ᠠᠯᠳᠠᠨ ᠤᠯᠤᠰ ᠤᠨ ᠭᠡᠷᠡᠮ
ᠨᠡᠶᠢᠲᠡᠯᠡᠭᠰᠡᠨ ᠴᠠᠭ᠄
2018/10/20
   ᠪᠠᠰᠠ ᠠᠯᠳᠠᠨ ᠤᠯᠤᠰ ᠤᠨ ᠬᠢᠯᠢ ᠶᠢᠨ ᠵᠠᠭᠠᠭ ᠭᠡᠳᠡᠭ᠃ ᠲᠠᠶᠢᠹᠤᠰᠧ ᠨᠤᠳᠤᠭ ᠲᠤ ᠵᠠᠬ᠎ᠠ ᠶᠢᠨ ᠬᠡᠷᠡᠮ ︵边墙) ᠬᠡᠵᠦ ᠨᠡᠷᠡᠯᠡᠳᠡᠭ᠃  ᠤᠨ ᠲᠤᠭᠠᠯᠠᠯ ᠤᠨ1115 —1234 ᠤᠨ ᠳᠤ ᠪᠠᠶᠢᠭᠤᠯᠤᠭᠰᠠᠨ ᠠᠯᠳᠠᠨ ᠤᠯᠤᠰ ᠎ ᠤᠨ ᠤᠮᠠᠷᠠᠳᠤ ᠶᠢᠨ ᠴᠡᠷᠢᠭ ᠤᠨ ᠶᠠᠪᠤᠳᠠᠯ ᠤᠨ ᠰᠡᠷᠭᠡᠶᠢᠯᠡᠯᠳᠡ ᠶᠢᠨ ᠪᠠᠷᠢᠯᠭ᠎ᠠ  ᠪᠠᠶᠢᠵᠤ᠂ ᠤᠳᠤ ᠨᠢᠬᠡᠨᠳᠡ 800 ᠭᠠᠷᠤᠢ ᠵᠢᠯ ᠤᠨ ᠲᠡᠦᠭᠡ ᠲᠠᠢ  ᠪᠤᠯᠵᠠᠢ᠃  ᠪᠦᠬᠦ ᠤᠷᠳᠤ ᠨᠢ  ᠪᠠᠷᠤᠭ 1926  ᠺᠢᠯᠤᠮᠧᠲᠷ᠃   ᠠᠯᠳᠠᠨ ᠤᠯᠤᠰ ᠨᠢ ᠨᠡᠶᠢᠳᠡ ᠬᠤᠶᠠᠷ  ᠰᠠᠯᠠᠭ᠎ᠠ  ᠤᠷᠳᠤ ᠴᠠᠭᠠᠨ ᠭᠡᠷᠡᠮ ᠢ ᠪᠠᠶᠢᠭᠤᠯᠵᠠᠢ᠂  ᠨᠢᠬᠡ  ᠎ ᠨᠢ ᠮᠢᠩ ᠴᠠᠩ ᠤᠨ ᠰᠡᠬᠦᠯᠴᠢ ᠶᠢᠨ ᠤᠨ ᠠᠴᠠ ᠴᠧᠩ ᠠᠨ ᠤ ᠡᠬᠢᠨ ᠤ ᠤᠨ  ᠬᠦᠷᠳᠡᠯᠡᠬᠢ ᠬᠤᠭᠤᠴᠠᠭᠠᠨ ᠳᠤ ᠪᠠᠶᠢᠭᠤᠯᠤᠭᠳᠠᠵᠤ᠂  ᠮᠢᠩ ᠴᠠᠩ ᠭᠡᠷᠡᠮ ᠭᠡᠵᠦ ᠨᠡᠷᠡᠯᠡᠳᠡᠭ᠂  ᠵᠡᠬᠦᠨ ᠦᠵᠦᠬᠦᠷ ᠨᠢ  ᠬᠦᠯᠦᠨ ᠪᠤᠶᠢᠷ  ᠬᠤᠳᠠ ᠶᠢᠨ ᠮᠤᠷᠢᠨᠳᠠᠪᠠᠭ᠎ᠠ ᠲᠠᠭᠤᠷ ᠦᠨᠳᠦᠰᠦᠳᠡᠨ ᠤ ᠦᠪᠡᠷᠳᠡᠭᠡᠨ ᠵᠠᠰᠠᠬᠤ  ᠬᠤᠰᠢᠭᠤᠨ ᠤ ᠴᠢ ᠵᠢᠶᠠ ᠶᠢᠩᠽᠢ ᠠᠴᠠ ᠡᠬᠢ ᠠᠪᠴᠤ᠂  ᠬᠦᠬᠡᠬᠤᠳᠠ ᠶᠢᠨ ᠦᠴᠤᠸᠠᠨ ᠰᠢᠶᠠᠨ ᠤ ᠱᠠᠨ ᠮᠢᠶᠤᠤ ᠭᠸᠦ ᠬᠦᠷᠳᠡᠭ  ᠂  ᠪᠦᠬᠦ ᠤᠷᠳᠤ ᠨᠢ ᠪᠠᠷᠤᠭ 1650 ᠺᠢᠯᠤᠮᠧᠲᠷ᠃ ᠨᠦᠬᠦᠬᠡ ᠨᠢᠬᠡ ᠶᠢ ᠨᠢ  ᠳ᠋ᠠ ᠠᠨ ᠤ ᠬᠤᠶᠠᠳᠤᠭᠠᠷ ᠤᠨ ᠠᠴᠠ ᠳ᠋ᠠ ᠠᠨ ᠤ ᠭᠤᠷᠪᠠᠳᠤᠭᠠᠷ ᠤᠨ ᠤ ᠦᠶᠡᠰ ᠪᠠᠶᠢᠭᠤᠯᠵᠤ᠂  ᠳ᠋ᠠ ᠠᠨ ᠭᠡᠷᠡᠮ  ᠭᠡᠵᠦ ᠨᠡᠷᠡᠯᠡᠳᠡᠭ᠃  ᠵᠡᠬᠦᠨ ᠦᠵᠦᠬᠦᠷ ᠨᠢ ᠾᠧᠪᠸᠢ ᠮᠤᠵᠢ ᠶᠢᠨ ᠹᠧᠩ ᠨᠢᠩ ᠰᠢᠶᠠᠨ  ᠎ ᠤ ᠱᠦᠢ ᠴᠢᠤᠸᠠᠨ ᠭᠸᠦ ᠠᠴᠠ ᠡᠬᠢᠯᠡᠵᠦ᠂ ᠪᠠᠷᠠᠭᠤᠨᠰᠢ ᠦᠪᠦᠷ  ᠮᠤᠩᠭᠤᠯ ᠤᠨ ᠵᠢᠨᠢᠩ ᠬᠤᠳᠠ ᠶᠢᠨ  ᠱᠠᠩᠳᠤ ᠰᠢᠶᠠᠨ  ᠬᠦᠷᠦᠭᠡᠳ ᠮᠢᠩ ᠴᠠᠩ ᠭᠡᠷᠡᠮ ᠲᠠᠢ  ᠵᠠᠯᠭᠠᠨ᠎ᠠ᠂ ᠪᠦᠬᠦ ᠤᠷᠳᠤ ᠨᠢ ᠪᠠᠷᠤᠭ 276 ᠺᠢᠯᠤᠮᠧᠲᠷ᠃       ᠲᠠᠶᠢᠹᠤᠰᠧ ᠬᠤᠰᠢᠭᠤᠨ ᠤ ᠬᠢᠯᠢ ᠳᠠᠬᠢ ︽ᠠᠯᠳᠠᠨ ᠤᠯᠤᠰ ᠤᠨ ᠭᠡᠷᠡᠮ︾᠎ ᠨᠢ ᠠᠯᠳᠠᠨ ᠤᠯᠤᠰ ᠤᠨ ᠵᠠᠩᠽᠦ᠋ᠩ ᠬᠠᠭᠠᠨ ᠤ ᠦᠶ᠎ᠡ ᠳᠤ ᠪᠠᠶᠢᠭᠤᠯᠤᠭᠳᠠᠭᠰᠠᠨ ᠭᠡᠳᠡᠭ᠃ ᠪᠦᠬᠦ ᠤᠷᠳᠤ ᠨᠢ 91 ᠺᠢᠯᠤᠮᠧᠲᠷ  ᠂  ᠵᠡᠬᠦᠨ ᠪᠠᠷᠠᠭᠤᠨ ᠢᠶᠠᠷ ᠢᠶᠠᠨ ᠲᠤᠰᠪᠤᠷᠢ ᠰᠢᠯᠤᠭᠤᠨ ᠬᠦᠬᠡ ᠬᠤᠰᠢᠭᠤ  ᠪᠠ ᠾᠧᠪᠸᠢ ᠮᠤᠵᠢ ᠶᠢᠨ ᠺᠠᠩ ᠪᠤᠤ ᠰᠢᠶᠠᠨ  ᠎ ᠲᠠᠢ  ᠵᠠᠯᠭᠠᠵᠤ᠂ ᠲᠠᠶᠢᠹᠤᠰᠧ ᠬᠤᠰᠢᠭᠤᠨ ᠤ ᠲᠤᠯᠤᠭᠠᠨ ᠰᠤᠮᠤ ᠰᠢᠶᠠᠩ ᠪᠠᠯᠭᠠᠰᠤ ᠶᠢ ᠲᠠᠭᠠᠷᠢᠨ ᠦᠩᠭᠡᠷᠡᠨ᠎ᠡ᠃ ᠠᠯᠳᠠᠨ ᠤᠯᠤᠰ ᠤᠨ ᠭᠡᠷᠡᠮ ᠪᠤᠯ ᠭᠤᠤᠯᠳᠠᠭᠤ ᠭᠤᠤ ᠰᠤᠪᠠᠭ᠂  ᠬᠤᠳᠠ ᠶᠢᠨ ᠭᠡᠷᠡᠮ᠂ ᠤᠯᠠᠭ᠎ᠠ ᠦᠷᠳᠡᠭᠡ᠂  ᠪᠠᠬᠢᠯᠡᠯᠳᠡ ᠪᠤᠭᠤᠮᠳᠠ ᠵᠡᠷᠭᠡ ᠪᠠᠷ  ᠪᠦᠷᠢᠯᠳᠦᠭᠰᠡᠨ  ᠂ ᠲᠡᠰ ᠲᠠᠪᠬᠤᠷᠭ᠎ᠠ ᠲᠠᠢ᠂ ᠰᠢᠰᠲ᠋ᠧᠮ ᠲᠠᠢ ᠴᠡᠷᠢᠭ ᠤᠨ ᠶᠠᠪᠤᠳᠠᠯ ᠤᠨ ᠰᠡᠷᠭᠡᠶᠢᠯᠡᠯᠳᠡ ᠶᠢᠨ ᠪᠠᠷᠢᠯᠭ᠎ᠠ ᠪᠤᠯᠤᠨ᠎ᠠ᠃ ᠲᠠᠶᠢᠹᠤᠰᠧ ᠬᠤᠰᠢᠭᠤᠨ ᠤ ᠬᠢᠯᠢ ᠳᠠᠬᠢ ︽ᠠᠯᠳᠠᠨ ᠤᠯᠤᠰ ᠤᠨ ᠭᠡᠷᠡᠮ︾᠎ ᠨᠢ ᠨᠡᠯᠢᠶᠡᠳ ᠪᠦᠷᠢᠨ ᠪᠦᠳᠦᠨ ᠢᠶᠠᠷ ᠢᠶᠠᠨ ᠬᠠᠳᠠᠭᠠᠯᠠᠭᠳᠠᠵᠤ  ᠂  ᠵᠠᠷᠢᠮ ᠭᠡᠰᠡᠭ ᠲᠤᠨᠢ  ᠲᠠᠪᠬᠤᠷ ᠭᠡᠷᠡᠮ ᠬᠤᠤᠰ ᠭᠤᠤ ᠶᠢᠨ ᠪᠠᠭᠤᠷᠢ ᠬᠠᠷᠠᠭᠳᠠᠨ᠎ᠠ᠃  ᠤᠳᠤ ᠰᠡᠷᠭᠡᠶᠢᠯᠡᠯᠳᠡ ᠶᠢᠨ ᠲᠠᠶᠢᠰᠠ 260 ᠰᠠᠭᠤᠷᠢ᠂  ᠵᠠᠬ᠎ᠠ ᠶᠢᠨ ᠪᠠᠬᠢᠯᠡᠯᠳᠡ 4 ᠰᠠᠭᠤᠷᠢ᠂  ᠭᠤᠤᠯ ᠪᠠᠬᠢᠯᠡᠯᠳᠡ 2 ᠰᠠᠭᠤᠷᠢ ᠪᠠᠶᠢᠨ᠎ᠠ᠃  ᠵᠠᠷᠢᠮ ᠭᠠᠵᠠᠷ ᠤᠨ ᠭᠡᠷᠡᠮ ᠤᠨ ᠪᠠᠭᠤᠷᠢ  ᠎ ᠨᠢ ᠦᠷᠭᠡᠨ ᠢᠶᠠᠷ ᠢᠶᠠᠨ 3.6 — 10 ᠮᠧᠲᠷ᠂  ᠦᠨᠳᠦᠷ  ᠎ ᠢᠶᠠᠷ ᠢᠶᠠᠨ 0.5 —3 ᠮᠧᠲᠷ ᠪᠤᠢ᠃  ᠭᠡᠷᠡᠮ  ᠎ ᠨᠢ  ᠰᠢᠪᠠᠷ ᠰᠢᠷᠤᠢ ᠪᠠᠷ  ᠴᠤᠭᠴᠠᠯᠠᠭᠳᠠᠵᠤ᠂ ᠬᠠᠷ᠎ᠠ ᠬᠦᠷᠡᠩ ᠪᠤᠶᠤ ᠬᠠᠷ᠎ᠠ ᠦᠩᠬᠡ ᠲᠠᠢ ᠪᠠᠶᠢᠳᠠᠭ᠃ ᠭᠡᠷᠡᠮ ᠤᠨ  ᠲᠤᠳᠤᠷ᠎ᠠ ᠲᠠᠯ᠎ᠠ ᠳᠤ ᠠᠷᠪᠠᠭᠠᠳ ᠭᠠᠵᠠᠷ ᠶᠠᠪᠤᠬᠤ ᠪᠦᠷᠢ ᠴᠡᠷᠢᠭ ᠤᠨ ᠰᠠᠬᠢᠨ ᠬᠠᠮᠠᠭᠠᠯᠠᠬᠤ ᠰᠠᠭᠤᠷᠢᠨ  ᠪᠤᠯᠬᠤ ᠵᠢᠵᠢᠭ ᠪᠠᠯᠭᠠᠰᠤ ᠪᠠᠶᠢᠭᠤᠯᠵᠠᠢ᠃  ᠲᠤᠬᠠᠶᠢᠯᠠᠪᠠᠯ᠂  ᠦᠷᠳᠡᠭᠡᠨ  ᠤᠪᠤᠭ᠎ᠠ  ᠂ ᠵᠢᠷᠠᠨ  ᠤᠰᠤ᠂   ᠪᠤᠷᠤᠬᠤᠳᠠ᠂  ᠡᠤ ᠵᠢᠶᠠᠨ ᠹᠠᠩ᠂ ᠮᠠ ᠲᠢ ᠭᠸᠦ  ᠂ ᠾᠧ ᠼᠤᠤ ᠵᠡᠷᠭᠡ ᠭᠠᠴᠠᠭ᠎ᠠ ᠲᠤᠰᠬᠤᠨ  ᠎ ᠳᠤ  ᠵᠢᠵᠢᠭ ᠪᠠᠯᠭᠠᠰᠤ ᠶᠢᠨ ᠰᠠᠭᠤᠷᠢ ᠪᠠᠶᠢᠭ᠎ᠠ᠃  ᠭᠡᠷᠡᠮ ᠤᠨ ᠭᠠᠳᠠᠷ ᠲᠠᠯ᠎ᠠ  ᠎ ᠶᠢ ᠨᠢ ᠲᠠᠭᠠᠵᠤ᠂ 200 —300 ᠮᠧᠲᠷ ᠲᠤ ᠨᠢᠬᠡ ᠠᠯᠤᠰ ᠢ ᠪᠠᠷᠠᠯᠠᠬᠤ  ᠲᠠᠶᠢᠰᠠ ᠲᠠᠢ  ᠃     ᠠᠷᠠᠳ ᠤᠨ  ᠤᠯᠠᠮᠵᠢᠯᠠᠯ  ᠶᠠᠷᠢᠶᠠᠨ ᠳᠤ ᠲᠤᠰ ᠭᠡᠷᠡᠮ ᠢ ᠪᠠᠰᠠ ᠯᠢᠶᠤᠤ ᠤᠯᠤᠰ ᠤᠨ ᠭᠡᠷᠡᠮ ᠤᠨ ᠵᠠᠮ ᠪᠤᠶᠤ ᠭᠤᠷᠪᠠᠳᠤᠭᠠᠷ ᠴᠠᠭᠠᠨ ᠭᠡᠷᠡᠮ ᠭᠡᠵᠦ ᠶᠠᠷᠢᠳᠠᠭ᠃  ︽ᠲᠠᠶᠢᠹᠤᠰᠧ ᠵᠡᠬᠦᠨ ᠭᠠᠷ ᠰᠦᠷᠦᠭ ︵ᠬᠤᠰᠢᠭᠤ︶᠎ ᠤᠨ ᠲᠡᠦᠬᠡᠨ ᠲᠡᠮᠳᠡᠭᠯᠡᠯ ᠤᠨ ᠲᠤᠪᠴᠢ︾ ᠭᠡᠰᠡᠨ ᠨᠤᠮ ᠳᠤ  ᠪᠠᠰᠠ ︽ᠬᠠᠨ ᠤᠯᠤᠰ ᠤᠨ ᠡᠬᠢᠨ ᠤ ᠦᠶ᠎ᠡ ᠳᠤ ᠲᠤᠮᠳᠠᠳᠤ ᠤᠷᠤᠨ ᠠᠴᠠ ᠮᠤᠨᠢ ᠠᠭᠤᠯᠠ  ᠎ ᠶᠢᠨ ᠠᠷᠤ ᠳᠠᠬᠢ ᠾᠦᠩᠨᠤ ᠶᠢᠨ ᠨᠤᠳᠤᠭ ᠬᠦᠷᠳᠡᠯ᠎ᠡ ᠬᠦᠨᠳᠡᠯᠡᠨ ᠭᠤᠤ ᠮᠠᠯᠳᠠᠵᠤ ᠭᠤᠤ ᠵᠠᠮ ᠭᠡᠵᠦ ᠨᠡᠷᠡᠯᠡᠳᠡᠭ ᠪᠠᠶᠢᠵᠠᠢ  ᠃ ᠬᠠᠨ ᠡᠤ ᠳ᠋ᠢ ᠬᠠᠭᠠᠨ ᠤ ᠦᠶᠡᠰ ᠡᠨᠡᠬᠦ ᠬᠦᠴᠦᠨ ᠤ ᠬᠦᠷᠢᠶ᠎ᠡ ᠎ ᠪᠠᠨ ᠮᠤᠨᠢ ᠠᠭᠤᠯᠠ ᠠᠴᠠ ᠤᠷᠤᠭᠰᠢ ᠦᠷᠭᠡᠳᠭᠡᠵᠦ᠂ ᠤᠳᠤ ᠶᠢᠨ ᠴᠤᠭ ᠬᠤᠰᠢᠭᠤ᠂ ᠤᠷᠠᠳ ᠤᠨ ᠲᠤᠮᠳᠠᠳᠤ ᠬᠤᠰᠢᠭᠤ᠂ ᠲᠠᠷᠬᠠᠨ ᠮᠤᠤᠮᠢᠩᠭᠠᠨ᠂ ᠡᠤ ᠴᠢᠤᠸᠠᠨ᠂ ᠲᠦᠷᠪᠡᠳ ᠬᠤᠰᠢᠭᠤ ᠵᠢᠴᠢ ᠰᠢᠯᠢ ᠶᠢᠨ ᠭᠤᠤᠯ  ᠎ ᠤᠨ ᠡᠮᠦᠨᠡᠳᠦ ᠭᠡᠳᠦᠨ ᠬᠤᠰᠢᠭᠤ ᠰᠢᠶᠠᠨ ᠢ  ᠲᠠᠭᠠᠷᠢᠨ᠂ ᠬᠦᠯᠦᠨ ᠪᠤᠶᠢᠷ ᠬᠦᠷᠬᠦ ᠬᠢᠵᠠᠭᠠᠷ ᠤᠨ ᠱᠤᠭᠤᠮ ᠢᠶᠠᠷ ᠤᠷᠳᠤ ᠭᠡᠷᠡᠮ ᠪᠠᠷᠢᠵᠤ᠂  ︿ᠬᠢᠯᠢ ᠶᠢᠨ ᠴᠠᠭᠠᠨ ᠭᠡᠷᠡᠮ﹀ ᠬᠡᠵᠦ  ᠨᠡᠷᠡᠯᠡᠳᠡᠭ ᠪᠠᠶᠢᠪᠠ᠃ ᠡᠨᠡ ᠭᠡᠷᠡᠮ ᠤᠨ ᠲᠠᠭᠠᠤ  ᠴᠡᠷᠢᠭ ᠰᠠᠭᠤᠯᠭᠠᠵᠤ ᠬᠢᠯᠢ ᠪᠠᠨ ᠬᠠᠮᠠᠭᠠᠯᠠᠵᠤ ᠪᠠᠶᠢᠭᠰᠠᠨ ᠲᠤᠯᠠ᠂ ᠵᠢᠵᠢᠭ ᠪᠠᠯᠭᠠᠰᠤᠨ ᠤ ᠪᠠᠭᠤᠷᠢ ᠠᠷᠪᠢᠨ ᠪᠠᠶᠢᠳᠠᠭ︾ ᠬᠡᠵᠦ ᠲᠡᠮᠳᠡᠭᠯᠡᠵᠡᠢ᠃ ᠡᠬᠦᠨ ᠠᠴᠠ ᠦᠵᠡᠬᠦ ᠳᠤ᠂ ᠲᠤᠰ ᠭᠡᠷᠡᠮ ᠨᠢ ᠬᠠᠨ ᠤᠯᠤᠰ ᠤᠨ ᠦᠶ᠎ᠡ ᠳᠤ ᠪᠤᠢ ᠪᠤᠯᠤᠭᠰᠠᠨ ᠪᠠᠶᠢᠵᠤ ᠴᠤ ᠮᠡᠳᠡᠨ᠎ᠡ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号