠂ ᠶᠡᠭᠡ ᠭᠤᠪᠢ ᠶᠢ ᠲᠤᠭᠤᠯᠤᠭᠠᠳ ᠡᠨᠡ ᠨᠤᠳᠤᠭ ᠲᠤ ᠢᠷᠡᠳᠡᠯ᠎ᠡ ᠵᠠᠮ | ᠲᠠᠭᠠᠤ ᠴᠡᠷᠢᠭ ᠮᠤᠷᠢ ᠨᠢ ᠠᠩᠭᠠᠵᠤ ᠤᠮᠳᠠᠭᠠᠰᠬᠤ ᠶᠢᠨ ᠲᠤᠶᠢᠯ ᠳᠤ ᠲᠤᠯᠵᠤ᠂ ᠵᠢᠷᠠᠨ ᠬᠤᠳᠳᠤᠭ ᠮᠠᠯᠳᠠᠭᠰᠠᠨ | ᠴᠤ ᠤᠰᠤ ᠤᠮᠳᠠ ᠬᠦᠷᠦᠯᠴᠡᠬᠦ ᠦᠬᠡᠢ᠂ ᠤᠷᠤᠭᠰᠢᠯᠠᠯᠳᠠ ᠶᠢᠨ ᠵᠠᠮ ᠳᠤ ᠶᠡᠭᠡ ᠰᠠᠭᠠᠳ ᠪᠤᠯᠤᠭᠰᠠᠨ ᠬᠡᠨ᠎ᠡ᠃ | ᠠᠶᠠᠯᠠᠨ ᠶᠠᠪᠤᠭᠰᠠᠭᠠᠷ ᠤᠯᠠᠭᠠᠨ ᠨᠠᠭᠤᠷ ᠤᠨ ᠬᠦᠪᠡᠭᠡᠨ ᠳᠤ ᠢᠷᠡᠵᠦ ᠪᠠᠭᠤᠳᠠᠯᠯᠠᠬᠤ ᠳᠠᠭᠠᠨ ᠪᠠᠶᠢᠭᠠᠯᠢ ᠤᠷᠴᠢᠨ ᠢ | ᠠᠵᠢᠭᠯᠠᠨ ᠦᠵᠡᠬᠦ ᠳᠤ ᠡᠪᠡᠰᠦ ᠨᠤᠭᠤᠭ᠎ᠠ ᠡᠪᠦᠳᠦᠭ ᠲᠠᠪᠠᠵᠤ᠂ ᠦᠩᠬᠡ ᠶᠢᠨ ᠴᠡᠴᠡᠭ ᠮᠢᠷᠠᠯᠵᠠᠨ ᠲᠡᠯᠭᠡᠷᠡᠭᠰᠡᠨ | ᠦᠨᠢᠷ ᠲᠠᠩᠰᠤᠭ ᠨᠤᠳᠤᠭ ᠪᠠᠶᠢᠵᠠᠢ᠂ ᠪᠤᠭᠳᠠ ᠡᠵᠡᠨ ᠶᠡᠬᠡᠯ᠎ᠡ ᠪᠠᠶᠠᠰᠴᠤ᠂ ᠭᠠᠵᠠᠷ ᠦᠵᠡᠨ ᠪᠠᠭᠤᠴᠠ ᠪᠠᠨ | ᠠᠪᠤᠭᠠᠳ᠂ ᠬᠤᠳᠳᠤᠭ ᠮᠠᠯᠳᠠᠵᠤ ᠦᠵᠡᠭᠰᠡᠨ ᠳᠤ ᠠᠷᠪᠠᠨ ᠲᠤᠬᠤᠢ ᠮᠠᠯᠳᠠᠭᠰᠠᠨ ᠦᠬᠡᠢ ᠪᠠᠷ ᠲᠤᠩᠭᠠᠯᠠᠭ ᠤᠰᠤ | ᠤᠷᠬᠢᠯᠤᠨ ᠭᠠᠷᠴᠤ ᠂ ᠬᠡᠳᠦᠨ ᠲᠦᠮᠡᠨ ᠴᠡᠷᠢᠭ ᠮᠤᠷᠢᠳ ᠤᠨ ᠴᠠᠩᠭᠠᠭ᠎ᠠ ᠶᠢ ᠲᠠᠶᠢᠯᠤᠭᠠᠳ ᠪᠠᠰᠠ ᠰᠢᠷᠬᠢᠭᠰᠡᠨ | ᠦᠬᠡᠢ ᠮᠦᠷᠳᠡᠭᠡᠨ ᠠᠮᠳᠠᠳᠤ ᠤᠰᠤ ᠨᠢ ᠤᠷᠬᠢᠯᠤᠨ ᠤᠨᠳᠤᠷᠴᠤ ᠪᠠᠶᠢᠵᠠᠢ᠂ ᠴᠢᠩᠬᠢᠰ ᠪᠤᠭᠳᠠ ᠲᠤᠩ ᠪᠠᠶᠠᠰᠤᠨ | ᠲᠠᠭᠠᠰᠢᠶᠠᠵᠤ᠂ ᠡᠨᠡ ᠬᠤᠳᠳᠤᠭ ᠢ ᠵᠢᠷᠠᠨ ᠤᠰᠤ ᠭᠡᠵᠦ ᠨᠡᠷᠡᠯᠡᠯ᠎ᠡ ᠭᠡᠳᠡᠭ᠃ ᠤᠯᠠᠮᠵᠢᠯᠠᠯ ᠶᠠᠷᠢᠶᠠᠨ ᠳᠤ ᠪᠠᠰᠠ | ᠬᠦᠨᠪᠤᠯᠠᠭ ᠨᠤᠳᠤᠭ ᠢ ᠰᠤᠨᠳᠠᠯᠠᠵᠤ ᠦᠩᠭᠡᠷᠡᠭᠡ ᠠᠯᠳᠠᠨ ᠤᠯᠤᠰ ᠤᠨ ᠬᠡᠷᠡᠮ ᠢ ᠪᠠᠷᠢᠬᠤ ᠦᠶᠡᠰ ᠵᠠᠮ ᠲᠠᠭᠠᠤ | ᠵᠢᠷᠠᠨ ᠬᠤᠳᠳᠤᠭ ᠮᠠᠯᠳᠠᠭᠠᠳ ᠤᠰᠤ ᠨᠢ ᠬᠦᠷᠦᠭᠰᠡᠨ ᠦᠬᠡᠢ᠂ ᠬᠠᠷᠢᠨ ᠠᠳᠡ ᠢᠷᠡᠭᠡᠳ ᠨᠢᠭᠡᠯᠨ ᠬᠤᠳᠳᠤᠭ | ᠮᠠᠯᠳᠠᠭᠰᠠᠨ ᠳᠤ ᠤᠨᠳᠤᠷᠴᠤ ᠭᠠᠷᠤᠭᠰᠠᠨ ᠤᠰᠤ ᠨᠢ ᠵᠢᠷᠠᠨ ᠬᠤᠳᠳᠤᠭ ᠤᠨ ᠤᠰᠤ ᠲᠠᠢ ᠲᠡᠩᠴᠡᠭᠰᠡᠨ ᠠᠴᠠ ᠠᠳᠡ | ᠨᠤᠳᠤᠭ ᠰᠤᠩᠭᠤᠵᠤ ᠴᠡᠷᠢᠭ ᠣᠨᠰᠠᠭᠤᠷᠢᠨ ᠴᠤᠭᠴᠠᠯᠠᠵᠠᠢ᠂ ᠲᠡᠭᠡᠭᠡᠳ ᠡᠨ᠋ᠨ ᠨᠤᠳᠤᠭ ᠢ ᠵᠢᠷᠠᠨ ᠤᠰᠤ ᠬᠡᠯᠡ ᠭᠡᠳᠡᠭ᠃ | | ᠮᠤᠳᠤᠨ ᠰᠦᠮ᠎ᠡ ᠭᠠᠴᠠᠭ᠎ᠠ — ᠮᠤᠳᠤᠨ ᠰᠦᠮ᠎ᠡ ᠪᠤᠯ ᠡᠷᠳᠡᠨ ᠤ ᠦᠶ᠎ᠡ ᠳᠤ ᠤᠳᠠᠢ ᠶᠢᠨ ᠤᠷᠤᠨ ᠤ | ᠰᠠᠮᠳᠠᠯᠢᠩ ᠬᠡᠶᠢᠳ ᠤᠨ ᠨᠢᠬᠡᠨ ᠲᠢᠶᠠᠨᠴᠢ ᠯᠠᠮᠠ ᠠᠳᠡ ᠢᠷᠡᠵᠦ᠂ ᠴᠤᠯᠤ ᠮᠤᠳᠤ ᠪᠠᠷ ᠪᠠᠶᠢᠭᠤᠯᠤᠭᠰᠠᠨ ᠲᠢᠶᠠᠨ | ᠬᠢᠳᠡᠭ ᠰᠦᠮ᠎ᠡ ᠭᠡᠨ᠎ᠡ ᠂ ᠲᠡᠭᠡᠭᠡᠳ ᠮᠤᠳᠤᠨ ᠰᠦᠮ᠎ᠡ ᠬᠡᠵᠦ ᠨᠡᠷᠡᠯᠡᠨ᠂ ᠠᠳᠡᠬᠢ ᠠᠶᠢᠯ ᠬᠤᠳᠠ ᠴᠤ | ᠠᠶᠠᠨᠳᠠᠭᠠᠨ ᠮᠤᠳᠤᠨ ᠰᠦᠮ᠎ᠡ ᠶᠢᠨ ᠠᠶᠢᠯ ᠪᠤᠯᠤᠭᠰᠠᠨ ᠪᠠᠶᠢᠨ᠎ᠠ᠃ ᠡᠨᠡ ᠭᠠᠵᠠᠷ ᠨᠢ ᠬᠠᠨ ᠰᠤᠪᠤᠷᠭ᠎ᠠ᠂ ᠪᠡᠷᠭᠡ ᠶᠢᠨ | ᠠᠭᠤᠯᠠ ᠠᠴᠠ ᠡᠮᠦᠨ᠎ᠡ ᠂ ᠡᠳᠡᠭᠡᠷ ᠠᠭᠤᠯᠠᠰ ᠤᠨ ᠡᠩᠬᠡᠷ ᠲᠤᠨᠢ ᠪᠠᠶᠢᠷᠢᠰᠢᠳᠠᠭ ᠪᠤᠯᠬᠤᠷ ᠤᠤᠯ ᠨᠢ ᠪᠠᠰᠠ | ᠡᠩᠬᠡᠷ ᠭᠡᠵᠦ ᠲᠠᠭᠤᠳᠠᠳᠠᠭ᠃ ᠡᠨᠡ ᠰᠦᠮ᠎ᠡ ᠬᠤᠵᠢᠮ ᠨᠢ ᠭᠠᠯ ᠭᠠᠷᠴᠤ ᠰᠢᠳᠠᠵᠤ ᠲᠠᠭᠤᠰᠤᠯ᠎ᠠ ᠭᠡᠳᠡᠭ᠃ | ᠸᠠ ᠹᠠᠩ ᠶᠢᠩᠽᠢ — ᠸᠠᠭᠠᠷᠤᠨ ᠪᠠᠶᠢᠰᠢᠩᠳᠤ ᠲᠤᠰᠬᠤᠨ ᠭᠡᠰᠡᠨ ᠦᠬᠡ᠃ ᠪᠠᠳᠠᠷᠠᠭᠤᠯᠳᠤ ᠲᠦᠷᠦ ᠶᠢᠨ | ᠦᠶ᠎ᠡ ᠳᠤ ᠴᠠᠬᠠᠷ ᠠᠶᠢᠮᠠᠭ ᠤᠨ ᠲᠤᠯᠤᠨᠨᠠᠭᠤᠷ ᠤᠷᠴᠢᠮ ᠢᠶᠠᠷ ᠱᠠᠨᠳᠦ᠋ᠩ ᠤᠨ ᠲᠡᠨᠦᠬᠦᠯ ᠠᠷᠠᠳ ᠢᠶᠠᠷ ᠪᠦᠷᠢᠯᠳᠦᠭᠰᠡᠨ | ︽ᠵᠢᠭᠠᠰᠤᠨ ᠱᠠᠨᠳᠦ᠋ᠩ︾ ᠭᠡᠮᠡᠬᠦ ᠲᠡᠭᠡᠷᠡᠮ ᠪᠤᠰᠴᠤ᠂ ᠭᠠᠵᠠᠷ ᠤᠷᠤᠨ ᠢ ᠶᠡᠭᠡᠪᠡᠷ ᠲᠦᠢᠪᠡᠭᠡᠨ᠂ ᠬᠠᠭᠠᠨ ᠲᠦᠷᠦ | ᠠᠴᠠ ᠬᠡᠳᠦᠨ ᠤᠳᠠᠭ᠎ᠠ ᠴᠡᠷᠢᠭ ᠭᠠᠷᠭᠠᠵᠤ ᠲᠠᠷᠤᠩᠭᠤᠶᠢᠯᠠᠭᠰᠠᠨ ᠪᠤᠯᠪᠠᠴᠤ ᠲᠠᠷᠤᠵᠤ ᠲᠡᠶᠢᠯᠦᠭᠰᠡᠨ ᠦᠬᠡᠢ ᠪᠠᠶᠢᠪᠠ ᠃ | ᠬᠦᠯᠦ ᠴᠠᠭᠠᠨ ᠬᠤᠰᠢᠭᠤᠨ ᠤ ᠬᠤᠰᠠᠢ ᠳ᠋ᠠ ᠪᠤᠷᠬᠢᠯ ᠴᠠᠬᠠᠷ ᠳ᠋ᠦᠲ᠋ᠦ᠋ᠩ ᠶᠠᠮᠤᠨ ︵ᠪᠦᠬᠦᠳᠡ ᠶᠢ ᠵᠠᠬᠢᠷᠤᠭᠴᠢ | ᠶᠠᠮᠤᠨ︶ ᠤ ᠵᠠᠷᠯᠢᠭ ᠢᠶᠠᠷ ᠮᠤᠩᠭᠤᠯ ᠮᠤᠷᠢᠳᠤ ᠴᠡᠷᠢᠭ ᠢᠶᠠᠨ ᠲᠠᠭᠠᠭᠤᠯᠤᠨ ᠬᠤᠶᠠᠷ ᠵᠢᠯ ᠬᠦᠴᠦᠯᠡᠨ ᠪᠠᠶᠢᠯᠳᠤᠵᠤ | ᠪᠠᠶᠢᠭᠠᠳ ᠲᠡᠭᠡᠷᠡᠮ ᠤᠨ ᠦᠢᠮᠡᠬᠡᠨ ᠢ ᠲᠠᠷᠤᠭᠰᠠᠨ ᠭᠡᠳᠡᠭ᠃ ᠬᠤᠵᠢᠮ ᠨᠢ ᠪᠠᠰᠠ ᠴᠠᠬᠠᠷ ᠰᠢᠯᠢ ᠶᠢᠨ ᠭᠤᠤᠯ ᠬᠠᠪᠢ | ᠪᠠᠷ ᠲᠡᠨᠦᠬᠦᠴᠢᠯᠡᠨ ᠰᠠᠮᠠᠭᠤᠷᠠᠭᠤᠯᠵᠤ ᠪᠠᠶᠢᠭᠰᠠᠨ ᠪᠠᠪᠤᠤᠵᠠᠪ ᠤᠨ ᠦᠯᠡᠳᠡᠭᠳᠡᠯ ᠴᠡᠷᠢᠭ ᠢ ᠬᠦᠭᠡᠬᠡᠵᠦ ᠶᠠᠪᠤᠭᠤᠯᠬᠤ | ᠳᠤ ᠪᠠᠰᠠ ᠶᠡᠭᠡ ᠭᠠᠪᠢᠶ᠎ᠠ ᠪᠠᠶᠢᠭᠤᠯᠤᠭᠰᠠᠨ ᠬᠦᠮᠦᠨ ᠪᠠᠶᠢᠯ᠎ᠠ᠃ ᠪᠤᠷᠬᠢᠯ ᠬᠦᠯᠦ ᠴᠠᠭᠠᠨ ᠤ ᠬᠤᠰᠠᠢ ᠳ᠋ᠠ ᠪᠦᠬᠡᠳ | ᠴᠢᠭᠤᠯᠤᠯᠳᠤ ᠬᠠᠭᠠᠯᠭ᠎ᠠ ᠳᠠᠬᠢ ᠴᠠᠬᠠᠷ ᠬᠤᠰᠠᠢ ᠠᠮᠪᠠᠨ ᠶᠠᠮᠤᠨ ᠳᠤ ᠠᠯᠪᠠ ᠬᠠᠪᠰᠤᠷᠴᠤ ᠪᠠᠶᠢᠬᠤ ᠳᠠᠭᠠᠨ ᠦᠪᠡᠷ | ᠤᠨ ᠨᠤᠳᠤᠭ ᠬᠦᠨ ᠴᠠᠪ ᠲᠠᠭᠠᠨ ᠸᠠᠭᠠᠷ ᠲᠤᠭᠤᠰᠬᠠᠨ ᠭᠡᠷ ᠬᠦᠷᠢᠶ᠎ᠡ ᠪᠠᠶᠢᠭᠤᠯᠤᠭᠰᠠᠨ ᠢᠶᠠᠷ ᠸᠠ ᠹᠠᠩ ᠶᠢᠩᠽᠢ | ᠭᠡᠳᠡᠭ ᠨᠡᠷ᠎ᠡ ᠲᠠᠢ ᠪᠤᠯᠵᠠᠢ᠃ ᠤᠳᠤ ᠮᠤᠳᠤᠨ ᠰᠦᠮ᠎ᠡ ᠭᠠᠴᠠᠭᠠᠨ ᠤ ᠨᠢᠬᠡ ᠬᠤᠳᠠ ᠤᠰᠤ ᠪᠠᠷ ᠬᠠᠷᠢᠶᠠᠯᠠᠭᠳᠠᠵᠤ | ᠪᠤᠢ᠃ | ᠪᠤᠮᠪᠠᠨ ᠭᠠᠴᠠᠭ᠎ᠠ — ᠪᠤᠮᠪᠠᠨ ᠭᠡᠳᠡᠭ ᠨᠡᠷ᠎ᠡ ᠶᠢᠨ ᠴᠤᠬᠤᠮ ᠢᠷᠡᠯ ᠨᠢ ︽ᠪᠤᠮᠪᠠᠨ ᠲᠤᠯᠤᠭᠠᠢ︾ ᠭᠡᠳᠡᠭ | ᠲᠤᠪᠤ ᠲᠤᠯᠤᠭᠠᠳ ᠤᠨ ᠨᠡᠷ᠎ᠡ ᠠᠴᠠ ᠡᠬᠦᠰᠦᠭᠰᠡᠨ ᠪᠦᠯᠦᠬᠡ ᠃ ᠤᠳᠤ ᠶᠢᠨ ᠪᠤᠮᠪᠠᠨ ᠤ ᠨᠤᠳᠤᠭ ᠤᠨ ᠡᠷᠬᠢᠨ | ᠲᠤᠭᠤᠷᠢᠨ ᠳᠤ ᠤᠯᠠᠨ ᠪᠢᠴᠢᠬᠠᠨ ᠲᠤᠪᠤ ᠲᠤᠯᠤᠭᠠᠳ ᠪᠤᠢ᠃ ᠨᠤᠳᠤᠭ ᠤᠨ ᠬᠢᠨ ᠡᠳᠡᠭᠡᠷ ᠲᠤᠪᠤ ᠲᠤᠯᠤᠭᠠᠳ ᠢᠶᠠᠨ | ᠦᠨᠦᠴᠢᠨ ᠲᠤᠯᠤᠭᠠᠢ᠂ ᠤᠳᠤᠷ ᠤᠨ ᠲᠤᠯᠤᠭᠠᠢ᠂ ᠲᠠᠯ᠎ᠠ ᠶᠢᠨ ᠪᠤᠩᠬᠤᠨ᠂ ᠬᠠᠳᠠᠨ ᠲᠤᠯᠤᠭᠠᠢ᠂ ᠲᠠᠷᠢᠶᠠᠨ | ᠲᠤᠯᠤᠭᠠᠢ᠂ ᠪᠤᠩᠬᠤᠨ ᠲᠤᠯᠤᠭᠠᠢ᠂ ᠵᠡᠬᠦᠨ ᠪᠤᠮᠪᠠᠨ ᠲᠤᠯᠤᠭᠠᠢ᠂ ᠰᠠᠴᠢ ᠶᠢᠨ ᠲᠤᠯᠤᠭᠠᠢ ᠭᠡᠬᠦᠴᠢᠯᠡᠨ ᠨᠡᠷᠡᠯᠡᠵᠦ | ᠪᠠᠶᠢᠳᠠᠭ᠃ ᠡᠬᠦᠨ ᠤ ᠲᠤᠳᠤᠷ᠎ᠠ ᠪᠤᠩᠬᠤᠨ ᠲᠤᠯᠤᠭᠠᠢ᠂ ᠰᠠᠴᠢ ᠶᠢᠨ ᠲᠤᠯᠤᠭᠠᠢ ᠮᠡᠳᠦ ᠲᠦᠷᠪᠡᠨ ᠲᠤᠪᠤ ᠲᠤᠯᠤᠭᠠᠳ | ᠲᠡᠭᠡᠷ᠎ᠡ ᠲᠠᠬᠢᠯᠭ᠎ᠠ ᠶᠢᠨ ᠴᠢᠯᠠᠭᠤᠨ ᠤᠪᠤᠭ᠎ᠠ ᠪᠤᠰᠬᠠᠵᠤ᠂ ᠲᠤᠳᠤᠷ᠎ᠠ ᠨᠢ ᠲᠠᠪᠤᠨ ᠲᠠᠷᠢᠶᠠᠨ ᠤ ᠦᠷ᠎ᠡ ᠶᠢ ᠸᠠᠭᠠᠷᠤᠨ | ᠪᠤᠮᠪᠠ ᠳᠤ ᠬᠢᠵᠦ ᠲᠠᠷᠤᠭᠰᠠᠨ ᠪᠠᠶᠢᠳᠠᠭ᠃ ᠪᠤᠮᠪᠠᠨ ᠭᠡᠳᠡᠭ ᠪᠤᠯ ᠶᠠᠭ ᠲᠡᠷᠡᠬᠦ ᠪᠤᠮᠪᠠ ᠲᠠᠷᠤᠭᠰᠠᠨ ᠲᠤᠪᠤ | ᠲᠤᠯᠤᠭᠠᠳ ᠤᠨ ᠨᠡᠷᠡᠶᠢᠳᠦᠯ ᠠᠴᠠ ᠢᠷᠡᠵᠡᠢ᠃ ︵ ︽ᠪᠤᠮᠪᠠᠨ ᠭᠠᠴᠠᠭᠠᠨ ᠤ ᠴᠠᠳᠢᠭ︾ ᠠᠴᠠ︶ | ᠪᠤᠷᠤᠬᠤᠳᠠ ᠪᠠ ᠬᠡᠷᠡᠮ ᠤᠨ ᠵᠠᠮ — ᠪᠤᠷᠤᠬᠤᠳᠠ ᠭᠠᠴᠠᠭᠠᠨ ᠤ ᠡᠮᠦᠨ᠎ᠡ ᠠᠭᠤᠯᠠ ᠶᠢᠨ ᠬᠤᠷᠮᠤᠢ ᠳᠤ | ᠨᠢᠬᠡᠨ ᠡᠷᠳᠡᠨ ᠤ ᠬᠤᠳᠠ ᠶᠢᠨ ᠪᠠᠭᠤᠷᠢ ᠪᠠᠶᠢᠳᠠᠭ᠃ ᠪᠤᠷᠤᠬᠤᠳᠠ(紫城 )ᠭᠡᠳᠡᠭ ᠨᠢ ᠡᠨᠡᠬᠦ ᠬᠤᠳᠠ ᠶᠢᠨ | ᠪᠠᠭᠤᠷᠢ ᠠᠴᠠ ᠢᠷᠡᠯ ᠲᠠᠢ ᠬᠡᠵᠦ ᠨᠠᠰᠤᠳᠠᠶᠢᠴᠤᠳ ᠶᠠᠷᠢᠳᠠᠭ ᠃ ᠡᠨᠡᠬᠦ ᠬᠤᠳᠠ ᠶᠢᠨ ᠪᠠᠭᠤᠷᠢ ᠠᠴᠠ ᠬᠤᠶᠢᠰᠢ | ᠬᠤᠶᠠᠷ ᠭᠤᠷᠪᠠᠨ ᠭᠠᠵᠠᠷ ᠶᠠᠪᠤᠪᠠᠯ ᠬᠠᠭᠤᠴᠢᠨ ︽ᠵᠠᠬ᠎ᠠ ᠶᠢᠨ ᠬᠡᠷᠡᠮ︾ ︵ᠤᠳᠤ ᠠᠯᠳᠠᠨ ᠤᠯᠤᠰ ᠤᠨ ᠭᠡᠷᠡᠮ | ᠬᠡᠵᠦ ᠪᠤᠢ᠂ ᠯᠢᠶᠤᠤ ᠤᠯᠤᠰ ᠤᠨ ᠭᠡᠷᠡᠮ ᠤᠨ ᠵᠠᠮ ᠪᠤᠶᠤ ᠭᠤᠷᠪᠠᠳᠤᠭᠠᠷ ᠴᠠᠭᠠᠨ ᠭᠡᠷᠡᠮ ᠭᠡᠵᠦ ᠪᠠᠰᠠ ᠶᠠᠷᠢᠳᠠᠭ︶ | ᠤᠨ ᠪᠠᠭᠤᠷᠢ ᠪᠠᠶᠢᠨ᠎ᠠ᠂ ᠡᠨᠡ ᠭᠡᠷᠡᠮ ᠨᠢ ᠪᠠᠶᠠᠨᠨᠠᠭᠤᠷ ᠬᠤᠳᠠ ᠶᠢᠨ ᠴᠤᠭ ᠬᠤᠰᠢᠭᠤ ᠠᠴᠠ ᠡᠬᠢ ᠠᠪᠴᠤ ᠬᠦᠯᠦᠨ | ᠪᠤᠶᠢᠷ ᠬᠦᠷᠳᠡᠭ᠃ ᠠᠷᠠᠳ ᠤᠨ ᠤᠯᠠᠮᠵᠢᠯᠠᠯ ᠶᠠᠷᠢᠶᠠᠨ ᠳᠤ ᠭᠡᠳᠦᠨ ᠮᠢᠩᠭᠠᠨ ᠭᠠᠵᠠᠷ ᠰᠤᠨᠤᠯᠵᠠᠭᠰᠠᠨ ᠡᠨᠡᠬᠦ | ᠤᠷᠳᠤ ᠰᠢᠷᠤᠢ ᠬᠡᠷᠡᠮ ᠢ ᠯᠢᠶᠤᠤ ᠤᠯᠤᠰ ᠤᠨ ᠰᠢᠶᠤᠤ ᠲᠠᠶᠢᠬᠡᠤ ᠤᠮᠠᠷᠠᠳᠤ ᠰᠦᠩ ᠤᠯᠤᠰ ᠪᠠ ᠬᠤᠶᠢᠳᠤ ᠠᠯᠳᠠᠨ | ᠤᠯᠤᠰ ᠲᠠᠢ ᠲᠠᠶᠢᠯᠠᠯᠳᠤᠵᠤ ᠪᠠᠶᠢᠬᠤ ᠳᠠᠭᠠᠨ ᠤᠮᠠᠷᠠᠳᠤ ᠶᠢᠨ ᠮᠤᠷᠢᠳᠤ ᠴᠡᠷᠢᠭ ᠢ ᠰᠡᠷᠭᠡᠶᠢᠯᠡᠨ ᠬᠤᠷᠢᠭᠯᠠᠬᠤ ᠪᠠᠷ | ᠪᠠᠶᠢᠭᠤᠯᠤᠭᠰᠠᠨ ᠬᠡᠵᠦ ᠶᠠᠷᠢᠳᠠᠭ᠃ ᠡᠨᠡ ᠭᠡᠷᠡᠮ ᠤᠨ ᠵᠠᠮ ᠨᠢ ᠲᠠᠶᠢᠹᠤᠰᠧ ᠬᠤᠰᠢᠭᠤᠨ ᠤ ᠲᠤᠯᠤᠭᠠᠨ ᠰᠤᠮᠤ | ᠰᠢᠶᠠᠩ ᠢ ᠲᠠᠭᠠᠷᠢᠨ ᠦᠩᠬᠡᠷᠡᠵᠦ ᠪᠠᠶᠢᠬᠤ ᠪᠦᠭᠡᠳ ᠬᠦᠨᠪᠤᠯᠠᠭ ᠰᠤᠮᠤᠨ ᠤ ᠬᠠᠶᠢᠷᠠᠳᠤ᠂ ᠵᠢᠷᠠᠨ ᠤᠰᠤ᠂ | ᠪᠤᠷᠤᠬᠤᠳᠠ᠂ ᠪᠤᠮᠪᠠᠨ ᠵᠡᠷᠭᠡ ᠭᠠᠴᠠᠭ᠎ᠠ ᠪᠠᠷ ᠲᠠᠭᠠᠷᠢᠵᠤ᠂ ᠠᠷᠪᠠᠨ ᠭᠠᠵᠠᠷ ᠲᠤ ᠨᠢᠬᠡ ᠰᠠᠭᠤᠷᠢ ᠴᠡᠷᠢᠭ ᠤᠨ ᠬᠤᠳᠠ | ᠴᠤᠭᠴᠠᠯᠠᠵᠠᠢ ᠂ ᠬᠦᠨᠪᠤᠯᠠᠭ ᠲᠤ ︽ ᠤᠯᠠᠭᠠᠨ ᠬᠤᠳᠳᠤᠭ ᠤᠨ ᠬᠤᠳᠠ︾᠂ ︽ᠦᠷᠳᠡᠭᠡᠨ ᠤᠪᠤᠭᠠᠨ ᠤ | ᠬᠤᠳᠠ︾᠂ ︽ᠵᠢᠷᠠᠨ ᠤᠰᠤᠨ ᠤ ᠬᠤᠳᠠ︾᠂ ︽ᠪᠤᠷᠤᠬᠤᠳᠠ︾ ᠵᠡᠷᠭᠡ ᠲᠦᠷᠪᠡᠨ ᠪᠠᠭ᠎ᠠ ᠪᠠᠯᠭᠠᠰᠤ ᠶᠢᠨ ᠪᠠᠭᠤᠷᠢ | ᠪᠠᠶᠢᠵᠤ᠂ ᠦᠷᠳᠡᠭᠡᠨ ᠤᠪᠤᠭ᠎ᠠ ᠪᠠ ᠪᠤᠷᠤᠬᠤᠳᠠ ᠶᠢᠨ ᠬᠤᠳᠠ ᠶᠢᠨ ᠡᠬᠦᠳᠡ᠂ ᠬᠠᠶᠢᠭᠤᠯ ᠤᠨ ᠠᠰᠠᠷ᠂ ᠬᠤᠳᠠ | ᠶᠢᠨ ᠬᠡᠷᠡᠮ ᠵᠡᠷᠭᠡ ᠨᠢ ᠡᠳᠦᠭᠡ ᠬᠦᠷᠳᠡᠯ᠎ᠡ ᠲᠤᠳᠤᠷᠬᠠᠢ ᠮᠡᠳᠡᠭᠳᠡᠳᠡᠭ᠃ ᠪᠤᠷᠤᠬᠤᠳᠠ ᠭᠡᠰᠡᠨ ᠨᠡᠷ᠎ᠡ ᠨᠢ ᠡᠬᠦᠨ ᠠᠴᠠ | ᠢᠷᠡᠭᠰᠡᠨ ᠨᠢ ᠪᠠᠳᠤᠳᠠᠢ᠃ ᠪᠤᠷᠤᠬᠤᠳᠠ ᠶᠢ ᠬᠢᠳᠠᠳᠴᠤᠤᠯ ᠪᠠᠰᠠ ᠪᠠᠢ ᠮᠠ ᠴᠢᠦ᠋ᠨ ︵ᠰᠠᠷᠠᠯ ᠠᠳᠤᠭᠤᠨ ᠰᠦᠷᠦᠭ | ︶ ᠭᠡᠳᠡᠭ ᠂ ᠡᠬᠦᠨ ᠤ ᠢᠷᠡᠯᠳᠡ ᠭᠡᠪᠡᠯ ᠬᠤᠸᠠ ᠮᠠ ᠴᠢᠦ᠋ᠨ ᠲᠠᠢ ᠠᠳᠠᠯᠢ ᠃ ᠲᠠᠶᠢᠹᠤᠰᠧ ᠵᠡᠬᠦᠨ ᠭᠠᠷ ᠤᠨ | ᠠᠳᠤᠭᠤᠨ ᠰᠦᠷᠦᠭ ᠢ ᠠᠩᠬ᠎ᠠ ᠪᠠᠶᠢᠭᠤᠯᠬᠤ ᠳᠤ ᠴᠠᠬᠠᠷ ᠤᠨ ᠵᠡᠬᠦᠨ ᠭᠠᠷ ᠤᠨ ᠲᠦᠷᠪᠡᠨ ᠬᠤᠰᠢᠭᠤ ᠠᠴᠠ ᠠᠶᠢᠯ | ᠡᠷᠦᠬᠡ ᠲᠠᠳᠠᠵᠤ ᠪᠠᠶᠢᠭᠤᠯᠵᠠᠢ᠃ ᠡᠶᠢᠮᠦ ᠠᠴᠠ ᠰᠦᠷᠦᠭ ᠤᠨ ᠲᠤᠳᠤᠷ᠎ᠠ ᠪᠠᠨ ᠪᠠᠰᠠ ᠬᠦᠪᠡᠭᠡᠳᠦ ᠰᠢᠷ᠎ᠠ᠂ ᠬᠦᠯᠦ | ᠴᠠᠭᠠᠨ᠂ ᠬᠦᠪᠡᠭᠡᠳᠦ ᠴᠠᠭᠠᠨ᠂ ᠬᠦᠯᠦ ᠬᠦᠬᠡ᠂ ᠠᠬᠳᠠ ᠬᠡᠵᠦ ᠲᠠᠪᠤᠨ ᠬᠤᠰᠢᠭᠤ ᠬᠤᠪᠢᠶᠠᠳᠠᠭ ᠪᠠᠶᠢᠨ᠎ᠠ᠃ | ᠠᠯᠪᠠᠨ ᠠᠳᠤᠭᠤ ᠶᠢ ᠵᠢᠰᠦ ᠪᠠᠷ ᠨᠢ ᠢᠯᠭᠠᠨ ᠰᠦᠷᠦᠭᠯᠡᠨ ᠮᠠᠯᠵᠢᠭᠰᠠᠨ ᠠᠴᠠ ᠬᠤᠶᠢᠰᠢ ᠴᠠᠭᠠᠨ ᠰᠠᠷᠠᠯ ᠵᠢᠰᠦᠮ ᠤᠨ | ᠠᠳᠤᠭᠤᠨ ᠰᠦᠷᠦᠭ ᠢ ᠪᠤᠷᠤᠬᠤᠳᠠ ᠳᠤ ᠮᠠᠯᠵᠢᠵᠤ ᠪᠠᠶᠢᠪᠠ᠃ | ᠪᠦᠬᠦᠳᠡ ᠶᠢᠨ ᠤᠪᠤᠭ᠎ᠠ — ᠤᠤᠯ ᠤᠨ ᠬᠦᠪᠡᠭᠡᠳᠦ ᠴᠠᠭᠠᠨ ᠬᠤᠰᠢᠭᠤᠨ ᠤ ᠲᠦᠪ ᠤᠪᠤᠭ᠎ᠠ ᠪᠠᠶᠢᠵᠤ᠂ | ᠬᠦᠪᠡᠭᠡᠳᠦ ᠴᠠᠭᠠᠨ ᠤ ᠬᠢᠨ ᠨᠡᠶᠢᠳᠡ ᠪᠠᠷ ᠢᠶᠠᠨ ᠲᠠᠬᠢᠳᠠᠭ ᠤᠪᠤᠭ᠎ᠠ ᠪᠤᠯᠤᠨ᠎ᠠ᠂ ᠲᠡᠭᠡᠭᠳ ᠪᠦᠬᠦᠳᠡ ᠶᠢᠨ | ᠤᠪᠤᠭ᠎ᠠ ᠭᠡᠵᠦ ᠨᠡᠷᠡᠯᠡᠨ᠂ ᠬᠤᠵᠢᠮ ᠨᠢ ᠤᠪᠤᠭᠠᠨ ᠡᠩᠬᠡᠷ ᠤᠨ ᠭᠡᠰᠡᠭ ᠠᠶᠢᠯ ᠡᠷᠦᠬᠡ ᠨᠢ ᠪᠦᠬᠦᠳᠡ ᠶᠢᠨ ᠤᠪᠤᠭ᠎ᠠ | ᠭᠠᠴᠠᠭ᠎ᠠ ᠪᠤᠯᠤᠭᠰᠠᠨ ᠪᠠᠶᠢᠨ᠎ᠠ᠃ | ᠲᠤᠮᠳᠠ ᠪᠤᠩᠬᠤᠨ — ᠬᠦᠨᠪᠤᠯᠠᠭ ᠰᠤᠮᠤᠨ ᠤ ᠲᠤᠮᠳᠠ ᠤᠰᠤ ᠭᠠᠴᠠᠭᠠᠨ ᠳᠤ ᠲᠤᠮᠳᠠ ᠪᠤᠩᠬᠤᠨ ᠭᠡᠵᠦ | ᠬᠤᠳᠠ ᠤᠰᠤᠨ ᠪᠤᠢ᠃ ᠡᠨᠡ ᠲᠤᠬᠠᠢ ᠲᠤᠮᠤᠭ ᠭᠡᠪᠡᠯ᠂ ᠡᠷᠳᠡ ᠴᠠᠭ ᠲᠤ ᠡᠨᠡ ᠨᠤᠳᠤᠭ ᠲᠤ ᠨᠡᠷ᠎ᠡ ᠶᠢ ᠨᠢ | ᠦᠯᠦ ᠮᠡᠳᠡᠬᠦ ᠨᠢᠬᠡ ᠵᠦᠢᠯ ᠤᠨ ᠬᠡᠭᠡᠷ᠎ᠡ ᠶᠢᠨ ᠠᠮᠢᠳᠠᠨ ᠪᠠᠶᠢᠵᠠᠢ᠂ ᠬᠦᠮᠦᠰ ᠲᠡᠬᠦᠨ ᠢ ︽ᠠᠯᠮᠠᠰ︾ ᠭᠡᠵᠦ | ᠨᠡᠷᠡᠯᠡᠳᠡᠭ ᠪᠦᠬᠡᠳ ᠶᠡᠬᠡᠯ᠎ᠡ ᠮᠠᠭᠤ ᠢᠷᠸ᠎ᠠ ᠶᠢᠨ ᠠᠮᠢᠳᠠᠨ ᠬᠡᠵᠦ ᠦᠵᠡᠳᠡᠭ ᠪᠠᠶᠢᠪᠠ᠃ ᠡᠨᠡ ᠠᠮᠢᠳᠠᠨ ᠭᠤᠷᠪᠠᠨ | ᠲᠤᠬᠤᠢ ᠦᠨᠳᠦᠷ ᠪᠡᠶ᠎ᠡ ᠲᠠᠢ᠂ ᠪᠡᠶ᠎ᠡ ᠲᠦᠬᠦᠷᠡᠩ ᠬᠠᠷ᠎ᠠ ᠬᠦᠷᠡᠩ ᠦᠰᠦ ᠲᠠᠢ᠂ ᠴᠡᠭᠡᠵᠢᠨ ᠳᠡᠭᠡᠨ ᠤᠨᠵᠠᠶᠢᠭᠰᠠᠨ | ᠲᠤᠮᠤ ᠭᠠᠭᠴᠠ ᠬᠦᠬᠦ ᠲᠠᠢ ᠪᠦᠭᠡᠳ ᠬᠦᠮᠦᠨ ᠰᠢᠭ ᠬᠤᠶᠠᠷ ᠬᠦᠯ ᠢᠶᠠᠷ ᠬᠦᠶᠦᠳᠡᠭ ᠭᠡᠨ᠎ᠡ᠃ ᠲᠡᠷᠡ ᠠᠮᠢᠳᠠᠨ | ᠬᠦᠬᠦ ᠪᠠᠨ ᠮᠦᠷᠦᠨ ᠲᠡᠭᠡᠷ᠎ᠡ ᠪᠠᠨ ᠡᠬᠦᠷᠴᠢᠭᠡᠪᠡᠯ ᠶᠡᠭᠡ ᠬᠤᠷᠳᠤᠨ ᠬᠦᠶᠦᠳᠡᠭ ᠪᠦᠭᠡᠳ ᠬᠦᠴᠦ ᠴᠢᠳᠠᠯ ᠨᠢ ᠴᠤ | ᠨᠡᠮᠡᠭᠳᠡᠳᠡᠭ ᠪᠠᠶᠢᠵᠤ᠂ ᠠᠷᠭᠠᠯᠠᠵᠤ ᠪᠠᠶᠢᠭᠠᠳ ᠠᠷᠭᠠᠯ ᠤᠨ ᠰᠠᠪᠠᠷ ᠢᠶᠠᠷ ᠬᠦᠬᠦ ᠶᠢ ᠨᠢ ᠪᠠᠭᠤᠯᠭᠠᠴᠢᠬᠠᠪᠠᠯ ᠬᠠᠷᠢᠨ | ᠬᠦᠶᠦᠵᠦ ᠴᠢᠳᠠᠬᠤ ᠦᠬᠡᠢ ᠮᠦᠷᠳᠡᠭᠡᠨ ᠴᠢᠳᠠᠯ ᠲᠡᠩᠬᠡᠬᠡ ᠦᠬᠡᠢ ᠪᠤᠯᠴᠢᠬᠠᠳᠠᠭ ᠬᠡᠨ᠎ᠡ᠃ ᠡᠨᠡ ᠠᠮᠢᠳᠠᠨ ᠮᠠᠯ ᠤᠨ | ᠬᠠᠯᠠᠭᠤᠨ ᠰᠡᠪᠡᠰᠦᠨ ᠤ ᠦᠨᠦᠷ ᠲᠤ ᠮᠠᠰᠢ ᠰᠤᠷᠭᠤᠭ ᠭᠡᠳᠡᠭ᠃ ᠡᠷᠳᠡ ᠦᠶ᠎ᠡ ᠳᠤ ᠲᠤᠬᠤᠢ ᠶᠢᠨ ᠤᠰᠤᠨ ᠤ | ᠨᠢᠬᠡᠨ ᠪᠠᠶᠠᠨ ᠠᠶᠢᠯ ᠬᠤᠨᠢ ᠵᠠᠷᠤᠴᠢᠬᠠᠭᠠᠳ᠂ ᠡᠬᠡᠨᠡᠷ ᠪᠡᠷᠢ ᠬᠤᠶᠠᠷ ᠨᠢ ᠰᠡᠪᠡᠰᠦ ᠪᠠᠨ ᠠᠰᠬᠠᠵᠤ ᠪᠠᠶᠢᠳᠠᠯ᠎ᠠ | ᠦᠨᠦ ᠠᠮᠢᠳᠠᠨ ᠬᠦᠶᠦᠵᠦ ᠢᠷᠡᠭᠡᠳ ᠶᠡᠬᠡᠯ᠎ᠡ ᠲᠡᠪᠵᠢᠶᠠᠨ ᠪᠤᠯᠵᠤ᠂ ᠡᠷᠡᠴᠤᠳ ᠬᠦᠷᠵᠡ ᠰᠠᠪᠠᠷ ᠢᠶᠠᠷ ᠲᠡᠬᠦᠨ ᠢ | ᠴᠤᠬᠢᠵᠤ ᠠᠯᠠᠵᠠᠢ᠃ ᠲᠡᠭᠡᠭᠡᠳ ᠯᠠᠮᠠ ᠵᠠᠯᠠᠵᠤ ᠬᠦᠷᠢᠮ ᠬᠢᠯᠬᠡᠨ ᠲᠡᠬᠦᠨ ᠢ ᠤᠳᠤ ᠶᠢᠨ ᠲᠤᠮᠳᠠ ᠪᠤᠩᠬᠤᠨ ᠤ ᠵᠡᠬᠦᠨ | ᠡᠮᠦᠨ᠎ᠡ ᠠᠭᠤᠯᠠ ᠶᠢᠨ ᠡᠩᠬᠡᠷ ᠲᠤ ᠪᠤᠯᠠᠵᠤ ᠂ ᠲᠠᠷᠤᠯᠭ᠎ᠠ ᠬᠢᠵᠦ ᠪᠤᠩᠬᠤᠨ ᠪᠤᠰᠬᠠᠨ ᠲᠠᠯᠪᠢᠭᠰᠠᠨ ᠠᠴᠠ ᠡᠨᠡ | ᠭᠠᠵᠠᠷ ᠢ ᠲᠤᠮᠳᠠ ᠪᠤᠩᠬᠤᠨ ᠭᠡᠵᠦ ᠨᠡᠷᠡᠯᠡᠭᠰᠡᠨ ᠪᠦᠬᠡᠳ ᠡᠬᠦᠨ ᠠᠴᠠ ᠬᠤᠶᠢᠰᠢ ᠲᠤᠬᠤᠢ ᠶᠢᠨ ᠠᠶᠢᠯ ᠶᠠᠮᠠᠷ | ᠴᠢᠬᠤᠯᠠ ᠤᠴᠢᠷ ᠲᠠᠢ ᠪᠤᠯᠤᠭᠰᠠᠨ ᠴᠤ ᠦᠳᠡᠰᠢ ᠤᠷᠤᠢ ᠮᠠᠯ ᠵᠠᠷᠤᠳᠠᠭ ᠦᠬᠡᠢ ᠵᠠᠩᠰᠢᠯ ᠲᠠᠢ ᠪᠤᠯᠤᠭᠰᠠᠨ ᠶᠤᠮ | ᠬᠡᠨ᠎ᠡ᠃ | ᠳ᠋ᠠ ᠯᠠᠮᠠ ᠶᠢᠨ ᠬᠤᠳᠠ — ᠤᠳᠤ ᠶᠢᠨ ᠲᠡᠷᠡᠰᠦᠨ ᠠᠶᠢᠯ ᠭᠠᠴᠠᠭᠠᠨ ᠤ ᠡᠮᠦᠨ᠎ᠡ ᠬᠤᠳᠠ᠃ ᠤᠭ ᠨᠢ | ᠬᠦᠯᠦ ᠴᠠᠭᠠᠨ ᠬᠤᠰᠢᠭᠤᠨ ᠤ ᠵᠠᠩᠵᠠ ᠭᠡᠮᠡᠭᠴᠢ ᠬᠦᠮᠦᠨ ᠬᠤᠯᠤᠳᠤ ᠶᠢᠨ ᠰᠦᠮ᠎ᠡ ᠳᠤ ᠳ᠋ᠠ ᠯᠠᠮᠠ ᠰᠠᠭᠤᠭᠰᠠᠨ | ᠢᠶᠠᠷ ᠵᠠᠩᠵᠠ ᠳ᠋ᠠ ᠯᠠᠮᠠ ᠶᠢᠨ ᠬᠤᠳᠠ ᠭᠡᠳᠡᠭ ᠪᠠᠶᠢᠵᠠᠢ᠂ ᠲᠠᠷᠠᠭ᠎ᠠ ᠨᠢ ᠡᠨᠡ ᠨᠤᠳᠤᠭ ᠠᠴᠠ ᠪᠦᠬᠡᠴᠢᠯᠠᠭᠤ ᠳ᠋ᠠ | ᠯᠠᠮᠠ ᠵᠡᠷᠭᠡ ᠬᠤᠯᠤᠳᠤ ᠶᠢᠨ ᠰᠦᠮ᠎ᠡ ᠶᠢᠨ ᠳ᠋ᠠ ᠯᠠᠮᠠ ᠰᠠᠭᠤᠭᠰᠠᠳ ᠵᠠᠯᠭᠠᠪᠠᠷ ᠭᠠᠷᠴᠤ᠂ ᠭᠤᠷᠪᠠᠨ ᠦᠶ᠎ᠡ ᠶᠢᠨ ᠳ᠋ᠠ | ᠯᠠᠮᠠ ᠶᠢᠨ ᠬᠤᠳᠠ ᠪᠤᠯᠤᠭᠰᠠᠨ ᠢᠶᠠᠷ ᠢᠩᠬᠢᠵᠦ ᠨᠡᠷᠡᠯᠡᠬᠦ ᠪᠤᠯᠤᠭᠰᠠᠨ ᠭᠡᠨ᠎ᠡ᠃ | ᠬᠡᠦᠭᠡᠳ ᠤᠨ ᠤᠪᠤᠭᠠᠨ ᠤ ᠲᠤᠮᠤᠭ — ᠶᠠᠫᠤᠨ ᠪᠠᠭᠤᠵᠤ ᠦᠭᠬᠦᠭᠰᠡᠨ ᠤ ᠲᠠᠷᠠᠭ᠎ᠠ ᠵᠢᠯ ᠲᠠᠶᠢᠹᠤᠰᠧ | ᠵᠡᠬᠦᠨ ᠭᠠᠷ ᠰᠦᠷᠦᠭ ᠤᠨ ᠬᠤᠰᠢᠭᠤ ᠠᠮᠪᠠᠨ ᠰᠡᠷᠡᠩᠨᠠᠮᠵᠢᠯ ᠨᠤᠳᠤᠭ ᠤᠰᠤᠨ ᠤ ᠪᠠᠨ ᠬᠡᠶᠢᠮᠦᠷᠢ ᠰᠦᠯᠳᠡ ᠶᠢ | ᠮᠠᠨᠳᠤᠭᠤᠯᠤᠨ᠎ᠠ ᠬᠡᠮᠡᠨ ᠤᠪᠤᠭ᠎ᠠ ᠪᠤᠩᠬᠤᠨ ᠢᠶᠠᠨ ᠰᠢᠨᠡᠳᠭᠡᠨ ᠵᠠᠰᠠᠵᠤ᠂ ᠠᠭᠤᠯᠠ ᠤᠰᠤᠨ ᠤ ᠪᠠᠨ ᠨᠠᠪᠳᠠᠭ ᠰᠠᠪᠳᠠᠭ | ᠢ ᠰᠡᠷᠬᠦᠬᠡᠨ ᠲᠠᠬᠢᠬᠤ ᠠᠵᠢᠯ ᠢ ᠶᠡᠬᠡᠪᠡᠷ ᠬᠢᠭᠰᠡᠨ ᠪᠠᠶᠢᠵᠠᠢ᠃ ᠲᠡᠭᠡᠭᠡᠳ ᠲᠠᠷᠤᠭ᠎ᠠ ᠨᠤᠶᠠᠳ᠂ ᠯᠠᠮᠠ ᠬᠤᠸᠠᠷᠠᠭ ᠂ | ᠦᠵᠡᠬᠡᠴᠢ ᠰᠢᠨᠵᠢᠬᠡᠴᠢ ᠪᠠᠨ ᠲᠠᠭᠠᠭᠤᠯᠤᠨ᠂ ᠠᠭᠤᠯᠠ ᠤᠰᠤ ᠶᠢ ᠰᠢᠨᠵᠢᠵᠦ ᠶᠠᠪᠤᠭᠰᠠᠭᠠᠷ ᠬᠠᠩᠭᠠᠢ ᠠᠭᠤᠯᠠ ᠶᠢᠨ | ᠡᠩᠬᠡᠷ᠂ ᠬᠠᠰᠢᠶᠠᠳᠤ ᠨᠠᠭᠤᠷ ᠤᠨ ᠬᠦᠪᠡᠭᠡ᠂ ᠪᠠᠷᠠᠭᠤᠨ ᠪᠤᠯᠠᠭ ᠤᠨ ᠰᠦᠪᠡᠭᠡᠨ ᠳᠤ ᠪᠠᠶᠢᠷᠢᠰᠢᠭᠰᠠᠨ ᠪᠢᠴᠢᠬᠠᠨ | ᠴᠦᠮᠴᠦᠭᠡᠷ ᠠᠭᠤᠯᠠ ᠶᠢ ᠰᠤᠩᠭᠤᠵᠤ᠂ ᠲᠠᠪᠤᠨ ᠬᠤᠰᠢᠭᠤᠨ ᠤ ᠭᠡᠦᠭᠡᠳ ᠤᠨ ᠤᠪᠤᠭ᠎ᠠ ᠪᠤᠯᠭᠠᠵᠤ ᠰᠦᠵᠢᠭᠯᠡᠨ | ᠲᠠᠬᠢᠭᠰᠠᠨ ᠬᠡᠨ᠎ᠡ ᠃ ᠲᠤᠬᠠᠢ ᠶᠢᠨ ᠦᠶᠡᠰ ᠲᠠᠶᠢᠨ ᠲᠠᠵᠢᠨ ᠤ ᠲᠠᠯᠬᠢᠭᠳᠠᠯ᠂ ᠠᠮᠢᠳᠤᠷᠠᠯ ᠠᠬᠤᠢ ᠶᠢᠨ | ᠬᠦᠴᠢᠷᠳᠡᠯ᠂ ᠡᠪᠡᠳᠴᠢᠨ ᠡᠮᠭᠡᠭ ᠤᠨ ᠨᠡᠮᠡᠭᠳᠡᠯ ᠵᠡᠷᠭᠡ ᠠᠴᠠ ᠰᠢᠯᠳᠠᠭᠠᠯᠠᠵᠤ᠂ ᠮᠠᠯᠵᠢᠬᠤ ᠤᠷᠤᠨ ᠳᠤ ᠬᠡᠦᠭᠡᠳ | ᠶᠡᠬᠡᠪᠡᠷ ᠴᠦᠭᠡᠷᠡᠭᠰᠡᠨ ᠪᠠᠶᠢᠵᠠᠢ᠃ 1947 ᠤᠨ ᠳᠤ ᠬᠡᠦᠭᠡᠳ ᠤᠨ ᠤᠪᠤᠭ᠎ᠠ ᠶᠢ ᠲᠠᠬᠢᠮᠠᠭᠴᠠ ᠭᠤᠴᠢ ᠬᠦᠷᠬᠦ | ᠦᠬᠡᠢ ᠠᠶᠢᠯ ᠡᠷᠦᠬᠡ ᠲᠠᠢ ᠬᠠᠰᠢᠶᠠᠳᠤ ᠨᠤᠳᠤᠭ ᠲᠤ ᠨᠢᠬᠡᠯᠡ ᠵᠢᠯ ᠳᠤ ᠠᠷᠪᠠᠨ ᠭᠡᠳᠦᠨ ᠬᠡᠦᠭᠡᠳ ᠲᠦᠷᠦᠭᠰᠡᠨ | ᠶᠤᠮ ᠭᠡᠨ᠎ᠡ᠃ ᠡᠬᠦᠨ ᠢ ᠰᠤᠨᠤᠰᠤᠭᠰᠠᠨ ᠰᠡᠷᠡᠩᠨᠠᠮᠵᠢᠯ ᠠᠮᠪᠠᠨ ︽ᠲᠠᠪᠤᠨ ᠬᠤᠰᠢᠭᠤᠨ ᠤ ᠭᠡᠦᠭᠡᠳ ᠤᠨ ᠤᠪᠤᠭ᠎ᠠ | ᠶᠢ ᠬᠠᠰᠢᠶᠠᠳᠤ ᠳᠤ ᠰᠦᠭᠯᠡᠭᠰᠡᠨ ᠴᠢᠨᠢ ᠬᠡᠦᠳ ᠨᠢ ᠪᠦᠷ ᠬᠠᠰᠢᠶᠠᠳᠤ ᠳᠤ ᠲᠦᠷᠦᠴᠢᠭᠡᠭᠰᠡᠨ ᠶᠤᠮ ᠪᠤᠯᠪᠠᠤ︾ ᠭᠡᠵᠦ | ᠪᠠᠶᠠᠷᠯᠠᠨ ᠬᠦᠭᠰᠡᠯ᠎ᠡ ᠬᠡᠵᠦ ᠨᠠᠰᠤᠳᠠᠶᠢᠴᠤᠳ ᠬᠠᠭᠤᠴᠢᠯᠠᠳᠠᠭ᠃ | ᠬᠠᠷᠠᠯᠳᠠᠢ ᠮᠦᠮᠦ ᠶᠢᠨ ᠬᠤᠳᠳᠤᠭ — ᠲᠠᠶᠢᠹᠤᠰᠧᠴᠤᠳ ᠭᠤᠷᠪᠠᠨ ᠲᠦᠮᠡᠭᠡᠳ ᠠᠳᠤᠭᠤ ᠶᠢ ᠭᠤᠷᠪᠠᠨ | ᠵᠠᠭᠤᠭᠠᠳ ᠵᠢᠯ ᠮᠠᠯᠵᠢᠭᠰᠠᠨ ᠤᠴᠢᠷ ᠤᠰᠤ ᠰᠠᠶᠢᠳᠠᠢ ᠬᠤᠳᠳᠤᠭ ᠪᠤᠶᠤ ᠨᠠᠭᠤᠷ ᠭᠤᠤᠯ ᠪᠢᠰᠢᠬᠦᠢ ᠤᠯᠠᠨ ᠪᠠᠶᠢᠬᠤ | ᠶᠤᠰᠤᠳᠠᠢ᠂ ᠤᠴᠢᠷ ᠨᠢ ᠠᠳᠤᠭᠤ ᠶᠢ ᠭᠤᠤᠯᠳᠠᠭᠤ ᠬᠤᠳᠳᠤᠭ ᠪᠤᠯᠠᠭ ᠪᠤᠶᠤ ᠭᠤᠤᠯ ᠤᠨ ᠴᠡᠪᠡᠷ ᠤᠰᠤ ᠪᠠᠷ | ᠤᠰᠤᠯᠠᠳᠠᠭ ᠪᠠᠶᠢᠨ᠎ᠠ᠃ ᠲᠠᠶᠢᠹᠤᠰᠧ ᠵᠡᠬᠦᠨ ᠭᠠᠷ ᠰᠦᠷᠦᠭ ᠲᠤ ᠵᠦᠪᠬᠡᠨ ᠠᠳᠤᠭᠤ ᠨᠢ 75 ᠰᠦᠷᠦᠭ ︵300 | —400 ᠠᠳᠤᠭᠤ ᠨᠢᠬᠡ ᠰᠦᠷᠦᠭ︶ ᠪᠠᠶᠢᠭᠰᠠᠨ ᠲᠤᠯᠠ ᠨᠠᠭᠠᠳᠤ ᠵᠠᠬ᠎ᠠ ᠨᠢ 75 ᠤᠰᠤ ᠰᠠᠶᠢᠳᠠᠢ ᠬᠤᠳᠳᠤᠭ | ᠪᠤᠶᠤ ᠪᠤᠯᠠᠭ ᠭᠡᠷᠡᠭᠯᠡᠵᠦ ᠪᠠᠶᠢᠵᠠᠢ᠃ ᠨᠠᠰᠤᠳᠠᠶᠢᠴᠤᠳ ᠤᠨ ᠤᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠮᠢᠩᠭᠠᠨ | ᠠᠳᠤᠭᠤ ᠤᠰᠤᠯᠠᠭᠠᠳ ᠰᠢᠷᠬᠢᠳᠡᠭ ᠦᠬᠡᠢ ᠰᠦᠵᠢ ᠬᠤᠳᠳᠤᠭ ᠤᠯᠠᠨ ᠪᠠᠶᠢᠯ᠎ᠠ ᠭᠡᠳᠡᠭ᠃ ᠵᠢᠱᠢᠶᠡᠯᠡᠪᠡᠯ᠂ ᠡᠷᠳᠡ | ᠴᠠᠭ ᠡᠨᠡ ᠨᠤᠳᠤᠭ ᠲᠤ ᠬᠠᠷᠠᠯᠳᠠᠢ ᠮᠦᠮᠦ ᠬᠡᠵᠦ ᠨᠢᠬᠡᠨ ᠠᠶᠢᠬᠤᠪᠳᠤᠷ ᠪᠠᠶᠠᠨ ᠬᠦᠭᠰᠢᠨ ᠪᠠᠶᠢᠵᠠᠢ᠃ ᠵᠠᠩᠵᠢᠶ᠎ᠠ | ᠬᠡᠬᠡᠨ ᠤᠳᠠᠢ ᠶᠢᠨ ᠰᠦᠮ᠎ᠡ ᠠᠴᠠ ᠲᠤᠯᠤᠨᠨᠤᠤᠷ ᠤᠨ ᠰᠦᠮ᠎ᠡ ᠵᠦᠭ ᠢᠶᠠᠨ ᠪᠤᠴᠠᠬᠤ ᠵᠠᠮ ᠳᠤ ᠵᠠᠷᠤᠳᠠᠯ ᠮᠦᠩᠬᠦ | ᠮᠡᠬᠦᠰᠳᠡᠬᠦ ᠳᠡᠭᠡᠨ ᠬᠠᠷᠠᠯᠳᠠ ᠮᠦᠮᠦ ᠶᠢᠨ ᠳᠤ ᠪᠠᠭᠤᠵᠤ ᠬᠤᠨᠤᠭᠯᠠᠭᠠᠳ᠂ ᠶᠠᠪᠤᠬᠤ ᠳᠠᠭᠠᠨ ᠪᠠᠰᠠ ᠬᠠᠷᠠᠯᠳᠠ ᠮᠦᠮᠦ | ᠠᠴᠠ ᠵᠤᠭᠤᠰ ᠮᠦᠩᠬᠦ ᠵᠢᠭᠡᠯᠡᠭᠰᠡᠨ ᠭᠡᠳᠡᠭ᠃ ᠲᠡᠬᠦᠨ ᠤ ᠲᠡᠮᠡᠭᠡᠨ ᠰᠦᠷᠦᠭ ᠨᠢ ᠤᠯᠠᠭᠠᠨ ᠨᠠᠭᠤᠷ ᠤᠨ ᠶᠡᠭᠡ | ᠲᠡᠷᠡᠰᠦ ᠶᠢ ᠪᠦᠷᠬᠦᠨ ᠪᠡᠯᠴᠢᠵᠦ᠂ ᠲᠡᠮᠡᠭᠡᠳ ᠤᠨ ᠲᠦᠷᠦᠬᠦᠴᠢ ᠨᠢ ᠮᠠᠩᠬᠠᠨ ᠬᠤᠳᠳᠤᠭ ᠤᠨ ᠤᠰᠤᠨ ᠳᠤ | ᠤᠷᠤᠭᠠᠳ ᠤᠮᠳᠠᠯᠠᠵᠤ ᠪᠠᠶᠢᠬᠤ ᠳᠤ ᠰᠡᠬᠦᠯᠴᠢ ᠨᠢ ᠬᠤᠸᠠ ᠨᠠᠭᠤᠷ ᠤᠨ ᠬᠦᠯ ᠠᠴᠠ ᠭᠠᠷᠴᠤ ᠢᠷᠡᠭᠡ ᠦᠬᠡᠢ | ᠪᠠᠶᠢᠳᠠᠭ ᠭᠡᠨ᠎ᠡ᠂ ᠵᠦᠪᠬᠡᠨ ᠲᠡᠮᠡᠬᠡᠨ ᠰᠦᠷᠦᠭ ᠨᠢ ᠴᠤ ᠭᠡᠳ ᠲᠤᠭ᠎ᠠ ᠦᠬᠡᠢ ᠤᠯᠠᠨ ᠪᠤᠯᠬᠤᠷ ᠬᠦᠭᠰᠢᠨ ᠰᠦᠷᠦᠭ | ᠤᠨ ᠢᠶᠠᠨ ᠲᠤᠭ᠎ᠠ ᠶᠢ ᠨᠢ ᠮᠡᠳᠡᠳᠡᠭ ᠦᠬᠡᠢ ᠪᠠᠶᠢᠵᠠᠢ᠂ ᠨᠠᠰᠤᠳᠠᠨ ᠲᠡᠮᠡᠭᠡᠳ ᠢᠶᠠᠨ ᠦᠵᠡᠨ ᠪᠠᠶᠠᠰᠴᠤ ︽ | ᠤᠯᠠᠭᠠᠨ ᠨᠠᠭᠤᠷ ᠤᠨ ᠲᠡᠷᠡᠰᠦ ᠠᠷᠪᠢᠨ ᠤᠤ᠂ ᠮᠢᠨᠦ ᠲᠡᠮᠡᠭᠡ ᠠᠷᠪᠢᠨ ᠤᠤ ᠭᠡᠵᠦ ᠤᠴᠠᠷᠠᠭᠰᠠᠨ ᠬᠦᠮᠦᠨ ᠠᠴᠠ | ᠠᠰᠠᠭᠤᠳᠠᠭ ᠬᠡᠨ᠎ᠡ᠃ ᠲᠡᠬᠦᠨ ᠤ ᠭᠡᠷᠡᠭᠯᠡᠳᠡᠭ ᠬᠤᠳᠳᠤᠭ ᠨᠢ ᠮᠢᠩᠭᠠᠨ ᠲᠡᠮᠡᠭᠡ ᠤᠰᠤᠯᠠᠭᠠᠳ ᠰᠢᠷᠬᠢᠳᠡᠭ ᠦᠬᠡᠢ | ᠰᠠᠶᠢᠨ ᠬᠤᠳᠳᠤᠭ ᠪᠤᠯᠬᠤᠷ ᠬᠠᠷᠠᠯᠳᠠᠢ ᠮᠦᠮᠦ ᠶᠢᠨ ᠬᠤᠳᠳᠤᠭ ᠬᠡᠵᠦ ᠬᠤᠯᠠ ᠤᠶᠢᠷ᠎ᠠ ᠳᠠᠭᠠᠨ ᠠᠯᠳᠠᠷᠰᠢᠭᠰᠠᠨ | ᠪᠠᠶᠢᠨ᠎ᠠ᠃ ᠤᠳᠤ ᠡᠨᠡ ᠬᠤᠳᠳᠤᠭ ᠤᠨ ᠪᠠᠭᠤᠷᠢ ᠨᠢ ᠪᠠᠰᠠ ᠤᠰᠤ ᠲᠠᠢ ᠬᠤᠩᠬᠤᠷ ᠪᠤᠯᠵᠤ ᠲᠤᠭᠳᠠᠭᠰᠠᠨ | ᠪᠠᠶᠢᠳᠠᠭ᠃ | ᠪᠦᠯᠬᠦᠮ ᠠᠭᠤᠯᠠ — ᠪᠤᠷᠤᠬᠤᠳᠠ ᠶᠢᠨ ᠨᠤᠳᠤᠭ ᠳᠤ ᠪᠠᠶᠢᠭ᠎ᠠ ᠠᠭᠤᠯᠠ᠂ ᠤᠤᠯ ᠨᠡᠷ᠎ᠡ ᠨᠢ ᠴᠢᠯᠠᠭᠤᠨ | ᠡᠩᠭᠡᠷ ᠭᠡᠳᠡᠭ ᠪᠠᠶᠢᠵᠠᠢ᠃ ᠤᠷᠢᠳᠤ ᠪᠤᠷᠤᠬᠤᠳᠠ ᠶᠢᠨ ᠭᠤᠤᠯ ᠤᠨ ᠵᠡᠬᠦᠨᠳᠡᠬᠢ ᠤᠯᠠᠩᠬᠢ ᠠᠶᠢᠯ ᠨᠢ ᠠᠭᠳᠠᠨ | ᠬᠤᠰᠢᠭᠤᠨ ᠤ ᠠᠶᠢᠯ ᠡᠷᠦᠬᠡ᠂ ᠭᠤᠤᠯ ᠤᠨ ᠪᠠᠷᠠᠭᠤᠨ ᠡᠮᠦᠨᠡᠬᠢ ᠠᠶᠢᠯ ᠤᠳ ᠤᠨ ᠶᠡᠬᠡᠩᠬᠢ ᠨᠢ ᠬᠦᠯᠦ ᠬᠦᠬᠡ | ᠶᠢᠨ ᠠᠶᠢᠯ ᠪᠠᠶᠢᠵᠤ᠂ ᠬᠤᠭᠤᠷᠤᠨᠳᠤ ᠪᠠᠨ ᠲᠡᠮᠡᠢ ᠬᠠᠷᠢᠯᠴᠠᠭ᠎ᠠ ᠶᠠᠪᠤᠯᠴᠠᠭ᠎ᠠ ᠦᠬᠡᠢ ᠪᠠᠶᠢᠵᠠᠢ᠃ ᠲᠠᠪᠢᠭᠠᠳ ᠤᠨ ᠤ | ᠨᠢᠬᠡ ᠨᠠᠮᠤᠷ ᠤᠨ ᠬᠠᠳᠤᠯᠠᠩ ᠢᠶᠠᠷ ᠭᠤᠯᠤᠵᠠᠪ ᠭᠡᠳᠡᠭ ᠬᠦᠮᠦᠨ ᠬᠤᠶᠠᠷ ᠬᠤᠳᠠᠨ ᠤ ᠬᠦᠮᠦᠰ ᠢ ᠲᠠᠶᠢᠴᠢᠯᠠᠨ᠂ ᠡᠨᠡ | ᠠᠭᠤᠯᠠᠨ ᠤ ᠡᠩᠭᠡᠷ ᠲᠤ ᠦᠪᠦᠩ ᠪᠤᠰᠬᠠᠵᠤ ᠡᠪᠡᠰᠦ ᠬᠠᠳᠤᠵᠤ ᠰᠠᠭᠤᠭᠰᠠᠨ ᠢᠶᠠᠷ ᠬᠤᠶᠠᠷ ᠬᠤᠳᠠᠨ ᠤ ᠬᠦᠮᠦᠰ | ᠤᠨ ᠪᠦᠯᠬᠦᠮᠳᠡᠯ ᠢ ᠶᠡᠬᠡᠪᠡᠷ ᠠᠬᠢᠭᠤᠯᠤᠭᠰᠠᠨ ᠪᠠᠶᠢᠨ᠎ᠠ᠃ ᠲᠡᠭᠡᠭᠡᠳ ᠡᠨᠡᠬᠦ ᠶᠠᠪᠤᠳᠠᠯ ᠢ ᠡᠬᠦᠷᠢᠳᠡ ᠲᠤᠷᠠᠰᠬᠠᠬᠤ ᠶᠢᠨ | ᠲᠦᠯᠦᠬᠡ ᠡᠨᠡ ᠠᠭᠤᠯᠠ ᠶᠢ ᠪᠦᠯᠬᠦᠮ ᠭᠡᠵᠦ ᠨᠡᠷᠡᠯᠡᠭᠰᠡᠨ ᠭᠡᠳᠡᠭ᠃ | ᠬᠠᠪᠴᠢᠯ ᠰᠢᠷᠡᠭᠡ — ᠰᠠᠶᠢᠬᠠᠨᠨᠠᠭᠤᠷ ᠭᠠᠴᠠᠭᠠᠨ ᠤ ᠠᠷᠤ ᠳᠤ ᠪᠠᠶᠢᠭ᠎ᠠ ᠡᠨᠡᠬᠦ ᠰᠢᠷᠡᠭᠡ ᠳᠤ ᠪᠠᠰᠠ ᠨᠢᠭᠡ | ᠲᠤᠮᠤᠭ ᠶᠠᠷᠢᠶ᠎ᠠ ᠪᠠᠶᠢᠳᠠᠭ᠃ ᠤᠷᠢᠳᠤ ᠴᠠᠭ ᠲᠤ ᠨᠢᠬᠡ ᠯᠠᠮᠠ ᠡᠨᠡᠬᠦᠷ ᠪᠠᠳᠢᠷ ᠪᠠᠷᠢᠵᠤ ᠶᠠᠪᠤᠬᠤ ᠳᠠᠭᠠᠨ ᠡᠨᠡ | ᠨᠤᠳᠤᠭ ᠲᠤ ᠲᠠᠪᠤᠰᠤ ᠲᠤᠳᠠᠵᠤ ᠪᠠᠶᠢᠭ᠎ᠠ ᠶᠢ ᠤᠯᠵᠤ ᠬᠠᠷᠠᠭᠠᠳ᠂ ᠪᠤᠶᠠᠨ ᠦᠢᠯᠡᠳᠬᠦ ᠦᠷᠦᠪᠴᠢᠬᠡᠨ ᠰᠡᠳᠬᠢᠯ | ᠢᠶᠠᠷ ᠡᠨᠡ ᠭᠤᠤ ᠶᠢ ᠮᠠᠯᠳᠠᠨ ᠤᠰᠤ ᠵᠠᠯᠠᠭᠰᠠᠨ ᠤ ᠬᠠᠮᠳᠤ᠂ ᠲᠠᠪᠤᠨ ᠵᠠᠭᠤᠨ ᠲᠡᠷᠭᠡ ᠲᠠᠪᠤᠰᠤ ᠲᠡᠭᠡᠭᠡᠵᠦ | ᠠᠪᠴᠢᠷᠠᠭᠠᠳ ᠠᠳᠡ ᠲᠠᠷᠢᠭᠰᠠᠨ ᠢᠶᠠᠷ ᠰᠢᠷᠡᠭᠡ ᠲᠠᠮᠵᠢᠭᠰᠠᠨ ᠶᠡᠭᠡ ᠭᠤᠤ ᠪᠠᠷ ᠨᠢ ᠦᠷᠬᠦᠯᠵᠢ ᠭᠤᠤᠯ ᠭᠤᠷᠤᠬ᠎ᠠ | ᠤᠷᠤᠰᠴᠤ ᠂ ᠮᠦᠨ ᠡᠨᠡ ᠲᠠᠪᠤᠰᠤᠨ ᠭᠤᠤ ᠨᠢ ᠤᠶᠢᠷ᠎ᠠ ᠤᠷᠴᠢᠮ ᠤᠨ ᠬᠦᠮᠦᠰ ᠤᠨ ᠠᠮᠢᠳᠤᠷᠠᠯ ᠳᠤ ᠶᠡᠬᠡᠬᠡᠨ | ᠲᠦᠬᠦᠮ ᠦᠵᠡᠬᠦᠯᠦᠯ᠎ᠡ ᠭᠡᠳᠡᠭ᠃ | ᠲᠤᠭᠤᠷᠤᠤ ᠶᠢᠨ ᠲᠠᠯ᠎ᠠ — ᠰᠠᠶᠢᠬᠠᠨᠨᠠᠭᠤᠷ ᠤᠨ ᠨᠤᠳᠤᠭ ᠲᠤ ᠪᠠᠶᠢᠭ᠎ᠠ ᠡᠨᠡᠬᠦ ᠬᠤᠶᠠᠷ ᠲᠦᠮᠡ ᠭᠠᠷᠤᠢ | ᠮᠤ᠋ ᠠᠭᠤᠳᠠᠮ ᠲᠡᠨᠢᠬᠡᠷ᠂ ᠨᠢᠳᠦ ᠠᠯᠳᠠᠮ᠎ᠠ ᠰᠠᠶᠢᠬᠠᠨ ᠲᠠᠯ᠎ᠠ ᠳᠤ ᠬᠦᠭᠡ ᠲᠤᠭᠤᠷᠤᠤ᠂ ᠠᠯ ᠰᠡᠬᠦᠯ᠂ ᠬᠠᠷᠬᠢᠷ᠎ᠠ | ᠵᠡᠷᠭᠡ ᠤᠯᠠᠨ ᠲᠦᠷᠦᠯ ᠤᠨ ᠲᠤᠭᠤᠷᠤᠤ ᠰᠢᠪᠠᠭᠤᠳ ᠡᠭᠡᠨᠡᠭᠰᠢᠨ ᠠᠮᠢᠳᠤᠷᠠᠵᠤ᠂ ᠬᠤᠨᠢ ᠰᠦᠷᠦᠭ ᠰᠢᠭ ᠢᠷᠠᠶᠢᠵᠤ | ᠪᠡᠯᠴᠢᠭᠡᠳ ᠬᠤᠪᠢ ᠶᠢᠨ ᠭᠠᠳᠠᠨ᠎ᠠ ᠦᠵᠡᠰᠬᠦᠯᠡᠩ ᠲᠠᠢ ᠬᠠᠷᠠᠭᠳᠠᠳᠠᠭ ᠠᠴᠠ ᠬᠦᠮᠦᠰ ᠲᠤᠭᠤᠷᠤᠤᠨ ᠲᠠᠯ᠎ᠠ ᠭᠡᠵᠦ | ᠨᠡᠷᠡᠰᠢᠭᠰᠡᠨ ᠠᠵᠢ᠃ | ᠠᠯᠳᠠᠨ ᠤᠪᠤᠭ᠎ᠠ — ᠤᠳᠤ ᠲᠠᠶᠢᠹᠤᠰᠧ ᠬᠤᠰᠢᠭᠤᠨ ᠤ ᠮᠠ ᠹᠠᠩ ᠽᠢ ᠶᠢᠨ ᠨᠤᠳᠤᠭ ᠲᠤ ᠪᠤᠢ᠂ | ᠤᠷᠢᠳᠤ ᠠᠭᠳᠠᠨ ᠰᠤᠮᠤᠨ ᠤ ᠲᠠᠬᠢᠳᠠᠭ ᠤᠪᠤᠭ᠎ᠠ ᠪᠤᠯᠤᠨ᠎ᠠ᠃ ᠡᠨᠡ ᠤᠪᠤᠭᠠᠨ ᠤ ᠴᠢᠯᠠᠭᠤᠨ ᠲᠡᠭᠡᠷ᠎ᠡ ᠪᠠᠰᠠ | ᠮᠤᠷᠢᠨ ᠲᠤᠭᠤᠷᠠᠢ ᠶᠢᠨ ᠰᠢᠬᠢᠳᠦᠭᠰᠡᠨ ᠤᠷᠤᠮ ᠪᠠᠶᠢᠳᠠᠭ ᠪᠠᠶᠢᠬᠤ ᠶᠢ ᠬᠦᠮᠦᠰ ︽ᠴᠢᠩᠬᠢᠰ ᠤᠨ ᠮᠤᠷᠢᠨ ᠲᠤᠭᠤᠷᠠᠢ | ᠶᠢᠨ ᠤᠷᠤᠮ︾ ᠭᠡᠵᠦ ᠪᠡᠯᠭᠡᠰᠢᠶᠡᠨ ᠶᠠᠷᠢᠳᠠᠭ᠃ | ᠴᠢᠪᠠᠭᠠᠨᠴᠠ ᠶᠢᠨ ᠡᠩᠬᠡᠷ — ᠪᠤᠷᠤᠬᠤᠳᠠ ᠭᠠᠴᠠᠭᠠᠨ ᠤ ᠨᠤᠳᠤᠭ ᠲᠤ ᠪᠤᠢ᠃ ᠡᠷᠳᠡ ᠤᠷᠢᠳᠤ ᠴᠠᠭ ᠲᠤ᠂ | ᠬᠤᠶᠠᠷ ᠴᠢᠪᠠᠭᠠᠨᠴᠠ ᠤᠳᠠᠢ ᠳᠤ ᠮᠦᠷᠬᠦᠯ ᠬᠢᠬᠦ ᠪᠠᠷ ᠶᠠᠪᠤᠵᠤ ᠪᠠᠶᠢᠭᠠᠳ ᠡᠨᠡ ᠠᠭᠤᠯᠠ ᠶᠢᠨ ᠡᠩᠬᠡᠷ ᠲᠤ ᠨᠠᠰᠤ | ᠪᠠᠷᠠᠭᠰᠠᠨ ᠠᠴᠠ ᠬᠦᠮᠦᠰ ᠡᠨᠡ ᠠᠭᠤᠯᠠ ᠶᠢ ᠴᠢᠪᠠᠭᠠᠨᠴᠠ ᠶᠢᠨ ᠡᠩᠬᠡᠷ ᠬᠡᠵᠦ ᠨᠡᠷᠡᠯᠡᠭᠰᠡᠨ ᠭᠡᠨ᠎ᠡ᠃ | ᠬᠤᠯᠤᠳᠤ ᠶᠢᠨ ᠰᠦᠮ᠎ᠡ — ᠪᠠᠰᠠ ᠡᠬᠦᠷᠢᠳᠡ ᠪᠤᠶᠠᠨᠳᠤ ᠰᠦᠮ᠎ᠡ ᠭᠡᠳᠡᠭ᠃ ᠠᠷᠠᠳ ᠤᠨ ᠲᠤᠮᠤᠭ ᠶᠠᠷᠢᠶᠠᠨ | ᠳᠤ ᠡᠵᠡᠨ ᠬᠠᠭᠠᠨ ᠠᠳᠤᠭᠤᠨ ᠰᠦᠷᠦᠭ ᠢᠶᠠᠨ ᠰᠠᠬᠢᠭᠤᠯᠬᠤ ᠪᠠᠷ ᠡᠨᠡᠳᠭᠡᠭ ᠤᠨ ᠪᠤᠷᠬᠠᠨ ᠤ ᠤᠷᠤᠨ ᠠᠴᠠ ᠴᠤᠯᠤ | ᠽᠠᠨᠳᠠᠨ ᠢᠶᠠᠷ ᠪᠦᠳᠦᠭᠡᠭᠰᠡᠨ ᠬᠠᠶ᠋ᠢᠩᠬᠢᠷᠸ᠎ᠠ ᠪᠤᠷᠬᠠᠨ ᠢ ᠵᠠᠯᠠᠵᠤ ᠠᠪᠴᠢᠷᠠᠭᠠᠳ ᠡᠬᠦᠪᠡᠷ ᠦᠩᠬᠡᠷᠡᠬᠦ ᠳᠤ ᠪᠤᠷᠬᠠᠨ | ᠠᠴᠢᠭᠰᠠᠨ ᠲᠡᠷᠭᠡ ᠨᠢ ᠬᠡᠨᠡᠳᠳᠡ ᠬᠦᠳᠡᠯᠬᠦ ᠦᠬᠡᠢ ᠪᠤᠯᠤᠭᠰᠠᠨ ᠲᠤᠯᠠ ᠠᠳᠡ ᠰᠦᠮ᠎ᠡ ᠪᠠᠶᠢᠭᠤᠯᠤᠭᠠᠳ ᠰᠢᠳᠦᠭᠡᠨ | ᠪᠤᠯᠭᠠᠨ ᠲᠠᠬᠢᠵᠤ ᠭᠡᠨ᠎ᠡ᠃ ᠲᠡᠭᠡᠷ᠎ᠡ ᠵᠠᠭᠤᠨ ᠤ ᠲᠠᠪᠢᠭᠠᠳ ᠤᠨ ᠳᠤ ᠲᠤᠰ ᠰᠦᠮ᠎ᠡ ᠶᠢ ᠨᠤᠷᠠᠭᠠᠵᠠᠢ᠃ | ᠡᠬᠦᠨ ᠠᠴᠠ ᠭᠠᠳᠠᠨ᠎ᠠ᠂ ᠤᠯᠠᠭᠠᠨ ᠬᠠᠳᠠ᠂ ᠴᠠᠭᠠᠨ ᠤᠪᠤᠭ᠎ᠠ ᠂ ᠭᠠᠷᠤᠳᠢ ᠶᠢᠨ ᠬᠤᠰᠢᠭᠤ᠂ ᠬᠤᠷᠭᠤ | ᠬᠠᠶᠢᠷᠬᠠᠨ᠂ ᠬᠤᠸᠠ ᠨᠠᠭᠤᠷ ᠵᠡᠷᠭᠡ ᠭᠡᠯᠪᠡᠷᠢ ᠲᠦᠷᠬᠦ ᠪᠠᠷ ᠨᠢ ᠨᠡᠷᠡᠯᠡᠭᠰᠡᠨ ᠠᠭᠤᠯᠠ ᠤᠰᠤ ᠪᠠ ᠠᠭᠳᠠᠨ | ᠴᠠᠭᠠᠨ ᠤᠪᠤᠭ᠎ᠠ ᠂ ᠭᠡᠷᠡᠶᠢᠳ ᠤᠨ ᠤᠪᠤᠭ᠎ᠠ ᠂ ᠭᠡ᠊ ᠬᠤᠰᠠᠢ ᠶᠢᠨ ᠤᠪᠤᠭ᠎ᠠ ᠂ ᠢ᠊ ᠬᠤᠰᠠᠢ ᠶᠢᠨ ᠨᠠᠭᠤᠷ᠂ ᠪᠦᠷᠵᠢ | ᠶᠢᠨ ᠬᠤᠳᠠ᠂ ᠯᠠᠳᠠᠢ ᠶᠢᠨ ᠬᠤᠳᠠ ᠵᠡᠷᠭᠡ ᠤᠪᠤᠭ ᠠᠶᠢᠮᠠᠭ ᠪᠤᠶᠤ ᠬᠦᠮᠦᠨ ᠤ ᠨᠡᠷ᠎ᠡ ᠪᠠᠷ ᠨᠡᠷᠡᠶᠢᠳᠦᠭᠰᠡᠨ | ᠤᠪᠤᠭ᠎ᠠ ᠰᠠᠷᠢᠳᠠᠭ ᠂ ᠬᠤᠳᠠ ᠤᠰᠤ ᠵᠢᠴᠢ ᠪᠠᠳᠢᠷᠴᠢᠨ ᠠᠮᠠ᠂ ᠴᠠᠭᠠᠨ ᠬᠤᠳᠠᠭᠠᠢ ᠠᠭᠤᠯᠠ᠂ ᠠᠪᠳᠠᠷᠠᠳᠤ ᠵᠡᠷᠭᠡ | ᠬᠠᠴᠢᠨ ᠰᠤᠨᠢᠨ ᠨᠡᠷᠡᠶᠢᠳᠦᠯ ᠲᠠᠢ ᠠᠭᠤᠯᠠ ᠭᠤᠤᠯ ᠴᠤ ᠵᠦᠩᠳᠡᠭᠡᠨ ᠤᠯᠠᠨ ᠪᠠᠶᠢᠳᠠᠭ᠃ | ᠲᠠᠶᠢᠹᠤᠰᠧ ᠵᠡᠬᠦᠨ ᠭᠠᠷ — ᠬᠦᠨᠪᠤᠯᠠᠭ ᠤᠨ ᠠᠭᠤᠯᠠ ᠤᠰᠤᠨ ᠤ ᠲᠤᠮᠤᠭ ᠡᠨᠡᠬᠡᠨ ᠢᠶᠠᠷ ᠪᠠᠷᠠᠬᠤ ᠪᠢᠰᠢ᠂ | ᠤᠨ ᠵᠢᠯ ᠤᠨ ᠤᠷᠳᠤ ᠳᠤ ᠵᠠᠷᠢᠮ ᠨᠢ ᠮᠠᠷᠳᠠᠭᠳᠠᠵᠤ ᠂ ᠮᠡᠳᠡᠬᠦ ᠬᠦᠮᠦᠰ ᠴᠦᠭᠡᠷᠡᠭᠰᠡᠨ ᠪᠤᠯᠬᠤᠷ ᠨᠢᠭᠡᠳ ᠨᠢᠬᠡ | ᠪᠠᠷ ᠨᠠᠷᠢᠨ ᠲᠡᠮᠳᠡᠭᠯᠡᠵᠦ ᠡᠰᠡ ᠴᠢᠳᠠᠪᠠ᠃ | ᠲᠤᠳᠤᠷᠬᠠᠶᠢᠯᠠᠬᠤ ᠨᠢ᠄ ᠡᠳᠡᠭᠡᠷ ᠮᠠᠲ᠋ᠧᠷᠢᠶᠠᠯ ᠢ ᠰᠤᠶᠤᠯ ᠲᠡᠦᠬᠡᠨ ᠮᠠᠲ᠋ᠧᠷᠢᠶᠠᠯ ᠪᠤᠶᠤ ᠬᠤᠳᠠ ᠤᠰᠤᠨ ᠤ | ᠲᠡᠦᠬᠡ ᠴᠠᠳᠢᠭ᠂ ᠨᠤᠳᠤᠭ ᠤᠨ ᠠᠬᠠᠮᠠᠳ ᠤᠨ ᠠᠮᠠᠨ ᠶᠠᠷᠢᠶᠠᠨ ᠠᠴᠠ ᠡᠮᠬᠢᠳᠭᠡᠨ ᠠᠪᠤᠪᠠᠢ᠃ | | |