︽ᠬᠠᠭᠠᠨ ᠤ ᠠᠳᠤᠭᠤᠨ ᠵᠤᠰᠠᠭᠠᠯ ︾ ᠵᠤᠭᠠᠴᠠᠯ ᠤᠨ ᠤᠷᠤᠨ ᠲᠠᠶᠢᠹᠤᠰᠧ ᠬᠤᠰᠢᠭᠤᠨ ᠤ ᠬᠦᠨᠪᠤᠯᠠᠭ | ᠰᠤᠮᠤᠨ ᠳᠤ ᠪᠠᠶᠢᠷᠢᠯᠠᠵᠤ᠂ ᠰᠢᠯᠢ ᠶᠢᠨ ᠭᠤᠤᠯ ᠤᠨ ᠲᠠᠯ᠎ᠠ ᠨᠤᠳᠤᠭ ᠲᠡᠭᠡᠷᠡᠬᠢ ᠪᠡᠭᠡᠵᠢᠩ᠂ ᠲᠢᠶᠠᠨᠵᠢᠨ᠂ | ᠾᠧᠪᠸᠢ ᠤᠷᠤᠨ ᠠᠴᠠ ᠬᠠᠮᠤᠭ ᠤᠶᠢᠷ᠎ᠠ ᠪᠠᠶᠢᠭ᠎ᠠ᠂ ᠮᠤᠩᠭᠤᠯ ᠬᠡᠪ ᠵᠠᠩᠰᠢᠯ ᠪᠠ ᠬᠠᠭᠠᠨ ᠤ ᠠᠳᠤᠭᠤᠨ ᠰᠤᠶᠤᠯ | ᠤᠶᠠᠯᠳᠤᠭᠰᠠᠨ ᠵᠤᠭᠠᠴᠠᠯ ᠤᠨ ᠲᠤᠮᠤ ᠦᠵᠡᠮᠵᠢᠳᠦ ᠴᠡᠭ ᠪᠤᠯᠬᠤ ᠶᠤᠮ᠃ 2006 — 2014 ᠤᠨ ᠳᠤ | ᠵᠤᠭᠠᠴᠠᠯ ᠤᠨ ᠤᠷᠤᠨ ᠨᠢ ︽ᠪᠦᠬᠦ ᠤᠯᠤᠰ ᠤᠨ ᠮᠤᠷᠢᠨ ᠮᠡᠷᠭᠡᠵᠢᠯ ᠤᠨ ᠲᠦᠩᠰᠡ ᠲᠤᠭᠤᠷᠢᠬᠤ | ᠤᠷᠤᠯᠳᠤᠭᠠᠨ ᠵᠢᠴᠢ ᠲᠠᠯ᠎ᠠ ᠨᠤᠳᠤᠭ ᠤᠨ ᠬᠠᠭᠠᠨ ᠤ ᠠᠳᠤᠭᠤᠨ ᠰᠤᠶᠤᠯ ᠤᠨ ᠨᠠᠶᠢᠷ︾ ᠢ ᠲᠦᠷᠪᠡᠨ | ᠬᠤᠭᠤᠴᠠᠭ᠎ᠠ ᠠᠮᠵᠢᠯᠳᠠᠳᠠᠢ ᠡᠷᠬᠢᠯᠡᠭᠰᠡᠨ ᠪᠠᠶᠢᠨ᠎ᠠ᠃ ᠤᠳᠤ ᠵᠤᠭᠠᠴᠠᠯ ᠤᠨ ᠤᠷᠤᠨ ᠤ ᠶᠡᠷᠦᠩᠭᠡᠢ ᠲᠠᠯᠠᠪᠠᠢ 1.5 | ᠲᠦᠮᠡᠨ ᠮᠤ᠋ ᠂ ᠪᠡᠯᠴᠢᠭᠡᠷ ᠤᠨ ᠪᠦᠷᠬᠦᠴᠡ 100% ᠂ ᠪᠠᠷᠢᠯᠭ᠎ᠠ ᠶᠢᠨ ᠲᠠᠯᠠᠪᠠᠢ 1.3 ᠲᠦᠮᠡᠨ ᠲᠡᠭᠰᠢ | ᠲᠦᠷᠪᠡᠯᠵᠢᠨ ᠮᠧᠲᠷ ᠲᠤ ᠬᠦᠷᠴᠦ᠂ 1000 ᠬᠦᠮᠦᠨ ᠤ ᠪᠤᠳᠠᠭᠠᠯᠠᠭ᠎ᠠ᠂ 700 ᠬᠦᠮᠦᠨ ᠤ ᠬᠤᠨᠤᠭ ᠢ | ᠪᠡᠯᠡᠳᠭᠡᠭᠰᠡᠨ ᠪᠦᠬᠡᠳ ᠮᠤᠷᠢᠨ ᠤᠷᠤᠯᠳᠤᠭᠠᠨ ᠤ ᠪᠠᠷᠢᠮᠵᠢᠶᠠᠳᠤ ᠲᠠᠯᠠᠪᠠᠢ ᠬᠢᠬᠡᠳ ᠮᠤᠷᠢᠨ ᠮᠡᠷᠭᠡᠵᠢᠯ ᠤᠨ | ᠲᠦᠩᠰᠡ ᠲᠤᠭᠤᠷᠢᠬᠤ ᠤᠷᠤᠯᠳᠤᠭᠠᠨ ᠤ ᠲᠠᠯᠠᠪᠠᠢ ᠵᠡᠷᠭᠡ ᠦᠨᠳᠦᠷ ᠲᠡᠰ ᠤᠨ ᠨᠠᠶᠢᠷ ᠨᠠᠭᠠᠳᠤᠮ ᠤᠨ ᠲᠦᠷᠦᠯ | ᠵᠦᠢᠯ ᠢ ᠪᠦᠷᠢᠳᠦᠬᠦᠯᠦᠭᠰᠡᠨ ᠪᠠᠶᠢᠳᠠᠭ᠃ |