ᠵᠠᠰᠠᠭ  ᠤᠨ  ᠣᠷᠳᠣᠨ  ᠤ  ᠠᠵᠢᠯ  ᠤᠨ  ᠢᠯᠡᠳᠬᠡᠯ
ᠨᠡᠶᠢᠲᠡᠯᠡᠭᠰᠡᠨ ᠴᠠᠭ᠄
2007/3/20
                   ᠵᠠᠰᠠᠭ   ᠤᠨ  ᠣᠷᠳᠣᠨ   ᠤ  ᠠᠵᠢᠯ   ᠤᠨ  ᠢᠯᠡᠳᠬᠡᠯ                                                                                2007 ᠣᠨ ᠤ  3  ᠰᠠᠷᠠᠶᠢᠨ  17   ᠤ  ᠡᠳᠦᠷ   ᠤᠨ  ᠲᠠᠶᠢᠹᠤᠰᠧ  ᠬᠤᠰᠢᠭᠤᠨ   ᠤ  ᠠᠷᠪᠠᠨ  ᠬᠤᠶᠠᠳᠤᠭᠠᠷ  ᠬᠤᠭᠤᠴᠠᠭᠠᠨ   ᠤ                                                                        ᠠᠷᠠᠳ   ᠤᠨ  ᠲᠥᠯᠥᠭᠡᠯᠡᠭᠴᠢᠳ   ᠤᠨ   ᠶᠡᠭᠡ   ᠬᠤᠷᠠᠯ   ᠤᠨ   ᠳᠥᠷᠪᠡᠳᠦᠭᠡᠷ  ᠤᠳᠠᠭᠠᠨ   ᠤ   ᠬᠤᠷᠠᠯᠳᠤᠭᠠᠨ   ᠳᠡᠭᠡᠷ᠎ᠡ                                                                                                                                     ᠬᠤᠰᠢᠭᠤ  ᠳᠠᠷᠤᠭ᠎ᠠ             ᠨᠠᠨ  ᠵᠦᠩ  ᠢᠦᠢ ᠲᠦᠯᠦᠭᠡᠯᠡᠭᠴᠢᠳ ᠡ  ᠄          ᠳᠣᠣᠷ᠎ᠠ  ᠪᠢ  ᠬᠤᠰᠢᠭᠤ  ᠵᠠᠰᠠᠭ   ᠤᠨ  ᠣᠷᠳᠣᠨ   ᠤ  ᠨᠠᠶᠢᠳᠠᠯᠭ᠎ᠠ   ᠪᠠᠷ  ᠶᠡᠭᠡ  ᠬᠤᠷᠠᠯ   ᠳᠤ  ᠠᠵᠢᠯ   ᠤᠨ  ᠮᠡᠳᠡᠭᠦᠯᠦᠯᠲᠡ  ᠬᠢᠶ᠎ᠡ  ᠂  ᠬᠢᠨᠠᠨ  ᠵᠥᠪᠯᠡᠬᠦ  ᠪᠣᠯᠪᠠᠤ  ᠃   ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ  ᠪᠣᠯᠣᠨ  ᠬᠤᠷᠠᠯ   ᠳᠤ  ᠰᠤᠯᠨ ᠣᠷᠣᠯᠴᠠᠭᠰᠠᠨ  ᠪᠦᠬᠦ  ᠨᠥᠬᠦᠳ   ᠠᠴᠠ  ᠰᠠᠨᠠᠯ  ᠰᠢᠭᠦᠮᠵᠢ   ᠪᠠᠨ  ᠬᠠᠷᠠᠮ  ᠦᠭᠡᠢ  ᠲᠡᠪᠰᠢᠬᠦᠯᠳᠦᠭᠡᠢ  ᠃           ᠨᠢᠭᠡ  ᠂ 2006  ᠣᠨ   ᠤ  ᠠᠵᠢᠯ   ᠤᠨ  ᠡᠷᠭᠢᠴᠡᠭᠦᠯᠦᠯ          2006 ᠣᠨ  ᠪᠣᠯ  ︽ᠠᠷᠪᠠᠨ  ᠨᠢᠭᠡᠳᠦᠭᠡᠷ  ᠲᠠᠪᠤᠨ︾  ᠵᠢᠯ   ᠤᠨ  ᠡᠬᠢᠯᠡᠯᠲᠡ   ᠶᠢᠨ  ᠵᠢᠯ  ᠃  ᠮᠠᠨ   ᠤ  ᠬᠤᠰᠢᠭᠤ   ᠨᠢ  ︽ᠭᠤᠷᠪᠠ   ᠶᠢ  ᠲᠥᠯᠥᠭᠡᠯᠡᠬᠦ︾  ᠴᠢᠬᠤᠯᠠ  ᠦᠵᠡᠯ  ᠰᠠᠨᠠᠭ᠎ᠠ  ᠪᠣᠯᠣᠨ  ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ   ᠪᠠᠷ  ᠵᠢᠯᠣᠭᠤᠳᠤᠯᠭ᠎ᠠ  ᠪᠣᠯᠭᠠᠨ  ᠂  ᠲᠠᠷᠢᠶᠠᠯᠠᠩ  ᠮᠠᠯ  ᠠᠵᠤ  ᠠᠬᠤᠢ   ᠶᠢᠨ  ᠠᠵᠤ  ᠦᠢᠯᠡᠰᠵᠢᠯᠲᠡ  ᠂  ᠠᠵᠤ  ᠦᠢᠯᠡᠳᠪᠦᠷᠢᠵᠢᠯᠲᠡ  ᠂  ᠬᠤᠲᠠ  ᠪᠠᠯᠭᠠᠰᠤᠵᠢᠯᠲᠠ   ᠶᠢ  ᠲᠦᠯᠬᠢᠨ  ᠠᠬᠢᠭᠤᠯᠵᠤ  ᠂  ᠠᠮᠢ  ᠠᠬᠤᠢ  ᠬᠢᠭᠡᠳ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢ  ᠤᠯᠠᠮ  ᠨᠢᠭᠡ  ᠠᠯᠬᠤᠮ  ᠴᠢᠩᠭᠠᠳᠬᠠᠨ  ᠂  ᠵᠤᠭᠠᠴᠠᠯ  ᠂  ᠠᠷᠠᠯᠵᠢᠶ᠎ᠠ  ᠭᠦᠢᠯᠭᠡᠭᠡ   ᠪᠠᠷ  ᠭᠤᠣᠯᠳᠠᠭᠰᠠᠨ  ᠭᠤᠷᠪᠠᠳᠤᠭᠠᠷ  ᠠᠵᠤ  ᠦᠢᠯᠡᠰ   ᠢ  ᠬᠦᠴᠦᠯᠡᠨ  ᠬᠥᠭᠵᠢᠭᠦᠯᠦᠭᠡᠳ  ᠂  ᠠᠷᠪᠠᠨ  ᠬᠤᠶᠠᠳᠤᠭᠠᠷ  ᠬᠤᠭᠤᠴᠠᠭᠠᠨ   ᠤ  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ   ᠤᠨ  ᠭᠤᠷᠪᠠᠳᠤᠭᠠᠷ  ᠬᠤᠷᠠᠯᠳᠤᠭᠠᠨ   ᠳᠤ  ᠲᠣᠭᠲᠠᠭᠰᠠᠨ  ᠡᠯ᠎ᠡ  ᠵᠦᠢᠯ   ᠤᠨ  ᠡᠭᠦᠷᠭᠡ  ᠬᠠᠷᠠᠯᠲᠠ   ᠪᠠᠨ  ᠠᠮᠵᠢᠯᠲᠠ   ᠲᠠᠢ  ᠪᠡᠶᠡᠯᠡᠭᠦᠯᠦᠭᠰᠡᠨ  ᠪᠠᠶᠢᠨ᠎ᠠ  ᠃  ᠪᠦᠬᠦ  ᠬᠤᠰᠢᠭᠤᠨ   ᠤ  ᠣᠷᠣᠨ ᠨᠤᠳᠤᠭ  ᠤᠨ ᠦᠢᠯᠡᠳᠪᠦᠷᠢᠯᠡᠯ   ᠤᠨ  ᠶᠡᠷᠦᠩᠬᠡᠢ  ᠥᠷᠲᠡᠭ 13.94 ᠳ᠋ᠦᠩᠰᠢᠭᠤᠷ  ᠲᠥᠭᠦᠷᠢᠭ   ᠢ   ᠪᠡᠶᠡᠯᠡᠭᠦᠯᠵᠦ  ᠂ 18%   ᠪᠠᠷ  ᠨᠡᠮᠡᠭᠳᠡᠪᠡ᠃  ᠡᠭᠦᠨ   ᠳᠤ  ᠂  ᠨᠢᠭᠡᠳᠦᠭᠡᠷ  ᠠᠵᠤ  ᠦᠢᠯᠡᠰ   ᠤᠨ  ᠨᠡᠮᠡᠭᠳᠡᠯ  ᠥᠷᠲᠡᠭ 5.3  ᠳ᠋ᠦᠩᠰᠢᠭᠤᠷ   ᠲᠤ  ᠬᠦᠷᠴᠦ  ᠂ 10.3%   ᠪᠠᠷ  ᠨᠡᠮᠡᠭᠳᠡᠨ  ︔  ᠬᠤᠶᠠᠳᠤᠭᠠᠷ  ᠠᠵᠤ  ᠦᠢᠯᠡᠰ   ᠤᠨ  ᠨᠡᠮᠡᠭᠳᠡᠯ  ᠥᠷᠲᠡᠭ 3.98  ᠳ᠋ᠦᠩᠰᠢᠭᠤᠷ  ᠬᠦᠷᠴᠦ  ᠂ 30.2%   ᠢᠶᠠᠷ  ᠨᠡᠮᠡᠭᠳᠡᠵᠦ  ︔  ᠭᠤᠷᠪᠠᠳᠤᠭᠠᠷ  ᠠᠵᠤ  ᠦᠢᠯᠡᠰ   ᠤᠨ  ᠨᠡᠮᠡᠭᠳᠡᠯ  ᠥᠷᠲᠡᠭ 4.66 ᠳ᠋ᠦᠩᠰᠢᠭᠤᠷ  ᠬᠦᠷᠴᠦ  ᠂ 17%   ᠪᠠᠷ  ᠨᠡᠮᠡᠭᠳᠡᠭᠰᠡᠨ  ᠪᠠᠶᠢᠨ᠎ᠠ  ᠃  ᠡᠳ᠋   ᠤᠨ  ᠵᠠᠰᠠᠭ   ᠤᠨ  ᠶᠡᠷᠦᠩᠬᠡᠢ  ᠣᠷᠣᠯᠭ᠎ᠠ 8524 ᠲᠦᠮᠡᠨ  ᠲᠥᠭᠦᠷᠢᠭ  ᠬᠦᠷᠴᠦ  ᠂  24.8%   ᠪᠠᠷ  ᠨᠡᠮᠡᠭᠳᠡᠨ  ᠂  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠬᠦᠮᠦᠨ ᠲᠤᠮᠳᠠᠴᠢ ᠲᠤᠬᠢᠷᠠᠭᠤᠯᠵᠤ ᠪᠤᠯᠬᠤᠶᠢᠴᠠ ᠣᠷᠣᠯᠭ᠎ᠠ 6753  ᠲᠥᠭᠦᠷᠢᠭ  ᠬᠦᠷᠴᠦ  ᠂ 581  ᠲᠥᠭᠦᠷᠢᠭ  ᠨᠡᠮᠡᠭᠳᠡᠨ  ᠂  ᠲᠠᠷᠢᠶᠠᠴᠢᠨ  ᠮᠠᠯᠴᠢᠳ   ᠤᠨ  ᠲᠡᠭᠰᠢᠳᠬᠡᠭᠰᠡᠨ  ᠴᠡᠪᠡᠷ  ᠣᠷᠣᠯᠭ᠎ᠠ  ᠲᠤᠰ  ᠪᠦᠷᠢ 2608 ᠲᠥᠭᠦᠷᠢᠭ  ᠪᠠ 3404  ᠲᠥᠭᠦᠷᠢᠭ  ᠬᠦᠷᠴᠦ  ᠂  ᠲᠣᠰ ᠪᠦᠷᠢ 491  ᠲᠥᠭᠦᠷᠢᠭ  ᠪᠠ 421  ᠲᠥᠭᠦᠷᠢᠭ  ᠨᠡᠮᠡᠭᠳᠡᠵᠡᠢ  ᠃  ᠪᠦᠬᠦ  ᠨᠡᠶᠢᠭᠡᠮ   ᠤᠨ  ᠲᠣᠭᠲᠠᠮᠠᠯ  ᠬᠥᠷᠥᠩᠭᠡ   ᠶᠢᠨ  ᠪᠡᠯᠡ  ᠣᠷᠤᠭᠤᠯᠤᠯᠲᠠ 7.1  ᠳ᠋ᠦᠩᠰᠢᠭᠤᠷ  ᠲᠥᠭᠦᠷᠢᠭ   ᠢ  ᠪᠡᠶᠡᠯᠡᠭᠦᠯᠵᠦ  ᠂ 39.9%   ᠪᠠᠷ ᠨᠡᠮᠡᠭᠳᠡᠨ  ᠂  ᠠᠷᠠᠯᠵᠢᠶᠠᠴᠢᠨ  ᠤᠷᠢᠵᠤ  ᠣᠷᠣᠭᠤᠯᠤᠭᠰᠠᠨ  ᠪᠡᠯᠡ 3  ᠳ᠋ᠦᠩᠰᠢᠭᠤᠷ  ᠲᠥᠭᠦᠷᠢᠭ   ᠲᠤ  ᠬᠦᠷᠴᠦ  ᠂ 42.9%   ᠪᠠᠷ  ᠨᠡᠮᠡᠭᠳᠡᠪᠡ᠃ ᠨᠢᠭᠡ ᠵᠢᠯ ᠤᠨ ᠲᠤᠷᠰᠢ᠂  ᠭᠤᠣᠯ ᠠᠵᠢᠯ ᠢ ᠲᠥᠷᠥᠯ  ᠵᠦᠢᠯᠰᠢᠭᠦᠯᠵᠦ  ᠂  ᠲᠥᠷᠥᠯ  ᠵᠦᠢᠯ   ᠢ  ᠬᠠᠷᠢᠭᠤᠴᠠᠯᠭ᠎ᠠ  ᠲᠣᠳᠣ  ᠶᠠᠪᠤᠭᠳᠠᠭᠤᠯᠵᠤ  ᠂  ᠬᠠᠷᠢᠭᠤᠴᠠᠯᠭ᠎ᠠ   ᠶᠢ  ᠬᠠᠷᠠᠯᠲᠠ   ᠲᠠᠢ  ᠬᠡᠷᠡᠭᠵᠢᠭᠦᠯᠬᠦ  ᠱᠠᠭᠠᠷᠳᠠᠯᠭ᠎ᠠ  ᠶᠣᠰᠣᠭᠠᠷ  ᠂  ᠠᠵᠢᠯ   ᠤᠨ  ᠨᠠᠶᠢᠳᠠᠪᠤᠷᠢᠵᠢᠭᠤᠯᠤᠯᠲᠠ   ᠶᠢ  ᠴᠢᠩᠭ᠎ᠠ  ᠠᠳᠬᠤᠭᠰᠠᠨ   ᠠᠴᠠ  ᠠᠵᠤ  ᠠᠬᠤᠢ  ᠨᠡᠶᠢᠭᠡᠮ  ᠪᠦᠬᠦ  ᠲᠠᠯ᠎ᠠ   ᠶᠢᠨ  ᠦᠷᠭᠦᠯᠵᠢᠳᠡ   ᠶᠢᠨ  ᠬᠥᠭᠵᠢᠯᠲᠡ   ᠶᠢᠨ  ᠪᠠᠶᠢᠳᠠᠯ   ᠢᠶᠠᠨ  ᠬᠠᠳᠠᠭᠠᠯᠠᠵᠤ  ᠢᠷᠠᠵᠠᠢ  ᠃  ᠡᠭᠦᠨ   ᠤ  ᠭᠤᠣᠯ  ᠢᠯᠡᠷᠡᠯ  ᠭᠡᠪᠡᠯ  ᠄           ᠠᠮᠢ  ᠠᠬᠤᠢ   ᠶᠢᠨ  ᠪᠠᠶᠢᠭᠤᠯᠤᠯᠲᠠ  ᠪᠠ  ᠬᠠᠮᠠᠭᠠᠯᠠᠯᠲᠠ   ᠶᠢᠨ  ᠦᠷ᠎ᠡ  ᠠᠰᠢᠭ  ᠢᠯᠡᠷᠬᠡᠢ  ᠪᠠᠶᠢᠭ᠎ᠠ  ᠃  ᠪᠦᠬᠦ  ᠵᠢᠯ   ᠳᠤ  ᠂  ᠪᠡᠭᠡᠵᠢᠩ  ᠲᠢᠶᠠᠨᠵᠢᠨ   ᠤ  ᠡᠯᠡᠰᠦᠨ   ᠤ  ᠡᠬᠢ   ᠶᠢ  ᠵᠠᠰᠠᠭᠰᠠᠨ  ᠲᠠᠯᠠᠪᠠᠢ 13.6  ᠲᠦᠮᠡᠨ  ᠮᠦ᠂  ᠬᠠᠭᠠᠯᠪᠤᠷᠢᠯᠠᠬᠤ   ᠶᠢ  ᠵᠣᠭᠰᠣᠭᠠᠨ  ᠣᠶᠢᠵᠢᠭᠤᠯᠤᠭᠰᠠᠨ  ᠲᠠᠯᠠᠪᠠᠢ 7.4  ᠲᠦᠮᠡᠨ  ᠮᠦ  ᠂  ᠠᠮᠢ  ᠠᠬᠤᠢ   ᠤᠨ  ᠨᠡᠭᠦᠳᠡᠯ  ᠠᠷᠠᠳ 170  ᠡᠷᠦᠬᠡ  ᠂ 800  ᠬᠥᠮᠥᠨ   ᠳᠤ ᠬᠦᠷᠴᠦ᠂ ᠰᠢᠯᠢᠳᠡᠭ ᠲᠥᠷᠥᠯ ᠤᠨ ᠤᠶᠢᠯᠠᠭᠠᠭᠳᠠᠬᠤᠨ ᠢ  ᠴᠢᠩᠭᠠᠳᠬᠠᠨ  ᠂  ᠠᠮᠢ  ᠠᠬᠤᠢ   ᠶᠢᠨ  ᠪᠦᠲᠦᠭᠡᠨ  ᠪᠠᠶᠢᠭᠤᠯᠤᠯᠲᠠ   ᠶᠢᠨ  ᠴᠢᠨᠠᠷ  ᠴᠢᠨᠰᠠᠭ᠎ᠠ   ᠶᠢ  ᠤᠯᠠᠮ  ᠳᠡᠭᠡᠭᠰᠢᠯᠡᠭᠦᠯᠵᠦ  ᠂  ᠲᠥᠷᠥᠯ  ᠵᠦᠢᠯ   ᠤᠨ  ᠣᠷᠣᠨ   ᠤ  ᠬᠠᠮᠠᠭᠠᠯᠠᠯᠲᠠ  ᠬᠠᠮᠢᠶᠠᠷᠤᠯᠲᠠ   ᠶᠢ  ᠴᠢᠩᠭᠠᠳᠬᠠᠨ  ᠂  ︽ᠲᠠᠶᠢᠹᠤᠰᠧ  ᠬᠤᠰᠢᠭᠤᠨ   ᠤ  ᠠᠮᠢ  ᠠᠬᠤᠢ   ᠶᠢᠨ  ᠲᠥᠷᠥᠯ  ᠵᠦᠢᠯ   ᠤᠨ  ᠣᠷᠣᠨ   ᠤ  ᠬᠠᠮᠢᠶᠠᠷᠤᠯᠲᠠ   ᠶᠢᠨ  ᠠᠷᠭ᠎ᠠ︾  ᠵᠡᠷᠭᠡ  ᠳᠦᠷᠢᠮ  ᠲᠣᠭᠲᠠᠭᠠᠯ   ᠢ  ᠴᠢᠩᠭ᠎ᠠ  ᠲᠣᠭᠲᠠᠨ  ᠬᠡᠷᠡᠭᠵᠢᠭᠦᠯᠵᠦ  ᠂  ᠬᠠᠮᠢᠶᠠᠷᠤᠯᠲᠠ   ᠶᠢᠨ ᠰᠢᠰᠲ᠋ᠧᠮᠵᠢ ᠶᠢ  ᠪᠠᠶᠢᠭᠤᠯᠤᠨ  ᠪᠦᠷᠢᠨᠰᠢᠭᠦᠯᠵᠦ᠂ ︽ᠭᠤᠷᠪᠠᠨ  ᠮᠠᠯᠵᠢᠯ︾  ᠬᠢᠭᠡᠳ  ᠮᠠᠯ  ᠪᠡᠯᠴᠢᠭᠡᠷ   ᠤᠨ  ᠲᠡᠩᠴᠡᠭᠦᠷᠢ   ᠶᠢᠨ  ᠳᠦᠷᠢᠮ   ᠢ  ᠤᠯᠠᠮ  ᠴᠢᠩᠭ᠎ᠠ  ᠬᠡᠷᠡᠭᠵᠢᠭᠦᠯᠦᠨ  ᠂  ᠪᠣᠢ  ᠪᠦᠬᠦᠢ  ᠨᠤᠲᠤᠭ  ᠪᠡᠯᠴᠢᠭᠡᠷ  ᠳᠡᠭᠡᠷ᠎ᠡ  ︽ᠭᠤᠷᠪᠠᠨ  ᠮᠠᠯᠵᠢᠯ︾   ᠢ  ᠬᠡᠷᠡᠭᠵᠢᠭᠦᠯᠦᠭᠰᠡᠨ  ᠪᠠᠶᠢᠨ᠎ᠠ  ᠃  ᠵᠠᠯᠭᠠᠮᠵᠢᠯᠠᠯ  ᠠᠵᠤ  ᠦᠢᠯᠡᠰ   ᠢ  ᠢᠳᠡᠪᠬᠢᠲᠡᠢ   ᠪᠠᠷ  ᠪᠣᠶᠢᠵᠢᠭᠤᠯᠬᠤ  ᠪᠠ  ᠬᠥᠭᠵᠢᠭᠦᠯᠵᠦ  ᠂  ᠣᠢ   ᠶᠢᠨ  ᠪᠦᠰᠡᠨ   ᠳᠤ  ᠡᠪᠡᠰᠦ  ᠲᠠᠷᠢᠭᠰᠠᠨ  ᠲᠠᠯᠠᠪᠠᠢ 3  ᠲᠦᠮᠡᠨ  ᠮᠦ  ᠂  ᠠᠭᠤᠯᠠᠨ  ᠭᠦᠢᠯᠡᠰᠦ   ᠶᠢᠨ  ᠲᠠᠷᠢᠭᠰᠠᠨ  ᠲᠠᠯᠠᠪᠠᠢ 30  ᠲᠦᠮᠡᠨ  ᠮᠦ   ᠶᠢ  ᠪᠡᠶᠡᠯᠡᠭᠦᠯᠵᠡᠢ  ᠃           ᠲᠠᠷᠢᠶᠠᠯᠠᠩ  ᠮᠠᠯ  ᠠᠵᠤ  ᠠᠬᠤᠢ   ᠶᠢᠨ  ᠠᠵᠤ  ᠦᠢᠯᠡᠰ   ᠤᠨ  ᠡᠵᠡᠩᠨᠡᠯᠲᠡ   ᠶᠢ  ᠯᠠᠪᠳᠠᠭᠤᠨ  ᠠᠬᠢᠭᠤᠯᠪᠠ  ᠃ 2006  ᠣᠨ   ᠳᠤ  ᠂  ᠪᠦᠬᠦ  ᠬᠤᠰᠢᠭᠤᠨ   ᠤ  ᠲᠠᠷᠢᠮᠠᠯ   ᠤᠨ  ᠲᠠᠯᠠᠪᠠᠢ 89.3  ᠲᠦᠮᠡᠨ  ᠮᠦ   ᠳᠤ  ᠢᠳᠡᠰᠢᠨ  ᠨᠣᠭᠤᠭ᠎ᠠ  ᠂  ᠲᠥᠮᠥᠰᠥ  ᠬᠢᠭᠡᠳ  ᠲᠣᠰᠣᠯᠢᠭ  ᠲᠠᠷᠢᠮᠠᠯ  ᠵᠡᠷᠭᠡ  ᠠᠵᠤ  ᠠᠬᠤᠶᠢᠵᠢᠬᠰᠠᠨ  ᠲᠠᠷᠢᠮᠠᠯ   ᠤᠨ  ᠲᠠᠯᠠᠪᠠᠢ 50%   ᠶᠢ  ᠡᠵᠡᠯᠡᠵᠦ  ᠂  ᠴᠤᠭᠤᠷ  ᠨᠣᠭᠤᠭᠠᠨ   ᠤ  ᠲᠠᠷᠢᠭᠰᠠᠨ  ᠲᠠᠯᠠᠪᠠᠢ 2  ᠲᠦᠮᠡ  ᠮᠦ   ᠶᠢ  ᠪᠠᠲᠤᠯᠠᠨ  ᠂  ᠲᠥᠮᠥᠰᠥᠨ   ᠤ  ᠲᠤᠰᠬᠠᠢ  ᠲᠠᠷᠢᠬᠤ  ᠲᠠᠯᠠᠪᠠᠢ 3  ᠲᠦᠮᠡᠨ  ᠮᠦ   ᠳᠤ  ᠬᠦᠷᠴᠦ  ᠂  ᠲᠠᠷᠢᠮᠠᠯ   ᠤᠨ  ᠦᠢᠯᠡᠰ   ᠤᠨ  ᠳᠣᠲᠣᠭᠠᠳᠤ  ᠪᠦᠲᠦᠴᠡ  ᠮᠠᠭᠤ  ᠦᠷ᠎ᠡ   ᠶᠢᠨ  ᠲᠠᠷᠢᠮᠠᠯ   ᠠᠴᠠ   ᠪᠠᠨ  ᠠᠵᠤ  ᠠᠬᠤᠶᠢᠵᠢᠬᠰᠠᠨ  ᠲᠠᠷᠢᠮᠠᠯ  ᠵᠦᠭ  ᠰᠢᠯᠵᠢᠭᠰᠡᠨ  ᠪᠠᠶᠢᠨ᠎ᠠ  ᠃  ᠨᠡᠷᠡᠲᠦ  ᠲᠡᠮᠳᠡᠭ   ᠢ  ᠰᠢᠯᠭᠠᠨ  ᠲᠣᠭᠲᠠᠭᠠᠬᠤ  ᠠᠵᠢᠯ   ᠢ  ᠴᠢᠩᠭᠠᠳᠬᠠᠵᠤ  ᠂  ︽ᠴᠠᠬᠠᠷ︾  ᠨᠡᠷᠡᠮᠵᠢᠲᠦ  ᠴᠤᠭᠤᠷ  ᠨᠣᠭᠤᠭᠠᠨ   ᠤ  ᠪᠣᠬᠢᠷᠲᠤᠯ  ᠦᠭᠡᠢ  ᠲᠡᠮᠳᠡᠭ   ᠢ  ᠪᠠᠲᠤᠯᠠᠭᠰᠠᠨ  ᠰᠠᠭᠤᠷᠢᠨ  ᠳᠡᠭᠡᠷ᠎ᠡ  ᠂  ᠢᠳᠡᠰᠢᠨ  ᠨᠣᠭᠤᠭ᠎ᠠ  ᠂  ᠲᠥᠮᠥᠰᠥᠨ   ᠤ  ᠪᠣᠬᠢᠷᠲᠤᠯ  ᠦᠭᠡᠢ  ᠲᠡᠮᠳᠡᠭ   ᠢ  ᠰᠢᠯᠭᠠᠨ  ᠲᠣᠭᠲᠠᠭᠠᠬᠤ  ᠬᠡᠪᠴᠢᠶ᠎ᠡ   ᠶᠢ  ᠥᠷᠭᠡᠳᠬᠡᠨ  ᠂  ᠲᠠᠷᠢᠶᠠᠯᠠᠬᠤ  ᠣᠷᠣᠨ   ᠤ  ᠮᠠᠯ  ᠠᠵᠤ  ᠠᠬᠤᠢ   ᠶᠢ  ᠬᠦᠴᠦᠯᠡᠨ  ᠬᠥᠭᠵᠢᠭᠦᠯᠵᠦ  ᠂  ᠮᠠᠯᠵᠢᠯ   ᠤᠨ  ᠣᠨ   ᠤ  ᠪᠣᠳᠠ  ᠪᠣᠭ  ᠮᠠᠯ   ᠤᠨ  ᠶᠡᠷᠦᠩᠬᠡᠢ  ᠲᠤᠭ᠎ᠠ  ᠲᠣᠯᠣᠭᠠᠢ 57.9  ᠲᠦᠮᠡ  ᠬᠦᠷᠴᠦ  ᠂  ᠠᠳᠠᠯᠢ  ᠬᠤᠭᠤᠴᠠᠭᠠᠨ   ᠤ   ᠬᠢ   ᠠᠴᠠ 5.2  ᠲᠦᠮᠡ  ᠨᠡᠮᠡᠭᠳᠡᠵᠦ  ︔  ᠵᠢᠯ   ᠤᠨ  ᠡᠴᠦᠰ   ᠲᠤ  ᠪᠦᠬᠦ  ᠮᠠᠯ   ᠤᠨ  ᠲᠤᠭ᠎ᠠ  ᠲᠣᠯᠣᠭᠠᠢ 31.7  ᠲᠦᠮᠡ  ᠪᠠᠶᠢᠵᠤ  ᠂  ᠰᠠᠭᠠᠯᠢ   ᠶᠢᠨ  ᠦᠨᠢᠶ᠎ᠡ 3000  ᠲᠣᠯᠣᠭᠠᠢ  ᠂  ᠰᠢᠮᠧᠨ᠋ᠲᠷ  ᠡᠭᠦᠯᠳᠡᠷ   ᠢᠶᠠᠷ  ᠭᠤᠣᠯᠳᠠᠭᠰᠠᠨ  ᠠᠯᠠᠰᠢᠨ  ᠦᠬᠡᠷ 3000  ᠲᠣᠯᠣᠭᠠᠢ  ᠨᠡᠮᠡᠭᠳᠡᠨ  ᠨᠡᠶᠢᠲᠡ 16445  ᠲᠣᠯᠣᠭᠠᠢ   ᠳᠤ  ᠬᠦᠷᠦᠭᠰᠡᠨ  ᠪᠠᠶᠢᠨ᠎ᠠ  ᠃           ᠠᠵᠤ  ᠦᠢᠯᠡᠳᠪᠦᠷᠢ   ᠶᠢᠨ  ᠠᠵᠤ  ᠠᠬᠤᠢ   ᠶᠢᠨ  ᠡᠷᠭᠢᠯᠲᠡ   ᠶᠢᠨ  ᠴᠢᠨᠠᠷ  ᠰᠠᠶᠢᠨ  ᠪᠠᠶᠢᠭ᠎ᠠ  ᠃ 2006ᠣᠨ ᠳᠤ᠂ ᠪᠦᠬᠦ ᠠᠵᠤ  ᠦᠢᠯᠡᠳᠪᠦᠷᠢ   ᠶᠢᠨ ᠨᠡᠮᠡᠭᠳᠡᠯ ᠥᠷᠲᠡᠭ 3.11  ᠳ᠋ᠦᠩᠰᠢᠭᠤᠷ  ᠲᠥᠭᠦᠷᠢᠭ   ᠢ  ᠪᠡᠶᠡᠯᠡᠭᠦᠯᠵᠦ  ᠂ 34.8%   ᠪᠠᠷ  ᠨᠡᠮᠡᠭᠳᠡᠨ  ︔  ᠬᠡᠪᠴᠢᠶᠡᠵᠢᠯ   ᠠᠴᠠ  ᠳᠡᠭᠡᠭᠰᠢᠬᠢ  ᠠᠵᠤ  ᠦᠢᠯᠡᠳᠪᠦᠷᠢ   ᠶᠢᠨ  ᠠᠵᠤ  ᠠᠬᠤᠶᠢᠯᠠᠯ 22  ᠡᠷᠦᠭᠡ   ᠳᠤ  ᠬᠦᠷᠴᠦ  ᠂  ᠰᠢᠨ᠎ᠡ   ᠪᠠᠷ  ᠨᠡᠮᠡᠭᠳᠡᠭᠰᠡᠨ   ᠨᠢ 6  ᠪᠠᠶᠢᠵᠤ  ᠂  ᠠᠵᠤ  ᠦᠢᠯᠡᠳᠪᠦᠷᠢ   ᠶᠢᠨ  ᠶᠡᠷᠦᠩᠬᠡᠢ  ᠦᠢᠯᠡᠳᠪᠦᠷᠢᠯᠡᠯ   ᠤᠨ  ᠥᠷᠲᠡᠭ 4.88  ᠳ᠋ᠦᠩᠰᠢᠭᠤᠷ  ᠲᠥᠭᠦᠷᠢᠭ   ᠢ  ᠪᠡᠶᠡᠯᠡᠭᠦᠯᠵᠦ  ᠂ 43.1%   ᠪᠠᠷ  ᠨᠡᠮᠡᠭᠳᠡᠨ  ︔  ᠪᠣᠷᠣᠯᠠᠭᠤᠯᠭ᠎ᠠ   ᠶᠢᠨ  ᠥᠷᠲᠡᠭ 4.84 ᠳ᠋ᠦᠩᠰᠢᠭᠤᠷ   ᠢ  ᠪᠡᠶᠡᠯᠡᠭᠦᠯᠵᠦ  ᠂ 45%   ᠪᠠᠷ  ᠨᠡᠮᠡᠭᠳᠡᠪᠡ  ᠃  ︽ᠲᠠᠯ᠎ᠠ ᠨᠤᠲᠤᠭ︾  ᠠᠷᠢᠬᠢᠨ ᠦᠢᠯᠡᠳᠪᠦᠷᠢ  ᠂ ︽ᠬᠤᠩ ᠶᠢᠨ ᠶᠤᠸᠠᠨ︾  ᠲᠣᠰᠣᠨ ᠤ ᠦᠢᠯᠡᠳᠪᠦᠷᠢ  ᠂  ︽ᠴᠠᠩ ᠶᠤᠸᠠᠨ︾ ᠲᠡᠵᠢᠭᠡᠯ ᠪᠣᠷᠳᠣᠭᠠᠨ ᠤ ᠦᠢᠯᠡᠳᠪᠦᠷᠢ  ᠂   ᠶᠢᠨ ᠳ᠋ᠢ ᠸᠣᠯᠹᠠᠷᠠᠮ ᠤᠨ ᠦᠢᠯᠡᠳᠪᠦᠷᠢ᠂  ᠴᠠᠬᠢᠭᠤᠷ ᠲᠡᠮᠦᠷ   ᠤᠨ ᠦᠢᠯᠡᠳᠪᠦᠷᠢᠯᠡᠯ ᠵᠡᠷᠭᠡ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠡᠷᠭᠢᠯᠲᠡ ᠲᠣᠭᠲᠠᠭᠤᠨ ᠶᠠᠪᠤᠭᠳᠠᠭᠰᠠᠨ ᠪᠥᠭᠡᠳ ᠲᠥᠮᠥᠰᠥ᠂ ᠢᠳᠡᠰᠢᠨ‌ᠨᠣᠭᠤᠭᠠᠨ ᠤ ᠨᠠᠷᠢᠨ ᠪᠣᠯᠪᠠᠰᠤᠷᠠᠭᠤᠯᠤᠯᠲᠠ᠂ ︽ᠲᠠᠯ᠎ᠠ‌ᠨᠤᠲᠤᠭ ᠤᠨ ᠡᠷᠡᠭᠴᠢᠨ ᠲᠠᠬᠢᠶᠠᠨ︾ ᠤ ᠠᠷᠠᠴᠢᠯᠠᠯ  ᠪᠣᠯᠪᠠᠰᠤᠷᠠᠭᠤᠯᠤᠯᠲᠠ᠂ ᠪᠣᠷᠵᠢᠨ ᠴᠢᠯᠠᠭᠤᠨ ᠤ ᠨᠡᠭᠡᠭᠡᠯᠲᠡ‌ᠵᠡᠷᠭᠡ ᠭᠤᠣᠯᠳᠠᠯᠭᠠᠲᠤ ᠲᠥᠷᠥᠯ ᠵᠦᠢᠯ ᠥᠷᠨᠢᠭᠦᠨ ᠶᠠᠪᠤᠭᠳᠠᠵᠤ᠂ ᠰᠠᠯᠬᠢᠨ ᠬᠦᠴᠦᠨ ᠤ ᠴᠠᠬᠢᠯᠭᠠᠨ᠂ ᠭᠠᠵᠠᠷ ᠰᠢᠨᠵᠢᠯᠡᠭᠡ ᠵᠡᠷᠭᠡ ᠲᠥᠷᠥᠯ ᠵᠦᠢᠯᠡᠰ ᠤᠨ ᠠᠬᠢᠴᠠ ᠲᠦᠷᠭᠡᠰᠦᠨ᠂ ᠠᠮᠵᠢᠯᠲᠠ  ᠢᠯᠡᠰᠢᠷᠡᠪᠡ  ᠃           ᠬᠤᠲᠠ  ᠬᠥᠳᠡᠭᠡ   ᠶᠢᠨ  ᠰᠠᠭᠤᠷᠢ  ᠲᠥᠬᠦᠭᠡᠷᠦᠮᠵᠢ   ᠶᠢᠨ  ᠨᠥᠬᠦᠴᠡᠯ  ᠠᠯᠬᠤᠮ  ᠠᠯᠬᠤᠮ   ᠢᠶᠠᠷ  ᠰᠠᠶᠢᠵᠢᠷᠠᠪᠠ  ᠃  ᠵᠠᠮ  ᠨᠡᠪᠲᠡᠷᠡᠯᠭᠡ  ᠳᠡᠭᠡᠷ᠎ᠡ 2143  ᠲᠦᠮᠡᠨ  ᠲᠥᠭᠦᠷᠢᠭ   ᠤᠨ  ᠪᠡᠯᠡ  ᠵᠠᠷᠤᠴᠠᠭᠤᠯᠵᠤ  ᠂  ᠪᠣᠣᠴᠠᠩ  —  ᠭᠦᠶᠤᠸᠠᠨ  ᠬᠦᠷᠬᠦ 24 ᠺᠢᠯᠤᠮᠧᠲᠷ  ᠤᠷᠲᠤ  ᠭᠤᠷᠪᠠᠳᠤᠭᠠᠷ  ᠲᠡᠰ   ᠤᠨ  ᠲᠣᠰᠣᠨ  ᠵᠠᠮ   ᠢ  ᠪᠠᠶᠢᠭᠤᠯᠤᠭᠰᠠᠨ  ᠪᠥᠭᠡᠳ 4   ᠺᠢᠯᠤᠮᠧᠲᠷ  ᠤᠷᠲᠤ  ᠵᠤᠭᠠᠴᠠᠯ   ᠤᠨ  ᠣᠷᠣᠨ   ᠤ  ᠱᠦᠢᠨᠢ  ᠵᠠᠮ  ᠪᠠ 166.4   ᠺᠢᠯᠤᠮᠧᠲᠷ  ᠬᠥᠳᠡᠭᠡ  ᠲᠣᠰᠬᠤᠨ   ᠤ  ᠬᠠᠶᠢᠷ  ᠴᠢᠯᠠᠭᠤᠨ  ᠵᠠᠮ   ᠤᠨ  ᠪᠠᠶᠢᠭᠤᠯᠤᠯᠲᠠ   ᠶᠢ  ᠬᠢᠭᠰᠡᠨ  ᠪᠠᠶᠢᠨ᠎ᠠ  ᠃  ᠤᠰᠤᠨ  ᠠᠰᠢᠭᠯᠠᠯᠲᠠ  ᠳᠡᠭᠡᠷ᠎ᠡ 2636  ᠲᠦᠮᠡᠨ ᠲᠥᠭᠦᠷᠢᠭ  ᠵᠠᠷᠤᠴᠠᠭᠤᠯᠵᠤ  ᠂ 1.6  ᠲᠦᠮᠡᠨ  ᠮᠦ  ᠲᠥᠮᠥᠰᠥᠨ   ᠤ  ᠲᠠᠷᠢᠮᠠᠯ   ᠤᠨ  ᠣᠷᠣᠨ   ᠤ  ᠲᠣᠮᠣ  ᠬᠡᠯᠪᠡᠷᠢ   ᠶᠢᠨ  ᠠᠷᠪᠢᠴᠢ   ᠪᠠᠷ  ᠤᠰᠤᠯᠠᠬᠤ  ᠢᠨᠵᠧᠨᠧᠷᠢᠩ   ᠢ  ᠪᠡᠶᠡᠯᠡᠭᠦᠯᠦᠨ  ᠂ 7200  ᠬᠥᠮᠥᠨ  ᠠᠮᠠ  ᠂ 3400  ᠲᠣᠯᠣᠭᠠᠢ  ᠮᠠᠯ  ᠤᠨᠤᠭᠠᠨ   ᠤ  ᠤᠰᠤ  ᠤᠮᠳᠠ   ᠶᠢᠨ  ᠠᠰᠠᠭᠤᠳᠠᠯ   ᠢ  ᠰᠢᠢᠳᠪᠦᠷᠢᠯᠡᠪᠡ  ︔  ᠴᠠᠬᠢᠯᠭᠠᠨ  ᠬᠦᠴᠦᠨ   ᠤ  ᠲᠠᠯ᠎ᠠ   ᠪᠠᠷ 490  ᠲᠦᠮᠡᠨ  ᠲᠥᠭᠦᠷᠢᠭ   ᠤᠨ  ᠪᠡᠯᠡ  ᠣᠷᠣᠭᠤᠯᠵᠤ  ᠂  ᠬᠤᠲᠠ   ᠶᠢᠨ  ᠴᠠᠬᠢᠯᠭᠠᠨ  ᠲᠣᠣᠷ   ᠤᠨ  ᠨᠢᠭᠡᠳᠦᠭᠡᠷ  ᠬᠤᠭᠤᠴᠠᠭᠠᠨ   ᠤ  ᠥᠭᠡᠷᠡᠴᠢᠯᠡᠯᠲᠡ   ᠶᠢ  ᠳᠠᠭᠤᠰᠬᠠᠵᠤ  ᠂  ᠴᠢᠮᠡᠭᠡ  ᠬᠤᠯᠪᠣᠭᠠᠨ   ᠤ  ᠲᠠᠯ᠎ᠠ   ᠪᠠᠷ 1200  ᠲᠦᠮᠡᠨ  ᠲᠥᠭᠦᠷᠢᠭ  ᠵᠠᠷᠤᠴᠠᠭᠤᠯᠵᠤ  ᠂ 8  ᠥᠷᠲᠡᠭᠡ  ᠴᠢᠮᠡᠭᠡ  ᠬᠤᠯᠪᠣᠭᠠᠨ   ᠤ  ᠰᠠᠭᠤᠷᠢᠨ  ᠭᠠᠵᠠᠷ   ᠢ  ᠪᠠᠶᠢᠭᠤᠯᠤᠨ  ᠂  ᠨᠡᠭᠦᠳᠡᠯ  ᠬᠤᠯᠪᠣᠭᠠᠨ  ᠲᠣᠣᠷ   ᠤᠨ  ᠪᠦᠬᠦ  ᠬᠤᠰᠢᠭᠤᠨ   ᠳᠠᠬᠢ  ᠵᠠᠪᠰᠠᠷ  ᠦᠭᠡᠢ  ᠪᠦᠷᠬᠦᠴᠡ   ᠶᠢ  ᠦᠨᠳᠦᠰᠦᠨ   ᠳᠡᠭᠡᠨ  ᠪᠡᠶᠡᠯᠡᠭᠦᠯᠵᠡᠢ  ᠃ 100  ᠲᠦᠮᠡᠨ  ᠲᠥᠭᠦᠷᠢᠭ   ᠤᠨ  ᠪᠡᠯᠡ  ᠵᠠᠷᠤᠴᠠᠭᠤᠯᠵᠤ  ᠂  ᠪᠦᠬᠦ  ᠬᠤᠰᠢᠭᠤᠨ   ᠤ  ᠵᠠᠰᠠᠭ   ᠤᠨ  ᠶᠠᠪᠤᠳᠠᠯ   ᠤᠨ  ᠴᠢᠮᠡᠭᠡ  ᠵᠠᠩᠭᠢ   ᠪᠠᠷ  ᠠᠯᠪᠠᠯᠠᠬᠤ  ᠲᠠᠪᠴᠠᠩ   ᠢ  ᠪᠠᠶᠢᠭᠤᠯᠤᠨ  ︔ 1.61  ᠳ᠋ᠦᠩᠰᠢᠭᠤᠷ  ᠲᠥᠭᠦᠷᠢᠭ  ᠵᠠᠷᠤᠴᠠᠭᠤᠯᠵᠤ  ᠂  ᠬᠤᠲᠠ  ᠪᠠᠯᠭᠠᠰᠤᠨ   ᠤ  ᠲᠣᠰᠣᠨ ᠵᠠᠮ 1.6  ᠲᠦᠮᠡᠨ  ᠲᠡᠭᠰᠢ  ᠳᠥᠷᠪᠡᠯᠵᠢᠨ  ᠮᠧᠲᠷ  ᠂  ᠱᠦᠢᠨᠢ  ᠵᠠᠮ 6300 ᠲᠡᠭᠰᠢ  ᠳᠥᠷᠪᠡᠯᠵᠢᠨ  ᠮᠧᠲᠷ  ᠂  ᠬᠠᠲᠠᠭᠤ  ᠮᠠᠲ᠋ᠧᠷᠢᠶᠠᠯ   ᠤᠨ  ᠵᠠᠰᠠᠯᠲᠠ  ᠳᠡᠪᠢᠰᠦᠯᠲᠡ 5.3  ᠲᠦᠮᠡᠨ ᠲᠡᠭᠰᠢ  ᠳᠥᠷᠪᠡᠯᠵᠢᠨ  ᠮᠧᠲᠷ   ᠪᠣᠯᠣᠨ  ᠰᠤᠪᠠᠭ  ᠭᠤᠤᠷᠰᠤᠨ   ᠤ  ᠤᠭᠰᠠᠷᠠᠯᠲᠠ 4800  ᠮᠧᠲᠷ   ᠶᠢ  ᠪᠠᠶᠢᠭᠤᠯᠬᠤ  ᠪᠠ  ᠵᠠᠰᠠᠬᠤ  ᠠᠵᠢᠯ   ᠢ  ᠬᠢᠵᠡᠢ  ᠃  ᠳᠤᠯᠠᠭᠠᠨ   ᠤ  ᠬᠠᠩᠭᠠᠯᠭ᠎ᠠ   ᠶᠢᠨ  ᠲᠠᠯᠠᠪᠠᠢ 9  ᠲᠦᠮᠡᠨ ᠲᠡᠭᠰᠢ  ᠳᠥᠷᠪᠡᠯᠵᠢᠨ  ᠮᠧᠲᠷ   ᠢ  ᠰᠢᠨ᠎ᠡ   ᠪᠠᠷ  ᠨᠡᠮᠡᠭᠳᠡᠭᠦᠯᠵᠦ  ᠂ 5800 ᠲᠡᠭᠰᠢ  ᠳᠥᠷᠪᠡᠯᠵᠢᠨ  ᠮᠧᠲᠷ  ᠬᠠᠭᠤᠴᠢᠨ  ᠪᠠᠷᠢᠯᠭ᠎ᠠ  ᠦᠭᠡᠢ ᠨᠤᠷᠠᠭᠠᠵᠤ  ᠂ 10.4  ᠲᠦᠮᠡᠨ ᠲᠡᠭᠰᠢ  ᠳᠥᠷᠪᠡᠯᠵᠢᠨ  ᠮᠧᠲᠷ  ᠲᠠᠯᠠᠪᠠᠢ   ᠶᠢ  ᠰᠢᠨ᠎ᠡ   ᠪᠠᠷ  ᠪᠠᠶᠢᠭᠤᠯᠤᠭᠰᠠᠨ  ᠪᠠᠶᠢᠨ᠎ᠠ  ᠃  ᠪᠠᠰᠠ  ᠪᠤᠤᠴᠠᠩ  ᠪᠠᠯᠭᠠᠰᠤᠨ   ᠤ  ᠬᠤᠶᠠᠷ  ᠭᠤᠣᠯ  ᠵᠠᠮ  ᠳᠠᠭᠠᠤ   ᠳᠠᠬᠢ  ᠵᠡᠭᠡᠯᠢ   ᠶᠢᠨ  ᠦᠵᠡᠮᠵᠢ   ᠶᠢᠨ  ᠲᠥᠯᠥᠪᠵᠢᠭᠦᠯᠭᠡ  ᠂  ᠪᠣᠣᠴᠠᠩ  ᠪᠠᠯᠭᠠᠰᠤᠨ   ᠤ  ᠨᠣᠭᠤᠭᠠᠷᠠᠭᠤᠯᠬᠤ  ᠲᠥᠯᠥᠪᠵᠢᠭᠦᠯᠭᠡ  ᠪᠠ  ᠪᠠᠯᠭᠠᠰᠤᠨ   ᠤ  ᠣᠳᠣᠬᠢ  ᠪᠠᠶᠢᠳᠠᠯ   ᠤᠨ  ᠵᠢᠷᠤᠭᠯᠠᠯ   ᠢ  ᠲᠣᠭᠲᠠᠵᠤ  ᠂  ︽ᠪᠣᠣᠴᠠᠩ  ᠪᠠᠯᠭᠠᠰᠤᠨ   ᠤ  ᠬᠠᠮᠢᠶᠠᠷᠤᠯᠲᠠ   ᠶᠢᠨ  ᠲᠦᠷ  ᠬᠡᠷᠡᠭᠵᠢᠭᠦᠯᠬᠦ  ᠠᠷᠭ᠎ᠠ︾   ᠶᠢ  ᠲᠣᠭᠲᠠᠵᠤ  ᠬᠡᠷᠡᠭᠵᠢᠭᠦᠯᠦᠨ  ᠂ 60  ᠬᠤᠨᠤᠭ   ᠤᠨ  ᠬᠤᠭᠤᠴᠠᠭ᠎ᠠ   ᠲᠠᠢ  ᠂  ᠪᠣᠯᠪᠠᠰᠤᠨ  ᠴᠡᠪᠡᠷ  ᠬᠤᠲᠠ  ᠪᠠᠯᠭᠠᠰᠤ   ᠢ  ᠪᠠᠶᠢᠭᠤᠯᠬᠤ  ᠴᠡᠭᠴᠡᠯᠡᠯᠲᠡ   ᠶᠢᠨ  ᠬᠥᠳᠡᠯᠭᠡᠭᠡᠨ   ᠢ  ᠥᠷᠨᠢᠭᠦᠯᠵᠦ  ᠂  ᠭᠠᠵᠠᠷ  ᠰᠢᠷᠣᠢ   ᠶᠢᠨ  ᠥᠮᠴᠢᠯᠡᠯ  ᠡᠵᠡᠩᠨᠡᠯᠲᠡ   ᠶᠢᠨ  ᠳᠦᠷᠢᠮ   ᠢ  ᠴᠢᠩᠭᠠᠳᠬᠠᠨ  ᠂ 773  ᠲᠦᠮᠡᠨ  ᠲᠥᠭᠦᠷᠢᠭ   ᠤᠨ  ᠠᠰᠢᠭ  ᠬᠦᠷᠲᠡᠮᠵᠢ   ᠶᠢ  ᠪᠡᠶᠡᠯᠡᠭᠦᠯᠵᠦ  ᠂  ᠭᠠᠵᠠᠷ  ᠰᠢᠷᠣᠢ   ᠶᠢᠨ  ᠵᠠᠰᠠᠯᠲᠠ  ᠳᠡᠭᠡᠷ᠎ᠡ 1693  ᠲᠦᠮᠡᠨ  ᠲᠥᠭᠦᠷᠢᠭ   ᠤᠨ  ᠪᠡᠯᠡ  ᠣᠷᠣᠭᠤᠯᠵᠤ  ᠂  ᠯᠦᠸᠧ  ᠲᠦᠸᠧ  ᠱᠠᠨ  ᠪᠠᠯᠭᠠᠰᠤᠨ   ᠤ 1137  ᠾᠧᠺᠲᠷ  ᠲᠠᠷᠢᠶᠠᠨ  ᠭᠠᠵᠠᠷ   ᠢ  ᠵᠠᠰᠠᠭᠰᠠᠨ  ᠪᠠᠶᠢᠨ᠎ᠠ᠃           ᠭᠤᠷᠪᠠᠳᠤᠭᠠᠷ  ᠠᠵᠤ  ᠦᠢᠯᠡᠰ  ᠥᠷᠨᠢᠭᠦᠨ  ᠬᠥᠭᠵᠢᠪᠡ  ᠃  ᠳᠤᠮᠳᠠᠳᠤ  ᠤᠯᠤᠰ   ᠤᠨ  ᠲᠠᠯ᠎ᠠ  ᠨᠤᠲᠤᠭ   ᠤᠨ  ᠬᠠᠭᠠᠨ   ᠤ  ᠠᠳᠤᠭᠤᠨ  ᠰᠣᠶᠣᠯ   ᠤᠨ  ᠠᠩᠬᠠᠳᠠᠭᠴᠢ  ᠨᠠᠶᠢᠷ  ᠵᠢᠴᠢ  ᠪᠦᠬᠦ  ᠤᠯᠤᠰ   ᠤᠨ  ᠠᠩᠬ᠎ᠠ  ᠤᠳᠠᠭᠠᠨ   ᠤ  ᠮᠣᠷᠢᠨ  ᠮᠡᠷᠭᠡᠵᠢᠯ   ᠤᠨ  ᠰᠦᠯᠵᠢᠶ᠎ᠡ  ᠲᠣᠭᠤᠷᠢᠬᠤ  ᠮᠠᠩᠯᠠᠢ  ᠰᠢᠯᠭᠠᠷᠠᠭᠤᠯᠤᠯᠲᠠ   ᠶᠢ  ᠠᠮᠵᠢᠯᠲᠠᠲᠠᠢ  ᠡᠷᠬᠢᠯᠡᠵᠦ  ᠂  ᠮᠡᠳᠡᠭᠳᠡᠮ᠎ᠡ  ᠰᠠᠶᠢᠨ  ᠨᠡᠶᠢᠭᠡᠮ   ᠤᠨ  ᠲᠤᠰᠬᠠᠯ   ᠢ  ᠬᠦᠷᠲᠡᠭᠰᠡᠨ  ᠪᠠᠶᠢᠨ᠎ᠠ  ᠃  ᠪᠦᠬᠦ  ᠵᠢᠯ   ᠳᠤ  ᠬᠤᠯᠠ  ᠣᠶᠢᠷ᠎ᠠ   ᠶᠢᠨ  ᠵᠤᠭᠠᠴᠠᠭᠰᠠᠳ 13  ᠲᠦᠮᠡᠨ  ᠬᠥᠮᠥᠨ  ᠲᠤᠭ᠎ᠠ   ᠶᠢ  ᠵᠣᠴᠢᠯᠠᠵᠤ  ᠂  ᠵᠤᠭᠠᠴᠠᠯ   ᠤᠨ  ᠣᠷᠣᠯᠭ᠎ᠠ 2650  ᠲᠦᠮᠡᠨ  ᠲᠥᠭᠦᠷᠢᠭ   ᠲᠤ  ᠬᠦᠷᠴᠡᠢ  ᠃ 3500  ᠲᠦᠮᠡᠨ  ᠲᠥᠭᠦᠷᠢᠭ   ᠤᠨ  ᠪᠡᠯᠡ  ᠣᠷᠣᠭᠤᠯᠵᠤ  ︽ᠬᠠᠭᠠᠨ   ᠤ  ᠠᠳᠤᠭᠤᠨ  ᠬᠦᠷᠢᠶᠡᠯᠡᠩ︾  ᠵᠤᠭᠠᠴᠠᠯ   ᠤᠨ  ᠣᠷᠣᠨ  ᠂  ᠪᠤᠮᠪᠠᠨ   ᠤ  ᠮᠠᠯᠴᠢᠨ  ᠡᠷᠦᠭᠡ   ᠶᠢᠨ  ᠬᠡᠪ  ᠵᠠᠩᠰᠢᠯ   ᠤᠨ  ᠲᠣᠰᠬᠤᠨ  ᠂  ᠳᠡᠯᠡᠬᠡᠢ   ᠶᠢᠨ  ᠭᠡᠷ  ᠪᠦᠯᠢ   ᠶᠢᠨ  ᠮᠠᠯᠵᠢᠯ  ᠵᠡᠷᠭᠡ  ᠭᠤᠷᠪᠠᠨ  ᠶᠡᠭᠡ  ᠭᠤᠣᠯᠳᠠᠯᠭ᠎ᠠ   ᠲᠠᠢ  ᠵᠤᠭᠠᠴᠠᠯ   ᠤᠨ  ᠲᠥᠷᠥᠯ  ᠵᠦᠢᠯ   ᠢ  ᠶᠠᠪᠤᠭᠳᠠᠭᠤᠯᠵᠤ  ᠂  ᠵᠤᠭᠠᠴᠠᠯ   ᠤᠨ  ᠦᠨᠳᠦᠰᠦᠨ  ᠨᠥᠬᠦᠴᠡᠯ   ᠢ  ᠤᠯᠠᠮ  ᠰᠠᠶᠢᠵᠢᠷᠠᠵᠤ  ᠢᠷᠠᠵᠠᠢ  ᠃  ︽ᠲᠦᠮᠡᠨ  ᠲᠣᠰᠬᠤᠨ  ᠮᠢᠩᠭᠠᠨ  ᠰᠢᠶᠠᠩ︾   ᠤᠨ  ᠵᠠᠬ᠎ᠠ  ᠳᠡᠯᠭᠡᠭᠦᠷ   ᠤᠨ  ᠢᠨᠵᠧᠨᠧᠷᠢᠩ  ᠡᠷᠴᠢᠮᠲᠡᠢ  ᠶᠠᠪᠤᠭᠳᠠᠨ  ᠂ 49  ᠡᠷᠦᠭᠡ  ᠲᠠᠷᠢᠶᠠᠴᠢᠨ  ᠡᠷᠦᠭᠡ  ᠨᠡᠮᠡᠭᠳᠡᠵᠦ  ᠂ 2400  ᠲᠦᠮᠡᠨ  ᠲᠥᠭᠦᠷᠢᠭ   ᠤᠨ  ᠪᠡᠯᠡ  ᠣᠷᠣᠭᠤᠯᠤᠭᠰᠠᠨ  ᠪᠡᠭᠡᠵᠢᠩ   ᠤᠨ  ᠤᠮᠠᠷᠠᠳᠠᠬᠢ  ᠢᠳᠡᠰᠢᠨ  ᠨᠣᠭᠤᠭᠠᠨ   ᠤ  ᠵᠠᠬ᠎ᠠ  ᠳᠡᠯᠭᠡᠭᠦᠷ   ᠤᠨ  ᠤᠯᠤᠰ   ᠤᠨ  ︽ᠬᠤᠣᠰ  ᠵᠠᠭᠤᠨ︾  ᠵᠠᠬ᠎ᠠ  ᠳᠡᠯᠭᠡᠭᠦᠷ   ᠤᠨ  ᠪᠦᠲᠦᠭᠡᠨ  ᠪᠠᠶᠢᠭᠤᠯᠤᠯᠲᠠ   ᠶᠢᠨ  ᠲᠥᠷᠥᠯ  ᠵᠦᠢᠯ  ᠡᠬᠢᠯᠡᠨ  ᠶᠠᠪᠤᠭᠳᠠᠵᠠᠢ  ᠃  ᠪᠦᠬᠦ  ᠨᠡᠶᠢᠭᠡᠮ   ᠤᠨ  ᠬᠡᠷᠡᠭᠯᠡᠭᠡᠨ   ᠤ  ᠲᠠᠸᠠᠷ   ᠤᠨ  ᠵᠢᠵᠢᠭᠯᠡᠨ  ᠪᠣᠷᠣᠯᠠᠭᠤᠯᠤᠭᠰᠠᠨ  ᠶᠡᠷᠦᠩᠬᠡᠢ  ᠨᠣᠷᠮ᠎ᠠ 5  ᠳ᠋ᠦᠩᠰᠢᠭᠤᠷ  ᠲᠥᠭᠦᠷᠢᠭ   ᠲᠤ  ᠬᠦᠷᠴᠦ  ᠂  ᠠᠳᠠᠯᠢ  ᠬᠤᠭᠤᠴᠠᠭᠠᠨ   ᠤ   ᠬᠢ   ᠠᠴᠠ 19.4%   ᠪᠠᠷ  ᠨᠡᠮᠡᠭᠳᠡᠨ  ᠂  ᠠᠴᠢᠶ᠎ᠠ  ᠠᠶᠠᠨ   ᠤ  ᠵᠥᠭᠡᠭᠡᠪᠦᠷᠢ   ᠶᠢᠨ  ᠡᠷᠭᠢᠯᠲᠡ  ᠠᠳᠠᠯᠢ  ᠬᠤᠭᠤᠴᠠᠭᠠᠨ   ᠤ   ᠬᠢ   ᠠᠴᠠ  ᠲᠤᠰ  ᠪᠦᠷᠢ 31%  ᠪᠠ 101%   ᠪᠠᠷ  ᠨᠡᠮᠡᠭᠳᠡᠵᠦ  ᠂  ᠡᠯ᠎ᠡ  ᠲᠥᠷᠥᠯ   ᠤᠨ ᠮᠥᠩᠭᠦᠨ‌‍ᠭᠦ᠋ᠢᠯᠭᠡᠭᠡᠨ ᠤ ᠪᠠᠶᠢᠭᠤᠯᠤᠮᠵᠢ ᠶᠢᠨ ᠬᠠᠳᠠᠭᠠᠯᠠᠮᠵᠢ ᠪᠠ  ᠵᠢᠭᠡᠯᠡᠯᠭᠡ ᠶᠢᠨ ᠦᠯᠡᠳᠡᠪᠦᠷᠢ  ᠲᠣᠰ  ᠪᠦᠷᠢ 8.9  ᠳ᠋ᠦᠩᠰᠢᠭᠤᠷ ᠪᠠ 6.1 ᠳ᠋ᠦᠩᠰᠢᠭᠤᠷ  ᠲᠥᠭᠦᠷᠢᠭ ᠲᠤ  ᠬᠦᠷᠴᠦ  ᠂ 20.4% ᠪᠠ 19.5%   ᠪᠠᠷ ᠨᠡᠮᠡᠭᠳᠡᠵᠡᠢ  ᠃            ᠡᠳ᠋   ᠤᠨ  ᠵᠠᠰᠠᠭ   ᠤᠨ  ᠪᠠᠲᠤᠯᠠᠭᠠᠨ   ᠤ  ᠴᠢᠳᠠᠪᠤᠷᠢ  ᠠᠯᠬᠤᠮ  ᠠᠯᠬᠤᠮ   ᠢᠶᠠᠷ  ᠳᠡᠭᠡᠭᠰᠢᠯᠡᠪᠡ  ᠃  ᠡᠳ᠋   ᠤᠨ  ᠵᠠᠰᠠᠭ   ᠤᠨ  ᠲᠥᠰᠥᠪ   ᠢ  ᠴᠢᠩᠭ᠎ᠠ  ᠬᠡᠷᠡᠭᠵᠢᠭᠦᠯᠵᠦ  ᠂  ᠪᠦᠬᠦ  ᠵᠢᠯ   ᠳᠤ  ᠭᠠᠵᠠᠷ  ᠣᠷᠣᠨ   ᠤ  ᠡᠳ᠋   ᠤᠨ  ᠵᠠᠰᠠᠭ   ᠤᠨ  ᠣᠷᠣᠯᠭ᠎ᠠ 4378  ᠲᠦᠮᠡᠨ  ᠲᠥᠭᠦᠷᠢᠭ   ᠢ  ᠪᠡᠶᠡᠯᠡᠭᠦᠯᠵᠦ  ᠂ 8.2%   ᠢᠶᠠᠷ  ᠨᠡᠮᠡᠭᠳᠡᠭᠦᠯᠪᠡ  ᠃  ᠵᠠᠷᠤᠯᠭ᠎ᠠ   ᠶᠢᠨ  ᠪᠦᠲᠦᠴᠡ   ᠶᠢ  ᠰᠢᠯᠢᠳᠡᠭᠵᠢᠭᠦᠯᠵᠦ  ᠂   ᠡᠩ   ᠤᠨ  ᠵᠠᠷᠤᠯᠭ᠎ᠠ   ᠶᠢ  ᠪᠠᠭᠠᠰᠬᠠᠨ  ᠂  ᠠᠵᠤ  ᠦᠢᠯᠡᠰ   ᠤᠨ  ᠬᠥᠭᠵᠢᠯᠲᠡ  ᠂  ᠭᠤᠣᠯᠳᠠᠯᠭᠠᠲᠤ  ᠲᠥᠷᠥᠯ  ᠵᠦᠢᠯ   ᠤᠨ  ᠪᠦᠲᠦᠭᠡᠨ  ᠪᠠᠶᠢᠭᠤᠯᠤᠯᠲᠠ  ᠂  ᠨᠡᠶᠢᠲᠡ   ᠶᠢᠨ  ᠦᠢᠯᠡᠰ   ᠤᠨ  ᠬᠥᠭᠵᠢᠯᠲᠡ   ᠶᠢ  ᠳᠡᠮᠵᠢᠨ  ᠲᠡᠳᠬᠦᠵᠦ  ᠂  ᠴᠠᠯᠢᠩ  ᠂  ᠡᠷᠭᠢᠯᠲᠡ  ᠂  ᠲᠤᠰᠬᠠᠢ  ᠲᠥᠷᠥᠯ   ᠢ  ᠪᠠᠲᠤᠯᠠᠬᠤ  ᠳᠡᠭᠡᠷ᠎ᠡ  ᠰᠢᠨ᠎ᠡ  ᠰᠢᠪᠲᠤᠯᠤᠯᠲᠠ   ᠲᠠᠢ  ᠪᠣᠯᠵᠠᠢ  ᠃  ᠣᠢ  ᠡᠪᠡᠰᠦ   ᠶᠢ  ᠰᠡᠷᠭᠦᠭᠡᠬᠦ  ᠨᠥᠬᠦᠪᠦᠷᠢ  ᠂  ᠠᠮᠤ  ᠦᠷ᠎ᠡ  ᠂  ᠲᠠᠷᠢᠶᠠᠯᠠᠩ   ᠤᠨ  ᠮᠠᠰᠢᠨ  ᠂  ᠰᠠᠶᠢᠨ  ᠡᠭᠦᠯᠳᠡᠷ   ᠤᠨ  ᠨᠥᠬᠦᠪᠦᠷᠢ  ᠵᠢᠴᠢ  ︽ᠬᠤᠶᠠᠷ   ᠢ  ᠬᠡᠯᠲᠦᠷᠢᠭᠦᠯᠵᠦ  ᠂  ᠨᠢᠭᠡ   ᠶᠢ  ᠨᠥᠬᠦᠪᠦᠷᠢᠯᠡᠬᠦ︾  ᠲᠥᠷᠥ   ᠶᠢᠨ  ᠪᠣᠳᠣᠯᠭ᠎ᠠ   ᠶᠢᠨ  ᠨᠥᠬᠦᠪᠦᠷᠢ  ᠮᠥᠩᠭᠦ 8040  ᠲᠦᠮᠡᠨ  ᠲᠥᠭᠦᠷᠢᠭ   ᠢ  ᠪᠦᠬᠦᠨ   ᠢ  ᠨᠠᠶᠢᠳᠠᠪᠤᠷᠢᠵᠢᠭᠤᠯᠵᠤ  ᠂  ᠠᠬᠠᠮᠠᠳ  ᠺᠠᠲᠠᠷ   ᠤᠨ  ᠡᠮ  ᠡᠮᠨᠡᠯᠭᠡ   ᠶᠢᠨ  ᠰᠦᠢᠳᠬᠡᠯ  ᠮᠡᠲᠦ  ᠨᠢᠭᠡ  ᠪᠦᠯᠦᠭ  ᠳᠠᠷᠤᠭᠳᠠᠵᠤ  ᠤᠳᠠᠭᠰᠠᠨ  ᠨᠥᠬᠦᠪᠦᠷᠢ  ᠬᠠᠷᠠᠮᠵᠢ   ᠶᠢᠨ  ᠠᠰᠠᠭᠤᠳᠠᠯ   ᠢ  ᠰᠢᠢᠳᠪᠦᠷᠢᠯᠡᠨ  ᠪᠠᠶᠢᠵᠤ  ᠂  ᠪᠦᠬᠦ  ᠬᠤᠰᠢᠭᠤᠨ   ᠤ  ᠭᠠᠵᠠᠷ  ᠣᠷᠣᠨ   ᠤ  ᠡᠳ᠋   ᠤᠨ  ᠶᠠᠪᠤᠳᠠᠯ   ᠤᠨ  ᠵᠠᠷᠤᠯᠭ᠎ᠠ 4  ᠳ᠋ᠦᠩᠰᠢᠭᠤᠷ  ᠲᠥᠭᠦᠷᠢᠭ   ᠲᠤ  ᠬᠦᠷᠦᠭᠰᠡᠨ  ᠪᠠᠶᠢᠨ᠎ᠠ  ᠃            ᠨᠡᠶᠢᠭᠡᠮ   ᠤᠨ  ᠡᠯ᠎ᠡ  ᠲᠥᠷᠥᠯ   ᠤᠨ  ᠦᠢᠯᠡᠰ  ᠨᠢᠭᠡᠳᠦᠯᠲᠡᠢ  ᠂  ᠲᠥᠯᠥᠪᠵᠢᠭᠦᠯᠭᠡ   ᠲᠠᠢ  ᠬᠥᠭᠵᠢᠪᠡ᠃  ᠨᠡᠶᠢᠭᠡᠮ   ᠤᠨ  ᠦᠢᠯᠡᠰ   ᠤᠨ  ᠬᠥᠭᠵᠢᠯᠲᠡ   ᠶᠢ  ᠬᠦᠨᠳᠦᠳᠬᠡᠵᠦ  ᠂  ᠰᠢᠨᠵᠢᠯᠡᠬᠦ  ᠮᠡᠷᠭᠡᠵᠢᠯ   ᠤᠨ  ᠰᠢᠨᠡᠴᠢᠯᠡᠯᠲᠡ  ᠬᠢᠭᠡᠳ  ᠦᠢᠯᠡᠴᠢᠯᠡᠭᠡᠨ   ᠤ  ᠰᠢᠰᠲ᠋ᠧᠮᠵᠢ   ᠶᠢᠨ  ᠪᠠᠶᠢᠭᠤᠯᠤᠯᠲᠠ   ᠶᠢ  ᠲᠦᠷᠭᠡᠳᠬᠡᠨ  ᠂  ᠲᠡᠷᠢᠭᠦᠨ   ᠤ  ᠬᠡᠷᠡᠭᠯᠡᠭᠡᠨ   ᠤ  ᠮᠡᠷᠭᠡᠵᠢᠯ 40  ᠭᠠᠷᠤᠢ  ᠵᠦᠢᠯ   ᠢ  ᠳᠡᠯᠭᠡᠷᠡᠭᠦᠯᠵᠦ  ᠂  ᠮᠡᠷᠭᠡᠵᠢᠯ  ᠰᠣᠳᠣᠯᠠᠭ᠎ᠠ  ᠪᠣᠯᠣᠨ  ᠨᠡᠭᠡᠭᠡᠯᠲᠡ   ᠶᠢᠨ  ᠪᠡᠯᠡ  ᠮᠥᠩᠭᠦ 120  ᠲᠦᠮᠡᠨ  ᠲᠥᠭᠦᠷᠢᠭ   ᠢ  ᠬᠡᠷᠡᠭᠯᠡᠵᠦ  ᠂ 9  ᠲᠥᠷᠥᠯ  ᠵᠦᠢᠯ   ᠢ  ᠬᠡᠷᠡᠭᠵᠢᠭᠦᠯᠦᠨ  ᠂  ᠣᠷᠣᠨ   ᠠᠴᠠ  ᠮᠡᠳᠡᠷᠡᠭᠰᠡᠨ  ᠢᠷᠭᠡᠨ   ᠤ  ᠥᠮᠴᠢᠯᠡᠯᠲᠦ  ᠰᠢᠨᠵᠢᠯᠡᠬᠦ  ᠮᠡᠷᠭᠡᠵᠢᠯ   ᠤᠨ  ᠠᠵᠤ  ᠠᠬᠤᠶᠢᠯᠠᠯ 2  ᠡᠷᠦᠭᠡ  ᠪᠣᠯᠵᠠᠢ  ᠃  ᠰᠤᠷᠭᠠᠭᠤᠯᠢ   ᠶᠢᠨ  ᠪᠠᠶᠢᠷᠢᠰᠢᠭᠤᠯᠤᠯᠲᠠ   ᠶᠢ  ᠲᠣᠬᠢᠷᠠᠭᠤᠯᠬᠤ  ᠬᠦᠴᠦᠯᠡᠴᠡ   ᠪᠠᠨ  ᠶᠡᠬᠡᠰᠬᠡᠨ  ᠂  ᠲᠥᠪᠯᠡᠷᠡᠭᠦᠯᠦᠨ  ᠡᠷᠬᠢᠯᠡᠬᠦ  ᠠᠬᠢᠴᠠ   ᠶᠢ  ᠲᠦᠷᠭᠡᠳᠬᠡᠵᠦ  ᠂  ︽ᠬᠤᠶᠠᠷ ᠦᠨᠳᠦᠰᠦᠨ︾  ᠪᠠᠷᠢᠮᠵᠢᠶᠠᠨ   ᠤ  ᠦᠷ᠎ᠡ  ᠪᠦᠲᠦᠮᠵᠢ   ᠶᠢ  ᠪᠠᠬᠢᠵᠢᠭᠦᠯᠦᠨ  ᠂  ᠰᠤᠷᠭᠠᠭᠤᠯᠢ  ᠡᠷᠬᠢᠯᠡᠬᠦ  ᠨᠥᠬᠦᠴᠡᠯ   ᠢ  ᠰᠠᠶᠢᠵᠢᠷᠠᠭᠤᠯᠵᠤ  ᠂ 1487  ᠲᠦᠮᠡᠨ  ᠲᠥᠭᠦᠷᠢᠭ   ᠤᠨ  ᠪᠡᠯᠡ  ᠣᠷᠣᠭᠤᠯᠤᠨ  ᠂ 19358  ᠲᠡᠭᠰᠢ  ᠲᠦᠷᠪᠡᠯᠵᠢᠨ  ᠮᠧᠲᠷ  ᠂  ᠵᠢᠭᠠᠨ  ᠰᠤᠷᠭᠠᠬᠤ  ᠠᠰᠠᠷ  ᠬᠢᠭᠡᠳ  ᠪᠠᠶᠢᠷᠢ   ᠶᠢᠨ  ᠠᠰᠠᠷ 1625 ᠲᠡᠭᠰᠢ  ᠲᠦᠷᠪᠡᠯᠵᠢᠨ  ᠮᠧᠲᠷ   ᠲᠠᠯᠠᠪᠠᠢ  ᠪᠠᠶᠢᠷᠢ  ᠪᠠ  ᠬᠤᠭᠤᠯᠠᠨ  ᠭᠡᠷ   ᠤᠨ  ᠪᠦᠲᠦᠭᠡᠨ  ᠪᠠᠶᠢᠭᠤᠯᠤᠯᠲᠠ   ᠶᠢ  ᠬᠢᠵᠡᠢ  ᠃  ᠦᠨᠳᠦᠰᠦᠲᠡᠨ   ᠤ  ᠰᠤᠷᠭᠠᠨ  ᠬᠥᠮᠥᠵᠢᠯ  ᠪᠣᠯᠣᠨ  ᠠᠵᠢᠯ  ᠮᠡᠷᠭᠡᠵᠢᠯ   ᠤᠨ  ᠰᠤᠷᠭᠠᠨ  ᠬᠥᠮᠥᠵᠢᠯ   ᠳᠠᠬᠢ  ᠬᠦᠴᠦᠯᠡᠴᠡ   ᠶᠢᠨ  ᠲᠠᠰᠤᠷᠠᠯᠲᠠ  ᠦᠭᠡᠢ  ᠶᠡᠬᠡᠰᠬᠡᠵᠦ  ᠂ 400  ᠲᠦᠮᠡᠨ  ᠲᠥᠭᠦᠷᠢᠭ  ᠵᠠᠷᠤᠴᠠᠭᠤᠯᠤᠨ  ᠂  ᠮᠣᠩᠭᠤᠯ  ᠳᠤᠮᠳᠠᠳᠤ  ᠰᠤᠷᠭᠠᠭᠤᠯᠢ   ᠶᠢᠨ  ᠪᠠᠶᠢᠷᠢ   ᠶᠢᠨ  ᠠᠰᠠᠷ   ᠤᠨ  ᠪᠠᠶᠢᠭᠤᠯᠤᠯᠲᠠ  ᠪᠠ  ᠠᠵᠢᠯ  ᠮᠡᠷᠭᠡᠵᠢᠯ   ᠤᠨ  ᠵᠢᠭᠠᠨ  ᠰᠤᠷᠭᠠᠬᠤ  ᠲᠥᠪ   ᠤᠨ  ᠶᠡᠷᠦᠩᠬᠡᠶᠢᠯᠡᠭᠰᠡᠨ  ᠵᠢᠭᠠᠨ  ᠰᠤᠷᠭᠠᠬᠤ  ᠠᠰᠠᠷ   ᠤᠨ  ᠭᠤᠣᠯ  ᠪᠠᠷᠢᠯᠭ᠎ᠠ   ᠶᠢ  ᠳᠠᠭᠤᠰᠬᠠᠵᠠᠢ  ᠃  ᠰᠤᠷᠭᠠᠨ  ᠬᠥᠮᠥᠵᠢᠯ   ᠤᠨ  ᠰᠢᠰᠲ᠋ᠧᠮ   ᠤᠨ  ᠥᠭᠡᠷᠡᠴᠢᠯᠡᠯᠲᠡ   ᠶᠢ  ᠵᠣᠬᠢᠮᠵᠢᠲᠠᠢ  ᠠᠬᠢᠭᠤᠯᠵᠤ  ᠂  ᠰᠤᠷᠭᠠᠭᠤᠯᠢ   ᠶᠢᠨ  ᠳᠠᠷᠤᠭ᠎ᠠ   ᠶᠢᠨ  ᠬᠠᠷᠢᠭᠤᠴᠠᠯᠭ᠎ᠠ   ᠶᠢᠨ  ᠳᠦᠷᠢᠮ  ᠂  ᠪᠠᠭᠰᠢ  ᠠᠵᠢᠯᠲᠠᠨ   ᠤ  ᠤᠷᠢᠨ  ᠬᠡᠷᠡᠭᠯᠡᠬᠦ  ᠳᠦᠷᠢᠮ  ᠪᠣᠯᠣᠨ  ᠪᠠᠭᠰᠢ   ᠶᠢᠨ  ᠪᠦᠷᠢᠯᠳᠦᠴᠡ   ᠶᠢᠨ  ᠴᠠᠯᠢᠩ   ᠤᠨ  ᠳᠦᠷᠢᠮ   ᠢ  ᠪᠦᠬᠦ  ᠲᠠᠯ᠎ᠠ   ᠪᠠᠷ  ᠬᠡᠷᠡᠭᠵᠢᠭᠦᠯᠪᠡ  ᠃  ᠲᠠᠷᠢᠶᠠᠯᠠᠬᠤ  ᠮᠠᠯᠵᠢᠬᠤ  ᠣᠷᠣᠨ   ᠤ  ᠡᠮ  ᠡᠮᠨᠡᠯᠭᠡ  ᠂ ᠡᠷᠡᠭᠦᠯ  ᠬᠠᠮᠠᠭᠠᠯᠠᠯ   ᠤᠨ  ᠦᠢᠯᠡᠴᠢᠯᠡᠭᠡᠨ   ᠤ  ᠰᠢᠰᠲ᠋ᠧᠮᠵᠢ   ᠶᠢᠨ  ᠪᠠᠶᠢᠭᠤᠯᠤᠯᠲᠠ   ᠶᠢ  ᠴᠢᠩᠭ᠎ᠠ  ᠠᠳᠬᠤᠵᠤ  ᠂ ᠰᠢᠨ᠎ᠡ  ᠮᠠᠶ᠋ᠢᠭ   ᠤᠨ  ᠬᠤᠷᠰᠢᠭᠰᠠᠨ  ᠡᠮᠴᠢᠯᠡᠭᠡᠨ   ᠤ  ᠳᠦᠷᠢᠮ   ᠢ  ᠬᠦᠴᠦᠯᠡᠨ  ᠠᠬᠢᠭᠤᠯᠵᠤ  ᠂  ᠮᠠᠯᠴᠢᠨ  ᠲᠠᠷᠢᠶᠠᠴᠢᠳ   ᠤᠨ  ᠣᠷᠣᠯᠴᠠᠭᠰᠠᠨ  ᠨᠣᠷᠮ᠎ᠠ   ᠶᠢ ᠲᠡᠭᠰᠢ  82%   ᠳᠤ  ᠬᠦᠷᠭᠡᠭᠰᠡᠨ  ᠪᠥᠭᠡᠳ  ᠡᠷᠡᠭᠦᠯ  ᠬᠠᠮᠠᠭᠠᠯᠠᠯ   ᠤᠨ  ᠬᠠᠤᠯᠢ   ᠪᠠᠷ  ᠬᠢᠨᠠᠬᠤ  ᠪᠠ  ᠡᠪᠡᠳᠴᠢᠨ  ᠬᠢᠵᠢᠭ   ᠢ  ᠤᠷᠢᠳᠴᠢᠯᠠᠨ  ᠰᠡᠷᠭᠡᠶᠢᠯᠡᠵᠦ  ᠂  ᠬᠢᠵᠠᠭᠠᠷᠯᠠᠨ  ᠬᠤᠷᠢᠭᠯᠠᠬᠤ  ᠠᠵᠢᠯ   ᠢ  ᠤᠯᠠᠮ  ᠴᠢᠩᠭᠠᠳᠬᠠᠨ  ᠂  ᠭᠡᠨᠡᠳᠲᠡ   ᠶᠢᠨ  ᠴᠢᠨᠠᠷᠲᠠᠢ  ᠡᠪᠡᠳᠴᠢᠨ  ᠬᠢᠵᠢᠭ   ᠠᠴᠠ  ᠠᠪᠤᠷᠠᠨ  ᠲᠡᠳᠬᠦᠬᠦ  ᠰᠢᠰᠲ᠋ᠧᠮᠵᠢ   ᠶᠢ  ᠲᠡᠭᠦᠯᠳᠡᠷᠵᠢᠭᠦᠯᠵᠦ  ᠂  ᠬᠠᠤᠯᠢ   ᠪᠠᠷ  ᠬᠠᠮᠢᠶᠠᠷᠤᠨ  ᠂  ᠴᠢᠨᠠᠷᠯᠢᠭ  ᠦᠢᠯᠡᠴᠢᠯᠡᠬᠦ  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ   ᠤᠨ  ᠠᠵᠢᠯ   ᠤᠨ  ᠰᠢᠨ᠎ᠡ  ᠪᠠᠶᠢᠭᠤᠯᠤᠯ   ᠢ  ᠪᠠᠶᠢᠭᠤᠯᠤᠨ  ᠪᠦᠷᠢᠨᠰᠢᠭᠦᠯᠵᠦ  ᠂  ᠳᠣᠣᠷ᠎ᠠ  ᠦᠷᠡᠵᠢᠯ   ᠤᠨ  ᠲᠦᠪᠰᠢᠨ   ᠢ  ᠦᠷᠭᠦᠯᠵᠢᠯᠡᠨ  ᠲᠣᠭᠲᠠᠪᠤᠷᠢᠵᠢᠭᠤᠯᠵᠤ  ᠂  ᠬᠥᠮᠥᠨ  ᠠᠮᠠ   ᠶᠢᠨ  ᠠᠶᠠᠨᠳᠠᠭᠠᠨ  ᠥᠰᠦᠯᠲᠡ   ᠶᠢᠨ  ᠨᠣᠷᠮ᠎ᠠ   ᠶᠢ 1.19       ᠳᠤ  ᠬᠢᠵᠠᠭᠠᠷᠯᠠᠵᠤ  ᠳᠡᠶᠢᠯᠪᠡ  ᠃  ᠲᠠᠯ᠎ᠠ  ᠨᠤᠲᠤᠭ   ᠤᠨ  ᠰᠣᠶᠣᠯ  ᠂  ᠭᠠᠵᠠᠷ  ᠣᠷᠣᠨ   ᠤ  ᠰᠣᠶᠣᠯ  ᠬᠢᠭᠡᠳ  ᠦᠨᠳᠦᠰᠦᠲᠡᠨ   ᠤ  ᠰᠣᠶᠣᠯ   ᠢ  ᠬᠥᠭᠵᠢᠭᠦᠯᠬᠦ   ᠪᠠᠷ  ᠭᠤᠣᠯᠳᠠᠵᠤ  ᠂  ᠡᠯ᠎ᠡ  ᠵᠦᠢᠯ   ᠤᠨ  ᠰᠣᠶᠣᠯ  ᠲᠠᠮᠢᠷ   ᠤᠨ  ᠬᠥᠲᠥᠯᠪᠦᠷᠢ  ᠠᠵᠢᠯᠯᠠᠭ᠎ᠠ   ᠶᠢ  ᠥᠷᠭᠡᠨ   ᠢᠶᠠᠷ  ᠥᠷᠨᠢᠭᠦᠯᠵᠦ  ᠂  ᠤᠯᠠᠭᠠᠨᠮᠥ᠋ᠴᠢᠷ   ᠤᠨ  ᠡᠩᠨᠡᠭᠡᠨ   ᠤ  ᠪᠠᠶᠢᠭᠤᠯᠤᠯᠲᠠ   ᠶᠢ  ᠢᠳᠡᠪᠬᠢ  ᠠᠬᠢᠭᠤᠯᠪᠠ  ᠃  ᠷᠠᠳᠢᠤ᠋  ᠲᠧᠯᠸᠢᠰ   ᠤᠨ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢ  ᠪᠦᠬᠦ  ᠲᠠᠯ᠎ᠠ   ᠪᠠᠷ  ᠴᠢᠩᠭᠠᠳᠬᠠᠨ  ᠂ 91  ᠲᠣᠰᠬᠤᠨ   ᠤ  ︽ᠲᠣᠰᠬᠤᠨ  ᠪᠣᠯᠭᠠᠨ   ᠳᠤ  ᠨᠡᠪᠲᠡᠷᠡᠬᠦ︾ ᠢᠨᠵᠧᠨᠧᠷᠢᠩ   ᠢ  ᠪᠡᠶᠡᠯᠡᠭᠦᠯᠵᠦ  ᠂  ᠤᠲᠠᠰᠤ  ᠦᠭᠡᠢ  ᠲᠣᠭᠠᠴᠢᠯᠠᠭᠰᠠᠨ  ᠲᠧᠯᠸᠢᠰ   ᠤᠨ  ᠰᠠᠭᠤᠷᠢᠨ  ᠭᠠᠵᠠᠷ   ᠢ  ᠰᠢᠨ᠎ᠡ   ᠪᠠᠷ  ᠪᠠᠶᠢᠭᠤᠯᠤᠭᠰᠠᠨ ᠪᠠᠶᠢᠨ᠎ᠠ  ᠃  ᠨᠡᠶᠢᠭᠡᠮ   ᠤᠨ  ᠪᠠᠲᠤᠯᠠᠭᠠᠨ   ᠤ  ᠰᠢᠰᠲ᠋ᠧᠮᠵᠢ  ᠤᠯᠠᠮ  ᠨᠢᠭᠡ  ᠠᠯᠬᠤᠮ  ᠪᠦᠷᠢᠨᠰᠢᠨ  ᠲᠡᠭᠦᠯᠳᠡᠷᠵᠢᠵᠦ  ᠂  ᠬᠤᠲᠠ  ᠪᠠᠯᠭᠠᠰᠤᠨ   ᠤ   ᠨᠠᠰᠤᠵᠢᠯ   ᠢ ᠠᠰᠠᠷᠠᠬᠤ  ᠂  ᠠᠵᠢᠯ  ᠠᠯᠳᠠᠬᠤ  ᠪᠠ  ᠡᠮ  ᠡᠮᠨᠡᠯᠭᠡ   ᠶᠢᠨ  ᠳᠠᠭᠠᠳᠬᠠᠯ   ᠤᠨ  ᠪᠠᠲᠤᠯᠠᠭ᠎ᠠ 29780  ᠬᠥᠮᠥᠨ   ᠳᠤ  ᠪᠡᠶᠡᠯᠡᠵᠦ᠂  ᠬᠤᠲᠠ ᠪᠠᠯᠭᠠᠰᠤᠨ  ᠤ ᠲᠤᠤᠷ᠎ᠠ ᠪᠠᠳᠤᠯᠠᠭᠠᠨ  ᠤ ᠲᠡᠳᠬᠦᠮᠵᠢ ᠬᠦᠷᠳᠡᠭᠰᠡᠳ8000 ᠭᠠᠷᠤᠢ ᠬᠦᠮᠦᠨ ᠪᠠᠶᠢᠵᠤ᠂ ᠪᠠᠳᠤᠯᠠᠬᠤ ᠵᠤᠬᠢᠰᠳᠠᠢ ᠪᠦᠬᠦᠨ  ᠢ ᠪᠠᠳᠤᠯᠠᠬᠤ ᠠᠵᠢᠯ ᠦᠨᠳᠦᠰᠦᠨ  ᠳᠡᠭᠡᠨ ᠪᠡᠶᠡᠯᠡᠭᠳᠡᠭᠰᠡᠨ ᠪᠠᠶᠢᠨ᠎ᠠ᠃ ᠲᠠᠷᠢᠶᠠᠯᠠᠬᠤ ᠮᠠᠯᠵᠢᠬᠤ ᠤᠷᠤᠨ  ᠤ ᠬᠠᠮᠤᠭ ᠲᠤᠤᠷ᠎ᠠ ᠠᠮᠢᠳᠤᠷᠠᠯ  ᠤᠨ ᠪᠠᠳᠤᠯᠠᠭᠠᠨ  ᠤ ᠲᠦᠷᠢᠮ  ᠢ ᠡᠬᠢᠯᠡᠨ ᠬᠡᠷᠡᠭᠵᠢᠬᠦᠯᠦᠭᠡᠳ᠂4930 ᠬᠦᠮᠦᠨ ᠠᠮᠨ  ᠳᠤ ᠪᠠᠳᠤᠯᠠᠭᠠᠨ  ᠤ ᠲᠡᠳᠬᠦᠯᠵᠢ  ᠢ ᠤᠯᠭᠤᠵᠠᠢ᠃ ᠠᠵᠢᠯ  ᠠᠴᠠ  ᠢᠶᠠᠨ ᠪᠠᠭᠤᠭᠰᠠᠳ  ᠲᠤ ᠲᠠᠬᠢᠨ ᠠᠵᠢᠯ ᠤᠯᠭᠤᠬᠤ ᠬᠠᠷᠠᠭᠠᠯᠵᠠᠯᠳᠣ ᠲᠦᠷᠦ  ᠶᠢᠨ ᠪᠤᠳᠤᠯᠭ᠎ᠠ  ᠶᠢ ᠨᠢᠮᠪᠠᠢ ᠨᠠᠶᠢᠳᠠᠪᠤᠷᠢᠵᠢᠭᠤᠯᠵᠦ᠂ 2249 ᠨᠡᠷᠡᠰ ᠡᠯ᠎ᠡ ᠲᠦᠷᠦᠯ  ᠤᠨ ᠬᠦᠮᠦᠰ  ᠲᠤ ᠠᠵᠢᠯ ᠤᠯᠭᠤᠵᠤ᠂ ᠬᠤᠳᠠ ᠪᠠᠯᠭᠠᠰᠤᠨ  ᠤ ᠠᠵᠢᠯ ᠠᠯᠳᠠᠬᠤ ᠨᠤᠷᠮ᠎ᠠ   ᠶᠢ 4.23%   ᠳᠤ ᠬᠢᠵᠠᠭᠠᠷᠯᠠᠵᠠᠢ᠃ ᠶᠠᠳᠠᠭᠤ  ᠶᠢ ᠲᠡᠳᠬᠦᠵᠦ ᠨᠡᠭᠡᠭᠡᠨ ᠬᠦᠭᠵᠢᠬᠦᠯᠬᠦ  ︽ ᠪᠦᠬᠦᠶᠢᠯᠨ ᠲᠤᠰᠬᠤᠨ  ᠢᠶᠠᠷ ᠲᠦᠯᠬᠢᠨ ᠠᠬᠢᠭᠤᠯᠬᠤ︾ ᠲᠦᠷᠦᠯ ᠵᠦᠢᠯ᠂ ᠨᠡᠶᠢᠭᠡᠮᠴᠢᠯᠡᠭᠰᠡᠨ ᠶᠠᠳᠠᠭᠤ  ᠶᠢ ᠲᠡᠳᠬᠦᠬᠦ ᠦᠢᠯᠡᠰ ᠬᠢᠭᠡᠳ ᠪᠦᠬᠦ ᠤᠯᠤᠰ  ᠤᠨ ᠠᠷᠠᠳ  ᠤᠨ ᠲᠦᠯᠦᠭᠡᠯᠡᠭᠴᠢᠳ  ᠤᠨ ᠶᠡᠭᠡ ᠬᠤᠷᠠᠯ  ᠤᠨ ᠪᠠᠶᠢᠭᠤᠯᠭ᠎ᠠ  ᠪᠤᠯᠤᠨ ᠴᠠᠩ ᠫᠢᠩ ᠤᠷᠤᠨ ᠯᠤᠭ᠎ᠠ  ᠶᠢᠨ ᠬᠠᠮᠵᠢᠯᠴᠠᠭ᠎ᠠ  ᠪᠠᠷ ᠲᠡᠳᠭᠦᠬᠦ ᠠᠵᠢᠯ  ᠢ ᠦᠷᠬᠦᠯᠵᠢᠯᠡᠨ ᠬᠡᠷᠡᠭᠵᠢᠬᠦᠯᠵᠦ᠂ ᠡᠯ᠎ᠡ ᠲᠦᠷᠦᠯ  ᠤᠨ ᠶᠠᠳᠠᠭᠤ  ᠶᠢ ᠲᠡᠳᠬᠦᠬᠦ ᠪᠡᠯᠨ ᠮᠦᠩᠬᠦ 1413 ᠲᠦᠮᠡᠨ ᠲᠦᠬᠦᠷᠢᠭ  ᠢ ᠤᠷᠤᠭᠤᠯᠤᠭᠰᠠᠨ  ᠤ ᠤᠯᠠᠮ  ᠠᠴᠠ ᠪᠦᠬᠦ ᠬᠤᠰᠢᠭᠤᠨ  ᠤ ᠶᠠᠳᠠᠭᠤ ᠬᠦᠴᠢᠷᠳᠠᠢ ᠬᠦᠮᠦᠨ ᠠᠮᠨ  1.2 ᠲᠦᠮᠨ ᠬᠠᠰᠤᠭᠳᠠᠭᠰᠠᠨ ᠪᠠᠶᠢᠨ᠎ᠠ᠃           ᠣᠶᠣᠨ  ᠰᠠᠨᠠᠭᠠᠨ   ᠤ  ᠪᠣᠯᠪᠠᠰᠤᠨ  ᠬᠢᠭᠡᠳ  ᠠᠷᠠᠳᠴᠢᠯᠠᠯ  ᠬᠠᠤᠯᠢ  ᠳᠦᠷᠢᠮ   ᠤᠨ  ᠪᠠᠶᠢᠭᠤᠯᠤᠯᠲᠠ  ᠴᠢᠩᠭᠠᠷᠠᠵᠤ  ᠢᠷᠠᠪᠠ  ᠃ ᠨᠡᠶᠢᠭᠡᠮ  ᠵᠢᠷᠤᠮᠲᠤ  ᠠᠯᠳᠠᠷ  ᠭᠤᠲᠤᠮᠰᠢᠭ   ᠤᠨ  ᠦᠵᠡᠯᠲᠡ  ᠬᠢᠭᠡᠳ  ︽ᠬᠡᠯᠪᠡᠷᠢ   ᠶᠢᠨ  ᠬᠤᠪᠢᠷᠠᠭᠤᠯᠤᠯᠲᠠ   ᠶᠢ  ᠲᠦᠷᠭᠡᠳᠬᠡᠵᠦ  ᠂  ᠰᠢᠨᠵᠢᠯᠡᠬᠦ  ᠤᠬᠠᠭᠠᠨᠴᠢ   ᠪᠠᠷ  ᠬᠥᠭᠵᠢᠭᠦᠯᠬᠦ︾  ᠰᠤᠷᠤᠯᠴᠠᠯᠭ᠎ᠠ  ᠶᠠᠷᠢᠯᠴᠠᠭᠠᠨ   ᠤ  ᠠᠵᠢᠯᠯᠠᠭ᠎ᠠ   ᠲᠠᠢ  ᠤᠶᠠᠯᠳᠤᠭᠤᠯᠤᠨ  ᠂  ︽ᠳᠥᠷᠪᠡ  ᠪᠦᠬᠦᠢ  ᠮᠠᠯᠴᠢᠨ ᠲᠠᠷᠢᠶᠠᠴᠢᠨ  ᠡᠷᠦᠭᠡ︾  ᠂  ︽ᠢᠲᠡᠭᠡᠯ  ᠨᠠᠶᠢᠳᠠᠪᠤᠷᠢ   ᠶᠢ  ᠬᠠᠮᠲᠤ   ᠪᠠᠷ  ᠴᠣᠭᠴᠠᠯᠠᠬᠤ︾  ᠵᠡᠷᠭᠡ  ᠬᠥᠳᠡᠯᠪᠦᠷᠢ  ᠠᠵᠢᠯᠯᠠᠭ᠎ᠠ   ᠶᠢ  ᠭᠦᠨᠵᠡᠭᠡᠢ  ᠥᠷᠨᠢᠭᠦᠯᠵᠦ  ᠂  ᠪᠣᠯᠪᠠᠰᠤᠨ  ᠬᠤᠲᠠ  ᠪᠠᠯᠭᠠᠰᠤ  ᠂  ᠪᠣᠯᠪᠠᠰᠤᠨ  ᠠᠵᠢᠯ  ᠲᠥᠷᠥᠯ  ᠂  ᠪᠣᠯᠪᠠᠰᠤᠨ  ᠬᠥᠳᠡᠭᠡ  ᠲᠣᠰᠬᠤᠨ   ᠤ  ᠴᠣᠭᠴᠠᠯᠠᠯᠲᠠ   ᠶᠢ  ᠴᠢᠩᠭᠠᠳᠬᠠᠨ  ᠂  ᠬᠤᠲᠠ  ᠬᠥᠳᠡᠭᠡ   ᠶᠢᠨ  ᠪᠣᠯᠪᠠᠰᠤᠨ   ᠤ  ᠬᠡᠮᠵᠢᠶ᠎ᠡ  ᠪᠣᠯᠣᠨ  ᠰᠠᠭᠤᠭᠠᠯᠢ  ᠠᠷᠠᠳ   ᠤᠨ  ᠶᠣᠰᠣ  ᠮᠣᠷᠠᠯ  ᠂  ᠬᠡᠪ  ᠪᠣᠯᠪᠠᠰᠤᠷᠠᠯ  ᠢᠯᠡᠳᠲᠡ  ᠳᠡᠭᠡᠭᠰᠢᠯᠡᠵᠦ  ᠢᠷᠠᠪᠠ  ᠃  ᠨᠢᠭᠡᠳᠦᠮᠡᠯ  ᠹᠷᠤᠨᠲ  ᠪᠣᠯᠣᠨ  ᠦᠨᠳᠦᠰᠦᠲᠡᠨ  ᠱᠠᠰᠢᠨ  ᠰᠤᠷᠲᠠᠬᠤᠨ   ᠤ  ᠠᠵᠢᠯ   ᠢ  ᠴᠢᠩᠭᠠᠳᠬᠠᠵᠤ  ᠂  ᠦᠢᠯᠡᠳᠪᠦᠷᠢ  ᠬᠤᠳᠠᠯᠳᠤᠭᠠᠨ   ᠤ  ᠬᠤᠯᠪᠣᠭᠠᠨ   ᠤ  ᠬᠤᠭᠤᠴᠠᠭ᠎ᠠ  ᠰᠣᠯᠢᠬᠤ  ᠠᠵᠢᠯ   ᠢ  ᠠᠮᠵᠢᠯᠲᠠᠲᠠᠢ  ᠳᠠᠭᠤᠰᠬᠠᠨ  ᠂  ᠳᠣᠲᠣᠭᠠᠳᠤ   ᠶᠢ  ᠬᠠᠮᠠᠭᠠᠯᠠᠬᠤ  ᠠᠵᠢᠯ   ᠢ  ᠴᠢᠩᠭᠠᠳᠬᠠᠨ  ᠰᠠᠶᠢᠵᠢᠷᠠᠭᠤᠯᠵᠤ  ᠂  ᠬᠤᠣᠷ᠎ᠠ  ᠴᠠᠭᠠᠵᠠᠯᠠᠬᠤ  ᠠᠵᠢᠯ   ᠤᠨ  ᠬᠦᠴᠦᠯᠡᠴᠡ   ᠶᠢ  ᠶᠡᠬᠡᠰᠬᠡᠨ  ᠂  ᠴᠢᠩᠭ᠎ᠠ  ᠴᠣᠬᠢᠯᠲᠠ  ᠥᠭᠭᠦᠭᠦ  ᠦᠷᠭᠦᠯᠵᠢ   ᠶᠢᠨ  ᠴᠢᠨᠠᠷᠲᠠᠢ  ᠠᠵᠢᠯ   ᠤᠨ  ᠪᠠᠶᠢᠭᠤᠯᠤᠮᠵᠢ  ᠪᠠ  ᠶᠡᠷᠦᠩᠬᠡᠶᠢᠯᠡᠨ  ᠵᠠᠰᠠᠬᠤ  ᠲᠣᠣᠷ  ᠰᠦᠯᠵᠢᠶ᠎ᠡ   ᠶᠢ  ᠪᠦᠷᠢᠨᠰᠢᠭᠦᠯᠵᠦ  ᠂  ᠬᠠᠤᠯᠢ   ᠪᠠᠷ  ᠬᠤᠰᠢᠭᠤ   ᠪᠠᠨ  ᠵᠠᠰᠠᠬᠤ  ᠪᠣᠳᠣᠯᠭ᠎ᠠ   ᠶᠢ  ᠨᠢᠮᠪᠠᠢ  ᠨᠠᠶᠢᠳᠠᠪᠤᠷᠢᠵᠢᠭᠤᠯᠤᠨ  ᠂  ︽ᠲᠠᠪᠤ  ᠲᠠᠪᠤ︾  ᠬᠠᠤᠯᠢ  ᠲᠦᠭᠡᠮᠡᠯᠵᠢᠯ   ᠤᠨ  ᠠᠵᠢᠯᠯᠠᠭ᠎ᠠ   ᠶᠢ  ᠪᠦᠬᠦ  ᠲᠠᠯ᠎ᠠ   ᠪᠠᠷ  ᠡᠬᠢᠯᠡᠭᠦᠯᠵᠡᠢ  ᠃  ᠭᠠᠴᠠᠭ᠎ᠠ  ᠲᠣᠰᠬᠤᠨ   ᠤ  ᠵᠥᠪᠯᠡᠯ   ᠤᠨ  ᠬᠤᠭᠤᠴᠠᠭ᠎ᠠ  ᠰᠣᠯᠢᠬᠤ  ᠰᠣᠩᠭᠤᠭᠤᠯᠢ   ᠶᠢᠨ  ᠠᠵᠢᠯ   ᠢ  ᠠᠮᠵᠢᠯᠲᠠᠲᠠᠢ  ᠪᠡᠶᠡᠯᠡᠭᠦᠯᠵᠦ  ᠂  ᠬᠢᠨᠠᠨ  ᠪᠣᠳᠣᠵᠤ  ᠪᠠᠶᠢᠴᠠᠭᠠᠬᠤ  ᠠᠵᠢᠯ   ᠢ  ᠨᠢᠮᠪᠠᠢ  ᠥᠷᠨᠢᠭᠦᠯᠦᠨ  ᠂  ᠪᠦᠬᠦ  ᠬᠤᠰᠢᠭᠤᠨ   ᠤ  ᠭᠤᠣᠯᠳᠠᠯᠭ᠎ᠠ   ᠲᠠᠢ  ᠣᠷᠣᠨ  ᠂  ᠭᠤᠣᠯᠳᠠᠯᠭ᠎ᠠ   ᠲᠠᠢ  ᠰᠠᠯᠠᠭ᠎ᠠ  ᠮᠥᠴᠢᠷ  ᠂  ᠭᠤᠣᠯᠳᠠᠯᠭ᠎ᠠ ᠲᠠᠢ  ᠲᠥᠷᠥᠯ  ᠵᠦᠢᠯ   ᠤᠨ  ᠪᠡᠯᠡ  ᠮᠥᠩᠭᠦᠨ   ᠤ  ᠬᠢᠨᠠᠨ  ᠪᠣᠳᠣᠵᠤ  ᠪᠠᠶᠢᠴᠠᠭᠠᠬᠤ  ᠠᠵᠢᠯ   ᠢ  ᠴᠢᠩᠭᠠᠳᠬᠠᠵᠤ  ᠂  ᠠᠷᠠᠯᠵᠢᠶᠠᠨ   ᠤ  ᠬᠠᠭ᠋ᠤᠤᠯᠢᠳᠠᠯ   ᠢ  ᠴᠡᠭᠴᠡᠯᠡᠬᠦ  ᠲᠤᠰᠬᠠᠢ  ᠬᠥᠳᠡᠯᠭᠡᠭᠡᠨ   ᠢ  ᠡᠷᠴᠢᠮᠲᠡᠢ  ᠶᠠᠪᠤᠭᠳᠠᠭᠤᠯᠵᠤ  ᠂  ᠵᠠᠬ᠎ᠠ  ᠳᠡᠯᠭᠡᠭᠦᠷ   ᠤᠨ  ᠠᠵᠤ  ᠠᠬᠤᠢ   ᠶᠢᠨ  ᠡᠮᠬᠢ  ᠳᠢᠭᠯᠢᠮ   ᠢ  ᠦᠷᠭᠦᠯᠵᠢᠯᠡᠨ  ᠴᠡᠭᠴᠡᠯᠡᠵᠦ  ᠳᠦᠷᠢᠮᠵᠢᠭᠦᠯᠦᠨ  ᠂  ᠢᠳᠡᠭᠡᠨ  ᠤᠮᠳᠠᠭᠠᠨ  ᠂  ᠡᠮ   ᠤᠨ  ᠵᠦᠢᠯᠡᠰ   ᠤᠨ  ᠵᠠᠬ᠎ᠠ  ᠳᠡᠯᠭᠡᠭᠦᠷ   ᠤᠨ  ᠴᠡᠭᠴᠡᠯᠡᠯᠲᠡ   ᠶᠢ  ᠤᠯᠠᠮ  ᠴᠢᠩᠭᠠᠳᠬᠠᠪᠠ  ᠃  ᠠᠶᠤᠯᠭᠦᠢ  ᠦᠢᠯᠡᠳᠪᠦᠷᠢᠯᠡᠯ   ᠤᠨ  ᠬᠢᠨᠠᠨ  ᠬᠠᠮᠢᠶᠠᠷᠤᠯᠲᠠ   ᠶᠢ  ᠴᠢᠩᠭᠠᠳᠬᠠᠵᠤ  ᠂ ᠠᠶᠤᠯᠭᠦᠢ  ᠦᠢᠯᠡᠳᠪᠦᠷᠢᠯᠡᠯ   ᠤᠨ  ᠶᠡᠭᠡ  ᠪᠠᠶᠢᠴᠠᠭᠠᠯᠲᠠ  ᠬᠢᠭᠡᠳ  ᠲᠤᠰᠬᠠᠢ  ᠴᠡᠭᠴᠡᠯᠡᠯᠲᠡ   ᠶᠢ  ᠶᠠᠪᠤᠭᠤᠯᠤᠭᠰᠠᠨ   ᠠᠴᠠ ᠠᠶᠤᠯᠭᠦᠢ  ᠦᠢᠯᠡᠳᠪᠦᠷᠢᠯᠡᠯ  ᠬᠠᠷᠢᠴᠠᠩᠭᠤᠢ   ᠪᠠᠷ  ᠲᠣᠭᠲᠠᠪᠤᠷᠢᠵᠢᠭᠰᠠᠨ  ᠪᠠᠶᠢᠨ᠎ᠠ  ᠃  ᠵᠠᠬᠢᠳᠠᠯ  ᠰᠤᠷᠪᠤᠯᠵᠢᠯᠠᠯ   ᠤᠨ  ᠠᠵᠢᠯ   ᠢ  ᠬᠦᠨᠳᠦᠳᠬᠡᠨ  ᠴᠢᠬᠤᠯᠠᠴᠢᠯᠠᠵᠤ  ︽ᠵᠠᠬᠢᠳᠠᠯ  ᠰᠤᠷᠪᠤᠯᠵᠢᠯᠠᠯ   ᠤᠨ  ᠠᠵᠢᠯ   ᠢ  ᠴᠢᠩᠭᠠᠳᠬᠠᠬᠤ  ᠲᠤᠬᠠᠢ  ᠰᠠᠨᠠᠯ︾   ᠢ  ᠲᠣᠭᠲᠠᠵᠤ  ᠂  ᠬᠤᠰᠢᠭᠤᠨ   ᠤ  ᠵᠠᠬᠢᠳᠠᠯ  ᠰᠤᠷᠪᠤᠯᠵᠢᠯᠠᠯ  ᠂  ᠵᠥᠷᠢᠴᠡᠯ  ᠮᠥᠷᠭᠦᠯᠳᠦᠭᠡᠨ   ᠢ  ᠰᠢᠢᠳᠪᠦᠷᠢᠯᠡᠬᠦ  ᠲᠥᠪ   ᠢ  ᠪᠠᠶᠢᠭᠤᠯᠤᠨ  ᠂  ᠨᠢᠭᠡ  ᠪᠦᠯᠦᠭ  ᠳᠠᠷᠤᠭᠳᠠᠭᠰᠠᠨ  ᠬᠡᠷᠡᠭ   ᠢ  ᠵᠣᠬᠢᠮᠵᠢᠲᠠᠢ  ᠰᠢᠢᠳᠪᠦᠷᠢᠯᠡᠵᠦ  ᠂  ᠱᠠᠲᠤ  ᠠᠯᠤᠰᠯᠠᠨ  ᠳᠡᠭᠡᠭᠰᠢ  ᠵᠠᠭᠠᠯᠳᠤᠬᠤ  ᠠᠰᠠᠭᠤᠳᠠᠯ   ᠢ  ᠪᠦᠲᠦᠮᠵᠢᠲᠡᠢ  ᠬᠤᠷᠢᠭᠯᠠᠵᠠᠢ  ᠃  ᠤᠯᠤᠰ   ᠤᠨ  ᠪᠠᠲᠤᠯᠠᠨ  ᠬᠠᠮᠠᠭᠠᠯᠠᠯᠲᠠ   ᠶᠢᠨ  ᠬᠥᠮᠥᠵᠢᠯ   ᠢ  ᠬᠦᠨᠳᠦᠳᠬᠡᠵᠦ  ᠂  ᠪᠠᠲᠤᠯᠠᠭᠠᠨ   ᠤ  ᠵᠠᠷᠤᠳᠠᠯ   ᠢ  ᠨᠠᠶᠢᠳᠠᠪᠤᠷᠢᠵᠢᠭᠤᠯᠤᠨ  ᠂  ᠵᠡᠪᠰᠡᠭᠲᠦ  ᠬᠦᠴᠦᠨ   ᠤ  ᠠᠵᠢᠯᠲᠠᠨ  ᠂  ᠡᠷᠦᠭᠡ   ᠶᠢᠨ  ᠴᠡᠷᠢᠭ   ᠤᠨ  ᠪᠡᠯᠡᠳᠬᠡᠯ  ᠠᠩᠭᠢ   ᠶᠢᠨ  ᠪᠠᠶᠢᠭᠤᠯᠤᠯᠲᠠ  ᠬᠢᠭᠡᠳ  ᠠᠭᠠᠷ   ᠠᠴᠠ  ᠰᠡᠷᠭᠡᠶᠢᠯᠡᠬᠦ  ᠠᠵᠢᠯ   ᠢ  ᠤᠯᠠᠮ  ᠴᠢᠩᠭᠠᠳᠬᠠᠵᠠᠢ  ᠃  ᠡᠭᠦᠨ   ᠤ  ᠬᠠᠮᠲᠤ  ᠲᠤᠭ᠎ᠠ  ᠪᠦᠷᠢᠳᠬᠡᠯ  ᠂  ᠳᠠᠩᠰᠠ  ᠡᠪᠬᠡᠮᠡᠯ  ᠂  ᠲᠡᠦᠬᠡ  ᠣᠶᠢᠯᠠᠭ᠎ᠠ  ᠂  ᠴᠠᠭ  ᠠᠭᠤᠷ  ᠂  ᠭᠠᠵᠠᠷ  ᠬᠥᠳᠡᠯᠦᠯ   ᠤᠨ  ᠰᠡᠷᠭᠡᠶᠢᠯᠡᠯᠲᠡ  ᠵᠡᠷᠭᠡ  ᠡᠯ᠎ᠡ  ᠲᠥᠷᠥᠯ   ᠤᠨ  ᠠᠵᠢᠯ  ᠦᠢᠯᠡᠰ  ᠴᠦ  ᠪᠦᠷ  ᠰᠢᠨ᠎ᠡ  ᠠᠮᠵᠢᠯᠲᠠ  ᠪᠦᠲᠦᠭᠡᠯ  ᠥᠪᠯᠡᠭᠰᠡᠨ  ᠪᠠᠶᠢᠨ᠎ᠠ  ᠃            ᠵᠠᠰᠠᠭ   ᠤᠨ  ᠣᠷᠳᠣᠨ   ᠤ  ᠡᠭᠦᠷᠭᠡ  ᠴᠢᠳᠠᠪᠬᠢ   ᠶᠢᠨ ᠰᠢᠯᠵᠢᠯᠳᠡ ᠶᠢᠨ  ᠦᠷ᠎ᠡ  ᠪᠦᠲᠦᠮᠵᠢ  ᠢᠯᠡᠷᠬᠡᠢ  ᠪᠠᠶᠢᠭ᠎ᠠ  ᠃  ᠵᠠᠰᠠᠭ ᠤᠨ  ᠣᠷᠳᠣᠨ   ᠤ  ᠡᠭᠦᠷᠭᠡ  ᠴᠢᠳᠠᠪᠬᠢ   ᠶᠢᠨ  ᠬᠤᠪᠢᠷᠠᠯᠲᠠ   ᠶᠢ  ᠲᠦᠯᠬᠢᠨ  ᠠᠬᠢᠭᠤᠯᠵᠤ  ᠂  ᠺᠠᠲᠠᠷ  ᠤᠨ  ᠡᠩᠨᠡᠭᠡᠨ   ᠤ  ᠰᠤᠷᠲᠠᠯ  ᠴᠡᠭᠴᠡᠯᠡᠯᠲᠡ   ᠶᠢ  ᠲᠥᠪᠯᠡᠷᠡᠭᠦᠯᠦᠨ  ᠶᠠᠪᠤᠭᠳᠠᠭᠤᠯᠵᠤ  ᠂  ᠺᠠᠲᠠᠷ  ᠠᠵᠢᠯᠲᠠᠨ   ᠤ  ᠠᠵᠢᠯ   ᠤᠨ  ᠰᠤᠷᠲᠠᠯ   ᠢ  ᠢᠯᠡᠳᠲᠡ  ᠰᠠᠶᠢᠵᠢᠷᠠᠭᠤᠯᠵᠠᠢ  ᠃  ᠵᠠᠰᠠᠭ   ᠤᠨ  ᠣᠷᠳᠣᠨ   ᠨᠢ  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ  ᠪᠣᠯᠣᠨ  ᠪᠠᠶᠢᠩᠭᠤ   ᠶᠢᠨ  ᠬᠤᠷᠢᠶᠠᠨ   ᠤ  ᠡᠯ᠎ᠡ  ᠵᠦᠢᠯ   ᠤᠨ  ᠰᠢᠢᠳᠪᠦᠷᠢ  ᠲᠣᠭᠲᠠᠭᠠᠯ   ᠢ  ᠨᠢᠮᠪᠠᠢ  ᠬᠡᠷᠡᠭᠵᠢᠭᠦᠯᠵᠦ  ᠂  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ   ᠤᠨ  ᠬᠠᠤᠯᠢ  ᠶᠣᠰᠣᠨ   ᠤ  ᠬᠢᠨᠠᠯᠲᠠ  ᠪᠣᠯᠣᠨ  ᠤᠯᠤᠰ  ᠲᠥᠷᠥ   ᠶᠢᠨ  ᠵᠥᠪᠯᠡᠯᠭᠡᠨ   ᠤ  ᠠᠷᠠᠳᠴᠢᠯᠠᠯ  ᠬᠢᠨᠠᠯᠲᠠ  ᠵᠢᠴᠢ  ᠨᠡᠶᠢᠭᠡᠮ   ᠤᠨ  ᠡᠯ᠎ᠡ  ᠡᠲᠡᠭᠡᠳ   ᠤᠨ  ᠶᠠᠷᠢᠶ᠎ᠠ  ᠬᠡᠯᠡᠯᠴᠡᠭᠡᠨ   ᠤ  ᠬᠢᠨᠠᠯᠲᠠ   ᠶᠢ  ᠤᠬᠠᠮᠰᠠᠷ   ᠠᠴᠠ   ᠪᠠᠨ  ᠬᠦᠯᠢᠶᠡᠵᠦ  ᠂  ᠠᠷᠠᠳ   ᠤᠨ  ᠲᠥᠯᠥᠭᠡᠯᠡᠭᠴᠢ   ᠶᠢᠨ  ᠰᠠᠨᠠᠯ  ᠳᠤᠷᠠᠳᠤᠯᠭ᠎ᠠ 72  ᠬᠤᠪᠢ  ᠂  ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ   ᠤᠨ  ᠰᠠᠨᠠᠯ  ᠳᠤᠷᠠᠳᠤᠯᠭ᠎ᠠ 89  ᠬᠤᠪᠢ   ᠶᠢ  ᠰᠢᠢᠳᠪᠦᠷᠢᠯᠡᠨ  ᠂ 100%   ᠶᠢᠨ  ᠬᠠᠷᠢᠭᠤᠯᠠᠭ᠎ᠠ  ᠥᠭᠭᠦᠭᠰᠡᠨ  ᠪᠠᠶᠢᠨ᠎ᠠ  ᠃  ᠨᠠᠮ   ᠤᠨ  ᠰᠤᠷᠲᠠᠯ  ᠂  ᠴᠢᠭᠴᠢ  ᠵᠠᠰᠠᠭ   ᠤᠨ  ᠪᠠᠶᠢᠭᠤᠯᠤᠯᠲᠠ  ᠪᠣᠯᠣᠨ  ᠢᠯᠵᠠᠷᠠᠮᠠᠯ   ᠢ  ᠡᠰᠡᠷᠭᠦᠴᠡᠬᠦ  ᠲᠡᠮᠡᠴᠡᠯ   ᠢ  ᠭᠦᠨᠵᠡᠭᠡᠢ  ᠥᠷᠨᠢᠭᠦᠯᠵᠦ  ᠂  ᠪᠡᠯᠡ  ᠣᠷᠤᠭᠤᠯᠤᠯᠲᠠ   ᠶᠢᠨ  ᠣᠷᠴᠢᠨ  ᠲᠣᠭᠤᠷᠢᠨ  ᠪᠠ  ᠰᠤᠷᠲᠠᠯ  ᠴᠡᠭᠴᠡᠯᠡᠬᠦ  ᠠᠵᠢᠯ   ᠨᠢ  ᠰᠢᠨ᠎ᠡ  ᠠᠬᠢᠯᠲᠠ   ᠲᠠᠢ  ᠪᠣᠯᠵᠤ  ᠢᠷᠠᠵᠠᠢ  ᠃  ᠦᠨᠡᠨ   ᠤ  ᠬᠥᠭᠡᠭᠡᠴᠡᠯᠳᠦᠯ   ᠢ  ᠪᠠᠷᠢᠮᠲᠠᠯᠠᠵᠤ  ᠂  ᠵᠠᠰᠠᠭ   ᠤᠨ  ᠬᠠᠤᠯᠢ  ᠰᠠᠬᠢᠯᠭ᠎ᠠ   ᠶᠢ  ᠵᠢᠷᠤᠮᠯᠠᠨ  ᠂  ᠱᠠᠭᠠᠷᠳᠠᠨ  ᠨᠠᠶᠢᠳᠠᠪᠤᠷᠢᠵᠢᠭᠤᠯᠤᠯᠲᠠ   ᠶᠢᠨ  ᠴᠢᠩᠭᠠᠳᠬᠠᠭᠰᠠᠨ   ᠠᠴᠠ  ᠵᠠᠰᠠᠭ   ᠤᠨ  ᠣᠷᠳᠣᠨ   ᠤ  ᠠᠵᠢᠯ   ᠤᠨ  ᠦᠷ᠎ᠡ  ᠪᠦᠲᠦᠮᠵᠢ  ᠲᠠᠰᠤᠷᠠᠯᠲᠠ  ᠦᠭᠡᠢ  ᠳᠡᠭᠡᠭᠰᠢᠯᠡᠵᠦ  ᠂  ᠵᠠᠰᠠᠭ  ᠶᠠᠪᠤᠭᠤᠯᠬᠤ  ᠴᠢᠳᠠᠪᠤᠷᠢ  ᠲᠠᠰᠤᠷᠠᠯᠲᠠ  ᠦᠭᠡᠢ  ᠨᠡᠮᠡᠭᠳᠡᠭᠰᠡᠨ  ᠪᠠᠶᠢᠨ᠎ᠠ  ᠃          ᠲᠥᠯᠥᠭᠡᠯᠡᠭᠴᠢ  ᠨᠥᠬᠦᠳ  ᠡ  ᠂  ᠥᠩᠭᠡᠷᠡᠬᠦ  ᠨᠢᠭᠡ  ᠵᠢᠯ   ᠳᠤ  ᠮᠠᠨ   ᠤ  ᠬᠤᠰᠢᠭᠤᠨ   ᠤ  ᠠᠵᠤ  ᠠᠬᠤᠢ  ᠨᠡᠶᠢᠭᠡᠮ   ᠤᠨ  ᠬᠥᠭᠵᠢᠯᠲᠡ   ᠨᠢ  ᠨᠡᠯᠢᠶᠡᠳ  ᠰᠠᠶᠢᠨ  ᠠᠮᠵᠢᠯᠲᠠ  ᠪᠦᠲᠦᠮᠵᠢ  ᠣᠯᠵᠤ  ᠂  ︽ᠠᠷᠪᠠᠨ  ᠨᠢᠭᠡᠳᠦᠭᠡᠷ  ᠲᠠᠪᠤᠨ︾  ᠵᠢᠯ   ᠤᠨ  ᠰᠠᠶᠢᠨ  ᠡᠬᠢᠯᠡᠯᠲᠡ   ᠶᠢ  ᠪᠡᠶᠡᠯᠡᠭᠦᠯᠵᠡᠢ  ᠃  ᠡᠳᠡᠭᠡᠷ  ᠠᠮᠵᠢᠯᠲᠠ  ᠪᠦᠲᠦᠮᠵᠢ  ᠪᠣᠯ  ᠠᠶᠢᠮᠠᠭ   ᠤᠨ  ᠨᠠᠮ   ᠤᠨ  ᠬᠤᠷᠢᠶ᠎ᠠ  ᠂  ᠠᠶᠢᠮᠠᠭ   ᠤᠨ  ᠵᠠᠬᠢᠷᠭ᠎ᠠ  ᠬᠢᠭᠡᠳ  ᠬᠤᠰᠢᠭᠤ  ᠨᠠᠮ   ᠤᠨ  ᠬᠤᠷᠢᠶᠠᠨ   ᠤ  ᠵᠥᠪ  ᠣᠨᠣᠪᠴᠢᠲᠠᠢ  ᠤᠳᠤᠷᠢᠳᠤᠯᠭ᠎ᠠ  ᠳᠣᠣᠷ᠎ᠠ᠂  ᠪᠦᠬᠦ  ᠬᠤᠰᠢᠭᠤᠨ   ᠤ  ᠺᠠᠲᠠᠷ  ᠣᠯᠠᠨ  ᠲᠦᠮᠡᠨ   ᠤ  ᠪᠦᠯᠬᠦᠮᠳᠡᠨ  ᠲᠡᠮᠡᠴᠡᠭᠰᠡᠨ   ᠤ  ᠦᠷ᠎ᠡ  ᠪᠦᠲᠦᠭᠡᠯ  ᠂  ᠨᠡᠩ  ᠴᠦ  ᠮᠠᠨ   ᠤ  ᠠᠷᠠᠳ   ᠤᠨ  ᠲᠥᠯᠥᠭᠡᠯᠡᠭᠴᠢᠳ  ᠂  ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ   ᠤᠨ   ᠴᠢᠩᠭ᠎ᠠ  ᠬᠢᠨᠠᠯᠲᠠ  ᠂  ᠢᠳᠡᠪᠬᠢ  ᠰᠠᠨᠠᠭᠤᠯᠭ᠎ᠠ  ᠪᠠ  ᠬᠦᠴᠦᠲᠡᠢ  ᠳᠡᠮᠵᠢᠯᠭᠡ   ᠶᠢᠨ  ᠦᠷ᠎ᠡ  ᠪᠦᠲᠦᠭᠡᠯ  ᠃  ᠠᠳᠡ  ᠪᠢ  ᠬᠤᠰᠢᠭᠤ  ᠵᠠᠰᠠᠭ   ᠤᠨ  ᠣᠷᠳᠣᠨ   ᠢ  ᠲᠥᠯᠥᠭᠡᠯᠡᠨ  ᠂  ᠪᠦᠬᠦ  ᠠᠷᠠᠳ   ᠤᠨ  ᠲᠥᠯᠥᠭᠡᠯᠡᠭᠴᠢ  ᠂  ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ  ᠂  ᠪᠦᠬᠦ  ᠬᠤᠰᠢᠭᠤᠨ   ᠤ  ᠡᠯ᠎ᠡ  ᠦᠨᠳᠦᠰᠦᠲᠡᠨ   ᠤ  ᠺᠠᠲᠠᠷ  ᠣᠯᠠᠨ  ᠲᠦᠮᠡᠨ  ᠂  ᠠᠵᠢᠯ   ᠢᠶᠠᠨ  ᠲᠠᠷᠬᠠᠯᠠᠬᠰᠠᠨ  ᠠᠬᠠᠮᠠᠳ  ᠨᠥᠬᠦᠳ  ᠵᠢᠴᠢ  ᠲᠠᠶᠢᠹᠤᠰᠧ  ᠬᠤᠰᠢᠭᠤᠨ   ᠤ  ᠠᠵᠤ  ᠠᠬᠤᠢ  ᠨᠡᠶᠢᠭᠡᠮ   ᠤᠨ  ᠬᠥᠭᠵᠢᠯᠲᠡ   ᠶᠢ  ᠬᠠᠯᠠᠮᠵᠢᠯᠠᠨ  ᠳᠡᠮᠵᠢᠵᠦ  ᠂  ᠤᠬᠠᠭᠠᠨ  ᠬᠦᠴᠦᠨ   ᠢᠶᠠᠨ  ᠡᠷᠭᠦᠵᠦ  ᠪᠦᠬᠦᠢ  ᠡᠯ᠎ᠡ  ᠡᠲᠡᠭᠡᠳ   ᠤᠨ   ᠬᠢᠨ   ᠳᠤ   ᠬᠦᠨᠳᠦᠳᠬᠡᠯ  ᠳᠡᠪᠰᠢᠭᠦᠯᠵᠦ  ᠂  ᠲᠠᠯᠠᠷᠬᠠᠯ  ᠠᠶᠢᠯᠠᠳᠬᠠᠶ᠎ᠠ  ︕           ᠠᠮᠵᠢᠯᠲᠠ   ᠪᠠᠨ  ᠪᠡᠯᠡᠭᠯᠡᠬᠦ   ᠶᠢᠨ  ᠬᠠᠮᠲᠤ  ᠂  ᠬᠥᠭᠵᠢᠯᠲᠡ   ᠶᠢᠨ  ᠳᠤᠮᠳᠠᠬᠢ  ᠣᠷᠣᠰᠢᠵᠤ  ᠪᠦᠬᠦᠢ  ᠠᠰᠠᠭᠤᠳᠠᠯ   ᠢᠶᠠᠨ  ᠰᠡᠷᠭᠡᠭ   ᠢᠶᠠᠷ  ᠲᠠᠨᠢᠬᠤ  ᠴᠢᠬᠤᠯᠠᠲᠠᠢ  ᠃  ᠨᠢᠭᠡ   ᠨᠢ  ᠬᠥᠭᠵᠢᠯᠲᠡ   ᠶᠢ  ᠰᠡᠳᠬᠢᠬᠦ  ᠶᠠᠪᠤᠴᠠ   ᠳᠤ  ᠠᠵᠤ  ᠠᠬᠤᠢ   ᠶᠢᠨ  ᠬᠦᠴᠦᠨ  ᠪᠠᠭᠤᠷᠠᠢ   ᠠᠴᠠ  ᠪᠣᠯᠵᠤ  ᠂  ᠵᠠᠷᠢᠮ  ᠰᠠᠶᠢᠨ  ᠲᠥᠷᠥᠯ  ᠵᠦᠢᠯ   ᠨᠢ  ᠪᠡᠯᠡ  ᠮᠥᠩᠭᠦᠨ   ᠤ  ᠳᠡᠮᠵᠢᠯᠭᠡ  ᠬᠦᠷᠦᠯᠴᠡᠬᠦ  ᠦᠭᠡᠢ  ᠂  ᠪᠦᠲᠦᠮᠵᠢᠲᠡᠢ  ᠬᠡᠷᠡᠭᠵᠢᠭᠦᠯᠬᠦ   ᠳᠤ  ᠪᠡᠷᠬᠡ  ᠪᠠᠶᠢᠭ᠎ᠠ  ᠃  ᠬᠤᠶᠠᠷ   ᠨᠢ  ᠠᠵᠤ  ᠠᠬᠤᠢ  ᠨᠡᠶᠢᠭᠡᠮ   ᠤᠨ  ᠦᠷᠭᠦᠯᠵᠢᠳᠡ  ᠬᠥᠭᠵᠢᠯᠲᠡ   ᠶᠢ  ᠳᠡᠮᠵᠢᠬᠦ  ᠰᠠᠭᠤᠷᠢ  ᠪᠠᠬᠢ  ᠪᠢᠰᠢ  ᠂  ᠲᠠᠷᠢᠶᠠᠯᠠᠩ  ᠮᠠᠯᠵᠢᠯ   ᠤᠨ  ᠪᠠᠶᠢᠭᠠᠯᠢ   ᠶᠢᠨ  ᠭᠠᠮᠰᠢᠭ   ᠢ  ᠲᠤᠯᠬᠤ  ᠴᠢᠳᠠᠪᠤᠷᠢ  ᠳᠣᠷᠣᠢ  ᠂  ᠠᠮᠢ  ᠠᠬᠤᠢ   ᠶᠢᠨ  ᠣᠷᠴᠢᠨ  ᠲᠣᠭᠤᠷᠢᠨ  ᠮᠥᠨ  ᠯᠡ ᠬᠠᠷᠢᠴᠠᠩᠭᠤᠢ  ᠬᠡᠦᠷᠡᠭ  ᠪᠠᠶᠢᠨ᠎ᠠ  ᠃  ᠰᠠᠭᠤᠷᠢ  ᠠᠵᠤ  ᠦᠢᠯᠡᠰ   ᠢ  ᠦᠷᠭᠦᠯᠵᠢᠯᠡᠨ  ᠪᠠᠬᠢᠵᠢᠭᠦᠯᠬᠦ  ᠪᠠ  ᠴᠢᠩᠭᠠᠳᠬᠠᠬᠤ  ᠴᠢᠬᠤᠯᠠᠲᠠᠢ  ᠪᠠᠶᠢᠵᠤ  ᠂  ᠰᠠᠭᠤᠷᠢ  ᠲᠥᠬᠦᠭᠡᠷᠦᠮᠵᠢ  ᠣᠨᠴᠠᠭᠠᠶᠢᠯᠠᠨ  ᠲᠠᠷᠢᠶᠠᠯᠠᠬᠤ  ᠮᠠᠯᠵᠢᠬᠤ  ᠣᠷᠣᠨ   ᠤ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢᠨ  ᠡᠭᠦᠷᠭᠡ  ᠪᠠᠰᠠ  ᠲᠤᠶᠢᠯ   ᠤᠨ  ᠬᠦᠨᠳᠦ  ᠪᠠᠶᠢᠭ᠎ᠠ  ︔  ᠭᠤᠷᠪᠠ   ᠨᠢ  ᠲᠠᠶᠢᠹᠤᠰᠧ  ᠬᠤᠰᠢᠭᠤᠨ ᠤ  ᠣᠷᠣᠨ  ᠪᠠᠶᠢᠴᠠ   ᠶᠢᠨ  ᠳᠠᠪᠠᠭᠤᠯᠢᠭ  ᠂  ᠬᠥᠮᠥᠨ   ᠤ  ᠬᠦᠴᠦᠨ   ᠤ  ᠰᠤᠷᠪᠤᠯᠵᠢ   ᠶᠢᠨ  ᠳᠠᠪᠠᠭᠤᠯᠢᠭ   ᠢᠶᠠᠨ  ᠪᠠᠰᠠ  ᠭᠦᠢᠴᠡᠳ  ᠪᠠᠳᠠᠷᠠᠭᠤᠯᠵᠤ  ᠳᠡᠶᠢᠯᠦᠭᠡᠳᠦᠢ  ᠂  ᠪᠡᠯᠡ  ᠣᠷᠤᠭᠤᠯᠤᠯᠲᠠ   ᠶᠢᠨ  ᠣᠷᠴᠢᠨ   ᠢᠶᠠᠨ  ᠰᠠᠶᠢᠵᠢᠷᠠᠭᠤᠯᠬᠤ  ᠴᠢᠬᠤᠯᠠᠲᠠᠢ  ︔  ᠳᠥᠷᠪᠡ   ᠨᠢ  ᠡᠯ᠎ᠡ  ᠱᠠᠲᠤᠨ   ᠤ  ᠺᠠᠲᠠᠷ   ᠤᠨ  ᠤᠯᠤᠰ   ᠤᠨ  ᠲᠥᠷᠥ   ᠶᠢᠨ  ᠪᠣᠳᠣᠯᠭ᠎ᠠ  ᠂  ᠴᠢᠮᠡᠭᠡ  ᠵᠠᠩᠭᠢ   ᠶᠢᠨ  ᠲᠤᠬᠠᠢ  ᠣᠶᠢᠯᠠᠭᠠᠯᠲᠠ  ᠡᠵᠡᠮᠰᠢᠯᠳᠡ  ᠬᠦᠷᠦᠯᠴᠡᠬᠦ  ᠦᠭᠡᠢ  ᠂  ᠲᠥᠷᠥᠯ  ᠵᠦᠢᠯ   ᠢ  ᠲᠡᠮᠡᠴᠡᠬᠦ  ᠬᠦᠴᠦᠯᠡᠴᠡ  ᠳᠤᠲᠠᠮᠠᠭ  ᠂  ᠠᠷᠭ᠎ᠠ  ᠪᠠᠷᠢᠯ  ᠣᠨᠣᠪᠴᠢ  ᠦᠭᠡᠢ  ᠪᠠᠶᠢᠨ᠎ᠠ  ︔  ᠲᠠᠪᠤ   ᠨᠢ  ᠡᠶ᠎ᠡ  ᠵᠣᠬᠢᠴᠠᠯᠳᠤ  ᠨᠡᠶᠢᠭᠡᠮ   ᠤᠨ  ᠪᠠᠶᠢᠭᠤᠯᠤᠯᠲᠠ   ᠶᠢᠨ  ᠳᠤᠮᠳᠠᠬᠢ  ᠵᠥᠷᠢᠴᠡᠯ  ᠪᠠ  ᠠᠰᠠᠭᠤᠳᠠᠯ  ᠵᠥᠩᠳᠡᠭᠡᠨ  ᠣᠷᠣᠰᠢᠵᠤ  ᠂  ᠨᠡᠶᠢᠭᠡᠮ   ᠤᠨ  ᠦᠢᠯᠡᠰ   ᠤᠨ  ᠬᠥᠭᠵᠢᠯᠲᠡ  ᠬᠠᠷᠢᠴᠠᠩᠭᠤᠢ   ᠪᠠᠷ  ᠬᠤᠴᠣᠷᠴᠤ  ᠂  ᠬᠡᠰᠡᠭ  ᠣᠯᠠᠨ  ᠲᠦᠮᠡᠨ   ᠤ  ᠠᠮᠢᠳᠤᠷᠠᠯ  ᠪᠠᠰᠠ  ᠲᠣᠩ  ᠬᠦᠴᠢᠷᠲᠡᠢ  ᠂  ᠨᠡᠶᠢᠭᠡᠮ   ᠤᠨ  ᠪᠠᠲᠤᠯᠠᠭᠠᠨ   ᠤ  ᠬᠢᠷᠢ  ᠲᠦᠪᠰᠢᠨ  ᠳᠣᠣᠷ᠎ᠠ  ᠂  ᠠᠵᠢᠯ  ᠣᠯᠬᠤ  ᠳᠠᠷᠤᠯᠲᠠ  ᠶᠡᠭᠡ  ︔ ᠪᠠᠶᠢᠵᠤ  ᠂  ᠣᠯᠠᠨ  ᠲᠦᠮᠡᠨᠴᠢ  ᠴᠢᠨᠠᠷᠲᠠᠢ  ᠵᠠᠭᠠᠯᠳᠤᠯᠭ᠎ᠠ  ᠰᠤᠷᠪᠤᠯᠵᠢᠯᠠᠯ   ᠤᠨ  ᠬᠡᠷᠡᠭ  ᠲᠠᠰᠤᠷᠠᠬᠤ  ᠦᠭᠡᠢ  ᠪᠠᠶᠢᠨ᠎ᠠ  ᠃  ᠡᠭᠦᠨ   ᠤ  ᠬᠠᠮᠲᠤ  ᠂  ᠵᠠᠰᠠᠭ   ᠤᠨ  ᠠᠵᠢᠯᠲᠠᠨ   ᠤ  ᠠᠷᠠᠳ  ᠲᠦᠮᠡᠨ   ᠤ  ᠰᠢᠳᠤᠷᠭᠤ  ᠵᠠᠷᠤᠴᠠ   ᠶᠢᠨ  ᠣᠶᠢᠯᠠᠭᠠᠭᠳᠠᠬᠤᠨ  ᠪᠠ  ᠬᠠᠤᠯᠢ  ᠳᠦᠷᠢᠮ   ᠤᠨ  ᠲᠤᠬᠠᠢ  ᠣᠶᠢᠯᠠᠭᠠᠭᠳᠠᠬᠤᠨ   ᠢ  ᠤᠯᠠᠮ  ᠢᠯᠡᠭᠦᠦ  ᠴᠢᠩᠭᠠᠳᠬᠠᠬᠤ  ᠬᠡᠷᠡᠭᠲᠡᠢ  ᠃  ᠦᠢᠯᠡᠴᠢᠯᠡᠭᠡᠨ   ᠤ  ᠬᠢᠷᠢ  ᠲᠦᠪᠰᠢᠨ  ᠪᠠ  ᠶᠡᠭᠡ  ᠲᠠᠯ᠎ᠠ   ᠶᠢᠨ  ᠣᠶᠢᠯᠠᠭᠠᠭᠳᠠᠬᠤᠨ   ᠢ  ᠪᠠᠰᠠ  ᠦᠷᠭᠦᠯᠵᠢᠯᠡᠨ  ᠨᠡᠮᠡᠭᠳᠡᠭᠦᠯᠬᠦ  ᠬᠡᠷᠡᠭᠲᠡᠢ  ᠃  ᠪᠢᠳᠠ  ᠡᠳᠡᠭᠡᠷ  ᠠᠰᠠᠭᠤᠳᠠᠯ   ᠢ  ᠳᠡᠭᠡᠳᠦ  ᠬᠡᠮᠵᠢᠶ᠎ᠡ   ᠪᠠᠷ  ᠬᠦᠨᠳᠦᠳᠬᠡᠨ  ᠴᠢᠬᠤᠯᠠᠴᠢᠯᠠᠵᠤ  ᠂  ᠬᠤᠶᠢᠰᠢᠳᠠ   ᠶᠢᠨ  ᠠᠵᠢᠯ  ᠳᠤᠮᠳᠠ   ᠪᠠᠨ  ᠡᠷᠴᠢᠮᠲᠡᠢ  ᠰᠠᠶᠢᠨ  ᠠᠷᠭ᠎ᠠ  ᠪᠠᠷᠢᠯ   ᠢ  ᠠᠪᠴᠤ  ᠂  ᠨᠢᠮᠪᠠᠢ  ᠰᠢᠢᠳᠪᠦᠷᠢᠯᠡᠬᠦ  ᠴᠢᠬᠤᠯᠠᠲᠠᠢ  ᠪᠠᠶᠢᠨ᠎ᠠ  ᠃          ᠬᠤᠶᠠᠷ  ᠂  2007  ᠣᠨ   ᠤ  ᠭᠤᠣᠯ  ᠪᠣᠯᠬᠤ  ᠠᠵᠢᠯ  ᠡᠭᠦᠷᠭᠡ          2007  ᠣᠨ   ᠳᠤ  ᠪᠦᠬᠦ  ᠬᠤᠰᠢᠭᠤ   ᠪᠠᠷ   ᠢᠶᠠᠨ  ︽ᠠᠷᠪᠠᠨ  ᠨᠢᠭᠡᠳᠦᠭᠡᠷ  ᠲᠠᠪᠤᠨ︾  ᠵᠢᠯ   ᠤᠨ  ᠲᠥᠯᠥᠪᠵᠢᠭᠦᠯᠭᠡ   ᠶᠢᠨ  ᠶᠡᠷᠦᠩᠬᠡᠢ ᠰᠡᠳᠬᠢᠴᠡ  ᠱᠠᠭᠠᠷᠳᠠᠯᠭ᠎ᠠ  ᠶᠣᠰᠣᠭᠠᠷ  ᠂  ᠳ᠋ᠧᠩ  ᠰᠢᠶᠤᠤ  ᠫᠢᠩ   ᠤᠨ  ᠣᠨᠣᠯ  ᠪᠠ  ︽ᠭᠤᠷᠪᠠ   ᠶᠢ  ᠲᠥᠯᠥᠭᠡᠯᠡᠬᠦ︾  ᠴᠢᠬᠤᠯᠠ  ᠦᠵᠡᠯ  ᠰᠠᠨᠠᠭ᠎ᠠ   ᠪᠠᠷ  ᠵᠢᠯᠣᠭᠤᠳᠤᠭᠤᠯᠵᠤ  ᠂  ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ   ᠪᠠᠷ  ᠪᠦᠬᠦ  ᠲᠠᠯ᠎ᠠ   ᠶᠢ  ᠤᠳᠤᠷᠢᠳᠤᠨ ᠳᠠᠶᠢᠴᠢᠯᠠᠵᠤ  ᠂  ︽ᠬᠤᠲᠠ  ᠬᠥᠳᠡᠭᠡ   ᠶᠢᠨ  ᠬᠥᠭᠵᠢᠯᠲᠡ   ᠶᠢ  ᠨᠢᠭᠡᠳᠦᠯᠲᠡᠢ  ᠲᠥᠯᠥᠪᠵᠢᠭᠦᠯᠦᠨ  ᠂  ᠭᠤᠷᠪᠠᠵᠢᠭᠤᠯᠤᠯᠲᠠ   ᠶᠢᠨ  ᠬᠠᠷᠢᠯᠴᠠᠨ  ᠳᠠᠶᠢᠴᠢᠯᠠᠯᠲᠠ   ᠶᠢ  ᠪᠠᠷᠢᠮᠲᠠᠯᠠᠵᠤ  ᠂  ᠣᠷᠣᠯᠭ᠎ᠠ   ᠶᠢ  ᠨᠡᠮᠡᠭᠳᠡᠭᠦᠯᠵᠦ  ᠂  ᠠᠷᠠᠳ   ᠢᠶᠠᠨ  ᠪᠠᠶᠠᠵᠢᠭᠤᠯᠬᠤ  ᠳᠡᠭᠡᠷ᠎ᠡ  ᠬᠦᠴᠦ  ᠲᠠᠯᠪᠢᠨ  ᠂  ᠡᠶ᠎ᠡ  ᠵᠣᠬᠢᠴᠠᠯᠳᠤ  ᠲᠠᠶᠢᠹᠤᠰᠧ  ᠬᠤᠰᠢᠭᠤ   ᠶᠢ  ᠴᠣᠭᠴᠠᠯᠠᠨ  ᠪᠠᠶᠢᠭᠤᠯᠬᠤ︾  ᠵᠢᠯᠣᠭᠤᠳᠬᠤ  ᠵᠠᠷᠴᠢᠮ   ᠢ  ᠵᠢᠷᠤᠮᠯᠠᠵᠤ  ᠂  ᠠᠮᠢ  ᠠᠬᠤᠢ   ᠪᠠᠷ  ᠬᠤᠰᠢᠭᠤ   ᠪᠠᠨ  ᠪᠠᠶᠢᠭᠤᠯᠬᠤ  ᠭᠤᠶᠢᠪᠢᠰᠢ  ᠦᠭᠡᠢ  ᠦᠵᠡᠯ  ᠰᠠᠨᠠᠭ᠎ᠠ   ᠶᠢ  ᠪᠠᠷᠢᠮᠲᠠᠯᠠᠨ  ᠂  ᠲᠠᠷᠢᠶᠠᠯᠠᠩ  ᠮᠠᠯᠵᠢᠯ   ᠤᠨ  ᠠᠵᠤ  ᠦᠢᠯᠡᠰᠵᠢᠯᠲᠡ  ᠂  ᠰᠢᠨ᠎ᠡ  ᠮᠠᠶ᠋ᠢᠭ   ᠤᠨ  ᠠᠵᠤ  ᠦᠢᠯᠡᠳᠪᠦᠷᠢᠵᠢᠯᠲᠡ  ᠪᠣᠯᠣᠨ  ᠬᠤᠲᠠ  ᠪᠠᠯᠭᠠᠰᠤᠵᠢᠯᠲᠠ   ᠶᠢᠨ  ᠠᠬᠢᠴᠠ   ᠶᠢ  ᠲᠦᠷᠭᠡᠳᠬᠡᠵᠦ  ᠂  ᠰᠠᠭᠤᠷᠢ  ᠲᠥᠬᠦᠭᠡᠷᠦᠮᠵᠢ   ᠶᠢᠨ  ᠨᠥᠬᠦᠴᠡᠯ   ᠢ  ᠲᠠᠬᠢᠨᠳᠠ  ᠰᠠᠶᠢᠵᠢᠷᠠᠭᠤᠯᠵᠤ  ᠂  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠰᠠᠭᠤᠷᠢ   ᠶᠢ  ᠪᠠᠬᠢᠵᠢᠭᠦᠯᠦᠨ  ᠂  ︽ᠬᠥᠮᠥᠨ   ᠢᠶᠠᠷ  ᠦᠨᠳᠦᠰᠦ  ᠪᠣᠯᠭᠠᠬᠤ︾   ᠶᠢ  ᠪᠠᠷᠢᠮᠲᠠᠯᠠᠵᠤ  ᠂  ᠨᠡᠶᠢᠭᠡᠮ   ᠤᠨ  ᠦᠢᠯᠡᠰ   ᠢ  ᠬᠥᠭᠵᠢᠭᠦᠯᠵᠦ  ᠂  ᠨᠡᠶᠢᠲᠡ   ᠶᠢᠨ  ᠦᠢᠯᠡᠴᠢᠯᠡᠭᠡ   ᠶᠢ  ᠰᠠᠶᠢᠵᠢᠷᠠᠭᠤᠯᠤᠨ  ᠂  ᠤᠯᠤᠰ  ᠠᠷᠠᠳ   ᠤᠨ  ᠠᠵᠤ  ᠠᠬᠤᠢ   ᠶᠢᠨ  ᠦᠰᠦᠷᠦᠩᠭᠦᠢ  ᠬᠥᠭᠵᠢᠯᠲᠡ  ᠂  ᠬᠥᠮᠥᠨ  ᠪᠠᠶᠢᠭᠠᠯᠢ   ᠶᠢᠨ  ᠡᠶ᠎ᠡ  ᠵᠣᠬᠢᠴᠠᠯᠳᠤ  ᠬᠥᠭᠵᠢᠯᠲᠡ  ᠪᠣᠯᠣᠨ  ᠠᠵᠤ  ᠠᠬᠤᠢ  ᠨᠡᠶᠢᠭᠡᠮ   ᠤᠨ  ᠪᠦᠬᠦ  ᠲᠠᠯ᠎ᠠ   ᠶᠢᠨ  ᠵᠣᠬᠢᠴᠠᠩᠭᠤᠢ  ᠦᠷᠭᠦᠯᠵᠢᠯᠡᠭᠰᠡᠨ  ᠬᠥᠭᠵᠢᠯᠲᠡ   ᠶᠢ  ᠴᠢᠷᠮᠠᠶᠢᠨ  ᠪᠡᠶᠡᠯᠡᠭᠦᠯᠦᠨ᠎ᠡ  ᠃  ᠬᠥᠭᠵᠢᠯᠲᠡ   ᠶᠢᠨ  ᠭᠤᠣᠯ  ᠪᠣᠯᠬᠤ  ᠤᠷᠢᠳᠴᠢᠯᠠᠭᠰᠠᠨ  ᠬᠠᠷᠠᠯᠲᠠ  ᠪᠣᠯ  ᠄   ᠣᠷᠣᠨ ᠨᠤᠳᠤᠭ  ᠤᠨ ᠦᠢᠯᠡᠳᠪᠦᠷᠢᠯᠡᠯ   ᠤᠨ  ᠶᠡᠷᠦᠩᠬᠡᠢ  ᠥᠷᠲᠡᠭ   ᠢ 15.9 ᠳ᠋ᠦᠩᠰᠢᠭᠤᠷ  ᠲᠥᠭᠦᠷᠢᠭ   ᠲᠤ  ᠬᠦᠷᠭᠡᠨ  ᠂  ᠠᠳᠠᠯᠢ  ᠬᠤᠭᠤᠴᠠᠭᠠᠨ   ᠤ   ᠬᠢ   ᠠᠴᠠ 15.2%   ᠢᠶᠠᠷ  ᠨᠡᠮᠡᠭᠳᠡᠭᠦᠯᠦᠨ᠎ᠡ᠃  ᠡᠭᠦᠨ   ᠳᠤ  ᠂  ᠨᠢᠭᠡᠳᠦᠭᠡᠷ  ᠠᠵᠤ  ᠦᠢᠯᠡᠰ   ᠤᠨ  ᠨᠡᠮᠡᠭᠳᠡᠯ  ᠥᠷᠳᠡᠭ   ᠢ 5.7 ᠳ᠋ᠦᠩᠰᠢᠭᠤᠷ   ᠲᠤ  ᠬᠦᠷᠭᠡᠵᠦ᠂ 7.5%   ᠪᠠᠷ  ᠨᠡᠮᠡᠭᠳᠡᠭᠦᠯᠦᠨ︔  ᠬᠤᠶᠠᠳᠤᠭᠠᠷ  ᠠᠵᠤ  ᠦᠢᠯᠡᠰ   ᠤᠨ  ᠨᠡᠮᠡᠭᠳᠡᠯ  ᠥᠷᠲᠡᠭ   ᠢ 4.9 ᠳ᠋ᠦᠩᠰᠢᠭᠤᠷ   ᠲᠤ  ᠬᠦᠷᠭᠡᠵᠦ  ᠂ 25.6%   ᠪᠠᠷ  ᠨᠡᠮᠡᠭᠳᠡᠭᠦᠯᠵᠦ  ︔  ᠭᠤᠷᠪᠠᠳᠤᠭᠠᠷ  ᠠᠵᠤ  ᠦᠢᠯᠡᠰ   ᠤᠨ  ᠨᠡᠮᠡᠭᠳᠡᠯ  ᠥᠷᠲᠡᠭ 5.3  ᠳ᠋ᠦᠩᠰᠢᠭᠤᠷ   ᠲᠤ  ᠬᠦᠷᠭᠡᠨ  ᠂  15.2%   ᠢᠶᠠᠷ  ᠨᠡᠮᠡᠭᠳᠡᠭᠦᠯᠦᠨ᠎ᠡ  ᠃  ᠡᠳ᠋   ᠤᠨ  ᠵᠠᠰᠠᠭ   ᠤᠨ  ᠶᠡᠷᠦᠩᠬᠡᠢ  ᠣᠷᠣᠯᠭ᠎ᠠ   ᠶᠢ 1  ᠳ᠋ᠦᠩᠰᠢᠭᠤᠷ  ᠲᠥᠭᠦᠷᠢᠭ   ᠲᠤ  ᠬᠦᠷᠭᠡᠨ  ᠂  17.3%   ᠪᠠᠷ  ᠨᠡᠮᠡᠭᠳᠡᠭᠦᠯᠦᠨ᠂  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠲᠡᠭᠰᠢᠳᠬᠡᠭᠰᠡᠨ  ᠣᠷᠣᠯᠭ᠎ᠠ 7300  ᠲᠥᠭᠦᠷᠢᠭ   ᠲᠤ  ᠬᠦᠷᠭᠡᠵᠦ  ᠂ 547  ᠲᠥᠭᠦᠷᠢᠭ  ᠨᠡᠮᠡᠭᠳᠡᠭᠦᠯᠦᠨ  ᠂  ᠲᠠᠷᠢᠶᠠᠴᠢᠨ  ᠮᠠᠯᠴᠢᠳ   ᠤᠨ  ᠲᠡᠭᠰᠢᠳᠬᠡᠭᠰᠡᠨ  ᠣᠷᠣᠯᠭ᠎ᠠ   ᠶᠢ ᠲᠤᠰ  ᠪᠦᠷᠢ 2850 ᠲᠥᠭᠦᠷᠢᠭ  ᠪᠠ 3660  ᠲᠥᠭᠦᠷᠢᠭ   ᠲᠤ  ᠬᠦᠷᠭᠡᠨ᠂  ᠲᠣᠰ ᠪᠦᠷᠢ 242 ᠲᠥᠭᠦᠷᠢᠭ  ᠪᠠ 256  ᠲᠥᠭᠦᠷᠢᠭ  ᠥᠰᠬᠡᠨ᠎ᠡ  ︔  ᠪᠦᠬᠦ  ᠨᠡᠶᠢᠭᠡᠮ   ᠤᠨ  ᠲᠣᠭᠲᠠᠮᠠᠯ  ᠬᠥᠷᠥᠩᠭᠡ   ᠶᠢᠨ  ᠪᠡᠯᠡ  ᠣᠷᠤᠭᠤᠯᠤᠯᠲᠠ ᠶᠢ 11 ᠳ᠋ᠦᠩᠰᠢᠭᠤᠷ  ᠲᠥᠭᠦᠷᠢᠭ   ᠲᠤ    ᠬᠦᠷᠭᠡᠵᠦ  ᠂ 54.9%   ᠪᠠᠷ  ᠨᠡᠮᠡᠭᠳᠡᠭᠦᠯᠦᠨ᠎ᠡ  ︔  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠲᠡᠮᠡᠴᠡᠬᠦ  ᠬᠠᠷᠠᠯᠲᠠ   ᠶᠢ  ᠪᠡᠶᠡᠯᠡᠭᠦᠯᠬᠦ   ᠳᠤ   ᠵᠠᠰᠠᠭ   ᠤᠨ  ᠣᠷᠳᠣᠨ   ᠨᠢ  ᠬᠥᠭᠵᠢᠯᠲᠡ   ᠶᠢ  ᠠᠬᠢᠭᠤᠯᠵᠤ  ᠂  ᠠᠷᠠᠳ   ᠤᠨ  ᠠᠮᠢᠳᠤᠷᠠᠯ   ᠢ  ᠠᠩᠬᠠᠷᠤᠨ  ᠂  ᠪᠠᠶᠢᠭᠤᠯᠤᠮᠵᠢ   ᠶᠢ  ᠰᠢᠨᠡᠳᠬᠡᠨ  ᠂  ᠲᠣᠭᠲᠠᠭᠤᠨ   ᠢ  ᠪᠠᠲᠤᠯᠠᠵᠤ  ᠂  ᠬᠠᠤᠯᠢ  ᠶᠣᠰᠣᠭᠠᠷ  ᠵᠠᠰᠠᠭ  ᠶᠠᠪᠤᠭᠤᠯᠬᠤ   ᠶᠢ  ᠪᠠᠷᠢᠮᠲᠠᠯᠠᠬᠤ  ᠬᠡᠷᠡᠭᠲᠡᠢ  ᠃  ᠡᠩ  ᠲᠡᠷᠢᠭᠦᠨ   ᠳᠤ  ᠂  ᠬᠥᠭᠵᠢᠯᠲᠡ   ᠶᠢᠨ  ᠲᠡᠷᠢᠭᠦᠨ  ᠴᠢᠬᠤᠯᠠ  ᠡᠭᠦᠷᠭᠡ   ᠶᠢ  ᠪᠠᠲᠤ  ᠡᠵᠡᠮᠰᠢᠵᠦ  ᠂  ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ   ᠶᠢ  ᠪᠠᠷᠢᠮᠲᠠᠯᠠᠨ  ᠂  ᠬᠥᠭᠵᠢᠯᠲᠡ   ᠪᠠᠨ  ᠲᠦᠷᠭᠡᠳᠬᠡᠵᠦ  ᠂  ᠬᠡᠮᠵᠢᠶ᠎ᠡ   ᠶᠢ  ᠥᠷᠭᠡᠳᠬᠡᠨ  ᠂  ᠪᠦᠲᠦᠴᠡ   ᠶᠢ  ᠰᠢᠯᠢᠳᠡᠭᠵᠢᠭᠦᠯᠵᠦ  ᠂  ᠦᠷ᠎ᠡ  ᠠᠰᠢᠭ   ᠢ  ᠨᠡᠮᠡᠭᠳᠡᠭᠦᠯᠬᠦ   ᠠᠴᠠ  ᠡᠭᠦᠰᠴᠦ  ︔  ᠬᠥᠮᠥᠨ   ᠢᠶᠠᠷ  ᠦᠨᠳᠦᠰᠦ  ᠪᠣᠯᠭᠠᠬᠤ   ᠶᠢ  ᠪᠠᠷᠢᠮᠲᠠᠯᠠᠨ  ᠂  ᠠᠷᠠᠳ  ᠣᠯᠠᠨ   ᠤ  ᠦᠨᠳᠦᠰᠦᠨ  ᠠᠰᠢᠭ  ᠲᠤᠰᠠ   ᠶᠢ  ᠪᠡᠶᠡᠯᠡᠭᠦᠯᠵᠦ  ᠂  ᠬᠥᠭᠵᠢᠭᠦᠯᠵᠦ  ᠂  ᠬᠠᠮᠠᠭᠠᠯᠠᠬᠤ  ᠠᠵᠢᠯ   ᠢ  ᠵᠠᠰᠠᠭ   ᠤᠨ  ᠠᠵᠢᠯ   ᠤᠨ  ᠡᠭᠦᠰᠴᠡ  ᠪᠠ  ᠵᠣᠭᠰᠣᠴᠠ   ᠪᠠᠨ  ᠪᠣᠯᠭᠠᠵᠤ  ᠂  ᠠᠷᠠᠳ  ᠲᠦᠮᠡᠨ   ᠤ  ᠬᠠᠮᠤᠭ   ᠠᠴᠠ  ᠬᠠᠯᠠᠮᠵᠢᠯᠠᠵᠤ  ᠪᠦᠬᠦᠢ  ᠂  ᠬᠠᠮᠤᠭ   ᠤᠨ  ᠰᠢᠭᠤᠳ  ᠂  ᠬᠠᠮᠤᠭ ᠤᠨ  ᠪᠣᠳᠠᠲᠠᠢ  ᠠᠰᠢᠭ  ᠲᠤᠰᠠ   ᠶᠢᠨ  ᠠᠰᠠᠭᠤᠳᠠᠯ   ᠢ  ᠦᠨᠡᠨᠬᠦ  ᠰᠢᠢᠳᠪᠦᠷᠢᠯᠡᠨ᠎ᠡ  ︔  ᠦᠵᠡᠯ  ᠰᠠᠨᠠᠭ᠎ᠠ   ᠪᠠᠨ  ᠴᠢᠯᠦᠭᠡᠯᠡᠵᠦ  ᠂  ᠵᠠᠮ  ᠨᠡᠭᠡᠭᠡᠨ  ᠵᠣᠷᠢᠭᠲᠠᠢ  ᠤᠷᠤᠭᠰᠢᠯᠠᠵᠤ  ᠂  ᠥᠭᠡᠷᠡᠴᠢᠯᠡᠯᠲᠡ  ᠨᠡᠭᠡᠭᠡᠯᠲᠡ   ᠶᠢᠨ  ᠠᠷᠭ᠎ᠠ   ᠪᠠᠷ  ᠬᠥᠭᠵᠢᠯᠲᠡ   ᠶᠢᠨ  ᠳᠤᠮᠳᠠᠬᠢ  ᠬᠦᠴᠢᠷᠳᠡᠯ  ᠠᠰᠠᠭᠤᠳᠠᠯ   ᠢᠶᠠᠨ  ᠰᠢᠢᠳᠪᠦᠷᠢᠯᠡᠨ  ᠂  ᠬᠥᠭᠵᠢᠯᠲᠡ   ᠶᠢᠨ  ᠬᠥᠳᠡᠯᠭᠡᠬᠦ  ᠬᠦᠴᠦᠨ  ᠪᠠ  ᠠᠮᠢᠵᠢᠷᠠᠯ   ᠤᠨ  ᠬᠦᠴᠦᠨ   ᠢᠶᠠᠨ  ᠨᠡᠮᠡᠭᠳᠡᠭᠦᠯᠬᠦ  ᠬᠡᠷᠡᠭᠲᠡᠢ  ︔  ᠡᠯ᠎ᠡ  ᠲᠠᠯ᠎ᠠ   ᠶᠢᠨ  ᠠᠰᠢᠭ  ᠲᠤᠰᠠ   ᠶᠢᠨ  ᠬᠠᠷᠢᠴᠠᠭ᠎ᠠ   ᠶᠢ  ᠨᠢᠭᠡᠳᠦᠯᠲᠡᠢ  ᠲᠥᠯᠥᠪᠵᠢᠭᠦᠯᠵᠦ  ᠂  ᠡᠯ᠎ᠡ  ᠲᠥᠷᠥᠯ   ᠤᠨ  ᠵᠥᠷᠢᠴᠡᠯ  ᠮᠥᠷᠭᠦᠯᠳᠦᠭᠡᠨ   ᠢ  ᠵᠣᠬᠢᠷᠠᠮᠵᠢᠲᠠᠢ  ᠠᠭᠤᠰᠬᠠᠨ  ᠰᠢᠢᠳᠪᠦᠷᠢᠯᠡᠵᠦ  ᠂  ᠨᠡᠶᠢᠭᠡᠮ   ᠤᠨ  ᠲᠣᠭᠲᠠᠭᠤᠨ   ᠢ  ᠬᠠᠮᠠᠭᠠᠯᠠᠨ  ᠂  ᠡᠶ᠎ᠡ  ᠵᠣᠬᠢᠴᠠᠯᠳᠤ  ᠲᠠᠶᠢᠹᠤᠰᠧ  ᠬᠤᠰᠢᠭᠤ   ᠶᠢ  ᠡᠭᠦᠳᠦᠨ  ᠪᠠᠶᠢᠭᠤᠯᠤᠨ᠎ᠠ  ︔  ᠬᠠᠤᠯᠢ  ᠶᠣᠰᠣᠭᠠᠷ  ᠠᠵᠢᠯ  ᠬᠢᠵᠦ  ᠂  ᠬᠠᠤᠯᠢ  ᠶᠣᠰᠣᠭᠠᠷ  ᠵᠠᠰᠠᠭ  ᠶᠠᠪᠤᠭᠤᠯᠤᠨ  ᠂  ᠬᠥᠭᠵᠢᠯᠲᠡ   ᠶᠢᠨ  ᠣᠬᠢ  ᠰᠠᠶᠢᠨ  ᠣᠷᠴᠢᠨ  ᠲᠣᠭᠤᠷᠢᠨ   ᠢ  ᠡᠭᠦᠳᠬᠦ  ᠬᠡᠷᠡᠭᠲᠡᠢ  ᠃            2007  ᠣᠨ   ᠳᠤ  ᠭᠤᠣᠯᠳᠠᠭᠤ  ᠳᠣᠣᠷᠠᠬᠢ  6  ᠲᠠᠯ᠎ᠠ   ᠶᠢᠨ  ᠠᠵᠢᠯ   ᠢ  ᠰᠠᠶᠢᠲᠤᠷ  ᠬᠢᠬᠦ  ᠴᠢᠬᠤᠯᠠᠲᠠᠢ  ᠪᠠᠶᠢᠨ᠎ᠠ  ᠄           ︵ᠨᠢᠭᠡ︶ ᠨᠡᠶᠢᠭᠡᠮ ᠵᠢᠷᠤᠮᠳᠤ ᠰᠢᠨ᠎ᠡ ᠬᠦᠳᠡᠭᠡ ᠲᠤᠰᠬᠤᠨ‌ᠮᠠᠯᠵᠢᠬᠤ ᠤᠷᠤᠨ ᠤ ᠪᠦᠳᠦᠭᠡᠨ ᠪᠠᠶᠢᠭᠤᠯᠤᠯᠳᠠ ᠶᠢ ᠲᠤᠪᠤᠶᠢᠯᠭᠠᠵᠤ᠂ ᠲᠠᠷᠢᠶᠠᠯᠠᠩ ᠮᠠᠯᠵᠢᠯ  ᠤᠨ ᠠᠵᠦ ᠦᠢᠯᠡᠰᠵᠢᠯᠳᠡ ᠶᠢᠨ ᠠᠬᠢᠴᠠ ᠢ ᠲᠦᠷᠭᠡᠳᠬᠡᠨ᠎ᠡ᠃          ᠤᠳᠤᠬᠢᠴᠢᠯᠠᠭᠰᠠᠨ ᠲᠠᠷᠢᠶᠠᠯᠠᠩ ᠮᠠᠯᠵᠢᠯ ᠤᠨ ᠬᠦᠭᠵᠢᠯᠳᠡ ᠶᠢ ᠨᠡᠶᠢᠭᠡᠮ ᠵᠢᠷᠤᠮᠳᠤ ᠰᠢᠨ᠎ᠡ ᠬᠦᠳᠡᠭᠡ ᠲᠤᠰᠬᠤᠨ‌ᠮᠠᠯᠵᠢᠬᠤ ᠤᠷᠤᠨ ᠤ ᠪᠠᠶᠢᠭᠤᠯᠤᠯᠳᠠ ᠶᠢ ᠠᠬᠢᠭᠤᠯᠬᠤ ᠬᠦᠴᠦᠯᠡᠬᠦ ᠴᠡᠭ ᠪᠤᠯᠭᠠᠵᠤ᠂ ᠮᠠᠯᠴᠢᠨ ᠲᠠᠷᠢᠶᠠᠴᠢᠨ ᠤ ᠤᠷᠤᠯᠭ᠎ᠠ ᠶᠢ ᠨᠡᠮᠡᠭᠳᠡᠭᠦᠯᠬᠦ  ᠪᠠᠷ ᠭᠤᠤᠯ ᠴᠢᠮᠦᠭᠡ ᠪᠤᠯᠭᠠᠨ᠂ ᠮᠠᠯ ᠲᠠᠷᠢᠶᠠᠯᠠᠩ ᠤᠨ ᠪᠦᠳᠦᠭᠡᠭᠳᠡᠭᠦᠨ ᠤ ᠴᠢᠨᠠᠷ ᠪᠠ ᠡᠷᠬᠢᠯᠳᠡ  ᠶᠢᠨ ᠨᠤᠷᠮ᠎ᠠ ᠶᠢ ᠨᠡᠮᠡᠭᠳᠡᠭᠦᠯᠬᠦ  ᠪᠠᠷ ᠭᠤᠤᠯᠳᠠᠯᠭ᠎ᠠ ᠪᠤᠯᠭᠠᠨ᠂ ᠴᠢᠨᠠᠷᠯᠢᠭ᠂ ᠦᠨᠳᠦᠷ ᠤᠨᠠᠯᠳᠠᠳᠣ᠂ ᠦᠷ᠎ᠡ ᠠᠰᠢᠭᠳᠤ᠂ ᠠᠮᠢ ᠠᠬᠤᠶᠢᠵᠢᠭᠰᠠᠨ᠂ ᠠᠶᠦᠯᠭᠦᠢ ᠲᠠᠷᠢᠶᠠᠯᠠᠩ‌ᠮᠠᠯ ᠠᠵᠦ ᠠᠬᠤᠢ ᠶᠢ ᠬᠦᠭᠵᠢᠬᠦᠯᠵᠦ᠂ ᠲᠠᠷᠢᠶᠠᠯᠠᠩ‌ᠮᠠᠯᠵᠢᠯ ‍ᠣᠨ‌ᠠᠵᠦ ᠦᠢᠯᠡᠰᠵᠢᠯᠳᠡ ᠶᠢᠨ ᠠᠬᠢᠴᠠ ᠶᠢ ᠬᠦᠴᠦᠯᠡᠨ ᠲᠦᠷᠭᠡᠳᠬᠡᠵᠦ᠂ ᠲᠠᠷᠢᠶᠠᠯᠠᠩ ᠮᠠᠯᠵᠢᠯ ᠤᠨ ᠪᠦᠬᠦᠶᠢᠯᠨ ᠴᠤᠭᠴᠠ ᠶᠢᠨ ᠦᠷᠢᠰᠦᠯᠳᠦᠭᠡᠨ ᠤ ᠴᠢᠳᠠᠪᠤᠷᠢ ᠶᠢ ᠨᠡᠮᠡᠭᠳᠡᠬᠦᠯᠦᠨ᠎ᠡ᠃        ᠨᠢᠭᠡ  ᠳᠤ᠂ ᠤᠨᠴᠠᠯᠢᠭᠳᠣ᠂ ᠭᠤᠤᠯᠯᠠᠬᠤ ᠠᠵᠦ ᠦᠢᠯᠡᠰ  ᠤᠨ ᠬᠦᠭᠵᠢᠯᠳᠡ  ᠶᠢ ᠲᠦᠷᠭᠡᠳᠬᠡᠨ᠂  ᠲᠠᠷᠢᠶᠠᠯᠠᠩ ᠮᠠᠯ ᠠᠵᠦ ᠠᠬᠤᠢ  ᠶᠢᠨ ᠠᠵᠦ ᠦᠢᠯᠡᠰᠵᠢᠭᠰᠡᠨ ᠡᠵᠡᠩᠨᠡᠯᠳᠡ  ᠶᠢ ᠠᠬᠢᠭᠤᠯᠤᠨ᠎ᠠ᠃  ᠵᠠᠬ᠎ᠠ ᠳᠡᠯᠭᠡᠭᠦᠷ  ᠢᠶᠠᠷ ᠵᠠᠮᠴᠢᠯᠠᠭᠤᠯᠵᠤ᠂ ᠲᠠᠷᠢᠶᠠᠯᠠᠩ ᠮᠠᠯ ᠠᠵᠦ ᠠᠬᠤᠢ  ᠶᠢᠨ ᠠᠵᠦ ᠦᠢᠯᠡᠰ  ᠤᠨ ᠪᠦᠳᠦᠴᠡ ᠪᠠ ᠤᠷᠤᠨ ᠪᠦᠰᠡ  ᠶᠢᠨ ᠪᠠᠶᠢᠷᠢᠰᠢᠭᠤᠯᠤᠯᠳᠠ  ᠶᠢ ᠰᠢᠯᠢᠳᠡᠭᠵᠢᠬᠦᠯᠵᠦ᠂ ᠤᠨᠴᠠᠯᠢᠭᠳᠤ ᠲᠠᠪᠠᠭᠤᠯᠢᠭ ᠠᠵᠦ ᠦᠢᠯᠡᠰ  ᠤᠨ ᠰᠠᠭᠤᠷᠢᠨ  ᠤ ᠪᠦᠳᠦᠭᠡᠨ ᠪᠠᠶᠢᠭᠤᠯᠤᠯᠳᠠ  ᠶᠢᠨ  ᠶᠢ ᠶᠡᠬᠡᠰᠭᠡᠨ᠎ᠡ᠃ ᠢᠳᠡᠰᠢᠨ ᠨᠤᠭᠤᠭᠠᠨ  ᠤ ᠲᠠᠷᠢᠬᠤ ᠲᠠᠯᠠᠪᠠᠢ 15 ᠮᠤ᠋  ᠶᠢ ᠪᠠᠳᠤᠯᠠᠵᠤ᠂ ᠬᠠᠮᠠᠭᠠᠯᠠᠯᠳᠠ  ᠶᠢᠨ ᠴᠢᠨᠠᠷᠳᠠᠢ  ᠲᠠᠷᠢᠮᠠᠯ  ᠲᠠᠯᠠᠪᠠᠢ   ᠶᠢ  ᠦᠷᠭᠦᠯᠵᠢᠯᠡᠨ  ᠶᠡᠬᠡᠰᠬᠡᠵᠦ  ᠂ 2000  ᠰᠠᠭᠤᠷᠢ  ᠢᠳᠡᠰᠢᠨ  ᠨᠣᠭᠤᠭᠠᠨ   ᠤ  ᠳᠤᠯᠠᠭᠠᠨ  ᠬᠦᠯᠡᠮᠵᠢ   ᠶᠢ  ᠰᠢᠨ᠎ᠡ   ᠪᠠᠷ  ᠪᠠᠶᠢᠭᠤᠯᠵᠤ  ᠂  ᠨᠡᠶᠢᠲᠡ 3350  ᠰᠠᠭᠤᠷᠢ  ᠪᠣᠯᠭᠠᠨ᠎ᠠ  ᠃  ᠶᠠᠫᠤᠨ  ᠂  ᠺᠣᠷᠢᠶ᠋ᠨ  ᠤᠯᠤᠰ   ᠤᠨ  ᠳᠤᠮᠳᠠᠳᠤ   ᠳᠠᠬᠢ  ᠠᠷᠠᠯᠵᠢᠶᠠᠴᠢᠨ   ᠤ  ᠬᠡᠷᠡᠭᠴᠡᠭᠡ   ᠶᠢ  ᠬᠠᠩᠭᠠᠬᠤ  ᠢᠳᠡᠰᠢᠨ  ᠨᠣᠭᠤᠭᠠᠨ   ᠤ  ᠵᠢᠱᠢᠶ᠎ᠡ  ᠦᠵᠡᠭᠦᠯᠬᠦ  ᠰᠠᠭᠤᠷᠢᠨ  ᠂  ᠣᠯᠧᠮᠫᠢᠺ   ᠤᠨ  ᠲᠠᠮᠢᠷ   ᠤᠨ  ᠴᠤᠭᠯᠠᠭᠠᠨ  ᠂  ᠲᠥᠪ   ᠤᠨ  ᠪᠠᠶᠢᠭᠤᠯᠭ᠎ᠠ  ᠨᠢᠭᠡᠴᠡ   ᠶᠢᠨ  ᠬᠡᠷᠡᠭᠴᠡᠭᠡ   ᠶᠢ  ᠬᠠᠩᠭᠠᠭᠰᠠᠨ  ᠪᠦᠷᠢᠨ  ᠰᠢᠮ᠎ᠡ  ᠲᠡᠵᠢᠭᠡᠯᠲᠦ  ᠢᠳᠡᠰᠢᠨ  ᠨᠣᠭᠤᠭᠠᠨ   ᠤ  ᠰᠠᠭᠤᠷᠢᠨ   ᠢ  ᠪᠠᠶᠢᠭᠤᠯᠵᠤ  ᠂  ᠰᠢᠯᠢᠳᠡᠭ  ᠨᠣᠭᠤᠭ᠎ᠠ  ᠂  ᠣᠨᠴᠠᠯᠢᠭᠲᠤ  ᠨᠣᠭᠤᠭ᠎ᠠ᠂  ᠲᠠᠷᠢᠬᠤ  ᠦᠢᠯᠡᠰ   ᠢ  ᠬᠥᠭᠵᠢᠭᠦᠯᠦᠨ᠎ᠡ  ︔  ᠭᠠᠵᠠᠷ  ᠰᠢᠷᠣᠢ   ᠶᠢᠨ  ᠴᠡᠭᠴᠡᠯᠡᠯᠲᠡ  ᠬᠢᠭᠡᠳ ᠠᠦ᠋ᠰᠲᠷᠢᠶ᠎ᠠ   ᠶᠢᠨ  ᠵᠠᠰᠠᠭ   ᠤᠨ  ᠣᠷᠳᠣᠨ   ᠤ  ᠵᠢᠭᠡᠯᠡᠯᠭᠡ   ᠶᠢᠨ  ᠲᠥᠷᠥᠯ  ᠵᠦᠢᠯ   ᠳᠤ  ᠨᠠᠶᠢᠳᠠᠵᠤ  ᠂ 27  ᠰᠠᠭᠤᠷᠢ  ᠂ 2.6  ᠲᠦᠮᠡᠨ  ᠮᠦ  ᠲᠠᠯᠠᠪᠠᠢ  ᠲᠤᠰᠬᠠᠢ  ᠬᠡᠷᠡᠭᠯᠡᠭᠡᠨ   ᠤ  ᠲᠥᠮᠥᠰᠥ  ᠲᠥᠪᠯᠡᠷᠡᠭᠦᠯᠦᠨ  ᠲᠠᠷᠢᠬᠤ  ᠵᠢᠱᠢᠶ᠎ᠡ  ᠦᠵᠡᠭᠦᠯᠬᠦ  ᠣᠷᠣᠨ   ᠢ  ᠰᠢᠨ᠎ᠡ   ᠪᠠᠷ  ᠪᠠᠶᠢᠭᠤᠯᠤᠨ  ᠂  ᠶᠡᠷᠦᠩᠬᠡᠢ 5.25  ᠲᠦᠮᠡᠨ  ᠮᠦ  ᠪᠣᠯᠭᠠᠵᠤ  ᠂  ᠪᠦᠬᠦ  ᠬᠤᠰᠢᠭᠤᠨ   ᠤ  ᠲᠥᠮᠥᠰᠥ  ᠲᠠᠷᠢᠬᠤ  ᠲᠠᠯᠠᠪᠠᠢ   ᠶᠢ  ᠳᠠᠶᠢᠴᠢᠯᠠᠨ 20  ᠲᠦᠮᠡᠨ  ᠮᠦ   ᠳᠤ  ᠬᠦᠷᠭᠡᠨ᠎ᠡ  ︔  ᠵᠠᠬ᠎ᠠ  ᠳᠡᠯᠭᠡᠭᠦᠷ   ᠤᠨ  ᠬᠡᠷᠡᠭᠴᠡᠭᠡ   ᠶᠢ  ᠦᠨᠳᠦᠰᠦᠯᠡᠨ  ᠂  ᠲᠣᠰᠣᠯᠢᠭ  ᠵᠦᠢᠯᠡᠰ   ᠤᠨ  ᠲᠠᠷᠢᠬᠤ  ᠲᠠᠯᠠᠪᠠᠢ   ᠶᠢ  ᠥᠷᠭᠡᠳᠬᠡᠵᠦ  ᠂  ᠪᠦᠬᠦ  ᠬᠤᠰᠢᠭᠤᠨ ᠳᠤ 15  ᠲᠦᠮᠡᠨ  ᠮᠦ   ᠳᠤ  ᠬᠦᠷᠭᠡᠨ᠎ᠡ  ︔  ᠪᠣᠭ  ᠮᠠᠯ   ᠢ  ᠴᠥᠭᠡᠳᠬᠡᠵᠦ  ᠂  ᠰᠠᠭᠠᠯᠢ   ᠶᠢᠨ  ᠦᠨᠢᠶ᠎ᠡ  ᠂  ᠠᠯᠠᠰᠢᠨ  ᠦᠬᠡᠷ   ᠢ  ᠥᠰᠬᠡᠨ  ᠂  ᠭᠠᠳᠠᠨ᠎ᠠ   ᠠᠴᠠ  ᠣᠷᠣᠭᠤᠯᠬᠤ  ᠪᠠ  ᠥᠪᠡᠷᠲᠡᠭᠡᠨ  ᠪᠣᠶᠢᠵᠢᠭᠤᠯᠬᠤ   ᠪᠠᠷ  ᠳᠠᠮᠵᠢᠨ  ᠂  ᠶᠡᠷᠦᠩᠬᠡᠢ ᠬᠡᠮᠵᠢᠶ᠎ᠡ   ᠶᠢ  ᠲᠦᠷᠭᠡᠨ  ᠨᠡᠮᠡᠭᠳᠡᠭᠦᠯᠵᠦ  ᠂  ᠮᠠᠯᠵᠢᠯ   ᠤᠨ  ᠣᠨ   ᠤ  ᠪᠣᠳᠠ  ᠪᠣᠭ  ᠮᠠᠯ   ᠤᠨ  ᠲᠤᠭ᠎ᠠ  ᠲᠣᠯᠣᠭᠠᠢ   ᠶᠢ 60  ᠲᠦᠮᠡ   ᠳᠤ  ᠬᠦᠷᠭᠡᠨ  ᠂  ᠵᠢᠯ   ᠤᠨ  ᠡᠴᠦᠰ   ᠲᠤ  ᠰᠠᠭᠠᠯᠢ   ᠶᠢᠨ  ᠦᠨᠢᠶ᠎ᠡ   ᠶᠢ 3.2  ᠲᠦᠮᠡᠨ  ᠲᠣᠯᠣᠭᠠᠢ  ᠂  ᠰᠢᠮᠧᠨ᠋ᠲᠷ  ᠦᠬᠡᠷ   ᠢ 1.5  ᠲᠦᠮᠡᠨ  ᠲᠣᠯᠣᠭᠠᠢ  ᠪᠠᠶᠢᠯᠭᠠᠨ᠎ᠠ  ᠃  ᠡᠨᠡ  ᠬᠦ  ᠰᠠᠭᠤᠷᠢᠨ  ᠳᠡᠭᠡᠷ᠎ᠡ  ᠂  ᠠᠵᠤ  ᠦᠢᠯᠡᠰᠵᠢᠯᠲᠡ   ᠶᠢᠨ  ᠠᠬᠢᠴᠠ  ᠳᠡᠭᠡᠷ᠎ᠡ  ᠶᠡᠭᠡ  ᠬᠦᠴᠦ  ᠲᠠᠯᠪᠢᠨ  ᠂  ᠨᠢᠭᠡ  ᠪᠦᠯᠦᠭ  ᠪᠣᠯᠪᠠᠰᠤᠷᠠᠭᠤᠯᠵᠤ  ᠡᠳ᠋ᠰᠢᠭᠦᠯᠵᠦ  ᠠᠷᠠᠯᠵᠢᠶᠠᠯᠠᠬᠤ  ᠬᠡᠯᠪᠡᠷᠢ   ᠶᠢᠨ  ᠳᠠᠭᠠᠭᠤᠯᠤᠭᠴᠢ  ᠠᠵᠤ  ᠠᠬᠤᠶᠢᠯᠠᠯ   ᠢ  ᠣᠷᠣᠭᠤᠯᠬᠤ  ᠪᠠ  ᠪᠣᠶᠢᠵᠢᠭᠤᠯᠤᠨ᠎ᠠ  ᠂  ᠶᠠᠫᠤᠨ   ᠤ  ︽ᠰᠠᠨ  ᠪᠤᠤ︾  ᠢᠳᠡᠭᠡᠨ   ᠤ  ᠨᠡᠶᠢᠭᠡᠮᠯᠢᠭ   ᠤᠨ 1000  ᠮᠦ  ᠲᠦᠭᠦᠬᠡᠢ  ᠨᠣᠭᠤᠭᠠᠨ   ᠤ  ᠦᠢᠯᠡᠳᠪᠦᠷᠢᠯᠡᠯ  ᠂  ︽ᠳ᠋ᠡ  ᠰᠢᠨ  ᠬᠤᠸ᠋ᠨ︾  ᠢᠳᠡᠰᠢᠨ  ᠨᠣᠭᠤᠭᠠᠨ   ᠤ  ᠨᠡᠭᠡᠭᠡᠯᠲᠡ   ᠶᠢᠨ  ᠺᠣᠮᠫᠠᠨᠢ  ᠪᠣᠯᠣᠨ  ᠪᠡᠭᠡᠵᠢᠩ   ᠤᠨ  ︽ᠯᠠᠨ  ᠹᠧᠩ︾  ᠢᠳᠡᠰᠢᠨ  ᠨᠣᠭᠤᠭᠠᠨ   ᠤ  ᠪᠣᠯᠪᠠᠰᠤᠷᠠᠭᠤᠯᠤᠯᠲᠠ  ᠂  ︽ᠸᠦᠸᠧ  ᠡᠯ   ᠲᠤ︾  ᠲᠥᠮᠥᠰᠥᠨ  ᠦᠢᠯᠡᠰ   ᠤᠨ  ᠺᠣᠮᠫᠠᠨᠢ 2  ᠲᠦᠮᠡᠨ  ᠲᠣᠨ  ᠲᠠᠯᠬᠠᠳᠠᠬᠤ  ᠦᠢᠯᠡᠳᠪᠦᠷᠢᠯᠡᠯ  ᠂  ︽ᠲᠠᠯ᠎ᠠ  ᠨᠤᠲᠤᠭ   ᠤᠨ  ᠡᠷᠡᠭᠴᠢᠨ  ᠲᠠᠬᠢᠶ᠎ᠠ︾   ᠤ 60  ᠲᠦᠮᠡ   ᠶᠢ  ᠲᠡᠵᠢᠭᠡᠨ  ᠠᠷᠠᠴᠢᠯᠠᠬᠤ  ᠲᠥᠷᠥᠯ  ᠵᠦᠢᠯ  ᠬᠢᠭᠡᠳ  ᠲᠢᠶᠠᠨᠵᠢᠨ   ᠤ  ︽ᠹᠦ᠋  ᠴᠧᠩ︾  ᠦᠬᠡᠷ  ᠮᠠᠯᠵᠢᠬᠤ  ᠦᠢᠯᠡᠰ   ᠤᠨ 1  ᠲᠦᠮᠡᠨ  ᠲᠣᠯᠣᠭᠠᠢ  ᠪᠣᠷᠳᠣᠭᠰᠠᠨ  ᠦᠬᠡᠷ   ᠤᠨ  ᠠᠷᠠᠴᠢᠯᠠᠵᠤ  ᠪᠣᠯᠪᠠᠰᠤᠷᠠᠭᠤᠯᠬᠤ  ᠲᠥᠷᠥᠯ  ᠵᠦᠢᠯ  ᠵᠡᠷᠭᠡ   ᠶᠢ  ᠭᠤᠣᠯᠳᠠᠯᠭᠠᠲᠠᠢ  ᠠᠳᠬᠤᠵᠤ  ᠪᠠᠶᠢᠭᠠᠳ  ᠂  ᠡᠳᠡᠭᠡᠷ  ᠳᠠᠭᠠᠭᠤᠯᠤᠭᠴᠢ  ᠠᠵᠤ  ᠠᠬᠤᠶᠢᠯᠠᠯ   ᠢ  ᠪᠤᠵᠠᠭᠠᠶᠢᠷᠠᠭᠤᠯᠤᠨ  ᠬᠦᠴᠦᠷᠬᠡᠭᠵᠢᠭᠦᠯᠵᠦ  ᠂  ᠳᠠᠭᠠᠭᠤᠯᠤᠭᠴᠢ   ᠶᠢᠨ  ᠦᠢᠯᠡᠳᠦᠯ   ᠢ   ᠨᠢ  ᠭᠦᠢᠴᠡᠳ  ᠪᠠᠳᠠᠷᠠᠭᠤᠯᠤᠨ  ᠂  ᠮᠠᠯᠴᠢᠨ  ᠲᠠᠷᠢᠶᠠᠴᠢᠳ   ᠤᠨ  ᠣᠷᠣᠯᠭ᠎ᠠ   ᠶᠢᠨ  ᠨᠡᠮᠡᠭᠳᠡᠯ   ᠢ  ᠳᠠᠶᠢᠴᠢᠯᠠᠬᠤ   ᠪᠠᠷ  ᠴᠢᠷᠮᠠᠶᠢᠨ᠎ᠠ  ᠃        ᠬᠤᠶᠠᠷ   ᠲᠤ  ᠂  ᠲᠠᠷᠢᠶᠠᠯᠠᠩ  ᠮᠠᠯ  ᠠᠵᠤ  ᠠᠬᠤᠢ   ᠶᠢᠨ  ᠪᠠᠷᠢᠮᠵᠢᠶᠠᠵᠢᠭᠰᠠᠨ  ᠦᠢᠯᠡᠳᠪᠦᠷᠢᠯᠡᠯ   ᠢ  ᠲᠦᠷᠭᠡᠳᠬᠡᠨ  ᠠᠬᠢᠭᠤᠯᠤᠨ᠎ᠠ  ᠃  ᠵᠠᠬ᠎ᠠ  ᠳᠡᠯᠭᠡᠭᠦᠷ   ᠤᠨ  ᠪᠣᠬᠢᠷᠲᠤᠯ  ᠦᠭᠡᠢ  ᠬᠡᠷᠡᠭᠯᠡᠭᠡᠨ   ᠤ  ᠣᠶᠢᠯᠠᠭᠠᠭᠳᠠᠬᠤᠨ  ᠪᠣᠯᠣᠨ  ᠮᠠᠯ  ᠲᠠᠷᠢᠶᠠᠯᠠᠩ   ᠤᠨ  ᠪᠦᠲᠦᠭᠡᠭᠳᠡᠬᠦᠨ   ᠤ  ᠵᠠᠬ᠎ᠠ  ᠳᠡᠯᠭᠡᠭᠦᠷ   ᠤᠨ  ᠰᠢᠨ᠎ᠡ  ᠪᠣᠭᠤᠮᠲᠠ   ᠳᠤ  ᠲᠣᠬᠢᠷᠠᠯᠴᠠᠵᠤ  ᠂  ᠲᠠᠷᠢᠶᠠᠯᠠᠩ  ᠮᠠᠯᠵᠢᠯ   ᠤᠨ  ᠪᠠᠷᠢᠮᠵᠢᠶᠠᠵᠢᠭᠰᠠᠨ  ᠦᠢᠯᠡᠳᠪᠦᠷᠢᠯᠡᠯ  ᠪᠠ  ᠬᠠᠮᠢᠶᠠᠷᠤᠯᠲᠠ   ᠶᠢ  ᠬᠦᠴᠦᠯᠡᠨ  ᠳᠡᠯᠭᠡᠷᠡᠭᠦᠯᠵᠦ  ᠂  ᠬᠤᠣᠷᠲᠠᠯ  ᠦᠭᠡᠢ  ᠮᠠᠯ  ᠲᠠᠷᠢᠶᠠᠯᠠᠩ   ᠤᠨ  ᠪᠦᠲᠦᠭᠡᠭᠳᠡᠬᠦᠨ  ᠂  ᠨᠣᠭᠤᠭᠠᠨ  ᠢᠳᠡᠭᠡᠨ  ᠬᠢᠭᠡᠳ  ᠣᠷᠭᠠᠨᠢᠭ  ᠢᠳᠡᠭᠡᠨ   ᠢ  ᠬᠥᠭᠵᠢᠭᠦᠯᠦᠨ  ᠂  ᠦᠢᠯᠡᠳᠪᠦᠷᠢᠯᠡᠯ   ᠤᠨ  ᠪᠠᠷᠢᠮᠵᠢᠶ᠎ᠠ  ᠪᠠ  ᠮᠡᠷᠭᠡᠵᠢᠯ   ᠤᠨ  ᠳᠦᠷᠢᠮᠵᠢᠯ   ᠢ  ᠪᠠᠶᠢᠭᠤᠯᠤᠨ  ᠪᠦᠷᠢᠨᠰᠢᠭᠦᠯᠵᠦ  ᠦᠢᠯᠡᠳᠪᠦᠷᠢᠯᠡᠯ  ᠭᠠᠵᠠᠷ   ᠤᠨ  ᠰᠢᠯᠭᠠᠨ  ᠲᠠᠨᠢᠯᠲᠠ  ᠂  ᠪᠦᠲᠦᠭᠡᠭᠳᠡᠬᠦᠨ   ᠤ  ᠴᠢᠨᠠᠷ   ᠤᠨ  ᠰᠢᠯᠭᠠᠨ  ᠦᠨᠡᠯᠡᠯᠲᠡ   ᠶᠢ  ᠢᠳᠡᠪᠬᠢᠲᠡᠢ  ᠠᠬᠢᠭᠤᠯᠵᠤ  ᠂  ᠡᠳᠡᠭᠡᠷ  ᠪᠦᠲᠦᠭᠡᠭᠳᠡᠬᠦᠨ   ᠤ  ᠵᠥᠪᠰᠢᠶᠡᠷᠡᠯ   ᠤᠨ  ᠦᠨᠡᠮᠯᠡᠯ  ᠣᠯᠬᠤ  ᠨᠣᠷᠮ᠎ᠠ  ᠪᠣᠯᠣᠨ   ᠮᠡᠳᠡᠷᠡᠭᠳᠡᠬᠦ  ᠬᠡᠮᠵᠢᠶ᠎ᠡ  ᠂  ᠵᠠᠬ᠎ᠠ  ᠳᠡᠯᠭᠡᠭᠦᠷ   ᠤᠨ  ᠥᠷᠢᠰᠦᠯᠳᠦᠭᠡᠨ   ᠤ  ᠴᠢᠳᠠᠪᠤᠷᠢ   ᠶᠢ  ᠳᠡᠭᠡᠭᠰᠢᠯᠡᠭᠦᠯᠦᠨ᠎ᠡ  ᠃  ᠲᠠᠷᠢᠶᠠᠯᠠᠩ   ᠤᠨ  ᠡᠮ   ᠠᠴᠠ  ᠪᠣᠯᠬᠤ  ᠠᠶᠤᠯ  ᠬᠥᠨᠥᠭᠡᠯ   ᠢᠶᠠᠷ  ᠭᠤᠣᠯᠳᠠᠭᠰᠠᠨ  ᠠᠮᠤᠷ  ᠲᠦᠪᠰᠢᠨ   ᠤ  ᠬᠢᠨᠠᠨ  ᠬᠠᠮᠢᠶᠠᠷᠤᠯᠲᠠ   ᠶᠢᠨ  ᠠᠵᠢᠯ   ᠢ  ᠴᠢᠩᠭᠠᠳᠬᠠᠵᠤ᠂  ᠲᠠᠷᠢᠶᠠᠯᠠᠩ  ᠮᠠᠯᠵᠢᠯ   ᠤᠨ  ᠠᠶᠤᠯᠭᠦᠢ  ᠦᠢᠯᠡᠳᠪᠦᠷᠢᠯᠡᠯ   ᠢ  ᠪᠠᠲᠤᠯᠠᠵᠤ  ᠂  ᠦᠢᠯᠡᠳᠪᠦᠷᠢᠯᠡᠯ   ᠤᠨ  ᠮᠠᠲ᠋ᠧᠷᠢᠶᠠᠯ   ᠤᠨ  ᠵᠠᠬ᠎ᠠ  ᠳᠡᠯᠭᠡᠭᠦᠷ   ᠤᠨ  ᠬᠠᠤᠯᠢ  ᠳᠦᠷᠢᠮ  ᠂  ᠬᠢᠨᠠᠨ  ᠪᠠᠶᠢᠴᠠᠭᠠᠯᠲᠠ   ᠶᠢᠨ  ᠬᠦᠴᠦᠯᠡᠴᠡ   ᠶᠢ  ᠶᠡᠬᠡᠰᠬᠡᠨ  ᠂  ᠬᠤᠳᠠᠯ  ᠬᠠᠭᠤᠷᠮᠠᠭ  ᠮᠠᠲ᠋ᠧᠷᠢᠶᠠᠯ  ᠬᠤᠯᠢᠯᠳᠤᠵᠤ  ᠂  ᠮᠠᠯᠴᠢᠨ  ᠲᠠᠷᠢᠶᠠᠴᠢᠳ   ᠲᠤ  ᠬᠤᠬᠢᠷᠠᠯ  ᠤᠴᠠᠷᠠᠭᠤᠯᠬᠤ   ᠶᠢ  ᠬᠤᠷᠢᠭᠯᠠᠬᠤ  ᠬᠡᠷᠡᠭᠲᠡᠢ  ᠃        ᠭᠤᠷᠪᠠ   ᠳᠤ  ᠂  ᠲᠠᠷᠢᠶᠠᠯᠠᠩ  ᠮᠠᠯᠵᠢᠯ   ᠤᠨ  ᠪᠠᠲᠤᠯᠠᠭᠠᠨ   ᠤ  ᠴᠢᠳᠠᠪᠤᠷᠢ   ᠶᠢᠨ  ᠪᠠᠶᠢᠭᠤᠯᠤᠯᠲᠠ   ᠶᠢ  ᠴᠢᠩᠭᠠᠳᠬᠠᠨ᠎ᠠ  ᠃  ᠡᠩ  ᠲᠡᠷᠢᠭᠦᠨ   ᠳᠤ  ᠂  ᠰᠢᠨᠵᠢᠯᠡᠬᠦ  ᠤᠬᠠᠭᠠᠨ  ᠮᠡᠷᠭᠡᠵᠢᠯ   ᠤᠨ  ᠲᠤᠯᠭᠠᠭᠤᠷᠢ   ᠶᠢᠨ  ᠦᠢᠯᠡᠳᠦᠯ   ᠢ  ᠪᠠᠳᠠᠷᠠᠭᠤᠯᠤᠨ᠎ᠠ  ᠃  ᠵᠢᠱᠢᠶ᠎ᠡ  ᠦᠵᠡᠭᠦᠯᠬᠦ  ᠣᠷᠣᠨ  ᠂  ᠳᠠᠭᠠᠭᠤᠯᠤᠭᠴᠢ  ᠠᠵᠤ  ᠠᠬᠤᠶᠢᠯᠠᠯ  ᠪᠣᠯᠣᠨ  ᠵᠢᠱᠢᠶ᠎ᠡ  ᠦᠵᠡᠭᠦᠯᠬᠦ  ᠡᠷᠦᠭᠡ   ᠶᠢᠨ  ᠳᠠᠶᠢᠴᠢᠯᠠᠨ  ᠳᠠᠭᠠᠭᠤᠯᠬᠤ  ᠦᠢᠯᠡᠳᠦᠯ   ᠢ  ᠪᠠᠳᠠᠷᠠᠭᠤᠯᠤᠨ  ᠂  ᠣᠳᠣ  ᠦᠶ᠎ᠡ   ᠶᠢᠨ  ᠲᠠᠷᠢᠶᠠᠯᠠᠩ  ᠮᠠᠯᠵᠢᠯ   ᠤᠨ  ᠬᠡᠷᠡᠭᠯᠡᠭᠡᠨ   ᠤ  ᠮᠡᠷᠭᠡᠵᠢᠯ   ᠢ  ᠬᠥᠭᠵᠢᠭᠦᠯᠦᠨ  ᠂  ᠲᠦᠭᠡᠮᠡᠯᠵᠢᠭᠦᠯᠵᠦ  ᠂  ᠰᠢᠨᠵᠢᠯᠡᠬᠦ  ᠤᠬᠠᠭᠠᠨ  ᠮᠡᠷᠭᠡᠵᠢᠯ   ᠤᠨ  ᠳᠡᠯᠭᠡᠷᠡᠭᠦᠯᠬᠦ  ᠰᠢᠰᠲ᠋ᠧᠮᠵᠢ   ᠶᠢ  ᠪᠦᠷᠢᠨᠰᠢᠭᠦᠯᠤᠨ  ᠂  ᠰᠢᠨᠵᠢᠯᠡᠬᠦ  ᠤᠬᠠᠭᠠᠨ  ᠮᠡᠷᠭᠡᠵᠢᠯ   ᠤᠨ  ᠲᠤᠰᠬᠠᠢ  ᠠᠵᠢᠯᠲᠠᠨ   ᠤ  ᠳᠦᠷᠢᠮ   ᠢ  ᠦᠷᠭᠦᠯᠵᠢᠯᠡᠨ  ᠬᠡᠷᠡᠭᠵᠢᠭᠦᠯᠵᠦ  ᠂  ᠦᠨᠳᠦᠰᠦᠨ  ᠱᠠᠲᠤᠨ   ᠤ  ᠮᠡᠷᠭᠡᠵᠢᠯ   ᠤᠨ  ᠲᠤᠰᠬᠠᠢ  ᠠᠵᠢᠯᠲᠠᠨ   ᠤ  ᠳᠦᠷᠢᠮ   ᠢ  ᠦᠷᠭᠦᠯᠵᠢᠯᠡᠨ  ᠬᠡᠷᠡᠭᠵᠢᠭᠦᠯᠵᠦ  ᠂  ᠦᠨᠳᠦᠰᠦᠨ  ᠱᠠᠲᠤᠨ   ᠤ  ᠮᠡᠷᠭᠡᠵᠢᠯ   ᠤᠨ  ᠵᠣᠬᠢᠶᠠᠨ  ᠪᠠᠶᠢᠭᠤᠯᠤᠯᠲᠠ   ᠶᠢᠨ  ᠡᠭᠦᠷᠭᠡ  ᠴᠢᠳᠠᠪᠬᠢ   ᠶᠢᠨ  ᠦᠢᠯᠡᠳᠦᠯ   ᠢ  ᠭᠦᠢᠴᠡᠳ  ᠪᠠᠳᠠᠷᠠᠭᠤᠯᠵᠤ  ᠂  ᠮᠡᠷᠭᠡᠵᠢᠯ   ᠤᠨ  ᠦᠢᠯᠡᠴᠢᠯᠡᠭᠡᠨ   ᠤ  ᠲᠦᠪᠰᠢᠨ   ᠢ  ᠳᠡᠭᠡᠭᠰᠢᠯᠡᠭᠦᠯᠦᠨ᠎ᠡ  ᠃  ᠡᠵᠡᠩᠨᠡᠯᠲᠡ   ᠶᠢᠨ  ᠴᠢᠨᠠᠷᠲᠠᠢ  ᠦᠢᠯᠡᠴᠢᠯᠡᠭᠡ   ᠶᠢ  ᠴᠢᠯᠦᠭᠡᠲᠡᠢ  ᠶᠠᠪᠤᠭᠳᠠᠭᠤᠯᠵᠤ  ᠂  ᠨᠡᠶᠢᠭᠡᠮ   ᠤᠨ  ᠬᠦᠴᠦᠨ   ᠢ  ᠲᠠᠲᠠᠵᠤ  ᠲᠠᠷᠢᠶᠠᠯᠠᠩ  ᠮᠠᠯ  ᠠᠵᠤ  ᠠᠬᠤᠢ   ᠶᠢᠨ  ᠬᠡᠷᠡᠭᠯᠡᠭᠡᠨ   ᠤ  ᠮᠡᠷᠭᠡᠵᠢᠯ   ᠤᠨ  ᠲᠦᠭᠡᠮᠡᠯᠵᠢᠭᠦᠯᠦᠯᠲᠡ   ᠳᠤ  ᠣᠷᠣᠯᠴᠠᠭᠤᠯᠬᠤ  ᠬᠡᠷᠡᠭᠲᠡᠢ  ᠃  ᠳᠠᠷᠠᠭ᠎ᠠ   ᠳᠤᠨᠢ  ᠲᠠᠷᠢᠶᠠᠯᠠᠩ  ᠮᠠᠯᠵᠢᠯ   ᠤᠨ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢ  ᠴᠢᠩᠭᠠᠳᠬᠠᠨ᠎ᠠ  ᠃  ᠠᠮᠢ  ᠠᠬᠤᠢ   ᠶᠢᠨ  ᠬᠠᠮᠠᠭᠠᠯᠠᠯᠲᠠ  ᠂  ᠪᠠᠶᠢᠭᠤᠯᠤᠯᠲᠠ  ᠬᠢᠭᠡᠳ  ᠵᠠᠯᠭᠠᠮᠵᠢᠯᠠᠯ  ᠠᠵᠤ  ᠦᠢᠯᠡᠰ   ᠤᠨ  ᠪᠣᠶᠢᠵᠢᠭᠤᠯᠤᠯᠲᠠ   ᠶᠢ  ᠦᠨᠡᠨ  ᠬᠦ  ᠴᠢᠩᠭᠠᠳᠬᠠᠵᠤ  ᠂  ᠰᠢᠯᠢᠳᠡᠭ  ᠢᠨᠵᠧᠨᠧᠷᠢᠩ   ᠶᠢ  ᠪᠠᠶᠢᠭᠤᠯᠬᠤ  ᠱᠠᠭᠠᠷᠳᠠᠯᠭ᠎ᠠ  ᠶᠣᠰᠣᠭᠠᠷ  ᠂  ᠪᠡᠭᠡᠵᠢᠩ  ᠲᠢᠶᠠᠨᠵᠢᠨ   ᠤ  ᠡᠯᠡᠰᠦᠨ   ᠤ  ᠡᠬᠢ   ᠶᠢ  ᠵᠠᠰᠠᠬᠤ  ᠲᠠᠯᠠᠪᠠᠢ 6.05  ᠲᠦᠮᠡᠨ  ᠮᠦ  ᠂  ᠡᠭᠦᠨ   ᠳᠤ  ᠬᠥᠮᠥᠨ   ᠤ  ᠬᠦᠴᠦᠨ   ᠢᠶᠠᠷ  ᠮᠣᠳᠣ  ᠲᠠᠷᠠᠬᠤ  ᠲᠠᠯᠠᠪᠠᠢ 3  ᠲᠦᠮᠡᠨ  ᠮᠦ  ᠂  ᠠᠭᠤᠯᠠᠨ  ᠭᠠᠵᠠᠷ   ᠤᠨ  ᠣᠶᠢᠵᠢᠭᠤᠯᠤᠯᠲᠠ   ᠶᠢᠨ  ᠲᠠᠯᠠᠪᠠᠢ 2  ᠲᠦᠮᠡᠨ  ᠮᠦ  ᠂  ᠳᠤᠯᠠᠭᠠᠨ  ᠰᠠᠷᠠᠪᠴᠢ   ᠶᠢᠨ  ᠪᠠᠶᠢᠭᠤᠯᠤᠯᠲᠠ 1  ᠲᠦᠮᠡᠨ  ᠮᠦ  ᠂  ᠤᠰᠤᠨ   ᠤ  ᠰᠤᠷᠪᠤᠯᠵᠢ   ᠶᠢᠨ  ᠪᠠᠶᠢᠭᠤᠯᠤᠯᠲᠠ 90  ᠭᠠᠵᠠᠷ  ᠂  ᠠᠷᠪᠢᠴᠢ   ᠪᠠᠷ  ᠤᠰᠤᠯᠠᠬᠤ  ᠲᠠᠯᠠᠪᠠᠢ 110  ᠭᠠᠵᠠᠷ  ᠂  ᠵᠢᠵᠢᠭ  ᠰᠠᠪᠠ  ᠭᠠᠵᠠᠷ   ᠤᠨ  ᠶᠡᠷᠦᠩᠬᠡᠶᠢᠯᠡᠭᠰᠡᠨ  ᠵᠠᠰᠠᠯᠲᠠ 1.05  ᠮᠦ  ᠂  ᠠᠮᠢ  ᠠᠬᠤᠢ   ᠶᠢᠨ  ᠨᠡᠭᠦᠳᠡᠯ ᠠᠷᠠᠳ 300 ᠬᠥᠮᠥᠨ  ᠲᠤᠭ᠎ᠠ   ᠶᠢ  ᠪᠡᠶᠡᠯᠡᠭᠦᠯᠦᠨ᠎ᠡ  ᠃  ᠲᠥᠷᠥᠯ  ᠵᠦᠢᠯ   ᠤᠨ  ᠣᠷᠣᠨ   ᠤ  ᠬᠠᠮᠢᠶᠠᠷᠤᠯᠲᠠ   ᠶᠢ  ᠴᠢᠩᠭᠠᠳᠬᠠᠨ  ᠂  ᠬᠠᠪᠤᠷ   ᠤᠨ  ᠤᠯᠠᠷᠢᠯ   ᠤᠨ  ᠪᠡᠯᠴᠢᠭᠡᠷ  ᠰᠡᠷᠭᠦᠭᠡᠯᠲᠡ  ᠪᠣᠯᠣᠨ  ᠲᠣᠭᠤᠷᠢᠭ  ᠬᠤᠪᠢᠶᠠᠨ  ᠰᠡᠯᠭᠦᠨ  ᠮᠠᠯᠵᠢᠬᠤ  ᠠᠷᠭ᠎ᠠ   ᠶᠢ  ᠦᠷᠭᠦᠯᠵᠢᠯᠡᠨ  ᠬᠡᠷᠡᠭᠵᠢᠭᠦᠯᠵᠦ  ᠂  ᠮᠠᠯ  ᠪᠡᠯᠴᠢᠭᠡᠷ   ᠤᠨ  ᠲᠡᠩᠴᠡᠭᠦᠷᠢ   ᠶᠢᠨ  ᠳᠦᠷᠢᠮ   ᠢ  ᠴᠢᠩᠭ᠎ᠠ  ᠨᠠᠶᠢᠳᠠᠪᠤᠷᠢᠵᠢᠭᠤᠯᠤᠨ  ᠂  ᠠᠮᠢ  ᠠᠬᠤᠢ   ᠶᠢᠨ  ᠪᠠᠶᠢᠭᠤᠯᠤᠯᠲᠠ   ᠶᠢᠨ  ᠦᠷ᠎ᠡ  ᠪᠦᠲᠦᠮᠵᠢ   ᠶᠢ  ᠪᠠᠬᠢᠵᠢᠭᠦᠯᠵᠦ  ᠂  ᠵᠠᠯᠭᠠᠮᠵᠢᠯᠠᠯ  ᠠᠵᠤ  ᠦᠢᠯᠡᠰ   ᠢ  ᠢᠳᠡᠪᠬᠢᠲᠡᠢ  ᠪᠣᠶᠢᠵᠢᠭᠤᠯᠤᠨ  ᠂  ᠬᠠᠮᠠᠭᠠᠯᠠᠵᠤ  ᠪᠠᠶᠢᠭᠤᠯᠬᠤ   ᠶᠢᠨ  ᠰᠠᠭᠤᠷᠢᠨ  ᠳᠡᠭᠡᠷ᠎ᠡ  ᠵᠦᠢ  ᠵᠣᠬᠢᠰᠲᠠᠢ  ᠨᠡᠭᠡᠭᠡᠯᠲᠡ   ᠶᠢ  ᠬᠢᠵᠦ  ᠂  ᠣᠳᠣ  ᠪᠠᠶᠢᠭ᠎ᠠ 30  ᠲᠦᠮᠡᠨ  ᠮᠦ  ᠠᠭᠤᠯᠠᠨ  ᠭᠦᠢᠯᠡᠰᠦ  ᠪᠣᠯᠣᠨ  ᠪᠤᠰᠤᠳ  ᠣᠢ  ᠮᠣᠳᠣᠨ   ᠤ  ᠰᠤᠷᠪᠤᠯᠵᠢ   ᠪᠠᠨ  ᠠᠰᠢᠭᠯᠠᠵᠤ  ᠂  ᠠᠷᠠᠯᠵᠢᠶᠠᠴᠢᠨ  ᠤᠷᠢᠵᠤ  ᠪᠡᠯᠡ  ᠣᠷᠣᠭᠤᠯᠤᠨ  ᠂  ᠣᠢ  ᠮᠣᠳᠣᠨ   ᠤ  ᠵᠠᠯᠭᠠᠮᠵᠢᠯᠠᠯ  ᠦᠢᠯᠡᠰ   ᠢ  ᠬᠦᠴᠦᠯᠡᠨ  ᠬᠥᠭᠵᠢᠭᠦᠯᠦᠨ᠎ᠡ  ︔  ᠲᠠᠷᠢᠶᠠᠯᠠᠬᠤ  ᠮᠠᠯᠵᠢᠬᠤ  ᠣᠷᠣᠨ   ᠤ  ᠤᠰᠤ  ᠂  ᠴᠠᠬᠢᠯᠭᠠᠨ  ᠂  ᠵᠠᠮ  ᠂  ᠴᠢᠮᠡᠭᠡ  ᠬᠤᠯᠪᠣᠭ᠎ᠠ   ᠪᠠᠷ  ᠭᠤᠣᠯᠳᠠᠭᠰᠠᠨ  ᠰᠠᠭᠤᠷᠢ  ᠲᠥᠬᠦᠭᠡᠷᠦᠮᠵᠢ  ᠳᠡᠭᠡᠷᠡᠬᠢ  ᠬᠦᠴᠦᠯᠡᠴᠡ   ᠶᠢ  ᠶᠡᠬᠡᠰᠬᠡᠨ  ᠂  ᠭᠠᠴᠠᠭ᠎ᠠ  ᠲᠣᠰᠬᠤᠨ   ᠤ  ᠵᠠᠰᠠᠮᠠᠯ  ᠵᠠᠮ   ᠤᠨ  ᠠᠷᠠᠴᠢᠯᠠᠯ  ᠬᠠᠮᠢᠶᠠᠷᠤᠯᠲᠠ   ᠶᠢ  ᠴᠢᠩᠭᠠᠳᠬᠠᠵᠤ  ᠂  ᠤᠰᠤ   ᠪᠠᠷ  ᠭᠤᠣᠯ  ᠪᠣᠯᠭᠠᠭᠰᠠᠨ  ᠲᠠᠷᠢᠶᠠᠨ  ᠭᠠᠵᠠᠷ  ᠂  ᠬᠠᠳᠤᠯᠠᠩ  ᠪᠡᠯᠴᠢᠭᠡᠷ   ᠤᠨ  ᠦᠨᠳᠦᠰᠦᠨ  ᠪᠠᠶᠢᠭᠤᠯᠤᠯᠲᠠ   ᠶᠢ  ᠰᠠᠶᠢᠲᠤᠷ  ᠠᠳᠬᠤᠵᠤ  ᠂  ᠠᠷᠪᠢᠴᠢ  ᠤᠰᠤᠯᠠᠯᠲᠠ   ᠶᠢ  ᠳᠡᠯᠭᠡᠷᠡᠭᠦᠯᠦᠨ  ᠂  ᠲᠥᠬᠦᠭᠡᠷᠥᠮᠵᠢᠭᠰᠡᠨ  ᠲᠠᠷᠢᠶᠠᠯᠠᠩ  ᠮᠠᠯᠵᠢᠯ   ᠤᠨ  ᠲᠠᠯᠠᠪᠠᠢ   ᠶᠢ  ᠥᠷᠭᠡᠳᠬᠡᠵᠦ  ᠂  ᠤᠰᠤᠯᠠᠯᠲᠠ   ᠶᠢᠨ  ᠲᠠᠯᠠᠪᠠᠢ 2  ᠲᠦᠮᠡᠨ  ᠮᠦ ᠶᠢ  ᠨᠡᠮᠡᠭᠳᠡᠭᠦᠯᠦᠨ᠎ᠡ  ᠃ 72 ᠺᠢᠯᠤᠮᠧᠲᠷ  ᠤᠷᠳᠤ 3  ᠵᠤᠷᠪᠤᠰ  ᠬᠠᠶᠢᠷ  ᠴᠢᠯᠠᠭᠤᠨ  ᠵᠠᠮ   ᠢ  ᠪᠠᠶᠢᠭᠤᠯᠵᠤ  ᠂  ᠲᠠᠷᠢᠶᠠᠯᠠᠬᠤ  ᠮᠠᠯᠵᠢᠬᠤ  ᠣᠷᠣᠨ   ᠤ  ᠵᠠᠮ  ᠨᠠᠪᠲᠡᠷᠡᠯᠬᠡ   ᠶᠢ  ᠰᠠᠶᠢᠵᠢᠷᠠᠭᠤᠯᠵᠤ᠂  ᠪᠣᠣᠴᠠᠩ  ᠪᠠᠯᠭᠠᠰᠤᠨ   ᠠᠴᠠ  ᠤᠤᠯ   ᠤᠨ ᠸᠠᠩ  ᠱᠸᠤ  ᠲᠠᠩ  ᠬᠦᠷᠬᠦ 35 ᠺᠢᠯᠤᠮᠧᠲᠷ   ᠤᠨ  ᠴᠠᠬᠢᠯᠭᠠᠨ   ᠤ  ᠢᠨᠵᠧᠨᠧᠷᠢᠩ   ᠢ  ᠪᠡᠶᠡᠯᠡᠭᠦᠯᠵᠦ  ᠂  ᠭᠦᠨᠪᠤᠯᠠᠭ  ᠰᠤᠮᠤᠨ   ᠤ 35  ᠺᠢᠯᠤᠸᠤᠯᠲ   ᠤᠨ  ᠴᠠᠬᠢᠯᠭᠠᠨ  ᠬᠤᠪᠢᠰᠬᠠᠬᠤ  ᠥᠷᠲᠡᠭᠡ   ᠶᠢ  ᠥᠷᠭᠡᠳᠬᠡᠨ  ᠪᠠᠶᠢᠭᠤᠯᠤᠨ᠎ᠠ  ᠃  ᠲᠠᠷᠢᠶᠠᠯᠠᠬᠤ  ᠮᠠᠯᠵᠢᠬᠤ  ᠣᠷᠣᠨ   ᠤ ETS  ᠤᠲᠠᠰᠤ  ᠦᠭᠡᠢ  ᠲᠣᠭᠠᠴᠢᠯᠠᠭᠰᠠᠨ  ᠲᠧᠯᠸᠢᠰ  ᠨᠡᠪᠲᠡᠷᠡᠭᠦᠯᠭᠡ  ᠬᠦᠯᠢᠶᠡᠨ  ᠠᠪᠬᠤ  ᠥᠭᠡᠷᠡᠴᠢᠯᠡᠯᠲᠡ   ᠶᠢᠨ  ᠢᠨᠵᠧᠨᠧᠷᠢᠩ   ᠢ  ᠠᠬᠢᠭᠤᠯᠵᠤ  ᠂  ︽ᠲᠣᠰᠬᠤᠨ  ᠪᠣᠯᠭᠠᠨ   ᠳᠤ  ᠨᠡᠪᠲᠡᠷᠡᠬᠦ︾  ᠴᠢᠮᠡᠭᠡ  ᠬᠤᠯᠪᠣᠭᠠᠨ   ᠤ  ᠪᠦᠷᠬᠦᠴᠡ   ᠶᠢ  ᠪᠡᠶᠡᠯᠡᠭᠦᠯᠦᠨ᠎ᠡ  ᠃   ᠭᠤᠷᠪᠠ ᠳᠤᠨᠢ᠂ ᠶᠡᠷᠦᠩᠬᠡᠶᠢᠯᠡᠭᠰᠡᠨ ᠪᠠᠳᠤᠯᠠᠭᠠᠨ  ᠤ ᠰᠢᠰᠲ᠋ᠧᠮᠵᠢ  ᠢ ᠪᠦᠷᠢᠨᠰᠢᠬᠦᠯᠦᠨ᠎ᠡ᠃ ᠰᠠᠶᠢᠨ ᠡᠬᠦᠯᠳᠡᠷ  ᠢ ᠠᠷᠠᠴᠢᠯᠠᠨ ᠮᠠᠯᠵᠢᠬᠤ ᠰᠢᠰᠲ᠋ᠧᠮᠵᠢ   ᠶᠢ ᠪᠦᠷᠢᠨᠰᠢᠬᠦᠯᠵᠦ᠂ ᠰᠠᠶᠢᠨ ᠡᠬᠦᠯᠳᠡᠷ  ᠤᠨ ᠲᠦᠭᠡᠭᠡᠮᠡᠯᠵᠢᠯ ᠪᠠ ᠲᠡᠯᠭᠡᠷᠡᠭᠦᠯᠦᠯᠳᠡ  ᠶᠢ ᠲᠦᠷᠭᠡᠳᠬᠡᠨ᠂ ᠦᠬᠡᠷ  ᠤᠨ ᠡᠬᠦᠯᠳᠡᠷ ᠰᠠᠶᠢᠵᠢᠷᠠᠭᠤᠯᠬᠤ ᠠᠵᠢᠯ  ᠤᠨ ᠠᠬᠢᠴᠠ  ᠶᠢ ᠠᠳᠬᠤᠵᠤ᠂ ᠲᠤᠰ ᠵᠢᠯ  ᠳᠤ 2.5 ᠲᠦᠮᠡᠨ ᠦᠬᠡᠷ  ᠤᠨ ᠢᠴᠢᠭᠡᠯ ᠦᠷ᠎ᠡ  ᠶᠢᠨ ᠬᠡᠬᠡᠯᠳᠦᠬᠦᠯᠭᠡ  ᠶᠢ ᠬᠢᠨ᠎ᠡ᠃ ᠠᠮᠢᠳᠠᠨ ᠤᠷᠭᠤᠮᠠᠯ  ᠤᠨ ᠬᠠᠮᠠᠭᠠᠯᠠᠯᠳᠠ  ᠶᠢᠨ ᠰᠢᠰᠲ᠋ᠧᠮᠵᠢ  ᠶᠢ ᠪᠦᠷᠢᠨᠰᠢᠬᠦᠯᠵᠦ᠂ ︽ᠵᠢᠬᠦᠷᠲᠡᠨ  ᠤ ᠬᠢᠵᠢᠭ︾  ᠤᠨ ᠰᠡᠷᠭᠡᠶᠢᠯᠡᠨ ᠵᠠᠰᠠᠬᠤ ᠠᠵᠢᠯ ᠪᠠ ᠪᠤᠰᠤᠳ ᠬᠢᠵᠢᠭ ᠲᠠᠬᠤᠯ  ᠤᠨ ᠰᠡᠷᠭᠡᠶᠢᠯᠡᠨ ᠵᠠᠰᠠᠬᠤ ᠠᠵᠢᠯ  ᠢ ᠴᠢᠬᠤᠯᠠᠴᠢᠯᠠᠨ ᠠᠳᠬᠤᠨ᠎ᠠ᠃ ᠲᠠᠷᠢᠶᠠᠯᠠᠩ ᠮᠠᠯ ᠠᠵᠦ ᠠᠬᠤᠢ  ᠶᠢᠨ ᠡᠬᠢ ᠪᠠᠶᠠᠯᠢᠭ ᠪᠤᠯᠤᠨ ᠠᠮᠢ ᠠᠬᠤᠢ  ᠶᠢᠨ ᠬᠠᠮᠠᠭᠠᠯᠠᠯᠳᠠ  ᠶᠢᠨ ᠰᠢᠰᠲ᠋ᠧᠮᠵᠢ  ᠶᠢ ᠪᠦᠷᠢᠨᠰᠢᠬᠦᠯᠵᠦ᠂ ᠤᠷᠴᠢᠯ ᠠᠵᠦ ᠠᠬᠤᠢ  ᠶᠢ ᠪᠡᠶᠡᠯᠡᠬᠦᠯᠦᠨ᠂ ᠪᠠᠶᠢᠴᠠᠭᠠᠵᠤ ᠬᠡᠮᠵᠢᠨ ᠤᠷᠢᠳᠴᠢᠯᠠᠨ ᠰᠡᠷᠭᠡᠶᠢᠯᠡᠬᠦ ᠴᠢᠳᠠᠪᠤᠷᠢ  ᠶᠢ ᠳᠡᠭᠡᠭᠰᠢᠯᠡᠬᠦᠯᠵᠦ᠂ ᠪᠠᠶᠢᠭᠠᠯᠢ  ᠶᠢᠨ ᠭᠠᠮᠰᠢᠭ  ᠢ ᠲᠤᠯᠬᠤ ᠴᠢᠳᠠᠪᠤᠷᠢ  ᠶᠢ ᠨᠡᠮᠡᠭᠳᠡᠬᠦᠯᠦᠨ᠎ᠡ᠃ ᠲᠦᠷᠪᠡ ᠳᠤᠨᠢ᠂ ᠲᠦᠬᠦᠭᠡᠷᠦᠮᠵᠢ ᠲᠤᠨᠤᠭᠯᠠᠯ  ᠤᠨ ᠬᠢᠷᠢ ᠲᠦᠪᠰᠢᠨ  ᠢ ᠳᠡᠭᠡᠭᠰᠢᠯᠡᠬᠦᠯᠦᠨ᠎ᠡ᠃ ᠰᠢᠨ᠎ᠡ ᠮᠠᠶ᠋ᠢᠭ  ᠤᠨ ᠮᠠᠰᠢᠨ ᠲᠦᠬᠦᠭᠡᠷᠦᠮᠵᠢ  ᠶᠢ ᠳᠡᠯᠬᠡᠷᠡᠬᠦᠯᠵᠦ᠂ ᠲᠠᠷᠢᠶᠠᠯᠠᠩ ᠮᠠᠯᠵᠢᠯ  ᠤᠨ ᠮᠠᠰᠢᠨ ᠲᠦᠬᠦᠭᠡᠷᠦᠮᠵᠢ  ᠶᠢᠨ ᠨᠦᠬᠦᠪᠦᠷᠢ  ᠶᠢ ᠤᠯᠭᠤᠨ᠂ ᠮᠠᠰᠢᠨ ᠮᠧᠬᠠᠨᠢᠭᠵᠢᠯ  ᠤᠨ ᠬᠢᠷᠢ ᠲᠦᠪᠰᠢᠨ  ᠢ ᠳᠡᠭᠡᠭᠰᠢᠯᠡᠬᠦᠯᠦᠨ᠎ᠡ᠃ ᠲᠠᠪᠤ  ᠳᠤᠨᠢ᠂ ᠨᠡᠶᠢᠬᠡᠮ  ᠤᠨ ᠦᠢᠯᠡᠴᠢᠯᠡᠭᠡᠨ  ᠤ ᠰᠢᠰᠲ᠋ᠧᠮᠵᠢ  ᠶᠢ ᠪᠦᠷᠢᠨᠰᠢᠬᠦᠯᠬᠦ ᠬᠡᠷᠡᠭᠳᠡᠢ᠃ ᠮᠠᠯ ᠲᠠᠷᠢᠶᠠᠯᠠᠩ  ᠤᠨ ᠪᠦᠳᠦᠭᠡᠭᠳᠡᠬᠦᠨ  ᠤ ᠵᠠᠬ᠎ᠠ ᠳᠡᠯᠭᠡᠭᠦᠷ  ᠤᠨ ᠰᠤᠷᠠᠭ ᠵᠠᠩᠬᠢ  ᠶᠢᠨ ᠲᠤᠤᠷ ᠰᠦᠯᠵᠢᠶᠡᠨ  ᠤ ᠰᠢᠰᠲ᠋ᠧᠮᠵᠢ  ᠶᠢ ᠪᠦᠷᠢᠨᠰᠢᠬᠦᠯᠵᠦ᠂ ᠰᠤᠷᠠᠭ ᠵᠠᠩᠬᠢᠵᠢᠯᠠᠭᠰᠠᠨ ᠪᠦᠳᠦᠭᠡᠨ ᠪᠠᠶᠢᠭᠤᠯᠤᠯᠳᠠ  ᠶᠢ ᠠᠬᠢᠭᠤᠯᠵᠤ᠂ ᠰᠤᠮᠤ ᠰᠢᠶᠠᠩ ᠪᠠᠯᠭᠠᠰᠤ ᠂ ᠭᠠᠴᠠᠭ᠎ᠠ ᠲᠤᠰᠬᠤᠨ  ᠤ ᠰᠤᠷᠠᠭ ᠵᠠᠩᠬᠢ  ᠶᠢᠨ ᠰᠤᠷᠪᠤᠯᠵᠢ  ᠶᠢᠨ ᠡᠷᠦᠬᠡ  ᠳᠤ ᠨᠡᠪᠳᠡᠷᠡᠬᠦ ᠠᠵᠢᠯ  ᠢ ᠠᠳᠬᠤᠨ᠎ᠠ᠃ ᠤᠳᠤ ᠦᠶ᠎ᠡ  ᠶᠢᠨ ᠲᠠᠷᠢᠶᠠᠯᠠᠩ ᠮᠠᠯᠵᠢᠯ  ᠤᠨ ᠪᠦᠳᠦᠭᠡᠭᠳᠡᠬᠦᠨ  ᠤ ᠬᠦᠢᠯᠭᠡᠭᠡᠨ  ᠤ ᠰᠢᠰᠲ᠋ᠧᠮᠵᠢ  ᠶᠢᠨ ᠪᠠᠶᠢᠭᠤᠯᠤᠯᠳᠠ  ᠶᠢ ᠲᠦᠯᠬᠢᠨ ᠠᠬᠢᠭᠤᠯᠵᠤ᠂ ᠪᠦᠳᠦᠭᠡᠭᠳᠡᠬᠦᠨ ᠪᠤᠯᠤᠨ ᠦᠢᠯᠡᠳᠪᠦᠷᠢᠯᠡᠯ  ᠤᠨ ᠮᠠᠲ᠋ᠧᠷᠢᠶᠠᠯ  ᠤᠨ ᠪᠦᠬᠡᠮ  ᠢᠶᠠᠷ ᠪᠤᠷᠤᠯᠠᠭᠤᠯᠬᠤ ᠵᠠᠬ᠎ᠠ ᠳᠡᠯᠭᠡᠭᠦᠷ  ᠤᠨ ᠪᠠᠶᠢᠭᠤᠯᠤᠯᠳᠠ  ᠶᠢ ᠰᠠᠶᠢᠨ ᠠᠳᠬᠤᠵᠤ᠂ ᠭᠤᠤᠯ ᠪᠤᠯᠬᠤ ᠪᠦᠳᠦᠭᠡᠭᠳᠡᠭᠦᠨ  ᠤ ᠶᠡᠷᠦᠩᠬᠡᠶᠢᠯᠡᠭᠰᠡᠨ ᠲᠠᠸᠠᠷᠴᠢᠯᠠᠯ  ᠢ ᠳᠡᠭᠡᠭᠰᠢᠯᠡᠬᠦᠯᠦᠨ᠎ᠡ᠃ ᠵᠢᠷᠭᠤᠭ᠎ᠠ ᠲᠤᠨᠢ᠂ ᠲᠠᠷᠢᠶᠠᠯᠠᠬᠤ ᠮᠠᠯᠵᠢᠬᠤ ᠤᠷᠤᠨ  ᠳᠠᠬᠢ ᠪᠡᠯᠨ ᠤᠷᠤᠭᠤᠯᠤᠯᠳᠠ  ᠶᠢᠨ ᠬᠦᠴᠦᠯᠡᠴᠡ  ᠶᠢ ᠶᠡᠬᠡᠰᠬᠡᠨ᠎ᠡ᠃ ᠵᠠᠰᠠᠭ  ᠤᠨ ᠪᠡᠯᠨ ᠮᠦᠩᠬᠦ  ᠶᠢᠨ ᠳᠠᠭᠠᠭᠤᠯᠭ᠎ᠠ  ᠶᠢᠨ ᠦᠢᠯᠡᠳᠦᠯ  ᠢ ᠪᠠᠳᠠᠷᠠᠭᠤᠯᠤᠨ᠂ ᠲᠠᠷᠢᠶᠠᠯᠠᠩ  ᠳᠤ ᠬᠤᠯᠪᠤᠭᠳᠠᠭᠰᠠᠨ ᠪᠡᠯᠨ  ᠶᠢ ᠲᠦᠪᠯᠡᠷᠡᠭᠦᠯᠦᠨ ᠬᠠᠮᠳᠤᠳᠬᠠᠵᠤ᠂ ᠭᠤᠤᠯᠳᠠᠯᠭ᠎ᠠ ᠲᠠᠢ ᠭᠠᠵᠠᠷ ᠤᠷᠤᠨ᠂ ᠭᠤᠤᠯᠳᠠᠯᠭ᠎ᠠ ᠲᠠᠢ ᠲᠦᠷᠦᠯ ᠵᠦᠢᠯ ᠳᠡᠭᠡᠷ᠎ᠡ ᠬᠡᠷᠡᠭᠯᠡᠵᠦ᠂ ᠮᠠᠯᠴᠢᠨ ᠲᠠᠷᠢᠶᠠᠴᠢᠨ ᠪᠠ ᠨᠡᠶᠢᠬᠡᠮ  ᠤᠨ ᠡᠯ᠎ᠡ ᠡᠳᠡᠭᠡᠳ  ᠤᠨ ᠬᠢᠨ  ᠢ ᠳᠠᠭᠠᠭᠤᠯᠤᠨ᠂ ᠪᠡᠯᠨ ᠤᠷᠤᠭᠤᠯᠤᠯᠳᠠ  ᠪᠠᠨ ᠶᠡᠬᠡᠰᠬᠡᠨ᠎ᠡ᠃ ᠠᠮᠤ ᠦᠷ᠎ᠡ  ᠶᠢᠨ ᠰᠢᠭᠤᠳ ᠨᠦᠬᠦᠪᠦᠷᠢ᠂ ᠰᠠᠶᠢᠨ ᠡᠬᠦᠯᠳᠡᠷ  ᠤᠨ ᠨᠦᠬᠦᠪᠦᠷᠢ᠂ ᠮᠠᠰᠢᠨ ᠲᠦᠬᠦᠭᠡᠷᠦᠮᠵᠢ  ᠶᠢᠨ ᠨᠦᠬᠦᠪᠦᠷᠢ ᠪᠤᠯᠤᠨ ᠲᠠᠷᠢᠶᠠᠯᠠᠩ  ᠤᠨ ᠶᠡᠷᠦᠩᠬᠡᠶᠢᠯᠡᠭᠰᠡᠨ ᠨᠦᠬᠦᠪᠦᠷᠢ ᠵᠡᠷᠭᠡ ᠡᠯ᠎ᠡ ᠲᠦᠷᠦᠯ  ᠤᠨ ᠬᠠᠷᠠᠭᠠᠯᠵᠠᠯᠳᠤ ᠲᠦᠷᠦ  ᠶᠢᠨ ᠪᠤᠳᠤᠯᠭ᠎ᠠ  ᠶᠢ ᠨᠠᠶᠢᠳᠠᠪᠤᠷᠢᠵᠢᠭᠤᠯᠵᠤ᠂ ︽ᠪᠦᠬᠦᠶᠢᠯᠨ ᠲᠤᠰᠬᠤᠨ  ᠢᠶᠠᠷ ᠲᠦᠯᠬᠢᠨ ᠠᠬᠢᠭᠤᠯᠬᠤ  ᠶᠢ︾ ᠦᠷᠬᠦᠯᠵᠢᠯᠡᠨ ᠬᠡᠷᠡᠭᠵᠢᠬᠦᠯᠵᠦ᠂ ᠶᠠᠳᠠᠭᠤ  ᠶᠢ ᠲᠡᠳᠬᠦᠨ ᠨᠡᠭᠡᠭᠡᠨ ᠬᠦᠭᠵᠢᠬᠦᠯᠬᠦ  ᠶᠢᠨ ᠦᠷ᠎ᠡ ᠪᠦᠳᠦᠮᠵᠢ  ᠶᠢ ᠳᠡᠭᠡᠭᠰᠢᠯᠡᠬᠦᠯᠦᠨ᠎ᠡ᠃        ᠳᠥᠷᠪᠡ   ᠳᠤ  ᠂  ᠮᠠᠯᠴᠢᠨ  ᠲᠠᠷᠢᠶᠠᠴᠢᠨ   ᠤ  ᠶᠡᠷᠦᠩᠬᠡᠶᠢᠯᠡᠭᠰᠡᠨ  ᠬᠡᠪ  ᠪᠣᠯᠪᠠᠰᠤᠷᠠᠯ   ᠢ  ᠳᠡᠭᠡᠭᠰᠢᠯᠡᠭᠦᠯᠬᠦ  ᠬᠡᠷᠡᠭᠲᠡᠢ  ᠃  ᠰᠢᠨᠵᠢᠯᠡᠬᠦ  ᠤᠬᠠᠭᠠᠨ   ᠢᠶᠠᠷ  ᠵᠠᠮᠴᠢᠯᠠᠭᠤᠯᠵᠤ  ᠂  ᠲᠠᠷᠢᠶᠠᠯᠠᠬᠤ  ᠮᠠᠯᠵᠢᠬᠤ  ᠣᠷᠣᠨ   ᠤ  ᠬᠡᠷᠡᠭᠯᠡᠭᠡᠨ   ᠤ  ᠴᠢᠳᠠᠪᠤᠷᠢᠲᠠᠨ  ᠪᠣᠯᠣᠨ  ᠮᠡᠷᠭᠡᠵᠢᠯ   ᠤᠨ  ᠪᠣᠯᠪᠠᠰᠤᠷᠠᠯ   ᠢ  ᠥᠷᠨᠢᠭᠦᠯᠵᠦ  ᠂  ᠰᠢᠨ᠎ᠡ  ᠮᠠᠯᠴᠢᠨ  ᠲᠠᠷᠢᠶᠠᠴᠢᠨ   ᠢ  ᠱᠠᠯᠠᠪᠳᠠᠨ  ᠬᠥᠮᠥᠵᠢᠭᠦᠯᠵᠦ  ᠂  ᠲᠡᠳᠡᠨ   ᠤ  ᠠᠳᠠᠯ  ᠦᠢᠯᠡᠰ  ᠪᠣᠰᠬᠠᠬᠤ  ᠴᠢᠳᠠᠪᠤᠷᠢ   ᠶᠢ  ᠨᠡᠮᠡᠭᠳᠡᠭᠦᠯᠦᠨ᠎ᠡ  ᠃  ᠬᠥᠳᠡᠯᠮᠦᠷᠢ  ᠬᠦᠴᠦᠨ   ᠤ  ᠰᠢᠯᠵᠢᠯᠲᠡ   ᠶᠢᠨ  ᠪᠣᠯᠪᠠᠰᠤᠷᠠᠯ  ᠪᠣᠯᠣᠨ  ᠰᠢᠯᠵᠢᠭᠦᠯᠦᠨ  ᠠᠵᠢᠯ  ᠣᠯᠭᠤᠬᠤ   ᠶᠢ  ᠰᠠᠶᠢᠲᠤᠷ  ᠠᠳᠬᠤᠵᠤ  ᠂  ᠬᠥᠳᠡᠯᠮᠦᠷᠢ  ᠦᠢᠯᠡᠰ   ᠤᠨ  ᠬᠠᠮᠵᠢᠯᠴᠠᠭ᠎ᠠ   ᠶᠢ  ᠥᠷᠭᠡᠨ   ᠢᠶᠠᠷ  ᠥᠷᠨᠢᠭᠦᠯᠦᠨ  ᠂  ᠬᠥᠳᠡᠯᠮᠦᠷᠢ  ᠬᠦᠴᠦᠨ   ᠤ  ᠭᠠᠷᠭᠠᠯᠲᠠ   ᠶᠢᠨ  ᠬᠡᠪᠴᠢᠶ᠎ᠡ   ᠶᠢ  ᠥᠷᠭᠡᠳᠬᠡᠨ᠎ᠡ  ᠂  ᠴᠢᠳᠠᠪᠤᠷᠢᠲᠠᠨ   ᠤ  ᠵᠢᠱᠢᠶ᠎ᠡ  ᠪᠣᠯᠵᠤ  ᠳᠠᠭᠠᠭᠤᠯᠬᠤ  ᠦᠢᠯᠡᠳᠦᠯ   ᠢ  ᠪᠠᠳᠠᠷᠠᠭᠤᠯᠤᠨ  ᠂  ᠮᠠᠯᠴᠢᠨ  ᠲᠠᠷᠢᠶᠠᠴᠢᠨ   ᠢ  ᠵᠣᠷᠢᠭᠵᠢᠭᠤᠯᠤᠨ  ᠳᠠᠭᠠᠭᠤᠯᠵᠤ  ᠂  ᠡᠯ᠎ᠡ  ᠲᠥᠷᠥᠯ   ᠤᠨ  ᠲᠤᠰᠬᠠᠢ  ᠠᠵᠢᠯ   ᠤᠨ  ᠬᠠᠮᠲᠤᠷᠠᠯᠴᠠᠭᠠᠨ   ᠤ  ᠵᠣᠬᠢᠶᠠᠨ  ᠪᠠᠶᠢᠭᠤᠯᠤᠯᠲᠠ  ᠪᠣᠯᠣᠨ  ᠡᠵᠡᠩᠨᠡᠨ  ᠬᠠᠮᠢᠶᠠᠷᠤᠭᠴᠢ   ᠶᠢᠨ  ᠡᠩᠨᠡᠭᠡ   ᠶᠢ  ᠪᠠᠶᠢᠭᠤᠯᠵᠤ  ᠂  ᠡᠭᠦᠨ   ᠢᠶᠠᠷ  ᠣᠳᠣᠬᠢᠴᠢᠯᠠᠭᠰᠠᠨ  ᠲᠠᠷᠢᠶᠠᠯᠠᠩ  ᠮᠠᠯ  ᠠᠵᠤ  ᠠᠬᠤᠢ   ᠶᠢᠨ  ᠬᠥᠭᠵᠢᠯᠲᠡ   ᠶᠢ  ᠠᠬᠢᠭᠤᠯᠬᠤ  ᠬᠡᠷᠡᠭᠲᠡᠢ  ᠃       ᠲᠠᠪᠤ   ᠳᠤ᠂  ᠨᠡᠶᠢᠭᠡᠮ  ᠵᠢᠷᠤᠮᠲᠤ  ᠰᠢᠨ᠎ᠡ  ᠬᠥᠳᠡᠭᠡ  ᠲᠣᠰᠬᠤᠨ  ᠂  ᠮᠠᠯᠵᠢᠬᠤ  ᠣᠷᠣᠨ   ᠤ  ᠪᠦᠲᠦᠭᠡᠨ  ᠪᠠᠶᠢᠭᠤᠯᠤᠯᠲᠠ   ᠶᠢ  ᠪᠦᠬᠦ  ᠲᠠᠯ᠎ᠠ   ᠪᠠᠷ  ᠲᠦᠯᠬᠢᠨ  ᠠᠬᠢᠭᠤᠯᠤᠨ᠎ᠠ  ᠃  ᠴᠢᠶᠠᠨ   ᠶᠢᠨ  ᠭᠸᠦ  ᠪᠠᠯᠭᠠᠰᠤᠨ   ᠤ  ᠰᠠᠨ  ᠶᠦᠩ    ᠲᠣᠰᠬᠤᠨ  ᠪᠣᠯᠣᠨ ᠭᠦᠨᠪᠤᠯᠠᠭ  ᠰᠤᠮᠤᠨ   ᠤ  ᠪᠣᠮᠪᠠᠨ  ᠭᠠᠴᠠᠭᠠᠨ   ᠤ  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ   ᠤ  ᠵᠢᠱᠢᠶ᠎ᠡ  ᠦᠵᠡᠭᠦᠯᠬᠦ  ᠴᠢᠭ᠋   ᠤᠨ  ᠪᠠᠶᠢᠭᠤᠯᠤᠯᠲᠠ   ᠶᠢ  ᠭᠤᠣᠯᠳᠠᠯᠭ᠎ᠠ   ᠲᠠᠢ  ᠠᠳᠬᠤᠵᠤ  ᠂  ᠴᠢᠭ᠋   ᠢᠶᠠᠷ  ᠨᠡᠶᠢᠳᠡᠮ   ᠢ  ᠳᠠᠶᠢᠴᠢᠯᠠᠬᠤ   ᠪᠠᠷ  ᠳᠠᠮᠵᠢᠨ  ᠂  ᠮᠠᠨ   ᠤ  ᠬᠤᠰᠢᠭᠤᠨ   ᠤ  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ   ᠤ  ᠪᠦᠲᠦᠭᠡᠨ  ᠪᠠᠶᠢᠭᠤᠯᠤᠯᠲᠠ   ᠶᠢᠨ  ᠠᠵᠢᠯ   ᠢ   ᠠᠬᠢᠭᠤᠯᠤᠨ᠎ᠠ  ᠃  ᠮᠠᠯᠴᠢᠨ  ᠲᠠᠷᠢᠶᠠᠴᠢᠨ   ᠢ  ᠪᠠᠶᠠᠵᠢᠭᠤᠯᠬᠤ  ᠭᠤᠣᠯᠳᠠᠯᠭ᠎ᠠ   ᠶᠢᠨ  ᠲᠣᠭᠤᠷᠢᠨ   ᠳᠤ  ᠂  ᠲᠠᠷᠢᠶᠠᠯᠠᠬᠤ  ᠮᠠᠯᠵᠢᠬᠤ  ᠣᠷᠣᠨ   ᠤ  ᠠᠵᠤ  ᠦᠢᠯᠡᠰ   ᠤᠨ  ᠬᠥᠭᠵᠢᠯᠲᠡ   ᠶᠢᠨ  ᠲᠥᠯᠥᠪᠵᠢᠭᠦᠯᠭᠡ   ᠶᠢ  ᠪᠦᠷᠢᠨᠰᠢᠭᠦᠯᠵᠦ  ᠂  ᠭᠠᠴᠠᠭ᠎ᠠ  ᠲᠣᠰᠬᠤᠨ   ᠤ  ᠲᠥᠯᠥᠪᠵᠢᠭᠦᠯᠭᠡ   ᠲᠠᠢ  ᠪᠠᠶᠢᠭᠤᠯᠤᠯᠲᠠ  ᠪᠠ  ᠬᠠᠮᠢᠶᠠᠷᠤᠯᠲᠠ   ᠶᠢ  ᠴᠢᠩᠭᠠᠳᠬᠠᠨ  ᠂  ᠰᠤᠮᠤ  ᠰᠢᠶᠠᠩ  ᠪᠠᠯᠭᠠᠰᠤᠨ   ᠤ  ᠶᠡᠷᠦᠩᠬᠡᠢ  ᠲᠥᠯᠥᠪᠵᠢᠭᠦᠯᠭᠡ   ᠶᠢ  ᠪᠡᠶᠡᠯᠡᠭᠦᠯᠦᠨ᠎ᠡ  ᠃  ︽ᠭᠠᠵᠠᠷ  ᠣᠷᠣᠨ   ᠳᠤᠨᠢ  ᠲᠣᠬᠢᠷᠠᠭᠤᠯᠵᠤ  ᠂  ᠲᠥᠷᠥᠯ  ᠬᠤᠪᠢᠶᠠᠨ  ᠵᠢᠯᠣᠭᠤᠳᠬᠤ  ᠂  ᠤᠷᠢᠳᠡᠪᠡᠷ  ᠲᠥᠯᠥᠪᠵᠢᠭᠦᠯᠵᠦ  ᠂  ᠠᠯᠬᠤᠮ  ᠬᠤᠪᠢᠶᠠᠨ  ᠬᠡᠷᠡᠭᠵᠢᠭᠦᠯᠵᠦ  ᠂  ᠤᠯᠠᠨ  ᠲᠠᠯ᠎ᠠ   ᠠᠴᠠ  ᠬᠦᠴᠦᠯᠡᠵᠦ᠂  ᠴᠢᠳᠠᠯ   ᠤᠨ  ᠬᠢᠷᠢ   ᠪᠠᠷ  ᠬᠢᠬᠦ︾  ᠵᠠᠷᠴᠢᠮ   ᠢᠶᠠᠷ  ᠬᠤᠲᠠ  ᠤᠰᠤᠨ   ᠤ  ᠵᠠᠰᠠᠯᠲᠠ   ᠶᠢ  ᠳᠢᠭᠯᠢᠮ   ᠲᠠᠢ  ᠠᠬᠢᠭᠤᠯᠤᠨ᠎ᠠ  ᠃  ᠭᠠᠴᠠᠭ᠎ᠠ ᠲᠤᠰᠬᠤᠨ  ᠤ ᠶᠠᠪᠤᠳᠠᠯ  ᠢ ᠢᠯᠨ ᠪᠤᠯᠭᠠᠬᠤ᠂ ︽ᠨᠢᠭᠡ ᠶᠠᠪᠤᠳᠠᠯ  ᠢ ᠨᠢᠭᠡ ᠵᠦᠪᠯᠡᠬᠦ︾ ᠲᠦᠷᠢᠮ ᠬᠢᠭᠡᠳ ᠭᠠᠴᠠᠭ᠎ᠠ ᠲᠤᠰᠬᠤᠨ  ᠤ ᠠᠷᠠᠳ  ᠤᠨ ᠪᠡᠶ᠎ᠡ  ᠪᠠᠨ  ᠳᠠᠭᠠᠭᠠᠵᠦ ᠪᠡᠯᠨ ᠬᠤᠷᠠᠮᠳᠤᠭᠤᠯᠬᠤ᠂ ᠬᠦᠳᠡᠯᠮᠦᠷᠢ ᠬᠦᠴᠦ ᠬᠤᠷᠠᠮᠳᠤᠭᠤᠯᠬᠤ ᠲᠤᠭᠳᠠᠯᠴᠠᠭ᠎ᠠ  ᠶᠢ ᠪᠦᠷᠢᠨᠰᠢᠬᠦᠯᠵᠦ᠂ ᠪᠦᠬᠦ ᠨᠡᠶᠢᠭᠡᠮ  ᠢᠶᠠᠷ  ᠢᠶᠠᠨ ᠬᠠᠮᠳᠤᠪᠠᠷ ᠢᠳᠡᠪᠬᠢ ᠴᠢᠨᠠᠷ  ᠢ ᠳᠠᠶᠢᠴᠢᠯᠠᠬᠤ ᠬᠡᠷᠡᠭᠳᠡᠢ᠃       ︵ᠬᠤᠶᠠᠷ︶ ᠠᠵᠦ ᠦᠢᠯᠡᠳᠪᠦᠷᠢ ᠪᠠᠷ ᠬᠤᠰᠢᠭᠤ ᠪᠠᠨ ᠬᠦᠭᠵᠢᠬᠦᠯᠬᠦ ᠪᠤᠳᠤᠯᠭ᠎ᠠ ᠶᠢ ᠭᠤᠶᠢᠪᠢᠰᠢ ᠦᠭᠡᠢ ᠪᠠᠷᠢᠮᠳᠠᠯᠠᠵᠦ᠂ ᠰᠢᠨ᠎ᠡ ᠮᠠᠶ᠋ᠢᠭ  ᠤᠨ ᠠᠵᠦ ᠦᠢᠯᠡᠳᠪᠦᠷᠢᠵᠢᠯᠳᠡ ᠶᠢᠨ ᠠᠬᠢᠴᠠ  ᠶᠢ ᠲᠦᠷᠭᠡᠳᠬᠡᠬᠦ ᠬᠡᠷᠡᠭᠳᠡᠢ᠃      ︽ᠪᠦᠬᠦ ᠨᠡᠶᠢᠬᠡᠮ  ᠢᠶᠠᠷ  ᠢᠶᠠᠨ ᠠᠵᠦ ᠠᠬᠤᠢ  ᠶᠢ ᠠᠳᠬᠤᠵᠤ᠂ ᠠᠵᠤ ᠦᠢᠯᠡᠳᠪᠦᠷᠢ  ᠶᠢ ᠭᠤᠤᠯᠳᠠᠯᠭ᠎ᠠ  ᠲᠠᠢ ᠠᠳᠬᠤᠨ᠂ ᠲᠦᠷᠦᠯ ᠵᠦᠢᠯ  ᠢ ᠴᠢᠬᠤᠯᠠᠴᠢᠯᠠᠨ ᠠᠳᠬᠤᠵᠤ᠂ ᠲᠤᠰᠬᠠᠢ ᠤᠷᠤᠨ  ᠢ ᠲᠤᠪᠤᠶᠢᠮ᠎ᠠ ᠠᠳᠬᠤᠬᠤ︾ ᠵᠢᠯᠤᠭᠤᠳᠬᠤ ᠦᠵᠡᠯ ᠰᠠᠨᠠᠭ᠎ᠠ  ᠶᠢ ᠪᠠᠬᠢᠵᠢᠬᠦᠨ ᠪᠤᠯᠭᠠᠵᠤ᠂ ᠲᠤᠯᠭᠠᠭᠤᠷᠢ ᠠᠵᠦ ᠦᠢᠯᠡᠰ᠂ ᠭᠤᠤᠯ ᠠᠵᠦ ᠠᠬᠤᠶᠢᠯᠠᠯ᠂ ᠨᠡᠷᠡᠳᠦ ᠳᠡᠮᠳᠡᠭ  ᠢ ᠬᠦᠴᠦᠯᠡᠨ ᠪᠤᠶᠢᠵᠢᠭᠤᠯᠤᠨ᠎ᠠ᠃       ᠤᠳᠤ ᠪᠠᠶᠢᠭ᠎ᠠ ᠠᠵᠦ ᠠᠬᠤᠶᠢᠯᠠᠯ  ᠢᠶᠠᠷ ᠪᠤᠶᠢᠵᠢᠭᠤᠯᠤᠨ ᠪᠤᠵᠠᠭᠠᠶᠢᠷᠠᠭᠤᠯᠤᠨ᠎ᠠ᠃ ᠬᠠᠷᠠᠭᠠᠯᠵᠠᠯᠳᠤ ᠲᠦᠷᠦ  ᠶᠢᠨ  ᠪᠤᠳᠤᠯᠭ᠎ᠠ  ᠶᠢ ᠲᠤᠭᠳᠠᠬᠤ  ᠪᠠᠷ ᠳᠠᠮᠵᠢᠨ᠂ ᠠᠷᠢᠬᠢ᠂ ᠤᠯᠠᠭᠠᠨ ᠢᠳᠡᠭᠡᠨ᠂ ᠪᠠᠷᠢᠯᠭ᠎ᠠ  ᠶᠢᠨ ᠮᠠᠲ᠋ᠧᠷᠢᠶᠠᠯ᠂ ᠳᠡᠵᠢᠭᠡᠯ ᠪᠤᠷᠳᠤᠭ᠎ᠠ᠂ ᠠᠭᠤᠷᠬᠠᠢ  ᠶᠢᠨ ᠭᠠᠷᠤᠯᠳᠠ ᠵᠢᠴᠢ ᠪᠤᠰᠤᠳ ᠪᠤᠯᠪᠠᠰᠤᠷᠠᠭᠤᠯᠵᠦ ᠡᠳᠡᠰᠢᠬᠦᠯᠬᠦ  ᠦᠢᠯᠡᠰ  ᠢ ᠬᠦᠴᠦᠯᠡᠨ ᠲᠡᠮᠵᠢᠵᠦ᠂ ᠬᠦᠭᠵᠢᠯᠳᠡ  ᠶᠢ ᠨᠢ ᠲᠦᠷᠭᠡᠳᠬᠡᠨ᠂ ᠭᠤᠤᠯ ᠠᠵᠦ ᠠᠬᠤᠶᠢᠯᠠᠯ  ᠤᠨ ᠦᠢᠯᠡᠳᠪᠦᠷᠢᠯᠡᠯ ᠪᠠ ᠦᠷ᠎ᠡ ᠠᠰᠢᠭ  ᠢ ᠨᠡᠮᠡᠭᠳᠡᠭᠦᠯᠵᠦ᠂ ᠲᠦᠷᠭᠡᠨ ᠬᠤᠷᠳᠤᠴᠠ  ᠪᠠᠷ ᠬᠦᠭᠵᠢᠬᠦᠯᠦᠨ ᠪᠤᠵᠠᠭᠠᠶᠢᠷᠠᠭᠤᠯᠤᠨ᠎ᠠ᠃  ︽ᠲᠠᠯ᠎ᠠ ᠨᠤᠳᠤᠭ︾ ᠠᠷᠢᠬᠢᠨ ᠺᠤᠮᠫᠠᠨᠢ 1 ᠲᠦᠮᠡᠨ ᠲᠤᠨ ᠠᠷᠢᠬᠢ ᠦᠢᠯᠡᠳᠪᠦᠷᠢᠯᠡᠵᠦ᠂  ᠠᠳᠠᠯᠢ ᠬᠤᠭᠤᠴᠠᠭᠠᠨ  ᠤ ᠬᠢ  ᠠᠴᠠ 2795 ᠲᠤᠨ ᠨᠡᠮᠡᠭᠳᠡᠬᠦᠯᠦᠨ᠂ ᠦᠢᠯᠡᠳᠪᠦᠷᠢᠯᠡᠯ  ᠤᠨ ᠦᠷᠳᠡᠭ  ᠢ 9300 ᠲᠦᠮᠡᠨ ᠲᠦᠭᠦᠷᠢᠭ ᠬᠦᠷᠭᠡᠵᠦ᠂ 42.9%  ᠪᠠᠷ ᠨᠡᠮᠡᠭᠳᠡᠬᠦᠯᠦᠨ  ︔ ︽ᠪᠤᠤ ᠶᠤᠸᠠᠨ﹈ ᠠᠷᠢᠬᠢᠨ ᠦᠢᠯᠡᠳᠪᠦᠷᠢ ᠦᠢᠯᠡᠳᠪᠦᠷᠢ  ᠶᠢᠨ ᠲᠠᠰᠤᠭ ᠪᠤᠯᠤᠨ ᠦᠢᠯᠡᠳᠪᠦᠷᠢᠯᠡᠯ  ᠤᠨ ᠱᠤᠭᠤᠮ  ᠢᠶᠠᠨ ᠰᠢᠨᠡᠳᠬᠡᠨ᠂ 1700 ᠲᠦᠮᠡᠨ ᠲᠦᠭᠦᠷᠢᠭ  ᠤᠨ ᠦᠢᠯᠡᠳᠪᠦᠷᠢᠯᠡᠯ  ᠤᠨ ᠦᠷᠳᠡᠭ  ᠢ ᠪᠡᠶᠡᠯᠡᠬᠦᠯᠵᠦ᠂ ᠠᠳᠠᠯᠢ ᠬᠤᠭᠤᠴᠠᠭᠠᠨ  ᠤ ᠬᠢ  ᠠᠴᠠ 12.7%  ᠪᠠᠷ ᠨᠡᠮᠡᠭᠳᠡᠬᠦᠯᠵᠦ  ︔ ︽ᠬᠤᠩ ᠵᠢᠩ ᠶᠤᠸᠠᠨ︾ ᠲᠤᠰᠤᠨ  ᠤ ᠺᠤᠮᠫᠠᠨᠢ ᠦᠢᠯᠡᠳᠪᠦᠷᠢᠯᠡᠯ  ᠤᠨ ᠰᠢᠨ᠎ᠡ ᠲᠦᠬᠦᠭᠡᠷᠦᠮᠵᠢ  ᠶᠢ ᠲᠦᠬᠦᠭᠡᠷᠴᠦ᠂ 7300 ᠲᠤᠨ  ᠢᠳᠡᠰᠢᠨ‌‍ᠲ᠋ᠤᠰᠤ ᠰᠢᠬᠠᠵᠤ᠂ ᠦᠢᠯᠡᠳᠪᠦᠷᠢᠯᠡᠯ  ᠤᠨ ᠦᠷᠳᠡᠭ 6300 ᠲᠦᠮᠡᠨ ᠲᠦᠬᠦᠷᠢᠭ  ᠢ ᠪᠡᠶᠡᠯᠡᠬᠦᠯᠵᠦ᠂ 3.3%   ᠪᠠᠷ ᠨᠡᠮᠡᠭᠳᠡᠬᠦᠯᠵᠦ︔ ︽ᠴᠠᠩ ᠶᠤᠸᠠᠨ︾ ᠲᠡᠵᠢᠭᠡᠯ ᠪᠤᠷᠳᠤᠭᠠᠨ ᠺᠤᠮᠫᠠᠨᠢ 2 ᠲᠦᠮᠡᠨ ᠲᠤᠨ ᠪᠤᠷᠳᠤᠭ᠎ᠠ ᠦᠢᠯᠡᠳᠪᠦᠷᠢᠯᠡᠨ᠂  ᠦᠢᠯᠡᠳᠪᠦᠷᠢᠯᠡᠯ   ᠤᠨ  ᠥᠷᠲᠡᠭ   ᠢ 3200 ᠲᠦᠮᠡᠨ  ᠲᠥᠭᠦᠷᠢᠭ  ᠬᠦᠷᠭᠡᠵᠦ  ᠠᠳᠠᠯᠢ  ᠬᠤᠭᠤᠴᠠᠭᠠᠨ   ᠤ  ᠨᠡᠮᠡᠭᠳᠡᠯ  ᠥᠷᠲᠡᠭ   ᠢ 14.3% ᠬᠦᠷᠭᠡᠨ᠎ᠡ  ︔  ︽ᠬᠤᠸᠠ ᠡᠯ︾  ᠱᠦᠢᠨᠢ   ᠶᠢᠨ  ᠦᠢᠯᠡᠳᠪᠦᠷᠢ  ᠱᠦᠢᠨᠢ  ᠤᠭᠤᠲᠠᠯᠠᠬᠤ  ᠲᠥᠬᠦᠭᠡᠷᠦᠮᠵᠢ   ᠪᠠᠨ  ᠥᠷᠭᠡᠳᠬᠡᠨ  ᠰᠢᠨᠡᠴᠢᠯᠡᠵᠦ  ᠂ 5  ᠲᠦᠮᠡᠨ  ᠲᠣᠨ  ᠮᠠᠲ᠋ᠧᠷᠢᠶᠠᠯ  ᠬᠠᠳᠠᠭᠠᠯᠠᠬᠤ  ᠬᠥᠮᠥᠷᠭᠡ   ᠶᠢ  ᠪᠠᠶᠢᠭᠤᠯᠤᠨ  ᠂ 12  ᠲᠦᠮᠡᠨ  ᠲᠣᠨ  ᠱᠦᠢᠨᠢ  ᠦᠢᠯᠡᠳᠪᠦᠷᠢᠯᠡᠵᠦ  ᠂  ᠦᠢᠯᠡᠳᠪᠦᠷᠢᠯᠡᠯ   ᠤᠨ  ᠥᠷᠲᠡᠭ 3100  ᠲᠦᠮᠡᠨ  ᠲᠣᠨ   ᠢ  ᠪᠡᠶᠡᠯᠡᠭᠦᠯᠵᠦ  ᠂  ᠨᠡᠮᠡᠭᠳᠡᠯ  ᠥᠷᠲᠡᠭ   ᠢ 47.6%   ᠳᠤ  ᠬᠦᠷᠭᠡᠨ᠎ᠡ  ︔  ︽ᠴᠠᠩ  ᠵᠢᠶᠠᠩ︾  ᠠᠭᠤᠷᠬᠠᠢ   ᠶᠢᠨ  ᠦᠢᠯᠡᠰ   ᠤᠨ  ᠺᠣᠮᠫᠠᠨᠢ   ᠨᠢ 2  ᠰᠠᠭᠤᠷᠢ  ᠵᠤᠤᠬ᠎ᠠ   ᠪᠠᠨ  ᠬᠥᠳᠡᠯᠭᠡᠨ  ᠂ 1.2  ᠲᠦᠮᠡᠨ  ᠲᠣᠨ  ᠴᠠᠬᠢᠭᠤᠷ  ᠲᠡᠮᠦᠷ  ᠦᠢᠯᠡᠳᠪᠦᠷᠢᠯᠡᠵᠦ  ᠂  ᠦᠢᠯᠡᠳᠪᠦᠷᠢᠯᠡᠯ   ᠤᠨ  ᠥᠷᠲᠡᠭ   ᠢᠶᠠᠨ 5500  ᠲᠦᠮᠡᠨ  ᠲᠥᠭᠦᠷᠢᠭ   ᠲᠤ  ᠬᠦᠷᠭᠡᠵᠦ  ᠂  ᠨᠡᠮᠡᠭᠳᠡᠯ  ᠥᠷᠲᠡᠭ   ᠢ 26.7%   ᠳᠤ  ᠬᠦᠷᠭᠡᠨ᠎ᠡ  ︔  ︽ ᠶᠢᠨ  ᠳ᠋ᠢ︾  ᠸᠣᠯᠹᠷᠠᠮ   ᠤᠨ  ᠦᠢᠯᠡᠰ   ᠤᠨ  ᠺᠣᠮᠫᠠᠨᠢ 300  ᠲᠣᠨ  ᠸᠣᠯᠹᠷᠠᠮ  ᠦᠢᠯᠡᠳᠪᠦᠷᠢᠯᠡᠵᠦ  ᠂ 3900  ᠲᠦᠮᠡᠨ  ᠲᠥᠭᠦᠷᠢᠭ   ᠤᠨ  ᠦᠢᠯᠡᠳᠪᠦᠷᠢᠯᠡᠯ   ᠤᠨ  ᠥᠷᠲᠡᠭ   ᠢ  ᠪᠡᠶᠡᠯᠡᠭᠦᠯᠵᠦ  ᠂  ᠨᠡᠮᠡᠭᠳᠡᠯ  ᠥᠷᠲᠡᠭ   ᠢ 95%   ᠳᠤ  ᠬᠦᠷᠭᠡᠨ᠎ᠡ  ︔  ︽ᠲᠢᠶᠠᠨ  ᠮᠦ︾  ᠮᠢᠬᠠᠨ   ᠤ  ᠦᠢᠯᠡᠰ   ᠤᠨ  ᠬᠢᠵᠠᠭᠠᠷᠲᠤ  ᠺᠣᠮᠫᠠᠨᠢ  ᠮᠢᠬᠠᠨ   ᠤ  ᠲᠠᠬᠢᠶ᠎ᠠ 60  ᠲᠦᠮᠡ   ᠶᠢ  ᠪᠣᠯᠪᠠᠰᠤᠷᠠᠭᠤᠯᠵᠤ  ᠂  ᠦᠢᠯᠡᠳᠪᠦᠷᠢᠯᠡᠯ   ᠤᠨ  ᠥᠷᠲᠡᠭ   ᠢᠶᠠᠨ 830  ᠲᠦᠮᠡ   ᠳᠤ  ᠬᠦᠷᠭᠡᠨ  ︔  ︽ᠮᠠ  ᠯᠤᠤ  ᠰᠧ︾  ᠠᠯᠠᠰᠢᠨ   ᠤ  ᠵᠠᠬ᠎ᠠ  ᠳᠡᠯᠭᠡᠭᠦᠷ   ᠢᠶᠠᠷ  ᠭᠤᠣᠯᠳᠠᠭᠰᠠᠨ  ᠤᠯᠠᠭᠠᠨ  ᠢᠳᠡᠭᠡ  ᠪᠣᠯᠪᠠᠰᠤᠷᠠᠭᠤᠯᠬᠤ  ᠠᠵᠤ  ᠠᠬᠤᠶᠢᠯᠠᠯ   ᠨᠢ  ᠪᠦᠬᠦ  ᠵᠢᠯ   ᠳᠤ 71  ᠲᠦᠮᠡᠨ  ᠬᠤᠨᠢᠨ  ᠨᠢᠭᠡᠴᠡ ᠮᠠᠯ  ᠨᠢᠲᠤᠯᠵᠤ  ᠪᠣᠯᠪᠠᠰᠤᠷᠠᠭᠤᠯᠬᠤ   ᠪᠠᠷ  ᠴᠢᠷᠮᠠᠶᠢᠨ᠎ᠠ  ᠃        ᠰᠢᠨ᠎ᠡ   ᠪᠠᠷ  ᠪᠠᠶᠢᠭᠤᠯᠬᠤ  ᠂  ᠵᠠᠯᠭᠠᠵᠤ  ᠪᠠᠶᠢᠭᠤᠯᠬᠤ  ᠢᠨᠵᠧᠨᠧᠷᠢᠩ   ᠢ  ᠲᠦᠯᠬᠢᠨ  ᠠᠬᠢᠭᠤᠯᠬᠤ  ᠬᠡᠷᠡᠭᠲᠡᠢ  ᠃  ᠲᠥᠷᠥᠯ ᠵᠦᠢᠯ ᠢ ᠪᠠᠶᠢᠭᠤᠯᠵᠤ᠂ ᠠᠬᠢᠴᠠ‌‍ᠶᠢ ᠠᠳᠬᠤᠨ᠂ ᠱᠠᠯᠠᠪᠳᠠᠨ‌ᠡᠬᠢᠯᠡᠭᠦᠯᠬᠦ ᠱᠠᠭᠠᠷᠳᠠᠯᠭ᠎ᠠ ᠪᠠᠷ ᠰᠢᠨ᠎ᠡ ᠪᠠᠷ  ᠪᠠᠶᠢᠭᠤᠯᠬᠤ  ᠂  ᠨᠡᠮᠡᠵᠦ ᠪᠠᠶᠢᠭᠤᠯᠬᠤ ᠲᠥᠷᠥᠯ ᠵᠦᠢᠯ ᠢ ᠮᠥᠷᠳᠡᠨ ᠨᠠᠶᠢᠳᠠᠪᠤᠷᠢᠵᠢᠭᠤᠯᠵᠤ᠂ ᠠᠵᠤ ᠠᠬᠤᠶᠢᠯᠠᠯ ᠢ ᠬᠠᠪᠰᠤᠷᠤᠨ ᠬᠦᠴᠢᠷᠳᠡᠯ ᠢ ᠰᠢᠢᠳᠪᠦᠷᠢᠯᠡᠵᠦ᠂  ᠡᠳᠡᠭᠡᠷ ᠲᠥᠷᠥᠯ ᠵᠦᠢᠯ ᠤᠨ ᠵᠢᠯ ᠤᠨ ᠦᠢᠯᠡᠳᠪᠦᠷᠢᠯᠡᠯ ᠪᠠ ᠦᠷ᠎ᠡ ᠠᠰᠢᠭ ᠢ ᠪᠠᠲᠤᠯᠠᠨ᠎ᠠ᠃ ︽ᠬᠤᠩ ᠶᠢᠨ  ᠶᠤᠸᠠᠨ︾  ᠲᠣᠰᠣ  ᠰᠢᠬᠠᠬᠤ  ᠺᠣᠮᠫᠠᠨᠢ   ᠨᠢ 200  ᠲᠦᠮᠡᠨ  ᠲᠥᠭᠦᠷᠢᠭ   ᠤᠨ  ᠪᠡᠯᠡ  ᠣᠷᠣᠭᠤᠯᠵᠤ  ᠂  ᠦᠢᠯᠡᠳᠪᠦᠷᠢᠯᠡᠯ   ᠤᠨ  ᠲᠥᠬᠦᠭᠡᠷᠦᠮᠵᠢ   ᠪᠠᠨ  ᠰᠢᠨ᠎ᠡ   ᠪᠠᠷ  ᠪᠠᠶᠢᠭᠤᠯᠵᠤ  ︔  ︽ᠪᠤᠤ  ᠶᠤᠸᠠᠨ︾  ᠠᠷᠢᠬᠢᠨ  ᠦᠢᠯᠡᠳᠪᠦᠷᠢ 200  ᠲᠦᠮᠡᠨ  ᠲᠥᠭᠦᠷᠢᠭ  ᠵᠠᠷᠤᠴᠠᠭᠤᠯᠵᠤ  ᠂  ᠦᠢᠯᠡᠳᠪᠦᠷᠢᠯᠡᠯ   ᠤᠨ  ᠰᠢᠨ᠎ᠡ  ᠲᠠᠰᠤᠭ   ᠢ  ᠪᠠᠶᠢᠭᠤᠯᠤᠨ  ︔  ︽ᠴᠠᠩ  ᠶᠤᠸᠠᠨ︾  ᠲᠡᠵᠢᠭᠡᠯ  ᠪᠣᠷᠳᠣᠭᠠᠨ   ᠤ  ᠺᠣᠮᠫᠠᠨᠢ 300  ᠲᠦᠮᠡᠨ  ᠲᠥᠭᠦᠷᠢᠭ  ᠵᠠᠷᠤᠴᠠᠭᠤᠯᠤᠨ  ᠂ 3000  ᠲᠣᠨ  ᠰᠦ  ᠂ 200  ᠲᠣᠨ  ᠪᠣᠷᠳᠤᠭ᠎ᠠ  ᠪᠣᠯᠣᠨ 1  ᠲᠦᠮᠡᠨ  ᠲᠣᠨ  ᠡᠪᠡᠰᠦ  ᠪᠣᠯᠪᠠᠰᠤᠷᠠᠭᠤᠯᠬᠤ  ᠲᠣᠨᠤᠭ  ᠲᠥᠬᠦᠭᠡᠷᠦᠮᠵᠢ  ᠪᠠ  ᠦᠢᠯᠡᠳᠪᠦᠷᠢᠯᠡᠯ   ᠤᠨ  ᠲᠠᠰᠤᠭ   ᠢ  ᠪᠠᠶᠢᠭᠤᠯᠵᠤ  ︔  ︽ᠸᠦᠸᠧ  ᠡᠯ   ᠲᠤ︾  ᠲᠥᠮᠥᠰᠥᠨ  ᠦᠢᠯᠡᠰ   ᠤᠨ  ᠺᠣᠮᠫᠠᠨᠢ 1.3  ᠳ᠋ᠦᠩᠰᠢᠭᠤᠷ  ᠲᠥᠭᠦᠷᠢᠭ  ᠵᠠᠷᠤᠴᠠᠭᠤᠯᠤᠨ  ᠂ 2  ᠲᠦᠮᠡᠨ  ᠲᠣᠨ  ᠲᠥᠮᠥᠰᠥᠨ  ᠲᠠᠯᠬ᠎ᠠ   ᠶᠢᠨ  ᠦᠢᠯᠡᠳᠪᠦᠷᠢᠯᠡᠯ   ᠢ  ᠰᠢᠨ᠎ᠡ   ᠪᠠᠷ  ᠪᠠᠶᠢᠭᠤᠯᠵᠤ  ︔  ︽ᠲᠢᠶᠠᠨ  ᠮᠦ︾  ᠠᠯᠠᠰᠢᠨ   ᠤ  ᠦᠢᠯᠡᠰ   ᠤᠨ  ᠺᠣᠮᠫᠠᠨᠢ 7000  ᠲᠦᠮᠡᠨ  ᠲᠥᠭᠦᠷᠢᠭ  ᠵᠠᠷᠤᠴᠠᠭᠤᠯᠵᠤ  ᠂  ᠦᠬᠡᠷ  ᠬᠤᠨᠢᠨ   ᠤ  ᠮᠢᠬ᠎ᠠ  ᠪᠣᠯᠪᠠᠰᠤᠷᠠᠭᠤᠯᠬᠤ  ᠠᠵᠢᠯ   ᠤᠨ  ᠲᠠᠰᠤᠭ  ᠪᠣᠯᠣᠨ 500  ᠲᠣᠨ  ᠮᠢᠬ᠎ᠠ  ᠬᠠᠳᠠᠭᠠᠯᠠᠬᠤ  ᠰᠡᠷᠢᠭᠦᠨ  ᠬᠥᠮᠥᠷᠭᠡ   ᠶᠢ  ᠪᠠᠶᠢᠭᠤᠯᠵᠤ  ︔  ︽ᠰᠢᠨ  ᠾᠧᠩ   ᠲᠠᠢ︾  ᠵᠡᠷᠭᠡ  ᠬᠤᠶᠠᠷ  ᠶᠡᠭᠡ  ᠴᠢᠯᠠᠭᠤᠯᠢᠭ  ᠮᠠᠲ᠋ᠧᠷᠢᠶᠠᠯ   ᠤᠨ ᠠᠵᠤ ᠠᠬᠤᠶᠢᠯᠠᠯ ᠨᠢ 2000 ᠲᠦᠮᠡᠨ ᠲᠥᠭᠦᠷᠢᠭ ᠤᠨ ᠪᠡᠯᠡ ᠣᠷᠣᠭᠤᠯᠤᠨ᠂ ᠪᠣᠯᠪᠠᠰᠤᠷᠠᠭᠤᠯᠵᠤ ᠦᠢᠯᠡᠳᠪᠦᠷᠢᠯᠡᠬᠦ ᠲᠣᠨᠤᠭ ᠲᠥᠬᠦᠭᠡᠷᠦᠮᠵᠢ ᠪᠠᠨ ᠥᠷᠭᠡᠳᠬᠡᠵᠦ  ᠂ ᠦᠢᠯᠡᠳᠪᠦᠷᠢᠯᠡᠯ ᠤᠨ ᠬᠦᠷᠢᠶ᠎ᠡ ᠬᠡᠪᠴᠢᠶ᠎ᠡ ᠪᠠᠨ ᠶᠡᠬᠡᠰᠬᠡᠬᠦ ᠪᠣᠯᠣᠨ᠎ᠠ  ᠃       ᠲᠥᠷᠥᠯ  ᠵᠦᠢᠯ   ᠤᠨ  ᠳᠠᠶᠢᠴᠢᠯᠠᠬᠤ  ᠨᠥᠯᠥᠭᠡ   ᠶᠢ  ᠴᠢᠩᠭᠠᠳᠬᠠᠬᠤ  ᠬᠡᠷᠡᠭᠲᠡᠢ  ᠃  ᠲᠥᠷᠥᠯ  ᠵᠦᠢᠯ   ᠤᠨ  ᠪᠠᠶᠢᠭᠤᠯᠤᠯᠲᠠ   ᠶᠢ  ᠠᠵᠤ  ᠠᠬᠤᠢ   ᠶᠢᠨ  ᠠᠵᠢᠯ   ᠤᠨ  ᠲᠡᠷᠢᠭᠦᠨ  ᠴᠢᠬᠤᠯᠠ  ᠢᠨᠵᠧᠨᠧᠷᠢᠩ  ᠪᠣᠯᠭᠠᠨ  ᠠᠳᠬᠤᠵᠤ  ᠂  ᠲᠥᠷᠥᠯ  ᠵᠦᠢᠯ   ᠤᠨ  ᠬᠥᠳᠡᠯᠦᠩᠭᠦᠢ  ᠡᠷᠬᠡ   ᠶᠢ  ᠪᠠᠲᠤ  ᠡᠵᠡᠮᠰᠢᠬᠦ  ᠬᠡᠷᠡᠭᠲᠡᠢ  ︔  ᠪᠦᠬᠦ  ᠵᠢᠯ   ᠳᠤ  ᠂  ᠲᠣᠭᠲᠠᠮᠠᠯ  ᠬᠥᠷᠥᠩᠭᠡ   ᠶᠢᠨ  ᠪᠡᠯᠡ  ᠣᠷᠤᠭᠤᠯᠤᠯᠲᠠ   ᠶᠢᠨ  ᠲᠥᠷᠥᠯ  ᠵᠦᠢᠯ 99   ᠢ  ᠲᠣᠬᠢᠷᠠᠭᠤᠯᠵᠤ  ᠂  ᠂ 11  ᠳ᠋ᠦᠩᠰᠢᠭᠤᠷ  ᠲᠥᠭᠦᠷᠢᠭ   ᠤᠨ  ᠪᠡᠯᠡ  ᠣᠷᠣᠭᠤᠯᠬᠤ   ᠪᠠᠷ  ᠲᠥᠯᠥᠪᠯᠡᠵᠡᠢ  ᠃  ᠲᠥᠷᠥᠯ  ᠵᠦᠢᠯ   ᠢ  ᠢᠳᠡᠪᠬᠢᠲᠡᠢ  ᠬᠥᠳᠡᠯᠦᠩᠭᠦᠢ   ᠪᠠᠷ  ᠲᠡᠮᠡᠴᠡᠨ  ᠣᠯᠵᠤ  ᠂  ᠤᠯᠤᠰ  ᠪᠠ  ᠣᠷᠣᠨ   ᠤ  ᠠᠵᠤ  ᠦᠢᠯᠡᠰ   ᠤᠨ  ᠲᠥᠷᠥ   ᠶᠢᠨ  ᠪᠣᠳᠣᠯᠭ᠎ᠠ  ᠂  ᠣᠨᠴᠠᠭᠠᠶᠢᠯᠠᠨ  ︽11.5︾   ᠶᠢᠨ  ᠬᠤᠭᠤᠴᠠᠭᠠᠨ   ᠳᠠᠬᠢ  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ   ᠤ  ᠪᠠᠶᠢᠭᠤᠯᠤᠯᠲᠠ   ᠶᠢᠨ  ᠲᠥᠷᠥ   ᠶᠢᠨ  ᠪᠣᠳᠣᠯᠭ᠎ᠠ   ᠶᠢ  ᠨᠢᠮᠪᠠᠢ  ᠰᠤᠳᠤᠯᠵᠤ  ᠂  ᠪᠠᠶᠢᠳᠠᠯ   ᠢ  ᠡᠵᠡᠮᠰᠢᠨ  ᠲᠣᠬᠢᠶᠠᠯ   ᠢ  ᠠᠳᠬᠤᠬᠤ  ᠬᠡᠷᠡᠭᠲᠡᠢ  ᠃  ᠳᠡᠭᠡᠳᠦ  ᠱᠠᠲᠤᠨ   ᠤ  ᠲᠥᠷᠥᠯ  ᠵᠦᠢᠯ   ᠤᠨ  ᠵᠠᠮ  ᠰᠤᠪᠠᠭ  ᠪᠣᠯᠣᠨ  ᠪᠡᠯᠡ  ᠣᠷᠤᠭᠤᠯᠤᠯᠲᠠ   ᠶᠢᠨ  ᠴᠢᠭᠯᠡᠯ   ᠢ  ᠡᠵᠡᠮᠰᠢᠵᠦ  ᠂  ᠥᠪᠡᠷ   ᠤᠨ  ᠡᠬᠢ  ᠪᠠᠶᠠᠯᠢᠭ   ᠤᠨ  ᠣᠨᠴᠠᠯᠢᠭ   ᠲᠠᠭᠠᠨ  ᠰᠠᠭᠤᠷᠢᠯᠠᠨ  ᠂  ᠪᠦᠬᠦ  ᠲᠠᠯ᠎ᠠ  ᠪᠠ  ᠠᠯᠤᠰ   ᠤᠨ  ᠬᠥᠭᠵᠢᠯᠲᠡ   ᠳᠤ  ᠬᠤᠯᠪᠣᠭᠳᠠᠭᠰᠠᠨ  ᠨᠢᠭᠡ  ᠪᠦᠯᠦᠭ  ᠴᠢᠬᠤᠯᠠ  ᠲᠥᠷᠥᠯ  ᠵᠦᠢᠯ   ᠢ  ᠨᠤᠲᠠᠯᠠᠨ  ᠨᠥᠭᠡᠴᠡᠯᠡᠵᠦ  ᠂  ᠳᠡᠭᠡᠳᠦ  ᠱᠠᠲᠤᠨ   ᠤ  ᠪᠡᠯᠡ  ᠣᠷᠤᠭᠤᠯᠤᠯᠲᠠ   ᠶᠢᠨ  ᠵᠦᠭ  ᠴᠢᠭᠯᠡᠯ  ᠬᠠᠮᠢᠭᠠᠰᠢ  ᠬᠠᠨᠳᠤᠪᠠᠯ ᠮᠠᠨ   ᠤ  ᠲᠥᠷᠥᠯ  ᠵᠦᠢᠯ   ᠤᠨ  ᠭᠤᠣᠯᠳᠠᠯᠭ᠎ᠠ   ᠪᠠᠨ ᠲᠡᠰᠢ ᠴᠢᠭᠯᠡᠭᠦᠯᠵᠦ  ᠂  ᠳᠡᠭᠡᠳᠦ ᠱᠠᠲᠤᠨ  ᠠᠴᠠ ᠶᠠᠮᠠᠷ  ᠲᠥᠷᠥᠯ  ᠵᠦᠢᠯ   ᠢ ᠳᠠᠮᠵᠢᠨ ᠲᠡᠳᠬᠦᠪᠡᠯ  ᠪᠢᠳᠠ ᠲᠡᠳᠡᠭᠡᠷ ᠲᠥᠷᠥᠯ  ᠵᠦᠢᠯ   ᠢ ᠡᠷᠡᠮᠡᠯᠵᠡᠯᠡᠨ  ᠮᠡᠳᠡᠭᠦᠯᠬᠦ  ᠬᠥᠳᠡᠯᠦᠩᠭᠦᠢ ᠠᠵᠢᠯ   ᠤᠨ ᠪᠠᠶᠢᠳᠠᠯ ᠢ ᠪᠣᠢ  ᠪᠣᠯᠭᠠᠬᠤ ᠬᠡᠷᠡᠭᠲᠡᠢ  ᠃        ᠠᠷᠠᠯᠵᠢᠶᠠᠴᠢᠨ  ᠤᠷᠢᠵᠤ  ᠪᠡᠯᠡ  ᠲᠠᠲᠠᠬᠤ  ᠠᠵᠢᠯ   ᠢ  ᠪᠦᠬᠦ  ᠬᠦᠴᠦᠨ   ᠢᠶᠠᠷ  ᠠᠳᠬᠤᠬᠤ  ᠬᠡᠷᠡᠭᠲᠡᠢ  ᠃  ᠪᠦᠬᠦ  ᠠᠶᠢᠮᠠᠭ   ᠤᠨ  ᠵᠣᠬᠢᠶᠠᠨ  ᠪᠠᠶᠢᠭᠤᠯᠤᠭᠰᠠᠨ  ᠠᠷᠠᠯᠵᠢᠶᠠᠴᠢᠨ  ᠤᠷᠢᠵᠤ  ᠪᠡᠯᠡ  ᠲᠠᠲᠠᠬᠤ  ᠶᠠᠷᠢᠯᠴᠠᠭᠠᠨ   ᠤ  ᠠᠵᠢᠯᠯᠠᠭ᠎ᠠ   ᠳᠤ  ᠢᠳᠡᠪᠬᠢᠲᠡᠢ  ᠣᠷᠣᠯᠴᠠᠵᠤ  ᠂  ᠴᠠᠩ  ᠫᠢᠩ   ᠤᠨ  ᠪᠡᠯᠡ  ᠣᠷᠣᠭᠤᠯᠬᠤ  ᠦᠢᠯᠡᠴᠢᠯᠡᠭᠡᠨ   ᠤ  ᠲᠥᠪ   ᠯᠦᠭᠡ   ᠶᠢᠨ  ᠬᠠᠷᠢᠴᠠᠭ᠎ᠠ   ᠪᠠᠨ  ᠴᠢᠩᠭᠠᠳᠬᠠᠵᠤ  ᠂ ᠴᠠᠩ  ᠫᠢᠩ  ᠣᠷᠣᠨ   ᠳᠤ  ᠠᠵᠢᠯᠲᠠᠨ  ᠲᠣᠮᠢᠯᠠᠨ  ᠰᠠᠭᠤᠯᠭᠠᠵᠤ  ᠂  ᠲᠠᠶᠢᠹᠤᠰᠧ  ᠬᠤᠰᠢᠭᠤᠨ   ᠤ  ᠭᠠᠳᠠᠨ᠎ᠠ   ᠠᠴᠠ  ᠪᠡᠯᠡ  ᠤᠷᠢᠬᠤ  ᠲᠠᠪᠴᠠᠩ   ᠢ  ᠡᠭᠦᠳᠦᠨ᠎ᠡ  ᠃  ᠪᠡᠯᠡ  ᠣᠷᠤᠭᠤᠯᠤᠯᠲᠠ   ᠶᠢᠨ  ᠣᠷᠴᠢᠨ  ᠲᠣᠭᠤᠷᠢᠨ   ᠢ  ᠤᠯᠠᠮ  ᠰᠠᠶᠢᠵᠢᠷᠠᠭᠤᠯᠵᠤ  ᠂  ᠬᠥᠭᠵᠢᠯᠲᠡ   ᠶᠢ  ᠨᠥᠯᠥᠭᠡᠯᠡᠬᠦ  ᠡᠯ᠎ᠡ  ᠵᠦᠢᠯ   ᠤᠨ  ᠰᠠᠭᠠᠳ  ᠬᠠᠷᠰᠢ   ᠶᠢ  ᠠᠷᠢᠯᠭᠠᠨ  ᠂  ᠢᠯᠠ  ᠲᠣᠳᠣ  ᠂  ᠡᠷᠬᠡ  ᠲᠡᠭᠰᠢ  ᠂  ᠥᠨᠳᠥᠷ  ᠠᠰᠢᠭ  ᠪᠦᠬᠦᠢ  ᠪᠡᠯᠡ  ᠣᠷᠤᠭᠤᠯᠤᠯᠲᠠ   ᠶᠢᠨ  ᠣᠷᠴᠢᠨ   ᠢ  ᠪᠠᠶᠢᠭᠤᠯᠵᠤ  ᠂  ︽ᠠᠷᠠᠯᠵᠢᠶᠠᠴᠢᠨ   ᠢ  ᠬᠠᠯᠠᠮᠵᠢᠯᠠᠵᠤ  ᠂  ᠠᠮᠤᠷᠵᠢᠭᠤᠯᠵᠤ  ᠂  ᠪᠠᠶᠠᠵᠢᠭᠤᠯᠬᠤ︾  ᠨᠡᠶᠢᠭᠡᠮ   ᠤᠨ  ᠠᠭᠤᠷ  ᠠᠮᠢᠰᠬᠤᠯ   ᠢ  ᠪᠦᠷᠢᠯᠳᠦᠭᠦᠯᠦᠨ᠎ᠡ  ᠃  ᠰᠢᠶᠠᠩᠭᠠᠩ   ᠤᠨ  ︽ᠰᠢᠶᠧ  ᠾᠧ︾  ᠡᠨᠧᠷᠭᠢ   ᠶᠢᠨ  ᠺᠣᠮᠫᠠᠨᠢ   ᠲᠠᠢ  ᠬᠠᠮᠵᠢᠯᠴᠠᠨ  ᠂  ᠲᠦᠷᠦᠭᠦᠴᠢ  ᠬᠤᠭᠤᠴᠠᠭᠠᠨ   ᠤ 4.95 ᠲᠦᠮᠡᠨ ᠺᠢᠯᠤᠸᠠᠲ   ᠤ  ᠰᠠᠯᠬᠢᠨ  ᠬᠦᠴᠦᠨ   ᠤ  ᠴᠠᠬᠢᠯᠭᠠᠨ   ᠤ  ᠲᠥᠷᠥᠯ  ᠵᠦᠢᠯ   ᠢ  ᠲᠤᠰ  ᠵᠢᠯ   ᠳᠤ  ᠡᠬᠢᠯᠡᠭᠦᠯᠵᠦ  ᠂  ᠰᠠᠩ   ᠤᠨ  ᠳᠠᠯᠠᠢ  —  ᠵᠠᠩ  ᠵᠢᠶ᠋ᠨ  ᠺᠸᠦ  ᠲᠡᠮᠦᠷ  ᠵᠠᠮ   ᠤᠨ  ᠪᠠᠶᠢᠭᠤᠯᠤᠯᠲᠠ   ᠳᠤ  ᠬᠠᠮᠵᠢᠯᠴᠠᠨ  ᠲᠥᠷᠥᠯ  ᠵᠦᠢᠯ   ᠤᠨ  ᠲᠦᠷᠦᠭᠦᠴᠢ  ᠬᠤᠭᠤᠴᠠᠭᠠᠨ   ᠤ  ᠠᠵᠢᠯ   ᠢ  ᠪᠡᠯᠡᠳᠬᠡᠵᠦ  ᠂  ᠤᠷᠤᠭᠰᠢᠲᠠᠢ  ᠶᠠᠪᠤᠭᠳᠠᠬᠤ   ᠶᠢ  ᠪᠠᠲᠤᠯᠠᠨ᠎ᠠ᠃  ᠠᠦ᠋ᠰᠲᠷᠠᠯᠢᠶ᠎ᠠ   ᠶᠢᠨ  ᠴᠠᠭᠠᠨ  ᠢᠳᠡᠭᠡᠨ   ᠤ  ᠺᠣᠮᠫᠠᠨᠢ   ᠶᠢᠨ  ᠲᠥᠷᠥᠯ  ᠵᠦᠢᠯ   ᠢ  ᠮᠥᠷᠳᠡᠨ  ᠨᠠᠶᠢᠳᠠᠪᠤᠷᠢᠵᠢᠭᠤᠯᠵᠤ  ᠂  ᠡᠨᠡ  ᠵᠢᠯ   ᠳᠤ  ᠪᠡᠶᠡᠯᠡᠭᠦᠯᠬᠦ   ᠪᠠᠷ  ᠴᠢᠷᠮᠠᠶᠢᠵᠤ  ᠂  ᠬᠤᠨᠠᠨ   ᠤ  ᠵᠢᠢ  ᠱᠠᠨ  ᠂  ᠾᠧᠪᠸᠢ   ᠶᠢᠨ   ᠶᠢᠨ ᠱᠧᠩ  ᠵᠡᠷᠭᠡ  ᠺᠣᠮᠫᠠᠨᠢ   ᠶᠢᠨ  ᠠᠯᠲᠠ  ᠂  ᠬᠠᠷ᠎ᠠ  ᠲᠤᠭᠤᠯᠭᠠᠨ  ᠴᠠᠶᠢᠷ  ᠂  ᠤᠯᠠᠨ  ᠲᠡᠮᠦᠷᠯᠢᠭ   ᠤᠨ  ᠠᠭᠤᠷᠬᠠᠢ   ᠶᠢᠨ  ᠬᠠᠶᠢᠨ  ᠰᠢᠨᠵᠢᠯᠡᠯᠲᠡ   ᠶᠢ  ᠳᠡᠮᠵᠢᠵᠦ  ᠂  ᠵᠦᠩ  ᠨᠠᠨ  ᠶᠡᠭᠡ  ᠰᠤᠷᠭᠠᠭᠤᠯᠢ   ᠶᠢᠨ  ᠮᠣᠯᠢᠪᠳᠧᠨ   ᠤ  ᠠᠭᠤᠷᠬᠠᠢ   ᠶᠢᠨ  ᠬᠠᠶᠢᠯᠲᠠ  ᠪᠠ  ᠨᠡᠭᠡᠭᠡᠯᠲᠡ   ᠶᠢ  ᠭᠤᠣᠯᠳᠠᠯᠭ᠎ᠠ   ᠲᠠᠢ  ᠳᠡᠮᠵᠢᠨ᠎ᠡ  ᠃        ᠦᠢᠯᠡᠳᠪᠦᠷᠢᠯᠡᠯ   ᠤᠨ  ᠣᠷᠣᠨ  ᠲᠣᠭᠤᠷᠢᠭ   ᠤᠨ  ᠲᠥᠯᠥᠪᠵᠢᠭᠦᠯᠭᠡ   ᠶᠢ  ᠠᠩᠬᠠᠷᠤᠨ  ᠬᠠᠯᠠᠮᠵᠢᠯᠠᠬᠤ  ᠬᠡᠷᠡᠭᠲᠡᠢ  ᠃  ᠤᠯᠠᠭᠠᠨ  ᠢᠳᠡᠭᠡᠨ  ᠪᠣᠯᠣᠨ  ᠦᠬᠡᠷ  ᠬᠤᠨᠢᠨ   ᠤ  ᠳᠣᠲᠣᠷ᠎ᠠ  ᠡᠷᠬᠡᠲᠡᠨ   ᠤ  ᠨᠠᠷᠢᠯᠢᠭ  ᠪᠣᠯᠪᠠᠰᠤᠷᠠᠭᠤᠯᠤᠯ  ᠂  ᠴᠠᠭᠠᠨ  ᠢᠳᠡᠭᠡᠨ   ᠤ  ᠪᠣᠯᠪᠠᠰᠤᠷᠠᠭᠤᠯᠤᠯ  ᠂  ᠠᠷᠠᠰᠤ  ᠨᠣᠣᠰᠣᠨ   ᠤ  ᠪᠣᠯᠪᠠᠰᠤᠷᠠᠭᠤᠯᠤᠯ  ᠵᠡᠷᠭᠡ  ᠲᠠᠷᠢᠶᠠᠯᠠᠩ  ᠮᠠᠯᠵᠢᠯ   ᠤᠨ  ᠠᠵᠤ  ᠦᠢᠯᠡᠰᠵᠢᠭᠰᠡᠨ  ᠠᠵᠤ  ᠠᠬᠤᠶᠢᠯᠠᠯ   ᠢ  ᠢᠳᠡᠪᠬᠢᠲᠡᠢ  ᠲᠠᠲᠠᠵᠤ  ᠂  ᠪᠣᠬᠢᠷᠲᠤᠯ  ᠦᠭᠡᠢ  ᠪᠦᠲᠦᠭᠡᠭᠳᠡᠬᠦᠨ   ᠤ  ᠪᠣᠯᠪᠠᠰᠤᠷᠠᠭᠤᠯᠵᠤ  ᠡᠳ᠋ᠰᠢᠭᠦᠯᠬᠦ  ᠦᠢᠯᠡᠳᠪᠦᠷᠢᠯᠡᠯ   ᠤᠨ  ᠣᠷᠣᠨ   ᠢ  ᠡᠭᠦᠳᠦᠨ  ᠪᠠᠶᠢᠭᠤᠯᠤᠨ᠎ᠠ  ᠃  ᠪᠠᠶᠢᠭ᠎ᠠ  ᠪᠣᠷᠵᠢᠨ  ᠴᠢᠯᠠᠭᠤᠯᠢᠭ  ᠪᠣᠯᠪᠠᠰᠤᠷᠠᠭᠤᠯᠬᠤ  ᠠᠵᠤ  ᠠᠬᠤᠶᠢᠯᠠᠯ   ᠤᠨ  ᠳᠠᠭᠠᠭᠤᠯᠤᠭ᠎ᠠ   ᠪᠠᠷ  ᠪᠣᠷᠵᠢᠨ  ᠴᠢᠯᠠᠭᠤ  ᠪᠣᠯᠪᠠᠰᠤᠷᠠᠭᠤᠯᠬᠤ  ᠬᠥᠭᠵᠢᠯᠲᠡ   ᠶᠢᠨ  ᠲᠥᠯᠥᠪᠵᠢᠭᠦᠯᠭᠡ   ᠶᠢ  ᠤᠯᠠᠮ  ᠰᠠᠶᠢᠨ  ᠬᠢᠵᠦ  ᠂  ᠦᠨᠳᠦᠰᠦᠨ  ᠪᠦᠲᠦᠭᠡᠨ  ᠪᠠᠶᠢᠭᠤᠯᠤᠯᠲᠠ   ᠶᠢ  ᠲᠡᠭᠦᠯᠳᠡᠷᠵᠢᠭᠦᠯᠬᠦ   ᠪᠠᠷ  ᠳᠠᠮᠵᠢᠨ  ᠂  ᠴᠢᠨᠠᠷᠯᠢᠭ  ᠦᠢᠯᠡᠴᠢᠯᠡᠭᠡ  ᠬᠠᠩᠭᠠᠨ  ᠂  ᠣᠨᠴᠠᠯᠢᠭᠲᠤ  ᠴᠢᠯᠠᠭᠤᠯᠢᠭ  ᠮᠠᠲ᠋ᠧᠷᠢᠶᠠᠯ  ᠪᠣᠯᠪᠠᠰᠤᠷᠠᠭᠤᠯᠬᠤ  ᠦᠢᠯᠡᠳᠪᠦᠷᠢᠯᠡᠯ   ᠤᠨ  ᠣᠷᠣᠨ   ᠢ  ᠪᠠᠶᠢᠭᠤᠯᠤᠨ᠎ᠠ  ᠃  ᠪᠦᠸᠧ  ᠬᠠᠢ  ᠲᠠᠩᠭᠢᠰ   ᠤᠨ  ᠲᠣᠭᠤᠷᠢᠨ   ᠳᠠᠬᠢ  ᠠᠵᠤ  ᠠᠬᠤᠢ   ᠶᠢᠨ  ᠴᠠᠭᠠᠷᠢᠭ  ᠪᠣᠯᠣᠨ  ᠪᠡᠭᠡᠵᠢᠩ   ᠤᠨ  ᠠᠵᠤ  ᠠᠬᠤᠢ   ᠶᠢᠨ  ᠴᠠᠭᠠᠷᠢᠭ   ᠤᠨ  ᠥᠷᠭᠡᠨ  ᠳᠠᠶᠢᠴᠢᠯᠠᠯ   ᠳᠤ  ᠲᠦᠰᠢᠭᠯᠡᠵᠦ  ᠂  ᠤᠭ  ᠮᠠᠲ᠋ᠧᠷᠢᠶᠠᠯ   ᠤᠨ  ᠪᠣᠯᠪᠠᠰᠤᠷᠠᠭᠤᠯᠤᠯᠲᠠ  ᠂  ᠢᠵᠢ  ᠪᠦᠷᠢᠳᠦᠭᠰᠡᠨ  ᠪᠣᠯᠪᠠᠰᠤᠷᠠᠭᠤᠯᠤᠯᠲᠠ  ᠂  ᠢᠵᠢ  ᠪᠦᠷᠢᠳᠦᠭᠰᠡᠨ  ᠤᠭᠰᠠᠷᠠᠯᠲᠠ  ᠵᠡᠷᠭᠡ  ᠠᠭᠤᠷᠬᠠᠢ   ᠶᠢᠨ  ᠪᠤᠰᠤ  ᠡᠬᠢ  ᠰᠤᠷᠪᠤᠯᠵᠢ   ᠶᠢᠨ  ᠬᠡᠯᠪᠡᠷᠢ   ᠶᠢᠨ  ᠠᠵᠤ  ᠦᠢᠯᠡᠳᠪᠦᠷᠢ   ᠶᠢᠨ  ᠲᠣᠭᠤᠷᠢᠨ   ᠳᠤ  ᠨᠢᠭᠡ  ᠪᠦᠯᠦᠭ  ᠲᠥᠷᠥᠯ  ᠵᠦᠢᠯ   ᠢ  ᠲᠥᠰᠥᠪᠯᠡᠨ  ᠴᠢᠮᠡᠭᠯᠡᠵᠦ  ᠂  ᠪᠡᠯᠡ  ᠲᠠᠲᠠᠬᠤ   ᠶᠢ  ᠪᠦᠬᠦ  ᠬᠦᠴᠦᠨ   ᠢᠶᠠᠷ  ᠥᠷᠨᠢᠭᠦᠯᠦᠨ  ᠂  ᠥᠷᠢᠰᠦᠯᠳᠦᠬᠦ  ᠳᠠᠪᠠᠭᠤᠯᠢᠭ  ᠬᠦᠴᠦᠨ  ᠪᠦᠬᠦᠢ  ᠠᠭᠤᠷᠬᠠᠢ   ᠶᠢᠨ  ᠪᠤᠰᠤ  ᠡᠬᠢ  ᠰᠤᠷᠪᠤᠯᠵᠢ   ᠶᠢᠨ  ᠠᠵᠤ  ᠦᠢᠯᠡᠰ   ᠤᠨ  ᠣᠷᠣᠨ  ᠲᠣᠭᠤᠷᠢᠭ   ᠢ  ᠠᠯᠭᠤᠷ   ᠢᠶᠠᠷ  ᠪᠦᠷᠢᠯᠳᠦᠭᠦᠯᠦᠨ᠎ᠡ  ᠃       ︵ᠭᠤᠷᠪᠠ︶ ᠬᠤᠲᠠ ᠶᠢᠨ ᠲᠥᠯᠥᠪᠵᠢᠭᠦᠯᠦᠭᠰᠡᠨ ᠪᠦᠲᠦᠭᠡᠨ ᠪᠠᠶᠢᠭᠤᠯᠤᠯᠲᠠ‌‍ᠶᠢᠨ ᠬᠠᠮᠢᠶᠠᠷᠤᠯᠲᠠ ᠶᠢᠨ ᠲᠦᠪᠰᠢᠨ ᠢ ᠳᠡᠭᠡᠭᠰᠢᠯᠡᠭᠦᠯᠵᠦ᠂ ᠬᠤᠲᠠ ᠪᠠᠯᠭᠠᠰᠤᠵᠢᠯᠲᠠ ᠶᠢᠨ ᠠᠬᠢᠴᠠ ᠶᠢ ᠲᠦᠷᠭᠡᠳᠬᠡᠬᠦ ᠬᠡᠷᠡᠭᠲᠡᠢ  ᠃       ᠬᠤᠲᠠ   ᠶᠢᠨ  ᠡᠵᠡᠩᠨᠡᠯᠲᠡ   ᠶᠢᠨ  ᠣᠶᠢᠯᠠᠭᠠᠭᠳᠠᠬᠤᠨ   ᠢ  ᠰᠢᠨᠡᠴᠢᠯᠡᠵᠦ  ᠂  ᠦᠨᠳᠦᠰᠦᠨ  ᠪᠦᠲᠦᠭᠡᠨ  ᠪᠠᠶᠢᠭᠤᠯᠤᠯᠲᠠ   ᠶᠢ  ᠴᠢᠩᠭᠠᠳᠬᠠᠨ  ᠂  ᠪᠦᠬᠦᠶᠢᠯᠡ  ᠴᠣᠭᠴᠠ   ᠶᠢᠨ  ᠴᠢᠳᠠᠪᠤᠷᠢ   ᠶᠢ  ᠨᠡᠮᠡᠭᠳᠡᠭᠦᠯᠵᠦ  ᠂  ᠬᠤᠲᠠ   ᠶᠢᠨ  ᠴᠢᠨᠠᠷ  ᠲᠡᠰ   ᠢ  ᠳᠡᠭᠡᠭᠰᠢᠯᠡᠭᠦᠯᠦᠨ  ᠂  ᠬᠤᠲᠠ  ᠪᠠᠯᠭᠠᠰᠤᠵᠢᠯᠲᠠ   ᠶᠢᠨ  ᠠᠬᠢᠴᠠ   ᠶᠢ  ᠲᠦᠷᠭᠡᠳᠬᠡᠨ᠎ᠡ  ᠃        ᠥᠨᠳᠥᠷ  ᠪᠠᠷᠢᠮᠵᠢᠶᠠᠲᠤ  ᠲᠥᠯᠥᠪᠵᠢᠭᠦᠯᠭᠡ   ᠶᠢ  ᠪᠠᠷᠢᠮᠲᠠᠯᠠᠵᠤ  ᠂  ᠬᠤᠲᠠ   ᠶᠢᠨ  ᠣᠨᠴᠠᠯᠢᠭ   ᠢ  ᠢᠯᠡᠷᠡᠭᠦᠯᠦᠨ᠎ᠡ  ᠃  ︽ᠲᠥᠯᠥᠪᠵᠢᠭᠦᠯᠵᠦ  ᠂  ᠴᠣᠬᠤᠯᠠᠪᠤᠷᠢᠯᠠᠨ  ᠂  ᠪᠦᠲᠦᠭᠡᠨ  ᠪᠠᠶᠢᠭᠤᠯᠬᠤ︾  ᠱᠠᠭᠠᠷᠳᠠᠯᠭ᠎ᠠ   ᠪᠠᠷ  ᠬᠤᠲᠠ  ᠪᠠ  ᠲᠡᠭᠦᠷᠭᠡ   ᠶᠢᠨ  ᠪᠠᠶᠢᠭᠤᠯᠤᠯᠲᠠ   ᠶᠢ  ᠨᠢᠭᠡᠳᠦᠯᠲᠡᠢ  ᠲᠥᠯᠥᠪᠵᠢᠭᠦᠯᠵᠦ  ᠂  ᠬᠤᠲᠠ  ᠬᠥᠳᠡᠭᠡ   ᠶᠢᠨ  ᠲᠥᠯᠥᠪᠵᠢᠭᠦᠯᠭᠡ   ᠶᠢᠨ  ᠥᠷᠭᠡᠨ  ᠪᠦᠷᠬᠦᠴᠡ   ᠶᠢ  ᠲᠦᠷᠭᠡᠨ  ᠪᠡᠶᠡᠯᠡᠭᠦᠯᠵᠦ  ᠂  ᠡᠯ᠎ᠡ  ᠲᠥᠷᠥᠯ   ᠤᠨ  ᠲᠤᠰᠬᠠᠢ  ᠲᠥᠯᠥᠪᠵᠢᠭᠦᠯᠭᠡ  ᠂  ᠵᠠᠰᠠᠵᠤ  ᠪᠠᠶᠢᠭᠤᠯᠬᠤ  ᠬᠡᠯᠪᠡᠷᠢ   ᠶᠢᠨ  ᠲᠥᠯᠥᠪᠵᠢᠭᠦᠯᠭᠡ  ᠪᠣᠯᠣᠨ  ᠬᠢᠵᠠᠭᠠᠷᠲᠤ  ᠴᠢᠨᠠᠷᠲᠠᠢ  ᠲᠥᠯᠥᠪᠵᠢᠭᠦᠯᠭᠡ   ᠶᠢᠨ  ᠣᠷᠣᠨ  ᠲᠣᠭᠠᠨ   ᠤ  ᠠᠵᠢᠯ   ᠢ  ᠴᠢᠩᠭᠠᠳᠬᠠᠨ  ᠂  ᠪᠤᠤᠴᠠᠩ  ᠪᠠᠯᠭᠠᠰᠤᠨ   ᠤ  ᠬᠥᠭᠵᠢᠯᠲᠡ   ᠶᠢᠨ  ᠬᠦᠷᠢᠶ᠎ᠡ ᠭᠡᠪᠴᠢᠶ᠎ᠡ   ᠶᠢ  ᠲᠣᠭᠲᠠᠭᠠᠬᠤ   ᠶᠢᠨ  ᠬᠠᠮᠲᠤ  ︽ᠬᠡᠪᠴᠢᠶ᠎ᠡ  ᠵᠣᠬᠢᠷᠠᠮᠵᠢᠲᠠᠢ ᠮᠥᠨ ᠴᠢᠳᠠᠪᠤᠷᠢ  ᠪᠦᠷᠢᠨ︾  ᠱᠠᠭᠠᠷᠳᠠᠯᠭ᠎ᠠ  ᠶᠣᠰᠣᠭᠠᠷ  ᠂  ᠡᠯ᠎ᠡ  ᠰᠤᠮᠤ  ᠰᠢᠶᠠᠩ  ᠪᠠᠯᠭᠠᠰᠤᠨ   ᠤ  ᠲᠥᠯᠥᠪᠵᠢᠭᠦᠯᠭᠡ  ᠬᠢᠭᠡᠳ  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ   ᠤ  ᠵᠢᠱᠢᠶ᠎ᠡ  ᠦᠵᠡᠭᠦᠯᠬᠦ  ᠴᠢᠭ᠋   ᠢᠶᠠᠷ  ᠭᠤᠣᠯᠳᠠᠭᠰᠠᠨ  ᠬᠤᠲᠠ  ᠤᠰᠤᠨ   ᠤ  ᠲᠥᠯᠥᠪᠵᠢᠭᠦᠯᠭᠡ   ᠶᠢᠨ  ᠣᠷᠣᠨ  ᠲᠤᠭ᠎ᠠ   ᠶᠢ  ᠠᠳᠬᠤᠨ᠎ᠠ  ᠃  ᠤᠷᠢᠳᠠᠪᠠᠷ  ᠪᠡᠭᠡᠵᠢᠩ   ᠤᠨ  ᠵᠦᠩ  ᠬᠤᠸ᠋ᠨ  ᠵᠢᠶᠠᠨ  ᠲᠥᠰᠥᠪ  ᠲᠥᠯᠥᠪᠵᠢᠭᠦᠯᠭᠡ   ᠶᠢᠨ  ᠬᠦᠷᠢᠶᠡᠯᠡᠩ   ᠳᠤ  ᠨᠠᠶᠢᠳᠠᠵᠤ  ᠂  ︽ᠪᠤᠤᠴᠠᠩ  ᠪᠠᠯᠭᠠᠰᠤᠨ   ᠤ  ᠶᠡᠷᠦᠩᠬᠡᠢ  ᠲᠥᠯᠥᠪᠵᠢᠭᠦᠯᠭᠡ︾  ᠂  ᠣᠶᠢᠷ᠎ᠠ   ᠶᠢᠨ  ᠬᠤᠭᠤᠴᠠᠭᠠᠨ   ᠤ  ᠪᠦᠲᠦᠭᠡᠨ  ᠪᠠᠶᠢᠭᠤᠯᠤᠯᠲᠠ   ᠶᠢᠨ  ᠲᠥᠯᠥᠪᠵᠢᠭᠦᠯᠭᠡ  ᠪᠣᠯᠣᠨ  ᠬᠤᠲᠠ   ᠶᠢᠨ  ᠨᠢᠭᠡᠳᠬᠡᠨ  ᠴᠣᠭᠴᠠᠵᠢᠭᠤᠯᠬᠤ  ᠲᠥᠯᠥᠪᠵᠢᠭᠦᠯᠭᠡ   ᠶᠢ  ᠪᠡᠶᠡᠯᠡᠭᠦᠯᠦᠨ᠎ᠡ  ᠃  ᠪᠦᠲᠦᠭᠡᠨ  ᠪᠠᠶᠢᠭᠤᠯᠤᠯᠲᠠ   ᠶᠢᠨ  ᠲᠥᠷᠥᠯ  ᠵᠦᠢᠯ   ᠢ  ᠲᠥᠯᠥᠪᠵᠢᠭᠦᠯᠵᠦ  ᠬᠡᠷᠡᠭᠵᠢᠭᠦᠯᠬᠦ  ᠱᠠᠭᠠᠷᠳᠠᠯᠭ᠎ᠠ  ᠶᠣᠰᠣᠭᠠᠷ  ᠂  ᠲᠥᠯᠥᠪᠵᠢᠭᠦᠯᠭᠡ   ᠶᠢᠨ  ᠳᠤᠮᠳᠠᠬᠢ  ᠬᠠᠤᠯᠢ  ᠬᠡᠷᠡᠭᠵᠢᠭᠦᠯᠬᠦ  ᠬᠦᠴᠦᠯᠡᠴᠡ   ᠶᠢ  ᠶᠡᠬᠡᠰᠬᠡᠨ  ᠂  ᠬᠠᠤᠯᠢ  ᠳᠦᠷᠢᠮ   ᠠᠴᠠ  ᠵᠥᠷᠢᠴᠡᠭᠰᠡᠨ  ᠪᠦᠲᠦᠭᠡᠨ  ᠪᠠᠶᠢᠭᠤᠯᠤᠯᠲᠠ   ᠶᠢᠨ  ᠠᠵᠢᠯᠯᠠᠭ᠎ᠠ   ᠶᠢ  ᠴᠢᠩᠭ᠎ᠠ  ᠪᠠᠶᠢᠴᠠᠭᠠᠨ  ᠰᠢᠢᠳᠪᠦᠷᠢᠯᠡᠵᠦ  ᠂  ᠲᠥᠯᠥᠪᠵᠢᠭᠦᠯᠭᠡ   ᠶᠢᠨ  ᠡᠷᠬᠡᠲᠦ  ᠴᠢᠨᠠᠷ  ᠪᠠ  ᠴᠢᠩᠭ᠎ᠠ  ᠨᠢᠮᠪᠠᠢ  ᠴᠢᠨᠠᠷ   ᠢ  ᠬᠠᠮᠠᠭᠠᠯᠠᠬᠤ  ᠬᠡᠷᠡᠭᠲᠡᠢ  ᠃  ᠮᠠᠨ   ᠤ  ᠬᠤᠰᠢᠭᠤᠨ   ᠤ  ᠭᠠᠵᠠᠷ  ᠰᠢᠷᠣᠢ   ᠶᠢᠨ  ᠠᠰᠢᠭᠯᠠᠯᠲᠠ   ᠶᠢᠨ  ᠶᠡᠷᠦᠩᠬᠡᠢ  ᠲᠥᠯᠥᠪᠵᠢᠭᠦᠯᠭᠡ   ᠶᠢ  ᠵᠠᠰᠠᠨ  ᠨᠠᠶᠢᠷᠠᠭᠤᠯᠵᠤ  ᠂  ᠣᠷᠣᠨ  ᠬᠤᠪᠢᠶᠠᠷᠢ   ᠶᠢ  ᠵᠣᠬᠢᠰᠲᠠᠢ  ᠪᠠᠶᠢᠷᠢᠰᠢᠭᠤᠯᠤᠨ  ᠂  ᠠᠲᠠᠷ  ᠭᠠᠵᠠᠷ ᠢ  ᠪᠦᠲᠦᠮᠵᠢᠲᠡᠢ  ᠬᠠᠮᠠᠭᠠᠯᠠᠵᠤ  ᠂  ᠨᠡᠭᠡᠭᠡᠯᠲᠡ  ᠪᠠᠶᠢᠭᠤᠯᠤᠯᠲᠠ   ᠳᠤ  ᠬᠡᠷᠡᠭᠰᠡᠬᠦ  ᠭᠠᠵᠠᠷ  ᠰᠢᠷᠣᠢ   ᠶᠢᠨ  ᠬᠡᠷᠡᠭᠴᠡᠭᠡ   ᠶᠢ  ᠬᠠᠩᠭᠠᠬᠤ  ᠬᠡᠷᠡᠭᠲᠡᠢ  ᠃          ᠥᠨᠳᠥᠷ  ᠪᠠᠷᠢᠮᠵᠢᠶᠠᠲᠤ  ᠪᠦᠲᠦᠭᠡᠨ  ᠪᠠᠶᠢᠭᠤᠯᠤᠯᠲᠠ   ᠶᠢ  ᠪᠠᠷᠢᠮᠲᠠᠯᠠᠵᠤ  ᠂  ᠬᠤᠲᠠ   ᠶᠢᠨ  ᠴᠢᠨᠠᠷ  ᠲᠡᠰ   ᠢ  ᠳᠡᠭᠡᠭᠰᠢᠯᠡᠭᠦᠯᠦᠨ᠎ᠡ  ᠃ ᠬᠤᠲᠠ   ᠶᠢᠨ  ᠵᠠᠰᠠᠭ   ᠤᠨ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠳᠤ 5463 ᠲᠦᠮᠡᠨ ᠲᠥᠭᠦᠷᠢᠭ ᠤᠨ ᠪᠡᠯᠡ ᠣᠷᠣᠭᠤᠯᠵᠤ᠂ ᠣᠷᠣᠨ ᠰᠠᠭᠤᠴᠠ ᠶᠢᠨ ᠨᠡᠭᠡᠭᠡᠯᠲᠡ  ᠳᠤ 1.2 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠤᠨ  ᠂  ᠭᠤᠣᠯᠳᠠᠯᠭ᠎ᠠ ᠲᠠᠢ 12 ᠢᠨᠵᠧᠨᠧᠷᠢᠩ ᠢ  ᠪᠡᠶᠡᠯᠡᠭᠦᠯᠬᠦ   ᠪᠠᠷ  ᠴᠢᠷᠮᠠᠶᠢᠨ᠎ᠠ  ᠄           ︵1︶ 5.28  ᠲᠦᠮᠡᠨ  ᠲᠡᠭᠰᠢ  ᠳᠥᠷᠪᠡᠯᠵᠢᠨ  ᠮᠧᠲᠷ  ᠲᠣᠰᠣᠨ  ᠵᠠᠮ   ᠤᠨ  ᠰᠢᠨ᠎ᠡ  ᠪᠠᠶᠢᠭᠤᠯᠤᠯᠲᠠ  ᠂  ᠵᠠᠰᠠᠯᠲᠠ  ᠪᠠ  ᠥᠷᠭᠡᠳᠬᠡᠯ  ︔             ︵2︶  ᠲᠤᠸᠠᠨ  ᠵᠢᠶᠧ  ᠵᠠᠮ  ᠂ ᠯᠢ  ᠮᠢᠨ ᠬᠤᠶᠢᠲᠤ  ᠵᠡᠭᠡᠯᠢ   ᠶᠢᠨ  ᠨᠢᠭᠡᠳᠦᠭᠡᠷ  ᠭᠤᠳᠤᠮᠵᠢ  ᠂   ᠲᠠᠢ  ᠫᠢᠩ  ᠵᠡᠭᠡᠯᠢ  ᠂  ᠰᠢᠩ  ᠹᠦ᠋  ᠵᠠᠮ  ᠂  ᠪᠣᠣᠴᠠᠩ  ᠵᠠᠮ  ᠪᠣᠯᠤᠨ  ᠵᠢᠶᠠᠨ  ᠱᠾᠧ  ᠶᠡᠭᠡ  ᠵᠡᠭᠡᠯᠢ   ᠶᠢᠨ  ᠭᠤᠳᠤᠮᠵᠢᠨ  ᠠᠮᠠ  ᠵᠡᠷᠭᠡ 1.2 ᠲᠦᠮᠡᠨ  ᠲᠡᠭᠰᠢ  ᠳᠥᠷᠪᠡᠯᠵᠢᠨ  ᠮᠧᠲᠷ ᠶᠢᠨ  ᠱᠦᠢᠨᠢ  ᠵᠠᠮ︔          ︵3︶  ᠵᠢᠶᠧ  ᠹᠠᠩ  ᠶᠡᠭᠡ  ᠵᠡᠭᠡᠯᠢ  ᠂  ᠵᠢᠶᠠᠨ  ᠱᠾᠧ  ᠶᠡᠭᠡ  ᠵᠡᠭᠡᠯᠢ   ᠶᠢᠨ ᠬᠤᠶᠠᠷ  ᠦᠵᠡᠮᠵᠢ   ᠶᠢᠨ ᠣᠷᠣᠨ  ᠂ ᠰᠢᠨ  ᠬᠤᠸ᠋ᠨ  ᠵᠠᠭᠡᠯᠢ  ᠂  ᠯᠢ  ᠮᠢᠨ  ᠵᠡᠭᠡᠯᠢ   ᠶᠢᠨ ᠱᠦᠢᠨᠢ  ᠲᠣᠭᠤᠰᠬᠠᠨ  ᠳᠡᠪᠢᠰᠦᠯᠲᠡ 4 ᠲᠦᠮᠡᠨ ᠲᠡᠭᠰᠢ  ᠳᠥᠷᠪᠡᠯᠵᠢᠨ  ᠮᠧᠲᠷ  ︔           ︵4︶  ᠵᠡᠭᠡᠯᠢ  ᠭᠤᠳᠤᠮᠵᠢ   ᠶᠢᠨ  ᠱᠦᠢᠨᠢ  ᠵᠠᠮ   ᠤᠨ  ᠬᠤᠶᠠᠷ  ᠬᠠᠵᠠᠭᠤ   ᠳᠠᠬᠢ  ᠤᠯᠠᠭᠠᠨ ᠲᠣᠭᠤᠰᠬᠠᠨ  ᠳᠡᠪᠢᠰᠦᠯᠲᠡ 1.6ᠲᠦᠮᠡᠨ ᠲᠡᠭᠰᠢ  ᠳᠥᠷᠪᠡᠯᠵᠢᠨ  ᠮᠧᠲᠷ︔           ︵5︶  ᠤᠰᠤᠨ  ᠭᠤᠤᠷᠰᠤ   ᠶᠢᠨ  ᠲᠣᠣᠷ 3000 ᠮᠧᠲᠷ   ᠢ  ᠰᠢᠨ᠎ᠡ   ᠪᠠᠷ  ᠪᠠᠶᠢᠭᠤᠯᠬᠤ  ᠪᠠ  ᠵᠠᠰᠠᠬᠤ  ︔           ︵6︶  ᠲᠥᠪᠯᠡᠷᠡᠭᠦᠯᠦᠨ  ᠳᠤᠯᠠᠭᠠᠯᠠᠬᠤ  ᠲᠣᠣᠷ 3 ᠲᠦᠮᠡᠨ ᠲᠡᠭᠰᠢ  ᠳᠥᠷᠪᠡᠯᠵᠢᠨ  ᠮᠧᠲᠷ  ᠲᠠᠯᠠᠪᠠᠢ  ᠪᠠ  ᠪᠤᠵᠠᠷ  ᠤᠰᠤᠨ   ᠤ  ᠭᠤᠤᠷᠰᠤ   ᠶᠢᠨ  ᠤᠷᠲᠤᠳᠬᠠᠨ  ᠪᠠᠶᠢᠭᠤᠯᠤᠯᠲᠠ 2350  ᠮᠧᠲᠷ  ︔          ︵7︶  ᠵᠢᠶᠧ  ᠹᠠᠩ  ᠪᠠᠷᠠᠭᠤᠨ  ᠵᠡᠭᠡᠯᠢ   ᠶᠢᠨ  ᠰᠡᠯᠡᠭᠦᠴᠡᠯ   ᠤᠨ  ᠲᠠᠯᠠᠪᠠᠢ  ᠂  ᠵᠠᠰᠠᠭ  ᠵᠠᠬᠢᠷᠭᠠᠨ   ᠤ  ᠠᠯᠪᠠᠯᠠᠬᠤ  ᠭᠠᠵᠠᠷ   ᠤᠨ  ᠵᠡᠭᠦᠨ  ᠲᠣᠭᠤᠷᠢᠭ   ᠤᠨ  ᠪᠠᠭ᠎ᠠ  ᠲᠠᠯᠠᠪᠠᠢ   ᠶᠢᠨ  ᠵᠠᠰᠠᠯᠲᠠ 3.8 ᠲᠦᠮᠡᠨ ᠲᠡᠭᠰᠢ  ᠳᠥᠷᠪᠡᠯᠵᠢᠨ  ᠮᠧᠲᠷ︔            ︵8︶  ︽ᠴᠠᠬᠠᠷ︾  ᠴᠡᠴᠡᠷᠯᠢᠭ  ᠂  ᠪᠠᠯᠭᠠᠰᠤᠨ   ᠤ  ᠵᠡᠭᠦᠨ  ᠡᠮᠦᠨᠡᠬᠢ  ᠬᠤᠶᠠᠷ  ᠠᠮᠠ  ᠂  ᠵᠢᠶᠧ  ᠹᠠᠩ  ᠪᠠᠷᠠᠭᠤᠨ  ᠵᠡᠭᠡᠯᠢ   ᠶᠢᠨ  ᠰᠡᠯᠡᠭᠦᠴᠡᠯ   ᠤᠨ  ᠲᠠᠯᠠᠪᠠᠢ  ᠂  ᠵᠠᠰᠠᠭ  ᠵᠠᠬᠢᠷᠭᠠᠨ   ᠤ  ᠠᠯᠪᠠᠯᠠᠬᠤ  ᠭᠠᠵᠠᠷ   ᠤᠨ  ᠵᠡᠭᠦᠨ  ᠲᠣᠭᠤᠷᠢᠭ   ᠤᠨ  ᠪᠠᠭ᠎ᠠ  ᠲᠠᠯᠠᠪᠠᠢ   ᠶᠢᠨ  ᠨᠣᠭᠤᠭᠠᠷᠠᠭᠤᠯᠤᠯᠲᠠ  ᠂  ᠵᠢᠶᠧ  ᠹᠠᠩ  ᠵᠡᠭᠡᠯᠢ   ᠶᠢᠨ  ᠨᠣᠭᠤᠭᠠᠷᠠᠭᠤᠯᠤᠯᠲᠠ   ᠶᠢᠨ  ᠪᠦᠰᠡᠨ   ᠳᠤ  ᠴᠡᠴᠡᠭ  ᠬᠤᠸᠠᠷ  ᠲᠠᠷᠢᠬᠤ  ᠲᠠᠯᠠᠪᠠᠢ 1200 ᠲᠡᠭᠰᠢ  ᠳᠥᠷᠪᠡᠯᠵᠢᠨ  ᠮᠧᠲᠷ  ︔           ︵9︶  ᠬᠤᠭ  ᠨᠣᠪᠰᠢ  ᠬᠠᠶᠠᠬᠤ  ᠭᠠᠵᠠᠷ   ᠢ  ᠥᠷᠭᠡᠳᠬᠡᠨ  ᠂  ᠨᠡᠶᠢᠲᠡ   ᠶᠢᠨ  ᠵᠣᠷᠯᠣᠩ 20   ᠢ  ᠵᠠᠰᠠᠬᠤ  ᠪᠠ  ᠰᠢᠨ᠎ᠡ   ᠪᠠᠷ  ᠪᠠᠶᠢᠭᠤᠯᠵᠤ  ᠂  ᠬᠤᠶᠠᠷ  ᠦᠵᠡᠮᠵᠢ   ᠶᠢᠨ  ᠵᠡᠭᠡᠯᠢ   ᠳᠤ  ᠬᠤᠭ  ᠨᠣᠪᠰᠢ   ᠶᠢᠨ  ᠬᠠᠶᠢᠷᠴᠠᠭ 200   ᠢ  ᠲᠣᠬᠢᠷᠠᠭᠤᠯᠬᠤ  ︔           ︵10︶  ᠭᠤᠣᠯ  ᠪᠣᠯᠬᠤ  ᠵᠠᠮ  ᠵᠡᠭᠡᠯᠢ   ᠶᠢᠨ  ᠭᠡᠷᠡᠯᠲᠦᠭᠦᠯᠭᠡ   ᠶᠢᠨ  ᠳ᠋ᠧᠩ 220   ᠶᠢ  ᠤᠭᠰᠠᠷᠠᠬᠤ  ︔           ︵11︶  ᠵᠠᠮ  ᠬᠠᠷᠢᠯᠴᠠᠭᠠᠨ   ᠤ  ᠵᠢᠭᠠᠯᠲᠠ   ᠶᠢᠨ  ᠳ᠋ᠧᠩ 3  ᠭᠠᠵᠠᠷ  ᠂  ᠲᠡᠮᠳᠡᠭ  ᠫᠠᠶᠢᠰᠠ 60  ᠭᠠᠵᠠᠷ   ᠲᠤ  ᠤᠭᠰᠠᠷᠠᠬᠤ  ︔           ︵12︶  ᠬᠤᠲᠠ  ᠪᠠᠯᠭᠠᠰᠤᠨ   ᠤ  ᠨᠤᠷᠠᠭᠠᠨ  ᠨᠡᠭᠦᠯᠭᠡᠬᠦ  ᠲᠠᠯᠠᠪᠠᠢ 8000 ᠲᠡᠭᠰᠢ  ᠳᠥᠷᠪᠡᠯᠵᠢᠨ  ᠮᠧᠲᠷ  ᠂  ᠰᠢᠨ᠎ᠡ   ᠪᠠᠷ  ᠡᠬᠢᠯᠡᠬᠦ  ᠣᠷᠣᠨ  ᠰᠠᠭᠤᠴᠠ   ᠶᠢᠨ  ᠪᠠᠷᠢᠯᠭ᠎ᠠ   ᠶᠢᠨ  ᠲᠠᠯᠠᠪᠠᠢ 5 ᠲᠦᠮᠡᠨ ᠲᠡᠭᠰᠢ  ᠳᠥᠷᠪᠡᠯᠵᠢᠨ  ᠮᠧᠲᠷ  ᠂ 5 ᠲᠦᠮᠡᠨ ᠲᠡᠭᠰᠢ  ᠳᠥᠷᠪᠡᠯᠵᠢᠨ  ᠮᠧᠲᠷ  ᠠᠷᠠᠯᠵᠢᠶᠠᠨ   ᠤ  ᠠᠰᠠᠷ   ᠤᠨ  ᠵᠠᠰᠠᠯᠲᠠ  ᠨᠡᠭᠡᠭᠡᠯᠲᠡ  ᠵᠡᠷᠭᠡ  ᠃           ᠥᠨᠳᠥᠷ  ᠴᠢᠳᠠᠪᠤᠷᠢᠲᠤ  ᠬᠠᠮᠢᠶᠠᠷᠤᠯᠲᠠ   ᠶᠢ  ᠪᠠᠷᠢᠮᠲᠠᠯᠠᠵᠤ  ᠂  ᠬᠤᠲᠠ   ᠶᠢᠨ  ᠬᠡᠪ  ᠲᠥᠷᠬᠦ   ᠶᠢ  ᠰᠠᠶᠢᠵᠢᠷᠠᠭᠤᠯᠤᠨ᠎ᠠ  ᠃  ᠬᠤᠲᠠ   ᠶᠢᠨ  ᠪᠡᠯᠡ  ᠣᠷᠤᠭᠤᠯᠤᠯᠲᠠ   ᠶᠢᠨ  ᠺᠣᠮᠫᠠᠨᠢ   ᠶᠢᠨ  ᠡᠭᠦᠷᠭᠡ  ᠴᠢᠳᠠᠪᠬᠢ   ᠶᠢ  ᠭᠦᠢᠴᠡᠳ  ᠪᠠᠳᠠᠷᠠᠭᠤᠯᠵᠤ  ᠂  ᠭᠠᠵᠠᠷ  ᠰᠢᠷᠣᠢ   ᠶᠢᠨ  ᠡᠵᠡᠩᠨᠡᠯᠲᠡ  ᠂  ᠲᠥᠷᠥᠯ  ᠵᠦᠢᠯ   ᠢᠶᠠᠷ  ᠠᠷᠠᠯᠵᠢᠶᠠᠴᠢᠨ   ᠢ  ᠲᠠᠲᠠᠬᠤ  ᠵᠡᠷᠭᠡ  ᠵᠠᠬ᠎ᠠ  ᠳᠡᠯᠭᠡᠭᠦᠷ   ᠤᠨ  ᠡᠷᠭᠢᠯᠳᠦᠯ   ᠤᠨ  ᠠᠷᠭ᠎ᠠ  ᠪᠠᠷᠢᠯ   ᠢ  ᠥᠷᠭᠡᠨ   ᠢᠶᠠᠷ  ᠬᠡᠷᠡᠭᠯᠡᠵᠦ  ᠂  ᠣᠯᠠᠨ  ᠵᠠᠮ  ᠰᠤᠪᠠᠭ   ᠢᠶᠠᠷ  ᠪᠦᠲᠦᠭᠡᠨ  ᠪᠠᠶᠢᠭᠤᠯᠤᠯᠲᠠ   ᠶᠢᠨ  ᠪᠡᠯᠡ  ᠬᠤᠷᠠᠮᠳᠤᠭᠤᠯᠤᠨ  ᠂  ᠬᠤᠲᠠ   ᠶᠢᠨ  ᠪᠠᠶᠢᠭᠤᠯᠤᠯᠲᠠ   ᠶᠢᠨ  ᠭᠤᠣᠯᠳᠠᠯᠭ᠎ᠠ   ᠲᠠᠢ  ᠢᠨᠵᠧᠨᠧᠷᠢᠩ ᠳᠤ  ᠢᠳᠡ  ᠬᠦᠴᠦᠯᠢᠭ  ᠪᠡᠯᠡ  ᠮᠥᠩᠭᠦᠨ   ᠤ  ᠳᠡᠮᠵᠢᠯᠭᠡ   ᠶᠢ  ᠬᠠᠩᠭᠠᠨ᠎ᠠ  ᠃  ᠭᠠᠵᠠᠷ  ᠰᠢᠷᠣᠢ   ᠶᠢᠨ  ᠬᠠᠮᠢᠶᠠᠷᠤᠯᠲᠠ   ᠶᠢ  ᠤᠯᠠᠮ  ᠴᠢᠩᠭᠠᠳᠬᠠᠵᠤ  ᠂  ᠭᠠᠵᠠᠷ  ᠰᠢᠷᠣᠢ   ᠶᠢᠨ  ᠬᠠᠩᠭᠠᠯᠭ᠎ᠠ   ᠶᠢᠨ  ᠨᠣᠷᠮ᠎ᠠ   ᠶᠢ  ᠳᠡᠭᠡᠭᠰᠢᠯᠡᠭᠦᠯᠵᠦ  ᠂  ᠠᠷᠭ᠎ᠠ  ᠤᠬᠠᠭᠠᠨ  ᠰᠦᠪᠡᠭᠴᠢᠯᠡᠨ  ᠭᠠᠵᠠᠷ  ᠰᠢᠷᠣᠢ  ᠬᠡᠷᠡᠭᠯᠡᠬᠦ  ᠣᠷᠣᠨ  ᠲᠤᠭ᠎ᠠ   ᠶᠢ  ᠲᠡᠮᠡᠴᠡᠨ  ᠣᠯᠵᠤ  ᠂  ᠭᠠᠵᠠᠷ  ᠰᠢᠷᠣᠢ   ᠶᠢᠨ  ᠬᠢᠵᠠᠭᠠᠷᠯᠠᠯ   ᠢ  ᠨᠠᠮᠳᠠᠭᠤᠯᠬᠤ  ᠬᠡᠷᠡᠭᠲᠡᠢ  ᠃  ︽ᠪᠠᠶᠢᠭᠤᠯᠤᠯᠲᠠ  ᠂  ᠬᠠᠮᠢᠶᠠᠷᠤᠯᠲᠠ   ᠶᠢ  ᠬᠤᠣᠰᠯᠠᠭᠤᠯᠤᠨ  ᠂  ᠬᠠᠮᠢᠶᠠᠷᠤᠯᠲᠠ   ᠪᠠᠷ  ᠭᠤᠣᠯᠯᠠᠬᠤ︾  ᠴᠢᠭᠯᠡᠯ  ᠶᠣᠰᠣᠭᠠᠷ᠂  ᠶᠡᠷᠦᠩᠬᠡᠶᠢᠯᠡᠨ  ᠬᠠᠤᠯᠢ  ᠵᠠᠰᠠᠭ   ᠢ  ᠴᠢᠩᠭᠠᠳᠬᠠᠵᠤ  ᠂  ᠡᠳᠦᠷ  ᠲᠤᠲᠤᠮ   ᠤᠨ  ᠬᠠᠮᠢᠶᠠᠷᠤᠯᠲᠠ   ᠶᠢᠨ  ᠰᠦᠯᠵᠢᠶ᠎ᠡ   ᠶᠢ  ᠪᠦᠷᠢᠨᠰᠢᠭᠦᠯᠦᠨ  ᠂  ᠨᠤᠷᠠᠭᠠᠬᠤ  ᠵᠣᠬᠢᠰᠲᠠᠢ   ᠶᠢ   ᠨᠢ  ᠨᠤᠷᠠᠭᠠᠨ  ᠂  ᠵᠠᠰᠠᠬᠤ  ᠵᠣᠬᠢᠰᠲᠠᠢ   ᠶᠢ   ᠨᠢ  ᠵᠠᠰᠠᠬᠤ  ᠪᠠ  ᠵᠠᠮ  ᠡᠵᠡᠯᠡᠭᠰᠡᠨ  ᠡᠵᠡᠩᠨᠡᠯᠲᠡ   ᠶᠢ  ᠴᠡᠪᠡᠷᠯᠡᠬᠦ  ᠂  ᠲᠡᠮᠳᠡᠭ  ᠫᠠᠶᠢᠰᠠ   ᠶᠢ  ᠳᠦᠷᠢᠵᠢᠭᠦᠯᠬᠦ  ᠵᠡᠷᠭᠡ  ᠬᠤᠲᠠ   ᠶᠢᠨ  ᠬᠡᠪ  ᠲᠥᠷᠬᠦ   ᠶᠢ  ᠴᠡᠭᠴᠡᠯᠡᠬᠦ  ᠬᠦᠴᠦᠯᠡᠴᠡ   ᠪᠠᠨ  ᠶᠡᠬᠡᠰᠬᠡᠨ᠎ᠡ  ᠃  ᠨᠡᠪᠲᠡᠷᠡᠭᠦᠯᠵᠦ  ᠪᠢᠲᠡᠭᠦᠮᠵᠢᠯᠡᠬᠦ   ᠶᠢ  ᠤᠶᠠᠯᠳᠤᠭᠤᠯᠤᠨ  ᠂  ᠭᠠᠵᠠᠷ  ᠣᠷᠣᠨ   ᠳᠤᠨᠢ  ᠲᠣᠬᠢᠷᠠᠭᠤᠯᠤᠨ   ᠲᠥᠯᠥᠪᠵᠢᠭᠦᠯᠵᠦ  ᠂  ᠳᠡᠯᠭᠡᠨ  ᠪᠣᠷᠣᠯᠠᠭᠤᠯᠭ᠎ᠠ   ᠶᠢᠨ  ᠴᠢᠭ᠋  ᠂  ᠠᠷᠠᠯᠵᠢᠶᠠᠨ   ᠤ  ᠵᠠᠬ᠎ᠠ  ᠳᠡᠯᠭᠡᠭᠦᠷ  ᠂  ᠲᠡᠷᠭᠡᠨ  ᠵᠣᠭᠰᠣᠭᠠᠯ   ᠢ  ᠳᠦᠷᠢᠮᠵᠢᠭᠦᠯᠦᠨ  ᠬᠠᠮᠢᠶᠠᠷᠴᠤ  ᠂  ᠤᠬᠠᠭᠤᠯᠭ᠎ᠠ   ᠶᠢᠨ  ᠬᠦᠴᠦᠯᠡᠴᠡ   ᠪᠠᠨ  ᠶᠡᠬᠡᠰᠬᠡᠨ  ᠂  ᠰᠤᠷᠭᠠᠨ  ᠬᠥᠮᠥᠵᠢᠭᠦᠯᠬᠦ  ᠪᠠ  ᠵᠡᠷᠭᠡᠳᠡ  ᠬᠡᠷᠡᠭᠵᠢᠭᠦᠯᠵᠦ  ᠂  ᠠᠷᠠᠳ  ᠢᠷᠭᠡᠳ   ᠤᠨ  ᠬᠤᠲᠠ  ᠪᠠᠯᠭᠠᠰᠤ  ᠂  ᠣᠷᠴᠢᠨ  ᠲᠣᠭᠤᠷᠢᠨ   ᠢᠶᠠᠨ  ᠬᠠᠶᠢᠷᠠᠯᠠᠵᠤ  ᠬᠠᠮᠠᠭᠠᠯᠠᠬᠤ  ᠤᠬᠠᠮᠰᠠᠷᠲᠤ  ᠴᠢᠨᠠᠷ   ᠢ  ᠳᠡᠭᠡᠭᠰᠢᠯᠡᠭᠦᠯᠦᠨ  ᠂  ᠴᠡᠪᠡᠷ  ᠲᠣᠬᠢᠯᠢᠭ  ᠂  ᠭᠤᠸ᠎ᠠ  ᠰᠠᠶᠢᠬᠠᠨ  ᠂  ᠪᠣᠯᠪᠠᠰᠤᠨ  ᠶᠣᠰᠣᠷᠬᠠᠭ  ᠂  ᠡᠮᠬᠢ  ᠳᠢᠭᠯᠢᠮ   ᠲᠠᠢ  ᠬᠤᠲᠠ   ᠶᠢᠨ  ᠲᠥᠷᠬᠦ   ᠶᠢ  ᠪᠠᠶᠢᠭᠤᠯᠬᠤ   ᠪᠠᠷ  ᠴᠢᠷᠮᠠᠶᠢᠬᠤ  ᠬᠡᠷᠡᠭᠲᠡᠢ  ᠃            ︵ᠳᠥᠷᠪᠡ︶  ᠵᠤᠭᠠᠴᠠᠯ   ᠤᠨ  ᠨᠡᠭᠡᠭᠡᠯᠲᠡ   ᠶᠢ  ᠲᠣᠪᠣᠶᠢᠯᠭᠠᠵᠤ  ᠂  ᠣᠳᠣ  ᠦᠶ᠎ᠡ   ᠶᠢᠨ  ᠦᠢᠯᠡᠴᠢᠯᠡᠭᠡᠨ   ᠤ  ᠦᠢᠯᠡᠰ   ᠤᠨ  ᠬᠥᠭᠵᠢᠯᠲᠡ   ᠶᠢ  ᠲᠦᠷᠭᠡᠳᠬᠡᠨ  ᠠᠬᠢᠭᠤᠯᠤᠨ᠎ᠠ  ᠃           ᠦᠢᠯᠡᠴᠢᠯᠡᠭᠡᠨ   ᠤ  ᠦᠢᠯᠡᠰ   ᠤᠨ  ᠪᠦᠲᠦᠴᠡ   ᠶᠢ  ᠰᠢᠯᠢᠳᠡᠭᠵᠢᠭᠦᠯᠬᠦ  ᠂  ᠠᠵᠢᠯ  ᠣᠯᠭᠤᠬᠤ  ᠂  ᠡᠳ᠋   ᠤᠨ  ᠵᠠᠰᠠᠭ   ᠤᠨ  ᠣᠷᠣᠯᠭ᠎ᠠ   ᠶᠢ  ᠨᠡᠮᠡᠭᠳᠡᠭᠦᠯᠬᠦ  ᠪᠠᠶᠢᠯᠳᠤᠬᠤ  ᠪᠣᠳᠣᠯᠭ᠎ᠠ   ᠶᠢᠨ  ᠭᠤᠣᠯᠳᠠᠯᠭ᠎ᠠ  ᠪᠣᠯᠭᠠᠨ ᠠᠳᠬᠤᠵᠤ  ᠂  ᠪᠦᠬᠦ  ᠲᠠᠯ᠎ᠠ   ᠪᠠᠷ   ᠠᠬᠢᠭᠤᠯᠤᠨ  ᠂  ᠪᠣᠳᠠᠲᠤ  ᠠᠰᠢᠭ  ᠬᠤᠷᠢᠶᠠᠬᠤ   ᠪᠠᠷ  ᠴᠢᠷᠮᠠᠶᠢᠬᠤ  ᠬᠡᠷᠡᠭᠲᠡᠢ  ᠃            ᠲᠠᠯ᠎ᠠ  ᠨᠤᠲᠤᠭ   ᠤᠨ  ᠣᠨᠴᠠᠯᠢᠭᠲᠤ  ᠵᠤᠭᠠᠴᠠᠯ   ᠤᠨ  ᠦᠢᠯᠡᠰ   ᠢ  ᠪᠦᠬᠦ  ᠬᠦᠴᠦᠨ   ᠢᠶᠠᠷ  ᠲᠦᠯᠬᠢᠨ  ᠠᠬᠢᠭᠤᠯᠤᠨ᠎ᠠ  ᠃  ᠨᠢᠭᠡ   ᠳᠤ  ᠂  ᠰᠠᠭᠤᠷᠢ   ᠶᠢ  ᠴᠢᠩᠭᠠᠳᠬᠠᠨ᠎ᠠ  ᠃  ᠲᠥᠬᠦᠭᠡᠷᠦᠮᠵᠢ   ᠪᠠᠷ  ᠰᠠᠭᠤᠷᠢ  ᠪᠣᠯᠭᠠᠨ  ᠂  ᠰᠣᠶᠣᠯ   ᠢᠶᠠᠷ  ᠰᠦᠭ  ᠰᠦᠨᠡᠰᠦ  ᠪᠣᠯᠭᠠᠵᠤ᠂  ᠠᠵᠤ  ᠦᠢᠯᠡᠰ ᠢᠶᠠᠷ  ᠲᠤᠯᠭᠠᠭᠤᠷᠢ  ᠪᠣᠯᠭᠠᠨ  ᠂  ᠬᠠᠮᠢᠶᠠᠷᠤᠯᠲᠠ   ᠪᠠᠷ  ᠪᠠᠲᠤᠯᠠᠭ᠎ᠠ  ᠪᠣᠯᠭᠠᠵᠤ  ᠂  ᠭᠤᠣᠯᠳᠠᠯᠭ᠎ᠠ   ᠲᠠᠢ  ᠦᠵᠡᠮᠵᠢ   ᠶᠢᠨ  ᠣᠷᠣᠨ   ᠤ  ᠪᠠᠶᠢᠭᠤᠯᠤᠯᠲᠠ   ᠶᠢ  ᠲᠦᠷᠭᠡᠳᠬᠡᠨ᠎ᠡ  ᠃  ᠬᠠᠭᠠᠨ   ᠤ  ᠠᠳᠤᠭᠤᠨ  ᠬᠦᠷᠢᠶᠡᠯᠡᠩ  ᠂  ᠪᠣᠮᠪᠠᠨ ᠤ  ᠮᠠᠯᠴᠢᠨ  ᠡᠷᠦᠭᠡ   ᠶᠢᠨ  ᠬᠡᠪ  ᠵᠠᠩᠰᠢᠯ   ᠤᠨ  ᠲᠣᠰᠬᠤᠨ  ᠂  ᠳᠡᠯᠡᠬᠡᠢ   ᠶᠢᠨ  ᠭᠡᠷ  ᠪᠦᠯᠢ   ᠶᠢᠨ  ᠠᠪᠠ   ᠶᠢᠨ  ᠬᠦᠷᠢᠶ᠎ᠡ  ᠵᠡᠷᠭᠡ  ᠪᠠᠶᠢᠭᠤᠯᠵᠤ  ᠪᠠᠶᠢᠭ᠎ᠠ  ᠭᠤᠷᠪᠠᠨ  ᠵᠤᠭᠠᠴᠠᠯ   ᠤᠨ  ᠲᠥᠷᠥᠯ  ᠵᠦᠢᠯ   ᠢ  ᠪᠦᠬᠦ  ᠬᠦᠴᠦᠨ   ᠢᠶᠠᠷ  ᠠᠳᠬᠤᠵᠤ  ᠂  ᠪᠡᠭᠡᠵᠢᠩ   ᠤᠨ  ᠪᠠᠭᠰᠢ   ᠶᠢᠨ  ᠶᠡᠭᠡ  ᠰᠤᠷᠭᠠᠭᠤᠯᠢ   ᠶᠢᠨ  ᠣᠳᠣᠬᠢᠴᠢᠯᠠᠭᠰᠠᠨ  ᠳᠡᠯᠡᠬᠡᠢ   ᠶᠢᠨ  ᠭᠡᠷ  ᠪᠦᠯᠢ   ᠶᠢᠨ  ᠮᠠᠯᠵᠢᠯ   ᠤᠨ  ᠲᠠᠯᠠᠪᠠᠢ  ᠂  ᠳᠤᠮᠳᠠᠳᠤ  ᠤᠯᠤᠰ   ᠤᠨ  ᠠᠳᠤᠭᠤᠨ  ᠦᠢᠯᠡᠰ   ᠤᠨ  ᠨᠡᠶᠢᠭᠡᠮᠯᠢᠭ   ᠤᠨ  ᠲᠠᠶᠢᠹᠤᠰᠧ  ᠬᠤᠰᠢᠭᠤᠨ   ᠳᠠᠬᠢ  ᠶᠠᠩ  ᠭᠤᠸᠠᠨ  ᠰᠠᠭᠤᠷᠢᠨ  ᠭᠠᠵᠠᠷ  ᠂  ᠪᠡᠭᠡᠵᠢᠩ   ᠤᠨ  ᠺᠠᠩ  ᠾᠦᠢ  ᠳᠡᠯᠡᠬᠡᠢ   ᠶᠢᠨ  ᠵᠢᠭᠤᠯᠴᠢᠯᠠᠯ   ᠤᠨ  ᠬᠤᠷᠢᠶᠠᠨ   ᠤ  ᠵᠤᠭᠠᠴᠠᠯ   ᠤᠨ  ᠥᠷᠭᠡᠳᠬᠡᠯ  ᠂  ᠪᠡᠭᠡᠵᠢᠩ   ᠤᠨ ᠾᠧᠩ  ᠴᠢᠶᠠᠨ  ᠣᠷᠣᠨ  ᠰᠠᠭᠤᠴᠠ   ᠶᠢᠨ  ᠨᠡᠭᠡᠭᠡᠯᠲᠡ   ᠶᠢᠨ  ᠬᠢᠵᠠᠭᠠᠷᠲᠤ  ᠺᠣᠮᠫᠠᠨᠢ   ᠶᠢᠨ  ᠲᠠᠶᠢᠹᠤᠰᠧ  ᠬᠤᠰᠢᠭᠤᠨ   ᠳᠠᠬᠢ  ᠬᠡᠪ  ᠨᠠᠮᠪᠠ   ᠶᠢᠨ  ᠬᠤᠭᠤᠯᠠᠨ  ᠲᠠᠩᠬᠢᠮ  ᠂  ᠱᠸᠡᠵᠧᠨ   ᠤ  ᠵᠦᠩ  ᠰᠢᠶᠠᠨ  ᠠᠵᠤ  ᠠᠬᠤᠢ   ᠶᠢᠨ  ᠬᠥᠭᠵᠢᠯᠲᠡ   ᠶᠢᠨ  ᠬᠤᠪᠢ  ᠣᠷᠣᠭᠤᠯᠤᠭᠰᠠᠨ  ᠬᠢᠵᠠᠭᠠᠷᠲᠤ  ᠺᠣᠮᠫᠠᠨᠢ   ᠶᠢᠨ  ᠡᠶ᠎ᠡ  ᠵᠣᠬᠢᠴᠠᠯᠳᠤ  ᠠᠮᠢ  ᠠᠬᠤᠢ   ᠶᠢᠨ  ᠣᠷᠣᠨ  ᠵᠡᠷᠭᠡ  ᠳᠠᠭᠠᠭᠤᠯᠤᠭ᠎ᠠ   ᠶᠢᠨ  ᠦᠢᠯᠡᠳᠦᠯ   ᠲᠠᠢ  ᠲᠠᠪᠤᠨ  ᠵᠤᠭᠠᠴᠠᠯ   ᠤᠨ  ᠲᠥᠷᠥᠯ  ᠵᠦᠢᠯ   ᠢ  ᠭᠤᠣᠯᠳᠠᠯᠭ᠎ᠠ   ᠲᠠᠢ  ᠠᠬᠢᠭᠤᠯᠤᠨ᠎ᠠ  ᠃  ᠬᠤᠶᠠᠷ   ᠲᠤ  ᠂  ᠠᠷᠠᠯᠵᠢᠶᠠᠴᠢᠨ  ᠲᠠᠲᠠᠬᠤ   ᠶᠢ  ᠴᠢᠬᠤᠯᠠᠴᠢᠯᠠᠬᠤ  ᠬᠡᠷᠡᠭᠲᠡᠢ  ᠃  ᠵᠤᠭᠠᠴᠠᠯ   ᠤᠨ  ᠨᠡᠭᠡᠭᠡᠯᠲᠡ   ᠶᠢᠨ  ᠪᠡᠯᠡ  ᠣᠷᠣᠭᠤᠯᠤᠭᠴᠢ   ᠶᠢ  ᠬᠦᠴᠦᠯᠡᠨ  ᠲᠠᠲᠠᠵᠤ  ᠂  ᠨᠡᠶᠢᠭᠡᠮ   ᠤᠨ  ᠬᠦᠴᠦᠨ   ᠢ  ᠬᠥᠳᠡᠯᠭᠡᠨ  ᠵᠣᠷᠢᠭᠵᠢᠭᠤᠯᠵᠤ  ᠪᠠᠶᠢᠭᠠᠳ  ᠵᠤᠭᠠᠴᠠᠯ   ᠤᠨ  ᠦᠢᠯᠡᠰ   ᠤᠨ  ᠨᠡᠭᠡᠭᠡᠯᠲᠡ   ᠳᠤ  ᠣᠷᠣᠯᠴᠠᠭᠤᠯᠵᠤ  ᠂  ᠣᠨᠴᠠᠯᠢᠭ   ᠲᠠᠢ  ᠂  ᠲᠠᠲᠠᠬᠤ  ᠬᠦᠴᠦᠨ   ᠲᠠᠢ  ᠵᠤᠭᠠᠴᠠᠯ   ᠤᠨ  ᠴᠢᠭ᠋   ᠢ  ᠰᠠᠨᠠᠭᠠᠴᠢᠯᠠᠨ  ᠡᠭᠦᠳᠴᠦ  ᠂  ᠵᠤᠭᠠᠴᠠᠯ   ᠤᠨ  ᠦᠢᠯᠡᠰ   ᠤᠨ  ᠬᠥᠭᠵᠢᠯᠲᠡ   ᠶᠢᠨ  ᠲᠥᠷᠥ   ᠶᠢᠨ  ᠪᠣᠳᠣᠯᠭ᠎ᠠ   ᠶᠢ  ᠰᠤᠳᠤᠯᠤᠨ  ᠨᠠᠶᠢᠳᠠᠪᠤᠷᠢᠵᠢᠭᠤᠯᠵᠤ  ᠂  ᠮᠠᠯᠴᠢᠨ  ᠲᠠᠷᠢᠶᠠᠴᠢᠨ   ᠤ  ᠭᠡᠷ  ᠪᠦᠯᠢ   ᠶᠢᠨ  ᠬᠡᠪ  ᠵᠠᠩᠰᠢᠯ   ᠤᠨ  ᠵᠤᠭᠠᠴᠠᠯ   ᠢ  ᠳᠠᠮᠵᠢᠨ  ᠲᠡᠳᠬᠦᠵᠦ  ᠂  ᠨᠢᠭᠡᠳᠦᠯᠲᠡᠢ  ᠪᠠᠷᠢᠮᠵᠢᠶ᠎ᠠ   ᠶᠢ  ᠲᠣᠭᠲᠠᠨ  ᠂  ︽ᠮᠠᠯᠴᠢᠨ  ᠠᠶᠢᠯ︾   ᠤᠨ  ᠨᠡᠷᠡᠲᠦ  ᠲᠡᠮᠳᠡᠭ ᠢ  ᠡᠭᠦᠳᠴᠦ  ᠂  ᠮᠠᠯᠴᠢᠨ  ᠡᠷᠦᠭᠡ   ᠶᠢᠨ  ᠵᠤᠭᠠᠴᠠᠯ 15  ᠡᠷᠦᠭᠡ   ᠶᠢ  ᠰᠢᠨ᠎ᠡ   ᠪᠠᠷ  ᠨᠡᠮᠡᠭᠳᠡᠭᠦᠯᠦᠨ᠎ᠡ  ᠃  ᠭᠤᠷᠪᠠ   ᠳᠤ  ᠂  ᠥᠷᠭᠡᠨ   ᠢᠶᠠᠷ  ᠤᠬᠠᠭᠤᠯᠤᠨ᠎ᠠ  ᠃  ᠬᠦᠴᠦᠷᠬᠡᠭ  ᠮᠡᠳᠡᠭᠡ  ᠵᠠᠭᠤᠴᠢᠯᠠᠭᠤᠷ  ᠂  ᠨᠡᠷ᠎ᠡ  ᠲᠥᠷᠥ   ᠲᠠᠢ  ᠵᠤᠭᠠᠴᠠᠯ   ᠤᠨ  ᠠᠵᠤ  ᠠᠬᠤᠶᠢᠯᠠ   ᠯᠤᠭ᠎ᠠ  ᠬᠤᠷᠰᠢᠨ  ᠬᠤᠯᠪᠣᠭᠠᠯᠠᠬᠤ  ᠲᠠᠪᠴᠠᠩ   ᠢ  ᠪᠠᠶᠢᠭᠤᠯᠵᠤ  ᠂  ᠤᠬᠠᠭᠤᠯᠭ᠎ᠠ   ᠪᠠᠷ  ᠪᠣᠷᠣᠯᠠᠭᠤᠯᠭ᠎ᠠ   ᠶᠢ  ᠠᠬᠢᠭᠤᠯᠬᠤ  ᠬᠦᠴᠦᠯᠡᠴᠡ   ᠪᠠᠨ  ᠶᠡᠬᠡᠰᠬᠡᠨ  ᠂  ᠭᠦᠨᠪᠤᠯᠠᠭ   ᠤᠨ  ᠲᠠᠯ᠎ᠠ  ᠨᠤᠲᠤᠭ   ᠤᠨ  ᠨᠡᠷ᠎ᠡ  ᠠᠯᠳᠠᠷ   ᠢ  ᠲᠠᠰᠤᠷᠠᠯᠲᠠ  ᠦᠭᠡᠢ  ᠳᠡᠭᠡᠭᠰᠢᠯᠡᠭᠦᠯᠦᠨ᠎ᠡ  ᠃  ᠬᠤᠶᠠᠳᠤᠭᠠᠷ  ᠤᠳᠠᠭᠠᠨ   ᠤ  ᠪᠦᠬᠦ  ᠤᠯᠤᠰ   ᠤᠨ  ᠬᠠᠭᠠᠨ   ᠤ  ᠠᠳᠤᠭᠤᠨ  ᠰᠣᠶᠣᠯ   ᠤᠨ  ᠨᠠᠶᠢᠷ   ᠢ  ᠡᠷᠬᠢᠯᠡᠨ  ᠶᠠᠪᠤᠭᠳᠠᠭᠤᠯᠵᠤ  ᠂  ᠲᠠᠶᠢᠹᠤᠰᠧ  ᠬᠤᠰᠢᠭᠤᠨ   ᠤ  ᠭᠠᠳᠠᠭᠰᠢ  ᠥᠭᠭᠦᠬᠦ  ᠨᠥᠯᠥᠭᠡ   ᠶᠢ  ᠥᠷᠭᠡᠳᠬᠡᠨ᠎ᠡ  ᠃  ᠦᠵᠡᠮᠵᠢ   ᠶᠢᠨ  ᠣᠷᠣᠨ   ᠤ  ᠤᠬᠠᠭᠤᠯᠭ᠎ᠠ  ᠲᠠᠨᠢᠯᠴᠠᠭᠤᠯᠭ᠎ᠠ   ᠶᠢ  ᠴᠢᠩᠭᠠᠳᠬᠠᠨ  ᠂  ᠰᠢᠯᠢᠳᠡᠭ  ᠵᠤᠭᠠᠴᠠᠯ   ᠤᠨ  ᠵᠠᠮ  ᠱᠤᠭᠤᠮ   ᠢ  ᠨᠡᠭᠡᠭᠡᠵᠦ  ᠂  ᠬᠥᠷᠰᠢ  ᠵᠡᠷᠭᠡᠯᠡᠳᠡᠭᠡ  ᠭᠠᠵᠠᠷ  ᠣᠷᠣᠨ   ᠯᠤᠭ᠎ᠠ   ᠶᠢᠨ  ᠬᠠᠮᠲᠤᠷᠠᠯ   ᠢ  ᠲᠦᠷᠭᠡᠳᠬᠡᠵᠦ  ᠂  ᠵᠤᠭᠠᠴᠠᠯ   ᠤᠨ  ᠵᠠᠬ᠎ᠠ  ᠳᠡᠯᠭᠡᠭᠦᠷ   ᠢ  ᠢᠳᠡᠪᠬᠢᠲᠡᠢ   ᠪᠠᠷ  ᠥᠷᠭᠡᠳᠬᠡᠨ  ᠨᠡᠭᠡᠭᠡᠵᠦ  ᠂  ᠵᠤᠭᠠᠴᠠᠯ   ᠤᠨ  ᠦᠢᠯᠡᠴᠢᠯᠡᠭᠡᠨ   ᠤ  ᠲᠦᠪᠰᠢᠨ  ᠪᠣᠯᠣᠨ  ᠶᠡᠷᠦᠩᠬᠡᠶᠢᠯᠡᠭᠰᠡᠨ  ᠦᠷ᠎ᠡ  ᠠᠰᠢᠭ   ᠢ  ᠪᠦᠬᠦ  ᠲᠠᠯ᠎ᠠ   ᠪᠠᠷ  ᠳᠡᠭᠡᠭᠰᠢᠯᠡᠭᠦᠯᠦᠨ᠎ᠡ  ᠃            ᠢᠷᠭᠡᠳ   ᠤᠨ  ᠠᠮᠢᠳᠤᠷᠠᠯ   ᠲᠠᠢ  ᠨᠢᠭᠲᠠ  ᠬᠤᠯᠪᠣᠭᠳᠠᠭᠰᠠᠨ  ᠦᠢᠯᠡᠴᠢᠯᠡᠭᠡᠨ   ᠤ  ᠦᠢᠯᠡᠰ   ᠢ  ᠢᠳᠡᠪᠬᠢᠲᠡᠢ   ᠪᠠᠷ  ᠬᠥᠭᠵᠢᠭᠦᠯᠦᠨ᠎ᠡ  ᠃  ᠬᠤᠲᠠ  ᠪᠠᠯᠭᠠᠰᠤᠨ   ᠤ  ᠠᠷᠠᠯᠵᠢᠶ᠎ᠠ  ᠬᠤᠳᠠᠯᠳᠤᠭ᠎ᠠ  ᠪᠣᠯᠣᠨ  ᠬᠤᠭᠤᠯᠠ  ᠤᠮᠳᠠ   ᠶᠢᠨ  ᠦᠢᠯᠡᠴᠢᠯᠡᠭᠡᠨ   ᠤ  ᠦᠢᠯᠡᠰ   ᠢᠶᠠᠷ  ᠭᠤᠣᠯᠳᠠᠵᠤ  ᠂  ᠪᠣᠣᠴᠠᠩ  ᠪᠠᠯᠭᠠᠰᠤᠨ   ᠤ  ᠬᠤᠲᠠ   ᠶᠢᠨ  ᠲᠥᠪ   ᠲᠠᠬᠢ  ᠠᠷᠠᠯᠵᠢᠶ᠎ᠠ  ᠬᠤᠳᠠᠯᠳᠤᠭᠠᠨ   ᠤ  ᠣᠷᠣᠨ   ᠤ  ᠪᠦᠲᠦᠭᠡᠨ  ᠪᠠᠶᠢᠭᠤᠯᠤᠯᠲᠠ   ᠶᠢ  ᠲᠣᠪᠣᠶᠢᠮ᠎ᠠ  ᠰᠠᠶᠢᠨ  ᠠᠳᠬᠤᠵᠤ  ᠂  ︽ᠲᠦᠮᠡᠨ  ᠲᠣᠰᠬᠤᠨ  ᠮᠢᠩᠭᠠᠨ  ᠰᠢᠶᠠᠩ︾   ᠤᠨ  ᠵᠠᠬ᠎ᠠ  ᠳᠡᠯᠭᠡᠭᠦᠷ   ᠤᠨ  ᠢᠨᠵᠧᠨᠧᠷᠢᠩ   ᠢ  ᠦᠷᠭᠦᠯᠵᠢᠯᠡᠨ  ᠠᠬᠢᠭᠤᠯᠵᠤ  ᠂  ᠰᠤᠮᠤ  ᠰᠢᠶᠠᠩ  ᠪᠠᠯᠭᠠᠰᠤᠨ   ᠤ  ᠰᠦᠯᠵᠢᠶ᠎ᠡ  ᠴᠢᠭ᠋   ᠢ  ᠪᠦᠷᠢᠨᠰᠢᠭᠦᠯᠦᠨ  ᠂  ᠲᠠᠷᠢᠶᠠᠯᠠᠬᠤ  ᠮᠠᠯᠵᠢᠬᠤ  ᠣᠷᠣᠨ   ᠤ  ᠵᠠᠬ᠎ᠠ  ᠳᠡᠯᠭᠡᠭᠦᠷ   ᠢ  ᠵᠣᠷᠢᠭᠲᠠᠢ  ᠨᠡᠭᠡᠭᠡᠨ᠎ᠡ  ᠃  ᠡᠯ᠎ᠡ  ᠲᠥᠷᠥᠯ   ᠤᠨ  ᠲᠤᠰᠬᠠᠢ  ᠵᠠᠬ᠎ᠠ  ᠳᠡᠯᠭᠡᠭᠦᠷ   ᠤᠨ  ᠲᠥᠯᠥᠪᠵᠢᠭᠦᠯᠦᠭᠰᠡᠨ  ᠪᠠᠶᠢᠭᠤᠯᠤᠯᠲᠠ   ᠶᠢ  ᠤᠯᠠᠮ  ᠴᠢᠩᠭᠠᠳᠬᠠᠵᠤ  ᠂  ᠬᠠᠷᠢᠴᠠᠩᠭᠤᠢ  ᠲᠥᠪᠯᠡᠷᠡᠭᠰᠡᠨ  ᠂  ᠬᠡᠪᠴᠢᠶ᠎ᠡ  ᠲᠣᠬᠢᠷᠠᠭᠰᠠᠨ  ᠂  ᠴᠢᠳᠠᠪᠤᠷᠢ  ᠪᠦᠷᠢᠨᠰᠢᠭᠰᠡᠨ  ᠂  ᠦᠢᠯᠡᠴᠢᠯᠡᠭᠡ  ᠲᠥᠬᠦᠮ  ᠪᠠᠷᠢᠯᠭ᠎ᠠ   ᠶᠢᠨ  ᠮᠠᠲ᠋ᠧᠷᠢᠶᠠᠯ   ᠤᠨ  ᠵᠠᠬ᠎ᠠ  ᠳᠡᠯᠭᠡᠭᠦᠷ  ᠂  ᠲᠠᠷᠢᠶᠠᠯᠠᠩ   ᠤᠨ  ᠮᠠᠰᠢᠨ   ᠤ  ᠵᠠᠬ᠎ᠠ  ᠳᠡᠯᠭᠡᠭᠦᠷ  ᠂  ᠮᠠᠯ  ᠲᠠᠷᠢᠶᠠᠯᠠᠩ   ᠤᠨ  ᠪᠦᠲᠦᠭᠡᠭᠳᠡᠬᠦᠨ   ᠤ  ᠵᠠᠬ᠎ᠠ  ᠳᠡᠯᠭᠡᠭᠦᠷ  ᠂  ᠬᠤᠯᠢᠮᠠᠯ  ᠠᠮᠤ   ᠶᠢᠨ  ᠵᠠᠬ᠎ᠠ  ᠳᠡᠯᠭᠡᠭᠦᠷ  ᠪᠠ  ᠶᠡᠷᠦᠩᠬᠡᠶᠢᠯᠡᠭᠰᠡᠨ  ᠠᠷᠠᠯᠵᠢᠶᠠᠨ   ᠤ  ᠳᠡᠯᠭᠡᠭᠦᠷ  ᠬᠤᠳᠠᠯᠳᠤᠭ᠎ᠠ  ᠵᠡᠷᠭᠡ  ᠪᠥᠭᠡᠮ  ᠵᠢᠵᠢᠭ   ᠢᠶᠠᠷ  ᠬᠤᠳᠠᠯᠳᠤᠨ  ᠪᠣᠷᠣᠯᠠᠭᠤᠯᠬᠤ  ᠵᠠᠬ᠎ᠠ  ᠳᠡᠯᠭᠡᠭᠦᠷ   ᠢ  ᠠᠯᠭᠤᠷ   ᠢᠶᠠᠷ  ᠪᠦᠷᠢᠳᠦᠭᠦᠯᠦᠨ᠎ᠡ᠃  ᠵᠢᠩ  ᠪᠸᠢ  ᠢᠳᠡᠰᠢᠨ  ᠨᠣᠭᠤᠭᠠᠨ   ᠤ  ᠵᠠᠬ᠎ᠠ  ᠳᠡᠯᠭᠡᠭᠦᠷ   ᠤᠨ  ᠰᠠᠭᠤᠷᠢ  ᠲᠥᠬᠦᠭᠡᠷᠦᠮᠵᠢ   ᠶᠢ  ᠪᠦᠷᠢᠨᠰᠢᠭᠦᠯᠵᠦ  ᠂ 1 ᠲᠦᠮᠡᠨ ᠲᠡᠭᠰᠢ  ᠳᠥᠷᠪᠡᠯᠵᠢᠨ  ᠮᠧᠲᠷ  ᠲᠠᠯᠠᠪᠠᠢ  ᠪᠦᠬᠦᠢ  ᠬᠤᠶᠠᠷ  ᠳᠤᠯᠠᠭᠠᠨ  ᠬᠥᠮᠥᠷᠭᠡ  ᠂ 5000 ᠲᠡᠭᠰᠢ  ᠳᠥᠷᠪᠡᠯᠵᠢᠨ  ᠮᠧᠲᠷ  ᠲᠠᠯᠠᠪᠠᠢ  ᠪᠦᠬᠦᠢ  ᠢᠳᠡᠰᠢᠨ  ᠨᠣᠭᠤᠭᠠᠨ   ᠤ  ᠪᠣᠯᠪᠠᠰᠤᠷᠠᠭᠤᠯᠵᠤ  ᠬᠦᠷᠭᠡᠬᠦ  ᠲᠥᠪ   ᠢ  ᠪᠠᠶᠢᠭᠤᠯᠵᠤ  ᠂  ᠵᠠᠬ᠎ᠠ  ᠳᠡᠯᠭᠡᠭᠦᠷ   ᠤᠨ  ᠴᠢᠳᠠᠪᠤᠷᠢ   ᠶᠢ  ᠳᠡᠭᠡᠭᠰᠢᠯᠡᠭᠦᠯᠦᠨ  ᠂  ᠥᠷᠭᠡᠨ   ᠢᠶᠠᠷ  ᠳᠠᠶᠢᠴᠢᠯᠠᠬᠤ  ᠬᠦᠴᠦᠨ   ᠢ  ᠨᠡᠮᠡᠭᠳᠡᠭᠦᠯᠦᠨ᠎ᠡ  ᠃  ᠶᠠᠭ  ᠲᠡᠮᠡᠴᠡᠨ  ᠣᠯᠵᠤ  ᠪᠠᠶᠢᠭ᠎ᠠ  ᠰᠠᠩ   ᠤᠨ  ᠳᠠᠯᠠᠢ  —  ᠵᠠᠩ  ᠵᠢᠶ᠋ᠨ  ᠺᠸᠦ  ᠲᠡᠮᠦᠷ  ᠵᠠᠮ   ᠤᠨ  ᠮᠠᠨ   ᠤ  ᠬᠤᠰᠢᠭᠤ   ᠪᠠᠷ  ᠥᠩᠭᠡᠷᠡᠬᠦ  ᠬᠡᠰᠡᠭ  ᠪᠣᠯᠣᠨ 207  ᠱᠤᠭᠤᠮ   ᠤᠨ  ᠥᠨᠳᠥᠷ  ᠬᠤᠷᠳᠤᠴᠠᠲᠤ  ᠵᠠᠰᠠᠮᠠᠯ  ᠵᠠᠮ   ᠤᠨ  ᠪᠠᠶᠢᠭᠤᠯᠤᠯᠲᠠ   ᠶᠢᠨ  ᠲᠥᠷᠥᠯ  ᠵᠦᠢᠯ   ᠨᠢ  ᠮᠠᠨ   ᠤ  ᠬᠤᠰᠢᠭᠤᠨ   ᠤ  ᠵᠠᠮ  ᠨᠡᠪᠲᠡᠷᠡᠯᠭᠡ   ᠶᠢᠨ  ᠨᠥᠬᠦᠴᠡᠯ  ᠪᠣᠯᠣᠨ  ᠵᠢᠩ  ᠪᠸᠢ  ᠢᠳᠡᠰᠢᠨ  ᠨᠣᠭᠤᠭᠠᠨ   ᠤ  ᠵᠠᠬ᠎ᠠ  ᠳᠡᠯᠭᠡᠭᠦᠷ  ᠂  ᠸᠦᠸᠧ  ᠡᠤ  ᠲᠦ᠋  ᠲᠥᠮᠥᠰᠥᠨ  ᠦᠢᠯᠡᠰ   ᠤᠨ  ᠺᠣᠮᠫᠠᠨᠢ  ᠂  ᠠᠨ  ᠺᠣᠸᠠᠢ  ᠲᠠᠸᠠᠷ   ᠤᠨ  ᠭᠦᠢᠯᠭᠡᠭᠡ  ᠵᠡᠷᠭᠡ  ᠠᠵᠤ  ᠠᠬᠤᠶᠢᠯᠠᠯ   ᠤᠨ  ᠭᠦᠢᠯᠭᠡᠭᠡᠨ   ᠤ  ᠬᠡᠮᠵᠢᠶ᠎ᠡ  ᠲᠠᠰᠤᠷᠠᠯᠲᠠ  ᠦᠭᠡᠢ  ᠥᠷᠭᠡᠳᠬᠦ  ᠰᠠᠶᠢᠨ  ᠨᠥᠬᠦᠴᠡᠯ   ᠢ  ᠠᠰᠢᠭᠯᠠᠨ  ᠂  ᠲᠠᠸᠠᠷ   ᠤᠨ  ᠭᠦᠢᠯᠭᠡᠭᠡᠨ   ᠤ  ᠦᠢᠯᠡᠰ   ᠤᠨ  ᠴᠡᠴᠡᠭᠯᠡᠨ  ᠬᠥᠭᠵᠢᠯᠲᠡ   ᠶᠢ  ᠲᠦᠷᠭᠡᠳᠬᠡᠨ᠎ᠡ  ᠃            ᠰᠢᠨ᠎ᠡ   ᠪᠠᠷ  ᠮᠠᠨᠳᠤᠭᠰᠠᠨ  ᠦᠢᠯᠡᠴᠢᠯᠡᠭᠡᠨ   ᠤ  ᠦᠢᠯᠡᠰ   ᠢ  ᠪᠦᠬᠦ  ᠬᠦᠴᠦᠨ   ᠢᠶᠠᠷ  ᠬᠥᠭᠵᠢᠭᠦᠯᠦᠨ᠎ᠡ  ᠃  ᠠᠵᠤ  ᠠᠬᠤᠢ  ᠂  ᠮᠥᠩᠭᠦᠨ  ᠭᠦᠢᠯᠭᠡᠭᠡᠨ   ᠤ  ᠰᠢᠯᠢᠳᠡᠭ  ᠴᠢᠨᠠᠷ   ᠤᠨ  ᠬᠥᠭᠵᠢᠯᠲᠡ   ᠳᠤ  ᠠᠰᠢᠭᠲᠠᠢ  ᠣᠷᠴᠢᠨ  ᠲᠣᠭᠤᠷᠢᠨ   ᠢ  ᠡᠭᠦᠳᠴᠦ  ᠂  ᠢᠲᠡᠭᠡᠯ  ᠨᠠᠶᠢᠳᠠᠪᠤᠷᠢᠲᠤ  ᠲᠠᠶᠢᠹᠤᠰᠧ  ᠬᠤᠰᠢᠭᠤ   ᠶᠢ  ᠪᠠᠶᠢᠭᠤᠯᠤᠨ  ᠂  ᠭᠠᠵᠠᠷ  ᠣᠷᠣᠨ   ᠤ  ᠠᠵᠤ  ᠠᠬᠤᠢ   ᠶᠢᠨ  ᠪᠠᠶᠢᠭᠤᠯᠤᠯᠲᠠ   ᠳᠤ  ᠥᠭᠬᠦ  ᠮᠥᠩᠭᠦᠨ  ᠭᠦᠢᠯᠭᠡᠭᠡᠨ   ᠤ  ᠳᠡᠮᠵᠢᠯᠭᠡ   ᠶᠢ  ᠶᠡᠬᠡᠰᠬᠡᠨ᠎ᠡ  ᠃  ᠪᠠᠩᠬᠢ  ᠪᠠ  ᠠᠵᠤ  ᠠᠬᠤᠶᠢᠯᠠᠯ   ᠤᠨ  ᠬᠤᠷᠰᠢᠯ  ᠲᠠᠪᠴᠠᠩ   ᠢ  ᠪᠠᠶᠢᠭᠤᠯᠵᠤ  ᠂  ᠬᠠᠷᠢᠯᠴᠠᠨ  ᠢᠲᠡᠭᠡᠯ   ᠲᠠᠢ  ᠂  ᠬᠠᠮᠲᠤ   ᠪᠠᠷ  ᠠᠰᠢᠭ  ᠬᠦᠷᠲᠡᠬᠦ  ᠪᠠᠩᠬᠢ  ᠪᠠ  ᠠᠵᠤ  ᠠᠬᠤᠶᠢᠯᠠᠯ   ᠤᠨ  ᠬᠤᠷᠰᠢᠯ  ᠬᠠᠷᠢᠴᠠᠭ᠎ᠠ   ᠶᠢ  ᠪᠠᠶᠢᠭᠤᠯᠤᠨ  ᠂  ᠡᠯ᠎ᠡ  ᠪᠠᠩᠬᠢ   ᠶᠢ  ᠵᠣᠷᠢᠭᠵᠢᠭᠤᠯᠤᠨ  ᠢᠲᠡᠭᠡᠮᠵᠢ  ᠪᠠ  ᠵᠢᠭᠡᠯᠡᠯᠭᠡ   ᠶᠢᠨ  ᠬᠡᠪᠴᠢᠶ᠎ᠡ   ᠶᠢ   ᠨᠢ  ᠥᠷᠭᠡᠳᠬᠡᠵᠦ  ᠂  ᠬᠥᠳᠡᠭᠡ  ᠲᠣᠰᠬᠤᠨ   ᠤ  ᠢᠲᠡᠭᠡᠮᠵᠢ   ᠶᠢᠨ  ᠬᠤᠷᠰᠢᠶᠠᠨ   ᠤ  ᠥᠭᠡᠷᠡᠴᠢᠯᠡᠯᠲᠡ   ᠶᠢ  ᠦᠷᠭᠦᠯᠵᠢᠯᠡᠨ  ᠠᠬᠢᠭᠤᠯᠵᠤ  ᠂  ᠲᠠᠷᠢᠶᠠᠯᠠᠬᠤ  ᠮᠠᠯᠵᠢᠬᠤ  ᠣᠷᠣᠨ   ᠤ  ᠮᠥᠩᠭᠦᠨ  ᠭᠦᠢᠯᠭᠡᠭᠡᠨ   ᠤ  ᠦᠢᠯᠡᠴᠢᠯᠡᠭᠡᠨ   ᠤ  ᠴᠢᠳᠠᠪᠤᠷᠢ   ᠶᠢ  ᠨᠡᠮᠡᠭᠳᠡᠭᠦᠯᠦᠨ᠎ᠡ  ᠃  ᠰᠤᠷᠠᠭ  ᠵᠠᠩᠭᠢᠵᠢᠯᠳᠡ   ᠠᠴᠠ  ᠪᠣᠯᠬᠤ  ᠤᠯᠠᠮᠵᠢᠯᠠᠯᠲᠤ  ᠠᠵᠤ  ᠦᠢᠯᠡᠰ   ᠤᠨ  ᠥᠭᠡᠷᠡᠴᠢᠯᠡᠯᠲᠡ   ᠶᠢ  ᠲᠦᠷᠭᠡᠳᠬᠡᠨ  ᠬᠡᠷᠡᠭᠵᠢᠭᠦᠯᠦᠨ᠎ᠡ  ᠃  ᠨᠡᠶᠢᠭᠡᠮ   ᠤᠨ  ᠬᠦᠴᠦᠨ   ᠢ  ᠵᠣᠷᠢᠭᠵᠢᠭᠤᠯᠤᠨ  ᠪᠡᠯᠡ  ᠣᠷᠣᠭᠤᠯᠵᠤ  ᠂  ᠨᠡᠶᠢᠭᠡᠮ  ᠲᠣᠭᠤᠷᠢᠭ   ᠤᠨ  ᠦᠢᠯᠡᠴᠢᠯᠡᠭᠡᠨ   ᠤ  ᠦᠢᠯᠡᠰ   ᠢ  ᠡᠷᠬᠢᠯᠡᠭᠦᠯᠵᠦ  ᠂  ᠨᠢᠭᠲᠠᠯᠠᠨ  ᠪᠣᠳᠣᠭᠴᠢ  ᠂  ᠬᠢᠨᠠᠨ  ᠪᠣᠳᠣᠭᠴᠢ  ᠂  ᠬᠠᠤᠯᠢᠴᠢ  ᠂  ᠠᠷᠠᠯᠵᠢᠶᠠᠴᠢᠨ  ᠤᠷᠢᠬᠤ  ᠵᠡᠷᠭᠡ  ᠵᠠᠭᠤᠴᠢ  ᠦᠢᠯᠡᠴᠢᠯᠡᠭᠡᠨ   ᠤ  ᠵᠣᠬᠢᠶᠠᠨ  ᠪᠠᠶᠢᠭᠤᠯᠤᠯᠲᠠ   ᠶᠢ  ᠳᠦᠷᠢᠮᠵᠢᠯ   ᠲᠠᠢ  ᠬᠥᠭᠵᠢᠭᠦᠯᠦᠨ᠎ᠡ  ᠃             ︵ᠲᠠᠪᠤ︶  ᠠᠷᠠᠳ   ᠤᠨ  ᠠᠮᠢᠳᠤᠷᠠᠯ   ᠤᠨ  ᠠᠰᠠᠭᠤᠳᠠᠯ   ᠢ  ᠬᠠᠯᠠᠮᠵᠢᠯᠠᠨ  ᠰᠢᠢᠳᠪᠦᠷᠢᠯᠡᠵᠦ  ᠂  ᠡᠶ᠎ᠡ  ᠵᠣᠬᠢᠴᠠᠯᠳᠤ  ᠨᠡᠶᠢᠭᠡᠮ   ᠢ  ᠴᠣᠭᠴᠠᠯᠠᠬᠤ   ᠪᠠᠷ  ᠲᠡᠮᠡᠴᠡᠬᠦ  ᠬᠡᠷᠡᠭᠲᠡᠢ  ᠃           ᠠᠯᠢᠪᠠ   ᠶᠢ  ᠪᠣᠳᠠᠲᠠᠢ   ᠠᠴᠠ  ᠡᠭᠦᠰᠬᠦ   ᠶᠢ  ᠪᠠᠷᠢᠮᠲᠠᠯᠠᠵᠤ  ᠂ ᠣᠳᠣᠬᠢ   ᠳᠤ  ᠰᠠᠭᠤᠷᠢᠯᠠᠨ  ᠂  ᠠᠯᠤᠰ   ᠢ  ᠬᠠᠷᠠᠵᠤ  ᠂  ᠴᠢᠳᠠᠪᠬᠢᠯᠠᠨ  ᠤᠷᠤᠭᠰᠢᠯᠠᠵᠤ  ᠂  ᠬᠦᠴᠦᠯᠡᠨ  ᠠᠵᠢᠯᠯᠠᠵᠤ  ᠂  ᠬᠢᠵᠦ  ᠴᠢᠳᠠᠬᠤ  ᠠᠵᠢᠯ   ᠠᠴᠠ   ᠪᠠᠨ  ᠡᠬᠢᠯᠡᠨ  ᠂  ᠠᠷᠠᠳ  ᠣᠯᠠᠨ   ᠤ  ᠬᠠᠮᠤᠭ   ᠠᠴᠠ  ᠬᠠᠯᠠᠮᠵᠢᠯᠠᠵᠤ  ᠪᠠᠶᠢᠭ᠎ᠠ  ᠂  ᠬᠠᠮᠤᠭ   ᠠᠴᠠ  ᠰᠢᠭᠤᠳ  ᠬᠠᠷᠢᠴᠠᠭ᠎ᠠ  ᠪᠦᠬᠦᠢ  ᠂  ᠬᠠᠮᠤᠭ   ᠤᠨ  ᠪᠣᠳᠠᠲᠠᠢ  ᠠᠰᠢᠭ  ᠲᠤᠰᠠ   ᠶᠢᠨ  ᠠᠰᠠᠭᠤᠳᠠᠯ   ᠢ  ᠰᠢᠢᠳᠪᠦᠷᠢᠯᠡᠬᠦ   ᠪᠠᠷ  ᠭᠤᠣᠯᠳᠠᠵᠤ  ᠂  ᠨᠡᠶᠢᠭᠡᠮ   ᠤᠨ  ᠦᠢᠯᠡᠰ   ᠢ  ᠬᠥᠭᠵᠢᠭᠦᠯᠦᠨ  ᠂  ᠨᠡᠶᠢᠭᠡᠮ   ᠤᠨ  ᠬᠠᠮᠢᠶᠠᠷᠤᠯᠲᠠ   ᠶᠢ  ᠴᠢᠩᠭᠠᠳᠬᠠᠵᠤ  ᠂  ᠨᠡᠶᠢᠭᠡᠮ   ᠤᠨ  ᠠᠮᠢᠵᠢᠷᠠᠯ   ᠢ  ᠬᠥᠭᠵᠢᠭᠡᠨ  ᠂  ᠨᠡᠶᠢᠭᠡᠮ   ᠤᠨ  ᠡᠶ᠎ᠡ  ᠵᠣᠬᠢᠴᠠᠯ   ᠢ  ᠲᠠᠰᠤᠷᠠᠯᠲᠠ  ᠦᠭᠡᠢ  ᠠᠬᠢᠭᠤᠯᠤᠨ᠎ᠠ  ᠃            ᠡᠳ᠋   ᠤᠨ  ᠬᠦᠴᠦᠨ   ᠢᠶᠠᠨ  ᠲᠥᠪᠯᠡᠷᠡᠭᠦᠯᠦᠨ  ᠶᠡᠭᠡ  ᠦᠢᠯᠡ   ᠶᠢ  ᠪᠦᠲᠦᠭᠡᠨ᠎ᠡ  ᠃  ᠨᠢᠭᠡ   ᠳᠤ  ᠂ ᠡᠳ᠋  ᠮᠥᠩᠭᠦᠨ   ᠤ  ᠢᠷᠡᠯᠲᠡ   ᠶᠢ  ᠪᠣᠶᠢᠵᠢᠭᠤᠯᠤᠨ᠎ᠠ  ᠃  ᠲᠤᠯᠭᠠᠭᠤᠷᠢ  ᠪᠣᠯᠬᠤ  ᠡᠳ᠋  ᠪᠠᠶᠠᠯᠢᠭ   ᠢᠶᠠᠨ  ᠬᠦᠴᠦᠷᠬᠡᠭᠵᠢᠭᠦᠯᠦᠨ  ᠪᠤᠵᠠᠭᠠᠶᠢᠷᠠᠭᠤᠯᠬᠤ  ᠰᠠᠭᠤᠷᠢᠨ  ᠳᠡᠭᠡᠷ᠎ᠡ  ᠨᠡᠶᠢᠲᠡ   ᠶᠢᠨ  ᠪᠤᠰᠤ  ᠠᠵᠤ  ᠠᠬᠤᠢ  ᠂  ᠣᠨᠴᠠᠭᠠᠶᠢᠯᠠᠨ  ᠢᠷᠭᠡᠨ   ᠤ  ᠡᠵᠡᠩᠨᠡᠯᠲᠡ  ᠠᠵᠤ  ᠠᠬᠤᠢ   ᠶᠢ  ᠲᠡᠳᠬᠦᠨ  ᠬᠥᠭᠵᠢᠭᠦᠯᠵᠦ  ᠂  ᠠᠵᠤ  ᠠᠬᠤᠶᠢᠯᠠᠯ   ᠤᠨ  ᠠᠮᠢᠵᠢᠷᠠᠯ   ᠤᠨ  ᠬᠦᠴᠦᠨ   ᠢ  ᠨᠡᠮᠡᠭᠳᠡᠭᠦᠯᠦᠨ  ᠂  ᠲᠥᠷᠥ   ᠶᠢᠨ  ᠪᠣᠳᠣᠯᠭ᠎ᠠ   ᠶᠢᠨ  ᠳᠠᠪᠠᠭᠤᠯᠢᠭ   ᠢ  ᠶᠡᠬᠡᠰᠬᠡᠵᠦ  ᠂  ᠠᠷᠠᠯᠵᠢᠶᠠᠴᠢᠨ  ᠤᠷᠢᠵᠤ  ᠪᠡᠯᠡ  ᠲᠠᠲᠠᠬᠤ  ᠠᠯᠬᠤᠮ   ᠢᠶᠠᠨ  ᠲᠦᠷᠭᠡᠳᠬᠡᠨ  ᠂  ᠵᠠᠯᠭᠠᠮᠵᠢᠯᠠᠯ  ᠡᠳ᠋  ᠪᠠᠶᠠᠯᠢᠭ   ᠢ  ᠪᠣᠶᠢᠵᠢᠭᠤᠯᠤᠨ  ᠂  ᠡᠳ᠋   ᠤᠨ  ᠵᠠᠰᠠᠭ   ᠤᠨ  ᠣᠷᠣᠯᠭ᠎ᠠ   ᠶᠢᠨ  ᠴᠢᠨᠠᠷ  ᠴᠢᠨᠰᠠᠭ᠎ᠠ   ᠶᠢ  ᠳᠡᠭᠡᠭᠰᠢᠯᠡᠭᠦᠯᠦᠨ᠎ᠡ  ᠃  ᠡᠳ᠋   ᠤᠨ  ᠵᠠᠰᠠᠭ   ᠤᠨ  ᠪᠡᠯᠡ  ᠮᠥᠩᠭᠦᠨ   ᠤ  ᠵᠠᠮᠴᠢᠯᠠᠭ᠎ᠠ  ᠪᠠ  ᠳᠠᠭᠠᠭᠤᠯᠤᠭ᠎ᠠ   ᠶᠢᠨ  ᠦᠢᠯᠡᠳᠦᠯ   ᠢ  ᠪᠠᠳᠠᠷᠠᠭᠤᠯᠵᠤ  ᠂  ᠠᠵᠤ  ᠦᠢᠯᠡᠰ   ᠤᠨ  ᠬᠥᠭᠵᠢᠯᠲᠡ   ᠶᠢ  ᠳᠡᠮᠵᠢᠨ  ᠂  ᠠᠵᠤ  ᠠᠬᠤᠢ   ᠶᠢᠨ  ᠰᠢᠨ᠎ᠡ  ᠨᠡᠮᠡᠭᠳᠡᠯ  ᠴᠡᠭ   ᠤᠨ  ᠪᠦᠷᠢᠯᠳᠦᠯ   ᠢ  ᠠᠬᠢᠭᠤᠯᠵᠤ  ᠂  ᠡᠳ᠋  ᠮᠥᠩᠭᠦᠨ   ᠤ  ᠢᠷᠡᠯᠲᠡ   ᠶᠢ  ᠪᠣᠯᠪᠠᠰᠤᠷᠠᠭᠤᠯᠤᠨ  ᠪᠣᠶᠢᠵᠢᠭᠤᠯᠤᠨ᠎ᠠ  ᠃  ᠭᠠᠶᠢᠯᠢ   ᠶᠢᠨ  ᠬᠠᠮᠢᠶᠠᠷᠤᠯᠲᠠ   ᠶᠢ  ᠴᠢᠩᠭᠠᠳᠬᠠᠨ  ᠂  ᠭᠤᠣᠯᠳᠠᠯᠭ᠎ᠠ   ᠲᠠᠢ  ᠭᠠᠶᠢᠯᠢ   ᠶᠢᠨ  ᠢᠷᠡᠯᠲᠡ   ᠶᠢᠨ  ᠬᠢᠨᠠᠯᠲᠠ  ᠲᠠᠯᠪᠢᠬᠤ  ᠪᠠ  ᠬᠤᠷᠢᠶᠠᠬᠤ  ᠠᠵᠢᠯ   ᠢ  ᠴᠢᠩᠭᠠᠳᠬᠠᠨ  ᠂  ᠭᠠᠶᠢᠯᠢ  ᠲᠠᠲᠠᠪᠤᠷᠢ   ᠶᠢᠨ  ᠬᠠᠤᠯᠢ  ᠳᠦᠷᠢᠮ   ᠢ  ᠴᠢᠩᠭ᠎ᠠ  ᠬᠡᠷᠡᠭᠵᠢᠭᠦᠯᠦᠨ  ᠂  ᠬᠠᠤᠯᠢ   ᠪᠠᠷ  ᠭᠠᠶᠢᠯᠢ   ᠶᠢ  ᠵᠠᠰᠠᠵᠤ  ᠂  ᠨᠣᠷᠮ᠎ᠠ   ᠪᠠᠷ  ᠪᠣᠳᠣᠵᠤ  ᠬᠤᠷᠢᠶᠠᠨ  ᠂  ᠬᠤᠷᠢᠶᠠᠬᠤ  ᠵᠣᠬᠢᠰᠲᠠᠢ   ᠶᠢ  ᠡᠷᠬᠡᠪᠰᠢ  ᠬᠤᠷᠢᠶᠠᠨ᠎ᠠ  ᠃  ᠭᠠᠶᠢᠯᠢ   ᠶᠢᠨ  ᠪᠤᠰᠤ  ᠣᠷᠣᠯᠭ᠎ᠠ   ᠶᠢᠨ  ᠬᠠᠮᠢᠶᠠᠷᠤᠯᠲᠠ   ᠶᠢᠨ  ᠬᠦᠴᠦᠯᠡᠴᠡ   ᠶᠢ  ᠶᠡᠬᠡᠰᠬᠡᠨ  ᠂  ᠣᠷᠣᠯᠭ᠎ᠠ  ᠵᠠᠷᠤᠯᠭ᠎ᠠ  ᠠᠰᠲᠠᠭᠠᠨ  ᠪᠠᠶᠢᠬᠤ  ᠬᠠᠮᠢᠶᠠᠷᠤᠯᠲᠠ   ᠶᠢ  ᠴᠢᠩᠭᠠᠳᠬᠠᠵᠤ  ᠂  ᠵᠠᠰᠠᠭ  ᠵᠠᠬᠢᠷᠭᠠᠨ   ᠤ  ᠪᠠ  ᠠᠵᠢᠯ  ᠦᠢᠯᠡᠰ   ᠤᠨ  ᠨᠢᠭᠡᠴᠡ   ᠶᠢᠨ  ᠭᠠᠶᠢᠯᠢ  ᠬᠤᠷᠢᠶᠠᠬᠤ  ᠠᠵᠢᠯ   ᠢ  ᠳᠦᠷᠢᠮᠵᠢᠭᠦᠯᠦᠨ᠎ᠡ  ᠃  ᠤᠯᠤᠰ   ᠤᠨ  ᠥᠮᠴᠢᠯᠡᠯᠲᠦ  ᠬᠥᠷᠥᠩᠭᠡ  ᠮᠥᠩᠭᠦᠨ   ᠤ  ᠬᠠᠮᠢᠶᠠᠷᠤᠯᠲᠠ   ᠶᠢ  ᠴᠢᠩᠭᠠᠳᠬᠠᠨ  ᠂  ᠥᠷᠲᠡᠭ   ᠢ  ᠪᠠᠲᠤᠯᠠᠵᠤ  ᠂  ᠥᠷᠲᠡᠭ   ᠢ  ᠨᠡᠮᠡᠭᠳᠡᠭᠦᠯᠬᠦ  ᠬᠠᠮᠢᠶᠠᠷᠤᠯᠲᠠ   ᠶᠢᠨ  ᠲᠣᠭᠲᠠᠯᠴᠠᠭ᠎ᠠ   ᠶᠢ  ᠪᠠᠶᠢᠭᠤᠯᠤᠨ  ᠪᠦᠷᠢᠨᠰᠢᠭᠦᠯᠵᠦ  ᠂  ᠣᠯᠠᠨ  ᠠᠷᠭ᠎ᠠ  ᠵᠠᠮ   ᠢᠶᠠᠷ  ᠡᠳ᠋   ᠤᠨ  ᠵᠠᠰᠠᠭ   ᠤᠨ  ᠨᠡᠮᠡᠭᠳᠡᠯ  ᠣᠷᠣᠯᠭ᠎ᠠ   ᠶᠢᠨ  ᠬᠠᠷᠠᠯᠲᠠ   ᠶᠢ  ᠪᠡᠶᠡᠯᠡᠭᠦᠯᠦᠨ᠎ᠡ  ᠃  ᠬᠤᠶᠠᠷ   ᠲᠤᠨᠢ  ᠂  ᠡᠳ᠋   ᠤᠨ  ᠵᠠᠰᠠᠭ   ᠤᠨ  ᠵᠠᠷᠤᠯᠭ᠎ᠠ   ᠶᠢᠨ  ᠪᠦᠷᠢᠯᠳᠦᠴᠡ   ᠶᠢ  ᠰᠢᠯᠢᠳᠡᠭᠵᠢᠭᠦᠯᠦᠨ᠎ᠡ  ᠃  ᠡᠳ᠋   ᠤᠨ  ᠬᠦᠴᠦᠨ   ᠢᠶᠠᠨ  ᠲᠥᠪᠯᠡᠷᠡᠭᠦᠯᠦᠨ  ᠶᠡᠭᠡ  ᠠᠵᠢᠯ   ᠢ  ᠬᠢᠵᠦ  ᠂  ᠡᠳ᠋   ᠤᠨ  ᠵᠠᠰᠠᠭ   ᠤᠨ  ᠵᠠᠷᠤᠯᠭ᠎ᠠ   ᠶᠢᠨ  ᠪᠦᠲᠦᠴᠡ   ᠶᠢ  ᠲᠣᠬᠢᠷᠠᠭᠤᠯᠤᠨ  ᠂  ᠡᠳ᠋   ᠤᠨ  ᠵᠠᠰᠠᠭ   ᠤᠨ  ᠲᠤᠰᠬᠠᠢ  ᠲᠥᠷᠥᠯ   ᠤᠨ  ᠪᠡᠯᠡ  ᠮᠥᠩᠭᠦ   ᠶᠢ  ᠨᠢᠭᠡᠳᠬᠡᠵᠦ  ᠂  ᠭᠤᠣᠯᠳᠠᠯᠭ᠎ᠠ   ᠲᠠᠢ  ᠵᠠᠷᠤᠳᠠᠯ   ᠢ  ᠪᠠᠲᠤᠯᠠᠬᠤ  ᠬᠡᠷᠡᠭᠲᠡᠢ  ᠃  ᠵᠠᠷᠤᠯᠭ᠎ᠠ   ᠶᠢᠨ  ᠳᠤᠮᠳᠠ   ᠪᠠᠨ  ᠨᠡᠶᠢᠭᠡᠮ   ᠤᠨ  ᠡᠶ᠎ᠡ  ᠵᠣᠬᠢᠴᠠᠯ   ᠢ  ᠨᠡᠩ  ᠢᠯᠡᠭᠦᠦ  ᠠᠩᠬᠠᠷᠴᠤ  ᠂  ᠠᠷᠠᠳ   ᠤᠨ  ᠠᠮᠢᠳᠤᠷᠠᠯ   ᠢ  ᠨᠡᠩ  ᠢᠯᠡᠭᠦᠦ  ᠠᠩᠬᠠᠷᠤᠨ  ᠂  ᠨᠢᠭᠡᠳᠦᠯᠲᠡᠢ  ᠲᠥᠯᠥᠪᠵᠢᠭᠦᠯᠭᠡ   ᠶᠢ  ᠨᠡᠩ  ᠢᠯᠡᠭᠦᠦ  ᠠᠩᠬᠠᠷᠴᠤ  ᠂  ᠬᠦᠴᠦᠨ   ᠢᠶᠠᠨ  ᠲᠥᠪᠯᠡᠷᠡᠭᠦᠯᠦᠨ  ᠠᠵᠢᠯ  ᠬᠢᠬᠦ   ᠶᠢ  ᠨᠡᠩ  ᠢᠯᠡᠭᠦᠦ  ᠠᠩᠬᠠᠷᠬᠤ  ᠴᠢᠬᠤᠯᠠᠲᠠᠢ  ᠃  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ ᠤ  ᠪᠦᠲᠦᠭᠡᠨ  ᠪᠠᠶᠢᠭᠤᠯᠤᠯᠲᠠ  ᠂  ᠬᠤᠲᠠ   ᠶᠢᠨ  ᠪᠠᠶᠢᠭᠤᠯᠤᠯᠲᠠ  ᠂  ᠣᠯᠠᠨ  ᠨᠡᠶᠢᠲᠡ   ᠶᠢᠨ  ᠡᠷᠡᠭᠦᠯ  ᠬᠠᠮᠠᠭᠠᠯᠠᠯ  ᠂  ᠨᠡᠶᠢᠭᠡᠮ   ᠤᠨ  ᠪᠠᠲᠤᠯᠠᠭ᠎ᠠ  ᠵᠡᠷᠭᠡ  ᠡᠯ᠎ᠡ  ᠲᠠᠯ᠎ᠠ   ᠳᠠᠬᠢ  ᠡᠳ᠋   ᠤᠨ  ᠵᠠᠰᠠᠭ   ᠤᠨ  ᠣᠷᠤᠭᠤᠯᠤᠯᠲᠠ   ᠶᠢ  ᠶᠡᠬᠡᠰᠬᠡᠨ  ᠂  ᠴᠠᠯᠢᠩ   ᠤᠨ  ᠬᠡᠪ   ᠤᠨ  ᠣᠯᠭᠤᠯᠲᠠ  ᠪᠣᠯᠣᠨ  ᠪᠠᠶᠢᠭᠤᠯᠭ᠎ᠠ   ᠶᠢᠨ  ᠬᠡᠪ   ᠤᠨ  ᠡᠷᠭᠢᠯᠲᠡ   ᠶᠢᠨ  ᠬᠡᠷᠡᠭᠴᠡᠭᠡ   ᠶᠢ  ᠪᠠᠲᠤᠯᠠᠵᠤ  ᠂  ᠡᠯ᠎ᠡ  ᠲᠥᠷᠥᠯ   ᠤᠨ  ᠲᠥᠷᠥ   ᠶᠢᠨ  ᠪᠣᠳᠤᠯᠭᠠᠳᠤ  ᠴᠢᠨᠠᠷᠲᠠᠢ  ᠪᠠ  ᠭᠤᠣᠯᠳᠠᠯᠭ᠎ᠠ   ᠲᠠᠢ  ᠵᠠᠷᠤᠳᠠᠯ   ᠤᠨ  ᠬᠡᠷᠡᠭᠴᠡᠭᠡ   ᠶᠢ  ᠪᠠᠲᠤᠯᠠᠬᠤ  ᠬᠡᠷᠡᠭᠲᠡᠢ  ᠃  ᠡᠳ᠋   ᠤᠨ  ᠵᠠᠰᠠᠭ   ᠠᠴᠠ  ᠲᠡᠵᠢᠭᠡᠵᠦ  ᠪᠦᠬᠦᠢ  ᠬᠥᠮᠥᠨ   ᠤ  ᠲᠤᠭ᠎ᠠ  ᠪᠠ  ᠶᠡᠷᠦᠳᠡ   ᠶᠢᠨ  ᠴᠢᠨᠠᠷᠲᠠᠢ  ᠵᠠᠷᠤᠳᠠᠯ   ᠤᠨ  ᠨᠡᠮᠡᠭᠳᠡᠯ   ᠢ  ᠴᠢᠩᠭ᠎ᠠ  ᠬᠢᠵᠠᠭᠠᠷᠯᠠᠵᠤ  ᠂  ᠣᠷᠣᠯᠭ᠎ᠠ   ᠶᠢ  ᠨᠡᠮᠡᠭᠳᠡᠭᠦᠯᠦᠨ  ᠂  ᠵᠠᠷᠤᠯᠭ᠎ᠠ   ᠶᠢ  ᠪᠠᠭᠠᠰᠬᠠᠬᠤ   ᠶᠢ  ᠰᠤᠷᠲᠠᠯᠴᠢᠯᠠᠨ  ᠂  ᠪᠦᠷᠢᠯᠭᠡᠨ  ᠰᠦᠢᠳᠬᠡᠬᠦ   ᠶᠢ  ᠡᠷᠡᠰ  ᠬᠤᠷᠢᠭᠯᠠᠬᠤ  ᠬᠡᠷᠡᠭᠲᠡᠢ  ᠃  ᠡᠯ᠎ᠡ  ᠵᠦᠢᠯ   ᠤᠨ  ᠡᠳ᠋   ᠤᠨ  ᠵᠠᠰᠠᠭ   ᠤᠨ  ᠥᠭᠡᠷᠡᠴᠢᠯᠡᠯᠲᠡ   ᠶᠢ  ᠭᠦᠨᠵᠡᠭᠡᠢ  ᠠᠬᠢᠭᠤᠯᠵᠤ  ᠂  ᠡᠳ᠋   ᠤᠨ  ᠵᠠᠰᠠᠭ   ᠤᠨ  ᠬᠢᠨᠠᠨ  ᠬᠠᠮᠢᠶᠠᠷᠤᠯᠲᠠ   ᠶᠢ  ᠴᠢᠩᠭᠠᠳᠬᠠᠨ  ᠂  ᠭᠤᠣᠯᠳᠠᠯᠭ᠎ᠠ   ᠲᠠᠢ  ᠪᠡᠯᠡ  ᠮᠥᠩᠭᠦᠨ   ᠤ  ᠦᠷ᠎ᠡ  ᠠᠰᠢᠭ   ᠢ  ᠮᠥᠷᠳᠡᠨ  ᠪᠠᠶᠢᠴᠠᠭᠠᠬᠤ  ᠠᠵᠢᠯ   ᠢ  ᠰᠠᠶᠢᠨ  ᠬᠢᠵᠦ  ᠂  ᠪᠡᠯᠡ  ᠮᠥᠩᠭᠦᠨ   ᠤ  ᠬᠡᠷᠡᠭᠯᠡᠯᠲᠡ   ᠶᠢᠨ  ᠦᠷ᠎ᠡ  ᠠᠰᠢᠭ   ᠢ  ᠦᠨᠡᠨ  ᠬᠦ  ᠳᠡᠭᠡᠭᠰᠢᠯᠡᠭᠦᠯᠬᠦ  ᠬᠡᠷᠡᠭᠲᠡᠢ  ᠃            ᠠᠵᠢᠯ  ᠣᠯᠭᠤᠯᠲᠠ   ᠶᠢ  ᠥᠷᠭᠡᠳᠬᠡᠬᠦ  ᠠᠵᠢᠯ   ᠢ  ᠰᠠᠶᠢᠨ  ᠬᠢᠨ᠎ᠡ  ᠃  ᠡᠯ᠎ᠡ  ᠵᠦᠢᠯ   ᠤᠨ  ᠠᠵᠢᠯ  ᠣᠯᠭᠤᠬᠤ   ᠶᠢ  ᠠᠬᠢᠭᠤᠯᠬᠤ  ᠲᠥᠷᠥ   ᠶᠢᠨ  ᠪᠣᠳᠣᠯᠭ᠎ᠠ   ᠶᠢ  ᠨᠠᠶᠢᠳᠠᠪᠤᠷᠢᠵᠢᠭᠤᠯᠵᠤ  ᠂  ᠬᠤᠲᠠ  ᠬᠥᠳᠡᠭᠡ   ᠶᠢᠨ  ᠠᠵᠢᠯ  ᠣᠯᠭᠤᠯᠲᠠ   ᠶᠢ  ᠨᠢᠭᠡᠳᠦᠯᠲᠡᠢ  ᠲᠥᠯᠥᠪᠵᠢᠭᠦᠯᠦᠨ᠎ᠡ  ᠃  ᠠᠵᠢᠯ  ᠣᠯᠬᠤ   ᠳᠤ  ᠬᠦᠴᠢᠷᠲᠡᠢ  ᠪᠦᠯᠦᠭᠯᠡᠯ  ᠬᠠᠮᠲᠤ   ᠳᠤ  ᠦᠵᠡᠭᠦᠯᠬᠦ  ᠳᠡᠮᠵᠢᠯᠭᠡ   ᠪᠠᠨ  ᠴᠢᠩᠭᠠᠳᠬᠠᠵᠤ  ᠂  ᠤᠯᠠᠨ  ᠠᠷᠭ᠎ᠠ  ᠵᠠᠮ   ᠢᠶᠠᠷ  ᠠᠵᠢᠯ   ᠤᠨ  ᠪᠠᠶᠢᠷᠢ   ᠶᠢ  ᠨᠡᠭᠡᠭᠡᠨ  ᠣᠯᠭᠤᠵᠤ  ᠂  ᠪᠦᠬᠦ  ᠬᠤᠰᠢᠭᠤᠨ   ᠤ  ᠨᠢᠭᠡᠳᠦᠯᠲᠡᠢ  ᠬᠥᠳᠡᠯᠮᠦᠷᠢ  ᠬᠦᠴᠦᠨ   ᠤ  ᠵᠠᠬ᠎ᠠ  ᠳᠡᠯᠭᠡᠭᠦᠷ   ᠤᠨ  ᠰᠤᠷᠠᠭ  ᠵᠠᠩᠭᠢ   ᠶᠢᠨ  ᠰᠢᠰᠲ᠋ᠧᠮ   ᠢ  ᠪᠠᠶᠢᠭᠤᠯᠵᠤ  ᠂  ᠠᠳᠠᠯ  ᠪᠣᠰᠬᠠᠬᠤ  ᠪᠣᠯᠪᠠᠰᠤᠷᠠᠯ   ᠤᠨ  ᠨᠥᠬᠦᠪᠦᠷᠢ  ᠮᠥᠩᠭᠦᠨ   ᠤ  ᠪᠦᠷᠬᠦᠴᠡ  ᠬᠡᠪᠴᠢᠶ᠎ᠡ   ᠶᠢ  ᠥᠷᠭᠡᠳᠬᠡᠨ᠂  ᠬᠤᠲᠠ  ᠪᠠᠯᠭᠠᠰᠤᠨ   ᠤ  ᠠᠵᠢᠯ  ᠠᠯᠳᠠᠭᠰᠠᠳ   ᠤᠨ  ᠠᠵᠢᠯ  ᠣᠯᠬᠤ   ᠶᠢ  ᠠᠬᠢᠭᠤᠯᠤᠨ᠎ᠠ  ᠃  ︽ᠨᠢᠭᠡ   ᠨᠢ  ᠴᠦ  ᠠᠵᠢᠯ  ᠦᠭᠡᠢ︾  ᠭᠡᠷ  ᠪᠦᠯᠢ   ᠶᠢᠨ  ᠲᠠᠬᠢᠨ  ᠠᠵᠢᠯ  ᠣᠯᠬᠤ  ᠠᠰᠠᠭᠤᠳᠠᠯ   ᠢ  ᠰᠢᠢᠳᠪᠦᠷᠢᠯᠡᠵᠦ  ᠂  ︽4050︾  ᠠᠵᠢᠯ   ᠤᠨ  ᠪᠠᠶᠢᠷᠢ   ᠠᠴᠠ   ᠪᠠᠨ  ᠪᠠᠭᠤᠵᠤ  ᠂  ᠠᠵᠢᠯ  ᠠᠯᠳᠠᠭᠰᠠᠳ   ᠲᠤ  ᠨᠠᠶᠢᠳᠠᠪᠤᠷᠢᠲᠠᠢ  ᠲᠣᠬᠢᠷᠠᠭᠤᠯᠭ᠎ᠠ  ᠬᠢᠨ᠎ᠡ  ᠃  ᠵᠡᠮᠳᠡᠭᠴᠦᠳ   ᠤᠨ  ᠠᠵᠢᠯ  ᠣᠯᠬᠤ  ᠪᠠᠲᠤᠯᠠᠭᠠᠨ   ᠤ  ᠮᠥᠩᠭᠦ   ᠶᠢᠨ  ᠬᠤᠷᠢᠶᠠᠬᠤ  ᠪᠠ  ᠬᠡᠷᠡᠭᠯᠡᠬᠦ  ᠠᠵᠢᠯ   ᠢ  ᠰᠠᠶᠢᠨ  ᠬᠢᠵᠦ  ᠂  ᠲᠡᠳᠡᠨ   ᠤ  ᠠᠵᠢᠯ  ᠣᠯᠬᠤ   ᠶᠢ  ᠠᠬᠢᠭᠤᠯᠤᠨ᠎ᠠ  ᠃  ᠪᠦᠬᠦ  ᠬᠤᠰᠢᠭᠤᠨ   ᠳᠤ  ᠠᠵᠢᠯ  ᠣᠯᠣᠭᠰᠠᠳ       ᠲᠦᠮᠡᠨ  ᠬᠥᠮᠥᠨ   ᠢ  ᠨᠡᠮᠡᠭᠳᠡᠭᠦᠯᠵᠦ  ᠂  ᠬᠤᠲᠠ  ᠪᠠᠯᠭᠠᠰᠤᠨ   ᠤ  ᠠᠵᠢᠯ  ᠠᠯᠳᠠᠬᠤ  ᠨᠣᠷᠮ᠎ᠠ   ᠶᠢ 4.5%   ᠳᠤ  ᠬᠢᠵᠠᠭᠠᠷᠯᠠᠨ᠎ᠠ  ᠃  ᠡᠯ᠎ᠡ  ᠲᠥᠷᠥᠯ   ᠤᠨ  ᠰᠤᠷᠭᠠᠨ  ᠬᠥᠮᠥᠵᠢᠯ   ᠤᠨ  ᠪᠡᠯᠡ  ᠮᠥᠩᠭᠦᠨ   ᠤ  ᠰᠤᠷᠪᠤᠯᠵᠢ   ᠶᠢ  ᠨᠢᠭᠡᠳᠬᠡᠨ  ᠂  ᠲᠠᠷᠢᠶᠠᠯᠠᠬᠤ  ᠮᠠᠯᠵᠢᠬᠤ  ᠣᠷᠣᠨ   ᠤ  ᠬᠥᠳᠡᠯᠮᠦᠷᠢ  ᠬᠦᠴᠦᠨ   ᠤ  ᠰᠢᠯᠵᠢᠯᠲᠡ  ᠂  ᠠᠵᠢᠯ  ᠣᠯᠭᠤᠯᠲᠠ   ᠶᠢᠨ  ᠪᠣᠯᠪᠠᠰᠤᠷᠠᠯ  ᠪᠠ  ᠦᠢᠯᠡᠴᠢᠯᠡᠭᠡ   ᠶᠢ  ᠴᠢᠩᠭᠠᠳᠬᠠᠵᠤ  ᠂ 3000  ᠨᠡᠷᠡᠰ  ᠬᠥᠳᠡᠭᠡ  ᠲᠣᠰᠬᠤᠨ   ᠤ  ᠬᠥᠳᠡᠯᠮᠦᠷᠢ  ᠬᠦᠴᠦᠨ   ᠢ  ᠰᠢᠯᠵᠢᠭᠦᠯᠦᠨ  ᠠᠵᠢᠯ  ᠣᠯᠭᠤᠨ᠎ᠠ  ᠃  ᠬᠥᠳᠡᠯᠮᠦᠷᠢ   ᠶᠢᠨ  ᠬᠢᠨᠠᠨ  ᠪᠠᠶᠢᠴᠠᠭᠠᠯᠲᠠ  ᠂  ᠬᠠᠤᠯᠢ  ᠬᠡᠷᠡᠭᠵᠢᠭᠦᠯᠬᠦ  ᠬᠦᠴᠦᠯᠡᠴᠡ   ᠶᠢ  ᠶᠡᠬᠡᠰᠬᠡᠨ  ᠂  ᠡᠯ᠎ᠡ  ᠲᠥᠷᠥᠯ   ᠤᠨ  ᠠᠵᠢᠯ  ᠲᠠᠨᠢᠯᠴᠠᠭᠤᠯᠬᠤ  ᠪᠠᠶᠢᠭᠤᠯᠤᠮᠵᠢ   ᠶᠢ  ᠬᠢᠨᠠᠨ  ᠪᠠᠶᠢᠴᠠᠭᠠᠬᠤ  ᠠᠵᠢᠯ   ᠢ  ᠴᠢᠩᠭᠠᠳᠬᠠᠵᠤ  ᠂  ᠬᠥᠳᠡᠯᠮᠦᠷᠢᠴᠢᠨ   ᠤ  ᠬᠠᠤᠯᠢ  ᠶᠣᠰᠣᠨ   ᠤ  ᠡᠷᠬᠡ  ᠠᠰᠢᠭ   ᠢ  ᠬᠠᠮᠠᠭᠠᠯᠠᠬᠤ  ᠬᠡᠷᠡᠭᠲᠡᠢ  ᠃             ᠨᠡᠶᠢᠭᠡᠮ   ᠤᠨ  ᠪᠠᠲᠤᠯᠠᠭᠠᠨ   ᠤ  ᠰᠢᠰᠲ᠋ᠧᠮᠵᠢ   ᠶᠢ  ᠪᠦᠷᠢᠨᠰᠢᠭᠦᠯᠦᠨ᠎ᠡ  ᠃ ᠬᠤᠲᠠ  ᠪᠠᠯᠭᠠᠰᠤᠨ   ᠤ  ᠠᠵᠢᠯᠲᠠᠨ   ᠤ  ᠡᠮᠨᠡᠯᠭᠡ   ᠶᠢᠨ  ᠪᠠᠲᠤᠯᠠᠭᠠᠨ   ᠤ  ᠳᠦᠷᠢᠮ   ᠢ  ᠪᠦᠷᠢᠨᠰᠢᠭᠦᠯᠵᠦ  ᠂  ᠠᠵᠢᠯ  ᠠᠯᠳᠠᠬᠤ  ᠂  ᠠᠵᠢᠯ   ᠤᠨ  ᠳᠤᠮᠳᠠ  ᠰᠢᠷᠬᠠᠲᠤᠵᠤ  ᠠᠳᠡᠬᠦ  ᠂  ᠲᠥᠷᠥᠵᠦ  ᠬᠥᠩᠭᠡᠵᠢᠬᠦ  ᠵᠡᠷᠭᠡ  ᠳᠠᠭᠠᠳᠬᠠᠯ   ᠤᠨ  ᠨᠡᠶᠢᠭᠡᠮ   ᠤᠨ  ᠪᠠᠲᠤᠯᠠᠭᠠᠨ   ᠤ  ᠲᠦᠪᠰᠢᠨ   ᠢ  ᠳᠡᠭᠡᠭᠰᠢᠯᠡᠭᠦᠯᠵᠦ᠂  ᠡᠯ᠎ᠡ  ᠳᠠᠭᠠᠳᠬᠠᠯ   ᠤᠨ  ᠵᠦᠢᠯᠡᠰ   ᠤᠨ  ᠬᠤᠷᠢᠶᠠᠵᠤ  ᠥᠷᠭᠡᠳᠬᠡᠬᠦ  ᠠᠵᠢᠯ   ᠤᠨ  ᠬᠦᠴᠦᠯᠡᠴᠡ   ᠶᠢ  ᠶᠡᠬᠡᠰᠬᠡᠨ  ᠂  ᠳᠠᠭᠠᠳᠬᠠᠯ   ᠳᠤ  ᠣᠷᠣᠯᠴᠠᠬᠤ  ᠨᠣᠷᠮ᠎ᠠ  ᠪᠠ  ᠳᠠᠭᠠᠳᠬᠠᠯ   ᠤᠨ  ᠮᠥᠩᠭᠦ  ᠬᠤᠷᠢᠶᠠᠬᠤ  ᠨᠣᠷᠮ᠎ᠠ   ᠶᠢ  ᠴᠢᠷᠮᠠᠶᠢᠨ  ᠳᠡᠭᠡᠭᠰᠢᠯᠡᠭᠦᠯᠵᠦ  ᠂  ᠨᠡᠶᠢᠭᠡᠮ   ᠤᠨ  ᠪᠠᠲᠤᠯᠠᠭᠠᠨ   ᠤ  ᠰᠠᠭᠤᠷᠢ  ᠮᠥᠩᠭᠦᠨ   ᠤ  ᠠᠮᠤᠷ  ᠲᠦᠪᠰᠢᠨ  ᠂  ᠳᠦᠷᠢᠮᠵᠢᠯ   ᠲᠠᠢ  ᠬᠡᠷᠡᠭᠯᠡᠬᠦ   ᠶᠢ  ᠪᠠᠲᠤᠯᠠᠨ᠎ᠠ  ᠃  ᠠᠵᠤ  ᠠᠬᠤᠶᠢᠯᠠᠯ   ᠤᠨ  ᠠᠵᠢᠯ   ᠢᠶᠠᠨ  ᠴᠢᠯᠦᠭᠡᠯᠡᠭᠰᠡᠳ   ᠤᠨ  ᠨᠠᠰᠤᠵᠢᠯ   ᠤᠨ  ᠣᠯᠭᠤᠮᠵᠢ   ᠶᠢ  ᠦᠷᠭᠦᠯᠵᠢᠯᠡᠨ  ᠨᠡᠮᠡᠭᠳᠡᠭᠦᠯᠦᠨ᠎ᠡ  ᠃  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠬᠠᠮᠤᠭ  ᠳᠣᠣᠷ᠎ᠠ  ᠠᠮᠢᠳᠤᠷᠠᠯ   ᠤᠨ  ᠪᠠᠲᠤᠯᠠᠭᠠᠨ   ᠤ  ᠳᠦᠷᠢᠮ   ᠢ  ᠲᠡᠭᠦᠯᠳᠡᠷᠵᠢᠭᠦᠯᠵᠦ  ᠂  ︽ᠬᠤᠶᠠᠷ   ᠢ  ᠪᠠᠲᠤᠯᠠᠬᠤ︾  ᠠᠵᠢᠯ   ᠢ  ᠦᠨᠡᠨ  ᠬᠦ  ᠬᠡᠷᠡᠭᠵᠢᠭᠦᠯᠦᠨ᠎ᠡ  ᠃  ᠲᠠᠷᠢᠶᠠᠯᠠᠬᠤ  ᠮᠠᠯᠵᠢᠬᠤ  ᠣᠷᠣᠨ   ᠤ  ᠬᠠᠮᠤᠭ  ᠳᠣᠣᠷ᠎ᠠ  ᠠᠮᠢᠳᠤᠷᠠᠯ   ᠤᠨ  ᠪᠠᠲᠤᠯᠠᠭᠠᠨ   ᠤ  ᠬᠦᠷᠢᠶ᠎ᠡ  ᠬᠡᠪᠴᠢᠶ᠎ᠡ   ᠶᠢ  ᠥᠷᠭᠡᠳᠬᠡᠵᠦ  ᠂  ᠬᠥᠮᠥᠨ  ᠠᠮᠠ   ᠶᠢᠨ  ᠪᠦᠷᠬᠦᠴᠡ   ᠶᠢ 1  ᠲᠦᠮᠡᠨ  ᠨᠡᠷᠡᠰ   ᠲᠤ  ᠬᠦᠷᠭᠡᠨ  ᠂  ᠨᠥᠬᠦᠪᠦᠷᠢ   ᠶᠢᠨ  ᠪᠠᠷᠢᠮᠵᠢᠶ᠎ᠠ   ᠶᠢ  ᠡᠳᠦᠷ   ᠲᠤ 1.2  ᠲᠥᠭᠦᠷᠢᠭ  ᠪᠣᠯᠭᠠᠵᠤ  ᠂  ᠪᠦᠷᠬᠦᠴᠡ   ᠶᠢ  ᠠᠯᠭᠤᠷ  ᠥᠷᠭᠡᠳᠬᠡᠨ᠎ᠡ  ᠃  ᠰᠤᠮᠤ  ᠰᠢᠶᠠᠩ  ᠪᠠᠯᠭᠠᠰᠤᠨ   ᠤ  ᠨᠠᠰᠤᠲᠠᠨ   ᠢ  ᠠᠰᠠᠷᠠᠬᠤ  ᠬᠦᠷᠢᠶᠡᠯᠡᠩ   ᠤᠨ  ᠪᠠᠶᠢᠭᠤᠯᠤᠯᠲᠠ   ᠶᠢ  ᠬᠢᠵᠦ  ᠂  ᠲᠠᠷᠢᠶᠠᠯᠠᠬᠤ  ᠮᠠᠯᠵᠢᠬᠤ  ᠣᠷᠣᠨ   ᠤ  ︽ᠲᠠᠪᠤᠨ  ᠪᠠᠲᠤᠯᠠᠭᠠᠲᠤ︾   ᠶᠢ  ᠠᠰᠠᠷᠠᠨ  ᠲᠡᠵᠢᠭᠡᠬᠦ  ᠲᠥᠷᠥ   ᠶᠢᠨ  ᠪᠣᠳᠣᠯᠭ᠎ᠠ   ᠶᠢ  ᠨᠠᠶᠢᠳᠠᠪᠤᠷᠢᠵᠢᠭᠤᠯᠵᠤ  ᠂  ᠪᠠᠲᠤᠯᠠᠬᠤ  ᠵᠣᠬᠢᠰᠲᠠᠢ   ᠶᠢ   ᠨᠢ  ᠪᠠᠲᠤᠯᠠᠬᠤ  ᠬᠡᠷᠡᠭᠲᠡᠢ  ᠃  ᠡᠯ᠎ᠡ  ᠵᠦᠢᠯ   ᠤᠨ  ᠬᠠᠷᠠᠭᠠᠯᠵᠠᠯᠲᠤ  ᠲᠥᠷᠥ   ᠶᠢᠨ  ᠪᠣᠳᠣᠯᠭ᠎ᠠ   ᠶᠢ  ᠨᠠᠶᠢᠳᠠᠪᠤᠷᠢᠵᠢᠭᠤᠯᠵᠤ  ᠂  ᠬᠠᠷᠠᠭᠠᠯᠵᠠᠬᠤ  ᠡᠲᠡᠭᠡᠳ   ᠤᠨ  ᠪᠣᠳᠠᠲᠠᠢ  ᠬᠦᠴᠢᠷᠳᠡᠯ   ᠢ  ᠵᠣᠬᠢᠮᠵᠢᠲᠠᠢ  ᠰᠢᠢᠳᠪᠦᠷᠢᠯᠡᠨ  ᠂  ᠭᠠᠮᠰᠢᠭ   ᠠᠴᠠ  ᠡᠰᠡᠷᠭᠦᠴᠡᠨ  ᠬᠤᠬᠢᠷᠠᠯ   ᠢ  ᠪᠠᠭᠠᠰᠬᠠᠬᠤ  ᠠᠵᠢᠯ   ᠢ  ᠡᠷᠴᠢᠮᠲᠡᠢ  ᠠᠳᠬᠤᠵᠤ  ᠂  ᠭᠠᠮᠰᠢᠭᠳᠠᠭᠰᠠᠨ  ᠠᠷᠠᠳ   ᠤᠨ  ᠦᠢᠯᠡᠳᠪᠦᠷᠢᠯᠡᠯ  ᠠᠮᠢᠳᠤᠷᠠᠯ ᠢ  ᠰᠠᠶᠢᠬᠠᠨ  ᠲᠣᠬᠢᠷᠠᠭᠤᠯᠬᠤ  ᠬᠡᠷᠡᠭᠲᠡᠢ  ᠃           ᠰᠤᠷᠭᠠᠨ  ᠬᠥᠮᠥᠵᠢᠯ   ᠤᠨ  ᠦᠢᠯᠡᠰ   ᠢ  ᠡᠩ  ᠲᠡᠷᠢᠭᠦᠨ   ᠳᠤ  ᠬᠥᠭᠵᠢᠭᠦᠯᠦᠨ᠎ᠡ  ᠃  ︽ᠬᠤᠶᠠᠷ  ᠦᠨᠳᠦᠰᠦᠨ︾  ᠪᠠᠷᠢᠮᠵᠢᠶ᠎ᠠ   ᠶᠢ  ᠪᠠᠬᠢᠵᠢᠭᠦᠯᠬᠦ  ᠪᠠ  ᠳᠡᠭᠡᠭᠰᠢᠯᠡᠭᠦᠯᠵᠦ  ᠂  ᠤᠯᠤᠰ   ᠤᠨ  ᠰᠤᠷᠭᠠᠨ  ᠬᠥᠮᠥᠵᠢᠯ   ᠤᠨ  ᠪᠠᠶᠢᠴᠠᠭᠠᠨ  ᠵᠢᠯᠣᠭᠤᠳᠬᠤ  ᠪᠦᠯᠬᠦᠮ   ᠤᠨ  ᠨᠤᠲᠠᠯᠠᠨ  ᠪᠠᠶᠢᠴᠠᠭᠠᠯᠲᠠ   ᠶᠢ  ᠤᠭᠲᠤᠨ  ᠂  ᠰᠤᠷᠭᠠᠨ  ᠬᠥᠮᠥᠵᠢᠯ   ᠤᠨ  ᠪᠠᠶᠢᠷᠢᠰᠢᠭᠤᠯᠤᠯᠲᠠ   ᠶᠢ  ᠰᠢᠯᠢᠳᠡᠭᠵᠢᠭᠦᠯᠵᠦ  ᠂  ᠴᠢᠶᠠᠨ   ᠶᠢᠨ  ᠭᠸᠦ  ᠳᠤᠮᠳᠠᠳᠤ  ᠰᠤᠷᠭᠠᠭᠤᠯᠢ   ᠶᠢ  ᠬᠠᠰᠤᠨ  ᠨᠢᠭᠡᠳᠬᠡᠵᠦ  ᠂  ᠪᠣᠣᠴᠠᠩ   ᠤᠨ  ᠭᠤᠷᠪᠠ  ᠂  ᠳᠥᠷᠪᠡᠳᠦᠭᠡᠷ  ᠪᠠᠭ᠎ᠠ  ᠰᠤᠷᠭᠠᠭᠤᠯᠢ   ᠶᠢ  ᠨᠡᠶᠢᠯᠡᠭᠦᠯᠦᠨ  ᠂  ᠪᠣᠢ  ᠪᠦᠬᠦᠢ  ᠲᠣᠰᠬᠤᠨ   ᠤ  ᠰᠤᠷᠭᠠᠭᠤᠯᠢ  ᠪᠠ  ᠵᠢᠭᠠᠨ  ᠰᠤᠷᠭᠠᠬᠤ  ᠭᠠᠵᠠᠷ   ᠢ  ᠬᠠᠰᠤᠵᠤ  ᠨᠢᠭᠡᠳᠬᠡᠨ᠎ᠡ  ᠃  ᠳᠤᠮᠳᠠᠳᠤ  ᠪᠠᠷᠠᠭᠤᠨ  ᠣᠷᠣᠨ   ᠤ  ᠬᠥᠳᠡᠭᠡ  ᠲᠣᠰᠬᠤᠨ   ᠤ  ᠠᠩᠬ᠎ᠠ  ᠳᠤᠮᠳᠠ   ᠶᠢᠨ  ᠰᠤᠷᠭᠠᠭᠤᠯᠢ ᠶᠢᠨ  ᠪᠠᠶᠢᠷᠢ   ᠶᠢᠨ  ᠥᠭᠡᠷᠡᠴᠢᠯᠡᠯᠲᠡ   ᠶᠢᠨ  ᠢᠨᠵᠧᠨᠧᠷᠢᠩ   ᠤᠨ  ᠲᠥᠷᠥᠯ  ᠵᠦᠢᠯ   ᠢ  ᠢᠳᠡᠪᠬᠢᠲᠡᠢ   ᠪᠠᠷ  ᠲᠡᠮᠡᠴᠡᠨ  ᠣᠯᠬᠤ   ᠪᠠᠷ  ᠴᠢᠷᠮᠠᠶᠢᠨ᠎ᠠ  ᠃  ᠦᠨᠳᠦᠰᠦᠲᠡᠨ ᠤ  ᠰᠤᠷᠭᠠᠨ  ᠬᠥᠮᠥᠵᠢᠯ   ᠢ  ᠲᠡᠷᠢᠭᠦᠨ   ᠳᠤ  ᠬᠥᠭᠵᠢᠭᠦᠯᠦᠨ  ᠂  ᠲᠤᠰᠬᠠᠢ  ᠲᠥᠷᠥᠯ   ᠤᠨ  ᠪᠦᠲᠦᠭᠡᠨ  ᠪᠠᠶᠢᠭᠤᠯᠤᠯᠲᠠ   ᠶᠢᠨ  ᠲᠥᠯᠥᠪᠵᠢᠭᠦᠯᠭᠡ   ᠶᠢ  ᠨᠠᠷᠢᠨ  ᠬᠢᠨᠠᠮᠠᠭᠠᠢ  ᠲᠣᠭᠲᠠᠵᠤ  ᠮᠡᠳᠡᠭᠦᠯᠦᠨ᠎ᠡ  ᠃  ᠰᠢᠨ᠎ᠡ  ᠠᠯᠪᠠᠨ  ᠵᠢᠷᠤᠮ   ᠤᠨ  ᠰᠤᠷᠭᠠᠨ  ᠬᠥᠮᠥᠵᠢᠯ   ᠤᠨ  ᠬᠠᠤᠯᠢ   ᠶᠢ  ᠲᠣᠣᠱᠯᠠᠭᠤᠯᠤᠨ  ᠨᠠᠶᠢᠳᠠᠪᠤᠷᠢᠵᠢᠭᠤᠯᠵᠤ  ᠂  ︽ᠬᠤᠶᠠᠷ   ᠢ  ᠬᠡᠯᠲᠦᠷᠢᠭᠦᠯᠵᠦ  ᠂ ᠨᠢᠭᠡ   ᠶᠢ  ᠨᠥᠬᠦᠪᠦᠷᠢᠯᠡᠬᠦ︾  ᠲᠥᠷᠥ   ᠶᠢᠨ  ᠪᠣᠳᠣᠯᠭ᠎ᠠ   ᠶᠢ  ᠪᠦᠬᠦ  ᠲᠠᠯ᠎ᠠ   ᠪᠠᠷ  ᠬᠡᠷᠡᠭᠵᠢᠭᠦᠯᠵᠦ  ᠂  ᠰᠤᠷᠭᠠᠨ  ᠬᠥᠮᠥᠵᠢᠯ   ᠤᠨ  ᠳᠤᠷ᠎ᠠ   ᠪᠠᠷ  ᠰᠦᠢᠳᠬᠡᠯ  ᠬᠤᠷᠢᠶᠠᠬᠤ   ᠶᠢ  ᠡᠷᠡᠰ  ᠬᠤᠷᠢᠭᠯᠠᠵᠤ  ᠂  ᠪᠠᠭᠰᠢ   ᠶᠢᠨ  ᠴᠠᠯᠢᠩ  ᠂  ᠨᠡᠶᠢᠲᠡ   ᠶᠢᠨ  ᠵᠠᠷᠤᠳᠠᠯ  ᠪᠣᠯᠣᠨ  ᠠᠶᠤᠯᠲᠠᠢ  ᠭᠡᠷ  ᠪᠠᠶᠢᠰᠢᠩ   ᠤᠨ  ᠵᠠᠰᠠᠯᠲᠠ   ᠳᠤ  ᠬᠡᠷᠡᠭᠰᠡᠬᠦ  ᠪᠡᠯᠡ  ᠮᠥᠩᠭᠦ   ᠶᠢ  ᠴᠠᠭ  ᠲᠤᠬᠠᠢ   ᠳᠤᠨᠢ  ᠂  ᠲᠤᠭ᠎ᠠ  ᠨᠣᠷᠮ᠎ᠠ  ᠶᠣᠰᠣᠭᠠᠷ  ᠣᠯᠭᠤᠬᠤ   ᠶᠢ  ᠪᠠᠲᠤᠯᠠᠬᠤ  ᠬᠡᠷᠡᠭᠲᠡᠢ  ᠃  ᠡᠳ᠋   ᠤᠨ  ᠵᠠᠰᠠᠭ   ᠤᠨ  ᠶᠠᠳᠠᠭᠤ  ᠬᠦᠴᠢᠷᠲᠡᠢ  ᠰᠤᠷᠤᠭᠴᠢ   ᠳᠤ  ᠣᠯᠭᠤᠬᠤ  ᠰᠤᠷᠤᠯᠭ᠎ᠠ   ᠶᠢᠨ  ᠲᠤᠰᠠᠯᠠᠮᠵᠢ   ᠶᠢᠨ  ᠬᠦᠴᠦᠯᠡᠴᠡ   ᠶᠢ  ᠶᠡᠬᠡᠰᠬᠡᠨ  ᠂  ᠮᠠᠯᠵᠢᠬᠤ  ᠣᠷᠣᠨ   ᠤ  ᠶᠠᠳᠠᠭᠤ  ᠬᠦᠴᠢᠷᠲᠡᠢ  ᠦᠷ᠎ᠡ  ᠬᠡᠦᠬᠡᠳ   ᠲᠤ  ᠳᠡᠭᠡᠳᠦ  ᠳᠤᠮᠳᠠ   ᠶᠢᠨ  ᠱᠠᠲᠤᠨ   ᠤ  ᠰᠤᠷᠭᠠᠨ  ᠬᠥᠮᠥᠵᠢᠯ  ᠬᠦᠷᠲᠡᠭᠡᠬᠦ  ᠨᠥᠬᠦᠪᠦᠷᠢ  ᠮᠥᠩᠭᠦᠨ   ᠤ  ᠲᠥᠷᠥ   ᠶᠢᠨ  ᠪᠣᠳᠣᠯᠭ᠎ᠠ   ᠶᠢ  ᠦᠷᠭᠦᠯᠵᠢᠯᠡᠨ  ᠬᠡᠷᠡᠭᠵᠢᠭᠦᠯᠵᠦ  ᠂  ᠡᠨᠡ  ᠵᠢᠯ   ᠠᠴᠠ  ᠨᠥᠬᠦᠴᠡᠯ  ᠪᠦᠷᠢᠯᠳᠦᠭᠦᠯᠦᠨ  ᠲᠠᠷᠢᠶᠠᠯᠠᠬᠤ  ᠣᠷᠣᠨ   ᠤ  ᠬᠡᠦᠬᠡᠳ   ᠲᠤ  ᠴᠦ  ᠣᠯᠭᠤᠬᠤ   ᠪᠠᠷ  ᠴᠢᠷᠮᠠᠶᠢᠨ᠎ᠠ  ᠃  ᠡᠯ᠎ᠡ  ᠱᠠᠲᠤ  ᠂  ᠡᠯ᠎ᠡ  ᠲᠥᠷᠥᠯ   ᠤᠨ  ᠰᠤᠷᠭᠠᠨ  ᠬᠥᠮᠥᠵᠢᠯ   ᠤᠨ  ᠲᠡᠳᠬᠦᠮᠵᠢ  ᠲᠤᠰᠠᠯᠠᠮᠵᠢ   ᠶᠢᠨ  ᠰᠢᠰᠲ᠋ᠧᠮᠵᠢ   ᠶᠢ  ᠪᠦᠷᠢᠨᠰᠢᠭᠦᠯᠦᠨ  ᠂  ᠶᠠᠳᠠᠭᠤ  ᠬᠦᠴᠢᠷᠲᠡᠢ  ᠭᠡᠷ  ᠪᠦᠯᠢ   ᠶᠢᠨ  ᠬᠡᠦᠬᠡᠳ  ᠨᠢᠭᠡᠪᠦᠷᠢ   ᠶᠢᠨ  ᠠᠯᠪᠠᠨ  ᠵᠢᠷᠤᠮ   ᠤᠨ  ᠰᠤᠷᠭᠠᠨ  ᠬᠥᠮᠥᠵᠢᠯ  ᠬᠦᠷᠲᠡᠬᠦ   ᠶᠢ  ᠪᠠᠲᠤᠯᠠᠵᠤ  ᠂  ᠶᠡᠭᠡ  ᠂  ᠳᠤᠮᠳᠠᠳᠤ  ᠰᠤᠷᠭᠠᠭᠤᠯᠢ   ᠶᠢᠨ  ᠰᠤᠷᠤᠭᠴᠢ  ᠨᠢᠭᠡᠪᠦᠷᠢ  ᠶᠠᠳᠠᠭᠤ   ᠠᠴᠠ  ᠪᠣᠯᠵᠤ  ᠰᠤᠷᠤᠯᠭ᠎ᠠ  ᠵᠣᠭᠰᠣᠬᠤ  ᠦᠭᠡᠢ   ᠶᠢ  ᠪᠠᠲᠤᠯᠠᠬᠤ  ᠬᠡᠷᠡᠭᠲᠡᠢ  ᠃  ᠡᠯ᠎ᠡ  ᠰᠤᠷᠭᠠᠭᠤᠯᠢ   ᠶᠢᠨ  ᠬᠠᠮᠢᠶᠠᠷᠤᠯᠲᠠ   ᠶᠢ  ᠬᠠᠤᠯᠢ  ᠶᠣᠰᠣᠭᠠᠷ  ᠴᠢᠩᠭᠠᠳᠬᠠᠨ  ᠳᠦᠷᠢᠮᠵᠢᠭᠦᠯᠵᠦ  ᠂  ᠰᠤᠷᠭᠠᠭᠤᠯᠢ  ᠡᠷᠬᠢᠯᠡᠬᠦ  ᠣᠬᠢ  ᠰᠠᠶᠢᠨ  ᠣᠷᠴᠢᠨ  ᠲᠣᠭᠤᠷᠢᠨ   ᠢ  ᠡᠭᠦᠳᠦᠨ  ᠥᠭᠭᠦᠨ᠎ᠡ  ᠃  ᠬᠡᠪ  ᠴᠢᠨᠠᠷ   ᠤᠨ  ᠰᠤᠷᠭᠠᠨ  ᠬᠥᠮᠥᠵᠢᠯ   ᠢ  ᠬᠦᠴᠦᠯᠡᠨ  ᠬᠡᠷᠡᠭᠵᠢᠭᠦᠯᠵᠦ  ᠂  ᠵᠢᠭᠠᠨ  ᠰᠤᠷᠭᠠᠬᠤ  ᠶᠠᠰᠤ  ᠴᠢᠨᠠᠷ   ᠢ  ᠳᠡᠭᠡᠭᠰᠢᠯᠡᠭᠦᠯᠦᠨ  ᠂  ᠠᠵᠢᠯ  ᠮᠡᠷᠭᠡᠵᠢᠯ   ᠤᠨ  ᠰᠤᠷᠭᠠᠨ  ᠬᠥᠮᠥᠵᠢᠯ   ᠤᠨ  ᠬᠥᠭᠵᠢᠯᠲᠡ   ᠶᠢ  ᠲᠦᠷᠭᠡᠳᠬᠡᠵᠦ  ᠂  ᠬᠡᠪᠴᠢᠶ᠎ᠡ   ᠶᠢ  ᠥᠷᠭᠡᠳᠬᠡᠨ  ᠂  ᠰᠤᠷᠪᠤᠯᠵᠢ   ᠶᠢ  ᠨᠢᠭᠡᠳᠬᠡᠵᠦ  ᠂  ᠨᠡᠶᠢᠭᠡᠮ   ᠳᠤ  ᠦᠢᠯᠡᠴᠢᠯᠡᠨ  ᠂  ᠠᠵᠢᠯ  ᠮᠡᠷᠭᠡᠵᠢᠯ   ᠤᠨ  ᠵᠢᠭᠠᠨ  ᠰᠤᠷᠭᠠᠬᠤ  ᠲᠥᠪ   ᠤᠨ  ᠶᠡᠷᠦᠩᠬᠡᠶᠢᠯᠡᠭᠰᠡᠨ  ᠠᠰᠠᠷ ᠤᠨ  ᠪᠠᠶᠢᠭᠤᠯᠤᠯᠲᠠ   ᠶᠢ  ᠬᠢᠬᠦ   ᠶᠢᠨ  ᠬᠠᠮᠲᠤ  ᠴᠠᠩ  ᠫᠢᠩ   ᠤᠨ  ᠠᠵᠢᠯ  ᠮᠡᠷᠭᠡᠵᠢᠯ   ᠤᠨ  ᠰᠤᠷᠭᠠᠨ ᠬᠥᠮᠥᠵᠢᠯ   ᠤᠨ  ᠰᠠᠯᠠᠭ᠎ᠠ  ᠮᠥᠴᠢᠷ   ᠲᠠᠢ  ᠬᠠᠮᠵᠢᠯᠴᠠᠨ  ᠂  ᠬᠤᠷᠰᠢᠯ  ᠰᠤᠷᠭᠠᠭᠤᠯᠢ  ᠡᠷᠬᠢᠯᠡᠬᠦ  ᠬᠡᠯᠪᠡᠷᠢ   ᠪᠠᠷ  ᠳᠠᠮᠵᠢᠨ  ᠰᠤᠷᠭᠠᠨ  ᠬᠥᠮᠥᠵᠢᠯ   ᠤᠨ  ᠠᠭᠤᠯᠭ᠎ᠠ   ᠶᠢ  ᠴᠡᠨᠡᠭᠯᠡᠵᠦ  ᠂  ᠠᠵᠢᠯ  ᠮᠡᠷᠭᠡᠵᠢᠯ   ᠤᠨ  ᠰᠤᠷᠭᠠᠨ  ᠬᠥᠮᠥᠵᠢᠯ   ᠤᠨ  ᠲᠦᠪᠰᠢᠨ   ᠢ  ᠳᠡᠭᠡᠭᠰᠢᠯᠡᠭᠦᠯᠦᠨ᠎ᠡ  ᠃           ᠪᠦᠬᠦ  ᠠᠷᠠᠳ   ᠤᠨ  ᠡᠷᠡᠭᠦᠯ  ᠴᠢᠭᠢᠷᠠᠭ   ᠤᠨ  ᠴᠢᠨᠰᠠᠭ᠎ᠠ   ᠶᠢ  ᠳᠡᠭᠡᠭᠰᠢᠯᠡᠭᠦᠯᠬᠦ  ᠬᠡᠷᠡᠭᠲᠡᠢ  ᠃  ᠵᠠᠰᠠᠭ   ᠤᠨ  ᠣᠷᠳᠣᠨ   ᠤ  ᠨᠡᠶᠢᠲᠡ   ᠶᠢᠨ  ᠡᠷᠡᠭᠦᠯ  ᠬᠠᠮᠠᠭᠠᠯᠠᠯ   ᠤᠨ  ᠦᠢᠯᠡᠴᠢᠯᠡᠭᠡᠨ   ᠤ  ᠡᠭᠦᠷᠭᠡ  ᠴᠢᠳᠠᠪᠬᠢ   ᠶᠢ  ᠴᠢᠩᠭᠠᠳᠬᠠᠵᠤ  ᠂  ᠦᠢᠯᠡᠴᠢᠯᠡᠭᠡᠨ   ᠤ  ᠲᠣᠣᠷ  ᠰᠦᠯᠵᠢᠶ᠎ᠡ   ᠶᠢ  ᠪᠦᠷᠢᠨᠰᠢᠬᠦᠯᠦᠨ  ᠂  ᠬᠠᠯᠳᠠᠪᠤᠷᠢᠲᠤ  ᠡᠪᠡᠳᠴᠢᠨ  ᠂  ᠤᠳᠠᠭᠠᠨ  ᠴᠢᠨᠠᠷᠲᠠᠢ  ᠡᠪᠡᠳᠴᠢᠨ  ᠂  ᠭᠠᠵᠠᠷ  ᠣᠷᠣᠨ   ᠤ  ᠡᠪᠡᠳᠴᠢᠨ  ᠪᠣᠯᠣᠨ  ᠲᠤᠰᠬᠠᠢ  ᠠᠵᠢᠯ   ᠤᠨ  ᠡᠪᠡᠳᠴᠢᠨ   ᠤ  ᠰᠡᠷᠭᠡᠶᠢᠯᠡᠨ  ᠵᠠᠰᠠᠬᠤ  ᠠᠵᠢᠯ   ᠢ  ᠰᠠᠶᠢᠨ  ᠬᠢᠵᠦ  ᠂  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠬᠤᠷᠰᠢᠭᠰᠠᠨ  ᠡᠮᠨᠡᠯᠭᠡ   ᠶᠢ  ᠥᠷᠭᠡᠳᠬᠡᠨ  ᠂  ᠬᠦᠨᠳᠦ  ᠡᠪᠡᠳᠴᠢᠨ   ᠤ  ᠡᠮᠴᠢᠯᠡᠭᠡᠨ   ᠤ  ᠠᠰᠠᠭᠤᠳᠠᠯ   ᠢ  ᠭᠤᠣᠯᠳᠠᠯᠭ᠎ᠠ   ᠲᠠᠢ  ᠰᠢᠢᠳᠪᠦᠷᠢᠯᠡᠨ᠎ᠡ  ᠃  ᠬᠥᠳᠡᠭᠡ  ᠲᠣᠰᠬᠤᠨ   ᠤ  ᠮᠠᠯᠵᠢᠬᠤ  ᠣᠷᠣᠨ   ᠤ  ᠰᠢᠨ᠎ᠡ  ᠮᠠᠶ᠋ᠢᠭ   ᠤᠨ  ᠬᠤᠷᠰᠢᠭᠰᠠᠨ  ᠡᠮᠴᠢᠯᠡᠭᠡᠨ   ᠤ  ᠠᠵᠢᠯ   ᠢ  ᠢᠳᠡᠪᠬᠢᠲᠡᠢ  ᠲᠦᠯᠬᠢᠨ  ᠠᠬᠢᠭᠤᠯᠵᠤ  ᠂  ᠪᠡᠯᠡ  ᠬᠤᠷᠠᠮᠳᠤᠭᠤᠯᠭ᠎ᠠ   ᠶᠢᠨ  ᠥᠰᠦᠯᠲᠡ   ᠶᠢᠨ  ᠲᠣᠭᠲᠠᠯᠴᠠᠭ᠎ᠠ   ᠶᠢ  ᠪᠦᠷᠢᠨᠰᠢᠭᠦᠯᠵᠦ  ᠂  ᠤᠬᠠᠭᠤᠯᠭ᠎ᠠ   ᠶᠢᠨ  ᠬᠦᠴᠦᠯᠡᠴᠡ   ᠪᠠᠨ  ᠶᠡᠬᠡᠰᠬᠡᠨ  ᠂  ᠣᠷᠣᠯᠴᠠᠬᠤ  ᠬᠠᠷᠢᠴᠠᠯ   ᠢ  ᠳᠡᠭᠡᠭᠰᠢᠯᠡᠭᠦᠯᠵᠦ  ᠂  ᠠᠰᠢᠭ  ᠬᠦᠷᠲᠡᠬᠦ  ᠬᠡᠮᠵᠢᠶ᠎ᠡ   ᠶᠢ  ᠥᠷᠭᠡᠳᠬᠡᠨ᠎ᠡ  ᠃  ᠲᠠᠷᠢᠶᠠᠯᠠᠬᠤ  ᠮᠠᠯᠵᠢᠬᠤ  ᠣᠷᠣᠨ   ᠤ  ᠡᠷᠡᠭᠦᠯ  ᠬᠠᠮᠠᠭᠠᠯᠠᠯ   ᠤᠨ  ᠬᠤᠷᠢᠶᠠᠨ   ᠤ  ᠪᠠᠶᠢᠭᠤᠯᠤᠯᠲᠠ   ᠶᠢ  ᠴᠢᠩᠭᠠᠳᠬᠠᠨ  ᠬᠤᠩ  ᠴᠢ  ᠪᠠᠯᠭᠠᠰᠤ  ᠂  ᠴᠢᠶᠠᠨ   ᠶᠢᠨ  ᠭᠸᠦ  ᠪᠠᠯᠭᠠᠰᠤ  ᠵᠡᠷᠭᠡ  ᠳᠥᠷᠪᠡᠨ  ᠭᠠᠵᠠᠷ   ᠤᠨ  ᠡᠷᠡᠭᠦᠯ  ᠬᠠᠮᠠᠭᠠᠯᠠᠯ   ᠤᠨ  ᠬᠤᠯᠪᠣᠭ᠎ᠠ   ᠶᠢ  ᠨᠢᠭᠡᠳᠦᠭᠡᠷ  ᠲᠡᠰ   ᠤᠨ  ᠲᠡᠷᠢᠭᠦᠨ  ᠵᠡᠷᠭᠡ   ᠶᠢᠨ  ᠰᠢᠯᠭᠠᠯᠲᠠ   ᠳᠤ  ᠲᠡᠩᠴᠡᠭᠦᠯᠬᠦ   ᠪᠠᠷ  ᠴᠢᠷᠮᠠᠶᠢᠨ᠎ᠠ  ᠃  ᠨᠡᠶᠢᠭᠡᠮ  ᠲᠣᠭᠤᠷᠢᠭ   ᠤᠨ  ᠡᠷᠡᠭᠦᠯ  ᠬᠠᠮᠠᠭᠠᠯᠠᠯ   ᠤᠨ  ᠦᠢᠯᠡᠴᠢᠯᠡᠭᠡ   ᠶᠢ  ᠬᠥᠭᠵᠢᠭᠦᠯᠵᠦ  ᠂  ᠦᠢᠯᠡᠴᠢᠯᠡᠭᠡᠨ   ᠤ  ᠲᠥᠪ 1   ᠢ  ᠪᠠᠶᠢᠭᠤᠯᠬᠤ   ᠪᠠᠷ  ᠴᠢᠷᠮᠠᠶᠢᠨ᠎ᠠ  ᠃  ᠤᠯᠤᠰ   ᠢᠶᠠᠨ  ᠬᠠᠶᠢᠷᠠᠯᠠᠬᠤ  ᠡᠷᠡᠭᠦᠯ  ᠬᠠᠮᠠᠭᠠᠯᠠᠯ   ᠤᠨ  ᠬᠥᠳᠡᠯᠭᠡᠭᠡᠨ   ᠢ  ᠥᠷᠨᠢᠭᠦᠯᠵᠦ  ᠂  ᠪᠣᠯᠪᠠᠰᠤᠨ  ᠡᠷᠡᠭᠦᠯ  ᠬᠠᠮᠠᠭᠠᠯᠠᠯ   ᠤᠨ  ᠬᠤᠲᠠ  ᠪᠠᠯᠭᠠᠰᠤ  ᠪᠣᠯᠬᠤ   ᠪᠠᠷ  ᠴᠢᠷᠮᠠᠶᠢᠨ  ︽ᠪᠦᠬᠦ  ᠠᠷᠠᠳ   ᠢᠶᠠᠷ   ᠢᠶᠠᠨ  ᠴᠢᠭᠢᠷᠠᠭᠵᠢᠬᠤ︾  ᠢᠨᠵᠧᠨᠧᠷᠢᠩ   ᠢ  ᠬᠡᠷᠡᠭᠵᠢᠭᠦᠯᠵᠦ  ᠂  ᠣᠯᠠᠨ  ᠲᠦᠮᠡᠨ  ᠢᠳᠡᠪᠬᠢᠲᠡᠢ  ᠣᠷᠣᠯᠴᠠᠭᠰᠠᠨ  ᠲᠠᠮᠢᠷ   ᠤᠨ  ᠬᠥᠳᠡᠯᠭᠡᠭᠡᠨ   ᠢ  ᠵᠣᠬᠢᠶᠠᠨ  ᠪᠠᠶᠢᠭᠤᠯᠵᠤ  ᠥᠷᠨᠢᠭᠦᠯᠦᠨ᠎ᠡ  ᠃  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ   ᠤᠨ  ᠲᠥᠷᠥ   ᠶᠢᠨ  ᠪᠣᠳᠣᠯᠭ᠎ᠠ   ᠶᠢ  ᠪᠦᠬᠦ  ᠲᠠᠯ᠎ᠠ   ᠪᠠᠷ  ᠲᠣᠣᠱᠯᠠᠭᠤᠯᠤᠨ  ᠬᠡᠷᠡᠭᠵᠢᠭᠦᠯᠵᠦ  ᠂  ᠠᠰᠢᠭ  ᠬᠦᠷᠲᠡᠭᠡᠯ   ᠢᠶᠠᠷ  ᠵᠠᠮᠴᠢᠯᠠᠬᠤ  ᠲᠣᠭᠲᠠᠯᠴᠠᠭ᠎ᠠ   ᠶᠢ  ᠪᠦᠷᠢᠨᠰᠢᠭᠦᠯᠵᠦ  ᠂  ᠲᠥᠷᠥᠯᠲᠡ  ᠦᠷᠡᠵᠢᠯ   ᠤᠨ  ᠳᠣᠣᠷ᠎ᠠ  ᠲᠦᠪᠰᠢᠨ   ᠢ  ᠦᠷᠭᠦᠯᠵᠢᠯᠡᠨ  ᠪᠠᠲᠤᠯᠠᠵᠤ  ᠂  ᠬᠥᠮᠥᠨ  ᠠᠮᠠ   ᠶᠢᠨ   ᠠᠶᠠᠨᠳᠠᠭᠠᠨ  ᠥᠰᠦᠯᠲᠡ   ᠶᠢᠨ  ᠨᠣᠷᠮ᠎ᠠ   ᠶᠢ  5.54       ᠳᠤ  ᠬᠢᠵᠠᠭᠠᠷᠯᠠᠨ  ᠂  ᠲᠠᠷᠢᠶᠠᠯᠠᠬᠤ  ᠮᠠᠯᠵᠢᠬᠤ  ᠣᠷᠣᠨ   ᠤ  ᠬᠡᠰᠡᠭ  ᠲᠥᠯᠥᠪᠯᠡᠭᠡᠲᠦ  ᠦᠷᠡᠵᠢᠯ ᠤᠨ  ᠭᠡᠷ  ᠪᠦᠯᠢ   ᠶᠢᠨ  ᠱᠠᠩᠨᠠᠨ  ᠬᠥᠬᠢᠭᠦᠯᠬᠦ  ᠳᠦᠷᠢᠮ   ᠢ  ᠪᠦᠬᠦ  ᠲᠠᠯ᠎ᠠ   ᠪᠠᠷ  ᠬᠡᠷᠡᠭᠵᠢᠭᠦᠯᠦᠨ᠎ᠡ  ᠃           ᠡᠶ᠎ᠡ  ᠵᠣᠬᠢᠴᠠᠯᠳᠤ  ᠰᠣᠶᠣᠯ   ᠤᠨ  ᠪᠠᠶᠢᠭᠤᠯᠤᠯᠲᠠ   ᠶᠢ  ᠲᠦᠯᠬᠢᠨ  ᠠᠬᠢᠭᠤᠯᠤᠨ᠎ᠠ  ᠃  ︽ᠤᠮᠠᠷ᠎ᠠ  ᠬᠢᠵᠠᠭᠠᠷ   ᠤᠨ  ᠪᠣᠯᠪᠠᠰᠤᠨ   ᠤ  ᠬᠠᠷᠭᠤᠢ︾  ᠂  ︽ᠲᠠᠯ᠎ᠠ  ᠨᠤᠲᠤᠭ   ᠤᠨ  ᠮᠢᠩᠭᠠᠨ  ᠪᠠᠷ᠎ᠠ   ᠶᠢᠨ  ᠪᠣᠯᠪᠠᠰᠤᠨ   ᠤ  ᠪᠦᠰᠡ︾  ᠂  ᠪᠣᠯᠪᠠᠰᠤᠨ  ᠬᠤᠲᠠ  ᠂  ᠪᠣᠯᠪᠠᠰᠤᠨ  ᠪᠠᠯᠭᠠᠰᠤ  ᠲᠣᠰᠬᠤᠨ  ᠂  ᠪᠣᠯᠪᠠᠰᠤᠨ  ᠠᠵᠢᠯ  ᠲᠥᠷᠥᠯ  ᠵᠡᠷᠭᠡ  ᠣᠯᠠᠨ  ᠲᠦᠮᠡᠨᠴᠢ  ᠴᠢᠨᠠᠷᠲᠠᠢ  ᠣᠶᠣᠨ   ᠤ  ᠪᠣᠯᠪᠠᠰᠤᠨ   ᠤ  ᠴᠣᠭᠴᠠᠯᠠᠯᠲᠠ   ᠶᠢᠨ  ᠬᠥᠳᠡᠯᠭᠡᠭᠡᠨ   ᠢ  ᠯᠠᠪᠳᠠᠭᠤᠨ  ᠥᠷᠨᠢᠭᠦᠯᠵᠦ  ᠂  ᠡᠷᠬᠡᠲᠦ  ᠠᠷᠠᠳ   ᠤᠨ  ᠶᠣᠰᠣ  ᠮᠣᠷᠠᠯ   ᠤᠨ  ᠪᠠᠶᠢᠭᠤᠯᠤᠯᠲᠠ   ᠶᠢ  ᠬᠡᠷᠡᠭᠵᠢᠭᠦᠯᠵᠦ  ᠂  ︽ᠨᠠᠢᠮᠠᠨ  ᠠᠯᠳᠠᠷ  ᠂  ᠨᠠᠢᠮᠠᠨ  ᠭᠤᠲᠤᠮᠰᠢᠭ︾   ᠢᠶᠠᠷ  ᠭᠤᠣᠯ  ᠠᠭᠤᠯᠭ᠎ᠠ  ᠪᠣᠯᠭᠠᠭᠰᠠᠨ  ᠨᠡᠶᠢᠭᠡᠮ  ᠵᠢᠷᠤᠮᠲᠤ  ᠠᠯᠳᠠᠷ  ᠭᠤᠲᠤᠮᠰᠢᠭ   ᠤᠨ  ᠦᠵᠡᠯᠲᠡ   ᠶᠢᠨ  ᠬᠥᠮᠥᠵᠢᠯ  ᠢ ᠦᠷᠨᠢᠬᠦᠯᠦᠨ᠂ ᠨᠡᠶᠢᠬᠡᠮ  ᠤᠨ ᠶᠤᠰᠤ ᠮᠤᠷᠠᠯ᠂ ᠠᠵᠢᠯ ᠦᠢᠯᠡᠰ  ᠤᠨ ᠶᠤᠰᠤ ᠮᠤᠷᠠᠯ᠂ ᠭᠡᠷ ᠪᠦᠯᠢ  ᠶᠢᠨ ᠶᠤᠰᠤ ᠮᠤᠷᠠᠯ  ᠤᠨ ᠬᠦᠮᠦᠵᠢᠯ ᠪᠤᠯᠤᠨ ᠵᠠᠯᠠᠭᠤ ᠪᠠᠭᠠᠴᠤᠤᠯ  ᠤᠨ ᠦᠵᠡᠯ ᠰᠠᠨᠠᠭ᠎ᠠ ᠵᠠᠩ ᠮᠤᠷᠠᠯ  ᠤᠨ ᠬᠦᠮᠦᠵᠢᠯ  ᠢ ᠪᠦᠬᠦ ᠲᠠᠯᠠᠪᠠᠷ ᠴᠢᠩᠭᠠᠳᠬᠠᠵᠦ᠂ ᠨᠡᠶᠢᠭᠡᠮ  ᠤᠨ ᠪᠤᠯᠪᠠᠰᠣᠨ  ᠤ ᠬᠡᠮᠵᠢᠶ᠎ᠡ  ᠶᠢ ᠳᠡᠭᠡᠭᠰᠢᠯᠡᠬᠦᠯᠬᠦ ᠬᠡᠷᠡᠭᠳᠡᠢ᠃ ᠡᠶ᠎ᠡ ᠵᠤᠬᠢᠴᠠᠯ  ᠤᠨ ᠪᠠᠶᠢᠭᠤᠯᠤᠯᠳᠠ  ᠶᠢ ᠦᠷᠭᠡᠨ ᠬᠦᠨᠵᠡᠭᠡᠢ ᠦᠷᠨᠢᠬᠦᠯᠵᠦ᠂ ᠡᠶ᠎ᠡ ᠵᠤᠬᠢᠴᠠᠯᠳᠣ ᠨᠡᠶᠢᠬᠡᠮ ᠲᠤᠭᠤᠷᠢᠭ᠂ ᠡᠶ᠎ᠡ ᠵᠤᠬᠢᠴᠠᠯᠳᠤ ᠭᠡᠷ ᠪᠦᠯᠢ ᠵᠡᠷᠭᠡ ᠡᠶ᠎ᠡ ᠵᠤᠬᠢᠴᠠᠯ  ᠤᠨ ᠪᠠᠶᠢᠭᠤᠯᠤᠯᠳᠠ  ᠶᠢᠨ ᠬᠦᠳᠡᠯᠭᠡᠭᠡᠨ  ᠢ ᠤᠯᠠᠨ ᠲᠦᠮᠡᠨᠴᠢ ᠴᠢᠨᠠᠷᠳᠠᠢ  ᠤᠶᠤᠨ ᠰᠠᠨᠠᠭᠠᠨ  ᠤ ᠪᠤᠯᠪᠠᠰᠤᠨ  ᠤ ᠪᠠᠶᠢᠭᠤᠯᠤᠯᠳᠠ ᠲᠠᠢ ᠤᠶᠠᠯᠳᠤᠭᠤᠯᠤᠨ᠂ ᠠᠷᠠᠳ ᠢᠷᠭᠡᠳ᠂ ᠪᠠᠶᠢᠭᠤᠯᠭ᠎ᠠ ᠨᠢᠭᠡᠴᠡ ᠪᠠ ᠡᠯ᠎ᠡ ᠲᠦᠷᠦᠯ  ᠤᠨ ᠵᠤᠬᠢᠶᠠᠨ ᠪᠠᠶᠢᠭᠤᠯᠤᠯᠳᠠ  ᠶᠢ ᠲᠠᠭᠠᠭᠤᠯᠤᠨ᠂ ᠡᠶ᠎ᠡ ᠵᠤᠬᠢᠴᠠᠯᠳᠣ ᠨᠡᠶᠢᠬᠡᠮ  ᠤᠨ ᠪᠠᠶᠢᠭᠤᠯᠤᠯᠳᠠ  ᠳᠤ ᠤᠷᠤᠯᠴᠠᠭᠤᠯᠵᠦ᠂ ᠬᠦᠮᠦᠨ ᠪᠦᠬᠦᠨ ᠡᠶ᠎ᠡ ᠵᠤᠬᠢᠴᠠᠯ  ᠢ ᠠᠬᠢᠭᠤᠯᠬᠤ ᠰᠠᠶᠢᠨ ᠪᠠᠶᠢᠳᠠᠯ  ᠢ ᠪᠤᠢ ᠪᠤᠯᠭᠠᠨ᠎ᠠ᠃ ᠰᠤᠶᠤᠯ  ᠤᠨ ᠲᠤᠮᠤ ᠬᠤᠰᠢᠭᠤᠨ  ᠤ ᠪᠠᠶᠢᠭᠤᠯᠤᠯᠳᠠ  ᠶᠢ ᠬᠦᠨᠵᠡᠭᠡᠢ ᠠᠬᠢᠭᠤᠯᠵᠤ᠂ ᠣᠳᠤ ᠪᠠᠶᠢᠭ᠎ᠠ ᠰᠤᠶᠤᠯ  ᠤᠨ ᠲᠦᠬᠦᠭᠡᠷᠦᠮᠵᠢ ᠪᠠ ᠲᠠᠯᠠᠪᠠᠢ  ᠪᠠᠨ ᠬᠦᠢᠴᠡᠳ ᠠᠰᠢᠭᠯᠠᠵᠦ᠂ ᠤᠯᠠᠨ ᠲᠦᠮᠡᠨ  ᠤ ᠦᠵᠡᠵᠦ ᠰᠤᠨᠢᠷᠬᠠᠭᠤᠰᠢᠳᠠᠢ ᠰᠣᠶᠣᠯ ᠤᠷᠠᠯᠢᠭ  ᠢ ᠳᠡᠯᠭᠡᠷᠡᠭᠦᠯᠦᠨ᠂ ᠪᠠᠶᠠᠯᠢᠭ ᠠᠭᠤᠯᠭ᠎ᠠ ᠪᠦᠬᠦᠢ ᠨᠡᠶᠢᠭᠡᠮ ᠲᠤᠭᠤᠷᠢᠭ᠂  ᠪᠠᠯᠭᠠᠰᠤ ᠲᠤᠰᠬᠤᠨ᠂ ᠰᠣᠷᠭᠠᠭᠤᠯᠢ  ᠶᠢᠨ ᠬᠦᠷᠢᠶ᠎ᠡ ᠪᠠ ᠠᠵᠦ ᠠᠬᠤᠶᠢᠯᠠᠯ  ᠤᠨ ᠰᠤᠶᠤᠯ ᠲᠤᠭᠯᠠᠭᠠᠮ  ᠤᠨ ᠬᠦᠳᠡᠯᠭᠡᠭᠡᠨ  ᠢ ᠢᠳᠡᠪᠬᠢᠳᠠᠢ ᠦᠷᠨᠢᠬᠦᠯᠵᠦ᠂ ᠤᠯᠠᠨ ᠲᠦᠮᠡᠨ  ᠤ ᠰᠤᠶᠤᠯ  ᠤᠨ ᠬᠡᠷᠡᠭᠴᠡᠭᠡ  ᠶᠢ ᠵᠠᠯᠭ᠎ᠠ ᠬᠠᠩᠭᠠᠬᠤ ᠬᠡᠷᠡᠭᠳᠡᠢ᠃ ᠤᠯᠠᠨ ᠲᠦᠶ᠋ᠮᠡᠨ  ᠳᠤ ᠬᠠᠨᠳᠤᠭᠰᠠᠨ ᠰᠤᠶᠤᠯ  ᠤᠨ ᠪᠠᠶᠢᠭᠤᠯᠤᠮᠵᠢ  ᠶᠢᠨ ᠦᠭᠡᠷᠡᠴᠢᠯᠡᠯᠳᠡ  ᠶᠢ ᠲᠦᠷᠭᠡᠳᠬᠡᠨ᠂ ᠤᠯᠠᠭᠠᠨᠮᠦᠴᠢᠷ  ᠤᠨ ᠦᠭᠡᠷᠡᠴᠢᠯᠡᠯᠳᠡ  ᠢ ᠬᠢᠵᠦ ᠲᠠᠭᠤᠰᠬᠠᠨ᠂ ᠰᠤᠶᠤᠯ  ᠤᠨ ᠵᠠᠬ᠎ᠠ ᠳᠡᠯᠭᠡᠭᠦᠷ  ᠤᠨ ᠬᠠᠮᠢᠶᠠᠷᠤᠯᠳᠠ  ᠶᠢ ᠴᠢᠩᠭᠠᠳᠬᠠᠵᠤ᠂ ᠷᠠᠳᠢᠤ᠋ ᠲᠧᠯᠸᠢᠰ  ᠤᠨ ︽ᠲᠤᠰᠬᠤᠨ ᠪᠤᠯᠭᠠᠨ  ᠳᠤ ᠨᠡᠪᠳᠡᠷᠡᠬᠦ︾  ᠲᠤᠭᠠᠴᠢᠯᠠᠭᠰᠠᠨ ᠲᠧᠯᠸᠢᠰ ᠨᠡᠪᠳᠡᠷᠡᠭᠦᠯᠭᠡ ᠪᠤᠯᠤᠨ ᠰᠤᠮᠤ ᠰᠢᠶᠠᠩ ᠪᠠᠯᠭᠠᠰᠤᠨ  ᠤ ᠰᠣᠶᠣᠯ  ᠤᠨ ᠦᠷᠳᠡᠭᠡᠨ  ᠤ ᠪᠠᠶᠢᠭᠤᠯᠤᠯᠳᠠ  ᠶᠢ ᠠᠬᠢᠭᠤᠯᠤᠨ᠎ᠠ᠃         ᠬᠤᠲᠠ  ᠬᠥᠳᠡᠭᠡ   ᠶᠢᠨ  ᠰᠠᠭᠤᠭᠠᠯᠢ  ᠠᠷᠠᠳ   ᠤᠨ  ᠶᠡᠷᠦᠩᠬᠡᠶᠢᠯᠡᠭᠰᠡᠨ  ᠣᠷᠣᠯᠭ᠎ᠠ   ᠶᠢᠨ  ᠲᠦᠪᠰᠢᠨ   ᠢ  ᠨᠡᠮᠡᠭᠳᠡᠭᠦᠯᠦᠨ᠎ᠡ  ᠃ ᠪᠠᠶᠢᠭᠤᠯᠭ᠎ᠠ  ᠂  ᠠᠵᠢᠯ  ᠦᠢᠯᠡᠰ   ᠤᠨ  ᠨᠢᠭᠡᠴᠡ   ᠶᠢᠨ  ᠴᠠᠯᠢᠩ   ᠤᠨ  ᠳᠦᠷᠢᠮ   ᠤᠨ  ᠥᠭᠡᠷᠡᠴᠢᠯᠡᠯᠲᠡ  ᠪᠣᠯᠣᠨ  ᠨᠥᠬᠦᠪᠦᠷᠢ  ᠣᠯᠭᠤᠮᠵᠢ   ᠶᠢᠨ  ᠳᠦᠷᠢᠮᠵᠢᠯ   ᠤᠨ  ᠠᠵᠢᠯ   ᠢ  ᠯᠠᠪᠳᠠᠭᠤᠨ   ᠢᠶᠠᠷ  ᠠᠬᠢᠭᠤᠯᠵᠤ  ᠂  ᠠᠵᠤ  ᠠᠬᠤᠶᠢᠯᠠᠯ   ᠤᠨ  ᠠᠵᠢᠯ   ᠠᠴᠠ   ᠪᠠᠨ  ᠠᠮᠠᠷᠠᠭᠰᠠᠳ   ᠤᠨ  ᠥᠲᠡᠯᠦᠭᠡ  ᠨᠠᠰᠤ   ᠪᠠᠨ  ᠲᠡᠵᠢᠭᠡᠬᠦ  ᠣᠯᠭᠤᠮᠵᠢ  ᠮᠥᠩᠭᠦ   ᠶᠢ  ᠨᠡᠮᠡᠭᠳᠡᠭᠦᠯᠵᠦ  ᠂  ᠵᠠᠰᠠᠭ   ᠤᠨ  ᠣᠷᠳᠣᠨ  ᠪᠣᠯᠣᠨ  ᠨᠡᠶᠢᠭᠡᠮ   ᠠᠴᠠ  ︽ᠭᠤᠷᠪᠠᠨ  ᠲᠠᠷᠢᠶᠠᠯᠠᠭ᠎ᠠ᠂  ᠭᠤᠷᠪᠠᠨ  ᠮᠠᠯᠵᠢᠯ︾   ᠳᠤ  ᠥᠭᠬᠦ  ᠳᠡᠮᠵᠢᠯᠭᠡ   ᠶᠢᠨ  ᠬᠦᠴᠦᠯᠡᠴᠡ   ᠶᠢ  ᠶᠡᠬᠡᠰᠬᠡᠨ  ᠂  ᠡᠯ᠎ᠡ  ᠵᠦᠢᠯ   ᠤᠨ  ᠲᠠᠷᠢᠶᠠᠯᠠᠩ  ᠮᠠᠯᠵᠢᠯ   ᠤᠨ  ᠨᠥᠬᠦᠪᠦᠷᠢ   ᠶᠢ  ᠵᠣᠬᠢᠰᠲᠠᠢ  ᠨᠡᠮᠡᠭᠳᠡᠭᠦᠯᠵᠦ  ᠂  ᠲᠠᠷᠢᠶᠠᠯᠠᠬᠤ  ᠮᠠᠯᠵᠢᠬᠤ  ᠣᠷᠣᠨ   ᠤ  ᠠᠵᠤ  ᠠᠬᠤᠢ   ᠶᠢᠨ  ᠬᠥᠭᠵᠢᠯᠲᠡ   ᠶᠢ  ᠲᠦᠷᠭᠡᠳᠬᠡᠨ᠎ᠡ  ᠃  ᠬᠥᠳᠡᠯᠮᠦᠷᠢ  ᠬᠦᠴᠦᠨ   ᠤ  ᠰᠢᠯᠵᠢᠯᠲᠡ   ᠶᠢ  ᠠᠬᠢᠭᠤᠯᠵᠤ  ᠂  ᠲᠠᠷᠢᠶᠠᠯᠠᠩ  ᠮᠠᠯᠵᠢᠯ   ᠤᠨ  ᠴᠢᠳᠠᠪᠤᠷᠢ   ᠶᠢ  ᠳᠡᠭᠡᠭᠰᠢᠯᠡᠭᠦᠯᠦᠨ  ᠂  ᠲᠠᠷᠢᠶᠠᠯᠠᠩ  ᠮᠠᠯᠵᠢᠯ   ᠤᠨ  ᠠᠵᠤ  ᠦᠢᠯᠡᠰ   ᠤᠨ  ᠬᠡᠯᠬᠢᠶᠡᠰᠦ   ᠶᠢ  ᠤᠷᠲᠤᠳᠬᠠᠵᠤ  ᠂  ᠮᠠᠯᠴᠢᠨ  ᠲᠠᠷᠢᠶᠠᠴᠢᠨ   ᠤ  ᠡᠵᠡᠩᠨᠡᠯᠲᠡ   ᠶᠢᠨ  ᠴᠢᠨᠠᠷᠲᠠᠢ  ᠣᠷᠣᠯᠭ᠎ᠠ   ᠶᠢ  ᠨᠡᠮᠡᠭᠳᠡᠭᠦᠯᠦᠨ᠎ᠡ᠃  ᠬᠥᠯᠥᠰᠦᠨ  ᠠᠵᠢᠯᠴᠢᠨ   ᠤ  ᠴᠠᠯᠢᠩ   ᠢ  ᠰᠠᠭᠠᠲᠠᠭᠠᠬᠤ  ᠦᠵᠡᠭᠳᠡᠯ   ᠢ  ᠬᠤᠷᠢᠭᠯᠠᠬᠤ  ᠬᠠᠤᠯᠢ  ᠳᠦᠷᠢᠮ  ᠪᠠ  ᠲᠣᠭᠲᠠᠯᠴᠠᠭ᠎ᠠ   ᠶᠢ  ᠪᠠᠶᠢᠭᠤᠯᠤᠨ  ᠪᠦᠷᠢᠨᠰᠢᠬᠦᠯᠵᠦ  ᠂  ᠭᠠᠳᠠᠨ᠎ᠠ   ᠠᠴᠠ  ᠢᠷᠡᠭᠰᠡᠨ  ᠬᠥᠳᠡᠯᠮᠦᠷᠢᠯᠡᠭᠴᠢᠳ   ᠤᠨ  ᠬᠠᠤᠯᠢ  ᠶᠣᠰᠣᠨ   ᠤ  ᠡᠷᠬᠡ  ᠠᠰᠢᠭ   ᠢ  ᠬᠠᠮᠠᠭᠠᠯᠠᠵᠤ  ᠂  ᠪᠦᠬᠦᠶᠢᠯᠡ  ᠲᠣᠰᠬᠤᠨ   ᠢᠶᠠᠷ   ᠨᠢ  ᠶᠠᠳᠠᠭᠤ   ᠶᠢ  ᠲᠡᠳᠬᠦᠬᠦ  ᠠᠵᠢᠯ   ᠢ  ᠤᠯᠠᠮ  ᠴᠢᠨᠠᠭᠰᠢᠳᠠ  ᠬᠡᠷᠡᠭᠵᠢᠭᠦᠯᠦᠨ  ᠂  ᠲᠠᠷᠢᠶᠠᠯᠠᠬᠤ  ᠮᠠᠯᠵᠢᠬᠤ  ᠣᠷᠣᠨ   ᠤ  ᠶᠠᠳᠠᠭᠤ  ᠬᠦᠴᠢᠷᠲᠡᠢ  ᠬᠥᠮᠥᠨ  ᠠᠮᠠ   ᠶᠢᠨ  ᠪᠡᠶ᠎ᠡ  ᠳᠤᠯᠠᠭᠠᠨ  ᠂  ᠭᠡᠳᠡᠰᠦ  ᠴᠠᠳᠬᠤᠯᠠᠩ  ᠠᠰᠠᠭᠤᠳᠠᠯ   ᠢ  ᠰᠢᠢᠳᠪᠦᠷᠢᠯᠡᠬᠦ  ᠬᠡᠷᠡᠭᠲᠡᠢ  ᠃         ᠠᠷᠠᠳᠴᠢᠯᠠᠯ  ᠬᠠᠤᠯᠢ  ᠳᠦᠷᠢᠮ   ᠤᠨ  ᠪᠠᠶᠢᠭᠤᠯᠤᠯᠲᠠ   ᠶᠢ  ᠴᠢᠩᠭᠠᠳᠬᠠᠨ᠎ᠠ  ᠃  ︽ᠬᠢᠨᠠᠯᠲᠠ  ᠲᠠᠯᠪᠢᠬᠤ ᠬᠠᠤᠯᠢ  ︾ ᠶᠢᠨ  ᠲᠣᠭᠲᠠᠭᠠᠯ  ᠶᠣᠰᠣᠭᠠᠷ  ᠂  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ   ᠳᠤ  ᠬᠥᠳᠡᠯᠦᠩᠭᠦᠢ   ᠪᠠᠷ  ᠠᠵᠢᠯ   ᠢᠶᠠᠨ  ᠬᠠᠷᠢᠭᠤ  ᠮᠡᠳᠡᠭᠦᠯᠵᠦ  ᠂  ᠶᠡᠭᠡ  ᠬᠤᠷᠠᠯ  ᠵᠢᠴᠢ  ᠲᠡᠭᠦᠨ   ᠤ  ᠪᠠᠶᠢᠩᠭᠤ   ᠶᠢᠨ  ᠬᠤᠷᠢᠶᠠᠨ   ᠤ  ᠬᠠᠤᠯᠢ   ᠶᠢᠨ  ᠬᠢᠨᠠᠯᠲᠠ  ᠪᠠ  ᠠᠵᠢᠯ   ᠤᠨ  ᠬᠢᠨᠠᠯᠲᠠ   ᠶᠢ  ᠤᠬᠠᠮᠰᠠᠷ ᠠᠴᠠ   ᠪᠠᠨ  ᠬᠦᠯᠢᠶᠡᠵᠦ  ᠂  ᠬᠠᠮᠢᠶ᠎ᠠ  ᠪᠦᠬᠦᠢ  ᠰᠢᠢᠳᠪᠦᠷᠢ  ᠲᠣᠭᠲᠠᠭᠠᠯ   ᠢ  ᠨᠠᠷᠢᠨ  ᠬᠢᠨᠠᠮᠠᠭᠠᠢ  ᠬᠡᠷᠡᠭᠵᠢᠭᠦᠯᠬᠦ  ᠪᠠ  ᠨᠠᠶᠢᠳᠠᠪᠤᠷᠢᠵᠢᠭᠤᠯᠬᠤ   ᠶᠢᠨ  ᠬᠠᠮᠲᠤ  ᠂  ᠵᠣᠬᠢᠰᠲᠠᠢ  ᠦᠶᠡᠰ  ᠬᠠᠮᠢᠶ᠎ᠠ  ᠪᠦᠬᠦᠢ  ᠪᠠᠶᠢᠳᠠᠯ   ᠢᠶᠠᠨ  ᠨᠡᠶᠢᠭᠡᠮ  ᠳᠠᠶᠠᠭᠠᠷ   ᠲᠤ  ᠨᠡᠶᠢᠲᠡᠯᠡᠬᠦ  ᠬᠡᠷᠡᠭᠲᠡᠢ  ᠃  ᠤᠯᠤᠰ  ᠲᠥᠷᠥ   ᠶᠢᠨ  ᠵᠥᠪᠯᠡᠯᠭᠡᠨ   ᠯᠦᠭᠡ   ᠶᠢᠨ  ᠬᠠᠷᠢᠴᠠᠭ᠎ᠠ  ᠬᠤᠯᠪᠣᠭ᠎ᠠ   ᠪᠠᠨ  ᠴᠢᠩᠭᠠᠳᠬᠠᠵᠤ  ᠂  ᠤᠯᠤᠰ  ᠲᠥᠷᠥ   ᠶᠢᠨ  ᠵᠥᠪᠯᠡᠯᠭᠡᠨ   ᠤ  ᠤᠯᠤᠰ  ᠲᠥᠷᠥ   ᠶᠢ  ᠵᠥᠪᠯᠡᠵᠦ  ᠂  ᠠᠷᠠᠳᠴᠢᠯᠠᠯ   ᠢᠶᠠᠷ  ᠬᠢᠨᠠᠯᠲᠠ  ᠲᠠᠯᠪᠢᠨ  ᠂  ᠵᠠᠰᠠᠭ   ᠤᠨ  ᠶᠠᠪᠤᠳᠠᠯ   ᠳᠤ  ᠣᠷᠣᠯᠴᠠᠵᠤ  ᠂  ᠵᠠᠰᠠᠭ   ᠤᠨ  ᠶᠠᠪᠤᠳᠠᠯ   ᠢ  ᠵᠥᠪᠯᠡᠬᠦ  ᠡᠭᠦᠷᠭᠡ  ᠴᠢᠳᠠᠪᠬᠢ   ᠶᠢ  ᠢᠳᠡᠪᠬᠢᠲᠡᠢ  ᠳᠡᠮᠵᠢᠵᠦ᠂  ᠠᠷᠠᠳ   ᠤᠨ  ᠲᠥᠯᠥᠭᠡᠯᠡᠭᠴᠢ   ᠶᠢᠨ  ᠰᠠᠨᠠᠯ  ᠵᠥᠪᠯᠡᠯᠭᠡ  ᠪᠣᠯᠣᠨ  ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ   ᠤᠨ  ᠰᠠᠨᠠᠯ  ᠳᠤᠷᠠᠳᠤᠯᠭ᠎ᠠ   ᠶᠢ  ᠬᠠᠷᠢᠭᠤᠯᠤᠨ  ᠭᠦᠢᠴᠡᠳᠬᠡᠬᠦ  ᠴᠢᠨᠠᠷ   ᠢᠶᠠᠨ  ᠳᠡᠭᠡᠭᠰᠢᠯᠡᠭᠦᠯᠬᠦ  ᠬᠡᠷᠡᠭᠲᠡᠢ  ᠃  ᠬᠦᠨᠳᠦ  ᠴᠢᠬᠤᠯᠠ  ᠰᠢᠢᠳᠪᠦᠷᠢ  ᠪᠣᠳᠣᠯᠭ᠎ᠠ   ᠶᠢᠨ  ᠠᠷᠠᠳᠴᠢᠯᠠᠭᠰᠠᠨ  ᠣᠷᠣᠯᠴᠠᠭ᠎ᠠ   ᠶᠢ  ᠢᠳᠡᠪᠬᠢᠲᠡᠢ  ᠠᠬᠢᠭᠤᠯᠵᠤ  ᠂  ᠡᠷᠬᠡᠲᠦ  ᠠᠷᠠᠳ   ᠤᠨ  ᠪᠠᠶᠢᠳᠠᠯ   ᠢ  ᠮᠡᠳᠡᠬᠦ  ᠡᠷᠬᠡ  ᠂  ᠣᠷᠣᠯᠴᠠᠬᠤ  ᠡᠷᠬᠡ  ᠂  ᠢᠯᠡᠳᠬᠡᠬᠦ  ᠡᠷᠬᠡ  ᠪᠠ  ᠬᠢᠨᠠᠯᠲᠠ  ᠡᠷᠬᠡ   ᠶᠢ  ᠬᠠᠤᠯᠢ  ᠶᠣᠰᠣᠭᠠᠷ  ᠬᠠᠮᠠᠭᠠᠯᠠᠨ᠎ᠠ᠃  ︽ᠲᠠᠪᠤ  ᠲᠠᠪᠤ︾  ᠬᠠᠤᠯᠢ  ᠲᠦᠭᠡᠮᠡᠯᠵᠢᠯ   ᠤᠨ  ᠲᠥᠯᠥᠪᠵᠢᠭᠦᠯᠭᠡ   ᠶᠢ  ᠨᠢᠮᠪᠠᠢ  ᠨᠠᠶᠢᠳᠠᠪᠤᠷᠢᠵᠢᠭᠤᠯᠵᠤ  ᠂  ᠤᠬᠠᠭᠤᠯᠭ᠎ᠠ  ᠬᠥᠮᠥᠵᠢᠯ   ᠢ  ᠭᠦᠨᠵᠡᠭᠡᠢ  ᠥᠷᠨᠢᠭᠦᠯᠦᠨ  ᠂  ᠲᠠᠷᠢᠶᠠᠯᠠᠬᠤ  ᠮᠠᠯᠵᠢᠬᠤ  ᠣᠷᠣᠨ   ᠤ  ᠬᠠᠤᠯᠢ   ᠶᠢᠨ  ᠦᠢᠯᠡᠴᠢᠯᠡᠭᠡᠨ   ᠤ  ᠰᠢᠰᠲ᠋ᠧᠮᠵᠢ   ᠶᠢ  ᠪᠠᠶᠢᠭᠤᠯᠤᠨ  ᠪᠦᠷᠢᠨᠰᠢᠬᠦᠯᠵᠦ  ᠂  ᠬᠠᠤᠯᠢ   ᠶᠢᠨ  ᠲᠤᠰᠠᠯᠠᠮᠵᠢ   ᠶᠢ  ᠴᠢᠩᠭᠠᠳᠬᠠᠬᠤ  ᠪᠠ  ᠰᠠᠶᠢᠵᠢᠷᠠᠭᠤᠯᠬᠤ ᠬᠡᠷᠡᠭᠲᠡᠢ  ᠃  ᠦᠨᠳᠦᠰᠦᠨ  ᠱᠠᠲᠤᠨ   ᠤ  ᠠᠷᠠᠳᠴᠢᠯᠠᠯ   ᠢ  ᠤᠯᠠᠮ  ᠨᠢᠭᠡ  ᠠᠯᠬᠤᠮ  ᠪᠠᠬᠢᠵᠢᠭᠦᠯᠬᠦ  ᠪᠠ  ᠥᠷᠭᠡᠳᠬᠡᠵᠦ  ᠂  ᠵᠠᠰᠠᠭ   ᠤᠨ  ᠶᠠᠪᠤᠳᠠᠯ  ᠂  ᠦᠢᠯᠡᠳᠪᠦᠷᠢ ᠶᠢᠨ ᠶᠠᠪᠤᠳᠠᠯ  ᠂  ᠲᠣᠰᠬᠤᠨ   ᠤ  ᠶᠠᠪᠤᠳᠠᠯ   ᠢ  ᠢᠯᠠ  ᠨᠡᠶᠢᠲᠡᠯᠡᠬᠦ   ᠶᠢ  ᠲᠦᠯᠬᠢᠨ  ᠠᠬᠢᠭᠤᠯᠵᠤ  ᠂  ᠲᠣᠰᠬᠤᠨ   ᠤ  ᠠᠷᠠᠳ  ᠥᠪᠡᠷᠲᠡᠭᠡᠨ  ᠵᠠᠰᠠᠬᠤ  ᠨᠡᠶᠢᠭᠡᠮ  ᠲᠣᠭᠤᠷᠢᠭ   ᠤᠨ  ᠠᠷᠠᠳᠴᠢᠯᠠᠭᠰᠠᠨ  ᠬᠠᠮᠢᠶᠠᠷᠤᠯᠲᠠ  ᠪᠣᠯᠣᠨ  ᠠᠵᠤ  ᠠᠬᠤᠶᠢᠯᠠᠯ   ᠤᠨ  ᠠᠷᠠᠳᠴᠢᠯᠠᠭᠰᠠᠨ  ᠬᠠᠮᠢᠶᠠᠷᠤᠯᠲᠠ   ᠶᠢ  ᠲᠡᠭᠦᠯᠳᠡᠷᠵᠢᠭᠦᠯᠦᠨ᠎ᠡ  ᠃           ᠠᠷᠠᠳ  ᠣᠯᠠᠨ   ᠯᠤᠭ᠎ᠠ   ᠶᠢᠨ  ᠬᠠᠷᠢᠴᠠᠭᠠᠨ   ᠤ  ᠵᠠᠮ  ᠰᠤᠪᠠᠭ   ᠢ  ᠥᠷᠭᠡᠳᠬᠡᠬᠦ  ᠬᠡᠷᠡᠭᠲᠡᠢ  ᠃  ᠵᠠᠬᠢᠳᠠᠯ  ᠰᠤᠷᠪᠤᠯᠵᠢᠯᠠᠯ   ᠤᠨ  ᠠᠵᠢᠯ   ᠤᠨ  ᠬᠠᠷᠢᠭᠤᠴᠠᠯᠭ᠎ᠠ   ᠶᠢᠨ  ᠳᠦᠷᠢᠮ   ᠢ  ᠨᠠᠶᠢᠳᠠᠪᠤᠷᠢᠵᠢᠭᠤᠯᠵᠤ  ᠂  ᠣᠯᠠᠨ  ᠲᠦᠮᠡᠨ   ᠤ  ᠬᠠᠤᠯᠢ  ᠶᠣᠰᠣᠭᠠᠷ  ᠂  ᠳᠢᠭᠯᠢᠮ   ᠲᠠᠢ  ᠂  ᠵᠦᠢ  ᠵᠣᠬᠢᠰᠲᠠᠢ   ᠲᠠᠢ  ᠢᠯᠡᠳᠬᠡᠵᠦ  ᠰᠠᠨᠠᠭᠤᠯᠬᠤ   ᠳᠤ  ᠲᠥᠬᠦᠮ  ᠦᠵᠡᠭᠦᠯᠦᠨ  ᠂  ᠲᠤᠰᠬᠠᠯ  ᠶᠡᠬᠡᠲᠡᠢ  ᠠᠰᠠᠭᠤᠳᠠᠯ   ᠢ  ᠳᠠᠷᠤᠶᠢᠬᠠᠨ  ᠰᠢᠢᠳᠪᠦᠷᠢᠯᠡᠬᠦ  ᠬᠡᠷᠡᠭᠲᠡᠢ  ᠃  ᠪᠦᠯᠦᠭᠯᠡᠯ   ᠤᠨ  ᠴᠢᠨᠠᠷᠲᠠᠢ  ᠠᠵᠢᠯᠯᠠᠭ᠎ᠠ   ᠶᠢ  ᠤᠷᠢᠳᠴᠢᠯᠠᠨ  ᠰᠡᠷᠭᠡᠶᠢᠯᠡᠬᠦ  ᠪᠠ  ᠯᠠᠪᠳᠠᠭᠤᠨ   ᠢᠶᠠᠷ  ᠰᠢᠢᠳᠪᠦᠷᠢᠯᠡᠵᠦ  ᠂  ᠬᠠᠤᠯᠢ  ᠶᠣᠰᠣᠭᠠᠷ  ᠠᠵᠢᠯ  ᠭᠦᠢᠴᠡᠳᠬᠡᠵᠦ  ᠂  ᠲᠥᠷᠥ   ᠶᠢᠨ  ᠪᠣᠳᠣᠯᠭ᠎ᠠ  ᠶᠣᠰᠣᠭᠠᠷ  ᠠᠵᠢᠯ  ᠭᠦᠢᠴᠡᠳᠬᠡᠨ  ᠂  ᠪᠣᠳᠠᠲᠤ  ᠠᠰᠠᠭᠤᠳᠠᠯ   ᠢ  ᠬᠠᠪᠰᠤᠷᠤᠨ  ᠰᠢᠢᠳᠪᠦᠷᠢᠯᠡᠵᠦ  ᠂  ᠣᠯᠠᠨ  ᠲᠦᠮᠡᠨ   ᠤ  ᠵᠦᠢ  ᠶᠣᠰᠣᠨ   ᠤ  ᠡᠷᠬᠡ  ᠠᠰᠢᠭ   ᠢ  ᠬᠠᠮᠠᠭᠠᠯᠠᠬᠤ   ᠪᠠᠷ  ᠥᠯᠥ  ᠪᠠᠷᠠᠮ  ᠨᠡᠶᠢᠭᠡᠮ   ᠤᠨ  ᠠᠮᠤᠷ  ᠲᠣᠭᠲᠠᠭᠤᠨ   ᠢ  ᠬᠠᠤᠯᠢ  ᠶᠣᠰᠣᠭᠠᠷ  ᠬᠠᠮᠠᠭᠠᠯᠠᠨ᠎ᠠ  ᠃                      ᠠᠮᠤᠷ   ᠢ  ᠬᠠᠮᠠᠭᠠᠯᠠᠵᠤ  ᠂  ᠶᠡᠷᠦᠩᠬᠡᠶᠢᠯᠡᠨ  ᠵᠠᠰᠠᠬᠤ  ᠠᠵᠢᠯ   ᠢ  ᠴᠢᠩᠭᠠᠳᠬᠠᠨ᠎ᠠ  ᠃  ᠡᠶ᠎ᠡ  ᠵᠣᠬᠢᠴᠠᠯᠳᠤ  ᠨᠡᠶᠢᠭᠡᠮ  ᠲᠣᠭᠤᠷᠢᠭ  ᠂  ᠡᠶ᠎ᠡ  ᠵᠣᠬᠢᠴᠠᠯᠳᠤ  ᠭᠠᠴᠠᠭ᠎ᠠ  ᠲᠣᠰᠬᠤᠨ   ᠢ  ᠪᠠᠶᠢᠭᠤᠯᠬᠤ   ᠪᠠᠷ  ᠠᠴᠢᠶᠠᠯᠠᠪᠤᠷᠢ  ᠪᠣᠯᠭᠠᠨ  ᠂  ᠠᠮᠤᠷ  ᠲᠠᠶᠢᠪᠤᠩ  ᠬᠤᠰᠢᠭᠤ   ᠶᠢ  ᠪᠦᠲᠦᠭᠡᠨ  ᠪᠠᠶᠢᠭᠤᠯᠬᠤ  ᠬᠥᠳᠡᠯᠭᠡᠭᠡᠨ   ᠢ  ᠥᠷᠨᠢᠭᠦᠯᠵᠦ  ᠂  ᠨᠡᠶᠢᠭᠡᠮ   ᠤᠨ  ᠠᠮᠤᠷ   ᠢ  ᠬᠠᠮᠠᠭᠠᠯᠠᠬᠤ  ᠰᠢᠰᠲ᠋ᠧᠮᠵᠢ   ᠶᠢ  ᠪᠦᠷᠢᠨᠰᠢᠬᠦᠯᠦᠨ  ᠂  ᠡᠷᠡᠭᠦᠦ   ᠶᠢᠨ  ᠶᠠᠯᠠᠲᠤ  ᠠᠵᠢᠯᠯᠠᠭ᠎ᠠ   ᠳᠤ  ᠬᠠᠤᠯᠢ  ᠶᠣᠰᠣᠨ   ᠤ  ᠴᠢᠩᠭ᠎ᠠ  ᠴᠣᠬᠢᠯᠲᠠ  ᠥᠭᠬᠦ  ᠬᠡᠷᠡᠭᠲᠡᠢ  ᠃  ᠬᠤᠣᠷ᠎ᠠ  ᠴᠠᠭᠠᠵᠠᠯᠠᠬᠤ  ᠣᠯᠠᠨ  ᠲᠦᠮᠡᠨᠴᠢ  ᠳᠠᠶᠢᠨ   ᠢ  ᠥᠷᠨᠢᠭᠦᠯᠦᠨ  ᠂  ᠲᠠᠷᠢᠵᠤ  ᠠᠷᠠᠯᠵᠢᠶᠠᠯᠠᠬᠤ   ᠶᠢ  ᠡᠷᠡᠰ  ᠴᠠᠭᠠᠵᠠᠯᠠᠬᠤ  ᠲᠤᠰᠬᠠᠢ  ᠠᠵᠢᠯ   ᠤᠨ  ᠬᠦᠴᠦᠯᠡᠴᠡ   ᠶᠢ  ᠶᠡᠬᠡᠰᠬᠡᠨ᠎ᠡ  ᠃  ᠠᠷᠠᠳ   ᠤᠨ  ᠡᠶᠡᠳᠡᠭᠦᠯᠬᠦ  ᠠᠵᠢᠯ   ᠢ  ᠰᠠᠶᠢᠨ  ᠬᠢᠵᠦ᠂  ᠬᠤᠲᠠ  ᠪᠠᠯᠭᠠᠰᠤ   ᠶᠢᠨ  ᠨᠡᠶᠢᠭᠡᠮ  ᠲᠣᠭᠤᠷᠢᠭ  ᠪᠣᠯᠣᠨ  ᠬᠥᠳᠡᠭᠡ  ᠲᠣᠰᠬᠤᠨ  ᠮᠠᠯᠵᠢᠬᠤ  ᠣᠷᠣᠨ   ᠤ  ᠦᠨᠳᠦᠰᠦᠨ  ᠱᠠᠲᠤᠨ   ᠤ  ᠵᠣᠬᠢᠶᠠᠨ  ᠪᠠᠶᠢᠭᠤᠯᠤᠯᠲᠠ   ᠶᠢᠨ  ᠴᠣᠭᠴᠠᠯᠠᠯᠲᠠ   ᠶᠢ  ᠴᠢᠩᠭᠠᠳᠬᠠᠵᠤ  ᠂  ᠠᠮᠤᠷ  ᠲᠣᠭᠲᠠᠭᠤᠨ   ᠢ  ᠬᠠᠮᠠᠭᠠᠯᠠᠬᠤ  ᠪᠠᠲᠤ  ᠪᠠᠬᠢ  ᠬᠠᠯᠬᠠᠪᠴᠢ   ᠶᠢ  ᠪᠣᠰᠬᠠᠬᠤ  ᠬᠡᠷᠡᠭᠲᠡᠢ  ᠃             ᠨᠡᠶᠢᠭᠡᠮ  ᠨᠡᠶᠢᠲᠡ   ᠶᠢᠨ  ᠠᠮᠤᠷ  ᠲᠦᠪᠰᠢᠨ   ᠢ  ᠬᠠᠮᠠᠭᠠᠯᠠᠨ᠎ᠠ  ᠃  ᠭᠡᠨᠡᠳᠲᠡ   ᠶᠢᠨ  ᠴᠢᠨᠠᠷᠲᠠᠢ  ᠨᠡᠶᠢᠲᠡ   ᠶᠢᠨ  ᠠᠶᠤᠯ   ᠢ  ᠲᠤᠯᠵᠤ  ᠡᠰᠡᠷᠭᠦᠴᠡᠬᠦ  ᠰᠢᠰᠲ᠋ᠧᠮᠵᠢ   ᠶᠢᠨ  ᠪᠠᠶᠢᠭᠤᠯᠤᠮᠵᠢ   ᠶᠢ  ᠴᠢᠩᠭᠠᠳᠬᠠᠨ  ᠂  ᠡᠯ᠎ᠡ  ᠵᠦᠢᠯ   ᠤᠨ  ᠠᠶᠤᠯᠲᠤ  ᠬᠡᠷᠡᠭ   ᠢ  ᠪᠦᠲᠦᠮᠵᠢᠲᠡᠢ  ᠰᠡᠷᠭᠡᠶᠢᠯᠡᠬᠦ  ᠪᠠ  ᠰᠢᠢᠳᠪᠦᠷᠢᠯᠡᠵᠦ  ᠂  ᠢᠳᠡᠭᠡᠨ  ᠤᠮᠳᠠᠭᠠᠨ  ᠂  ᠡᠮ   ᠤᠨ  ᠵᠦᠢᠯᠡᠰ   ᠤᠨ  ᠬᠢᠨᠠᠨ  ᠬᠠᠮᠢᠶᠠᠷᠤᠯᠲᠠ   ᠶᠢ  ᠴᠢᠩᠭᠠᠳᠬᠠᠵᠤ  ᠂  ᠠᠶᠤᠯᠭᠦᠢ  ᠦᠢᠯᠡᠳᠪᠦᠷᠢᠯᠡᠯ   ᠤᠨ  ᠬᠠᠷᠢᠭᠤᠴᠠᠯᠭ᠎ᠠ   ᠶᠢᠨ  ᠳᠦᠷᠢᠮ   ᠢ  ᠨᠠᠶᠢᠳᠠᠪᠤᠷᠢᠵᠢᠭᠤᠯᠤᠨ  ᠂  ᠦᠢᠯᠡᠳᠪᠦᠷᠢᠯᠡᠯ  ᠂  ᠭᠠᠯ  ᠲᠦᠢᠮᠡᠷ  ᠂  ᠵᠠᠮ  ᠬᠠᠷᠢᠯᠴᠠᠭᠠᠨ   ᠤ  ᠠᠮᠤᠷ  ᠲᠦᠪᠰᠢᠨ   ᠤ  ᠬᠠᠮᠢᠶᠠᠷᠤᠯᠲᠠ   ᠶᠢ  ᠴᠢᠩᠭᠠᠳᠬᠠᠵᠤ  ᠂  ᠬᠦᠨᠳᠦ  ᠶᠡᠭᠡ  ᠠᠶᠤᠯ  ᠠᠳᠡᠯ   ᠢ  ᠰᠡᠷᠭᠡᠶᠢᠯᠡᠨ  ᠬᠤᠷᠢᠭᠯᠠᠵᠤ  ᠂  ᠠᠷᠠᠳ  ᠲᠦᠮᠡᠨ   ᠤ  ᠡᠷᠡᠭᠦᠯ  ᠴᠢᠭᠢᠷᠠᠭ  ᠪᠠ  ᠠᠮᠤᠷ  ᠲᠦᠪᠰᠢᠨ   ᠢ  ᠪᠠᠲᠤᠯᠠᠬᠤ  ᠬᠡᠷᠡᠭᠲᠡᠢ  ᠃                        ᠡᠯ᠎ᠡ  ᠲᠥᠷᠥᠯ   ᠤᠨ  ᠠᠵᠢᠯ  ᠦᠢᠯᠡᠰ   ᠢ  ᠪᠦᠬᠦ  ᠲᠠᠯ᠎ᠠ   ᠪᠠᠷ  ᠬᠥᠭᠵᠢᠭᠦᠯᠦᠨ᠎ᠡ  ᠃  ᠨᠠᠮ   ᠤᠨ  ᠦᠨᠳᠦᠰᠦᠲᠡᠨ  ᠂  ᠱᠠᠰᠢᠨ  ᠰᠤᠷᠲᠠᠬᠤᠨ   ᠤ  ᠲᠥᠷᠥ   ᠶᠢᠨ  ᠪᠣᠳᠣᠯᠭ᠎ᠠ   ᠶᠢ  ᠪᠦᠬᠦ  ᠲᠠᠯ᠎ᠠ   ᠪᠠᠷ  ᠲᠣᠣᠱᠯᠠᠭᠤᠯᠵᠦ  ᠂  ᠦᠨᠳᠦᠰᠦᠲᠡᠨ   ᠤ  ᠣᠷᠣᠨ   ᠤ  ᠥᠪᠡᠷᠲᠡᠭᠡᠨ  ᠵᠠᠰᠠᠬᠤ  ᠬᠠᠤᠯᠢ  ᠪᠣᠯᠣᠨ  ᠢᠵᠢ  ᠪᠦᠷᠢᠳᠦᠭᠰᠡᠨ  ᠲᠥᠷᠥ   ᠶᠢᠨ  ᠪᠣᠳᠣᠯᠭ᠎ᠠ  ᠬᠠᠤᠯᠢ  ᠳᠦᠷᠢᠮ   ᠢ  ᠨᠠᠶᠢᠳᠠᠪᠤᠷᠢᠵᠢᠭᠤᠯᠵᠤ  ᠂  ᠡᠷᠬᠡ  ᠲᠡᠭᠰᠢ  ᠂  ᠪᠦᠯᠬᠦᠮᠳᠡᠯ   ᠲᠠᠢ  ᠂  ᠬᠠᠷᠢᠯᠴᠠᠨ  ᠬᠠᠪᠰᠤᠷᠤᠯᠴᠠᠭᠰᠠᠨ  ᠂  ᠡᠶ᠎ᠡ  ᠵᠣᠬᠢᠴᠠᠯᠳᠤ  ᠨᠡᠶᠢᠭᠡᠮ  ᠵᠢᠷᠤᠮᠲᠤ  ᠦᠨᠳᠦᠰᠦᠲᠡᠨ   ᠤ  ᠬᠠᠷᠢᠴᠠᠭ᠎ᠠ   ᠶᠢ  ᠪᠠᠬᠢᠵᠢᠭᠦᠯᠦᠨ  ᠬᠥᠭᠵᠢᠭᠦᠯᠵᠦ  ᠂  ᠡᠯ᠎ᠡ  ᠦᠨᠳᠦᠰᠦᠲᠡᠨ   ᠤ  ᠬᠠᠮᠲᠤ   ᠪᠠᠷ  ᠴᠡᠴᠡᠭᠯᠡᠨ  ᠬᠥᠭᠵᠢᠬᠦ   ᠶᠢ  ᠠᠬᠢᠭᠤᠯᠬᠤ  ᠬᠡᠷᠡᠭᠲᠡᠢ  ᠃  ᠦᠨᠳᠦᠰᠦᠲᠡᠨ   ᠤ  ᠪᠦᠯᠬᠦᠮᠳᠡᠯ  ᠳᠠᠪᠰᠢᠯᠲᠠ   ᠶᠢᠨ  ᠪᠠᠶᠢᠭᠤᠯᠤᠯᠲᠠ   ᠶᠢᠨ  ᠬᠥᠳᠡᠯᠭᠡᠭᠡᠨ   ᠢ  ᠥᠷᠨᠢᠭᠦᠯᠵᠦ  ᠂  ᠴᠥᠭᠡᠨ  ᠲᠣᠭᠠᠲᠤ  ᠦᠨᠳᠦᠰᠦᠲᠡᠨ   ᠤ  ᠺᠠᠲᠠᠷ   ᠢ  ᠬᠥᠮᠥᠵᠢᠭᠦᠯᠬᠦ  ᠬᠦᠴᠦᠯᠡᠴᠡ   ᠶᠢ  ᠶᠡᠬᠡᠰᠬᠡᠨ  ᠂  ᠨᠠᠮ   ᠤᠨ  ᠱᠠᠰᠢᠨ ᠰᠢᠲᠦᠯᠭᠡ  ᠡᠷᠬᠡ  ᠴᠢᠯᠦᠭᠡᠲᠡᠢ  ᠪᠠᠶᠢᠯᠭᠠᠬᠤ  ᠲᠥᠷᠥ   ᠶᠢᠨ  ᠪᠣᠳᠣᠯᠭ᠎ᠠ   ᠶᠢ  ᠲᠣᠣᠱᠯᠠᠭᠤᠯᠵᠦ  ᠂  ᠱᠠᠰᠢᠨ  ᠰᠤᠷᠲᠠᠬᠤᠨ   ᠤ  ᠶᠠᠪᠤᠳᠠᠯ   ᠢ  ᠬᠠᠤᠯᠢ  ᠶᠣᠰᠣᠭᠠᠷ  ᠬᠠᠮᠢᠶᠠᠷᠤᠨ  ᠂  ᠨᠡᠶᠢᠭᠡᠮ   ᠤᠨ  ᠠᠰᠠᠷᠠᠮᠵᠢ  ᠪᠠ  ᠪᠤᠶᠠᠨ  ᠡᠯᠪᠡᠷᠢᠯ   ᠤᠨ  ᠦᠢᠯᠡᠰ   ᠢ  ᠬᠥᠭᠵᠢᠭᠦᠯᠵᠦ  ᠂  ᠡᠮᠡᠭᠲᠡᠶᠢᠴᠦᠳ  ᠪᠠ  ᠬᠡᠦᠬᠡᠳ  ᠂  ᠵᠡᠮᠳᠡᠭᠴᠦᠳ   ᠤᠨ  ᠬᠠᠤᠯᠢ  ᠶᠣᠰᠣᠨ   ᠤ  ᠡᠷᠬᠡ  ᠠᠰᠢᠭ   ᠢ  ᠬᠠᠮᠠᠭᠠᠯᠠᠬᠤ  ᠬᠡᠷᠡᠭᠲᠡᠢ  ᠃  ᠤᠯᠤᠰ   ᠤᠨ  ᠪᠠᠲᠤᠯᠠᠨ  ᠬᠠᠮᠠᠭᠠᠯᠠᠯᠲᠠ ᠶᠢᠨ  ᠬᠥᠮᠥᠵᠢᠯ   ᠢ  ᠭᠦᠨᠵᠡᠭᠡᠢ  ᠥᠷᠨᠢᠭᠦᠯᠵᠦ  ᠂  ᠪᠠᠲᠤᠯᠠᠨ  ᠬᠠᠮᠠᠭᠠᠯᠠᠯᠲᠠ   ᠶᠢᠨ  ᠪᠡᠯᠡᠳᠬᠡᠯ  ᠬᠦᠴᠦᠨ  ᠪᠠ  ᠠᠷᠠᠳ   ᠤᠨ  ᠠᠭᠠᠷ   ᠠᠴᠠ  ᠰᠡᠷᠭᠡᠶᠢᠯᠡᠬᠦ  ᠪᠠᠶᠢᠭᠤᠯᠤᠯᠲᠠ   ᠶᠢ  ᠴᠢᠩᠭᠠᠳᠬᠠᠨ᠎ᠠ  ᠃  ᠬᠤᠶᠠᠳᠤᠭᠠᠷ  ᠤᠳᠠᠭᠠᠨ   ᠤ  ᠪᠦᠬᠦ  ᠤᠯᠤᠰ   ᠤᠨ  ᠲᠠᠷᠢᠶᠠᠯᠠᠩ  ᠮᠠᠯᠵᠢᠯ   ᠤᠨ  ᠨᠡᠶᠢᠳᠡᠮ  ᠪᠠᠶᠢᠴᠠᠭᠠᠯᠲᠠ   ᠶᠢ  ᠨᠢᠮᠪᠠᠢ  ᠪᠡᠶᠡᠯᠡᠭᠦᠯᠵᠦ  ᠂  ᠮᠠᠨ   ᠤ  ᠬᠤᠰᠢᠭᠤᠨ   ᠤ   ᠪᠠᠨ  ᠪᠣᠳᠠᠲᠤ  ᠪᠠᠶᠢᠳᠠᠯ   ᠢ  ᠨᠠᠷᠢᠨ  ᠡᠵᠡᠮᠰᠢᠬᠦ   ᠶᠢᠨ  ᠬᠠᠮᠲᠤ  ᠤᠯᠠᠭᠠᠨ  ᠵᠠᠯᠠᠮᠠᠭᠠᠶᠢᠲᠠᠨ   ᠤ  ᠨᠡᠶᠢᠭᠡᠮᠯᠢᠭ  ᠂  ᠲᠡᠦᠬᠡ  ᠣᠶᠢᠯᠠᠯᠭ᠎ᠠ  ᠂  ᠳᠠᠩᠰᠠ  ᠡᠪᠬᠡᠮᠡᠯ  ᠂  ᠴᠠᠭ  ᠠᠭᠤᠷ  ᠂  ᠬᠠᠷᠢᠶᠠᠲᠤ   ᠶᠢᠨ  ᠶᠠᠪᠤᠳᠠᠯ  ᠵᠡᠷᠭᠡ  ᠠᠵᠢᠯ ᠢ  ᠦᠷᠭᠦᠯᠵᠢᠯᠡᠨ  ᠰᠠᠶᠢᠲᠤᠷ  ᠠᠳᠬᠤᠬᠤ  ᠬᠡᠷᠡᠭᠲᠡᠢ  ᠃         ︵ᠵᠢᠷᠭᠤᠭ᠎ᠠ︶  ᠵᠠᠰᠠᠭ   ᠤᠨ  ᠣᠷᠳᠣᠨ   ᠤ  ᠲᠣᠰ  ᠪᠡᠶ᠎ᠡ   ᠶᠢᠨ  ᠪᠠᠶᠢᠭᠤᠯᠤᠯᠲᠠ   ᠪᠠᠨ  ᠪᠦᠬᠦ  ᠲᠠᠯ᠎ᠠ   ᠪᠠᠷ  ᠴᠢᠩᠭᠠᠳᠬᠠᠨ  ᠂  ᠵᠠᠰᠠᠭ  ᠪᠠᠷᠢᠬᠤ  ᠴᠢᠳᠠᠪᠤᠷᠢ   ᠪᠠᠨ  ᠴᠢᠷᠮᠠᠶᠢᠨ  ᠳᠡᠭᠡᠭᠰᠢᠯᠡᠭᠦᠯᠦᠨ᠎ᠡ  ᠃  ᠰᠢᠨ᠎ᠡ  ᠨᠢᠭᠡ  ᠵᠢᠯ   ᠳᠤ  ᠂  ᠠᠷᠠᠳ   ᠤᠨ  ᠲᠥᠯᠥᠭᠡ  ᠵᠠᠰᠠᠭ  ᠪᠠᠷᠢᠬᠤ  ᠱᠠᠭᠠᠷᠳᠠᠯᠭ᠎ᠠ  ᠶᠣᠰᠣᠭᠠᠷ  ᠂  ᠦᠢᠯᠡᠴᠢᠯᠡᠭᠡᠨ   ᠤ  ᠵᠠᠰᠠᠭ  ᠂  ᠬᠠᠷᠢᠭᠤᠴᠠᠯᠭᠠᠲᠤ  ᠵᠠᠰᠠᠭ  ᠂  ᠬᠠᠤᠯᠢ   ᠪᠠᠷ  ᠵᠠᠰᠠᠬᠤ  ᠵᠠᠰᠠᠭ   ᠢ  ᠪᠠᠶᠢᠭᠤᠯᠬᠤ  ᠬᠠᠷᠠᠯᠲᠠ   ᠶᠢᠨ  ᠲᠣᠭᠤᠷᠢᠨ   ᠳᠤ  ᠂  ᠵᠠᠰᠠᠭ   ᠤᠨ  ᠣᠷᠳᠣᠨ   ᠤ  ᠡᠭᠦᠷᠭᠡ  ᠴᠢᠳᠠᠪᠬᠢ   ᠶᠢ  ᠰᠠᠶᠢᠵᠢᠷᠠᠭᠤᠯᠬᠤ   ᠪᠠᠷ  ᠭᠤᠣᠯ  ᠵᠠᠩᠭᠢᠯᠠᠭ᠎ᠠ  ᠪᠣᠯᠭᠠᠨ  ᠂  ᠲᠣᠰ  ᠪᠡᠶ᠎ᠡ   ᠶᠢᠨ  ᠪᠠᠶᠢᠭᠤᠯᠤᠯᠲᠠ   ᠪᠠᠨ  ᠤᠯᠠᠮ  ᠨᠢᠭᠡ  ᠠᠯᠬᠤᠮ  ᠴᠢᠩᠭᠠᠳᠬᠠᠵᠤ  ᠂  ᠬᠡᠷᠡᠭᠵᠢᠭᠦᠯᠬᠦ  ᠴᠢᠳᠠᠪᠤᠷᠢ   ᠪᠠ  ᠢᠲᠡᠬᠡᠭᠦᠯᠬᠦ  ᠬᠦᠴᠦᠨ   ᠢᠶᠠᠨ  ᠨᠡᠮᠡᠭᠳᠡᠭᠦᠯᠵᠦ  ᠂  ᠵᠠᠰᠠᠭ  ᠵᠠᠬᠢᠷᠭᠠᠨ   ᠤ  ᠦᠷ᠎ᠡ  ᠪᠦᠲᠦᠮᠵᠢ   ᠪᠠᠨ  ᠲᠠᠰᠤᠷᠠᠯᠲᠠ  ᠦᠭᠡᠢ  ᠳᠡᠭᠡᠭᠰᠢᠯᠡᠭᠦᠯᠦᠨ᠎ᠡ  ᠃          ᠨᠢᠭᠡ   ᠳᠤ  ᠂  ᠦᠵᠡᠯ  ᠰᠠᠨᠠᠭ᠎ᠠ   ᠪᠠᠨ  ᠴᠢᠯᠦᠭᠡᠯᠡᠨ  ᠂  ᠨᠡᠩ  ᠳᠡᠯᠭᠡᠷ  ᠬᠠᠷᠠᠴᠠ  ᠪᠠ  ᠠᠭᠤᠳᠠᠮ  ᠰᠡᠳᠬᠢᠬᠦᠢ   ᠪᠠᠷ  ᠠᠵᠢᠯ   ᠢᠶᠠᠨ  ᠠᠬᠢᠭᠤᠯᠤᠨ᠎ᠠ  ᠃  ᠦᠵᠡᠯ  ᠤᠬᠠᠮᠰᠠᠷ   ᠢᠶᠠᠨ  ᠲᠦᠷᠭᠡᠨ  ᠬᠤᠪᠢᠷᠠᠭᠤᠯᠵᠤ  ᠂  ᠬᠡᠪᠰᠢᠮᠡᠯ  ᠬᠠᠭᠤᠴᠢᠨ  ᠦᠵᠡᠯ  ᠰᠠᠨᠠᠭᠠᠨ   ᠤ  ᠬᠦᠯᠢᠶᠡᠰᠦ   ᠪᠠᠨ  ᠲᠠᠶᠠᠭᠳᠠᠨ  ᠂  ᠵᠣᠷᠢᠭᠲᠠᠢ  ᠰᠡᠳᠬᠢᠵᠦ  ᠂  ᠵᠢᠷᠦᠬᠡ   ᠲᠠᠢ  ᠡᠭᠦᠳᠬᠦ  ᠦᠵᠡᠯ  ᠤᠬᠠᠮᠰᠠᠷ   ᠢ  ᠪᠣᠢ  ᠪᠣᠯᠭᠠᠨ  ᠂  ᠥᠴᠥᠬᠡᠨ  ᠪᠠᠶᠠᠵᠢᠯ   ᠳᠠᠭᠠᠨ  ᠬᠠᠨᠤᠵᠤ  ᠂  ᠢᠯᠢᠮ  ᠦᠭᠡᠢ  ᠠᠮᠵᠢᠯᠲᠠ   ᠳᠠᠭᠠᠨ  ᠰᠣᠭᠲᠣᠭᠤᠷᠠᠬᠤ  ᠵᠢᠵᠢᠭ  ᠲᠠᠷᠢᠶᠠᠴᠢᠨ   ᠤ  ᠤᠬᠠᠮᠰᠠᠷ   ᠢᠶᠠᠨ  ᠬᠠᠯᠠᠵᠤ  ᠂  ᠬᠠᠲᠠᠭᠤᠵᠢᠯᠲᠠᠢ  ᠲᠡᠮᠡᠴᠡᠨ  ᠂  ᠲᠡᠷᠢᠭᠦᠨ   ᠳᠤ  ᠤᠷᠤᠭᠰᠢᠯᠠᠬᠤ  ᠰᠠᠨᠠᠭ᠎ᠠ  ᠲᠥᠷᠬᠦ   ᠶᠢ  ᠪᠣᠢ  ᠪᠣᠯᠭᠠᠨ  ᠂  ᠡᠭᠦᠳᠡ   ᠪᠠᠨ  ᠬᠠᠭᠠᠵᠤ  ᠳᠤᠲᠠᠭᠳᠠᠯ   ᠢᠶᠠᠨ  ᠰᠠᠬᠢᠭᠰᠠᠨ  ᠣᠶᠣᠨ  ᠰᠠᠨᠠᠭ᠎ᠠ   ᠶᠢ  ᠡᠪᠳᠡᠵᠦ  ᠂  ᠶᠡᠭᠡ  ᠨᠡᠭᠡᠭᠡᠯᠲᠡ  ᠬᠢᠵᠦ  ᠂  ᠶᠡᠭᠡ  ᠰᠢᠨ᠎ᠡ  ᠦᠢᠯᠡᠰ  ᠪᠣᠰᠬᠠᠨ  ᠂  ᠬᠦᠴᠦᠷᠬᠡᠭ  ᠬᠤᠰᠢᠭᠤ   ᠶᠢ  ᠪᠠᠶᠢᠭᠤᠯᠬᠤ  ᠬᠠᠮᠲᠤ   ᠶᠢᠨ  ᠬᠦᠰᠡᠯᠡᠩ  ᠪᠠ  ᠪᠠᠲᠤ  ᠢᠲᠡᠭᠡᠯ   ᠢ  ᠪᠣᠢ  ᠪᠣᠯᠭᠠᠵᠤ  ᠂  ᠦᠵᠡᠯ  ᠰᠠᠨᠠᠭᠠᠨ   ᠤ  ᠶᠡᠭᠡ  ᠴᠢᠯᠦᠭᠡᠯᠡᠯᠲᠡ   ᠪᠠᠷ  ᠠᠵᠢᠯ  ᠦᠢᠯᠡᠰ   ᠤᠨ  ᠶᠡᠭᠡ  ᠬᠥᠭᠵᠢᠯᠲᠡ   ᠶᠢ  ᠠᠬᠢᠭᠤᠯᠬᠤ  ᠬᠡᠷᠡᠭᠲᠡᠢ  ᠃          ᠬᠤᠶᠠᠷ   ᠲᠤ  ᠂  ᠬᠠᠤᠯᠢ  ᠶᠣᠰᠣᠭᠠᠷ  ᠵᠠᠰᠠᠭ  ᠶᠠᠪᠤᠭᠤᠯᠵᠤ  ᠂  ᠰᠢᠨᠵᠢᠯᠡᠬᠦ  ᠤᠬᠠᠭᠠᠨᠴᠢ  ᠰᠢᠢᠳᠪᠦᠷᠢ  ᠪᠣᠳᠣᠯᠭ᠎ᠠ   ᠶᠢᠨ  ᠲᠦᠪᠰᠢᠨ   ᠢ  ᠳᠡᠭᠡᠭᠰᠢᠯᠡᠭᠦᠯᠦᠨ᠎ᠡ  ᠃  ︽ᠬᠠᠤᠯᠢ  ᠶᠣᠰᠣᠭᠠᠷ  ᠵᠠᠰᠠᠭ  ᠶᠠᠪᠤᠭᠤᠯᠬᠤ   ᠶᠢ  ᠪᠦᠬᠦ  ᠲᠠᠯ᠎ᠠ   ᠪᠠᠷ  ᠲᠦᠯᠬᠢᠨ  ᠠᠬᠢᠭᠤᠯᠬᠤ   ᠶᠢ ᠬᠡᠷᠡᠭᠵᠢᠭᠦᠯᠬᠦ  ᠬᠥᠲᠥᠯᠪᠦᠷᠢ︾   ᠶᠢ  ᠭᠦᠨᠵᠡᠭᠡᠢ  ᠲᠣᠣᠱᠯᠠᠭᠤᠯᠵᠦ  ᠂  ᠬᠠᠤᠯᠢ  ᠪᠠᠷ ᠲᠤᠭᠳᠠᠭᠰᠠᠨ ᠡᠷᠬᠡ  ᠶᠢᠨ ᠬᠢᠵᠠᠭᠠᠷᠯᠠᠯ ᠪᠤᠯᠤᠨ ᠲᠡᠰ ᠲᠠᠷᠠᠮ  ᠢᠶᠠᠷ ᠡᠷᠬᠡ ᠲᠤᠰᠢᠶᠠᠯ᠂ ᠡᠭᠦᠷᠭᠡ ᠬᠠᠷᠢᠭᠤᠴᠠᠯᠭ᠎ᠠ  ᠪᠠᠨ ᠬᠦᠢᠴᠡᠳᠬᠡᠨ᠎ᠡ᠃ ᠵᠠᠰᠠᠭ ᠵᠠᠬᠢᠷᠭᠠᠨ  ᠤ ᠬᠠᠷᠢᠭᠤᠴᠠᠯᠭ᠎ᠠ ᠨᠡᠬᠡᠮᠵᠢᠯᠡᠬᠦ ᠲᠦᠷᠢᠮ  ᠢ ᠪᠠᠶᠢᠭᠤᠯᠵᠤ᠂ ᠬᠠᠷᠢᠭᠤᠴᠠᠯᠭ᠎ᠠ ᠠᠯᠳᠠᠵᠦ ᠲᠣᠰᠢᠶᠠᠯ  ᠳᠠᠭᠠᠨ ᠤᠰᠤᠯᠳᠠᠭᠰᠠᠨ ᠠᠵᠢᠯᠯᠠᠭ᠎ᠠ  ᠶᠢ ᠴᠢᠩᠭ᠎ᠠ ᠨᠢᠮᠪᠠᠢ ᠪᠠᠶᠢᠴᠠᠭᠠᠨ ᠰᠢᠢᠳᠪᠦᠷᠢᠯᠡᠵᠦ᠂ ᠬᠢᠨᠠᠯᠳᠠ ᠲᠠᠯᠪᠢᠬᠤ ᠬᠠᠤᠯᠢ  ᠶᠢ ᠨᠢᠮᠪᠠᠢ ᠲᠤᠤᠱᠯᠠᠭᠤᠯᠤᠨ᠂ ᠠᠷᠠᠳ  ᠤᠨ ᠲᠦᠯᠦᠭᠡᠯᠡᠭᠴᠢᠳ  ᠤᠨ ᠶᠡᠭᠡ ᠬᠤᠷᠠᠯ ᠵᠢᠴᠢ ᠪᠠᠶᠢᠩᠭᠤ  ᠶᠢᠨ ᠬᠤᠷᠢᠶᠠᠨ  ᠤ ᠰᠢᠢᠳᠪᠦᠷᠢ  ᠶᠢ ᠪᠦᠬᠦ ᠲᠠᠯᠠᠪᠠᠷ ᠬᠡᠷᠡᠭᠵᠢᠬᠦᠯᠵᠦ᠂ ᠤᠬᠠᠮᠰᠠᠷ  ᠠᠴᠠ  ᠪᠠᠨ ᠬᠢᠨᠠᠯᠳᠠ  ᠶᠢ ᠬᠦᠯᠢᠶᠡᠨ᠎ᠡ᠃ ᠤᠯᠤᠰ ᠲᠦᠷᠦ  ᠶᠢᠨ ᠵᠦᠪᠯᠡᠯᠭᠡᠨ  ᠯᠦᠭᠡ  ᠶᠢᠨ  ᠬᠠᠷᠢᠯᠴᠠᠭ᠎ᠠ  ᠶᠢ ᠤᠬᠠᠮᠰᠠᠷ  ᠠᠴᠠ  ᠪᠠᠨ ᠴᠢᠩᠭᠠᠳᠬᠠᠵᠦ᠂ ᠡᠯ᠎ᠡ ᠠᠷᠠᠳᠴᠢᠯᠠᠭᠰᠠᠨ  ᠨᠠᠮ ᠪᠦᠯᠦᠭ  ᠂ ᠦᠢᠯᠡᠳᠪᠦᠷᠢ ᠬᠤᠳᠠᠯᠳᠤᠭᠠᠨ  ᠤ ᠬᠤᠯᠪᠤᠭ᠎ᠠ᠂ ᠨᠠᠮ ᠪᠦᠯᠦᠭ  ᠤᠨ ᠪᠤᠰᠤ ᠡᠳᠡᠭᠡᠳ ᠪᠠ ᠠᠷᠠᠳ  ᠤᠨ ᠪᠦᠯᠬᠦᠮ  ᠤᠨ ᠬᠠᠮᠳᠤ  ᠶᠢᠨ ᠰᠠᠨᠠᠯ  ᠢ ᠬᠢᠴᠢᠶᠡᠩᠬᠦᠢ ᠰᠤᠨᠤᠰᠴᠤ᠂ ᠠᠷᠠᠳ  ᠤᠨ ᠲᠦᠯᠦᠭᠡᠯᠡᠭᠴᠢ  ᠂ ᠤᠯᠤᠰ ᠲᠦᠷᠦ  ᠶᠢᠨ ᠵᠦᠪᠯᠡᠯᠭᠡᠨ  ᠤ ᠬᠡᠰᠢᠬᠦᠳ ᠯᠦᠭᠡ  ᠶᠢᠨ ᠬᠠᠷᠢᠯᠴᠠᠭᠠᠨ  ᠤ ᠲᠦᠷᠢᠮ  ᠢ ᠪᠠᠷᠢᠮᠳᠠᠯᠠᠨ᠂ ᠰᠠᠨᠠᠯ ᠵᠦᠪᠯᠡᠯᠭᠡ᠂ ᠰᠠᠨᠠᠯ ᠳᠤᠷᠠᠳᠤᠯᠭ᠎ᠠ  ᠶᠢ ᠴᠠᠭ ᠲᠣᠬᠠᠢ ᠳᠤᠨᠢ᠂ ᠴᠢᠨᠠᠷᠯᠢᠭ  ᠰᠠᠶᠢᠨ ᠬᠠᠷᠢᠭᠤᠯᠠᠨ ᠬᠦᠢᠴᠡᠳᠬᠡᠵᠦ᠂ ᠵᠠᠰᠠᠭ  ᠤᠨ ᠤᠷᠳᠤᠨ  ᠤ ᠠᠷᠠᠳᠴᠢᠯᠠᠯ  ᠢᠶᠠᠷ ᠰᠢᠢᠳᠪᠦᠷᠢ ᠭᠠᠷᠭᠠᠬᠤ ᠲᠤᠭᠳᠠᠯᠴᠠᠭ᠎ᠠ  ᠶᠢ ᠪᠦᠷᠢᠨᠰᠢᠬᠦᠯᠦᠨ᠂ ᠬᠠᠤᠯᠢ ᠶᠤᠰᠤᠨ  ᠤ᠂ ᠠᠷᠠᠳᠴᠢᠯᠠᠭᠰᠠᠨ᠂ ᠰᠢᠨᠵᠢᠯᠡᠬᠦ ᠤᠬᠠᠭᠠᠨᠴᠢ ᠰᠢᠢᠳᠪᠦᠷᠢ ᠲᠤᠭᠳᠠᠬᠤ  ᠶᠢ ᠠᠬᠢᠭᠤᠯᠵᠦ᠂ ︽ᠠᠯᠪᠠᠳᠠᠨ  ᠤ ᠬᠠᠤᠯᠢ︾  ᠶᠢ ᠨᠢᠮᠪᠠᠢ ᠲᠤᠤᠱᠯᠠᠭᠤᠯᠤᠨ  ᠬᠡᠷᠡᠭᠵᠢᠬᠦᠯᠵᠦ᠂ ᠴᠢᠨᠠᠷ ᠴᠢᠨᠰᠠᠭ᠎ᠠ ᠦᠨᠳᠦᠷ ᠠᠯᠪᠠᠳᠠᠨ  ᠤ ᠡᠩᠨᠡᠭᠡ  ᠶᠢ ᠪᠠᠶᠢᠭᠤᠯᠬᠤ  ᠪᠠᠷ ᠴᠢᠷᠮᠠᠶᠢᠨ᠎ᠠ᠃            ᠭᠤᠷᠪᠠ   ᠳᠤ  ᠂  ᠦᠢᠯᠡᠴᠢᠯᠡᠭᠡ ᠪᠠᠨ  ᠴᠢᠩᠭᠠᠳᠬᠠᠨ  ᠂  ᠨᠡᠩ  ᠰᠠᠶᠢᠨ  ᠂  ᠨᠡᠩ  ᠲᠦᠷᠭᠡᠨ  ᠬᠥᠭᠵᠢᠯᠲᠡ   ᠳᠤ  ᠣᠬᠢ  ᠰᠠᠶᠢᠨ  ᠣᠷᠴᠢᠨ  ᠲᠣᠭᠤᠷᠢᠨ   ᠢ  ᠡᠭᠦᠳᠴᠦ  ᠥᠭᠭᠦᠨ᠎ᠡ  ᠃  ᠬᠥᠭᠵᠢᠯᠲᠡ   ᠶᠢᠨ  ᠣᠷᠴᠢᠨ   ᠢᠶᠠᠨ  ᠰᠢᠯᠢᠳᠡᠭᠵᠢᠭᠦᠯᠬᠦ   ᠶᠢᠨ  ᠦᠨᠳᠦᠰᠦ  ᠪᠣᠯ  ᠵᠠᠰᠠᠭ   ᠤᠨ  ᠣᠷᠳᠣᠨ   ᠤ  ᠦᠢᠯᠡᠴᠢᠯᠡᠭᠡ   ᠶᠢ  ᠰᠠᠶᠢᠵᠢᠷᠠᠭᠤᠯᠬᠤ  ᠶᠠᠪᠤᠳᠠᠯ  ᠪᠣᠯᠣᠨ᠎ᠠ  ᠃  ᠡᠯ᠎ᠡ  ᠱᠠᠲᠤᠨ   ᠤ  ᠵᠠᠰᠠᠭ   ᠤᠨ  ᠣᠷᠳᠣᠨ  ᠂  ᠡᠯ᠎ᠡ  ᠰᠠᠯᠠᠭ᠎ᠠ  ᠮᠥᠴᠢᠷ   ᠨᠢ  ᠦᠢᠯᠡᠴᠢᠯᠡᠭᠡᠨ   ᠤ  ᠬᠡᠯᠪᠡᠷᠢ   ᠶᠢᠨ  ᠵᠠᠰᠠᠭ   ᠤᠨ  ᠱᠠᠭᠠᠷᠳᠠᠯᠭ᠎ᠠ  ᠶᠣᠰᠣᠭᠠᠷ  ᠂  ᠡᠭᠦᠷᠭᠡ  ᠴᠢᠳᠠᠪᠬᠢ   ᠪᠠᠨ  ᠬᠤᠪᠢᠷᠠᠭᠤᠯᠵᠤ  ᠂  ᠦᠢᠯᠡᠴᠢᠯᠡᠭᠡᠨ   ᠤ  ᠲᠠᠨᠢᠯᠲᠠ   ᠪᠠᠨ  ᠴᠢᠩᠭᠠᠳᠬᠠᠨ  ᠂  ᠦᠢᠯᠡᠴᠢᠯᠡᠭᠡᠨ   ᠤ  ᠠᠷᠭ᠎ᠠ  ᠪᠠᠷᠢᠯ   ᠢᠶᠠᠨ  ᠰᠠᠶᠢᠵᠢᠷᠠᠭᠤᠯᠵᠤ  ᠂  ᠦᠢᠯᠡᠴᠢᠯᠡᠭᠡᠨ   ᠤ  ᠴᠢᠨᠠᠷ  ᠪᠠ  ᠪᠦᠲᠦᠮᠵᠢ   ᠪᠠᠨ  ᠳᠡᠭᠡᠭᠰᠢᠯᠡᠭᠦᠯᠬᠦ  ᠬᠡᠷᠡᠭᠲᠡᠢ  ᠃  ᠠᠷᠠᠳ  ᠲᠦᠮᠡᠨ   ᠤ  ᠦᠢᠯᠡᠳᠪᠦᠷᠢᠯᠡᠯ  ᠠᠮᠢᠳᠤᠷᠠᠯ   ᠳᠤ  ᠬᠤᠯᠪᠣᠭᠳᠠᠭᠰᠠᠨ  ᠠᠵᠢᠯ   ᠢ  ᠬᠢᠬᠦ   ᠳᠡᠭᠡᠨ  ᠦᠢᠯᠡᠴᠢᠯᠡᠬᠦ  ᠡᠲᠡᠭᠡᠳ   ᠢ  ᠨᠠᠷᠢᠨ  ᠵᠠᠳᠠᠯᠵᠤ  ᠂  ᠣᠯᠠᠨ  ᠲᠦᠮᠡᠨ  ᠪᠠ  ᠦᠨᠳᠦᠰᠦᠨ  ᠱᠠᠲᠤᠨ   ᠤ  ᠬᠡᠷᠡᠭᠴᠡᠭᠡ   ᠶᠢ  ᠣᠶᠢᠯᠠᠭᠠᠵᠤ  ᠂  ᠲᠡᠳᠡᠨ   ᠳᠤ  ᠲᠥᠬᠦᠮ  ᠮᠥᠷᠲᠡᠭᠡᠨ  ᠴᠢᠨᠠᠷᠯᠢᠭ  ᠦᠢᠯᠡᠴᠢᠯᠡᠭᠡ   ᠶᠢ  ᠬᠠᠩᠭᠠᠨ᠎ᠠ  ᠃  ᠡᠯᠧᠺᠲ᠋ᠤᠷᠤᠨᠴᠢᠯᠠᠬᠰᠠᠨ  ᠵᠠᠰᠠᠭ   ᠤᠨ  ᠶᠠᠪᠤᠳᠠᠯ  ᠪᠣᠯ  ᠵᠠᠰᠠᠭ  ᠵᠠᠬᠢᠷᠭᠠᠨ   ᠤ  ᠬᠢᠨᠠᠨ  ᠵᠥᠪᠰᠢᠶᠡᠷᠡᠯ   ᠤᠨ  ︽ᠨᠢᠭᠡ  ᠲᠢᠩᠬᠢᠮ︾   ᠤᠨ  ᠬᠡᠯᠪᠡᠷᠢ   ᠶᠢᠨ  ᠠᠯᠪᠠᠯᠠᠭ᠎ᠠ   ᠪᠠᠷ  ᠠᠴᠢᠶᠠᠯᠠᠪᠤᠷᠢ  ᠪᠣᠯᠭᠠᠵᠤ  ᠂  ᠵᠠᠰᠠᠭ  ᠵᠠᠬᠢᠷᠭᠠᠨ   ᠤ  ᠬᠢᠨᠠᠨ  ᠵᠥᠪᠰᠢᠶᠡᠷᠡᠬᠦ  ᠠᠵᠢᠯ   ᠢ  ᠴᠣᠮᠬᠠᠳᠬᠠᠬᠤ  ᠪᠠ  ᠳᠦᠷᠢᠮᠵᠢᠭᠦᠯᠵᠦ  ᠂  ᠬᠤᠯᠪᠣᠭᠠᠯᠠᠨ  ᠴᠣᠬᠤᠯᠠᠪᠤᠷᠢᠯᠠᠬᠤ   ᠶᠢ  ᠲᠦᠯᠬᠢᠨ  ᠠᠬᠢᠭᠤᠯᠵᠤ  ᠂  ᠠᠵᠢᠯ  ᠭᠦᠢᠴᠡᠳᠬᠡᠬᠦ  ᠶᠠᠪᠤᠴᠠ   ᠶᠢ  ᠲᠦᠬᠦᠮᠴᠢᠯᠡᠨ  ᠂  ᠠᠵᠢᠯ   ᠤᠨ  ᠦᠷ᠎ᠡ  ᠪᠦᠲᠦᠮᠵᠢ   ᠶᠢ  ᠳᠡᠭᠡᠭᠰᠢᠯᠡᠭᠦᠯᠬᠦ  ᠬᠡᠷᠡᠭᠲᠡᠢ  ᠃  ᠢᠯᠠ  ᠲᠣᠳᠣ  ᠂  ᠲᠥᠪ  ᠭᠤᠣᠯᠴᠢ ᠲᠥᠷᠥ   ᠶᠢᠨ  ᠪᠣᠳᠣᠯᠭ᠎ᠠ   ᠶᠢᠨ  ᠣᠷᠴᠢᠨ  ᠲᠣᠭᠤᠷᠢᠨ  ᠂  ᠡᠷᠬᠡ  ᠲᠡᠭᠰᠢ  ᠥᠷᠢᠰᠦᠯᠳᠦᠭᠡᠨ  ᠪᠦᠬᠦᠢ  ᠵᠠᠬ᠎ᠠ  ᠳᠡᠯᠭᠡᠭᠦᠷ   ᠤᠨ  ᠣᠷᠴᠢᠨ  ᠲᠣᠭᠤᠷᠢᠨ  ᠂  ᠭᠤᠣᠯᠴᠢ  ᠬᠠᠤᠯᠢ  ᠳᠦᠷᠢᠮᠵᠢᠯ   ᠤᠨ  ᠣᠷᠴᠢᠨ  ᠲᠣᠭᠤᠷᠢᠨ  ᠂  ᠢᠲᠡᠭᠡᠯ  ᠨᠠᠶᠢᠳᠠᠪᠤᠷᠢᠲᠤ  ᠨᠡᠶᠢᠭᠡᠮ   ᠤᠨ  ᠣᠷᠴᠢᠨ  ᠲᠣᠭᠤᠷᠢᠨ   ᠢ  ᠡᠭᠦᠳᠴᠦ  ᠂  ᠪᠡᠯᠡ  ᠣᠷᠣᠭᠤᠯᠤᠭᠴᠢ   ᠶᠢ  ᠰᠠᠨᠠᠭ᠎ᠠ  ᠠᠮᠤᠷ  ᠂  ᠰᠡᠳᠬᠢᠯ  ᠲᠠᠶᠢᠪᠤᠩ  ᠪᠠᠶᠢᠯᠭᠠᠵᠤ  ᠂  ᠣᠬᠢ  ᠰᠠᠶᠢᠨ  ᠣᠷᠴᠢᠨ  ᠲᠣᠭᠤᠷᠢᠨ   ᠢᠶᠠᠷ  ᠬᠥᠭᠵᠢᠯᠲᠡ   ᠶᠢ  ᠠᠬᠢᠭᠤᠯᠤᠨ  ᠠᠵᠢᠯ  ᠦᠢᠯᠡᠰ  ᠪᠦᠲᠦᠭᠡᠨ᠎ᠡ  ᠃  ᠦᠢᠯᠡᠴᠢᠯᠡᠭᠡᠨ   ᠤ  ᠴᠢᠨᠠᠷ   ᠤᠨ  ᠬᠢᠨᠠᠨ  ᠰᠢᠯᠭᠠᠬᠤ  ᠰᠢᠰᠲ᠋ᠧᠮᠵᠢ   ᠶᠢ  ᠪᠠᠶᠢᠭᠤᠯᠵᠤ  ᠂  ᠵᠠᠰᠠᠭ  ᠤᠨ ᠤᠷᠳᠤᠨ  ᠤ ᠡᠯ᠎ᠡ ᠰᠠᠯᠠᠭ᠎ᠠ ᠮᠦᠴᠢᠷ  ᠤᠨ ᠠᠵᠢᠯ  ᠤᠨ ᠠᠬᠢᠴᠠ  ᠶᠢ ᠰᠠᠶᠢᠵᠢᠷᠠᠭᠤᠯᠵᠤ᠂ ᠠᠵᠢᠯ  ᠤᠨ ᠬᠠᠷᠢᠭᠤᠴᠠᠯᠭ᠎ᠠ  ᠶᠢᠨ ᠪᠠᠶᠢᠭᠤᠯᠤᠨ ᠪᠦᠷᠢᠨᠰᠢᠬᠦᠯᠵᠦ᠂ ᠱᠠᠭᠠᠷᠳᠠᠨ ᠪᠠᠶᠢᠴᠠᠭᠠᠬᠤ ᠪᠠ ᠬᠢᠨᠡᠨ ᠰᠢᠯᠭᠠᠬᠤ  ᠶᠢ ᠴᠢᠩᠭᠠᠳᠬᠠᠨ᠂ ᠰᠤᠨᠢᠨ ᠮᠡᠳᠡᠭᠡ ᠵᠠᠭᠤᠴᠢᠯᠠᠭᠤᠷ  ᠤᠨ ᠶᠠᠷᠢᠶ᠎ᠠ ᠬᠡᠯᠡᠯᠴᠡᠭᠡᠨ  ᠤ ᠦᠢᠯᠡᠳᠦᠯ  ᠢ ᠪᠠᠳᠠᠷᠠᠭᠤᠯᠵᠤ᠂ ᠨᠡᠶᠢᠳᠡᠯᠢᠭ ᠬᠡᠷᠡᠭ ᠵᠢᠱᠢᠶᠡᠨ  ᠤ ᠢᠯᠨ ᠪᠤᠯᠭᠠᠬᠤ ᠡᠷᠴᠢᠮ  ᠢ ᠴᠢᠩᠭᠠᠷᠠᠭᠤᠯᠵᠤ᠂ ᠬᠤᠶᠢᠷᠭᠤᠰᠢᠵᠤ ᠤᠳᠠᠭᠠᠰᠢᠷᠠᠬᠤ ᠦᠵᠡᠭᠳᠡᠯ  ᠢ ᠵᠠᠯᠠᠷᠠᠭᠤᠯᠤᠨ᠂ ᠡᠯ᠎ᠡ ᠱᠠᠳᠤᠨ  ᠤ ᠵᠠᠰᠠᠭ  ᠤᠨ ᠤᠷᠳᠤᠨ  ᠤ ᠠᠵᠢᠯ  ᠢ ᠤᠯᠠᠮ ᠴᠢᠩᠭᠠᠳᠬᠠᠵᠤ᠂ ᠦᠨᠳᠦᠰᠦᠨ ᠱᠠᠳᠤᠨ  ᠤ ᠵᠤᠬᠢᠶᠠᠨ ᠪᠠᠶᠢᠭᠤᠯᠤᠯᠳᠠ  ᠶᠢ ᠵᠢᠯᠤᠭᠤᠳᠤᠨ ᠬᠠᠪᠰᠤᠷᠴᠤ᠂ ᠦᠢᠯᠡᠴᠢᠯᠡᠭᠡ  ᠶᠢ ᠰᠠᠶᠢᠨ ᠬᠢᠨ᠎ᠡ᠃        ᠨᠠᠶᠢᠳᠠᠪᠤᠷᠢᠵᠢᠭᠤᠯᠤᠯᠳᠠ  ᠶᠢ ᠴᠢᠩᠭ᠎ᠠ ᠠᠳᠬᠤᠵᠤ᠂ ᠡᠯ᠎ᠡ ᠲᠦᠷᠦᠯ  ᠤᠨ ᠠᠵᠢᠯ  ᠤᠨ ᠰᠢᠨ᠎ᠡ ᠦᠷ᠎ᠡ ᠪᠦᠳᠦᠮᠵᠢ  ᠶᠢ ᠪᠠᠳᠤᠯᠠᠨ᠎ᠠ᠃  ᠨᠠᠶᠢᠳᠠᠪᠤᠷᠢᠵᠢᠭᠤᠯᠤᠯᠳᠠ  ᠶᠢ ᠠᠳᠬᠤᠬᠤ ᠪᠤᠯ ᠵᠠᠰᠠᠭ  ᠤᠨ ᠠᠵᠢᠯ  ᠤᠨ ᠬᠦᠴᠦᠯᠡᠬᠦ ᠴᠡᠭ ᠮᠦᠨ᠃ ᠠᠵᠤ ᠠᠬᠤᠢ  ᠶᠢᠨ ᠪᠠᠶᠢᠭᠤᠯᠤᠯᠳᠠ  ᠪᠠᠷ ᠭᠤᠤᠯᠳᠠᠭᠰᠠᠨ ᠦᠵᠡᠯ ᠰᠠᠨᠠᠭ᠎ᠠ  ᠶᠢ ᠡᠷᠬᠡᠪᠰᠢ ᠪᠠᠳᠤ ᠪᠤᠢ ᠪᠤᠯᠭᠠᠵᠤ᠂ ᠠᠯᠢᠪᠡ ᠠᠵᠢᠯ  ᠢ ᠪᠦᠷ ᠡᠨᠡᠬᠦ ᠭᠤᠤᠯᠳᠠᠯᠭ᠎ᠠ  ᠶᠢᠨ ᠲᠤᠭᠤᠷᠢᠨ  ᠳᠤ ᠦᠷᠨᠢᠬᠦᠯᠵᠦ᠂ ᠬᠦᠮᠦᠨ  ᠤ ᠰᠡᠳᠬᠢᠯ  ᠢ ᠲᠦᠪᠯᠡᠷᠡᠬᠦᠯᠦᠨ᠂ ᠺᠠᠳᠠᠷ  ᠤᠨ ᠡᠩᠨᠡᠬᠡᠨ  ᠤ ᠤᠷᠭᠢᠯᠤᠮ᠎ᠠ ᠬᠠᠯᠠᠭᠤᠨ ᠰᠡᠳᠬᠢᠯᠭᠡ ᠪᠠ ᠡᠬᠦᠳᠦᠨ ᠪᠦᠳᠦᠭᠡᠬᠦ ᠬᠦᠴᠦᠨ  ᠢ ᠬᠦᠢᠴᠡᠳ ᠪᠠᠳᠠᠷᠠᠭᠤᠯᠵᠤ᠂ ᠺᠠᠳᠠᠷ  ᠢ ᠰᠠᠨᠠᠭ᠎ᠠ  ᠰᠡᠳᠬᠢᠯ ᠢᠶᠠᠨ ᠠᠵᠢᠯ ᠦᠢᠯᠡᠰ  ᠳᠡᠭᠡᠷ᠎ᠡ ᠲᠠᠯᠪᠢᠵᠤ᠂ ᠨᠠᠶᠢᠳᠠᠪᠤᠷᠢᠵᠢᠭᠤᠯᠤᠯᠳᠠ ᠳᠡᠭᠡᠷ᠎ᠡ ᠲᠠᠯᠪᠢᠬᠤ ᠪᠤᠯᠭᠠᠨ᠂ᠨᠠᠶᠢᠳᠠᠪᠤᠷᠢᠵᠢᠭᠤᠯᠤᠯᠳᠠ  ᠶᠢᠨ ᠲᠤᠭᠳᠠᠴᠠ  ᠶᠢ ᠤᠯᠠᠮ ᠪᠦᠷᠢᠨᠰᠢᠬᠦᠯᠵᠦ᠂ ᠵᠠᠰᠠᠭ  ᠤᠨ ᠠᠵᠢᠯ  ᠢ ᠲᠦᠷᠦᠯ  ᠵᠦᠢᠯᠰᠢᠬᠦᠯᠵᠦ᠂ ᠲᠦᠷᠦᠯ ᠵᠦᠢᠯ  ᠢ ᠬᠠᠷᠢᠭᠤᠴᠠᠯᠭ᠎ᠠ  ᠲᠠᠢ ᠬᠡᠷᠡᠭᠵᠢᠬᠦᠯᠦᠨ᠂ᠬᠠᠷᠢᠭᠤᠴᠠᠯᠭ᠎ᠠ ᠵᠢ‌ᠬᠠᠷᠠᠯᠳᠠ ᠲᠠᠢ ᠬᠦᠢᠴᠡᠳᠬᠡᠨ᠂ ᠬᠠᠷᠠᠯᠳᠠ  ᠶᠢ ᠬᠢᠨᠡᠨ ᠰᠢᠯᠭᠠᠬᠤ  ᠶᠢ ᠦᠷᠭᠦᠯᠵᠢᠯᠡᠨ ᠬᠡᠷᠡᠭᠵᠢᠬᠦᠯᠵᠦ᠂  ᠭᠤᠤᠯ ᠪᠤᠯᠬᠤ ᠠᠵᠢᠯ‌ᠦᠢᠯᠡᠰ  ᠢ ᠰᠠᠯᠠᠭ᠎ᠠ ᠮᠦᠴᠢᠷ  ᠲᠤ ᠬᠤᠪᠢᠶᠠᠷᠢᠯᠠᠨ᠂ ᠬᠦᠮᠦᠨ  ᠳᠤ ᠨᠠᠶᠢᠳᠠᠪᠤᠷᠢᠵᠢᠭᠤᠯᠵᠤ᠂ ᠠᠵᠢᠯ  ᠤᠨ ᠪᠠᠷᠢᠮᠵᠢᠶ᠎ᠠ ᠪᠤᠯᠤᠨ ᠬᠦᠢᠴᠡᠳᠬᠡᠬᠦ ᠬᠤᠭᠤᠴᠠᠭ᠎ᠠ  ᠶᠢ ᠬᠡᠷᠡᠭᠳᠡᠢ᠃ ᠰᠢᠨ᠎ᠡ  ᠶᠢ ᠡᠬᠦᠳᠬᠦ ᠵᠤᠷᠢᠭ ᠰᠠᠨᠠᠭ᠎ᠠ  ᠪᠠᠷ ᠨᠠᠶᠢᠳᠠᠪᠤᠷᠢᠵᠢᠭᠤᠯᠤᠯᠳᠠ  ᠶᠢ ᠠᠬᠢᠭᠤᠯᠤᠨ᠂ ᠪᠤᠳᠠᠳᠠᠢ ᠠᠵᠢᠯᠯᠠᠭ᠎ᠠ  ᠪᠠᠷ ᠠᠬᠢᠭᠤᠯᠵᠤ᠂ ᠰᠠᠨᠠᠭ᠎ᠠ ᠬᠦᠴᠦᠨ  ᠢᠶᠠᠨ ᠬᠢᠭᠦᠰᠢᠳᠠᠢ ᠠᠵᠢᠯ ᠳᠡᠭᠡᠷ᠎ᠡ ᠲᠠᠯᠪᠢᠵᠦ᠂ ᠴᠢᠳᠠᠪᠤᠷᠢ  ᠪᠠᠨ ᠬᠢᠵᠦ ᠴᠢᠳᠠᠬᠤ ᠠᠵᠢᠯ ᠳᠡᠭᠡᠷ᠎ᠡ ᠢᠯᠡᠷᠡᠬᠦᠯᠵᠦ᠂ ᠬᠠᠷᠠᠯᠳᠠ  ᠪᠠᠨ ᠠᠵᠢᠯ ᠪᠦᠳᠦᠭᠡᠬᠦ ᠳᠡᠭᠡᠷ᠎ᠡ ᠴᠢᠭᠯᠡᠬᠦᠯᠦᠨ᠂ᠨᠠᠶᠢᠳᠠᠪᠤᠷᠢᠵᠢᠭᠤᠯᠤᠯᠳᠠ   ᠶᠢ ᠠᠳᠬᠤᠬᠤ  ᠶᠢ ᠡᠯ᠎ᠡ ᠱᠠᠳᠤᠨ  ᠤ ᠰᠠᠯᠠᠭ᠎ᠠ ᠮᠦᠴᠢᠷ ᠪᠤᠯᠤᠨ ᠦᠷᠭᠡᠨ ᠠᠯᠪᠠᠳᠠᠨ  ᠤ ᠤᠬᠠᠮᠰᠠᠷᠳᠤ ᠠᠵᠢᠯᠯᠭ᠎ᠠ ᠪᠤᠯᠭᠠᠬᠤ ᠬᠡᠷᠡᠭᠳᠡᠢ᠃        ᠪᠦᠯᠬᠦᠮᠳᠡ ᠰᠢᠨ᠎ᠡ  ᠶᠢ ᠡᠬᠦᠳᠴᠦ᠂ ᠬᠦᠭᠵᠢᠯᠳᠡ  ᠪᠠᠨ ᠲᠦᠷᠭᠡᠳᠬᠡᠬᠦ ᠠᠤᠭ᠎ᠠ ᠶᠡᠭᠡ ᠬᠠᠮᠳᠤᠷᠠᠯ  ᠤᠨ ᠬᠦᠴᠦᠨ  ᠢ ᠪᠤᠢ ᠪᠤᠯᠭᠠᠨ᠎ᠠ᠃ ᠪᠦᠯᠬᠦᠮᠳᠡᠯ ᠪᠤᠯ  ᠬᠦᠴᠦᠨ ᠮᠦᠨ᠂ ᠪᠦᠯᠬᠦᠮᠳᠡᠯ  ᠨᠢᠭᠡ ᠵᠦᠢᠯ  ᠤᠨ ᠴᠢᠳᠠᠪᠤᠷᠢ ᠪᠤᠯᠭᠠᠨ ᠪᠤᠯᠪᠠᠰᠤᠷᠠᠭᠤᠯᠬᠤ ᠪᠠ ᠳᠡᠭᠡᠭᠰᠢᠯᠡᠬᠦᠯᠵᠦ᠂ ᠨᠢᠬᠡ  ᠵᠤᠷᠪᠤᠰ ᠰᠠᠬᠢᠯᠭ᠎ᠠ ᠵᠢᠷᠤᠮ ᠪᠤᠯᠭᠠᠨ ᠵᠢᠷᠤᠮᠯᠠᠬᠤ ᠪᠠ ᠬᠡᠷᠡᠭᠵᠢᠬᠦᠯᠵᠦ᠂  ᠳᠡᠭᠡᠳᠦ‌‍ᠲ᠋ᠤᠤᠷᠠᠳᠤ ᠱᠠᠳᠤᠨ  ᠤ ᠬᠤᠭᠤᠷᠤᠨᠳᠤᠬᠢ᠂ ᠰᠠᠯᠠᠭ᠎ᠠ ᠮᠦᠴᠢᠷ  ᠤᠨ ᠬᠤᠭᠤᠷᠤᠨᠳᠤᠬᠢ᠂ ᠭᠠᠵᠠᠷ ᠤᠷᠤᠨ  ᠤ ᠬᠤᠭᠤᠷᠤᠨᠳᠤᠬᠢ ᠬᠠᠮᠵᠢᠯᠴᠠᠭ᠎ᠠ  ᠶᠢ ᠦᠨᠡᠨᠬᠦ ᠴᠢᠩᠭᠠᠳᠬᠠᠵᠤ᠂ ᠬᠠᠮᠳᠤ ᠨᠢᠭᠡᠴᠡ  ᠶᠢᠨ ᠵᠤᠷᠢᠭ ᠰᠠᠨᠠᠭ᠎ᠠ  ᠶᠢ ᠪᠠᠳᠠᠷᠠᠭᠤᠯᠤᠨ᠂ ᠪᠦᠬᠦᠶᠢᠯᠨ ᠴᠤᠭᠴᠠ  ᠶᠢᠨ  ᠬᠠᠮᠳᠤᠷᠠᠯ ᠢ ᠪᠦᠷᠢᠯᠳᠦᠬᠦᠯᠦᠨ᠎ᠡ᠃ ᠵᠠᠰᠠᠭ  ᠤᠨ ᠤᠷᠳᠤᠨ  ᠤ ᠤᠳᠤᠷᠢᠳᠬᠤ ᠪᠠᠭ ᠲᠡᠷᠢᠬᠦᠯᠡᠨ᠂ᠪᠦᠯᠬᠦᠮᠳᠡᠯ   ᠤᠨ ᠵᠢᠱᠢᠶ᠎ᠡ ᠲᠤᠭᠤᠷᠢᠶᠠᠯ ᠪᠤᠯᠵᠤ᠂ ᠵᠤᠬᠢᠶᠠᠨ ᠪᠠᠶᠢᠭᠤᠯᠤᠯᠳᠠ ᠪᠠ ᠠᠷᠠᠳ ᠲᠦᠮᠡᠨ  ᠳᠤ ᠬᠠᠷᠢᠭᠤᠴᠠᠬᠤ ᠤᠪᠤᠷ  ᠢᠶᠠᠨ ᠨᠢᠭᠡᠳᠬᠡᠵᠦ᠂ ᠬᠤᠪᠢ ᠬᠦᠮᠦᠨ  ᠳᠤ ᠬᠠᠷᠢᠭᠤᠴᠠᠬᠤ ᠪᠠ ᠬᠠᠮᠳᠤ ᠨᠡᠶᠢᠳᠡ  ᠳᠤ ᠬᠠᠷᠢᠭᠤᠴᠠᠬᠤ ᠤᠪᠤᠷ  ᠢᠶᠠᠨ ᠨᠢᠭᠡᠳᠬᠡᠵᠦ᠂ ᠠᠯᠢᠪᠡ ᠠᠵᠢᠯ  ᠢᠶᠠᠨ ᠬᠤᠰᠢᠭᠤ ᠨᠠᠮ  ᠤᠨ ᠬᠤᠷᠢᠶ᠎ᠠ᠂ ᠵᠠᠰᠠᠭ  ᠤᠨ ᠤᠷᠳᠤᠨ  ᠤ ᠶᠡᠷᠦᠩᠬᠡᠢ ᠪᠠᠶᠢᠷᠢᠯᠠᠭᠤᠯᠤᠯᠳᠠ  ᠶᠢᠨ ᠲᠤᠭᠤᠷᠢᠨ  ᠳᠤ ᠶᠠᠪᠤᠭᠳᠠᠭᠤᠯᠵᠤ᠂ ᠦᠵᠡᠯ ᠰᠠᠨᠠᠭ᠎ᠠ  ᠪᠠᠨ ᠨᠢᠭᠡᠳᠬᠡᠨ᠂ ᠬᠠᠷᠠᠯᠳᠠ  ᠪᠠᠨ ᠨᠢᠭᠡᠳᠬᠡᠨ᠂ ᠠᠵᠢᠯᠯᠠᠭ᠎ᠠ  ᠪᠠᠨ ᠨᠢᠬᠡᠳᠭᠡᠵᠦ᠂ ᠪᠦᠯᠬᠦᠮᠳᠡᠨ ᠲᠡᠮᠡᠴᠡᠬᠦ ᠤᠳᠤᠷᠢᠳᠬᠤ ᠬᠠᠮᠳᠤ ᠪᠤᠯᠬᠤ  ᠪᠠᠷ ᠴᠢᠷᠮᠠᠶᠢᠨ᠎ᠠ᠃ ᠡᠯ᠎ᠡ ᠱᠠᠳᠤ᠂ ᠡᠯ᠎ᠡ ᠰᠠᠯᠠᠭ᠎ᠠ ᠮᠦᠴᠢᠷ ᠨᠢ ᠪᠦᠯᠬᠦᠮᠳᠡᠨ ᠬᠠᠮᠵᠢᠯᠴᠠᠬᠤ ᠦᠵᠡᠯ ᠰᠠᠨᠠᠭ᠎ᠠ  ᠶᠢ ᠪᠠᠳᠤ ᠪᠤᠢ ᠪᠤᠯᠭᠠᠨ᠂ ᠪᠦᠬᠦ ᠬᠤᠰᠢᠭᠤᠨ  ᠤ ᠠᠵᠤ ᠠᠬᠤᠢ ᠨᠡᠶᠢᠬᠡᠮ  ᠤᠨ ᠬᠦᠭᠵᠢᠯᠳᠡ  ᠶᠢᠨ ᠶᠡᠭᠡ ᠲᠦᠯᠦᠪ ᠪᠠᠶᠢᠳᠠᠯ  ᠤᠨ ᠲᠤᠭᠤᠷᠢᠨ  ᠳᠤ ᠦᠪᠡᠷᠦᠨ ᠤᠷᠤᠨ ᠪᠠᠶᠢᠷᠢ ᠪᠠ ᠠᠵᠢᠯ  ᠤᠨ ᠬᠦᠴᠦᠯᠡᠬᠦ ᠴᠡᠭ  ᠢᠶᠠᠨ ᠡᠷᠢᠨ ᠲᠤᠭᠳᠠᠭᠠᠵᠤ᠂ ᠶᠡᠭᠡ ᠲᠠᠯ᠎ᠠ  ᠶᠢ ᠡᠷᠬᠢᠮᠯᠡᠨ᠂ ᠪᠦᠯᠬᠦᠮᠳᠡᠯ   ᠢ ᠡᠷᠬᠢᠮᠯᠡᠵᠦ᠂  ᠬᠠᠮᠵᠢᠯᠴᠠᠭ᠎ᠠ ᠵᠢ‌ᠡᠷᠬᠢᠮᠯᠡᠨ᠂ ᠪᠦᠬᠦ ᠰᠡᠳᠬᠢᠯ ᠪᠦᠬᠦ ᠵᠤᠷᠢᠭ  ᠢᠶᠠᠷ ᠬᠦᠭᠵᠢᠯᠳᠡ  ᠶᠢ ᠰᠡᠳᠬᠢᠵᠦ᠂ ᠰᠠᠨᠠᠭ᠎ᠠ ᠬᠦᠴᠦᠨ  ᠢᠶᠠᠨ ᠲᠦᠪᠯᠡᠷᠡᠭᠦᠯᠦᠨ ᠪᠦᠳᠦᠭᠡᠨ ᠪᠠᠶᠢᠭᠤᠯᠤᠯᠳᠠ ᠬᠢᠬᠦ ᠰᠠᠶᠢᠬᠠᠨ ᠠᠭᠤᠷ ᠠᠮᠢᠰᠬᠤᠯ  ᠢ ᠪᠤᠢ ᠪᠤᠯᠭᠠᠬᠤ ᠬᠡᠷᠡᠭᠳᠡᠢ᠃        ᠠᠷᠢᠭᠤᠨ ᠴᠡᠭᠴᠢ  ᠪᠠᠷ ᠵᠠᠰᠠᠭ ᠶᠠᠪᠤᠭᠤᠯᠵᠤ᠂ ᠠᠷᠠᠳ  ᠤᠨ ᠲᠦᠯᠦᠭᠡ᠂ ᠦᠨᠡᠨ  ᠢ ᠬᠦᠭᠡᠭᠡᠴᠡᠯᠳᠦᠬᠦ ᠪᠠ ᠠᠷᠢᠭᠤᠨ ᠴᠡᠭᠴᠢ  ᠪᠠᠷ ᠠᠵᠢᠯᠯᠠᠬᠤ  ᠶᠢ ᠦᠨᠡᠨᠬᠦ ᠪᠡᠶᠡᠯᠡᠬᠦᠯᠦᠨ᠎ᠡ᠃ ᠬᠠᠳᠠᠭᠤᠵᠢᠯᠳᠠᠢ ᠲᠡᠮᠡᠴᠡᠬᠦ ᠰᠠᠨᠠᠭ᠎ᠠ  ᠶᠢ ᠲᠡᠯᠭᠡᠷᠡᠭᠦᠯᠵᠦ᠂ ᠪᠦᠷᠢᠯᠭᠡ ᠰᠦᠢᠳᠭᠡᠬᠦ  ᠶᠢ ᠡᠷᠡᠰ ᠡᠰᠡᠷᠭᠦᠴᠡᠨ᠂ ᠨᠠᠮ  ᠤᠨ ᠰᠣᠷᠳᠠᠯ ᠴᠡᠭᠴᠢ ᠵᠠᠰᠠᠭ  ᠤᠨ ᠪᠠᠶᠢᠭᠤᠯᠤᠯᠳᠠ  ᠶᠢᠨ ᠬᠠᠷᠢᠭᠤᠴᠠᠯᠭ᠎ᠠ  ᠶᠢᠨ ᠲᠦᠷᠢᠮ  ᠢ ᠨᠢᠮᠪᠠᠢ ᠨᠠᠶᠢᠳᠠᠪᠤᠷᠢᠵᠢᠭᠤᠯᠵᠤ᠂ ︽ᠦᠨᠳᠦᠰᠦᠨ  ᠠᠴᠠ  ᠨᠢ ᠵᠠᠰᠠᠵᠤ᠂ ᠶᠡᠷᠦᠩᠬᠡᠶᠢᠯᠡᠨ ᠵᠠᠰᠠᠵᠤ᠂  ᠵᠠᠯᠬᠠᠭᠠᠯᠳᠠ ᠪᠠ ᠰᠡᠷᠭᠡᠶᠢᠯᠡᠯᠳᠡ  ᠶᠢ ᠵᠡᠷᠭᠡᠳᠡ ᠰᠡᠷᠭᠡᠶᠢᠯᠡᠯᠳᠡ  ᠶᠢ ᠠᠩᠬᠠᠷᠤᠨ ᠴᠢᠬᠤᠯᠠᠴᠢᠯᠠᠬᠤ︾ ᠴᠢᠭᠯᠡᠯᠳᠡ  ᠶᠢ ᠪᠠᠷᠢᠮᠳᠠᠯᠠᠨ᠂ ᠰᠡᠷᠡᠮᠵᠢᠯᠡᠨ ᠰᠡᠷᠭᠡᠶᠢᠯᠡᠬᠦ ᠠᠵᠢᠯ  ᠤᠨ ᠡᠷᠴᠢᠮ  ᠢ ᠴᠢᠩᠭᠠᠷᠠᠭᠤᠯᠬᠤ ᠬᠡᠷᠡᠭᠳᠡᠢ᠃ ᠬᠢᠨᠡᠨ ᠪᠠᠶᠢᠴᠠᠭᠠᠬᠤ᠂ ᠬᠢᠨᠡᠨ ᠪᠤᠳᠤᠬᠤ ᠪᠠᠶᠢᠭᠤᠯᠭ᠎ᠠ  ᠶᠢᠨ ᠦᠢᠯᠡᠳᠦᠯ  ᠢ ᠬᠦᠢᠴᠡᠳ ᠪᠠᠳᠠᠷᠠᠭᠤᠯᠵᠤ᠂ ᠵᠠᠰᠠᠭ  ᠤᠨ ᠪᠠᠶᠢᠭᠤᠯᠭ᠎ᠠ  ᠶᠢᠨ  ᠡᠭᠦᠷᠭᠡ ᠲᠤᠰᠢᠶᠠᠯ ᠢᠶᠠᠨ ᠬᠡᠷᠡᠭᠵᠢᠬᠦᠯᠦᠭᠰᠡᠨ ᠪᠠᠶᠢᠳᠠᠯ  ᠳᠤ ᠬᠢᠨᠡᠨ ᠪᠠᠶᠢᠴᠠᠭᠠᠯᠳᠠ ᠬᠢᠬᠦ  ᠪᠠᠨ ᠴᠢᠩᠭᠠᠳᠬᠠᠵᠤ᠂ ᠬᠠᠤᠯᠢ ᠵᠦᠷᠢᠴᠡᠭᠰᠡᠨ ᠦᠢᠯᠨ ᠬᠡᠷᠡᠭ ᠪᠤᠯᠤᠨ ᠢᠯᠵᠡᠷᠡᠨ ᠲᠤᠷᠤᠶᠢᠳᠠᠭᠰᠠᠳ  ᠢ ᠴᠢᠩᠭ᠎ᠠ ᠪᠠᠶᠢᠴᠠᠭᠠᠨ ᠰᠢᠢᠳᠪᠦᠷᠢᠯᠡᠵᠦ᠂ ᠤᠯᠠᠨ ᠲᠦᠮᠡᠨ  ᠤ ᠠᠰᠢᠭ ᠲᠤᠰᠠ  ᠶᠢ ᠬᠤᠬᠢᠷᠠᠭᠤᠯᠤᠭᠰᠠᠨ ᠡᠯ᠎ᠡ ᠵᠦᠢᠯ  ᠤᠨ ᠠᠰᠠᠭᠤᠳᠠᠯ  ᠢ ᠨᠢᠮᠪᠠᠢ ᠰᠢᠢᠳᠪᠦᠷᠢᠯᠡᠬᠦ ᠬᠡᠷᠡᠭᠳᠡᠢ᠃       ᠲᠦᠯᠦᠭᠡᠯᠡᠭᠴᠢᠳ ᠡ︕ ᠪᠢᠳᠡ ᠬᠦᠭᠵᠢᠯᠳᠡ  ᠪᠠᠨ ᠲᠦᠷᠭᠡᠳᠬᠡᠬᠦ  ᠪᠠᠷ ᠲᠡᠷᠢᠬᠦᠨ ᠴᠢᠬᠤᠯᠨ ᠡᠬᠦᠷᠭᠡ ᠪᠤᠯᠭᠠᠨ᠂ ᠬᠠᠳᠠᠭᠤᠵᠢᠯᠳᠠᠢ ᠲᠡᠮᠡᠴᠡᠬᠦ ᠵᠤᠷᠢᠭ ᠰᠠᠨᠠᠭ᠎ᠠ᠂ ᠰᠢᠨ᠎ᠡ  ᠶᠢ ᠡᠭᠦᠳᠬᠦ ᠰᠦᠰᠦ ᠵᠤᠷᠢᠭ ᠴᠦᠬᠦᠷᠡᠰᠢ ᠦᠬᠡᠢ ᠠᠵᠢᠯᠯᠠᠬᠤ ᠡᠷᠴᠢ ᠬᠦᠴᠦᠨ ᠪᠠ ᠦᠨᠡᠨ  ᠢ ᠬᠦᠭᠡᠭᠡᠴᠡᠯᠳᠦᠬᠦ ᠠᠵᠢᠯ  ᠤᠨ ᠬᠡᠪ ᠰᠤᠷᠳᠠᠯ  ᠢ ᠪᠤᠢ ᠪᠤᠯᠭᠠᠨ᠂ ᠬᠦᠳᠦᠯᠦᠨ ᠬᠤᠯᠪᠤᠭᠠᠯᠴᠠᠵᠤ ᠬᠦᠴᠦᠨ  ᠢᠶᠠᠨ ᠬᠠᠮᠳᠤᠳᠬᠠᠨ ᠮᠠᠨ  ᠤ ᠬᠤᠰᠢᠭᠤᠨ  ᠤ ᠠᠵᠤ ᠠᠬᠤᠢ ᠨᠡᠶᠢᠭᠡᠮ  ᠤᠨ ᠨᠡᠩ ᠰᠠᠶᠢᠨ ᠨᠡᠩ ᠲᠦᠷᠭᠡᠨ ᠬᠦᠭᠵᠢᠯᠳᠡ  ᠶᠢ ᠪᠡᠶᠡᠯᠡᠬᠦᠯᠵᠦ᠂ ᠨᠠᠮ  ᠤᠨ ᠠᠷᠪᠠᠨ ᠲᠤᠯᠤᠳᠤᠭᠠᠷ ᠶᠡᠭᠡ ᠬᠤᠷᠠᠯ ᠪᠤᠯᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ60 ᠵᠢᠯᠦᠨ ᠤᠢ  ᠶᠢᠨ ᠪᠠᠶᠠᠷ  ᠲᠤ ᠬᠦᠨᠳᠦ ᠪᠡᠯᠡᠭ ᠪᠤᠯᠭᠠᠬᠤ  ᠪᠠᠷ ᠴᠢᠷᠮᠠᠶᠢᠨ ᠲᠡᠮᠡᠴᠡᠵᠡᠭᠡᠶ᠎ᠡ︕
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号