ᠵᠠᠰᠠᠭ   ᠤᠨ  ᠣᠷᠳᠣᠨ   ᠤ  ᠠᠵᠢᠯ   ᠤᠨ  ᠢᠯᠡᠳᠬᠡᠯ
ᠨᠡᠶᠢᠲᠡᠯᠡᠭᠰᠡᠨ ᠴᠠᠭ᠄
2007/12/3
                                                                                                     ᠵᠠᠰᠠᠭ   ᠤᠨ   ᠣᠷᠳᠣᠨ   ᠤ   ᠠᠵᠢᠯ   ᠤᠨ   ᠢᠯᠡᠳᠬᠡᠯ                                                                                   2007 ᠣᠨ ᠤ  12 ᠰᠠᠷᠠᠶᠢᠨ  3   ᠤ  ᠡᠳᠦᠷ   ᠤᠨ  ᠲᠠᠶᠢᠹᠤᠰᠧ  ᠬᠤᠰᠢᠭᠤᠨ   ᠤ                                                                                 ᠠᠷᠪᠠᠨ  ᠭᠤᠷᠪᠠᠳᠤᠭᠠᠷ  ᠬᠤᠭᠤᠴᠠᠭᠠᠨ   ᠤ ᠠᠷᠠᠳ   ᠤᠨ  ᠲᠥᠯᠥᠭᠡᠯᠡᠭᠴᠢᠳ   ᠤᠨ                                                                                  ᠶᠡᠭᠡ   ᠬᠤᠷᠠᠯ   ᠤᠨ   ᠠᠩᠬᠠᠳᠤᠭᠠᠷ  ᠤᠳᠠᠭᠠᠨ   ᠤ   ᠬᠤᠷᠠᠯᠳᠤᠭᠠᠨ   ᠳᠡᠭᠡᠷ᠎ᠡ                                                                                               ᠬᠤᠰᠢᠭᠤ  ᠳᠠᠷᠤᠭ᠎ᠠ             ᠨᠠᠨ  ᠵᠦᠩ  ᠢᠦᠢ ᠲᠦᠯᠦᠭᠡᠯᠡᠭᠴᠢᠳ ᠡ  ᠄          ᠳᠣᠣᠷ᠎ᠠ  ᠪᠢ  ᠬᠤᠰᠢᠭᠤ  ᠵᠠᠰᠠᠭ   ᠤᠨ  ᠣᠷᠳᠣᠨ   ᠤ  ᠨᠠᠶᠢᠳᠠᠯᠭ᠎ᠠ   ᠪᠠᠷ  ᠶᠡᠭᠡ  ᠬᠤᠷᠠᠯ   ᠳᠤ  ᠠᠵᠢᠯ   ᠤᠨ  ᠮᠡᠳᠡᠭᠦᠯᠦᠯᠲᠡ  ᠬᠢᠶ᠎ᠡ  ᠂  ᠬᠢᠨᠠᠨ  ᠵᠥᠪᠯᠡᠬᠦ  ᠪᠣᠯᠪᠠᠤ  ᠃   ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠳ  ᠪᠣᠯᠣᠨ  ᠬᠤᠷᠠᠯ   ᠳᠤ  ᠰᠤᠯᠨ ᠣᠷᠣᠯᠴᠠᠭᠰᠠᠨ  ᠪᠦᠬᠦ  ᠨᠥᠬᠦᠳ   ᠠᠴᠠ  ᠰᠠᠨᠠᠯ  ᠰᠢᠭᠦᠮᠵᠢ   ᠪᠠᠨ  ᠬᠠᠷᠠᠮ  ᠦᠭᠡᠢ  ᠳᠡᠪᠰᠢᠭᠦᠯᠦᠮᠦ᠃          ᠨᠢᠭᠡ  ᠂  ᠥᠩᠭᠡᠷᠡᠭᠰᠡᠨ  ᠳᠥᠷᠪᠡᠨ  ᠵᠢᠯ   ᠤᠨ ᠠᠵᠢᠯ   ᠤᠨ  ᠡᠷᠭᠢᠴᠡᠭᠦᠯᠦᠯ         2004 ᠣᠨ   ᠠᠴᠠ  ᠨᠠᠰᠢᠬᠢ  ᠳᠥᠷᠪᠡᠨ  ᠵᠢᠯ  ᠪᠣᠯ  ᠲᠠᠶᠢᠹᠤᠰᠧ  ᠬᠤᠰᠢᠭᠤᠨ   ᠤ  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠶᠡᠷᠦ  ᠪᠤᠰᠤ   ᠶᠢᠨ  ᠳᠥᠷᠪᠡᠨ  ᠵᠢᠯ᠂ ᠶᠡᠷᠦᠩᠬᠡᠶᠢᠯᠡᠭᠰᠡᠨ  ᠪᠣᠳᠠᠲᠤ  ᠬᠦᠴᠦᠨ ᠦᠳᠲᠡᠷ  ᠲᠦᠷᠭᠡᠨ  ᠨᠡᠮᠡᠭᠳᠡᠵᠦ  ᠂  ᠥᠭᠡᠷᠡᠴᠢᠯᠡᠯᠲᠡ  ᠨᠡᠭᠡᠭᠡᠯᠲᠡ   ᠶᠢᠨ  ᠦᠷ᠎ᠡ  ᠪᠦᠲᠦᠮᠵᠢ  ᠢᠯᠡᠰᠢᠷᠡᠨ  ᠂  ᠬᠤᠲᠠ  ᠬᠥᠳᠡᠭᠡ   ᠶᠢᠨ ᠲᠥᠷᠬᠦ  ᠪᠠᠶᠢᠳᠠᠯ  ᠮᠡᠳᠡᠭᠳᠡᠮ᠎ᠡ  ᠬᠤᠪᠢᠷᠠᠵᠤ  ᠂  ᠠᠷᠠᠳ  ᠣᠯᠠᠨ  ᠨᠡᠩ  ᠶᠡᠭᠡ  ᠪᠣᠳᠠᠲᠤ  ᠠᠰᠢᠭ  ᠬᠦᠷᠲᠡᠭᠰᠡᠨ  ᠳᠥᠷᠪᠡᠨ  ᠵᠢᠯ  ᠪᠣᠯᠣᠨ᠎ᠠ  ᠃  ᠳᠥᠷᠪᠡᠨ  ᠵᠢᠯ   ᠤᠨ  ᠲᠤᠷᠰᠢ  ᠂  ᠠᠶᠢᠮᠠᠭ   ᠤᠨ  ᠨᠠᠮ   ᠤᠨ  ᠬᠤᠷᠢᠶ᠎ᠠ  ᠂  ᠠᠶᠢᠮᠠᠭ   ᠤᠨ  ᠵᠠᠬᠢᠷᠭ᠎ᠠ  ᠬᠢᠭᠡᠳ  ᠬᠤᠰᠢᠭᠤ  ᠨᠠᠮ   ᠤᠨ  ᠬᠤᠷᠢᠶᠠᠨ   ᠤ  ᠵᠥᠪ  ᠣᠨᠣᠪᠴᠢᠲᠠᠢ  ᠤᠳᠤᠷᠢᠳᠤᠯᠭ᠎ᠠ  ᠳᠣᠣᠷ᠎ᠠ  ᠬᠤᠰᠢᠭᠤ  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ  ᠂  ᠤᠯᠤᠰ  ᠲᠥᠷᠥ   ᠶᠢᠨ  ᠵᠥᠪᠯᠡᠯᠭᠡᠨ   ᠤ  ᠬᠢᠨᠠᠯᠲᠠ  ᠪᠠ  ᠳᠡᠮᠵᠢᠯᠭᠡ  ᠳᠣᠣᠷ᠎ᠠ  ᠂  ᠵᠠᠰᠠᠭ   ᠤᠨ  ᠣᠷᠳᠣᠨ   ᠨᠢ  ᠳ᠋ᠧᠩ  ᠰᠢᠶᠤᠤ  ᠫᠢᠩ   ᠤᠨ  ᠣᠨᠣᠯ  ᠪᠣᠯᠣᠨ  ︽ᠭᠤᠷᠪᠠ   ᠶᠢ  ᠲᠥᠯᠥᠭᠡᠯᠡᠬᠦ︾  ᠴᠢᠬᠤᠯᠠ  ᠦᠵᠡᠯ  ᠰᠠᠨᠠᠭ᠎ᠠ   ᠪᠠᠷ  ᠵᠢᠯᠣᠭᠤᠳᠤᠯᠭ᠎ᠠ  ᠪᠣᠯᠭᠠᠨ  ᠂  ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ   ᠶᠢ  ᠪᠠᠲᠤ  ᠪᠣᠢ  ᠪᠣᠯᠭᠠᠬᠤ  ᠪᠠ  ᠨᠠᠶᠢᠳᠠᠪᠤᠷᠢᠵᠢᠭᠤᠯᠵᠤ  ᠂  ᠪᠦᠬᠦ  ᠬᠤᠰᠢᠭᠤᠨ   ᠤ  ᠡᠯ᠎ᠡ  ᠦᠨᠳᠦᠰᠦᠲᠡᠨ   ᠤ  ᠺᠠᠳᠠᠷ  ᠣᠯᠠᠨ  ᠲᠦᠮᠡᠨ   ᠳᠡᠭᠡᠨ  ᠲᠦᠰᠢᠭᠯᠡᠨ᠂ ᠰᠡᠳᠬᠢᠯ  ᠲᠥᠪᠯᠡᠷᠡᠭᠦᠯᠦᠨ  ᠴᠣᠭᠴᠠᠯᠠᠯᠲᠠ  ᠬᠢᠵᠦ  ᠂  ᠰᠠᠨᠠᠭ᠎ᠠ  ᠲᠠᠯᠪᠢᠨ  ᠬᠥᠭᠵᠢᠯᠲᠡ   ᠶᠢ  ᠰᠡᠳᠬᠢᠭᠰᠡᠨ   ᠢᠶᠠᠷ  ᠠᠷᠪᠠᠨ  ᠬᠤᠶᠠᠳᠤᠭᠠᠷ  ᠬᠤᠭᠤᠴᠠᠭᠠᠨ   ᠤ  ᠠᠷᠠᠳ   ᠤᠨ  ᠲᠥᠯᠥᠭᠡᠯᠡᠭᠴᠢᠳ   ᠤᠨ  ᠶᠡᠭᠡ ᠬᠤᠷᠠᠯ ᠤᠨ ᠠᠩᠬᠠᠳᠤᠭᠠᠷ  ᠬᠤᠷᠠᠯᠳᠤᠭᠠᠨ  ᠳᠡᠭᠡᠷ᠎ᠡ  ᠲᠣᠭᠲᠠᠭᠰᠠᠨ  ᠡᠯ᠎ᠡ  ᠵᠦᠢᠯ   ᠤᠨ  ᠡᠭᠦᠷᠭᠡ  ᠬᠠᠷᠠᠯᠲᠠ   ᠪᠠᠨ  ᠠᠮᠵᠢᠯᠲᠠ  ᠲᠡᠭᠦᠰ  ᠪᠡᠶᠡᠯᠡᠭᠦᠯᠦᠭᠰᠡᠨ  ᠪᠠᠶᠢᠨ᠎ᠠ  ᠃ 2007  ᠣᠨ   ᠳᠤ  ᠪᠦᠬᠦ  ᠬᠤᠰᠢᠭᠤᠨ   ᠤ  ᠣᠷᠣᠨ  ᠨᠤᠲᠤᠭ   ᠤᠨ  ᠦᠢᠯᠡᠳᠪᠦᠷᠢᠯᠡᠯ   ᠤᠨ  ᠶᠡᠷᠦᠩᠬᠡᠢ  ᠥᠷᠲᠡᠭ   ᠢ 16 ᠳ᠋ᠦᠩᠰᠢᠭᠤᠷ  ᠲᠥᠭᠦᠷᠢᠭ  ᠬᠦᠷᠭᠡᠵᠦ  ᠂ 2003  ᠣᠨ   ᠠᠴᠠ  ᠲᠠᠬᠢᠨ   ᠢᠶᠠᠷ  ᠥᠰᠴᠦ  ᠂  ᠵᠢᠯ  ᠪᠦᠷᠢ  ᠳᠤᠮᠳᠠᠴᠢ   ᠪᠠᠷ 15.8%   ᠢᠶᠠᠷ  ᠨᠡᠮᠡᠭᠳᠡᠨ︔ ᠡᠭᠦᠨ   ᠳᠤ  ᠨᠢᠭᠡ  ᠂  ᠬᠤᠶᠠᠷ  ᠂  ᠭᠤᠷᠪᠠᠳᠤᠭᠠᠷ  ᠠᠵᠤ ᠦᠢᠯᠡᠰ ᠲᠣᠰᠪᠤᠷᠢ 5.7 ᠳ᠋ᠦᠩᠰᠢᠭᠤᠷ  ᠂ 5 ᠳ᠋ᠦᠩᠰᠢᠭᠤᠷ  ᠪᠠ 5.3 ᠳ᠋ᠦᠩᠰᠢᠭᠤᠷ  ᠲᠥᠭᠦᠷᠢᠭ  ᠪᠡᠶᠡᠯᠡᠭᠦᠯᠵᠦ  ᠂ ᠭᠤᠷᠪᠠᠨ  ᠤᠳᠠᠭᠠᠨ   ᠤ  ᠠᠵᠤ  ᠦᠢᠯᠡᠰ   ᠤᠨ  ᠬᠤᠪᠢ   ᠶᠢᠨ     ᠵᠢᠩ ᠤᠨ ᠬᠠᠷᠢᠴᠠᠯ  ᠢ 2003 ᠣᠨ ᠤ 44.9᠄ 22.9᠄ 32.2  ᠪᠠᠶᠢᠭᠰᠠᠨ ᠠᠴᠠ ᠣᠳᠣ  ᠪᠣᠯᠬᠤ   ᠳᠤ 35.7᠄ 31.3᠄ 33.2  ᠪᠣᠯᠭᠠᠨ  ᠲᠣᠬᠢᠷᠠᠭᠤᠯᠵᠤ  ᠂  ᠠᠵᠤ  ᠦᠢᠯᠡᠰ   ᠤᠨ  ᠪᠦᠲᠦᠴᠡ  ᠤᠯᠠᠮ  ᠨᠢᠭᠡ  ᠠᠯᠬᠤᠮ  ᠰᠢᠯᠢᠳᠡᠭᠵᠢᠪᠡ  ᠃  ᠡᠳ᠋   ᠤᠨ  ᠵᠠᠰᠠᠭ   ᠤᠨ  ᠣᠷᠣᠯᠭ᠎ᠠ  ᠳ᠋ᠦᠩᠰᠢᠭᠤᠷ   ᠤᠨ  ᠶᠡᠭᠡ  ᠪᠣᠭᠤᠮᠲᠠ   ᠶᠢ  ᠰᠢᠪᠲᠤᠯᠤᠨ  ᠂ 1.1  ᠳ᠋ᠦᠩᠰᠢᠭᠤᠷ   ᠲᠤ  ᠬᠦᠷᠴᠦ  ᠂ 2003  ᠣᠨ   ᠠᠴᠠ 2.7 ᠲᠠᠬᠢᠨ  ᠥᠰᠴᠦ  ᠂  ᠵᠢᠯ  ᠪᠦᠷᠢ  ᠳᠤᠮᠳᠠᠴᠢ   ᠪᠠᠷ 38.6%   ᠪᠠᠷ ᠨᠡᠮᠡᠭᠳᠡᠵᠡᠢ  ᠃  ᠳᠥᠷᠪᠡᠨ  ᠵᠢᠯ   ᠤᠨ  ᠲᠤᠷᠰᠢᠬᠢ  ᠬᠥᠭᠵᠢᠯᠲᠡ  ᠪᠠ  ᠬᠤᠪᠢᠷᠠᠯᠲᠠ   ᠶᠢ  ᠡᠷᠭᠢᠴᠡᠭᠦᠯᠪᠡᠯ  ᠂  ᠭᠤᠣᠯᠳᠠᠭᠤ  ᠳᠣᠣᠷᠠᠬᠢ  ᠨᠠᠢᠮᠠᠨ  ᠲᠠᠯ᠎ᠠ   ᠪᠠᠷ  ᠢᠯᠡᠷᠡᠵᠦ  ᠪᠣᠢ  ᠄        ︵ᠨᠢᠭᠡ︶ ᠠᠮᠢ ᠠᠬᠤᠢ ᠶᠢᠨ ᠬᠠᠮᠠᠭᠠᠯᠠᠯᠲᠠ ᠪᠠ ᠪᠠᠶᠢᠭᠤᠯᠤᠯᠲᠠ ᠦᠷ᠎ᠡ ᠪᠦᠲᠦᠮᠵᠢ ᠣᠯᠵᠤ  ᠂  ᠮᠠᠯ ᠲᠠᠷᠢᠶᠠᠯᠠᠩ ᠤᠨ ᠠᠵᠤ ᠦᠢᠯᠡᠰᠵᠢᠯᠲᠡ ᠶᠢᠨ ᠠᠬᠢᠴᠠ ᠲᠦᠷᠭᠡᠰᠪᠡ  ᠃       ᠠᠮᠢ  ᠠᠬᠤᠢ   ᠪᠠᠷ  ᠬᠤᠰᠢᠭᠤ   ᠪᠠᠨ  ᠪᠠᠶᠢᠭᠤᠯᠬᠤ  ᠦᠵᠡᠯ  ᠰᠠᠨᠠᠭ᠎ᠠ   ᠶᠢ ᠭᠤᠶᠢᠪᠢᠰᠢ  ᠦᠭᠡᠢ  ᠪᠠᠷᠢᠮᠲᠠᠯᠠᠵᠤ  ᠂ ᠪᠡᠭᠡᠵᠢᠩ  ᠲᠢᠶᠠᠨᠵᠢᠨ   ᠤ   ᠡᠯᠡᠰᠦ ᠰᠠᠯᠬᠢᠨ   ᠤ  ᠡᠬᠢ   ᠶᠢ  ᠵᠠᠰᠠᠬᠤ  ᠂  ᠲᠠᠷᠢᠶᠠᠯᠠᠬᠤ   ᠶᠢ  ᠵᠣᠭᠰᠣᠭᠠᠨ  ᠣᠶᠢᠵᠢᠭᠤᠯᠵᠤ  ᠡᠪᠡᠰᠦᠵᠢᠭᠦᠯᠬᠦ  ᠂  ᠪᠡᠯᠴᠢᠭᠡᠷᠯᠡᠭᠦᠯᠬᠦ   ᠶᠢ  ᠵᠣᠭᠰᠣᠭᠠᠵᠤ  ᠬᠠᠰᠢᠶᠠᠯᠠᠨ  ᠮᠠᠯᠵᠢᠬᠤ  ᠵᠢᠴᠢ  ᠠᠮᠢ  ᠠᠬᠤᠢ   ᠶᠢᠨ  ᠨᠡᠭᠦᠳᠡᠯ  ᠠᠷᠠᠳ   ᠤᠨ  ᠢᠨᠵᠧᠨᠧᠷᠢᠩ  ᠵᠡᠷᠭᠡ   ᠶᠢ  ᠭᠤᠣᠯᠳᠠᠯᠭ᠎ᠠ   ᠲᠠᠢ  ᠬᠡᠷᠡᠭᠵᠢᠭᠦᠯᠪᠡ  ᠃  ᠳᠥᠷᠪᠡᠨ  ᠵᠢᠯ   ᠤᠨ  ᠲᠤᠷᠰᠢ  3.66  ᠳ᠋ᠦᠩᠰᠢᠭᠤᠷ  ᠲᠥᠭᠦᠷᠢᠭ   ᠤᠨ  ᠪᠡᠯᠡ  ᠣᠷᠣᠭᠤᠯᠵᠤ  ᠂  ᠠᠮᠢ  ᠠᠬᠤᠢ   ᠶᠢ  ᠵᠠᠰᠠᠭᠰᠠᠨ  ᠲᠠᠯᠠᠪᠠᠢ   ᠶᠢ 75 ᠲᠦᠮᠡᠨ ᠮᠦ  ᠂ ᠰᠢᠨ᠎ᠡ   ᠪᠠᠷ  ᠣᠶᠢᠵᠢᠭᠤᠯᠤᠭᠰᠠᠨ  ᠲᠠᠯᠠᠪᠠᠢ   ᠶᠢ 40  ᠲᠦᠮᠡᠨ  ᠮᠦ  ᠂ ᠪᠦᠬᠦ  ᠬᠤᠰᠢᠭᠤᠨ   ᠤ  ᠣᠢ  ᠰᠢᠭᠤᠢ   ᠶᠢᠨ  ᠲᠠᠯᠠᠪᠠᠢ ᠶᠢ 152  ᠲᠦᠮᠡᠨ  ᠮᠦ   ᠳᠤ ᠬᠦᠷᠭᠡᠨ  ︔ ᠬᠥᠮᠥᠨ   ᠤ  ᠬᠦᠴᠦ   ᠪᠠᠷ  ᠡᠪᠡᠰᠦᠵᠢᠭᠦᠯᠬᠦ  ᠪᠠ  ᠬᠦᠷᠢᠶᠡᠯᠡᠨ ᠪᠢᠲᠡᠭᠦᠮᠵᠢᠯᠡᠵᠦ  ᠪᠣᠶᠢᠵᠢᠭᠤᠯᠤᠭᠰᠠᠨ  ᠲᠠᠯᠠᠪᠠᠢ ᠶᠢ 27 ᠲᠦᠮᠡᠨ  ᠮᠦ  ᠂ ᠪᠠᠭ᠎ᠠ  ᠰᠠᠪᠠ  ᠭᠠᠵᠠᠷ   ᠤᠨ ᠵᠠᠰᠠᠯᠲᠠ ᠶᠢᠨ ᠲᠠᠯᠠᠪᠠᠢ ᠶᠢ 7 ᠲᠦᠮᠡᠨ ᠮᠦ ᠳᠤ  ᠬᠦᠷᠭᠡᠵᠦ︔  ᠨᠡᠭᠦᠳᠡᠯ  ᠠᠷᠠᠳ   ᠤᠨ  ᠣᠷᠣᠨ  ᠰᠠᠭᠤᠴᠠ 2  ᠲᠦᠮᠡᠨ  ᠲᠡᠭᠰᠢ  ᠳᠥᠷᠪᠡᠯᠵᠢᠨ  ᠮᠧᠲᠷ᠂ ᠫᠧᠩ  ᠬᠤᠷᠤᠭ᠎ᠠ 5.2  ᠲᠦᠮᠡᠨ  ᠲᠡᠭᠰᠢ  ᠳᠥᠷᠪᠡᠯᠵᠢᠨ  ᠮᠧᠲᠷ  ᠪᠠᠶᠢᠭᠤᠯᠪᠠ᠃  ᠵᠠᠯᠭᠠᠮᠵᠢᠯᠠᠯ  ᠠᠵᠤ  ᠦᠢᠯᠡᠰ   ᠢ  ᠢᠳᠡᠪᠬᠢᠲᠡᠢ  ᠬᠥᠭᠵᠢᠭᠦᠯᠵᠦ  ᠂  ᠣᠢ   ᠶᠢᠨ  ᠪᠦᠰᠡᠨ   ᠳᠤ 5.2  ᠲᠦᠮᠡᠨ  ᠮᠦ  ᠡᠪᠡᠰᠦ  ᠲᠠᠷᠢᠵᠤ  ᠂  ᠨᠠᠶᠢᠯᠵᠠᠭᠤᠷ  ᠬᠠᠷᠭᠠᠨ᠎ᠠ 25  ᠲᠦᠮᠡᠨ  ᠮᠦ  ᠂  ᠬᠡᠭᠡᠷ᠎ᠡ   ᠶᠢᠨ  ᠭᠦᠢᠯᠡᠰᠦ 30  ᠲᠦᠮᠡᠨ  ᠮᠦ  ᠲᠠᠷᠢᠪᠠ  ᠃          ᠲᠠᠷᠢᠶᠠᠯᠠᠩ ᠮᠠᠯ ᠠᠵᠤ ᠠᠬᠤᠢ ᠶᠢᠨ  ᠦᠨᠳᠦᠰᠦᠨ ᠪᠠᠶᠢᠭᠤᠯᠤᠯᠲᠠ ᠶᠢ  ᠴᠢᠩᠭᠠᠳᠬᠠᠪᠠ  ᠃ ᠤᠯᠤᠰ ᠤᠨ 3192 ᠲᠦᠮᠡᠨ  ᠲᠥᠭᠦᠷᠢᠭ   ᠤᠨ ᠪᠡᠯᠡ  ᠮᠥᠩᠭᠦᠨ   ᠤ ᠳᠠᠶᠢᠴᠢᠯᠠᠯ   ᠢᠶᠠᠷ  ᠨᠡᠶᠢᠭᠡᠮ   ᠤᠨ  ᠪᠡᠯᠡ ᠮᠥᠩᠭᠦ   ᠶᠢ 7808 ᠲᠦᠮᠡᠨ  ᠲᠥᠭᠦᠷᠢᠭ ᠬᠤᠷᠠᠮᠳᠤᠭᠤᠯᠵᠤ  ᠂  ᠤᠰᠤᠨ  ᠠᠰᠢᠭᠯᠠᠯᠲᠠ   ᠶᠢᠨ  ᠪᠦᠲᠦᠭᠡᠨ  ᠪᠠᠶᠢᠭᠤᠯᠤᠯᠲᠠ   ᠶᠢ  ᠬᠦᠴᠦᠯᠡᠨ  ᠥᠷᠨᠢᠭᠦᠯᠵᠦ  ᠂ 9  ᠲᠦᠮᠡᠨ  ᠮᠦ  ᠤᠰᠤᠯᠠᠯᠲᠠ   ᠶᠢᠨ  ᠲᠠᠯᠠᠪᠠᠢ   ᠶᠢ  ᠰᠢᠨ᠎ᠡ   ᠪᠠᠷ  ᠨᠡᠮᠡᠭᠳᠡᠭᠦᠯᠦᠨ  ᠂  ᠪᠦᠬᠦ  ᠨᠡᠶᠢᠲᠡ 23  ᠲᠦᠮᠡᠨ ᠮᠦ   ᠳᠤ ᠬᠦᠷᠭᠡᠵᠦ᠂ ᠲᠠᠷᠢᠶᠠᠯᠠᠬᠤ  ᠣᠷᠣᠨ   ᠤ  ᠤᠰᠤᠯᠠᠯᠲᠠ   ᠶᠢᠨ  ᠲᠠᠯᠠᠪᠠᠢ   ᠶᠢ  ᠬᠥᠮᠥᠨ  ᠳᠤᠮᠳᠠᠴᠢ 1  ᠮᠦ  ᠂  ᠮᠠᠯᠵᠢᠬᠤ  ᠣᠷᠣᠨ   ᠤ  ᠤᠰᠤᠯᠠᠯᠲᠠ   ᠶᠢᠨ  ᠪᠣᠷᠳᠣᠭᠠᠨ  ᠰᠠᠭᠤᠷᠢᠨ   ᠢ  ᠬᠥᠮᠥᠨ  ᠳᠤᠮᠳᠠᠴᠢ 7.3  ᠮᠦ  ᠨᠣᠭᠳᠠᠭᠤᠯᠤᠨ  ᠂ 500  ᠮᠦ   ᠠᠴᠠ  ᠳᠡᠭᠡᠭᠰᠢᠬᠢ  ᠲᠣᠮᠣ  ᠬᠡᠯᠪᠡᠷᠢ   ᠶᠢᠨ  ᠠᠷᠪᠢᠴᠢ  ᠤᠰᠤᠯᠠᠯᠲᠠ   ᠶᠢᠨ  ᠣᠷᠣᠨ 63  ᠰᠠᠭᠤᠷᠢ   ᠶᠢ  ᠪᠠᠶᠢᠭᠤᠯᠵᠤ  ︔  ︽ᠨᠢᠭᠡ  ᠵᠣᠭᠤᠷᠢ ᠶᠢᠨ ᠭᠤᠷᠪᠠᠨ ᠥᠭᠡᠷᠡᠴᠢᠯᠡᠯ︾᠂  ︽ᠳᠥᠷᠪᠡ   ᠶᠢ  ᠨᠢᠭᠡ  ᠴᠣᠬᠴᠠᠵᠢᠭᠤᠯᠤᠬᠰᠠᠨ︾  ᠨᠠᠮᠤᠭ   ᠤᠨ  ᠬᠡᠢ   ᠶᠢᠨ  ᠰᠢᠨ᠎ᠡ  ᠡᠨᠧᠷᠭᠢ  ᠠᠰᠢᠭᠯᠠᠬᠤ  ᠡᠷᠦᠭᠡ   ᠶᠢ 2674 ᠡᠷᠦᠭᠡ   ᠳᠤ  ᠬᠦᠷᠭᠡᠪᠡ  ᠃         ᠠᠵᠤ  ᠦᠢᠯᠡᠰ   ᠤᠨ  ᠰᠠᠭᠤᠷᠢᠨ  ᠭᠠᠵᠠᠷ   ᠤᠨ  ᠬᠦᠷᠢᠶ᠎ᠡ  ᠬᠡᠪᠴᠢᠶ᠎ᠡ  ᠲᠠᠰᠤᠷᠠᠯᠲᠠ  ᠦᠭᠡᠢ  ᠥᠷᠭᠡᠳᠴᠡᠢ  ᠃  ᠢᠳᠡᠰᠢᠨ  ᠨᠣᠭᠤᠭ᠎ᠠ  ᠲᠠᠷᠢᠬᠤ  ᠲᠠᠯᠠᠪᠠᠢ 15 ᠲᠦᠮᠡᠨ  ᠮᠦ   ᠳᠤ  ᠲᠣᠭᠲᠠᠪᠤᠷᠢᠵᠢᠨ  ᠂  ᠡᠭᠦᠨ   ᠤ  ᠳᠣᠲᠣᠷ᠎ᠠ  ᠬᠠᠮᠠᠭᠠᠯᠠᠯᠲᠠ   ᠶᠢᠨ  ᠲᠠᠷᠢᠶᠠᠨ   ᠤ  ᠢᠳᠡᠰᠢᠨ  ᠨᠣᠭᠤᠭᠠᠨ   ᠤ  ᠳᠤᠯᠠᠭᠠᠨ  ᠬᠦᠯᠡᠮᠵᠢ 4520 ᠰᠠᠭᠤᠷᠢ  ᠂ 2350 ᠮᠦ  ᠪᠠᠶᠢᠵᠤ  ︔  ᠲᠥᠮᠥᠰᠥ  ᠲᠠᠷᠢᠬᠤ  ᠲᠠᠯᠠᠪᠠᠢ 15.2  ᠲᠦᠮᠡᠨ  ᠮᠦ  ᠪᠠᠶᠢᠵᠤ  ᠂  ᠡᠭᠦᠨ   ᠤ  ᠳᠣᠲᠣᠷ᠎ᠠ  ᠲᠤᠰᠬᠠᠢ  ᠬᠡᠷᠡᠭᠯᠡᠬᠦ  ᠲᠥᠮᠥᠰᠥᠨ   ᠤ  ᠣᠷᠣᠨ  ᠲᠣᠭᠤᠷᠢᠭ   ᠤᠨ  ᠲᠠᠯᠠᠪᠠᠢ 5.25  ᠲᠦᠮᠡᠨ  ᠮᠦ  ᠬᠦᠷᠴᠡᠢ  ᠃ ᠨᠡᠷᠡᠲᠦ  ᠲᠡᠮᠳᠡᠭ   ᠤᠨ  ᠳᠠᠶᠢᠴᠢᠯᠠᠭ᠎ᠠ   ᠶᠢ  ᠴᠢᠩᠭᠠᠳᠬᠠᠵᠤ  ᠂  ᠢᠳᠡᠰᠢᠨ  ᠨᠣᠭᠤᠭ᠎ᠠ  ᠂  ᠲᠥᠮᠥᠰᠥ  ᠵᠡᠷᠭᠡ  ᠳᠥᠷᠪᠡᠨ  ᠲᠥᠷᠥᠯ  ᠵᠦᠢᠯ   ᠨᠢ  ᠪᠣᠬᠢᠷᠲᠤᠯ  ᠦᠭᠡᠢ  ᠢᠳᠡᠭᠡᠨ   ᠢᠶᠠᠷ  ᠦᠨᠡᠯᠡᠭᠳᠡᠵᠦ  ᠂ ᠨᠡᠶᠢᠲᠡ   ᠶᠢᠨ  ᠬᠤᠣᠷᠳᠠᠯ  ᠦᠭᠡᠢ  ᠰᠠᠭᠤᠷᠢᠨ  ᠭᠠᠵᠠᠷ 40 ᠲᠦᠮᠡᠨ ᠮᠦ ᠳᠤ  ᠬᠦᠷᠦᠭᠰᠡᠨ  ᠪᠥᠭᠡᠳ  ︽ᠴᠠᠬᠠᠷ︾  ᠴᠤᠭᠤᠷ ᠨᠣᠭᠤᠭ᠎ᠠ  ᠪᠣᠯᠣᠨ  ︽ᠭᠦᠨ ᠪᠣᠣ︾  ᠢᠳᠡᠰᠢᠨ ᠨᠣᠭᠤᠭᠠᠨ ᠤ ᠨᠡᠷᠡᠲᠦ  ᠲᠡᠮᠳᠡᠭ   ᠢ  ᠡᠭᠦᠳᠦᠭᠰᠡᠨ  ᠪᠠᠶᠢᠨ᠎ᠠ  ᠃  ᠮᠠᠯᠵᠢᠯ   ᠤᠨ ᠣᠨ ᠳᠠᠬᠢ ᠰᠠᠭᠠᠯᠢ   ᠶᠢᠨ  ᠦᠨᠢᠶ᠎ᠡ  ᠪᠠ  ᠰᠠᠶᠢᠨ  ᠡᠭᠦᠯᠳᠡᠷ   ᠤᠨ ᠠᠯᠠᠰᠢᠨ   ᠤ ᠦᠬᠡᠷ  ᠲᠣᠰᠪᠤᠷᠢ 2 ᠲᠦᠮᠡᠨ ᠲᠣᠯᠣᠭᠠᠢ   ᠳᠤ  ᠬᠦᠷᠴᠡᠢ᠃          ︵ᠬᠤᠶᠠᠷ︶  ᠠᠵᠤ  ᠦᠢᠯᠡᠳᠪᠦᠷᠢ   ᠶᠢᠨ  ᠠᠵᠤ  ᠠᠬᠤᠢ   ᠶᠢᠨ  ᠶᠡᠷᠦᠩᠬᠡᠢ  ᠬᠡᠮᠵᠢᠶ᠎ᠡ  ᠨᠡᠮᠡᠭᠳᠡᠵᠦ  ᠂  ᠶᠠᠪᠤᠭᠳᠠᠯ   ᠤᠨ  ᠶᠠᠰᠤ  ᠴᠢᠨᠠᠷ  ᠮᠡᠳᠡᠭᠳᠡᠬᠦᠶᠢᠴᠡ ᠰᠠᠶᠢᠵᠢᠷᠠᠪᠠ  ᠃           ᠠᠵᠤ  ᠦᠢᠯᠡᠳᠪᠦᠷᠢ   ᠶᠢᠨ  ᠠᠵᠤ  ᠠᠬᠤᠢ   ᠶᠢᠨ  ᠪᠦᠲᠦᠴᠡ   ᠶᠢ  ᠬᠦᠴᠦᠯᠡᠨ  ᠰᠢᠯᠢᠳᠡᠭᠵᠢᠭᠦᠯᠵᠦ  ᠂  ᠳᠠᠭᠠᠭᠤᠯᠤᠭᠴᠢ  ᠠᠵᠤ  ᠠᠬᠤᠶᠢᠯᠠᠯ   ᠢ  ᠲᠠᠲᠠᠨ  ᠂  ᠳᠠᠪᠠᠭᠤᠯᠢᠭ  ᠠᠵᠤ  ᠦᠢᠯᠡᠰ   ᠢ  ᠪᠣᠶᠢᠵᠢᠭᠤᠯᠵᠤ  ᠂  ᠠᠵᠤ  ᠦᠢᠯᠡᠳᠪᠦᠷᠢ   ᠶᠢᠨ  ᠠᠵᠤ  ᠠᠬᠤᠢ   ᠶᠢᠨ  ᠥᠷᠢᠰᠦᠯᠳᠦᠬᠦ  ᠬᠦᠴᠦᠨ   ᠢ  ᠶᠡᠭᠡ   ᠪᠠᠷ  ᠴᠢᠩᠭᠠᠳᠬᠠᠪᠠ  ᠃  ︽ᠲᠠᠯ᠎ᠠ  ᠨᠤᠲᠤᠭ︾  ᠠᠷᠢᠬᠢ  ᠨᠡᠷᠡᠬᠦ  ᠺᠣᠮᠫᠠᠨᠢ  ᠂  ︽ᠬᠤᠸᠠ  ᠡᠯ︾  ᠽᠧᠮᠧᠨ᠋ᠲ   ᠶᠢᠨ  ᠺᠣᠮᠫᠠᠨᠢ  ᠂  ᠴᠠᠬᠢᠯᠭᠠᠨ ᠬᠦᠴᠦᠨ ᠤ  ᠺᠣᠮᠫᠠᠨᠢ᠂  ︽ᠬᠤᠩ  ᠵᠢᠩ  ᠶᠤᠸᠠᠨ︾  ᠲᠣᠰᠣ  ᠰᠢᠬᠠᠬᠤ  ᠺᠣᠮᠫᠠᠨᠢ  ᠂  ︽ᠴᠠᠩ  ᠶᠤᠸᠠᠨ︾  ᠲᠡᠵᠢᠭᠡᠯ  ᠪᠣᠷᠳᠣᠭᠠᠨ   ᠤ  ᠺᠣᠮᠫᠠᠨᠢ  ᠵᠡᠷᠭᠡ  ᠭᠤᠣᠯᠯᠠᠬᠤ  ᠠᠵᠤ  ᠠᠬᠤᠶᠢᠯᠠᠯ  ᠠᠯᠭᠤᠷ   ᠢᠶᠠᠷ  ᠬᠥᠭᠵᠢᠨ  ᠪᠤᠵᠠᠭᠠᠶᠢᠷᠠᠵᠤ  ᠢᠷᠠᠪᠠ  ᠃  ᠪᠠᠰᠠ  ︽ᠾᠧᠩ  ᠶᠤᠸᠠᠨ︾  ᠲᠠᠷᠢᠶᠠᠯᠠᠩ  ᠠᠵᠤ  ᠠᠬᠤᠢ   ᠶᠢᠨ  ᠺᠣᠮᠫᠠᠨᠢ   ᠶᠢᠨ  ᠲᠥᠮᠥᠰᠥᠨ   ᠤ  ᠦᠢᠯᠡᠳᠪᠦᠷᠢᠯᠡᠯ  ᠂  ︽ᠲᠢᠶᠠᠨ  ᠮᠦ︾ ᠤᠯᠠᠭᠠᠨ  ᠢᠳᠡᠭᠡᠨ   ᠤ  ᠺᠣᠮᠫᠠᠨᠢ   ᠶᠢᠨ  ᠦᠬᠡᠷ  ᠬᠤᠨᠢᠨ  ᠮᠢᠬᠠᠨ   ᠤ  ᠨᠠᠷᠢᠯᠢᠭ  ᠪᠣᠯᠪᠠᠰᠤᠷᠠᠭᠤᠯᠤᠯᠲᠠ  ᠂  ︽ᠥᠷᠨᠢᠯ︾  ᠮᠠᠯᠵᠢᠯ   ᠤᠨ  ᠺᠣᠮᠫᠠᠨᠢ   ᠶᠢᠨ  ᠮᠢᠬᠠᠨ   ᠤ  ᠦᠬᠡᠷ  ᠪᠣᠷᠳᠣᠬᠤ  ᠂  ︽ᠴᠠᠩ  ᠵᠢᠶᠠᠩ︾  ᠠᠭᠤᠷᠬᠠᠢ   ᠶᠢᠨ  ᠦᠢᠯᠡᠰ   ᠤᠨ  ᠺᠣᠮᠫᠠᠨᠢ   ᠶᠢᠨ  ᠴᠠᠬᠢᠭᠤᠷ  ᠲᠡᠮᠦᠷ   ᠤᠨ  ᠦᠢᠯᠡᠳᠪᠦᠷᠢᠯᠡᠯ  ᠂  ︽ ᠶᠢᠨ  ᠳ᠋ᠢ︾  ᠸᠤᠯᠹᠠᠷᠠᠮ  ᠤᠨ  ᠦᠢᠯᠡᠰ   ᠤᠨ  ᠺᠣᠮᠫᠠᠨᠢ   ᠶᠢᠨ  ᠸᠤᠯᠹᠠᠷᠠᠮ  ᠬᠦᠳᠡᠷ  ᠰᠣᠩᠭᠤᠨ  ᠦᠢᠯᠡᠳᠪᠦᠷᠢᠯᠡᠬᠦ  ᠂  ︽ᠬᠤᠩ ᠶᠧ︾ ᠠᠭᠤᠷᠬᠠᠢ   ᠶᠢᠨ  ᠦᠢᠯᠡᠰ   ᠤᠨ  ᠺᠣᠮᠫᠠᠨᠢ   ᠶᠢᠨ  ᠴᠠᠬᠢᠭᠤᠷ  ᠴᠢᠯᠠᠭᠤ  ᠰᠣᠩᠭᠤᠨ  ᠦᠢᠯᠡᠳᠪᠦᠷᠢᠯᠡᠬᠦ  ᠂  ︽ᠰᠢᠨ  ᠶᠤᠸᠠᠨ︾  ᠺᠣᠮᠫᠠᠨᠢ   ᠶᠢᠨ  ᠪᠠᠷᠢᠯᠭ᠎ᠠ   ᠶᠢᠨ  ᠮᠠᠲ᠋ᠧᠷᠢᠶᠠᠯ  ᠦᠢᠯᠡᠳᠪᠦᠷᠢᠯᠡᠬᠦ  ᠂  ︽ᠱᠧᠨ  ᠬᠤᠸᠠ  ᠰᠢᠶᠧ  ᠾᠧ︾  ᠰᠠᠯᠬᠢᠨ  ᠴᠠᠬᠢᠯᠭᠠᠨ  ᠺᠣᠮᠫᠠᠨᠢ   ᠶᠢᠨ  ᠰᠠᠯᠬᠢᠨ  ᠬᠦᠴᠦᠨ   ᠢᠶᠠᠷ  ᠴᠠᠬᠢᠯᠭᠠᠨ   ᠭᠠᠷᠭᠠᠬᠤ  ᠵᠡᠷᠭᠡ   ᠭᠤᠣᠯᠳᠠᠯᠭ᠎ᠠ   ᠲᠠᠢ  ᠠᠵᠤ  ᠦᠢᠯᠡᠳᠪᠦᠷᠢ   ᠶᠢᠨ  ᠲᠥᠷᠥᠯ  ᠵᠦᠢᠯ   ᠢ  ᠤᠷᠢᠳ  ᠬᠤᠵᠢᠳ  ᠲᠠᠲᠠᠨ  ᠣᠷᠣᠭᠤᠯᠪᠠ  ᠃  ᠬᠡᠪᠴᠢᠶᠡᠵᠢᠯ   ᠠᠴᠠ  ᠳᠡᠭᠡᠭᠰᠢᠬᠢ  ᠠᠵᠤ  ᠦᠢᠯᠡᠳᠪᠦᠷᠢ   ᠶᠢᠨ  ᠠᠵᠤ  ᠠᠬᠤᠶᠢᠯᠠᠯ 23 ᠡᠷᠦᠭᠡ  ᠪᠣᠯᠵᠤ  ᠂ 2003  ᠣᠨ   ᠠᠴᠠ 12 ᠡᠷᠦᠭᠡ  ᠨᠡᠮᠡᠭᠳᠡᠨ  ᠂  ᠬᠢᠵᠠᠭᠠᠷᠯᠠᠯ   ᠠᠴᠠ  ᠳᠡᠭᠡᠭᠰᠢᠬᠢ  ᠠᠵᠤ  ᠦᠢᠯᠡᠳᠪᠦᠷᠢ   ᠶᠢᠨ ᠨᠡᠮᠡᠭᠳᠡᠯ  ᠥᠷᠲᠡᠭ 2.7  ᠳ᠋ᠦᠩᠰᠢᠭᠤᠷ  ᠲᠥᠭᠦᠷᠢᠭ   ᠲᠤ  ᠬᠦᠷᠴᠦ  ᠂  ᠵᠢᠯ  ᠳᠤᠮᠳᠠᠴᠢ 49.4%   ᠪᠠᠷ  ᠨᠡᠮᠡᠭᠳᠡᠵᠡᠢ  ᠃  ᠨᠡᠶᠢᠲᠡ   ᠶᠢᠨ  ᠥᠮᠴᠢᠯᠡᠯ   ᠤᠨ  ᠪᠤᠰᠤ  ᠠᠵᠤ  ᠠᠬᠤᠢ  ᠥᠷᠨᠢᠭᠦᠨ  ᠬᠥᠭᠵᠢᠵᠦ  ᠂  ᠦᠢᠯᠡᠳᠪᠦᠷᠢ  ᠬᠤᠳᠠᠯᠳᠤᠭᠠᠨ   ᠤ  ᠬᠤᠪᠢ  ᠡᠷᠦᠭᠡ 2318  ᠪᠣᠯᠵᠤ  ᠂  ᠬᠤᠪᠢ   ᠶᠢᠨ  ᠡᠵᠡᠩᠨᠡᠯᠲᠡ   ᠶᠢᠨ  ᠠᠵᠤ  ᠠᠬᠤᠶᠢᠯᠠᠯ 135  ᠡᠷᠦᠬᠡ   ᠳᠤ  ᠬᠦᠷᠦᠭᠡᠳ  ᠪᠦᠬᠦ  ᠬᠤᠰᠢᠭᠤᠨ   ᠤ  ᠠᠵᠤ  ᠠᠬᠤᠢ   ᠶᠢᠨ  ᠬᠥᠭᠵᠢᠯᠲᠡ   ᠶᠢ  ᠲᠦᠯᠬᠢᠨ  ᠠᠬᠢᠭᠤᠯᠬᠤ  ᠭᠤᠣᠯ  ᠬᠦᠴᠦᠨ  ᠪᠣᠯᠵᠠᠢ  ᠃          ︵ᠭᠤᠷᠪᠠ︶   ᠵᠤᠭᠠᠴᠠᠯ   ᠤᠨ  ᠦᠢᠯᠡᠰ  ᠰᠢᠪᠲᠤᠯᠤᠯᠲᠠ   ᠲᠠᠢ  ᠪᠣᠯᠵᠤ  ᠂  ᠭᠤᠷᠪᠠᠳᠤᠭᠠᠷ  ᠠᠵᠤ  ᠦᠢᠯᠡᠰ  ᠥᠷᠨᠢᠭᠦᠨ  ᠬᠥᠭᠵᠢᠪᠡ  ᠃        ᠲᠠᠯ᠎ᠠ  ᠨᠤᠲᠤᠭ   ᠤᠨ  ᠣᠨᠴᠠᠯᠢᠭᠲᠤ  ᠵᠤᠭᠠᠴᠠᠯ   ᠤᠨ  ᠦᠢᠯᠡᠰ  ᠤᠷᠤᠭᠰᠢᠲᠠᠢ  ᠡᠬᠢᠯᠡᠵᠡᠢ  ᠃ ᠲᠠᠶᠢᠹᠤᠰᠧ  ᠬᠤᠰᠢᠭᠤᠨ   ᠤ  ︽ᠬᠠᠭᠠᠨ   ᠤ  ᠠᠳᠤᠭᠤᠨ  ᠬᠦᠷᠢᠶ᠎ᠡ︾  ᠵᠤᠭᠠᠴᠠᠯ   ᠤᠨ  ᠣᠷᠣᠨ   ᠤ  ᠪᠠᠶᠢᠭᠤᠯᠤᠯᠲᠠ   ᠶᠢᠨ  ᠲᠦᠷᠦᠭᠦᠴᠢ  ᠬᠤᠭᠤᠴᠠᠭᠠᠨ   ᠤ  ᠢᠨᠵᠧᠨᠧᠷᠢᠩ   ᠢ  ᠳᠠᠭᠤᠰᠬᠠᠵᠤ  ᠂  ᠤᠯᠤᠰ   ᠤᠨ  ᠰᠢᠯᠭᠠᠨ  ᠪᠠᠶᠢᠴᠠᠭᠠᠯᠲᠠ   ᠪᠠᠷ  ᠳᠠᠮᠵᠢᠨ  ᠂ 3A ᠣᠳᠣᠨ  ᠲᠡᠰ   ᠤᠨ  ᠵᠤᠭᠠᠴᠠᠯ   ᠤᠨ  ᠣᠷᠣᠨ   ᠢᠶᠠᠷ  ᠭᠡᠷᠡᠴᠢᠯᠡᠭᠳᠡᠭᠰᠡᠨ  ᠪᠥᠭᠡᠳ  ᠳᠡᠯᠡᠬᠡᠢ   ᠶᠢᠨ  ᠬᠡᠪᠴᠢᠶᠡᠲᠦ  ᠰᠡᠯᠡᠭᠦᠴᠡᠯ  ᠵᠤᠭᠠᠴᠠᠯ   ᠤᠨ  ᠣᠨᠴᠠᠯᠢᠭ   ᠲᠠᠢ  ︽ᠵᠢᠩ  ᠵᠢᠢ︾  ᠠᠪᠠ   ᠶᠢᠨ  ᠲᠠᠯᠠᠪᠠᠢ   ᠶᠢᠨ  ᠭᠤᠣᠯ ᠢᠨᠵᠧᠨᠧᠷᠢᠩ   ᠢ  ᠦᠨᠳᠦᠰᠦᠨ   ᠳᠡᠭᠡᠨ  ᠳᠠᠭᠤᠰᠬᠠᠭᠰᠠᠨ  ᠪᠠᠶᠢᠨ᠎ᠠ  ᠃   ᠲᠠᠶᠢᠹᠤᠰᠧ  ᠬᠤᠰᠢᠭᠤᠨ   ᠤ  ᠡᠶ᠎ᠡ  ᠵᠣᠬᠢᠴᠠᠯᠲᠦ  ᠠᠮᠢ  ᠠᠬᠤᠢ   ᠶᠢᠨ  ᠠᠵᠤ  ᠦᠢᠯᠡᠰ   ᠤᠨ  ᠵᠤᠭᠠᠴᠠᠯ   ᠤᠨ  ᠣᠷᠣᠨ   ᠨᠢ  ᠪᠣᠯᠣᠮᠵᠢᠲᠤ  ᠰᠤᠳᠤᠯᠤᠯ  ᠬᠢᠭᠡᠳ  ᠲᠥᠰᠥᠪ  ᠲᠥᠯᠥᠪᠵᠢᠭᠦᠯᠭᠡ   ᠶᠢ ᠪᠦᠬᠦ  ᠲᠠᠯ᠎ᠠ   ᠪᠠᠷ ᠬᠢᠵᠦ  ᠳᠠᠭᠤᠰᠬᠠᠪᠠ  ᠃ ᠠᠳᠤᠭᠤᠨ  ᠰᠣᠶᠣᠯ   ᠤᠨ  ᠡᠬᠢ  ᠪᠠᠶᠠᠯᠢᠭ   ᠢ  ᠭᠦᠨ  ᠲᠡᠰᠢ  ᠠᠭᠤᠳᠠᠯᠯᠠᠨ  ᠂  ᠠᠳᠤᠭᠤᠨ  ᠦᠢᠯᠡᠰ   ᠢ  ᠪᠤᠵᠠᠭᠠᠶᠢᠷᠠᠭᠤᠯᠤᠨ  ᠬᠦᠴᠦᠷᠬᠡᠭᠵᠢᠭᠦᠯᠵᠦ  ᠂ ᠬᠤᠶᠠᠷ  ᠬᠤᠭᠤᠴᠠᠭᠠᠨ   ᠤ  ᠬᠠᠭᠠᠨ   ᠤ  ᠠᠳᠤᠭᠤᠨ  ᠰᠣᠶᠣᠯ   ᠤᠨ  ᠨᠠᠶᠢᠷ  ᠵᠢᠴᠢ  ᠪᠦᠬᠦ  ᠤᠯᠤᠰ   ᠤᠨ  ᠮᠣᠷᠢᠨ  ᠮᠡᠷᠭᠡᠵᠢᠯ   ᠤᠨ  ᠰᠦᠯᠵᠢᠨ  ᠲᠣᠭᠤᠷᠢᠬᠤ  ᠮᠠᠩᠯᠠᠢ  ᠰᠢᠯᠭᠠᠷᠠᠭᠤᠯᠬᠤ  ᠤᠷᠤᠯᠳᠤᠭᠠᠨ   ᠢ  ᠠᠮᠵᠢᠯᠲᠠᠲᠠᠢ  ᠡᠷᠬᠢᠯᠡᠪᠡ  ᠃  ᠮᠠᠯᠴᠢᠳ   ᠤᠨ  ᠵᠤᠭᠠᠴᠠᠯ   ᠤᠨ  ᠨᠡᠶᠢᠭᠡᠮᠯᠢᠭ  ᠪᠣᠯᠣᠨ  ᠮᠠᠯᠴᠢᠨ  ᠡᠷᠦᠭᠡ   ᠶᠢᠨ  ᠵᠠᠩ  ᠦᠢᠯᠡ   ᠶᠢᠨ  ᠵᠤᠭᠠᠴᠠᠯ   ᠢ   ᠬᠦᠴᠦᠯᠡᠨ ᠲᠡᠳᠬᠦᠵᠦ  ᠂  ᠤᠳᠤᠨ  ᠲᠡᠰ   ᠤᠨ  ︽ᠮᠠᠯᠴᠢᠨ  ᠠᠶᠢᠯ︾   ᠢ 7 ᠡᠷᠦᠭᠡ   ᠳᠤ  ᠬᠦᠷᠭᠡᠨ  ᠂  ᠮᠠᠯᠴᠢᠨ  ᠡᠷᠦᠭᠡ   ᠶᠢᠨ  ᠵᠤᠭᠠᠴᠠᠯ   ᠤᠨ  ᠪᠠᠷᠢᠮᠵᠢᠶᠠᠨ   ᠳᠤ  ᠬᠦᠷᠦᠭᠰᠡᠨ  ᠡᠷᠦᠭᠡ  ᠂  ᠵᠤᠭᠠᠴᠠᠯ   ᠤᠨ  ᠲᠣᠭᠲᠠᠮᠠᠯ  ᠨᠢᠭᠡᠴᠡ 30  ᠭᠠᠷᠤᠢ  ᠡᠷᠦᠭᠡ   ᠳᠤ  ᠬᠦᠷᠴᠡᠢ  ᠃ ︽ᠲᠦᠮᠡᠨ  ᠲᠣᠰᠬᠤᠨ  ᠮᠢᠩᠭᠠᠨ  ᠰᠢᠶᠠᠩ︾   ᠤᠨ  ᠵᠠᠬ᠎ᠠ  ᠳᠡᠯᠭᠡᠭᠦᠷ   ᠤᠨ  ᠢᠨᠵᠧᠨᠧᠷᠢᠩ   ᠢ  ᠬᠡᠷᠡᠭᠵᠢᠭᠦᠯᠵᠦ  ᠂  ᠲᠠᠷᠢᠶᠠᠴᠢᠨ  ᠠᠶᠢᠯ   ᠤᠨ  ᠫᠦᠰᠡ 130  ᠡᠷᠦᠭᠡ  ᠂  ᠲᠣᠬᠢᠷᠠᠭᠤᠯᠤᠨ  ᠬᠦᠷᠭᠡᠬᠦ  ᠲᠥᠪ 2  ᠰᠠᠭᠤᠷᠢ   ᠶᠢ  ᠪᠠᠶᠢᠭᠤᠯᠤᠨ  ᠂  ᠬᠥᠳᠡᠭᠡ  ᠲᠣᠰᠬᠤᠨ  ᠮᠠᠯᠵᠢᠬᠤ  ᠣᠷᠣᠨ   ᠤ  ᠠᠷᠠᠯᠵᠢᠶ᠎ᠠ  ᠬᠤᠳᠠᠯᠳᠤᠭᠠᠨ   ᠤ  ᠭᠦᠢᠯᠭᠡᠭᠡ  ᠨᠡᠪᠲᠡᠷᠡᠭᠡᠨ  ᠤ  ᠰᠢᠰᠲ᠋ᠧᠮᠵᠢ   ᠶᠢ  ᠤᠯᠠᠮ  ᠲᠡᠭᠦᠯᠳᠡᠷᠵᠢᠭᠦᠯᠪᠡ  ᠃  ︽ᠵᠢᠩ  ᠪᠸᠢ︾  ᠢᠳᠡᠰᠢᠨ ᠨᠣᠭᠤᠭ᠎ᠠ ᠪᠥᠭᠡᠮ   ᠢᠶᠠᠷ  ᠬᠤᠳᠠᠯᠳᠤᠬᠤ  ᠵᠠᠬ᠎ᠠ  ᠳᠡᠯᠭᠡᠭᠦᠷ   ᠨᠢ  ᠤᠯᠤᠰ   ᠤᠨ ︽ᠬᠤᠣᠰ  ᠵᠠᠭᠤᠨ   ᠤ  ᠵᠠᠬ᠎ᠠ  ᠳᠡᠯᠭᠡᠭᠦᠷ︾   ᠤᠨ  ᠪᠦᠲᠦᠭᠡᠨ  ᠪᠠᠶᠢᠭᠤᠯᠤᠯᠲᠠ   ᠶᠢᠨ  ᠢᠨᠵᠧᠨᠧᠷᠢᠩ   ᠳᠤ  ᠵᠢᠭᠰᠠᠭᠠᠭᠳᠠᠭᠰᠠᠨ  ᠪᠠᠶᠢᠨ᠎ᠠ  ᠃ 2007 ᠣᠨ   ᠳᠤ  ᠪᠦᠬᠦ  ᠬᠤᠰᠢᠭᠤᠨ   ᠤ  ᠨᠡᠶᠢᠭᠡᠮ   ᠤᠨ  ᠬᠡᠷᠡᠭᠯᠡᠭᠡᠨ   ᠤ  ᠲᠠᠸᠠᠷ ᠤᠨ ᠵᠢᠵᠢᠭᠯᠡᠨ ᠪᠣᠷᠣᠯᠠᠭᠤᠯᠤᠭᠰᠠᠨ ᠶᠡᠷᠦᠩᠬᠡᠢ ᠬᠡᠮᠵᠢᠶ᠎ᠡ 5.7 ᠳ᠋ᠦᠩᠰᠢᠭᠤᠷ ᠲᠥᠭᠦᠷᠢᠭ ᠲᠤ ᠬᠦᠷᠴᠦ᠂ 2003ᠣᠨ‌ᠡᠴᠠ 1.6 ᠲᠠᠬᠢᠨ ᠥᠰᠴᠦ  ᠂  ᠵᠢᠯ ᠪᠦᠷᠢ ᠳᠤᠮᠳᠠᠴᠢ ᠪᠠᠷ 10.5%  ᠪᠠᠷ ᠨᠡᠮᠡᠭᠳᠡᠵᠡᠢ  ᠃          ︵ᠳᠥᠷᠪᠡ︶  ᠲᠣᠭᠲᠠᠮᠠᠯ ᠬᠥᠷᠥᠩᠭᠡ   ᠶᠢᠨ  ᠪᠡᠯᠡ  ᠣᠷᠤᠭᠤᠯᠤᠯᠲᠠ  ᠰᠢᠷᠦᠭᠦᠰᠴᠦ  ᠂  ᠬᠤᠲᠠ  ᠬᠥᠳᠡᠭᠡ   ᠶᠢᠨ  ᠲᠥᠷᠬᠦ  ᠪᠠᠶᠢᠳᠠᠯ  ᠶᠡᠭᠡ   ᠪᠠᠷ  ᠬᠤᠪᠢᠷᠠᠪᠠ  ᠃          ᠳᠥᠷᠪᠡᠨ ᠵᠢᠯ ᠤᠨ ᠲᠤᠷᠰᠢ  ᠂  ᠪᠦᠬᠦ ᠨᠡᠶᠢᠭᠡᠮ ᠤᠨ ᠲᠣᠭᠲᠠᠮᠠᠯ ᠬᠥᠷᠥᠩᠭᠡ ᠶᠢᠨ ᠪᠡᠯᠡ ᠣᠷᠤᠭᠤᠯᠤᠯᠲᠠ ᠨᠡᠶᠢᠲᠡ 25 ᠳ᠋ᠦᠩᠰᠢᠭᠤᠷ ᠲᠥᠭᠦᠷᠢᠭ ᠢ ᠪᠡᠶᠡᠯᠡᠭᠦᠯᠵᠦ  ᠂  ᠡᠨᠡ ᠨᠢ ᠳᠡᠭᠡᠷ᠎ᠡ ᠳᠥᠷᠪᠡᠨ ᠵᠢᠯ ᠤᠨ 3 ᠲᠠᠬᠢᠨ ᠪᠠᠶᠢᠵᠤ  ᠂  ᠵᠢᠯ  ᠪᠦᠷᠢ  ᠳᠤᠮᠳᠠᠴᠢ   ᠪᠠᠷ 31%   ᠢᠶᠠᠷ  ᠨᠡᠮᠡᠭᠳᠡᠵᠡᠢ  ᠃ ︽207︾  ᠱᠤᠭᠤᠮ   ᠤᠨ  ᠪᠤᠤᠴᠠᠩ   ᠠᠴᠠ  ᠰᠠᠩ   ᠤᠨ  ᠳᠠᠯᠠᠢ  ᠬᠦᠷᠬᠦ  ᠨᠢᠭᠡᠳᠦᠭᠡᠷ  ᠲᠡᠰ   ᠤᠨ  ᠵᠠᠰᠠᠮᠠᠯ  ᠵᠠᠮ  ᠂ ᠾᠸᠤ ᠹᠠᠩ  ᠽᠢ   ᠠᠴᠠ  ᠬᠥᠬᠡᠬᠤᠲᠠ ᠬᠠᠶᠢᠯᠠᠷ   ᠤᠨ ᠶᠡᠭᠡ  ᠵᠠᠮ ᠬᠦᠷᠬᠦ ᠬᠤᠶᠠᠳᠤᠭᠠᠷ ᠲᠡᠰ ᠤᠨ ᠵᠠᠰᠠᠮᠠᠯ ᠵᠠᠮ ᠤᠨ ᠪᠠᠶᠢᠭᠤᠯᠤᠯᠲᠠ ᠶᠢ ᠡᠬᠢᠯᠡᠭᠦᠯᠵᠦ  ᠂  ᠪᠤᠤᠴᠠᠩ ᠠᠴᠠ ᠰᠠᠨ ᠬᠤᠤ ᠳ᠋ᠢ  ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠤᠨ  ᠤᠷᠢᠳᠴᠢᠯᠠᠭᠰᠠᠨ  ᠲᠥᠰᠥᠪ   ᠢ  ᠭᠠᠷᠭᠠᠵᠤ  ᠂ ᠬᠤᠰᠢᠭᠤ  ᠪᠠ  ᠰᠤᠮᠤ  ᠰᠢᠶᠠᠩ   ᠪᠠᠯᠭᠠᠰᠤᠨ   ᠤ  ᠬᠤᠭᠤᠷᠣᠨᠳᠤᠬᠢ  ᠲᠣᠰᠣᠨ  ᠵᠠᠮ  ᠨᠡᠶᠢᠲᠡ 174  ᠺᠢᠯᠤᠮᠧᠲᠷ   ᠢ  ᠰᠢᠨ᠎ᠡ   ᠪᠠᠷ  ᠪᠠᠶᠢᠭᠤᠯᠤᠭᠰᠠᠨ  ᠪᠠ   ᠰᠢᠨᠡᠳᠬᠡᠵᠦ  ᠂  ᠰᠢᠶᠠᠩ ᠪᠦᠷᠢ   ᠳᠤ  ᠲᠣᠰᠣᠨ  ᠵᠠᠮ  ᠨᠡᠪᠲᠡᠷᠡᠬᠦ   ᠶᠢ  ᠪᠡᠶᠡᠯᠡᠭᠦᠯᠪᠡ  ᠃ ᠲᠣᠰᠬᠤᠨ   ᠳᠤ  ᠨᠡᠪᠲᠡᠷᠡᠬᠦ  ᠬᠠᠶᠢᠷ  ᠴᠢᠯᠠᠭᠤᠨ  ᠵᠠᠮ  ᠨᠡᠶᠢᠲᠡ 434  ᠺᠢᠯᠤᠮᠧᠲᠷ  ᠰᠢᠨ᠎ᠡ   ᠪᠠᠷ  ᠪᠠᠶᠢᠭᠤᠯᠤᠨ  ᠂  ᠪᠦᠬᠦ  ᠬᠤᠰᠢᠭᠤᠨ   ᠤ  ᠵᠠᠰᠠᠮᠠᠯ  ᠵᠠᠮ   ᠤᠨ  ᠶᠡᠷᠦᠩᠬᠡᠢ  ᠤᠷᠲᠤ 1217  ᠺᠢᠯᠤᠮᠧᠲᠷ   ᠲᠤ  ᠬᠦᠷᠭᠡᠪᠡ  ᠃ ᠲᠠᠷᠢᠶᠠᠯᠠᠩ   ᠤᠨ  ᠴᠠᠬᠢᠯᠭᠠᠨ   ᠢ  ᠥᠭᠡᠷᠡᠴᠢᠯᠡᠬᠦ  ᠪᠠ  ᠪᠦᠷᠢᠨᠰᠢᠭᠦᠯᠬᠦ  ᠢᠨᠵᠧᠨᠧᠷᠢᠩ   ᠢ  ᠳᠠᠭᠤᠰᠬᠠᠨ  ᠂  ᠬᠤᠲᠠ   ᠶᠢᠨ  ᠴᠠᠬᠢᠯᠭᠠᠨ  ᠲᠣᠣᠷ   ᠤᠨ  ᠲᠦᠷᠦᠭᠦᠴᠢ  ᠬᠤᠭᠤᠴᠠᠭᠠᠨ   ᠤ  ᠥᠭᠡᠷᠡᠴᠢᠯᠡᠯᠲᠡ   ᠶᠢᠨ  ᠢᠨᠵᠧᠨᠧᠷᠢᠩ   ᠢ  ᠬᠡᠷᠡᠭᠵᠢᠭᠦᠯᠵᠦ  ᠂  ᠬᠤᠶᠠᠳᠤᠭᠠᠷ  ᠬᠤᠭᠤᠴᠠᠭᠠᠨ   ᠤ  ᠲᠥᠷᠥᠯ  ᠵᠦᠢᠯ   ᠢ  ᠡᠬᠢᠯᠡᠭᠦᠯᠵᠡᠢ  ᠃ ᠡᠯ᠎ᠡ ᠲᠥᠷᠥᠯ ᠤᠨ ᠴᠢᠮᠡᠭᠡ  ᠬᠤᠯᠪᠣᠭᠠᠨ   ᠤ  ᠰᠠᠭᠤᠷᠢᠨ  ᠥᠷᠲᠡᠭᠡ 139   ᠶᠢ  ᠰᠢᠨ᠎ᠡ   ᠪᠠᠷ  ᠪᠠᠶᠢᠭᠤᠯᠵᠤ  ᠂ ᠥᠷᠭᠡᠨ  ᠪᠦᠰᠡᠲᠦ  ᠰᠦᠯᠵᠢᠶ᠎ᠡ  ᠪᠣᠯᠣᠨ  ᠰᠢᠶᠤᠤ  ᠯᠢᠨ  ᠲᠦᠩ   ᠤ  ᠦᠢᠯᠡᠴᠢᠯᠡᠭᠡ   ᠶᠢ  ᠨᠡᠪᠲᠡᠷᠡᠭᠦᠯᠦᠨ  ᠂  ᠲᠣᠭᠲᠠᠮᠠᠯ  ᠪᠠ  ᠰᠢᠯᠵᠢᠮᠡᠯ  ᠳ᠋ᠢᠶᠠᠩᠬᠤᠸᠠ   ᠶᠢᠨ  ᠲᠦᠭᠡᠭᠡᠮᠡᠯᠵᠢᠯ   ᠤᠨ  ᠨᠣᠷᠮ᠎ᠠ  ᠲᠣᠰᠪᠤᠷᠢ  ᠵᠠᠭᠤᠨ  ᠬᠥᠮᠥᠨ   ᠳᠤ 15  ᠪᠠ 19  ᠨᠣᠭᠳᠠᠵᠠᠢ  ᠃ ᠬᠤᠲᠠ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢᠨ  ᠲᠠᠯ᠎ᠠ   ᠪᠠᠷ  ᠂  ᠪᠤᠤᠴᠠᠩ  ᠪᠠᠯᠭᠠᠰᠤ ᠪᠠᠷ  ᠭᠤᠣᠯ ᠪᠣᠯᠭᠠᠵᠤ  ᠂  ᠨᠡᠶᠢᠲᠡ   ᠶᠢᠨ  ᠬᠡᠷᠡᠭᠯᠡᠭᠡᠨ   ᠤ  ᠰᠠᠭᠤᠷᠢ  ᠲᠥᠬᠦᠭᠡᠷᠦᠮᠵᠢ  ᠪᠣᠯᠣᠨ  ᠣᠷᠣᠨ  ᠰᠠᠭᠤᠴᠠ   ᠶᠢᠨ  ᠪᠠᠷᠢᠯᠭ᠎ᠠ   ᠶᠢᠨ  ᠪᠦᠲᠦᠭᠡᠨ  ᠪᠠᠶᠢᠭᠤᠯᠤᠯᠲᠠ   ᠳᠤ  ᠨᠡᠶᠢᠲᠡ 6.22  ᠳ᠋ᠦᠩᠰᠢᠭᠤᠷ  ᠲᠥᠭᠦᠷᠢᠭ   ᠤᠨ  ᠪᠡᠯᠡ  ᠣᠷᠣᠭᠤᠯᠵᠤ  ᠂  ᠬᠤᠲᠠ  ᠪᠠᠯᠭᠠᠰᠤᠨ   ᠤ  ᠴᠢᠳᠠᠪᠬᠢ   ᠶᠢ  ᠲᠡᠰᠦᠷᠡᠯᠲᠡ  ᠦᠭᠡᠢ  ᠶᠡᠬᠡᠰᠬᠡᠵᠦ  ᠂  ᠬᠠᠮᠢᠶᠠᠷᠤᠯᠲᠠ   ᠶᠢᠨ  ᠲᠦᠪᠰᠢᠨ   ᠢ  ᠴᠢᠨᠠᠭᠰᠢᠳᠠ  ᠨᠡᠮᠡᠭᠳᠡᠭᠦᠯᠦᠨ  ᠂  ᠪᠤᠤᠴᠠᠩ  ᠪᠠᠯᠭᠠᠰᠤ   ᠨᠢ ᠥᠪᠡᠷᠲᠡᠭᠡᠨ  ᠵᠠᠰᠠᠬᠤ ᠣᠷᠣᠨ ᠤ  ᠵᠢᠷᠭᠤᠭᠠᠨ ᠣᠳᠣᠨ ᠲᠡᠰ   ᠤᠨ  ᠪᠣᠯᠪᠠᠰᠤᠨ ᠬᠤᠲᠠ  ᠪᠠᠯᠭᠠᠰᠤ  ᠪᠣᠯᠣᠨ  ᠠᠶᠢᠮᠠᠭ   ᠤᠨ ᠲᠡᠰ ᠤᠨ ᠡᠷᠡᠭᠦᠯ  ᠬᠠᠮᠠᠭᠠᠯᠠᠯ   ᠤᠨ  ᠬᠤᠲᠠ  ᠪᠠᠯᠭᠠᠰᠤ   ᠪᠠᠷ ᠦᠨᠡᠯᠡᠭᠳᠡᠭᠰᠡᠨ ᠪᠠᠶᠢᠨ᠎ᠠ  ᠃          ︵ᠲᠠᠪᠤ︶  ᠡᠯ᠎ᠡ  ᠲᠥᠷᠥᠯ   ᠤᠨ  ᠥᠭᠡᠷᠡᠴᠢᠯᠡᠯᠲᠡ   ᠶᠢ  ᠭᠦᠨᠵᠡᠭᠡᠢ  ᠠᠬᠢᠭᠤᠯᠵᠤ  ᠂  ᠭᠠᠳᠠᠭᠰᠢ  ᠨᠡᠭᠡᠭᠡᠯᠲᠡ  ᠮᠡᠳᠡᠭᠳᠡᠮ᠎ᠡ  ᠦᠷ᠎ᠡ  ᠪᠦᠲᠦᠮᠵᠢ  ᠣᠯᠪᠠ  ᠃        ᠤᠯᠤᠰ   ᠤᠨ  ᠥᠮᠴᠢᠯᠡᠯᠲᠦ  ᠠᠵᠤ  ᠠᠬᠤᠶᠢᠯᠠᠯ   ᠤᠨ  ᠥᠭᠡᠷᠡᠴᠢᠯᠡᠯᠲᠡ  ᠂  ᠠᠮᠤ  ᠦᠷ᠎ᠡ   ᠶᠢᠨ  ᠭᠦᠢᠯᠭᠡᠭᠡᠨ   ᠤ  ᠪᠠᠶᠢᠭᠤᠯᠤᠯ   ᠤᠨ  ᠥᠭᠡᠷᠡᠴᠢᠯᠡᠯᠲᠡ  ᠂  ᠬᠥᠳᠡᠭᠡ  ᠲᠣᠰᠬᠤᠨ  ᠮᠠᠯᠵᠢᠬᠤ  ᠣᠷᠣᠨ   ᠤ  ᠶᠡᠷᠦᠩᠬᠡᠶᠢᠯᠡᠭᠰᠡᠨ  ᠥᠭᠡᠷᠡᠴᠢᠯᠡᠯᠲᠡ  ᠂  ᠢᠲᠡᠭᠡᠮᠵᠢ   ᠶᠢᠨ  ᠬᠤᠷᠰᠢᠶᠠᠨ   ᠤ  ᠥᠭᠡᠷᠡᠴᠢᠯᠡᠯᠲᠡ  ᠦᠨᠳᠦᠰᠦᠨ   ᠳᠡᠭᠡᠨ  ᠪᠡᠶᠡᠯᠡᠭᠳᠡᠵᠦ  ︔  ᠭᠠᠵᠠᠷ  ᠰᠢᠷᠣᠢ   ᠶᠢᠨ  ᠡᠯᠰᠡᠨ  ᠲᠠᠲᠠᠪᠤᠷᠢᠯᠠᠬᠤ  ᠬᠠᠮᠢᠶᠠᠷᠤᠯᠲᠠ   ᠶᠢᠨ  ᠥᠭᠡᠷᠡᠴᠢᠯᠡᠯᠲᠡ  ᠲᠠᠰᠤᠷᠠᠯᠲᠠ  ᠦᠭᠡᠢ  ᠭᠦᠨᠵᠡᠭᠡᠶᠢᠷᠡᠨ  ᠂  ᠭᠠᠵᠠᠷ  ᠰᠢᠷᠣᠢ  ᠬᠤᠷᠢᠶᠠᠨ  ᠨᠥᠭᠡᠴᠡᠯᠡᠬᠦ  ᠪᠠ  ᠳᠠᠭᠠᠭᠠᠴᠢᠯᠠᠯᠲᠠ  ᠵᠠᠷᠯᠠᠬᠤ  ᠂  ᠦᠨ᠎ᠡ  ᠬᠠᠶᠠᠯᠴᠠᠨ  ᠬᠤᠳᠠᠯᠳᠤᠬᠤ  ᠵᠡᠷᠭᠡ  ᠳᠦᠷᠢᠮ  ᠲᠣᠭᠲᠠᠭᠠᠯ   ᠢ  ᠪᠦᠬᠦ  ᠲᠠᠯ᠎ᠠ   ᠪᠠᠷ  ᠪᠠᠶᠢᠭᠤᠯᠵᠤ  ︔  ᠵᠠᠰᠠᠭ   ᠤᠨ  ᠣᠷᠳᠣᠨ   ᠠᠴᠠ  ᠬᠤᠳᠠᠯᠳᠤᠨ  ᠠᠪᠬᠤ  ᠂  ᠣᠷᠣᠯᠭ᠎ᠠ  ᠵᠠᠷᠤᠯᠭ᠎ᠠ   ᠶᠢᠨ  ᠠᠰᠲᠠᠭᠠᠨ  ᠱᠤᠭᠤᠮ  ᠵᠡᠷᠭᠡ  ᠡᠳ᠋   ᠤᠨ  ᠵᠠᠰᠠᠭ   ᠤᠨ  ᠬᠠᠮᠢᠶᠠᠷᠤᠯᠲᠠ   ᠶᠢᠨ  ᠪᠠᠶᠢᠭᠤᠯᠤᠯ   ᠤᠨ  ᠥᠭᠡᠷᠡᠴᠢᠯᠡᠯᠲᠡ  ᠴᠦ  ᠤᠷᠤᠭᠰᠢᠲᠠᠢ  ᠶᠠᠪᠤᠭᠳᠠᠨ  ᠂  ᠨᠡᠶᠢᠲᠡ   ᠶᠢᠨ  ᠡᠳ᠋   ᠤᠨ  ᠵᠠᠰᠠᠭ   ᠤᠨ  ᠰᠢᠰᠲ᠋ᠧᠮᠵᠢ  ᠠᠩᠬ᠎ᠠ  ᠠᠯᠬᠤᠮ  ᠪᠦᠷᠢᠯᠳᠦᠵᠦ  ︔  ᠵᠠᠰᠠᠭ  ᠵᠠᠬᠢᠷᠭᠠᠨ   ᠤ  ᠬᠤᠪᠢᠶᠠᠷᠢᠯᠠᠯ   ᠤᠨ  ᠲᠣᠬᠢᠷᠠᠭᠤᠯᠭ᠎ᠠ   ᠶᠢ  ᠠᠮᠵᠢᠯᠲᠠᠲᠠᠢ  ᠪᠡᠶᠡᠯᠡᠭᠦᠯᠦᠨ  ᠂  ᠰᠤᠮᠤ  ᠰᠢᠶᠠᠩ  ᠪᠠᠯᠭᠠᠰᠤ   ᠶᠢ 6  ᠪᠣᠯᠭᠠᠨ  ᠴᠣᠮᠬᠠᠳᠬᠠᠪᠠ  ᠃  ᠠᠷᠠᠯᠵᠢᠶᠠᠴᠢᠨ  ᠤᠷᠢᠵᠤ  ᠪᠡᠯᠡ  ᠲᠠᠲᠠᠬᠤ  ᠠᠵᠢᠯ  ᠶᠡᠬᠡᠬᠡᠨ  ᠰᠢᠪᠲᠤᠯᠤᠯᠲᠠ   ᠲᠠᠢ  ᠪᠣᠯᠵᠤ  ᠂  ᠳᠥᠷᠪᠡᠨ  ᠵᠢᠯ   ᠳᠤ 98 ᠲᠥᠷᠥᠯ ᠵᠦᠢᠯ ᠳᠤ 10.4ᠳ᠋ᠦᠩᠰᠢᠭᠤᠷ ᠲᠥᠭᠦᠷᠢᠭ   ᠤᠨ ᠪᠡᠯᠡ ᠣᠷᠣᠭᠤᠯᠵᠤ᠂ ᠪᠡᠯᠡ  ᠮᠥᠩᠭᠦ   ᠶᠢ ᠣᠷᠣᠨ ᠪᠠᠶᠢᠷᠢ ᠳᠤᠨᠢ ᠬᠦᠷᠦᠭᠦᠯᠦᠭᠡᠳ᠂ ᠡᠨᠡ   ᠨᠢ ᠳᠡᠭᠡᠷ᠎ᠡ ᠳᠦᠷᠪᠡᠨ  ᠵᠢᠯ ᠠᠴᠠ 5 ᠲᠠᠬᠢᠨ ᠨᠡᠮᠡᠭᠳᠡᠭᠰᠡᠨ  ᠪᠠᠶᠢᠨ᠎ᠠ  ᠃          ︵ᠵᠢᠷᠭᠤᠭ᠎ᠠ︶  ᠡᠳ᠋   ᠤᠨ  ᠶᠠᠪᠤᠳᠠᠯ   ᠤᠨ  ᠪᠠᠲᠤᠯᠠᠭᠠᠨ   ᠤ  ᠴᠢᠳᠠᠪᠤᠷᠢ  ᠨᠡᠮᠡᠭᠳᠡᠵᠦ  ᠂  ᠠᠷᠠᠳ   ᠤᠨ  ᠠᠮᠢᠳᠤᠷᠠᠯ  ᠮᠡᠳᠡᠭᠳᠡᠬᠦᠶᠢᠴᠡ  ᠰᠠᠶᠢᠵᠢᠷᠠᠪᠠ  ᠃        ᠡᠳ᠋   ᠤᠨ  ᠵᠠᠰᠠᠭ   ᠤᠨ  ᠰᠤᠷᠪᠤᠯᠵᠢ   ᠶᠢ  ᠢᠳᠡᠪᠬᠢᠲᠡᠢ  ᠪᠣᠶᠢᠵᠢᠭᠤᠯᠵᠤ  ᠂  ᠭᠠᠶᠢᠯᠢ  ᠬᠤᠷᠢᠶᠠᠵᠤ  ᠲᠠᠲᠠᠪᠤᠷᠢᠯᠠᠬᠤ  ᠬᠠᠮᠢᠶᠠᠷᠤᠯᠲᠠ   ᠶᠢ  ᠴᠢᠩᠭᠠᠳᠬᠠᠨ  ᠂ ᠡᠳ᠋   ᠤᠨ  ᠵᠠᠰᠠᠭ   ᠤᠨ  ᠣᠷᠣᠯᠭ᠎ᠠ   ᠶᠢᠨ  ᠦᠷᠭᠦᠯᠵᠢᠯᠡᠭᠰᠡᠨ  ᠨᠡᠮᠡᠭᠳᠡᠯ   ᠢ  ᠪᠠᠲᠤᠯᠠᠵᠤ  ᠳᠡᠶᠢᠯᠵᠡᠢ  ᠃  ᠨᠡᠶᠢᠲᠡ   ᠶᠢᠨ  ᠡᠳ᠋   ᠤᠨ  ᠵᠠᠰᠠᠭ   ᠤᠨ  ᠱᠠᠭᠠᠷᠳᠠᠯᠭ᠎ᠠ  ᠶᠣᠰᠣᠭᠠᠷ  ᠂  ᠡᠷᠭᠢᠯᠲᠡ   ᠶᠢ  ᠪᠠᠲᠤᠯᠠᠵᠤ  ᠂  ᠲᠤᠰᠬᠠᠢ  ᠲᠥᠷᠥᠯ   ᠢ  ᠪᠠᠲᠤᠯᠠᠵᠤ  ᠂  ᠲᠣᠭᠲᠠᠭᠤᠨ   ᠢ  ᠪᠠᠲᠤᠯᠠᠵᠤ  ᠂  ᠬᠥᠭᠵᠢᠯᠲᠡ   ᠶᠢ  ᠠᠬᠢᠭᠤᠯᠬᠤ   ᠶᠢᠨ  ᠬᠠᠮᠲᠤ  ᠂  ᠨᠡᠶᠢᠭᠡᠮ   ᠤᠨ  ᠪᠠᠲᠤᠯᠠᠭ᠎ᠠ  ᠂  ᠰᠤᠷᠭᠠᠨ  ᠬᠥᠮᠥᠵᠢᠯ  ᠂  ᠡᠷᠡᠭᠦᠯ  ᠬᠠᠮᠠᠭᠠᠯᠠᠯ  ᠵᠡᠷᠭᠡ  ᠬᠠᠮᠲᠤ  ᠨᠡᠶᠢᠲᠡ   ᠶᠢᠨ  ᠬᠦᠷᠢᠶ᠎ᠡ  ᠬᠡᠪᠴᠢᠶᠡᠨ   ᠳᠠᠬᠢ  ᠣᠷᠤᠭᠤᠯᠤᠯᠲᠠ   ᠶᠢ  ᠭᠤᠣᠯᠳᠠᠯᠭ᠎ᠠ   ᠲᠠᠢ  ᠶᠡᠬᠡᠰᠬᠡᠪᠡ  ᠃  ᠳᠥᠷᠪᠡᠨ  ᠵᠢᠯ   ᠳᠤ  ᠡᠳ᠋   ᠤᠨ  ᠵᠠᠰᠠᠭ   ᠤᠨ  ᠵᠠᠷᠤᠯᠭ᠎ᠠ  ᠨᠡᠶᠢᠲᠡ 13.7  ᠳ᠋ᠦᠩᠰᠢᠭᠤᠷ  ᠲᠥᠭᠦᠷᠢᠭ   ᠲᠤ  ᠬᠦᠷᠴᠦ  ᠂  ᠲᠠᠷᠢᠶᠠᠯᠠᠬᠤ   ᠶᠢ  ᠵᠣᠭᠰᠣᠭᠠᠵᠤ  ᠣᠶᠢᠵᠢᠭᠤᠯᠵᠤ  ᠡᠪᠡᠰᠦᠵᠢᠭᠦᠯᠬᠦ  ᠂  ᠪᠡᠯᠴᠢᠭᠡᠷᠯᠡᠭᠦᠯᠬᠦ   ᠶᠢ  ᠵᠣᠭᠰᠣᠭᠠᠨ  ᠬᠠᠰᠢᠶᠠᠯᠠᠵᠤ  ᠮᠠᠯᠵᠢᠬᠤ  ᠂  ᠠᠮᠤ  ᠦᠷ᠎ᠡ   ᠶᠢᠨ  ᠰᠢᠭᠤᠳ  ᠨᠥᠬᠦᠪᠦᠷᠢ  ᠵᠡᠷᠭᠡ  ᠡᠯ᠎ᠡ  ᠲᠥᠷᠥᠯ   ᠤᠨ  ᠨᠥᠬᠦᠪᠦᠷᠢ  ᠨᠡᠶᠢᠲᠡ 3  ᠳ᠋ᠦᠩᠰᠢᠭᠤᠷ  ᠭᠠᠷᠤᠢ  ᠲᠥᠭᠦᠷᠢᠭ   ᠢ  ᠲᠠᠷᠬᠠᠭᠠᠵᠤ  ᠂  ᠬᠤᠪᠢ  ᠬᠥᠮᠥᠨ   ᠤ  ᠬᠡᠰᠡᠭ 63.7% ᠪᠠᠷ  ᠨᠡᠮᠡᠭᠳᠡᠨ  ᠂  ᠬᠥᠳᠡᠭᠡ  ᠲᠣᠰᠬᠤᠨ   ᠤ  ᠨᠡᠶᠢᠲᠡ   ᠶᠢᠨ  ᠵᠠᠷᠤᠳᠠᠯ  ᠲᠠᠬᠢᠨ   ᠢᠶᠠᠷ  ᠥᠰᠦᠭᠰᠡᠨ  ᠪᠠᠶᠢᠨ᠎ᠠ  ᠃  ᠡᠨᠡ  ᠵᠢᠯ   ᠤᠨ  ᠡᠳ᠋   ᠤᠨ  ᠵᠠᠰᠠᠭ   ᠤᠨ  ᠵᠠᠷᠤᠯᠭ᠎ᠠ  ᠪᠠᠷᠤᠭ 4.2  ᠳ᠋ᠦᠩᠰᠢᠭᠤᠷ  ᠲᠥᠭᠦᠷᠢᠭ  ᠬᠦᠷᠴᠦ  ᠂ 2003  ᠣᠨ   ᠤ 3.24  ᠲᠠᠬᠢᠨ  ᠪᠣᠯᠵᠠᠢ  ᠃        ᠬᠤᠲᠠ  ᠬᠥᠳᠡᠭᠡ   ᠶᠢᠨ  ᠰᠠᠭᠤᠭᠠᠯᠢ  ᠠᠷᠠᠳ   ᠤᠨ  ᠣᠷᠣᠯᠭ᠎ᠠ  ᠶᠡᠭᠡ  ᠬᠡᠮᠵᠢᠶ᠎ᠡ   ᠪᠠᠷ  ᠨᠡᠮᠡᠭᠳᠡᠪᠡ  ᠃ 2007  ᠣᠨ   ᠳᠤ  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠬᠥᠮᠥᠨ  ᠳᠤᠮᠳᠠᠴᠢ  ᠲᠣᠬᠢᠷᠠᠭᠤᠯᠵᠤ  ᠪᠣᠯᠬᠤᠶᠢᠴᠠ  ᠣᠷᠣᠯᠭ᠎ᠠ 8500 ᠲᠥᠭᠦᠷᠢᠭ  ᠂  ᠲᠠᠷᠢᠶᠠᠴᠢᠨ  ᠮᠠᠯᠴᠢᠨ   ᠤ  ᠬᠥᠮᠥᠨ  ᠳᠤᠮᠳᠠᠴᠢ  ᠴᠡᠪᠡᠷ  ᠣᠷᠣᠯᠭ᠎ᠠ  ᠲᠣᠰᠪᠤᠷᠢ 3200 ᠪᠠ 4300 ᠲᠥᠭᠦᠷᠢᠭ   ᠲᠤ  ᠬᠦᠷᠴᠦ  ᠂ 2003  ᠣᠨ   ᠠᠴᠠ  ᠲᠣᠰᠪᠤᠷᠢ 63%  ᠂ 93%  ᠪᠠ 92%   ᠢᠶᠠᠷ ᠨᠡᠮᠡᠭᠳᠡᠵᠡᠢ  ᠃  ᠬᠤᠲᠠ  ᠬᠥᠳᠡᠭᠡ   ᠶᠢᠨ  ᠰᠠᠭᠤᠭᠠᠯᠢ  ᠠᠷᠠᠳ   ᠤᠨ  ᠬᠠᠳᠠᠭᠠᠯᠠᠮᠵᠢ   ᠶᠢᠨ  ᠦᠯᠡᠳᠡᠪᠦᠷᠢ 7  ᠳ᠋ᠦᠩᠰᠢᠭᠤᠷ  ᠲᠥᠭᠦᠷᠢᠭ   ᠲᠤ  ᠬᠦᠷᠴᠦ  ᠂ 2003  ᠣᠨ   ᠠᠴᠠ  ᠨᠢᠭᠡ  ᠲᠠᠬᠢᠨ ᠥᠰᠪᠡ  ᠃ ᠶᠠᠳᠠᠭᠤ   ᠶᠢ  ᠲᠡᠳᠬᠦᠵᠦ  ᠨᠡᠭᠡᠭᠡᠨ  ᠬᠥᠭᠵᠢᠭᠦᠯᠬᠦ  ᠪᠡᠯᠡ  ᠮᠥᠩᠭᠦ  ᠨᠡᠶᠢᠲᠡ 2523 ᠲᠦᠮᠡᠨ  ᠲᠥᠭᠦᠷᠢᠭ  ᠣᠷᠣᠭᠤᠯᠵᠤ  ᠂ ᠶᠠᠳᠠᠭᠤ  ᠬᠦᠴᠢᠷᠳᠡᠯᠲᠡᠢ  ᠬᠥᠮᠥᠨ  ᠠᠮᠠ 2003  ᠣᠨ   ᠳᠤ 9.2  ᠲᠦᠮᠡ  ᠪᠠᠶᠢᠭᠰᠠᠨ   ᠠᠴᠠ   ᠪᠠᠨ  ᠬᠠᠰᠤᠭᠳᠠᠨ 4.85  ᠲᠦᠮᠡᠨ  ᠬᠥᠮᠥᠨ  ᠪᠣᠯᠵᠠᠢ  ᠃            ︵ᠳᠣᠯᠤᠭ᠎ᠠ︶  ᠨᠡᠶᠢᠭᠡᠮ   ᠤᠨ ᠪᠠᠲᠤᠯᠠᠭᠠᠨ   ᠤ  ᠴᠢᠳᠠᠪᠤᠷᠢ  ᠢᠯᠡᠳᠲᠡ  ᠴᠢᠩᠭᠠᠷᠠᠵᠤ  ᠂  ᠡᠯ᠎ᠡ  ᠲᠥᠷᠥᠯ   ᠤᠨ ᠦᠢᠯᠡᠰ  ᠪᠦᠬᠦ  ᠲᠠᠯ᠎ᠠ   ᠪᠠᠷ  ᠳᠠᠪᠰᠢᠪᠠ  ᠃        ᠠᠵᠢᠯ  ᠣᠯᠭᠤᠬᠤ  ᠂  ᠲᠠᠬᠢᠨ  ᠠᠵᠢᠯ  ᠣᠯᠭᠤᠬᠤ  ᠲᠥᠷᠥ   ᠶᠢᠨ  ᠪᠣᠳᠣᠯᠭ᠎ᠠ   ᠶᠢ  ᠨᠢᠮᠪᠠᠢ  ᠲᠣᠣᠱᠯᠠᠭᠤᠯᠵᠦ  ᠂  ᠦᠨᠳᠦᠰᠦᠨ  ᠱᠠᠲᠤᠨ   ᠤ  ᠠᠵᠢᠯ  ᠣᠯᠭᠤᠬᠤ  ᠦᠢᠯᠡᠴᠢᠯᠡᠭᠡᠨ   ᠤ  ᠰᠢᠰᠲ᠋ᠧᠮᠵᠢ  ᠪᠠ  ᠬᠥᠳᠡᠯᠮᠦᠷᠢ   ᠶᠢᠨ  ᠪᠠᠲᠤᠯᠠᠭᠠᠨ   ᠤ  ᠦᠢᠯᠡᠴᠢᠯᠡᠭᠡᠨ   ᠤ  ᠲᠠᠪᠴᠠᠩ   ᠢ  ᠠᠯᠭᠤᠷ   ᠢᠶᠠᠷ  ᠪᠠᠶᠢᠭᠤᠯᠤᠨ  ᠪᠦᠷᠢᠨᠰᠢᠭᠦᠯᠪᠠ  ᠃ ᠰᠢᠨ᠎ᠡ  ᠨᠡᠮᠡᠭᠳᠡᠭᠰᠡᠨ  ᠠᠵᠢᠯ   ᠤᠨ  ᠪᠠᠶᠢᠷᠢ 8000  ᠬᠦᠷᠴᠦ  ᠂ 4955  ᠬᠥᠮᠥᠨ   ᠳᠤ  ᠠᠵᠢᠯ  ᠣᠯᠭᠤᠨ  ᠂  ︽ᠠᠵᠢᠯ  ᠣᠯᠣᠭᠰᠠᠨ  ᠦᠭᠡᠢ  ᠭᠡᠷ  ᠪᠦᠯᠢ︾  ᠦᠨᠳᠦᠰᠦᠨ   ᠳᠡᠭᠡᠨ  ᠤᠰᠠᠳᠴᠤ  ᠂  ᠬᠤᠲᠠ  ᠪᠠᠯᠭᠠᠰᠤᠨ   ᠤ  ᠠᠵᠢᠯ  ᠠᠯᠳᠠᠬᠤ  ᠨᠣᠷᠮ᠎ᠠ   ᠶᠢ  ᠳᠣᠷᠣᠭᠰᠢᠯᠠᠭᠤᠯᠤᠨ  ᠂4.04%  ᠪᠣᠯᠭᠠᠵᠠᠢ  ᠃  ᠨᠠᠰᠤᠵᠢᠯ  ᠂ ᠡᠮ  ᠡᠮᠨᠡᠯᠭᠡ  ᠂  ᠠᠵᠢᠯ  ᠠᠯᠳᠠᠬᠤ  ᠂  ᠠᠵᠢᠯ   ᠠᠴᠠ  ᠪᠣᠯᠬᠤ  ᠰᠢᠷᠬᠠᠲᠤᠯ  ᠂  ᠲᠥᠷᠥᠯᠲᠡ  ᠦᠷᠡᠵᠢᠯ  ᠵᠡᠷᠭᠡ  ᠨᠡᠶᠢᠭᠡᠮ   ᠤᠨ  ᠳᠠᠭᠠᠳᠬᠠᠯ   ᠤᠨ  ᠪᠦᠷᠬᠦᠴᠡ  ᠲᠠᠰᠤᠷᠠᠯᠲᠠ  ᠦᠭᠡᠢ  ᠥᠷᠭᠡᠳᠴᠦ  ᠂  ᠡᠯ᠎ᠡ  ᠲᠥᠷᠥᠯ   ᠤᠨ  ᠳᠠᠭᠠᠳᠬᠠᠯ   ᠳᠤ  ᠣᠷᠣᠯᠴᠠᠬᠤ  ᠬᠥᠮᠥᠨ   ᠤ  ᠲᠤᠭ᠎ᠠ 4.1  ᠲᠦᠮᠡ  ᠬᠦᠷᠴᠦ  ᠂  ᠰᠢᠨ᠎ᠡ  ᠬᠡᠯᠪᠡᠷᠢ   ᠶᠢᠨ  ᠨᠡᠶᠢᠭᠡᠮ   ᠤᠨ  ᠪᠠᠲᠤᠯᠠᠭᠠᠨ   ᠤ  ᠰᠢᠰᠲ᠋ᠧᠮᠵᠢ  ᠦᠨᠳᠦᠰᠦᠨ   ᠳᠡᠭᠡᠨ  ᠪᠦᠷᠢᠯᠳᠦᠪᠡ  ᠃  ᠬᠤᠲᠠ  ᠪᠠᠯᠭᠠᠰᠤᠨ   ᠤ  ᠨᠠᠭᠠᠲᠤ  ᠵᠠᠬ᠎ᠠ   ᠶᠢᠨ  ᠠᠮᠢᠳᠤᠷᠠᠯ   ᠤᠨ  ᠪᠠᠲᠤᠯᠠᠭᠠᠨ   ᠳᠤ  ᠣᠷᠣᠭᠰᠠᠳ 4525  ᠬᠥᠮᠥᠨ  ᠪᠣᠯᠵᠤ  ᠂ ᠬᠥᠳᠡᠭᠡ  ᠲᠣᠰᠬᠤᠨ  ᠮᠠᠯᠵᠢᠬᠤ  ᠣᠷᠣᠨ   ᠤ  ᠨᠠᠭᠠᠲᠤ  ᠵᠠᠬ᠎ᠠ   ᠶᠢᠨ  ᠠᠮᠢᠳᠤᠷᠠᠯ   ᠤᠨ  ᠪᠠᠲᠤᠯᠠᠭ᠎ᠠ  ᠬᠦᠷᠲᠡᠭᠰᠡᠳ 7930  ᠬᠥᠮᠥᠨ  ᠪᠣᠯᠵᠤ  ᠨᠡᠮᠡᠭᠳᠡᠨ  ᠂  ᠬᠤᠲᠠ   ᠶᠢᠨ  ᠨᠠᠭᠠᠲᠤ  ᠵᠠᠬ᠎ᠠ   ᠶᠢᠨ  ᠠᠮᠢᠳᠤᠷᠠᠯ   ᠤᠨ  ᠪᠠᠲᠤᠯᠠᠭᠠᠨ   ᠤ  ᠮᠥᠩᠭᠦ  ᠨᠡᠶᠢᠲᠡ 2905.2  ᠲᠦᠮᠡᠨ  ᠲᠥᠭᠦᠷᠢᠭ   ᠢ  ᠲᠠᠷᠬᠠᠭᠠᠵᠤ  ᠂  ᠬᠤᠲᠠ  ᠬᠥᠳᠡᠭᠡ   ᠶᠢᠨ  ᠨᠠᠭᠠᠲᠤ  ᠵᠠᠬ᠎ᠠ   ᠶᠢᠨ  ᠠᠮᠢᠳᠤᠷᠠᠯ   ᠤᠨ  ᠪᠠᠲᠤᠯᠠᠭ᠎ᠠ  ᠂  ᠬᠥᠳᠡᠭᠡ  ᠲᠣᠰᠬᠤᠨ  ᠮᠠᠯᠵᠢᠬᠤ  ᠣᠷᠣᠨ   ᠤ  ᠲᠠᠪᠤᠨ ᠪᠠᠲᠤᠯᠠᠭᠠᠲᠤ ᠡᠷᠦᠭᠡ  ᠪᠠ  ᠣᠨᠴᠠ  ᠬᠦᠴᠢᠷᠲᠡᠢ  ᠡᠷᠦᠭᠡ   ᠶᠢ  ᠠᠪᠤᠷᠠᠨ ᠲᠤᠰᠠᠯᠠᠬᠤ  ᠵᠢᠴᠢ ᠭᠠᠮᠰᠢᠭ ᠠᠴᠠ ᠠᠪᠤᠷᠠᠨ  ᠂ ᠭᠠᠴᠢᠭᠳᠠᠯ ᠳᠤ ᠲᠡᠳᠬᠦᠬᠦ   ᠪᠠᠷ  ᠭᠤᠣᠯ  ᠠᠭᠤᠯᠭ᠎ᠠ  ᠪᠣᠯᠭᠠᠭᠰᠠᠨ ᠨᠡᠶᠢᠭᠡᠮ   ᠤᠨ ᠲᠤᠰᠠᠯᠠᠨ ᠲᠡᠳᠬᠦᠬᠦ  ᠰᠢᠰᠲ᠋ᠧᠮᠵᠢ   ᠶᠢ ᠠᠩᠬ᠎ᠠ ᠠᠯᠬᠤᠮ  ᠪᠦᠷᠢᠯᠳᠦᠭᠦᠯᠪᠡ  ᠃         ᠰᠤᠷᠭᠠᠭᠤᠯᠢ   ᠶᠢᠨ  ᠪᠦᠲᠦᠴᠡ   ᠶᠢᠨ  ᠪᠠᠶᠢᠷᠢᠰᠢᠭᠤᠯᠤᠯᠭ᠎ᠠ   ᠶᠢ  ᠬᠦᠴᠦ  ᠣᠷᠣᠭᠤᠯᠤᠨ  ᠲᠣᠬᠢᠷᠠᠭᠤᠯᠵᠤ  ᠂  ᠡᠯ᠎ᠡ  ᠲᠥᠷᠥᠯ   ᠤᠨ  ᠰᠤᠷᠭᠠᠭᠤᠯᠢ  ᠂  ᠵᠢᠭᠠᠨ  ᠰᠤᠷᠭᠠᠬᠤ  ᠴᠢᠭ᠋ 104  ᠰᠠᠭᠤᠷᠢ   ᠶᠢ  ᠬᠠᠰᠤᠨ  ᠴᠣᠮᠬᠠᠳᠬᠠᠵᠤ  ᠂  ᠳᠥᠷᠪᠡᠨ  ᠵᠢᠯ   ᠳᠤ  6.76  ᠲᠦᠮᠡᠨ  ᠲᠡᠭᠰᠢ  ᠳᠥᠷᠪᠡᠯᠵᠢᠨ  ᠮᠧᠲᠷ  ᠲᠠᠯᠠᠪᠠᠢ  ᠪᠦᠬᠦᠢ  ᠰᠤᠷᠭᠠᠭᠤᠯᠢ   ᠶᠢᠨ  ᠪᠠᠶᠢᠷᠢ   ᠶᠢ  ᠰᠢᠨ᠎ᠡ   ᠪᠠᠷ  ᠪᠠᠶᠢᠭᠤᠯᠤᠨ  ᠂  ︽ᠬᠤᠶᠠᠷ  ᠦᠨᠳᠦᠰᠦᠨ︾  ᠪᠠᠷᠢᠮᠵᠢᠶᠠᠨ   ᠳᠤ  ᠬᠦᠷᠭᠡᠬᠦ  ᠠᠵᠢᠯ   ᠨᠢ  ᠤᠯᠤᠰ   ᠤᠨ  ᠬᠢᠨᠠᠨ  ᠰᠢᠯᠭᠠᠯᠲᠠ   ᠶᠢ  ᠤᠷᠤᠭᠰᠢᠲᠠᠢ  ᠥᠩᠭᠡᠷᠡᠭᠡᠭᠰᠡᠨ  ᠪᠥᠭᠡᠳ  ᠨᠡᠶᠢᠭᠡᠮ   ᠤᠨ  ᠬᠦᠴᠦᠨ   ᠢ ᠳᠠᠶᠢᠴᠢᠯᠠᠨ ᠰᠤᠷᠭᠠᠭᠤᠯᠢ  ᠡᠷᠬᠢᠯᠡᠬᠦ  ᠠᠵᠢᠯ   ᠢ  ᠠᠳᠬᠤᠵᠤ  ᠂  ︽ᠢᠦᠢ  ᠯᠦᠩ︾  ᠬᠤᠪᠢ  ᠬᠥᠮᠥᠨ   ᠠᠴᠠ  ᠡᠷᠬᠢᠯᠡᠭᠰᠡᠨ ᠪᠦᠷᠢᠨ  ᠳᠤᠮᠳᠠᠳᠤ  ᠰᠤᠷᠭᠠᠭᠤᠯᠢ   ᠶᠢ  ᠪᠠᠶᠢᠭᠤᠯᠤᠭᠰᠠᠨ  ᠪᠠᠶᠢᠨ᠎ᠠ  ᠃  ᠬᠥᠳᠡᠭᠡ  ᠲᠣᠰᠬᠤᠨ  ᠮᠠᠯᠵᠢᠬᠤ  ᠣᠷᠣᠨ   ᠤ  ᠰᠢᠨ᠎ᠡ  ᠬᠡᠯᠪᠡᠷᠢ   ᠶᠢᠨ  ᠬᠤᠷᠰᠢᠭᠰᠠᠨ  ᠡᠮᠨᠡᠯᠭᠡ   ᠶᠢᠨ  ᠳᠦᠷᠢᠮ   ᠢ  ᠡᠬᠢᠯᠡᠨ  ᠬᠡᠷᠡᠭᠵᠢᠭᠦᠯᠵᠦ  ᠂  ᠣᠷᠣᠯᠴᠠᠬᠤ  ᠬᠤᠷᠰᠢᠬᠤ  ᠨᠣᠷᠮ᠎ᠠ   ᠶᠢ 87% ᠳᠤ  ᠬᠦᠷᠭᠡᠨ᠂ ᠲᠠᠷᠢᠶᠠᠴᠢᠨ  ᠮᠠᠯᠴᠢᠳ   ᠤᠨ  ᠡᠪᠡᠳᠴᠢᠨ  ᠦᠵᠡᠭᠦᠯᠬᠦ   ᠳᠤ  ᠬᠦᠴᠢᠷᠲᠡᠢ  ᠂  ᠡᠮᠨᠡᠯᠭᠡ   ᠶᠢᠨ  ᠰᠦᠢᠳᠬᠡᠯ   ᠳᠤ   ᠬᠦᠴᠢᠷᠳᠡᠬᠦ  ᠠᠰᠠᠭᠤᠳᠠᠯ   ᠢ  ᠪᠦᠲᠦᠮᠵᠢᠲᠡᠢ  ᠰᠢᠢᠳᠪᠦᠷᠢᠯᠡᠪᠡ  ᠃  ᠬᠥᠮᠥᠨ  ᠠᠮᠠ  ᠬᠢᠭᠡᠳ  ᠲᠥᠯᠥᠪᠯᠡᠭᠡᠲᠦ  ᠦᠷᠡᠵᠢᠯ   ᠤᠨ  ᠠᠵᠢᠯ   ᠢ  ᠴᠢᠩᠭᠠᠳᠬᠠᠵᠤ  ᠂  ᠲᠥᠯᠥᠪᠯᠡᠭᠡᠲᠦ  ᠦᠷᠡᠵᠢᠯ   ᠤᠨ  ᠨᠣᠷᠮ᠎ᠠ 98.5%   ᠠᠴᠠ  ᠳᠡᠭᠡᠭᠰᠢ  ᠪᠠᠶᠢᠬᠤ   ᠶᠢ  ᠪᠠᠲᠤᠯᠠᠨ  ᠂  ᠲᠥᠷᠥᠬᠦ  ᠨᠣᠷᠮ᠎ᠠ   ᠶᠢ 7.7 ᠠᠴᠠ  ᠳᠣᠷᠣᠭᠰᠢ  ᠬᠢᠵᠠᠭᠠᠷᠯᠠᠵᠤ  ᠳᠡᠶᠢᠯᠵᠡᠢ  ᠃  ᠰᠣᠶᠣᠯ  ᠲᠠᠮᠢᠷ  ᠂  ᠷᠠᠳᠢᠦ᠋  ᠲᠧᠯᠸᠢᠰ   ᠤᠨ  ᠦᠢᠯᠡᠰ  ᠦᠷᠭᠦᠯᠵᠢᠯᠡᠨ  ᠬᠥᠭᠵᠢᠵᠦ  ᠂  ᠨᠡᠶᠢᠭᠡᠮ   ᠤᠨ  ᠠᠮᠤᠷ  ᠲᠦᠪᠰᠢᠨ   ᠢ  ᠶᠡᠷᠦᠩᠬᠡᠶᠢᠯᠡᠨ  ᠵᠠᠰᠠᠬᠤ  ᠠᠵᠢᠯ  ᠴᠦ  ᠤᠯᠠᠮ ᠴᠢᠩᠭᠠᠷᠠᠵᠤ ᠢᠷᠡᠭᠰᠡᠨ  ᠪᠠᠶᠢᠨ᠎ᠠ  ᠃  ︽ᠳᠥᠷᠪᠡ  ᠲᠠᠪᠤ︾  ᠬᠠᠤᠯᠢ  ᠲᠦᠭᠡᠮᠡᠯᠵᠢᠭᠦᠯᠦᠯ   ᠢ  ᠪᠦᠬᠦ  ᠲᠠᠯ᠎ᠠ   ᠪᠠᠷ  ᠠᠮᠵᠢᠯᠲᠠᠲᠠᠢ  ᠳᠠᠭᠤᠰᠬᠠᠵᠤ  ᠂  ︽ᠲᠠᠪᠤ  ᠲᠠᠪᠤ︾  ᠬᠠᠤᠯᠢ  ᠲᠦᠭᠡᠮᠡᠯᠵᠢᠭᠦᠯᠬᠦ  ᠠᠵᠢᠯ  ᠴᠦ  ᠤᠷᠤᠭᠰᠢᠲᠠᠢ  ᠡᠬᠢᠯᠡᠭᠡᠳ  ᠂  ᠪᠦᠬᠦ  ᠠᠷᠠᠳ   ᠤᠨ  ᠬᠠᠤᠯᠢ  ᠳᠦᠷᠢᠮ   ᠤᠨ  ᠦᠵᠡᠯᠲᠡ  ᠲᠠᠨᠢᠯᠲᠠ  ᠮᠡᠳᠡᠭᠳᠡᠬᠦᠶᠢᠴᠡ  ᠳᠡᠭᠡᠭᠰᠢᠯᠡᠵᠦ  ᠢᠷᠠᠪᠠ  ᠃  ᠬᠤᠰᠢᠭᠤ  ᠰᠢᠭᠦᠬᠦ  ᠬᠤᠷᠢᠶ᠎ᠠ  ᠂  ᠪᠠᠶᠢᠴᠠᠭᠠᠬᠤ  ᠬᠤᠷᠢᠶᠠᠨ   ᠤ  ᠬᠠᠤᠯᠢ  ᠶᠣᠰᠣᠭᠠᠷ  ᠡᠷᠬᠡ  ᠲᠤᠰᠢᠶᠠᠯ   ᠢᠶᠠᠨ  ᠬᠡᠷᠡᠭᠵᠢᠭᠦᠯᠬᠦ   ᠶᠢ ᠳᠡᠮᠵᠢᠵᠦ  ᠂  ᠳᠣᠲᠣᠭᠠᠳᠤ   ᠶᠢ  ᠬᠠᠮᠠᠭᠠᠯᠠᠬᠤ  ᠬᠠᠤᠯᠢ  ᠴᠠᠭᠠᠵᠠ   ᠶᠢᠨ  ᠪᠠᠶᠢᠭᠤᠯᠭ᠎ᠠ   ᠶᠢᠨ  ᠦᠨᠳᠦᠰᠦᠨ  ᠱᠠᠲᠤᠨ   ᠤ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢ  ᠪᠦᠬᠦ  ᠲᠠᠯ᠎ᠠ   ᠪᠠᠷ  ᠴᠢᠩᠭᠠᠳᠬᠠᠪᠠ  ᠃  ᠡᠭᠦᠨ   ᠤ  ᠬᠠᠮᠲᠤ  ᠂  ᠵᠠᠬᠢᠳᠠᠯ  ᠰᠤᠷᠪᠤᠯᠵᠢᠯᠠᠯ  ᠂  ᠠᠷᠠᠳ   ᠤᠨ  ᠵᠡᠪᠰᠡᠭᠲᠦ  ᠬᠦᠴᠦᠨ᠂  ᠠᠭᠠᠷ   ᠠᠴᠠ  ᠰᠡᠷᠭᠡᠶᠢᠯᠡᠬᠦ  ᠂  ᠭᠠᠯ  ᠤᠨᠲᠠᠷᠠᠭᠠᠬᠤ  ᠂  ᠠᠶᠤᠯ  ᠦᠭᠡᠢ  ᠦᠢᠯᠡᠳᠪᠦᠷᠢᠯᠡᠯ  ᠂  ᠲᠡᠦᠬᠡ  ᠤᠶᠢᠯᠯᠠᠭ᠎ᠠ  ᠂  ᠨᠢᠭᠤᠴᠠ   ᠶᠢ  ᠬᠠᠮᠠᠭᠠᠯᠠᠬᠤ  ᠂  ᠲᠤᠭ᠎ᠠ  ᠪᠦᠷᠢᠳᠬᠡᠯ  ᠂  ᠴᠠᠭ  ᠠᠭᠤᠷ  ᠂  ᠬᠠᠤᠯᠢ   ᠶᠢᠨ  ᠲᠤᠰᠠᠯᠠᠮᠵᠢ  ᠂  ᠬᠢᠨᠠᠨ  ᠪᠣᠳᠣᠬᠤ  ᠂  ᠦᠨ᠎ᠡ  ᠬᠠᠩᠰᠢ  ᠂  ᠶᠠᠰᠤ  ᠴᠢᠨᠠᠷ   ᠲᠤ  ᠬᠢᠨᠠᠯᠲᠠ  ᠲᠠᠯᠪᠢᠬᠤ  ᠂  ᠢᠳᠡᠭᠡᠨ  ᠤᠮᠳᠠᠭᠠᠨ ᠡᠮ   ᠤᠨ  ᠵᠦᠢᠯᠡᠰ   ᠤᠨ  ᠬᠠᠮᠢᠶᠠᠷᠤᠯᠲᠠ  ᠂  ᠬᠠᠷᠢᠶᠠᠲᠤ   ᠶᠢᠨ  ᠶᠠᠪᠤᠳᠠᠯ  ᠂  ᠦᠨᠳᠦᠰᠦᠲᠡᠨ  ᠱᠠᠰᠢᠨ  ᠰᠤᠷᠲᠠᠬᠤᠨ  ᠂  ᠠᠵᠤ  ᠦᠢᠯᠡᠳᠪᠦᠷᠢ  ᠬᠤᠳᠠᠯᠳᠤᠭᠠᠨ   ᠤ  ᠬᠤᠯᠪᠣᠭ᠎ᠠ  ᠂  ᠳᠠᠩᠰᠠ  ᠡᠪᠬᠡᠮᠡᠯ   ᠤᠨ  ᠬᠠᠮᠢᠶᠠᠷᠤᠯᠲᠠ  ᠵᠢᠴᠢ  ᠡᠬᠡ  ᠨᠢᠯᠬᠠᠰ  ᠂  ᠨᠠᠰᠤᠲᠠᠢ  ᠵᠡᠮᠳᠡᠭᠴᠦᠳ   ᠤᠨ ᠠᠵᠢᠯ ᠵᠡᠷᠭᠡ  ᠡᠯ᠎ᠡ  ᠲᠥᠷᠥᠯ   ᠤᠨ  ᠨᠡᠶᠢᠭᠡᠮ   ᠤᠨ  ᠦᠢᠯᠡᠰ  ᠪᠦᠷ  ᠰᠢᠨ᠎ᠡ  ᠠᠮᠵᠢᠯᠲᠠ  ᠪᠦᠲᠦᠮᠵᠢ  ᠣᠯᠣᠭᠰᠠᠨ  ᠪᠠᠶᠢᠨ᠎ᠠ  ᠃          ︵ᠨᠠᠢᠮᠠ︶ ᠵᠠᠰᠠᠭ ᠤᠨ ᠣᠷᠳᠣᠨ ᠤ ᠲᠣᠰ ᠪᠡᠶ᠎ᠡ ᠶᠢᠨ ᠪᠠᠶᠢᠭᠤᠯᠤᠯᠲᠠ ᠪᠦᠬᠦ ᠲᠠᠯ᠎ᠠ ᠪᠠᠷ ᠴᠢᠩᠭᠠᠷᠠᠵᠤ  ᠂  ᠵᠠᠰᠠᠭ  ᠪᠠᠷᠢᠬᠤ  ᠴᠢᠳᠠᠪᠤᠷᠢ  ᠲᠠᠰᠤᠷᠠᠯᠲᠠ ᠦᠭᠡᠢ ᠳᠡᠭᠡᠭᠰᠢᠯᠡᠪᠡ  ᠃          ᠵᠠᠰᠠᠭ   ᠤᠨ  ᠣᠷᠳᠣᠨ   ᠤ  ᠡᠭᠦᠷᠭᠡ  ᠴᠢᠳᠠᠪᠬᠢ   ᠶᠢ  ᠬᠦᠴᠦ  ᠲᠠᠯᠪᠢᠨ  ᠬᠤᠪᠢᠷᠠᠭᠤᠯᠵᠤ  ᠂  ᠬᠠᠤᠯᠢ  ᠶᠣᠰᠣᠭᠠᠷ  ᠵᠠᠰᠠᠭ  ᠶᠠᠪᠤᠭᠤᠯᠵᠤ  ᠂  ᠰᠢᠨᠵᠢᠯᠡᠬᠦ  ᠤᠬᠠᠭᠠᠨᠴᠢ   ᠪᠠᠷ  ᠰᠢᠢᠳᠪᠦᠷᠢ  ᠪᠣᠳᠣᠯᠭ᠎ᠠ  ᠲᠣᠭᠲᠠᠭᠠᠨ  ᠂  ᠵᠠᠰᠠᠭ   ᠤᠨ  ᠠᠵᠢᠯ   ᠨᠢ  ᠬᠠᠤᠯᠢᠵᠢᠵᠤ  ᠂  ᠳᠦᠷᠢᠮᠵᠢᠭᠰᠡᠨ  ᠵᠠᠮ   ᠳᠤ  ᠣᠷᠣᠭᠰᠠᠨ  ᠪᠠᠶᠢᠨ᠎ᠠ  ᠃  ᠠᠷᠠᠳ   ᠤᠨ  ᠲᠥᠯᠥᠭᠡᠯᠡᠭᠴᠢ   ᠶᠢᠨ  ᠰᠠᠨᠠᠯ  ᠵᠥᠪᠯᠡᠯᠭᠡ 415  ᠬᠤᠪᠢ  ᠂  ᠤᠯᠤᠰ  ᠲᠥᠷᠥ   ᠶᠢᠨ  ᠵᠥᠪᠯᠡᠯᠭᠡᠨ   ᠤ  ᠭᠡᠰᠢᠭᠦᠨ   ᠤ  ᠰᠠᠨᠠᠯ  ᠳᠤᠷᠠᠳᠤᠯᠭ᠎ᠠ 347  ᠬᠤᠪᠢ   ᠶᠢ   ᠬᠠᠷᠢᠭᠤᠯᠵᠤ  ᠂  ᠬᠠᠨᠤᠮᠵᠢᠲᠠᠢ  ᠨᠤᠷᠮ᠎ᠠ   ᠶᠢ 99%   ᠳᠤ  ᠬᠦᠷᠭᠡᠪᠡ  ᠃  ᠦᠨᠳᠦᠰᠦᠨ  ᠱᠠᠲᠤᠨ   ᠤ  ᠠᠷᠠᠳᠴᠢᠯᠠᠭᠰᠠᠨ  ᠤᠯᠤᠰ  ᠲᠥᠷᠥ   ᠶᠢᠨ  ᠪᠠᠶᠢᠭᠤᠯᠤᠯᠲᠠ   ᠶᠢ  ᠴᠢᠩᠭᠠᠳᠬᠠᠵᠤ  ᠂  ᠭᠠᠴᠠᠭ᠎ᠠ  ᠲᠣᠰᠬᠤᠨ   ᠤ  ᠵᠥᠪᠯᠡᠯ   ᠤᠨ  ᠬᠤᠭᠤᠴᠠᠭ᠎ᠠ  ᠰᠣᠯᠢᠬᠤ  ᠰᠣᠩᠭᠤᠭᠤᠯᠢ   ᠶᠢ  ᠠᠮᠵᠢᠯᠲᠠᠲᠠᠢ  ᠶᠠᠪᠤᠭᠳᠠᠭᠤᠯᠪᠠ  ᠃  ᠨᠠᠮ   ᠤᠨ  ᠰᠤᠷᠲᠠᠯ  ᠴᠢᠭᠴᠢ  ᠵᠠᠰᠠᠭ   ᠤᠨ  ᠪᠠᠶᠢᠭᠤᠯᠤᠯᠲᠠ ᠶᠢᠨ ᠬᠠᠷᠢᠭᠤᠴᠠᠯᠭ᠎ᠠ   ᠶᠢᠨ ᠳᠦᠷᠢᠮ ᠢ  ᠨᠢᠮᠪᠠᠢ  ᠨᠠᠶᠢᠳᠠᠪᠤᠷᠢᠵᠢᠭᠤᠯᠵᠤ  ᠂  ᠴᠢᠭᠴᠢ  ᠵᠠᠰᠠᠭ   ᠤᠨ ᠪᠠᠶᠢᠭᠤᠯᠤᠯᠲᠠ ᠪᠠ ᠢᠯᠵᠠᠷᠠᠯ   ᠢ  ᠡᠰᠡᠷᠭᠦᠴᠡᠬᠦ  ᠠᠵᠢᠯ ᠰᠢᠨ᠎ᠡ  ᠪᠦᠲᠦᠮᠵᠢ  ᠣᠯᠣᠭᠰᠠᠨ ᠪᠠᠶᠢᠨ᠎ᠠ  ᠃          ᠲᠥᠯᠥᠭᠡᠯᠡᠭᠴᠢᠳ  ᠡ  ᠂ ᠥᠩᠭᠡᠷᠡᠭᠰᠡᠨ   ᠤ  ᠳᠥᠷᠪᠡᠨ  ᠵᠢᠯ  ᠪᠣᠯ  ᠶᠡᠷᠦ  ᠪᠤᠰᠤ   ᠶᠢᠨ  ᠳᠥᠷᠪᠡᠨ  ᠵᠢᠯ  ᠶᠤᠮ  ᠃ ᠬᠥᠭᠵᠢᠯᠲᠡ   ᠪᠠᠨ  ᠲᠦᠷᠭᠡᠳᠬᠡᠬᠦ  ᠶᠠᠪᠤᠴᠠ   ᠳᠠᠬᠢ  ᠳᠠᠪᠬᠤᠷ  ᠳᠠᠪᠬᠤᠷ  ᠬᠦᠴᠢᠷ  ᠪᠡᠷᠬᠡ  ᠪᠣᠯᠣᠨ  ᠠᠮᠤᠷ  ᠲᠣᠭᠲᠠᠭᠤᠨ   ᠢ  ᠪᠠᠲᠤᠯᠠᠬᠤ  ᠶᠠᠪᠤᠴᠠ   ᠳᠠᠬᠢ  ᠬᠦᠨᠳᠦ  ᠶᠡᠭᠡ  ᠳᠠᠷᠤᠯᠲᠠ   ᠶᠢ  ᠪᠢᠳᠠ  ᠢᠳᠡᠪᠬᠢᠲᠡᠢ  ᠠᠷᠭᠠᠴᠠᠨ  ᠲᠤᠯᠵᠤ  ᠂  ᠵᠣᠬᠢᠮᠵᠢᠲᠠᠢ  ᠰᠠᠶᠢᠬᠠᠨ  ᠰᠢᠢᠳᠪᠦᠷᠢᠯᠡᠭᠡᠳ  ᠂  ᠰᠠᠭᠠᠳ  ᠬᠠᠷᠰᠢ   ᠶᠢ  ᠢᠯᠠᠨ  ᠳᠠᠪᠠᠵᠤ  ᠂  ᠠᠵᠢᠯ   ᠤᠨ  ᠬᠥᠳᠡᠯᠦᠩᠭᠦᠢ  ᠡᠷᠬᠡ   ᠶᠢ  ᠠᠳᠬᠤᠨ  ᠂  ᠠᠵᠤ  ᠠᠬᠤᠢ  ᠨᠡᠶᠢᠭᠡᠮ   ᠤᠨ  ᠬᠥᠭᠵᠢᠯᠲᠡ  ᠵᠡᠷᠭᠡ  ᠡᠯ᠎ᠡ  ᠲᠥᠷᠥᠯ   ᠤᠨ  ᠠᠵᠢᠯ  ᠦᠢᠯᠡᠰ   ᠲᠡᠭᠡᠨ  ᠰᠡᠳᠬᠢᠯ  ᠬᠥᠭᠰᠡᠮ᠎ᠡ  ᠠᠮᠵᠢᠯᠲᠠ   ᠶᠢ  ᠣᠯᠣᠭᠰᠠᠨ  ᠶᠤᠮ  ᠃  ᠡᠳᠡᠭᠡᠷ  ᠠᠮᠵᠢᠯᠲᠠ  ᠪᠦᠲᠦᠮᠵᠢ  ᠪᠣᠯ  ᠠᠶᠢᠮᠠᠭ   ᠤᠨ  ᠨᠠᠮ   ᠤᠨ  ᠬᠤᠷᠢᠶ᠎ᠠ  ᠂  ᠠᠶᠢᠮᠠᠭ   ᠤᠨ  ᠵᠠᠬᠢᠷᠭ᠎ᠠ  ᠬᠢᠭᠡᠳ  ᠬᠤᠰᠢᠭᠤ  ᠨᠠᠮ   ᠤᠨ  ᠬᠤᠷᠢᠶᠠᠨ   ᠤ  ᠪᠠᠲᠤ  ᠴᠢᠩᠭ᠎ᠠ  ᠤᠳᠤᠷᠢᠳᠤᠯᠭ᠎ᠠ   ᠠᠴᠠ  ᠪᠣᠯᠣᠭᠰᠠᠨ  ᠦᠷ᠎ᠡ  ᠪᠦᠲᠦᠭᠡᠯ  ᠂  ᠬᠤᠰᠢᠭᠤ  ᠵᠠᠰᠠᠭ   ᠤᠨ  ᠣᠷᠳᠣᠨ   ᠨᠢ  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ   ᠤᠨ  ᠰᠢᠢᠳᠪᠦᠷᠢ   ᠶᠢ  ᠨᠢᠮᠪᠠᠢ  ᠬᠡᠷᠡᠭᠵᠢᠭᠦᠯᠦᠨ  ᠂  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ   ᠤᠨ  ᠬᠠᠤᠯᠢ  ᠴᠠᠭᠠᠵᠠ   ᠶᠢᠨ  ᠬᠢᠨᠠᠯᠲᠠ  ᠂  ᠤᠯᠤᠰ  ᠲᠥᠷᠥ   ᠶᠢᠨ  ᠵᠥᠪᠯᠡᠯᠭᠡᠨ   ᠤ  ᠠᠷᠠᠳᠴᠢᠯᠠᠭᠰᠠᠨ  ᠬᠢᠨᠠᠯᠲᠠ  ᠂  ᠨᠡᠶᠢᠭᠡᠮ   ᠤᠨ  ᠶᠠᠷᠢᠶ᠎ᠠ  ᠬᠡᠯᠡᠯᠴᠡᠭᠡ  ᠪᠣᠯᠣᠨ  ᠰᠣᠨᠢᠨ  ᠮᠡᠳᠡᠭᠡ  ᠵᠠᠭᠤᠴᠢᠯᠠᠭᠤᠷ   ᠤᠨ  ᠬᠢᠨᠠᠯᠲᠠ   ᠶᠢ  ᠤᠬᠠᠮᠰᠠᠷ   ᠠᠴᠠ   ᠪᠠᠨ  ᠬᠦᠯᠢᠶᠡᠭᠰᠡᠨ   ᠤ  ᠦᠷ᠎ᠡ  ᠪᠦᠲᠦᠭᠡᠯ  ᠂  ᠮᠥᠨ  ᠴᠦ  ᠪᠦᠬᠦ  ᠬᠤᠰᠢᠭᠤᠨ   ᠤ  ᠡᠯ᠎ᠡ  ᠦᠨᠳᠦᠰᠦᠲᠡᠨ   ᠤ  ᠠᠷᠠᠳ  ᠲᠦᠮᠡᠨ  ᠰᠡᠳᠬᠢᠯ  ᠨᠢᠭᠡᠳᠦᠨ  ᠬᠦᠴᠦᠨ   ᠢᠶᠠᠨ  ᠬᠠᠮᠲᠤᠳᠬᠠᠵᠤ  ᠂  ᠴᠥᠬᠦᠷᠡᠰᠢ  ᠦᠭᠡᠢ  ᠬᠠᠲᠠᠭᠤᠵᠢᠯᠲᠠᠢ  ᠴᠢᠷᠮᠠᠶᠢᠨ  ᠲᠡᠮᠡᠴᠡᠭᠰᠡᠨ   ᠤ  ᠦᠷ᠎ᠡ  ᠪᠦᠲᠦᠭᠡᠯ  ᠪᠣᠯᠬᠤ  ᠶᠤᠮ  ᠃  ᠠᠳᠡ  ᠪᠢ  ᠬᠤᠰᠢᠭᠤ  ᠵᠠᠰᠠᠭ   ᠤᠨ  ᠣᠷᠳᠣᠨ   ᠢ  ᠲᠥᠯᠥᠭᠡᠯᠡᠵᠦ  ᠂  ᠬᠠᠭᠤᠴᠢᠨ  ᠤᠳᠤᠷᠢᠳᠤᠯᠭ᠎ᠠ  ᠂  ᠠᠬᠠᠮᠠᠳ  ᠨᠥᠬᠦᠳ  ᠂  ᠪᠦᠬᠦ  ᠬᠤᠰᠢᠭᠤᠨ   ᠤ  ᠡᠯ᠎ᠡ  ᠦᠨᠳᠦᠰᠦᠲᠡᠨ   ᠤ  ᠺᠠᠳᠠᠷ  ᠣᠯᠠᠨ  ᠲᠦᠮᠡᠨ  ᠂  ᠴᠡᠷᠢᠭ  ᠴᠠᠭᠳᠠᠭ᠎ᠠ  ᠨᠠᠷ  ᠂  ᠲᠠᠶᠢᠹᠤᠰᠧ  ᠬᠤᠰᠢᠭᠤᠨ   ᠳᠤ  ᠪᠡᠯᠡ  ᠣᠷᠣᠭᠤᠯᠤᠨ  ᠦᠢᠯᠡᠰ  ᠪᠣᠰᠬᠠᠵᠤ  ᠪᠠᠶᠢᠭ᠎ᠠ  ᠠᠵᠤ  ᠠᠬᠤᠶᠢᠯᠠᠯᠲᠠᠨ  ᠂  ᠲᠠᠶᠢᠹᠤᠰᠧ   ᠤᠨ  ᠪᠦᠲᠦᠭᠡᠨ  ᠪᠠᠶᠢᠭᠤᠯᠤᠯᠲᠠ  ᠂  ᠬᠥᠭᠵᠢᠯᠲᠡ   ᠶᠢ  ᠬᠠᠯᠠᠮᠵᠢᠯᠠᠨ  ᠳᠡᠮᠵᠢᠵᠦ  ᠪᠠᠶᠢᠭ᠎ᠠ  ᠨᠡᠶᠢᠭᠡᠮ   ᠤᠨ  ᠡᠯ᠎ᠡ  ᠡᠲᠡᠭᠡᠳ   ᠤᠨ  ᠨᠠᠶᠢᠵᠠ  ᠨᠥᠬᠦᠳ   ᠲᠤ  ᠴᠢᠩ  ᠰᠡᠳᠬᠢᠯ   ᠤᠨ  ᠲᠠᠯᠠᠷᠬᠠᠯ  ᠪᠠ  ᠬᠦᠨᠳᠦᠳᠬᠡᠯ  ᠳᠡᠪᠰᠢᠭᠦᠯᠵᠦ  ᠪᠠᠶᠢᠨ᠎ᠠ  ᠃          ᠳᠥᠷᠪᠡᠨ  ᠵᠢᠯ   ᠤᠨ  ᠲᠤᠷᠰᠢᠬᠢ  ᠠᠵᠢᠯ   ᠢᠶᠠᠨ  ᠡᠷᠭᠢᠴᠡᠭᠦᠯᠪᠡᠯ  ᠂  ᠳᠣᠣᠷᠠᠬᠢ  ᠲᠠᠪᠤᠨ  ᠲᠠᠯ᠎ᠠ   ᠪᠠᠷ  ᠨᠠᠷᠢᠨ  ᠬᠢᠨᠠᠮᠠᠭᠠᠢ   ᠳ᠋ᠦᠩᠨᠡᠵᠦ  ᠂  ᠮᠥᠨ  ᠴᠦ  ᠬᠤᠶᠢᠰᠢᠳᠠ   ᠶᠢᠨ  ᠠᠵᠢᠯ  ᠳᠤᠮᠳᠠ   ᠪᠠᠨ  ᠪᠠᠷᠢᠮᠲᠠᠯᠠᠬᠤ  ᠪᠠ  ᠪᠠᠳᠠᠷᠠᠭᠤᠯᠬᠤ  ᠴᠢᠬᠤᠯᠠᠲᠠᠢ  ᠪᠠᠶᠢᠨ᠎ᠠ  ᠄  ᠨᠢᠭᠡ   ᠳᠤ  ᠂  ᠬᠥᠭᠵᠢᠯᠲᠡ   ᠶᠢᠨ  ᠬᠠᠲᠠᠭᠤ  ᠶᠣᠰᠣ   ᠶᠢ  ᠡᠷᠡᠰ  ᠪᠠᠷᠢᠮᠲᠠᠯᠠᠵᠤ  ᠂  ᠡᠳ᠋   ᠤᠨ  ᠵᠠᠰᠠᠭ   ᠤᠨ  ᠣᠷᠣᠯᠭ᠎ᠠ  ᠪᠣᠯᠣᠨ ᠬᠤᠲᠠ  ᠬᠥᠳᠡᠭᠡ   ᠶᠢᠨ   ᠰᠠᠭᠤᠭᠠᠯᠢ ᠠᠷᠠᠳ   ᠤᠨ  ᠠᠮᠢᠳᠤᠷᠠᠯ   ᠤᠨ  ᠲᠦᠪᠰᠢᠨ   ᠢ   ᠳᠡᠭᠡᠭᠰᠢᠯᠡᠭᠦᠯᠬᠦ   ᠶᠢ  ᠠᠵᠢᠯ   ᠤᠨ  ᠤᠭ  ᠡᠭᠦᠰᠦᠯᠲᠡ  ᠪᠣᠯᠭᠠᠬᠤ  ᠬᠡᠷᠡᠭᠲᠡᠢ  ︔  ᠬᠤᠶᠠᠷ ᠲᠤ  ᠂  ᠦᠵᠡᠯ  ᠰᠠᠨᠠᠭ᠎ᠠ   ᠪᠠᠨ  ᠡᠷᠬᠡᠪᠰᠢ  ᠴᠢᠯᠦᠭᠡᠯᠡᠵᠦ  ᠂  ᠴᠢᠯᠦᠭᠡᠲᠡᠢ  ᠶᠠᠪᠤᠯᠴᠠᠬᠤ   ᠪᠠᠨ  ᠥᠷᠭᠡᠳᠬᠡᠨ  ᠂ ᠲᠥᠷᠥᠯ  ᠵᠦᠢᠯ   ᠢᠶᠠᠷ  ᠠᠴᠢᠶᠠᠯᠠᠪᠤᠷᠢ  ᠪᠣᠯᠭᠠᠵᠤ  ᠂  ᠠᠷᠠᠯᠵᠢᠶᠠᠴᠢᠨ  ᠤᠷᠢᠵᠤ  ᠪᠡᠯᠡ  ᠲᠠᠲᠠᠬᠤ   ᠶᠢ  ᠥᠷᠭᠡᠨ  ᠳᠡᠯᠭᠡᠷ  ᠥᠷᠨᠢᠭᠦᠯᠵᠦ  ᠂  ᠡᠯ᠎ᠡ  ᠲᠥᠷᠥᠯ   ᠤᠨ ᠠᠵᠢᠯ  ᠦᠢᠯᠡᠰ   ᠤᠨ  ᠬᠥᠭᠵᠢᠯᠲᠡ   ᠶᠢ  ᠲᠦᠯᠬᠢᠨ  ᠠᠬᠢᠭᠤᠯᠬᠤ  ᠬᠡᠷᠡᠭᠲᠡᠢ︔  ᠭᠤᠷᠪᠠ   ᠳᠤ  ᠂  ᠠᠯᠤᠰ ᠢᠷᠡᠭᠡᠳᠦᠢ   ᠳᠡᠭᠡᠨ  ᠰᠠᠭᠤᠷᠢ  ᠲᠠᠯᠪᠢᠵᠤ  ᠂  ᠣᠯᠠᠨ  ᠲᠦᠮᠡᠨ   ᠳᠤ  ᠪᠣᠳᠠᠲᠠᠢ  ᠠᠵᠢᠯ  ᠬᠢᠬᠦ   ᠶᠢ  ᠪᠠᠷᠢᠮᠲᠠᠯᠠᠵᠤ  ᠂  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢᠨ  ᠠᠯᠬᠤᠴᠠ   ᠪᠠᠨ  ᠲᠦᠷᠭᠡᠳᠬᠡᠵᠦ  ᠂  ᠬᠥᠭᠵᠢᠯᠲᠡ   ᠶᠢᠨ  ᠨᠥᠬᠦᠴᠡᠯ   ᠢᠶᠠᠨ  ᠰᠠᠶᠢᠵᠢᠷᠠᠭᠤᠯᠬᠤ  ᠬᠡᠷᠡᠭᠲᠡᠢ  ︔  ᠳᠥᠷᠪᠡ   ᠳᠤ  ᠂  ᠠᠷᠠᠳ   ᠤᠨ  ᠠᠮᠢᠳᠤᠷᠠᠯ   ᠢ  ᠠᠩᠬᠠᠷᠴᠤ  ᠂  ᠠᠷᠠᠳ  ᠣᠯᠠᠨ  ᠲᠦᠮᠡᠨ   ᠤ  ᠦᠢᠯᠡᠳᠪᠦᠷᠢᠯᠡᠯ  ᠠᠮᠢᠳᠤᠷᠠᠯ  ᠳᠤᠮᠳᠠᠬᠢ  ᠲᠣᠪᠣᠶᠢᠮ᠎ᠠ  ᠠᠰᠠᠭᠤᠳᠠᠯ   ᠢ  ᠬᠦᠴᠦ  ᠲᠠᠯᠪᠢᠨ  ᠰᠢᠢᠳᠪᠦᠷᠢᠯᠡᠬᠦ   ᠢ  ᠪᠠᠷᠢᠮᠲᠠᠯᠠᠵᠤ  ᠂  ᠬᠥᠭᠵᠢᠯᠲᠡ   ᠶᠢᠨ  ᠳᠤᠮᠳᠠᠬᠢ  ᠪᠣᠳᠠᠲᠤ  ᠠᠰᠢᠭ  ᠪᠣᠯᠣᠨ  ᠦᠷ᠎ᠡ  ᠪᠦᠲᠦᠭᠡᠯ   ᠢ  ᠣᠯᠠᠨ  ᠲᠦᠮᠡᠨ   ᠳᠤ  ᠡᠳ᠋ᠯᠡᠭᠦᠯᠬᠦ  ᠬᠡᠷᠡᠭᠲᠡᠢ  ︔  ᠲᠠᠪᠤ   ᠳᠤ  ᠂  ᠪᠦᠯᠬᠦᠮᠳᠡᠯ ᠲᠠᠢ  ᠲᠣᠭᠲᠠᠭᠤᠨ  ᠪᠠᠶᠢᠬᠤ  ᠪᠠ  ᠦᠨᠡᠨ ᠢ ᠡᠷᠢᠯᠬᠢᠯᠡᠬᠦ  ᠠᠵᠢᠯ   ᠤᠨ  ᠰᠤᠷᠲᠠᠯ   ᠢ  ᠪᠠᠷᠢᠮᠲᠠᠯᠠᠵᠤ  ᠂  ᠤᠬᠠᠭᠠᠨ  ᠲᠠᠮᠢᠷ   ᠢᠶᠠᠨ  ᠠᠵᠢᠯ  ᠦᠢᠯᠡᠰ  ᠪᠦᠲᠦᠭᠡᠨ  ᠂  ᠬᠥᠭᠵᠢᠯᠲᠡ   ᠶᠢ  ᠰᠦᠪᠡᠭᠴᠢᠯᠡᠵᠦ  ᠂  ᠪᠣᠳᠠᠲᠤ  ᠦᠷ᠎ᠡ  ᠠᠰᠢᠭ   ᠢ  ᠲᠡᠮᠡᠴᠡᠬᠦ  ᠳᠡᠭᠡᠷ᠎ᠡ  ᠲᠥᠪᠯᠡᠷᠡᠭᠦᠯᠬᠦ  ᠬᠡᠷᠡᠭᠲᠡᠢ  ᠃             ᠡᠭᠦᠨ   ᠤ  ᠬᠠᠮᠲᠤ  ᠂ ᠪᠢᠳᠠ  ᠪᠠᠰᠠ  ᠤᠷᠤᠭᠰᠢᠯᠠᠬᠤ  ᠵᠠᠮ   ᠳᠤ  ᠲᠤᠯᠭᠠᠷᠠᠭᠰᠠᠨ  ᠂  ᠰᠢᠢᠳᠪᠦᠷᠢᠯᠡᠬᠦ   ᠶᠢ  ᠬᠦᠯᠢᠶᠡᠭᠡ  ᠣᠯᠠᠨ  ᠠᠷᠪᠢᠨ  ᠬᠦᠴᠢᠷᠳᠡᠯ  ᠪᠠ  ᠠᠰᠠᠭᠤᠳᠠᠯ   ᠢ  ᠣᠯᠵᠤ  ᠬᠠᠷᠠᠬᠤ  ᠪᠣᠯᠣᠨ᠎ᠠ  ᠃  ᠡᠨᠡ   ᠨᠢ  ᠭᠤᠣᠯᠳᠠᠭᠤ  ᠳᠣᠣᠷ᠎ᠠ  ᠬᠡᠳᠦᠨ ᠲᠠᠯ᠎ᠠ   ᠪᠠᠷ  ᠢᠯᠡᠷᠡᠵᠦ  ᠪᠣᠢ  ᠄  ᠨᠢᠭᠡ   ᠳᠤ  ᠂ ᠠᠵᠤ  ᠠᠬᠤᠢ   ᠶᠢᠨ  ᠶᠡᠷᠦᠩᠬᠡᠢ ᠬᠡᠮᠵᠢᠶ᠎ᠡ  ᠳᠣᠣᠷ᠎ᠠ᠂  ᠪᠦᠲᠦᠴᠡ  ᠲᠣᠬᠢᠷᠠᠮᠵᠢ  ᠦᠭᠡᠢ  ᠂  ᠣᠨᠴᠠᠭᠠᠶᠢᠯᠠᠨ  ᠠᠵᠤ  ᠦᠢᠯᠡᠳᠪᠦᠷᠢ   ᠶᠢᠨ  ᠠᠵᠤ  ᠠᠬᠤᠢ   ᠶᠢᠨ  ᠬᠥᠭᠵᠢᠯᠲᠡ  ᠬᠤᠴᠣᠷᠤᠩᠭᠤᠢ  ᠂  ᠡᠳ᠋   ᠤᠨ  ᠵᠠᠰᠠᠭ   ᠤᠨ  ᠣᠷᠣᠯᠭ᠎ᠠ ᠬᠦᠴᠢᠷᠲᠡᠢ  ᠃  ᠬᠤᠶᠠᠷ   ᠲᠤ  ᠂  ᠲᠠᠷᠢᠶᠠᠯᠠᠩ  ᠮᠠᠯ  ᠠᠵᠤ  ᠠᠬᠤᠢ   ᠶᠢᠨ  ᠪᠠᠶᠢᠭᠠᠯᠢ   ᠶᠢᠨ  ᠭᠠᠮᠰᠢᠭ   ᠢ  ᠲᠤᠯᠵᠤ   ᠡᠰᠡᠷᠭᠦᠴᠡᠬᠦ  ᠴᠢᠳᠠᠪᠤᠷᠢ  ᠳᠣᠷᠣᠢ  ᠂  ᠠᠮᠢ  ᠠᠬᠤᠢ   ᠶᠢᠨ  ᠣᠷᠴᠢᠨ  ᠲᠣᠭᠤᠷᠢᠨ  ᠪᠠᠰᠠᠯᠠ ᠨᠡᠯᠢᠶᠡᠳ  ᠪᠠᠭᠤᠷᠠᠢ᠂ ᠰᠠᠭᠤᠷᠢ  ᠠᠵᠤ  ᠦᠢᠯᠡᠰ   ᠢ  ᠦᠷᠭᠦᠯᠵᠢᠯᠡᠨ  ᠴᠢᠩᠭᠠᠳᠬᠠᠬᠤ  ᠴᠢᠬᠤᠯᠠᠲᠠᠢ  ᠪᠠᠶᠢᠵᠤ  ᠂  ᠮᠠᠯᠴᠢᠨ  ᠲᠠᠷᠢᠶᠠᠴᠢᠨ   ᠤ  ᠣᠷᠣᠯᠭ᠎ᠠ   ᠶᠢᠨ  ᠨᠡᠮᠡᠭᠳᠡᠯ   ᠤᠨ  ᠰᠠᠭᠤᠷᠢ  ᠪᠠᠬᠢ  ᠪᠤᠰᠤ  ᠂  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ   ᠤ  ᠡᠭᠦᠷᠭᠡ  ᠪᠠᠰᠠ  ᠲᠤᠶᠢᠯ   ᠤᠨ  ᠬᠦᠨᠳᠦ  ᠪᠠᠶᠢᠭᠰᠠᠭᠠᠷ  ᠃  ᠭᠤᠷᠪᠠ   ᠳᠤ  ᠂  ᠣᠷᠤᠭᠤᠯᠤᠯᠲᠠ  ᠬᠦᠷᠦᠯᠴᠡᠬᠦ  ᠦᠭᠡᠢ  ᠂  ᠡᠳ᠋   ᠤᠨ  ᠬᠦᠴᠦᠨ  ᠬᠢᠵᠠᠭᠠᠷᠲᠠᠢ  ᠂  ᠪᠡᠯᠡ  ᠬᠤᠷᠠᠮᠳᠤᠭᠤᠯᠬᠤ   ᠳᠤ  ᠬᠦᠴᠢᠷᠲᠡᠢ  ᠂  ᠣᠨᠴᠠᠭᠠᠶᠢᠯᠠᠨ  ᠦᠢᠯᠡᠳᠪᠦᠷᠢᠯᠡᠯ   ᠤᠨ  ᠬᠦᠷᠢᠶ᠎ᠡ  ᠬᠡᠪᠴᠢᠶ᠎ᠡ  ᠪᠣᠯᠣᠨ  ᠰᠠᠭᠤᠷᠢ  ᠲᠥᠬᠦᠭᠡᠷᠦᠮᠵᠢ   ᠶᠢᠨ  ᠪᠦᠲᠦᠭᠡᠨ  ᠪᠠᠶᠢᠭᠤᠯᠤᠯᠲᠠ   ᠶᠢᠨ  ᠲᠠᠯ᠎ᠠ   ᠪᠠᠷ  ᠲᠡᠦᠬᠡᠨ   ᠠᠴᠠ  ᠦᠯᠡᠳᠡᠭᠳᠡᠭᠰᠡᠨ  ᠥᠷᠢ  ᠰᠢᠷᠢ  ᠣᠯᠠᠨ  ᠂  ᠠᠵᠤ  ᠠᠬᠤᠢ   ᠶᠢᠨ  ᠬᠥᠭᠵᠢᠯᠲᠡ  ᠳᠤᠮᠳᠠ  ᠤᠰᠤ  ᠂  ᠴᠠᠬᠢᠯᠭᠠᠨ  ᠂  ᠭᠠᠵᠠᠷ  ᠰᠢᠷᠣᠢ  ᠂  ᠡᠬᠢ  ᠪᠠᠶᠠᠯᠢᠭ  ᠵᠡᠷᠭᠡ  ᠬᠢᠵᠠᠭᠠᠷᠯᠠᠯ   ᠤᠨ  ᠡᠯᠧᠮᠧᠨ᠋ᠲ ᠬᠠᠷᠠᠬᠠᠨ  ᠤᠰᠠᠳᠤᠭᠠᠳᠤᠢ  ᠃  ᠳᠥᠷᠪᠡ   ᠳᠤ  ᠂  ᠵᠠᠷᠢᠮ  ᠰᠠᠯᠠᠭ᠎ᠠ  ᠮᠥᠴᠢᠷ   ᠤᠨ  ᠬᠥᠭᠵᠢᠯᠲᠡ   ᠶᠢᠨ  ᠤᠬᠠᠮᠰᠠᠷ  ᠂  ᠶᠡᠭᠡ  ᠲᠠᠯ᠎ᠠ   ᠶᠢᠨ  ᠤᠬᠠᠮᠰᠠᠷ  ᠂   ᠰᠠᠨᠠᠭᠠᠰᠢᠷᠠᠯ   ᠤᠨ ᠤᠬᠠᠮᠰᠠᠷ   ᠢᠶᠠᠷ  ᠳᠣᠷᠣᠢ  ᠂  ᠦᠢᠯᠡᠴᠢᠯᠡᠭᠡᠨ   ᠤ  ᠬᠢᠷᠢ  ᠲᠦᠪᠰᠢᠨ  ᠥᠨᠳᠥᠷ  ᠪᠢᠰᠢ  ᠂  ᠬᠥᠭᠵᠢᠯᠲᠡ   ᠶᠢᠨ  ᠣᠷᠴᠢᠨ  ᠲᠣᠭᠤᠷᠢᠨ   ᠢ  ᠤᠯᠠᠮ  ᠨᠢᠭᠡ  ᠠᠯᠬᠤᠮ  ᠰᠢᠯᠢᠳᠡᠭᠵᠢᠭᠦᠯᠬᠦ  ᠴᠢᠬᠤᠯᠠᠲᠠᠢ  ᠪᠠᠶᠢᠨ᠎ᠠ  ᠃  ᠡᠳᠡᠭᠡᠷ  ᠠᠰᠠᠭᠤᠳᠠᠯ   ᠢ  ᠪᠢᠳᠠ  ᠡᠷᠬᠡᠪᠰᠢ  ᠳᠡᠭᠡᠳᠦ  ᠬᠡᠮᠵᠢᠶ᠎ᠡ   ᠪᠠᠷ  ᠬᠦᠨᠳᠦᠳᠬᠡᠨ  ᠦᠵᠡᠵᠦ  ᠂  ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ   ᠶᠢᠨ  ᠱᠠᠭᠠᠷᠳᠠᠯᠭ᠎ᠠ  ᠶᠣᠰᠣᠭᠠᠷ  ᠂  ᠦᠨᠡᠨ  ᠪᠦᠲᠦᠮᠵᠢᠲᠡᠢ  ᠠᠷᠭ᠎ᠠ  ᠬᠡᠮᠵᠢᠶ᠎ᠡ  ᠠᠪᠴᠤ  ᠂  ᠤᠷᠤᠭᠰᠢᠯᠠᠬᠤ  ᠵᠠᠮ   ᠳᠠᠭᠠᠨ  ᠬᠦᠴᠢᠷ   ᠢ  ᠢᠯᠠᠨ  ᠳᠠᠪᠠᠵᠤ  ᠂  ᠥᠭᠡᠷᠡᠴᠢᠯᠡᠯᠲᠡ  ᠬᠥᠭᠵᠢᠯᠲᠡ   ᠶᠢᠨ  ᠶᠠᠪᠤᠴᠠ   ᠳᠠᠭᠠᠨ  ᠠᠰᠠᠭᠤᠳᠠᠯ   ᠢ  ᠰᠢᠢᠳᠪᠦᠷᠢᠯᠡᠨ  ᠂  ᠠᠵᠢᠯ   ᠢᠶᠠᠨ  ᠯᠠᠪᠳᠠᠭᠤᠨ  ᠪᠠᠲᠤᠲᠠᠢ  ᠶᠠᠪᠤᠭᠳᠠᠭᠤᠯᠵᠤ  ᠂  ᠠᠷᠠᠳ  ᠲᠦᠮᠡᠨ   ᠤ   ᠪᠠᠨ  ᠬᠦᠰᠡᠯ  ᠨᠠᠶᠢᠳᠠᠯᠭ᠎ᠠ   ᠶᠢ  ᠬᠥᠰᠡᠷᠳᠡᠭᠦᠯᠬᠦ  ᠦᠭᠡᠢ  ᠪᠠᠶᠢᠬᠤ  ᠬᠡᠷᠡᠭᠲᠡᠢ  ᠃          ᠬᠤᠶᠠᠷ  ᠂  ᠬᠤᠶᠢᠰᠢᠳᠠ   ᠶᠢᠨ  ᠲᠠᠪᠤᠨ  ᠵᠢᠯ   ᠤᠨ  ᠠᠵᠢᠯ   ᠤᠨ  ᠡᠭᠦᠷᠭᠡ  ᠬᠠᠷᠠᠯᠲᠠ         ᠬᠤᠶᠢᠰᠢᠳᠠ   ᠶᠢᠨ ᠲᠠᠪᠤᠨ ᠵᠢᠯ  ᠪᠣᠯ  ᠨᠠᠮ ᠤᠨ  ᠠᠷᠪᠠᠨ  ᠳᠣᠯᠣᠳᠤᠭᠠᠷ  ᠶᠡᠭᠡ  ᠬᠤᠷᠠᠯ   ᠤᠨ  ᠵᠣᠷᠢᠭ  ᠰᠠᠨᠠᠭ᠎ᠠ   ᠶᠢ  ᠲᠣᠣᠱᠯᠠᠭᠤᠯᠤᠨ  ᠨᠠᠶᠢᠳᠠᠪᠤᠷᠢᠵᠢᠭᠤᠯᠵᠤ  ᠂  ᠡᠶ᠎ᠡ  ᠵᠣᠬᠢᠴᠠᠯᠲᠠᠢ  ᠨᠡᠶᠢᠭᠡᠮ   ᠢ  ᠴᠣᠭᠴᠠᠯᠠᠬᠤ  ᠪᠠ  ᠴᠢᠨᠡᠭᠡᠯᠢᠭ  ᠨᠡᠶᠢᠭᠡᠮ   ᠢ  ᠪᠦᠬᠦ  ᠲᠠᠯ᠎ᠠ   ᠪᠠᠷ  ᠪᠦᠲᠦᠭᠡᠨ  ᠪᠠᠶᠢᠭᠤᠯᠬᠤ  ᠴᠢᠬᠤᠯᠠ  ᠨᠢᠭᠡ  ᠴᠠᠭ  ᠬᠤᠭᠤᠴᠠᠭ᠎ᠠ  ᠪᠣᠯᠣᠨ᠎ᠠ  ᠃  ᠪᠦᠬᠦ  ᠬᠤᠰᠢᠭᠤᠨ   ᠤ  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠵᠢᠯᠣᠭᠤᠳᠬᠤ  ᠦᠵᠡᠯ  ᠰᠠᠨᠠᠭ᠎ᠠ  ᠪᠣᠯ  ᠄ ᠨᠠᠮ ᠤᠨ  ᠠᠷᠪᠠᠨ  ᠳᠣᠯᠣᠳᠤᠭᠠᠷ  ᠶᠡᠭᠡ  ᠬᠤᠷᠠᠯ   ᠤᠨ  ᠵᠣᠷᠢᠭ  ᠰᠠᠨᠠᠭ᠎ᠠ   ᠶᠢ  ᠭᠦᠨᠵᠡᠭᠡᠢ  ᠲᠣᠣᠱᠯᠠᠭᠤᠯᠤᠨ  ᠨᠠᠶᠢᠳᠠᠪᠤᠷᠢᠵᠢᠭᠤᠯᠵᠤ  ᠂ ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ   ᠪᠠᠷ  ᠪᠦᠬᠦ  ᠲᠠᠯ᠎ᠠ   ᠶᠢ  ᠬᠠᠮᠤᠷᠴᠤ᠂  ᠠᠵᠤ  ᠠᠬᠤᠢ   ᠶᠢᠨ  ᠪᠦᠲᠦᠭᠡᠨ  ᠪᠠᠶᠢᠭᠤᠯᠤᠯᠲᠠ   ᠪᠠᠷ  ᠭᠤᠣᠯ  ᠪᠣᠯᠭᠠᠵᠤ  ᠂ ︽ᠬᠤᠲᠠ  ᠬᠥᠳᠡᠭᠡ   ᠶᠢᠨ ᠨᠢᠭᠡᠳᠦᠯᠲᠡᠢ  ᠲᠥᠯᠥᠪᠵᠢᠭᠦᠯᠭᠡ  ᠂  ᠭᠤᠷᠪᠠᠵᠢᠭᠤᠯᠤᠯᠲᠠ   ᠶᠢᠨ  ᠬᠠᠷᠢᠯᠴᠠᠨ  ᠳᠠᠶᠢᠴᠢᠯᠠᠯ︾   ᠢ  ᠦᠷᠭᠦᠯᠵᠢᠯᠡᠨ  ᠪᠠᠷᠢᠮᠲᠠᠯᠠᠵᠤ  ᠂  ᠣᠳᠣ  ᠴᠠᠭ   ᠤᠨ  ᠲᠠᠷᠢᠶᠠᠯᠠᠩ  ᠮᠠᠯ  ᠠᠵᠤ  ᠠᠬᠤᠢ   ᠶᠢ  ᠬᠦᠴᠦᠯᠡᠨ  ᠬᠥᠭᠵᠢᠭᠦᠯᠵᠦ  ᠂  ᠠᠵᠤ  ᠦᠢᠯᠡᠳᠪᠦᠷᠢᠵᠢᠯᠲᠡ  ᠶᠢᠨ  ᠠᠬᠢᠴᠠ   ᠶᠢ  ᠲᠦᠷᠭᠡᠳᠬᠡᠨ  ᠂  ᠲᠠᠯ᠎ᠠ  ᠨᠤᠲᠤᠭ   ᠤᠨ  ᠣᠨᠴᠠᠯᠢᠭᠲᠤ  ᠵᠤᠭᠠᠴᠠᠯ   ᠢᠶᠠᠷ  ᠭᠤᠣᠯᠳᠠᠭᠰᠠᠨ  ᠭᠤᠷᠪᠠᠳᠤᠭᠠᠷ  ᠠᠵᠤ  ᠦᠢᠯᠡᠰ   ᠢ  ᠥᠷᠨᠢᠭᠦᠨ  ᠬᠥᠭᠵᠢᠭᠦᠯᠵᠦ  ᠂  ᠬᠥᠭᠵᠢᠯᠲᠡ   ᠶᠢᠨ  ᠣᠷᠴᠢᠨ  ᠲᠣᠭᠤᠷᠢᠨ   ᠢᠶᠠᠨ  ᠤᠯᠠᠮ  ᠨᠢᠭᠡ  ᠠᠯᠬᠤᠮ  ᠰᠢᠯᠢᠳᠡᠭᠵᠢᠭᠦᠯᠦᠨ᠂  ᠠᠷᠠᠳ   ᠤᠨ  ᠠᠮᠢᠳᠤᠷᠠᠯ   ᠢ  ᠬᠦᠴᠦ  ᠲᠠᠯᠪᠢᠨ  ᠰᠠᠶᠢᠵᠢᠷᠠᠭᠤᠯᠵᠤ  ᠂  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠰᠠᠶᠢᠨ  ᠮᠥᠷᠲᠡᠭᠡᠨ  ᠲᠦᠷᠭᠡᠨ  ᠬᠥᠭᠵᠢᠯᠲᠡ   ᠶᠢ  ᠪᠡᠶᠡᠯᠡᠭᠦᠯᠦᠨ᠎ᠡ  ᠃ 2012 ᠣᠨ  ᠪᠣᠯᠲᠠᠯᠠᠬᠢ  ᠪᠦᠬᠦ  ᠬᠤᠰᠢᠭᠤᠨ   ᠤ  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠭᠤᠣᠯ  ᠪᠣᠯᠬᠤ  ᠤᠷᠢᠳᠴᠢᠯᠠᠭᠰᠠᠨ  ᠬᠠᠷᠠᠯᠲᠠ  ᠪᠣᠯ  ᠄  ᠣᠷᠣᠨ  ᠨᠤᠲᠤᠭ   ᠤᠨ  ᠦᠢᠯᠡᠳᠪᠦᠷᠢᠯᠡᠯ   ᠤᠨ  ᠶᠡᠷᠦᠩᠬᠡᠢ  ᠥᠷᠲᠡᠭ   ᠢ 50  ᠳ᠋ᠦᠩᠰᠢᠭᠤᠷ  ᠲᠥᠭᠦᠷᠢᠭ   ᠠᠴᠠ  ᠳᠠᠪᠠᠭᠤᠯᠵᠤ  ᠂  ᠡᠳ᠋   ᠤᠨ  ᠵᠠᠰᠠᠭ   ᠤᠨ  ᠣᠷᠣᠯᠭ᠎ᠠ   ᠶᠢ 2  ᠳ᠋ᠦᠩᠰᠢᠭᠤᠷ  ᠲᠥᠭᠦᠷᠢᠭ  ᠳᠠᠪᠠᠭᠤᠯᠤᠨ  ᠂  ᠪᠦᠬᠦ  ᠨᠡᠶᠢᠭᠡᠮ   ᠤᠨ  ᠲᠣᠭᠲᠠᠮᠠᠯ  ᠬᠥᠷᠥᠩᠭᠡ   ᠶᠢᠨ  ᠪᠡᠯᠡ  ᠣᠷᠤᠭᠤᠯᠤᠯᠲᠠ   ᠶᠢ 40  ᠳ᠋ᠦᠩᠰᠢᠭᠤᠷ  ᠲᠥᠭᠦᠷᠢᠭ  ᠳᠠᠪᠠᠭᠤᠯᠬᠤ   ᠪᠠᠷ  ᠴᠢᠷᠮᠠᠶᠢᠨ᠎ᠠ  ᠃  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠬᠥᠮᠥᠨ  ᠳᠤᠮᠳᠠᠴᠢ  ᠲᠣᠬᠢᠷᠠᠭᠤᠯᠵᠤ  ᠪᠣᠯᠬᠤᠶᠢᠴᠠ  ᠣᠷᠣᠯᠭ᠎ᠠ   ᠶᠢ 1.3  ᠲᠦᠮᠡᠨ  ᠲᠥᠭᠦᠷᠢᠭ  ᠬᠡᠲᠦᠷᠡᠭᠦᠯᠵᠦ᠂  ᠲᠠᠷᠢᠶᠠᠴᠢᠨ  ᠮᠠᠯᠴᠢᠨ   ᠤ  ᠬᠥᠮᠥᠨ  ᠳᠤᠮᠳᠠᠴᠢ  ᠴᠡᠪᠡᠷ  ᠣᠷᠣᠯᠭ᠎ᠠ   ᠶᠢ  ᠲᠣᠰᠪᠤᠷᠢ 5000  ᠪᠠ 8500  ᠲᠥᠭᠦᠷᠢᠭ  ᠳᠠᠪᠠᠭᠤᠯᠤᠨ᠎ᠠ  ᠃  ᠬᠤᠲᠠ  ᠪᠠᠯᠭᠠᠰᠤᠨ   ᠤ  ᠳᠠᠩᠰᠠᠯᠠᠭᠳᠠᠭᠰᠠᠨ ᠠᠵᠢᠯ  ᠠᠯᠳᠠᠬᠤ  ᠨᠤᠷᠮ᠎ᠠ   ᠶᠢ 4%   ᠳᠤ  ᠬᠢᠵᠠᠭᠠᠷᠯᠠᠵᠤ  ᠂  ᠬᠥᠮᠥᠨ  ᠠᠮᠠ   ᠶᠢᠨ  ᠲᠥᠷᠥᠬᠦ  ᠨᠤᠷᠮ᠎ᠠ   ᠶᠢ 10   ᠳᠤ  ᠬᠢᠵᠠᠭᠠᠷᠯᠠᠨ  ᠂  ᠠᠷᠠᠳ   ᠤᠨ  ᠠᠮᠢᠳᠤᠷᠠᠯ   ᠢ  ᠤᠯᠠᠮ  ᠪᠠᠶᠠᠯᠢᠭᠵᠢᠭᠤᠯᠵᠤ  ᠂  ᠠᠮᠢ  ᠠᠬᠤᠢ   ᠶᠢᠨ  ᠣᠷᠴᠢᠨ  ᠲᠣᠭᠤᠷᠢᠨ  ᠪᠠ  ᠰᠠᠭᠤᠷᠢ  ᠲᠥᠬᠦᠭᠡᠷᠦᠮᠵᠢ   ᠶᠢ  ᠢᠯᠡᠳᠲᠡ  ᠰᠠᠶᠢᠵᠢᠷᠠᠭᠤᠯᠵᠤ  ᠂  ᠨᠡᠶᠢᠭᠡᠮ   ᠤᠨ  ᠪᠠᠲᠤᠯᠠᠭᠠᠨ   ᠤ  ᠴᠢᠳᠠᠪᠤᠷᠢ   ᠶᠢ  ᠤᠯᠠᠮ  ᠢᠯᠡᠭᠦᠦ  ᠲᠡᠭᠦᠯᠳᠡᠷᠵᠢᠭᠦᠯᠦᠨ᠎ᠡ  ᠃         ᠡᠳᠡᠭᠡᠷ  ᠡᠭᠦᠷᠭᠡ  ᠬᠠᠷᠠᠯᠲᠠ   ᠶᠢ  ᠪᠡᠶᠡᠯᠡᠭᠦᠯᠬᠦ   ᠳᠤ  ᠪᠢᠳᠠ  ᠳᠣᠣᠷᠠᠬᠢ  ᠲᠠᠪᠤᠨ  ᠲᠠᠯ᠎ᠠ   ᠶᠢᠨ  ᠠᠵᠢᠯ   ᠢ  ᠬᠦᠴᠦ  ᠲᠠᠯᠪᠢᠨ  ᠰᠠᠶᠢᠲᠤᠷ   ᠠᠳᠬᠤᠬᠤ  ᠬᠡᠷᠡᠭᠲᠡᠢ  ᠃         ︵ᠨᠢᠭᠡ︶  ᠣᠳᠣ  ᠴᠠᠭ   ᠤᠨ  ᠲᠠᠷᠢᠶᠠᠯᠠᠩ  ᠮᠠᠯ  ᠠᠵᠤ  ᠠᠬᠤᠢ   ᠶᠢ  ᠲᠦᠷᠭᠡᠨ  ᠬᠥᠭᠵᠢᠭᠦᠯᠵᠦ  ᠂  ᠰᠢᠨ᠎ᠡ  ᠬᠥᠳᠡᠭᠡ  ᠲᠣᠰᠬᠤᠨ  ᠮᠠᠯᠵᠢᠬᠤ  ᠣᠷᠣᠨ   ᠤ  ᠪᠦᠲᠦᠭᠡᠨ  ᠪᠠᠶᠢᠭᠤᠯᠤᠯᠲᠠ   ᠶᠢ  ᠬᠦᠴᠦᠲᠡᠢ  ᠠᠬᠢᠭᠤᠯᠬᠤ  ᠬᠡᠷᠡᠭᠲᠡᠢ  ᠃        ᠨᠢᠭᠡ   ᠳᠤ  ᠂  ᠲᠠᠷᠢᠶᠠᠯᠠᠩ  ᠮᠠᠯ  ᠠᠵᠤ  ᠠᠬᠤᠢ   ᠶᠢᠨ  ᠠᠵᠤ  ᠦᠢᠯᠡᠰ   ᠤᠨ  ᠪᠦᠲᠦᠴᠡ   ᠶᠢ  ᠲᠣᠬᠢᠷᠠᠭᠤᠯᠤᠨ᠎ᠠ  ᠃  ᠲᠠᠷᠢᠶᠠᠯᠠᠩ  ᠮᠠᠯ  ᠠᠵᠤ  ᠠᠬᠤᠢ   ᠶᠢ  ᠲᠠᠷᠢᠮᠠᠯ   ᠤᠨ  ᠦᠢᠯᠡᠰ   ᠢᠶᠠᠷ  ᠭᠤᠣᠯᠳᠠᠵᠤ  ᠪᠠᠶᠢᠭᠰᠠᠨ   ᠠᠴᠠ   ᠨᠢ  ᠲᠠᠷᠢᠮᠠᠯ   ᠤᠨ  ᠦᠢᠯᠡᠰ  ᠂  ᠠᠷᠠᠴᠢᠯᠠᠵᠤ  ᠮᠠᠯᠵᠢᠬᠤ  ᠦᠢᠯᠡᠰ   ᠢ  ᠵᠡᠷᠭᠡ   ᠪᠠᠷ  ᠬᠥᠭᠵᠢᠭᠦᠯᠬᠦ  ᠲᠡᠰᠢ  ᠬᠤᠪᠢᠷᠠᠭᠤᠯᠤᠨ᠎ᠠ  ᠃  ᠲᠠᠷᠢᠮᠠᠯ   ᠤᠨ  ᠦᠢᠯᠡᠰ   ᠨᠢ  ᠢᠳᠡᠰᠢᠨ  ᠨᠣᠭᠤᠭ᠎ᠠ  ᠂  ᠲᠥᠮᠥᠰᠥ   ᠪᠠᠷ  ᠭᠤᠣᠯᠳᠠᠭᠴᠢ  ᠠᠵᠤ  ᠦᠢᠯᠡᠰ  ᠪᠣᠯᠭᠠᠵᠤ  ᠂  ᠠᠷᠠᠴᠢᠯᠠᠵᠤ  ᠮᠠᠯᠵᠢᠬᠤ  ᠦᠢᠯᠡᠰ   ᠨᠢ  ᠰᠠᠭᠠᠯᠢ   ᠶᠢᠨ  ᠦᠨᠢᠶ᠎ᠡ  ᠂  ᠰᠠᠶᠢᠨ  ᠡᠭᠦᠯᠳᠡᠷ   ᠤᠨ  ᠠᠯᠠᠰᠢᠨ  ᠦᠬᠡᠷ   ᠢᠶᠠᠷ  ᠭᠤᠣᠯ  ᠪᠣᠯᠭᠠᠬᠤ   ᠶᠢᠨ  ᠬᠠᠮᠲᠤ  ᠂  ᠭᠠᠭ᠋ᠠᠢ  ᠂  ᠲᠠᠤᠯᠠᠢ  ᠂  ᠲᠠᠬᠢᠶ᠎ᠠ  ᠵᠡᠷᠭᠡ  ᠠᠷᠠᠴᠢᠯᠠᠵᠤ  ᠮᠠᠯᠵᠢᠬᠤ  ᠦᠢᠯᠡᠰ   ᠤᠨ  ᠬᠥᠭᠵᠢᠯᠲᠡ   ᠶᠢ  ᠵᠣᠷᠢᠭᠵᠢᠭᠤᠯᠤᠨ ᠲᠡᠳᠬᠦᠨ᠎ᠡ  ᠃ ᠬᠤᠶᠠᠷ   ᠲᠤ  ᠂  ᠠᠵᠤ  ᠦᠢᠯᠡᠰᠵᠢᠭᠰᠡᠨ  ᠡᠵᠡᠩᠨᠡᠯᠲᠡ   ᠶᠢ  ᠠᠬᠢᠭᠤᠯᠬᠤ  ᠬᠡᠷᠡᠭᠲᠡᠢ  ᠃  ᠰᠠᠭᠤᠷᠢᠨ  ᠭᠠᠵᠠᠷ   ᠤᠨ  ᠪᠦᠲᠦᠭᠡᠨ  ᠪᠠᠶᠢᠭᠤᠯᠤᠯᠲᠠ   ᠶᠢ  ᠴᠢᠩᠭᠠᠳᠬᠠᠨ᠎ᠠ  ᠃ ︽ᠲᠠᠶᠢᠹᠤᠰᠧ  ᠬᠤᠰᠢᠭᠤᠨ   ᠤ  ᠤᠰᠤᠨ  ᠰᠤᠷᠪᠤᠯᠵᠢ ᠶᠢᠨ ᠬᠠᠮᠢᠶᠠᠷᠤᠯᠲᠠ   ᠶᠢᠨ  ᠠᠷᠭ᠎ᠠ  ᠬᠡᠮᠵᠢᠶ᠎ᠡ︾   ᠶᠢ  ᠨᠠᠷᠢᠨ  ᠬᠢᠨᠠᠮᠠᠭᠠᠢ  ᠬᠡᠷᠡᠭᠵᠢᠭᠦᠯᠵᠦ  ᠂  ᠤᠰᠤᠨ   ᠤ  ᠡᠬᠢ  ᠪᠠᠶᠠᠯᠢᠭ   ᠢ  ᠵᠦᠢ  ᠵᠣᠬᠢᠰᠲᠠᠢ  ᠨᠡᠭᠡᠭᠡᠨ  ᠬᠥᠭᠵᠢᠭᠦᠯᠵᠦ  ᠂  ᠠᠷᠪᠢᠲᠠᠢ  ᠤᠰᠤᠵᠢᠭᠤᠯᠤᠯᠲᠠ ᠶᠢ ᠲᠦᠭᠡᠮᠡᠯᠵᠢᠭᠦᠯᠦᠨ  ᠬᠡᠷᠡᠭᠵᠢᠭᠦᠯᠵᠦ  ᠂  ᠲᠠᠪᠤᠨ  ᠵᠢᠯ   ᠳᠤ 12.4 ᠲᠦᠮᠡᠨ  ᠮᠦ ᠤᠰᠤᠵᠢᠭᠤᠯᠤᠯᠲᠠ   ᠶᠢᠨ  ᠲᠠᠷᠢᠶᠠᠨ  ᠭᠠᠵᠠᠷ   ᠢ  ᠰᠢᠨ᠎ᠡ   ᠪᠠᠷ  ᠨᠡᠮᠡᠭᠳᠡᠭᠦᠯᠵᠦ  ᠂  ᠨᠡᠶᠢᠲᠡ 35  ᠲᠦᠮᠡᠨ  ᠮᠦ   ᠳᠤ  ᠬᠦᠷᠭᠡᠨ  ᠂  ᠡᠭᠦᠨ   ᠤ  ᠳᠣᠲᠣᠷ᠎ᠠ  ᠂  ᠲᠣᠮᠣ  ᠬᠡᠯᠪᠡᠷᠢ   ᠶᠢᠨ  ᠰᠦᠷᠴᠢᠨ  ᠤᠰᠤᠯᠠᠬᠤ  ᠢᠨᠵᠧᠨᠧᠷᠢᠩ   ᠢ 4.9 ᠲᠦᠮᠡᠨ  ᠮᠦ  ᠂  ᠪᠦᠬᠦ  ᠨᠡᠶᠢᠲᠡ 10.2 ᠲᠦᠮᠡᠨ  ᠮᠦ   ᠳᠤ  ᠬᠦᠷᠭᠡᠨ᠎ᠡ  ᠃  ᠬᠥᠮᠥᠨ  ᠪᠦᠷᠢ   ᠳᠤ  ᠳᠤᠮᠳᠠᠴᠢ   ᠪᠠᠷ  3 ᠮᠦ  ᠤᠰᠤᠵᠢᠭᠤᠯᠤᠯᠲᠠ   ᠶᠢᠨ  ᠲᠠᠷᠢᠶᠠᠨ  ᠭᠠᠵᠠᠷ  ᠨᠣᠭᠳᠠᠭᠤᠯᠬᠤ   ᠶᠢ  ᠪᠡᠶᠡᠯᠡᠭᠦᠯᠵᠦ  ᠂  ᠡᠭᠦᠨ   ᠤ  ᠳᠣᠲᠣᠷ᠎ᠠ  ᠤᠰᠤᠨ  ᠰᠤᠷᠪᠤᠯᠵᠢ  ᠳᠤᠲᠠᠮᠠᠭ  ᠣᠷᠣᠨ   ᠤ  ᠬᠥᠮᠥᠨ  ᠪᠦᠷᠢ   ᠳᠤ  ᠨᠣᠭᠳᠠᠬᠤ  ᠤᠰᠤᠵᠢᠭᠤᠯᠤᠯᠲᠠ   ᠶᠢᠨ  ᠲᠠᠷᠢᠶᠠᠨ  ᠭᠠᠵᠠᠷ   ᠢ 1 ᠮᠦ   ᠳᠤ  ᠬᠦᠷᠭᠡᠨ᠎ᠡ  ᠃  ᠢᠳᠡᠰᠢᠨ  ᠨᠣᠭᠤᠭ᠎ᠠ  ᠲᠠᠷᠢᠬᠤ  ᠲᠠᠯᠠᠪᠠᠢ   ᠶᠢ 15 ᠲᠦᠮᠡᠨ  ᠮᠦ  ᠣᠷᠴᠢᠮ   ᠳᠤ  ᠲᠣᠭᠲᠠᠪᠤᠷᠢᠵᠢᠭᠤᠯᠵᠤ  ᠂  ᠭᠤᠣᠯᠳᠠᠭᠴᠢ  ᠪᠦᠲᠦᠭᠡᠭᠳᠡᠬᠦᠨ   ᠢ  ᠬᠦᠴᠦᠯᠡᠨ  ᠡᠭᠦᠳᠴᠦ  ᠂  ᠴᠢᠳᠠᠪᠤᠷᠢ   ᠪᠠᠨ  ᠪᠦᠷᠢᠨᠰᠢᠭᠦᠯᠵᠦ  ᠂  ᠶᠠᠰᠤ  ᠴᠢᠨᠠᠷ  ᠂  ᠦᠷ᠎ᠡ  ᠠᠰᠢᠭ   ᠢᠶᠠᠨ  ᠨᠡᠮᠡᠭᠳᠡᠭᠦᠯᠬᠦ  ᠳᠡᠭᠡᠷ᠎ᠡ  ᠬᠦᠴᠦ  ᠲᠠᠯᠪᠢᠵᠤ  ᠂   ᠰᠢᠯᠵᠢᠮᠡᠯ  ᠳᠤᠯᠠᠭᠠᠨ  ᠬᠦᠯᠡᠮᠵᠢ 1  ᠲᠦᠮᠡᠨ  ᠰᠠᠭᠤᠷᠢ  ᠂ 5000  ᠮᠦ  ᠲᠠᠯᠠᠪᠠᠢ   ᠶᠢ  ᠰᠢᠨ᠎ᠡ   ᠪᠠᠷ  ᠨᠡᠮᠡᠭᠳᠡᠭᠦᠯᠦᠨ  ᠂  ᠣᠳᠣᠬᠢᠴᠢᠯᠠᠭᠰᠠᠨ  ᠲᠥᠬᠦᠭᠡᠷᠦᠮᠵᠢ  ᠪᠦᠬᠦᠢ  ᠲᠠᠷᠢᠶᠠᠯᠠᠩ   ᠤᠨ  ᠵᠢᠱᠢᠶ᠎ᠡ  ᠦᠵᠡᠭᠦᠯᠬᠦ  ᠣᠷᠣᠨ 2000  ᠮᠦ   ᠶᠢ  ᠪᠠᠶᠢᠭᠤᠯᠤᠨ᠎ᠠ  ︔ ᠲᠥᠮᠥᠰᠥ  ᠲᠠᠷᠢᠬᠤ  ᠲᠠᠯᠠᠪᠠᠢ   ᠶᠢ  25  ᠲᠦᠮᠡᠨ  ᠮᠦ   ᠠᠴᠠ  ᠳᠠᠪᠠᠭᠤᠯᠵᠤ  ᠂  ᠡᠭᠦᠨ   ᠤ  ᠳᠣᠲᠣᠷ᠎ᠠ  ᠲᠣᠮᠣ  ᠬᠡᠯᠪᠡᠷᠢ   ᠶᠢᠨ  ᠠᠷᠪᠢᠲᠠᠢ  ᠤᠰᠤᠵᠢᠭᠤᠯᠤᠯᠲᠠ   ᠶᠢᠨ  ᠲᠤᠰᠬᠠᠢ  ᠲᠥᠮᠥᠰᠥᠨ   ᠤ  ᠲᠠᠷᠢᠮᠠᠯ   ᠤᠨ  ᠲᠠᠯᠠᠪᠠᠢ   ᠶᠢ 10 ᠲᠦᠮᠡᠨ  ᠮᠦ   ᠠᠴᠠ  ᠳᠣᠷᠣᠭᠰᠢ  ᠦᠭᠡᠢ  ᠪᠠᠶᠢᠯᠭᠠᠨ᠎ᠠ  ᠃  ︽ ᠲᠠᠷᠢᠶᠠᠴᠢᠨ   ᠤ   ᠲᠤᠰᠬᠠᠢ   ᠬᠤᠷᠰᠢᠯ   ᠤᠨ  ᠬᠠᠤᠯᠢ︾   ᠶᠢ  ᠭᠦᠨᠵᠡᠭᠡᠢ  ᠲᠣᠣᠱᠯᠠᠭᠤᠯᠵᠦ  ᠂  ᠭᠠᠵᠠᠷ  ᠰᠢᠷᠣᠢ  ᠂  ᠡᠪᠡᠰᠦ  ᠪᠡᠯᠴᠢᠭᠡᠷ   ᠤᠨ  ᠬᠠᠤᠯᠢ  ᠶᠣᠰᠣᠨ   ᠤ  ᠵᠣᠬᠢᠰᠲᠠᠢ  ᠡᠷᠭᠢᠯᠲᠡ   ᠶᠢ  ᠤᠯᠠᠮ  ᠨᠢᠭᠡ   ᠠᠯᠬᠤᠮ  ᠠᠬᠢᠭᠤᠯᠵᠤ  ᠂  ᠬᠠᠮᠲᠤᠷᠠᠯ   ᠤᠨ  ᠬᠤᠷᠰᠢᠶ᠎ᠠ  ᠂  ᠨᠡᠶᠢᠭᠡᠮᠯᠢᠭ  ᠂  ᠬᠤᠯᠪᠣᠭᠠᠯᠠᠭᠰᠠᠨ  ᠡᠷᠦᠭᠡ  ᠵᠡᠷᠭᠡ  ᠣᠯᠠᠨ  ᠲᠥᠷᠥᠯ   ᠤᠨ  ᠠᠵᠤ  ᠠᠬᠤᠢ   ᠶᠢᠨ  ᠵᠣᠬᠢᠶᠠᠨ  ᠪᠠᠶᠢᠭᠤᠯᠤᠯᠲᠠ   ᠶᠢᠨ  ᠬᠡᠯᠪᠡᠷᠢ   ᠪᠠᠷ  ᠦᠢᠯᠡᠳᠪᠦᠷᠢᠯᠡᠯ  ᠡᠵᠡᠩᠨᠡᠯᠲᠡ  ᠬᠢᠬᠦ   ᠶᠢ  ᠵᠣᠷᠢᠭᠵᠢᠭᠤᠯᠤᠨ  ᠳᠡᠮᠵᠢᠵᠦ  ᠂  ᠮᠠᠯᠴᠢᠨ  ᠲᠠᠷᠢᠶᠠᠴᠢᠨ   ᠤ  ᠵᠣᠬᠢᠶᠠᠨ  ᠪᠠᠶᠢᠭᠤᠯᠵᠢᠯᠲᠠ   ᠶᠢᠨ  ᠬᠡᠮᠵᠢᠶ᠎ᠡ   ᠶᠢ  ᠳᠡᠭᠡᠭᠰᠢᠯᠡᠭᠦᠯᠦᠨ᠎ᠡ᠃ ᠬᠠᠰᠢᠶᠠᠯᠠᠵᠤ  ᠮᠠᠯᠵᠢᠬᠤ   ᠪᠠᠷ  ᠦᠨᠳᠦᠰᠦᠨ  ᠠᠷᠭ᠎ᠠ  ᠮᠠᠶ᠋ᠢᠭ  ᠪᠣᠯᠭᠠᠵᠤ  ᠂  ᠰᠠᠭᠠᠯᠢ   ᠶᠢᠨ  ᠦᠨᠢᠶ᠎ᠡ   ᠶᠢ 6.5  ᠲᠦᠮᠡᠨ  ᠲᠣᠯᠣᠭᠠᠢ   ᠳᠤ  ᠬᠦᠷᠭᠡᠨ  ᠂  ᠡᠷᠦᠭᠡ  ᠪᠦᠷᠢ   ᠳᠤ 2 ᠲᠣᠯᠣᠭᠠᠢ  ᠨᠣᠭᠳᠠᠭᠤᠯᠵᠤ  ᠂  ᠠᠯᠠᠰᠢᠨ  ᠦᠬᠡᠷ  ᠪᠣᠷᠳᠣᠭᠰᠠᠨ  ᠬᠡᠮᠵᠢᠶ᠎ᠡ   ᠶᠢ  10  ᠲᠦᠮᠡᠨ  ᠲᠣᠯᠣᠭᠠᠢ  ᠢᠯᠡᠭᠦᠦ   ᠳᠤ  ᠬᠦᠷᠭᠡᠵᠦ  ᠂  ᠡᠷᠦᠭᠡ  ᠪᠦᠷᠢ   ᠳᠤ 3 ᠲᠣᠯᠣᠭᠠᠢ  ᠨᠣᠭᠳᠠᠭᠤᠯᠤᠨ᠎ᠠ  ︔  ᠭᠠᠭ᠋ᠠᠢ  ᠲᠡᠵᠢᠭᠡᠭᠰᠡᠨ  ᠲᠤᠭ᠎ᠠ  ᠲᠣᠯᠣᠭᠠᠢ   ᠶᠢ 11 ᠲᠦᠮᠡ   ᠳᠤ  ᠬᠦᠷᠭᠡᠨ᠎ᠡ  ᠃  ᠲᠠᠷᠢᠶᠠᠯᠠᠩ  ᠮᠠᠯ  ᠠᠵᠤ  ᠠᠬᠤᠢ   ᠶᠢᠨ  ᠪᠠᠷᠢᠮᠵᠢᠶᠠᠵᠢᠭᠰᠠᠨ  ᠦᠢᠯᠡᠳᠪᠦᠷᠢᠯᠡᠯ   ᠢ  ᠲᠦᠯᠬᠢᠨ  ᠠᠬᠢᠭᠤᠯᠵᠤ  ᠂  ᠨᠡᠷᠡᠲᠦ  ᠲᠡᠮᠳᠡᠭ   ᠤᠨ  ᠪᠠᠶᠢᠯᠳᠤᠬᠤ  ᠪᠣᠳᠣᠯᠭ᠎ᠠ   ᠶᠢ  ᠬᠡᠷᠡᠭᠵᠢᠭᠦᠯᠦᠨ  ᠂  ᠰᠢᠯᠢᠳᠡᠭ  ᠴᠢᠨᠠᠷ   ᠤᠨ  ᠮᠠᠯ  ᠲᠠᠷᠢᠶᠠᠯᠠᠩ   ᠤᠨ  ᠪᠦᠲᠦᠭᠡᠭᠳᠡᠬᠦᠨ  ᠦᠢᠯᠡᠳᠪᠦᠷᠢᠯᠡᠬᠦ  ᠰᠠᠭᠤᠷᠢᠨ   ᠢ  ᠪᠠᠶᠢᠭᠤᠯᠤᠨ᠎ᠠ  ᠃  ᠪᠣᠬᠢᠷᠲᠤᠯ  ᠬᠤᠣᠷᠳᠠᠯ  ᠦᠭᠡᠢ  ᠰᠠᠭᠤᠷᠢᠨ  ᠭᠠᠵᠠᠷ   ᠢ  ᠪᠦᠲᠦᠭᠡᠨ  ᠪᠠᠶᠢᠭᠤᠯᠵᠤ  ᠂  ᠰᠠᠭᠤᠷᠢᠨ  ᠭᠠᠵᠠᠷ   ᠤᠨ ᠰᠢᠯᠭᠠᠨ ᠭᠡᠷᠡᠴᠢᠯᠡᠯᠲᠡ   ᠳᠤ  ᠣᠷᠣᠭᠰᠠᠨ  ᠲᠠᠯᠠᠪᠠᠢ  ᠪᠠ  ᠲᠥᠷᠥᠯ  ᠵᠦᠢᠯ   ᠤᠨ  ᠬᠦᠷᠢᠶ᠎ᠡ  ᠬᠡᠪᠴᠢᠶ᠎ᠡ   ᠶᠢ  ᠥᠷᠭᠡᠳᠬᠡᠵᠦ  ᠂  ᠨᠡᠶᠢᠲᠡ   ᠶᠢᠨ  ᠬᠤᠣᠷᠳᠠᠯ  ᠦᠭᠡᠢ ᠪᠠᠷ ᠭᠡᠷᠡᠴᠢᠯᠡᠭᠳᠡᠭᠰᠡᠨ  ᠲᠠᠯᠠᠪᠠᠢ   ᠶᠢ 95 ᠲᠦᠮᠡᠨ  ᠮᠦ   ᠳᠤ  ᠬᠦᠷᠭᠡᠵᠦ  ᠂  ᠲᠥᠷᠥᠯ  ᠵᠦᠢᠯ   ᠳᠤ  ᠪᠦᠬᠦᠶᠢᠯᠡ ᠪᠦᠲᠦᠭᠡᠭᠳᠡᠬᠦᠨ ᠢ   ᠬᠠᠮᠤᠷᠤᠭᠤᠯᠤᠨ᠎ᠠ  ᠃ ᠭᠤᠣᠯᠳᠠᠭᠴᠢ  ᠠᠵᠤ  ᠦᠢᠯᠡᠰ   ᠲᠠᠬᠢ  ᠭᠤᠣᠯ  ᠪᠣᠯᠬᠤ ᠪᠦᠲᠦᠭᠡᠭᠳᠡᠬᠦᠨ   ᠳᠤ ᠪᠦᠬᠦᠨ   ᠢᠶᠠᠷ   ᠨᠢ  ᠪᠣᠬᠢᠷᠲᠤᠯ  ᠦᠭᠡᠢ ᠭᠡᠷᠡᠴᠢ  ᠣᠯᠭᠤᠵᠤ  ᠂ 3 ᠠᠴᠠ  ᠳᠡᠭᠡᠭᠰᠢᠬᠢ  ᠪᠦᠲᠦᠭᠡᠭᠳᠡᠬᠦᠨ   ᠳᠤ  ᠣᠷᠭᠠᠨᠢᠭ   ᠤᠨ  ᠭᠡᠷᠡᠴᠢ ᠣᠯᠭᠤᠨ᠎ᠠ  ᠃ ᠠᠷᠠᠯᠵᠢᠶᠠᠴᠢᠨ  ᠤᠷᠢᠵᠤ  ᠪᠡᠯᠡ  ᠮᠥᠩᠭᠦ  ᠲᠠᠲᠠᠬᠤ  ᠬᠦᠴᠦᠯᠡᠴᠡ   ᠪᠠᠨ  ᠶᠡᠬᠡᠰᠬᠡᠵᠦ  ᠂  ᠲᠠᠷᠢᠶᠠᠯᠠᠩ   ᠤᠨ  ᠪᠦᠲᠦᠭᠡᠭᠳᠡᠬᠦᠨ  ᠂  ᠮᠠᠯ   ᠤᠨ  ᠠᠰᠢᠭ ᠰᠢᠮ᠎ᠡ   ᠶᠢ  ᠪᠣᠯᠪᠠᠰᠤᠷᠠᠭᠤᠯᠬᠤ  ᠠᠵᠤ  ᠠᠬᠤᠶᠢᠯᠠᠯ   ᠢ  ᠢᠳᠡᠪᠬᠢᠲᠡᠢ  ᠬᠥᠮᠥᠵᠢᠭᠦᠯᠬᠦ  ᠪᠠ  ᠲᠠᠲᠠᠨ  ᠣᠷᠣᠭᠤᠯᠵᠤ  ᠂  ᠠᠵᠤ  ᠦᠢᠯᠡᠰ   ᠤᠨ  ᠬᠡᠯᠬᠢᠶᠡᠰᠦ   ᠶᠢ  ᠤᠷᠲᠤᠳᠬᠠᠨ  ᠂  ᠲᠠᠷᠢᠶᠠᠯᠠᠩ   ᠤᠨ  ᠪᠦᠲᠦᠭᠡᠭᠳᠡᠬᠦᠨ  ᠂  ᠮᠠᠯ   ᠤᠨ  ᠠᠰᠢᠭ  ᠰᠢᠮ᠎ᠡ   ᠶᠢ  ᠪᠣᠷᠣᠯᠠᠭᠤᠯᠬᠤ  ᠵᠠᠬ᠎ᠠ  ᠳᠡᠯᠭᠡᠭᠦᠷ   ᠢ  ᠨᠡᠭᠡᠭᠡᠬᠦ   ᠳᠤ  ᠰᠠᠭᠤᠷᠢ  ᠲᠠᠯᠪᠢᠨ᠎ᠠ  ᠃  ᠭᠤᠷᠪᠠ   ᠳᠤ  ᠂  ᠲᠠᠷᠢᠶᠠᠯᠠᠩ  ᠮᠠᠯ  ᠠᠵᠤ  ᠠᠬᠤᠢ   ᠶᠢᠨ  ᠮᠡᠳᠡᠭᠡ  ᠵᠠᠩᠭᠢᠵᠢᠯᠳᠠ   ᠶᠢ  ᠲᠦᠷᠭᠡᠳᠬᠡᠬᠦ   ᠪᠠᠷ  ᠭᠤᠣᠯ  ᠪᠣᠯᠭᠠᠭᠰᠠᠨ ᠦᠢᠯᠡᠴᠢᠯᠡᠭᠡᠨ   ᠤ  ᠰᠢᠰᠲ᠋ᠧᠮ   ᠤᠨ  ᠪᠠᠶᠢᠭᠤᠯᠤᠯᠲᠠ ᠶᠢᠨ  ᠠᠯᠬᠤᠴᠠ   ᠶᠢ  ᠲᠦᠷᠭᠡᠳᠬᠡᠨ᠎ᠡ  ᠃  ᠲᠠᠷᠢᠶᠠᠯᠠᠩ  ᠮᠠᠯ  ᠠᠵᠤ  ᠠᠬᠤᠢ   ᠶᠢᠨ  ᠮᠡᠳᠡᠭᠡ  ᠵᠠᠩᠭᠢᠵᠢᠯᠲᠠ   ᠶᠢᠨ  ᠦᠢᠯᠡᠴᠢᠯᠡᠭᠡᠨ ᠤ ᠲᠠᠪᠴᠠᠩ   ᠢ  ᠪᠠᠶᠢᠭᠤᠯᠵᠤ  ᠂ ᠰᠢᠨᠵᠢᠯᠡᠬᠦ  ᠤᠬᠠᠭᠠᠨ  ᠮᠡᠷᠭᠡᠵᠢᠯ   ᠤᠨ  ᠳᠡᠯᠭᠡᠷᠡᠭᠦᠯᠦᠯᠲᠡ  ᠂  ᠰᠢᠯᠢᠳᠡᠭ  ᠲᠥᠷᠥᠯ  ᠡᠭᠦᠯᠳᠡᠷ   ᠤᠨ  ᠪᠣᠶᠢᠵᠢᠭᠤᠯᠤᠯᠲᠠ  ᠂  ᠬᠢᠵᠢᠭ  ᠭᠡᠮ   ᠤᠨ  ᠰᠡᠷᠭᠡᠶᠢᠯᠡᠯᠲᠡ  ᠵᠡᠷᠭᠡ  ᠲᠠᠷᠢᠶᠠᠯᠠᠩ  ᠮᠠᠯ  ᠠᠵᠤ  ᠠᠬᠤᠢ   ᠶᠢᠨ  ᠦᠢᠯᠡᠴᠢᠯᠡᠭᠡᠨ   ᠤ  ᠰᠢᠰᠲ᠋ᠧᠮᠵᠢ  ᠪᠣᠯᠣᠨ  ᠦᠶᠡᠷ  ᠤᠰᠤ   ᠶᠢ  ᠰᠡᠷᠭᠡᠶᠢᠯᠡᠵᠦ  ᠂  ᠭᠠᠩ  ᠬᠠᠪᠰᠠᠷᠭᠠᠨ   ᠲᠠᠢ  ᠲᠡᠮᠡᠴᠡᠬᠦ   ᠪᠠᠷ  ᠭᠤᠣᠯ  ᠪᠣᠯᠭᠠᠭᠰᠠᠨ ᠲᠠᠷᠢᠶᠠᠯᠠᠩ  ᠮᠠᠯ  ᠠᠵᠤ  ᠠᠬᠤᠢ   ᠶᠢᠨ  ᠪᠠᠲᠤᠯᠠᠭᠠᠨ   ᠤ  ᠰᠢᠰᠲ᠋ᠧᠮᠵᠢ   ᠶᠢᠨ  ᠪᠠᠶᠢᠭᠤᠯᠤᠯᠲᠠ   ᠶᠢ  ᠦᠨᠡᠨ  ᠬᠦ  ᠴᠢᠩᠭᠠᠳᠬᠠᠵᠤ  ᠂ ᠲᠤᠷᠰᠢᠯᠲᠠ   ᠶᠢᠨ  ᠴᠡᠭ   ᠢ  ᠬᠥᠭᠵᠢᠭᠦᠯᠵᠦ  ᠂ ᠮᠠᠯ  ᠲᠠᠷᠢᠶᠠᠯᠠᠩ   ᠤᠨ  ᠠᠰᠢᠭ  ᠰᠢᠮ᠎ᠡ   ᠶᠢᠨ  ᠡᠯ᠎ᠡ  ᠲᠥᠷᠥᠯ   ᠤᠨ  ᠭᠠᠮᠰᠢᠭ   ᠠᠴᠠ  ᠰᠡᠷᠭᠡᠶᠢᠯᠡᠨ  ᠬᠤᠬᠢᠷᠠᠯ   ᠢ  ᠪᠠᠭᠠᠰᠬᠠᠬᠤ  ᠳᠠᠭᠠᠳᠬᠠᠯ   ᠤᠨ  ᠠᠵᠢᠯ   ᠳᠤ  ᠣᠷᠣᠯᠴᠠᠬᠤ   ᠶᠢ  ᠲᠦᠯᠬᠢᠨ  ᠠᠬᠢᠭᠤᠯᠵᠤ  ᠂  ᠮᠠᠯ  ᠲᠠᠷᠢᠶᠠᠯᠠᠩ   ᠤᠨ  ᠬᠥᠭᠵᠢᠯᠲᠡ   ᠶᠢᠨ  ᠪᠦᠬᠦᠶᠢᠯᠡ  ᠲᠦᠪᠰᠢᠨ   ᠢ  ᠲᠠᠰᠤᠷᠠᠯᠲᠠ  ᠦᠭᠡᠢ  ᠳᠡᠭᠡᠭᠰᠢᠯᠡᠭᠦᠯᠦᠨ᠎ᠡ  ᠃ ᠳᠥᠷᠪᠡ ᠳᠤ  ᠂  ᠮᠠᠯᠴᠢᠨ  ᠲᠠᠷᠢᠶᠠᠴᠢᠨ   ᠤ  ᠣᠷᠣᠯᠭ᠎ᠠ   ᠶᠢ  ᠨᠡᠮᠡᠭᠳᠡᠭᠦᠯᠦᠨ᠎ᠡ  ᠃  ᠲᠠᠷᠢᠶᠠᠯᠠᠩ  ᠮᠠᠯ  ᠠᠵᠤ  ᠠᠬᠤᠢ   ᠶᠢᠨ  ᠳᠣᠲᠣᠭᠠᠳᠤ   ᠶᠢᠨ  ᠳᠠᠯᠳᠠ  ᠬᠦᠴᠦᠨ   ᠢ  ᠠᠭᠤᠳᠠᠯᠯᠠᠵᠦ  ᠂  ᠦᠢᠯᠡᠳᠪᠦᠷᠢᠯᠡᠯ   ᠤᠨ  ᠨᠡᠮᠡᠭᠳᠡᠯ  ᠂  ᠥᠷᠲᠡᠭ   ᠤᠨ  ᠨᠡᠮᠡᠭᠳᠡᠯ  ᠂  ᠦᠷ᠎ᠡ  ᠠᠰᠢᠭ   ᠤᠨ  ᠨᠡᠮᠡᠭᠳᠡᠯ  ᠪᠠ  ᠣᠷᠣᠯᠭ᠎ᠠ   ᠶᠢᠨ  ᠨᠡᠮᠡᠭᠳᠡᠯ   ᠢ  ᠪᠡᠶᠡᠯᠡᠭᠦᠯᠦᠨ᠎ᠡ  ᠃  ᠲᠠᠷᠢᠶᠠᠯᠠᠬᠤ  ᠮᠠᠯᠵᠢᠬᠤ  ᠣᠷᠣᠨ   ᠤ  ᠡᠳ᠋ᠰᠢᠭᠦᠯᠦᠨ ᠪᠣᠯᠪᠠᠰᠤᠷᠠᠭᠤᠯᠬᠤ ᠦᠢᠯᠡᠰ  ᠪᠣᠯᠣᠨ  ᠨᠡᠶᠢᠭᠡᠮ   ᠤᠨ  ᠦᠢᠯᠡᠴᠢᠯᠡᠭᠡᠨ   ᠤ  ᠦᠢᠯᠡᠰ   ᠢ  ᠠᠬᠢᠭᠤᠯᠵᠤ  ᠂  ᠬᠥᠮᠥᠨ  ᠠᠮᠠ   ᠶᠢ  ᠳᠠᠶᠢᠴᠢᠯᠠᠨ  ᠂  ᠬᠤᠶᠠᠷ  ᠂  ᠭᠤᠷᠪᠠᠳᠤᠭᠠᠷ  ᠠᠵᠤ  ᠦᠢᠯᠡᠰ ᠵᠦᠭ  ᠰᠢᠯᠵᠢᠭᠦᠯᠵᠦ  ᠂  ᠲᠠᠷᠢᠶᠠᠯᠠᠩ  ᠮᠠᠯ  ᠠᠵᠤ  ᠠᠬᠤᠢ   ᠶᠢᠨ  ᠪᠤᠰᠤ  ᠣᠷᠣᠯᠭ᠎ᠠ   ᠶᠢ  ᠨᠡᠮᠡᠭᠳᠡᠭᠦᠯᠦᠨ᠎ᠡ  ᠃  ᠬᠥᠳᠡᠯᠮᠦᠷᠢ  ᠬᠦᠴᠦᠨ   ᠤ  ᠠᠵᠤ  ᠠᠬᠤᠢ   ᠶᠢ  ᠬᠥᠭᠵᠢᠭᠦᠯᠦᠨ  ᠂ ᠬᠥᠳᠡᠯᠮᠦᠷᠢ  ᠬᠦᠴᠦᠨ   ᠤ  ᠭᠠᠷᠭᠠᠯᠲᠠ   ᠶᠢ  ᠥᠷᠭᠡᠳᠬᠡᠵᠦ  ᠂  ᠲᠠᠪᠤᠨ  ᠵᠢᠯ   ᠳᠤ  ᠲᠠᠷᠢᠶᠠᠯᠠᠬᠤ  ᠮᠠᠯᠵᠢᠬᠤ  ᠣᠷᠣᠨ   ᠤ  ᠬᠥᠳᠡᠯᠮᠦᠷᠢ  ᠬᠦᠴᠦᠨ 5000 ᠬᠥᠮᠥᠨ   ᠢ  ᠰᠢᠯᠵᠢᠭᠦᠯᠬᠦ   ᠪᠠᠷ  ᠴᠢᠷᠮᠠᠶᠢᠨ᠎ᠠ  ᠃  ᠡᠭᠦᠨ   ᠤ ᠬᠠᠮᠲᠤ  ᠂  ᠠᠰᠢᠭᠲᠠᠢ  ᠨᠥᠬᠦᠴᠡᠯ  ᠪᠣᠯᠣᠨ  ᠬᠠᠷᠠᠭᠠᠯᠵᠠᠯᠲᠤ  ᠲᠥᠷᠥ   ᠶᠢᠨ  ᠪᠣᠳᠣᠯᠭ᠎ᠠ   ᠶᠢ  ᠬᠠᠩᠭᠠᠵᠤ  ᠂  ᠭᠠᠳᠠᠭᠰᠢ  ᠭᠠᠷᠴᠤ  ᠬᠥᠳᠡᠯᠮᠦᠷᠢᠯᠡᠭᠰᠡᠳ   ᠢ  ᠢᠳᠡᠪᠬᠢᠲᠡᠢ  ᠵᠢᠯᠣᠭᠤᠳᠤᠨ  ᠨᠤᠲᠤᠭ   ᠲᠠᠭᠠᠨ  ᠪᠤᠴᠠᠵᠤ  ᠦᠢᠯᠡᠰ  ᠪᠦᠲᠦᠭᠡᠯᠭᠡᠨ᠎ᠡ  ᠃  ᠲᠠᠪᠤ   ᠳᠤ  ᠂  ᠲᠠᠷᠢᠶᠠᠯᠠᠩ  ᠮᠠᠯ  ᠠᠵᠤ  ᠠᠬᠤᠢ   ᠶᠢᠨ  ᠭᠠᠶᠢᠯᠢ   ᠶᠢ  ᠬᠡᠯᠲᠦᠷᠢᠭᠦᠯᠬᠦ  ᠪᠠ  ᠠᠮᠤ  ᠦᠷ᠎ᠡ   ᠶᠢᠨ  ᠰᠢᠭᠤᠳ  ᠨᠥᠬᠦᠪᠦᠷᠢ  ᠂  ᠰᠢᠯᠢᠳᠡᠭ  ᠲᠠᠷᠢᠶᠠᠨ  ᠦᠷ᠎ᠡ   ᠶᠢᠨ  ᠨᠥᠬᠦᠪᠦᠷᠢ  ᠂  ᠮᠠᠰᠢᠨ  ᠲᠣᠨᠣᠭᠯᠠᠯ  ᠬᠤᠳᠠᠯᠳᠤᠨ  ᠠᠪᠬᠤ  ᠨᠥᠬᠦᠪᠦᠷᠢ  ᠵᠢᠴᠢ  ᠲᠠᠷᠢᠶᠠᠯᠠᠬᠤ   ᠶᠢ  ᠵᠣᠭᠰᠣᠭᠠᠨ  ᠣᠢ  ᠡᠪᠡᠰᠦ   ᠶᠢ  ᠰᠡᠷᠭᠦᠭᠡᠬᠦ  ᠨᠥᠬᠦᠪᠦᠷᠢ  ᠵᠡᠷᠭᠡ  ᠡᠯ᠎ᠡ  ᠵᠦᠢᠯ   ᠤᠨ  ᠬᠠᠷᠠᠭᠠᠯᠵᠠᠯ   ᠤᠨ  ᠲᠥᠷᠥ   ᠶᠢᠨ  ᠪᠣᠳᠣᠯᠭ᠎ᠠ   ᠶᠢ  ᠨᠠᠶᠢᠳᠠᠪᠤᠷᠢᠵᠢᠭᠤᠯᠵᠤ  ᠂  ᠶᠠᠳᠠᠭᠤ   ᠶᠢ  ᠲᠡᠳᠬᠦᠵᠦ  ᠨᠡᠭᠡᠭᠡᠨ  ᠬᠥᠭᠵᠢᠭᠦᠯᠬᠦ  ᠠᠵᠢᠯ   ᠢ  ᠰᠠᠶᠢᠲᠤᠷ  ᠬᠢᠵᠦ  ᠂ 4.4 ᠲᠦᠮᠡᠨ  ᠬᠥᠮᠥᠨ   ᠤ  ᠲᠣᠭᠲᠠᠭᠤᠨ   ᠢᠶᠠᠷ  ᠶᠠᠳᠠᠭᠤ   ᠠᠴᠠ  ᠠᠩᠭᠢᠵᠢᠷᠠᠬᠤ   ᠶᠢ  ᠪᠡᠶᠡᠯᠡᠭᠦᠯᠦᠨ᠎ᠡ  ᠃        ᠠᠮᠢ  ᠠᠬᠤᠢ   ᠶᠢᠨ  ᠪᠣᠯᠪᠠᠰᠤᠨ   ᠤ  ᠦᠵᠡᠯᠲᠡ   ᠶᠢ  ᠪᠠᠲᠤ  ᠪᠣᠢ  ᠪᠣᠯᠭᠠᠨ  ᠂ ᠠᠮᠢ  ᠠᠬᠤᠢ   ᠪᠠᠷ  ᠬᠤᠰᠢᠭᠤ   ᠪᠠᠨ  ᠪᠠᠶᠢᠭᠤᠯᠬᠤ  ᠦᠵᠡᠯ  ᠰᠠᠨᠠᠭ᠎ᠠ   ᠶᠢ  ᠭᠤᠶᠢᠪᠢᠰᠢ  ᠦᠭᠡᠢ  ᠪᠠᠷᠢᠮᠲᠠᠯᠠᠵᠤ  ᠂  ᠰᠢᠯᠢᠳᠡᠭ   ᠢ  ᠡᠭᠦᠳᠬᠦ  ᠱᠠᠭᠠᠷᠳᠠᠯᠭ᠎ᠠ  ᠶᠣᠰᠣᠭᠠᠷ  ᠂  ᠡᠯ᠎ᠡ  ᠲᠥᠷᠥᠯ   ᠤᠨ  ᠠᠮᠢ  ᠠᠬᠤᠢ   ᠶᠢᠨ ᠪᠦᠲᠦᠭᠡᠨ  ᠪᠠᠶᠢᠭᠤᠯᠤᠯᠲᠠ   ᠶᠢᠨ  ᠢᠨᠵᠧᠨᠧᠷᠢᠩ   ᠢ  ᠦᠷᠭᠦᠯᠵᠢᠯᠡᠨ  ᠬᠡᠷᠡᠭᠵᠢᠭᠦᠯᠵᠦ  ᠂ ︽ᠲᠠᠶᠢᠹᠤᠰᠧ  ᠬᠤᠰᠢᠭᠤᠨ   ᠤ  ᠪᠡᠯᠴᠢᠭᠡᠷ  ᠰᠡᠷᠭᠦᠭᠡᠵᠦ ᠪᠡᠯᠴᠢᠭᠡᠷᠯᠡᠭᠦᠯᠬᠦ ᠶᠢ  ᠵᠣᠭᠰᠣᠭᠠᠬᠤ  ᠬᠠᠮᠢᠶᠠᠷᠤᠯᠲᠠ ᠶᠢᠨ ᠠᠷᠭ᠎ᠠ︾ ᠶᠢ ᠨᠠᠷᠢᠨ ᠬᠢᠨᠠᠮᠠᠭᠠᠢ  ᠬᠡᠷᠡᠭᠵᠢᠭᠦᠯᠦᠨ᠂ ᠠᠭᠤᠯᠠᠨ  ᠭᠦᠢᠯᠡᠰᠦ  ᠂  ᠴᠢᠨᠠᠷ  ᠰᠠᠶᠢᠲᠠᠢ  ᠲᠡᠵᠢᠭᠡᠯ  ᠡᠪᠡᠰᠦ   ᠪᠠᠷ  ᠭᠤᠣᠯᠳᠠᠭᠰᠠᠨ  ᠠᠮᠢ  ᠠᠬᠤᠢ   ᠶᠢᠨ ᠵᠠᠯᠭᠠᠮᠵᠢᠯᠠᠯ  ᠠᠵᠤ  ᠦᠢᠯᠡᠰ   ᠢ  ᠢᠳᠡᠪᠬᠢᠲᠡᠢ  ᠪᠣᠶᠢᠵᠢᠭᠤᠯᠬᠤ  ᠪᠠ  ᠬᠥᠭᠵᠢᠭᠦᠯᠵᠦ  ᠂  ᠵᠡᠷᠯᠢᠭ  ᠲᠠᠤᠯᠠᠢ   ᠶᠢᠨ  ᠪᠥᠭᠡᠷ᠎ᠡ   ᠪᠠᠷ  ᠭᠤᠣᠯ  ᠪᠣᠯᠭᠠᠭᠰᠠᠨ ᠠᠵᠤ  ᠦᠢᠯᠡᠰ   ᠤᠨ  ᠬᠥᠭᠵᠢᠯᠲᠡ   ᠶᠢ  ᠬᠦᠴᠦᠯᠡᠨ  ᠠᠬᠢᠭᠤᠯᠵᠤ᠂ 2010ᠣᠨ ᠪᠣᠯᠬᠤ ᠳᠤ ᠪᠦᠬᠦ ᠬᠤᠰᠢᠭᠤᠨ ᠳᠤ ᠠᠮᠢ ᠠᠬᠤᠢ   ᠶᠢᠨ ᠵᠠᠰᠠᠯᠲᠠ ᠶᠢᠨ ᠲᠠᠯᠠᠪᠠᠢ ᠶᠢ 40 ᠲᠦᠮᠡᠨ ᠮᠦ  ᠰᠢᠨ᠎ᠡ ᠪᠠᠷ ᠨᠡᠮᠡᠭᠳᠡᠭᠦᠯᠵᠦ  ᠂  ᠵᠡᠷᠯᠢᠭ ᠲᠠᠤᠯᠠᠢ ᠶᠢᠨ ᠪᠥᠭᠡᠷ᠎ᠡ 60 ᠲᠦᠮᠡᠨ ᠮᠦ  ᠲᠠᠷᠢᠨ᠎ᠡ  ᠃         ︵ᠬᠤᠶᠠᠷ︶  ᠭᠤᠣᠯᠯᠠᠬᠤ ᠠᠵᠤ  ᠦᠢᠯᠡᠰ ᠢ ᠪᠣᠶᠢᠵᠢᠭᠤᠯᠬᠤ   ᠪᠠᠷ ᠭᠤᠣᠯᠳᠠᠯᠭ᠎ᠠ  ᠪᠣᠯᠭᠠᠵᠤ  ᠂  ᠠᠵᠤ ᠦᠢᠯᠡᠳᠪᠦᠷᠢᠵᠢᠯᠲᠡ ᠶᠢᠨ ᠠᠬᠢᠴᠠ ᠶᠢ ᠲᠦᠷᠭᠡᠳᠬᠡᠬᠦ ᠬᠡᠷᠡᠭᠲᠡᠢ  ᠃         ᠨᠢᠭᠡ   ᠳᠤ  ᠂  ᠭᠤᠣᠯᠯᠠᠬᠤ  ᠠᠵᠤ  ᠠᠬᠤᠶᠢᠯᠠᠯ   ᠢ  ᠬᠦᠴᠦᠷᠬᠡᠭᠵᠢᠭᠦᠯᠦᠨ  ᠪᠤᠵᠠᠭᠠᠶᠢᠷᠠᠭᠤᠯᠤᠨ᠎ᠠ  ᠃  ︽ᠲᠠᠯ᠎ᠠ  ᠨᠤᠲᠤᠭ︾ ᠬᠠᠷ᠎ᠠ  ᠠᠷᠢᠬᠢ  ᠂ ︽ᠬᠤᠸᠠ  ᠡᠯ︾  ᠽᠧᠮᠧᠨ᠋ᠲ  ᠂ ︽ ᠶᠢᠨ  ᠳ᠋ᠢ︾ ᠸᠣᠯᠹᠷᠠᠮ   ᠤᠨ  ᠦᠢᠯᠡᠰ  ᠂  ︽ᠴᠠᠩ  ᠵᠢᠶᠠᠩ︾  ᠠᠭᠤᠷᠬᠠᠢ   ᠶᠢᠨ  ᠦᠢᠯᠡᠰ  ᠂  ︽ᠬᠤᠩ  ᠵᠢᠩ  ᠶᠤᠸᠠᠨ︾ ᠲᠣᠰᠣ᠂ ︽ᠴᠠᠩ  ᠶᠤᠸᠠᠨ︾  ᠲᠡᠵᠢᠭᠡᠯ  ᠪᠣᠷᠳᠤᠭ᠎ᠠ  ᠵᠡᠷᠭᠡ  ᠭᠤᠣᠯᠯᠠᠬᠤ  ᠠᠵᠤ  ᠠᠬᠤᠶᠢᠯᠠᠯ   ᠢ  ᠬᠥᠭᠵᠢᠭᠦᠯᠦᠨ  ᠬᠦᠴᠦᠷᠬᠡᠭᠵᠢᠭᠦᠯᠵᠦ  ᠂  ᠮᠠᠨ   ᠤ  ᠬᠤᠰᠢᠭᠤᠨ   ᠤ  ᠠᠵᠤ  ᠦᠢᠯᠡᠳᠪᠦᠷᠢ   ᠶᠢᠨ  ᠭᠤᠣᠯ  ᠲᠤᠯᠭᠠᠭᠤᠷᠢ  ᠪᠣᠯᠭᠠᠨ᠎ᠠ  ᠃ ᠬᠤᠶᠠᠷ   ᠲᠤ  ᠂ ᠰᠢᠨ᠎ᠡ   ᠪᠠᠷ  ᠪᠠᠶᠢᠭᠤᠯᠤᠭᠰᠠᠨ  ᠠᠵᠤ  ᠠᠬᠤᠶᠢᠯᠠᠯ   ᠤᠨ  ᠦᠢᠯᠡᠳᠪᠦᠷᠢᠯᠡᠯ  ᠪᠠ  ᠦᠷ᠎ᠡ  ᠠᠰᠢᠭ   ᠢ ᠳᠡᠭᠡᠭᠰᠢᠯᠡᠭᠦᠯᠦᠨ᠎ᠡ  ᠃  ᠰᠢᠨ᠎ᠡ  ᠲᠥᠷᠥᠯ  ᠵᠦᠢᠯ   ᠢ  ᠲᠦᠯᠬᠢᠨ  ᠠᠬᠢᠭᠤᠯᠬᠤ  ᠵᠣᠬᠢᠴᠠᠮᠵᠢ   ᠶᠢ  ᠲᠠᠰᠤᠷᠠᠯᠲᠠ  ᠦᠭᠡᠢ  ᠰᠢᠨᠡᠳᠬᠡᠨ  ᠂  ︽ᠾᠧᠩ  ᠶᠤᠸᠠᠨ︾  ᠲᠠᠷᠢᠶᠠᠯᠠᠩ   ᠤᠨ  ᠦᠢᠯᠡᠰ   ᠤᠨ  ᠺᠣᠮᠫᠠᠨᠢ   ᠶᠢᠨ  ᠲᠥᠮᠥᠰᠥᠨ   ᠤ  ᠦᠢᠯᠡᠳᠪᠦᠷᠢᠯᠡᠯ  ᠂  ︽ᠥᠷᠨᠢᠯ︾  ᠮᠠᠯᠵᠢᠯ   ᠤᠨ  ᠺᠣᠮᠫᠠᠨᠢ   ᠶᠢᠨ  ᠠᠯᠠᠰᠢᠨ  ᠦᠬᠡᠷ  ᠪᠣᠷᠳᠣᠵᠤ  ᠪᠣᠯᠪᠠᠰᠤᠷᠠᠭᠤᠯᠬᠤ  ᠂  ︽ ᠱᠧᠨ ᠬᠤᠸᠠ  ᠰᠢᠶᠧ  ᠾᠧ︾  ᠰᠠᠯᠬᠢᠨ ᠴᠠᠬᠢᠯᠭᠠᠨ ᠺᠣᠮᠫᠠᠨᠢ   ᠶᠢᠨ ᠰᠠᠯᠬᠢᠨ  ᠬᠦᠴᠦᠨ   ᠢᠶᠠᠷ  ᠴᠠᠬᠢᠯᠭᠠᠨ  ᠭᠠᠷᠭᠠᠬᠤ  ᠂  ︽ᠬᠤᠩ  ᠶᠧ︾  ᠠᠭᠤᠷᠬᠠᠢ   ᠶᠢᠨ  ᠦᠢᠯᠡᠰ   ᠤᠨ  ᠴᠠᠬᠢᠭᠤᠷ  ᠴᠢᠯᠠᠭᠤ  ᠰᠣᠩᠭᠤᠨ  ᠪᠣᠯᠪᠠᠰᠤᠷᠠᠭᠤᠯᠬᠤ  ᠵᠡᠷᠭᠡ  ᠲᠥᠷᠥᠯ  ᠵᠦᠢᠯ   ᠤᠨ  ᠦᠢᠯᠡᠳᠪᠦᠷᠢᠯᠡᠯ  ᠪᠠ  ᠦᠷ᠎ᠡ  ᠠᠰᠢᠭ   ᠢ  ᠳᠡᠭᠡᠭᠰᠢᠯᠡᠭᠦᠯᠵᠦ  ᠂  ᠵᠢᠯ   ᠳᠤ 10 ᠲᠦᠮᠡᠨ  ᠲᠣᠨ  ᠲᠥᠮᠥᠰᠥ  ᠪᠣᠯᠪᠠᠰᠤᠷᠠᠭᠤᠯᠬᠤ  ᠂  ᠠᠯᠠᠰᠢᠨ   ᠤ  ᠦᠬᠡᠷ 2  ᠲᠦᠮᠡᠨ  ᠲᠣᠯᠣᠭᠠᠢ  ᠪᠣᠷᠳᠣᠬᠤ  ᠂  ᠰᠠᠯᠬᠢᠨ  ᠬᠦᠴᠦᠨ   ᠢᠶᠠᠷ  ᠴᠠᠬᠢᠯᠭᠠᠨ  ᠭᠠᠷᠭᠠᠬᠤ  ᠮᠠᠰᠢᠨ 30  ᠲᠦᠮᠡᠨ  ᠺᠢᠯᠤᠸᠠᠲ  ᠤᠭᠰᠠᠷᠠᠬᠤ  ᠂  ᠴᠠᠬᠢᠭᠤᠷ  ᠴᠢᠯᠠᠭᠤ 14  ᠲᠦᠮᠡᠨ  ᠲᠣᠨ  ᠰᠣᠩᠭᠤᠨ  ᠪᠣᠯᠪᠠᠰᠤᠷᠠᠭᠤᠯᠬᠤ   ᠶᠢ  ᠪᠡᠶᠡᠯᠡᠭᠦᠯᠬᠦ  ᠪᠠ  ᠤᠰᠤᠲᠥ᠋ᠷᠥᠭᠴᠢ  ᠹᠯᠤᠷ  ᠬᠦᠴᠢᠯ   ᠤᠨ  ᠦᠢᠯᠡᠳᠪᠦᠷᠢ   ᠶᠢ  ᠪᠠᠶᠢᠭᠤᠯᠬᠤ   ᠪᠠᠷ   ᠴᠢᠷᠮᠠᠶᠢᠵᠤ  ᠂  ᠭᠠᠵᠠᠷ  ᠳᠣᠣᠷᠠᠬᠢ  ᠠᠭᠤᠷᠬᠠᠢ   ᠶᠢᠨ  ᠡᠬᠢ  ᠪᠠᠶᠠᠯᠢᠭ   ᠢ  ᠬᠠᠶᠢᠨ  ᠰᠢᠨᠵᠢᠯᠡᠬᠦ  ᠪᠠ  ᠨᠡᠭᠡᠭᠡᠨ  ᠠᠰᠢᠭᠯᠠᠬᠤ   ᠪᠠᠨ  ᠴᠢᠩᠭᠠᠳᠬᠠᠵᠤ  ᠂  ᠳᠤᠮᠳᠠᠳᠤ  ᠬᠡᠯᠪᠡᠷᠢ   ᠠᠴᠠ  ᠳᠡᠭᠡᠭᠰᠢᠬᠢ  ᠮᠣᠯᠢᠪᠳᠧᠨ ᠠᠭᠤᠷᠬᠠᠢ   ᠶᠢᠨ ᠰᠣᠩᠭᠤᠨ  ᠪᠣᠯᠪᠠᠰᠤᠷᠠᠭᠤᠯᠬᠤ  ᠦᠢᠯᠡᠳᠪᠦᠷᠢ   ᠶᠢ  ᠪᠠᠶᠢᠭᠤᠯᠬᠤ   ᠪᠠᠷ  ᠴᠢᠷᠮᠠᠶᠢᠨ᠎ᠠ  ᠃  ᠭᠤᠷᠪᠠ   ᠳᠤ᠂ ᠠᠵᠤ  ᠦᠢᠯᠡᠳᠪᠦᠷᠢ   ᠶᠢᠨ  ᠣᠷᠣᠨ  ᠲᠣᠭᠤᠷᠢᠭ   ᠤᠨ  ᠪᠦᠲᠦᠭᠡᠨ  ᠪᠠᠶᠢᠭᠤᠯᠤᠯᠲᠠ   ᠶᠢ  ᠲᠦᠷᠭᠡᠳᠬᠡᠨ᠎ᠡ  ᠃  ᠠᠵᠤ  ᠦᠢᠯᠡᠳᠪᠦᠷᠢ   ᠶᠢᠨ  ᠣᠷᠣᠨ  ᠲᠣᠭᠤᠷᠢᠭ   ᠢ  ᠠᠵᠤ  ᠦᠢᠯᠡᠳᠪᠦᠷᠢ   ᠶᠢᠨ  ᠬᠥᠭᠵᠢᠯᠲᠡ   ᠶᠢ  ᠲᠦᠯᠬᠢᠨ  ᠠᠬᠢᠭᠤᠯᠬᠤ  ᠵᠠᠩᠭᠢᠯᠠᠭ᠎ᠠ ᠪᠣᠯᠭᠠᠵᠤ  ᠂  ᠬᠥᠭᠵᠢᠯᠲᠡ   ᠶᠢᠨ  ᠠᠯᠬᠤᠴᠠ   ᠪᠠᠨ  ᠲᠦᠷᠭᠡᠳᠬᠡᠨ  ᠂  ᠲᠡᠭᠦᠨ   ᠢ ᠨᠡᠶᠢᠰᠯᠡᠯ   ᠤᠨ  ᠠᠵᠤ  ᠠᠬᠤᠢ   ᠶᠢᠨ  ᠬᠦᠷᠢᠶᠡᠨ   ᠤ  ᠠᠵᠤ  ᠦᠢᠯᠡᠰ   ᠤᠨ  ᠰᠢᠯᠵᠢᠯᠲᠡ   ᠲᠠᠢ  ᠵᠠᠯᠭᠠᠬᠤ  ᠴᠢᠬᠤᠯᠠ  ᠠᠴᠢᠶᠠᠯᠠᠪᠤᠷᠢ  ᠪᠣᠯᠭᠠᠨ᠂ ᠮᠠᠨ   ᠤ  ᠬᠤᠰᠢᠭᠤᠨ   ᠤ  ᠠᠵᠤ  ᠠᠬᠤᠢ  ᠶᠢᠨ  ᠬᠥᠭᠵᠢᠯᠲᠡ   ᠶᠢᠨ  ᠨᠡᠮᠡᠭᠳᠡᠯ   ᠤᠨ  ᠲᠤᠶᠢᠯ  ᠪᠣᠯᠣᠨ  ᠭᠠᠳᠠᠭᠰᠢ  ᠨᠡᠭᠡᠭᠡᠯᠲᠡ   ᠶᠢᠨ  ᠵᠢᠱᠢᠶ᠎ᠡ  ᠦᠵᠡᠭᠦᠯᠬᠦ  ᠣᠷᠣᠨ  ᠪᠣᠯᠭᠠᠨ᠎ᠠ  ᠃  ᠲᠠᠪᠤᠨ  ᠵᠢᠯ   ᠳᠤ 2.5  ᠲᠡᠭᠰᠢ  ᠳᠥᠷᠪᠡᠯᠵᠢᠨ  ᠺᠢᠯᠤᠮᠧᠲᠷ  ᠲᠠᠯᠠᠪᠠᠢ   ᠠᠴᠠ  ᠳᠡᠭᠡᠭᠰᠢ  ᠠᠵᠤ  ᠦᠢᠯᠡᠳᠪᠦᠷᠢ   ᠶᠢᠨ  ᠣᠷᠣᠨ  ᠲᠣᠭᠤᠷᠢᠭ   ᠢ  ᠪᠠᠶᠢᠭᠤᠯᠣᠨ᠎ᠠ  ︔ ᠳᠥᠷᠪᠡ   ᠳᠤ  ᠂  ᠲᠥᠷᠥᠯ  ᠵᠦᠢᠯ   ᠤᠨ  ᠪᠦᠲᠦᠭᠡᠨ  ᠪᠠᠶᠢᠭᠤᠯᠤᠯᠲᠠ   ᠶᠢ  ᠴᠢᠩᠭ᠎ᠠ  ᠠᠳᠬᠤᠨ᠎ᠠ  ᠃  ᠨᠢᠭᠡ  ᠲᠠᠯ᠎ᠠ   ᠪᠠᠷ  ᠠᠷᠠᠯᠵᠢᠶᠠᠴᠢᠨ  ᠤᠷᠢᠵᠤ  ᠪᠡᠯᠡ  ᠲᠠᠲᠠᠬᠤ   ᠶᠢ  ᠠᠳᠬᠤᠨ  ᠂  ᠨᠥᠭᠦᠭᠡ  ᠲᠠᠯ᠎ᠠ   ᠪᠠᠷ  ᠲᠥᠷᠥᠯ  ᠵᠦᠢᠯ  ᠲᠡᠮᠡᠴᠡᠨ  ᠣᠯᠬᠤ   ᠶᠢ  ᠠᠳᠬᠤᠵᠤ  ᠂  ᠠᠷᠠᠯᠵᠢᠶᠠᠴᠢᠨ  ᠤᠷᠢᠵᠤ  ᠪᠡᠯᠡ  ᠲᠠᠲᠠᠬᠤ  ᠠᠵᠢᠯ   ᠢ  ᠠᠵᠤ  ᠠᠬᠤᠢ   ᠶᠢᠨ  ᠨᠡᠮᠡᠭᠳᠡᠯ   ᠤᠨ  ᠰᠢᠨ᠎ᠡ  ᠴᠡᠭ   ᠢ  ᠪᠣᠶᠢᠵᠢᠭᠤᠯᠬᠤ  ᠂  ᠪᠦᠬᠦ  ᠬᠤᠰᠢᠭᠤᠨ   ᠤ  ᠠᠵᠤ  ᠠᠬᠤᠢ  ᠪᠣᠯᠣᠨ  ᠨᠡᠶᠢᠭᠡᠮ   ᠤᠨ  ᠬᠥᠭᠵᠢᠯᠲᠡ   ᠶᠢ  ᠳᠠᠶᠢᠴᠢᠯᠠᠬᠤ   ᠰᠢᠪᠲᠤᠯᠤᠯᠲᠠ   ᠶᠢᠨ  ᠠᠮᠠᠰᠠᠷ  ᠪᠣᠯᠭᠠᠵᠤ  ᠂ ᠠᠵᠢᠯ   ᠤᠨ  ᠠᠷᠭ᠎ᠠ  ᠪᠠᠷᠢᠯ   ᠢᠶᠠᠨ  ᠰᠠᠶᠢᠵᠢᠷᠠᠭᠤᠯᠵᠤ  ᠂  ᠠᠵᠢᠯ   ᠤᠨ  ᠬᠦᠴᠦᠯᠡᠴᠡ   ᠶᠢ  ᠶᠡᠬᠡᠰᠬᠡᠨ  ᠂  ᠠᠵᠢᠯ   ᠤᠨ  ᠦᠷ᠎ᠡ  ᠪᠦᠲᠦᠮᠵᠢ   ᠶᠢ  ᠨᠡᠮᠡᠭᠳᠡᠭᠦᠯᠵᠦ  ᠂ ᠨᠡᠩ  ᠣᠯᠠᠨ  ᠤᠯᠤᠰ   ᠤᠨ  ᠳᠣᠲᠣᠭᠠᠳᠤ  ᠭᠠᠳᠠᠭᠠᠳᠤ   ᠶᠢᠨ  ᠲᠥᠷᠥᠯ  ᠵᠦᠢᠯ   ᠢ  ᠲᠠᠲᠠᠵᠤ  ᠲᠠᠶᠢᠹᠤᠰᠧ  ᠬᠤᠰᠢᠭᠤᠨ   ᠳᠤ  ᠨᠤᠲᠤᠭᠰᠢᠭᠤᠯᠤᠨ᠎ᠠ  ᠃  ᠤᠯᠤᠰ   ᠤᠨ  ᠠᠵᠤ  ᠦᠢᠯᠡᠰ   ᠤᠨ  ᠲᠥᠷᠥ   ᠶᠢᠨ  ᠪᠣᠳᠣᠯᠭ᠎ᠠ   ᠶᠢ  ᠭᠦᠨᠵᠡᠭᠡᠢ  ᠰᠤᠳᠤᠯᠵᠤ  ᠂  ᠤᠯᠤᠰ   ᠤᠨ  ᠪᠡᠯᠡ  ᠣᠷᠤᠭᠤᠯᠤᠯᠲᠠ   ᠶᠢᠨ ᠴᠢᠭᠯᠡᠯ   ᠢ ᠪᠠᠲᠤ  ᠡᠵᠡᠮᠰᠢᠨ  ᠂  ᠨᠢᠭᠡ  ᠪᠦᠯᠦᠭ  ᠴᠢᠬᠤᠯᠠ  ᠶᠡᠭᠡ  ᠲᠥᠷᠥᠯ  ᠵᠦᠢᠯ   ᠢ  ᠨᠠᠷᠢᠨ  ᠨᠢᠮᠪᠠᠢ  ᠰᠦᠪᠡᠭᠴᠢᠯᠡᠵᠦ  ᠂  ᠨᠢᠭᠡ  ᠪᠦᠯᠦᠭ  ᠵᠠᠯᠭᠠᠮᠵᠢᠯᠠᠯ  ᠲᠥᠷᠥᠯ  ᠵᠦᠢᠯ   ᠢ  ᠨᠥᠭᠡᠴᠡᠯᠡᠨ  ᠪᠡᠯᠡᠳᠬᠡᠵᠦ  ᠂  ᠨᠢᠭᠡ  ᠪᠦᠯᠦᠭ  ᠪᠣᠯᠪᠠᠰᠤᠷᠠᠭᠰᠠᠨ  ᠲᠥᠷᠥᠯ  ᠵᠦᠢᠯ   ᠢ  ᠬᠡᠷᠡᠭᠵᠢᠭᠦᠯᠦᠨ  ᠂ ᠲᠥᠷᠥᠯ  ᠵᠦᠢᠯ   ᠤᠨ  ᠪᠦᠲᠦᠭᠡᠨ  ᠪᠠᠶᠢᠭᠤᠯᠤᠯᠲᠠ   ᠶᠢᠨ  ᠵᠠᠯᠭᠠᠵᠤ  ᠠᠪᠬᠤ  ᠵᠢᠷᠤᠮᠵᠢᠯ  ᠪᠠ  ᠲᠠᠰᠤᠷᠠᠯᠲᠠ  ᠦᠭᠡᠢ  ᠬᠥᠭᠵᠢᠯᠲᠡ   ᠶᠢ  ᠪᠠᠲᠤᠯᠠᠨ᠎ᠠ  ᠃  ᠤᠯᠤᠰ  ᠂  ᠣᠷᠣᠨ   ᠯᠤᠭ᠎ᠠ   ᠶᠢᠨ  ᠵᠠᠯᠭᠠᠯᠳᠤᠭ᠎ᠠ   ᠶᠢ  ᠴᠢᠩᠭᠠᠳᠬᠠᠵᠤ  ᠂  ᠨᠡᠩ  ᠣᠯᠠᠨ  ᠲᠥᠷᠥᠯ  ᠵᠦᠢᠯ   ᠢ  ᠤᠯᠤᠰ  ᠂  ᠣᠷᠣᠨ   ᠤ  ᠪᠡᠯᠡ  ᠣᠷᠤᠭᠤᠯᠤᠯᠲᠠ   ᠶᠢᠨ  ᠲᠥᠯᠥᠪᠯᠡᠭᠡ   ᠳᠤ  ᠣᠷᠣᠭᠤᠯᠬᠤ   ᠪᠠᠷ  ᠴᠢᠷᠮᠠᠶᠢᠨ᠎ᠠ  ᠃ 2012  ᠣᠨ   ᠳᠤ  ᠪᠦᠬᠦ  ᠬᠤᠰᠢᠭᠤᠨ   ᠤ  ᠠᠵᠤ  ᠦᠢᠯᠡᠳᠪᠦᠷᠢ   ᠶᠢᠨ  ᠨᠡᠮᠡᠭᠳᠡᠯ ᠥᠷᠲᠡᠭ   ᠤᠨ GDP ᠳᠣᠲᠣᠷᠠᠬᠢ  ᠡᠵᠡᠯᠡᠬᠦᠨ   ᠢ 50%   ᠳᠤ  ᠬᠦᠷᠭᠡᠵᠦ  ᠂  ᠬᠡᠪᠴᠢᠶᠡᠵᠢᠯ   ᠠᠴᠠ  ᠳᠡᠭᠡᠭᠰᠢᠬᠢ  ᠠᠵᠤ  ᠠᠬᠤᠶᠢᠯᠠᠯ   ᠢ 30  ᠡᠷᠦᠭᠡ   ᠳᠤ  ᠬᠦᠷᠭᠡᠨ᠎ᠡ  ᠃  ᠲᠥᠮᠥᠰᠥ  ᠂  ᠢᠳᠡᠰᠢᠨ  ᠨᠣᠭᠤᠭ᠎ᠠ  ᠂  ᠮᠢᠬ᠎ᠠ  ᠂  ᠰᠦ᠂  ᠲᠣᠰᠣ   ᠪᠠᠷ  ᠭᠤᠣᠯᠳᠠᠭᠰᠠᠨ  ᠮᠠᠯ  ᠲᠠᠷᠢᠶᠠᠯᠠᠩ   ᠤᠨ  ᠠᠰᠢᠭ  ᠰᠢᠮ᠎ᠡ   ᠶᠢ  ᠪᠣᠯᠪᠠᠰᠤᠷᠠᠭᠤᠯᠬᠤ  ᠠᠵᠤ  ᠦᠢᠯᠡᠳᠪᠦᠷᠢ︔  ᠽᠧᠮᠧᠨ᠋ᠲ  ᠂  ᠪᠤᠳᠤᠭᠲᠤ  ᠪᠣᠯᠣᠳ  ᠬᠠᠪᠲᠠᠰᠤ  ᠂  ᠪᠣᠷᠵᠢᠨ  ᠴᠢᠯᠠᠭᠤᠯᠢᠭ   ᠢᠶᠠᠷ  ᠭᠤᠣᠯᠳᠠᠭᠰᠠᠨ  ᠪᠠᠷᠢᠯᠭ᠎ᠠ   ᠶᠢᠨ  ᠮᠠᠲ᠋ᠧᠷᠢᠶᠠᠯ  ᠦᠢᠯᠡᠳᠪᠦᠷᠢᠯᠡᠬᠦ  ᠠᠵᠤ  ᠦᠢᠯᠡᠳᠪᠦᠷᠢ︔  ᠮᠤᠯᠢᠪᠳᠧᠨ  ᠂  ᠸᠤᠯᠹᠷᠠᠮ  ᠂  ᠠᠯᠲᠠ  ᠂  ᠴᠠᠬᠢᠭᠤᠷ  ᠴᠢᠯᠠᠭᠤ  ᠵᠡᠷᠭᠡ   ᠪᠠᠷ  ᠭᠤᠣᠯᠳᠠᠭᠰᠠᠨ  ᠠᠭᠤᠷᠬᠠᠢ   ᠶᠢᠨ  ᠡᠬᠢ  ᠪᠠᠶᠠᠯᠢᠭ   ᠢ  ᠰᠣᠩᠭᠤᠨ  ᠪᠣᠯᠪᠠᠰᠤᠷᠠᠭᠤᠯᠬᠤ  ᠠᠵᠤ  ᠦᠢᠯᠡᠳᠪᠦᠷᠢ︔  ᠰᠠᠯᠬᠢᠨ  ᠬᠦᠴᠦᠨ ᠤ ᠴᠠᠬᠢᠯᠭᠠᠨ   ᠢᠶᠠᠷ  ᠭᠤᠣᠯᠳᠠᠭᠰᠠᠨ  ᠡᠨᠧᠷᠭᠢ   ᠶᠢᠨ  ᠠᠵᠤ  ᠦᠢᠯᠡᠳᠪᠦᠷᠢ   ᠶᠢᠨ  ᠬᠦᠷᠢᠶ᠎ᠡ  ᠬᠡᠪᠴᠢᠶ᠎ᠡ   ᠶᠢ  ᠠᠩᠬ᠎ᠠ  ᠠᠯᠬᠤᠮ  ᠪᠦᠷᠢᠯᠳᠦᠭᠦᠯᠦᠨ᠎ᠡ᠃ ᠣᠨᠴᠠᠭᠠᠶᠢᠯᠠᠨ  ᠡᠬᠢ  ᠪᠠᠶᠠᠯᠢᠭ   ᠤᠨ  ᠪᠤᠰᠤ  ᠠᠵᠤ  ᠦᠢᠯᠡᠳᠪᠦᠷᠢ   ᠶᠢᠨ  ᠠᠵᠤ  ᠠᠬᠤᠶᠢᠯᠠᠯ   ᠢ  ᠲᠠᠲᠠᠨ  ᠣᠷᠣᠭᠤᠯᠬᠤ  ᠲᠠᠯ᠎ᠠ   ᠪᠠᠷ  ᠰᠢᠪᠲᠤᠯᠤᠯᠲᠠ  ᠭᠠᠷᠭᠠᠨ᠎ᠠ  ᠃             ︵ᠭᠤᠷᠪᠠ︶  ᠣᠨᠴᠠᠯᠢᠭᠲᠤ  ᠵᠤᠭᠠᠴᠠᠯ   ᠤᠨ  ᠦᠢᠯᠡᠰ   ᠢᠶᠠᠷ  ᠭᠤᠣᠯᠳᠠᠵᠤ  ᠂  ᠭᠤᠳᠠᠭᠠᠷ  ᠠᠵᠤ  ᠦᠢᠯᠡᠰ   ᠤᠨ  ᠬᠥᠭᠵᠢᠯᠲᠡ   ᠶᠢ  ᠲᠦᠷᠭᠡᠳᠬᠡᠬᠦ  ᠬᠡᠷᠡᠭᠲᠡᠢ  ᠃        ᠬᠤᠲᠠ  ᠬᠥᠳᠡᠭᠡ   ᠶᠢᠨ ᠬᠡᠷᠡᠭᠯᠡᠭᠡᠨ   ᠤ  ᠪᠦᠲᠦᠴᠡ  ᠥᠨᠳᠥᠷᠵᠢᠭᠰᠡᠨ  ᠪᠠ  ᠵᠠᠮ  ᠬᠠᠷᠢᠯᠴᠠᠭᠠᠨ   ᠤ  ᠨᠥᠬᠦᠴᠡᠯ  ᠰᠠᠶᠢᠵᠢᠷᠠᠭᠰᠠᠨ  ᠠᠵᠠ  ᠲᠣᠬᠢᠶᠠᠯ   ᠢ  ᠠᠳᠬᠤᠵᠤ  ᠂  ᠵᠤᠭᠠᠴᠠᠯ   ᠤᠨ  ᠠᠵᠤ  ᠦᠢᠯᠡᠰ   ᠤᠨ ᠨᠡᠭᠡᠭᠡᠯᠲᠡ  ᠬᠥᠭᠵᠢᠯᠲᠡ   ᠶᠢ  ᠲᠦᠷᠭᠡᠳᠬᠡᠨ᠎ᠡ  ᠃ ᠵᠤᠭᠠᠴᠠᠯ   ᠤᠨ  ᠨᠡᠷᠡᠲᠦ  ᠲᠡᠮᠳᠡᠭ   ᠢᠶᠠᠷ  ᠳᠠᠶᠢᠴᠢᠯᠠᠬᠤ  ᠪᠠᠶᠢᠯᠳᠤᠬᠤ  ᠪᠣᠳᠣᠯᠭ᠎ᠠ   ᠶᠢ  ᠦᠷᠭᠦᠯᠵᠢᠯᠡᠨ  ᠬᠡᠷᠡᠭᠵᠢᠭᠦᠯᠵᠦ  ᠂  ᠠᠳᠤᠭᠤᠨ  ᠰᠣᠶᠣᠯ   ᠤᠨ  ᠡᠬᠢ  ᠪᠠᠶᠠᠯᠢᠭ   ᠢ  ᠭᠦᠨ  ᠠᠭᠤᠳᠠᠯᠤᠨ  ᠂  ᠳᠤᠮᠳᠠᠳᠤ   ᠶᠢᠨ  ᠠᠳᠤᠭᠤᠨ  ᠦᠢᠯᠡᠰ   ᠤᠨ  ᠰᠠᠭᠤᠷᠢᠨ   ᠤ  ᠪᠦᠲᠦᠭᠡᠨ  ᠪᠠᠶᠢᠭᠤᠯᠤᠯᠲᠠ   ᠶᠢ  ᠲᠦᠷᠭᠡᠳᠬᠡᠨ᠎ᠡ  ᠃ ᠳᠡᠭᠡᠳᠦ  ᠲᠡᠰ   ᠤᠨ  ᠵᠤᠭᠠᠴᠠᠯ   ᠤᠨ  ᠲᠥᠷᠥᠯ  ᠵᠦᠢᠯ   ᠤᠨ  ᠪᠠᠶᠢᠭᠤᠯᠤᠯᠲᠠ   ᠶᠢ  ᠠᠬᠢᠭᠤᠯᠤᠨ᠂ ᠲᠠᠶᠢᠹᠤᠰᠧ  ᠬᠤᠰᠢᠭᠤᠨ   ᠤ  ᠡᠶ᠎ᠡ  ᠵᠣᠬᠢᠴᠠᠯᠲᠦ  ᠠᠮᠢ  ᠠᠬᠤᠢ   ᠶᠢᠨ  ᠠᠵᠤ  ᠦᠢᠯᠡᠰ   ᠤᠨ  ᠵᠤᠭᠠᠴᠠᠯ   ᠤᠨ  ᠣᠷᠣᠨ   ᠤ  ᠪᠦᠲᠦᠭᠡᠨ  ᠪᠠᠶᠢᠭᠤᠯᠤᠯᠲᠠ   ᠶᠢ  ᠪᠦᠬᠦ  ᠬᠦᠴᠦᠨ   ᠢᠶᠠᠷ  ᠰᠠᠶᠢᠨ  ᠬᠢᠵᠦ  ᠂  ᠮᠠᠨ   ᠤ  ᠬᠤᠰᠢᠭᠤᠨ   ᠤ  ᠵᠤᠭᠠᠴᠠᠯ   ᠤᠨ  ᠦᠢᠯᠡᠰ   ᠢ  ᠰᠣᠶᠣᠯ   ᠤᠨ  ᠣᠨᠴᠠᠯᠢᠭ  ᠢᠯᠭᠠᠬᠳᠠᠮ᠎ᠠ  ᠂  ᠵᠤᠭᠠᠴᠠᠯ   ᠤᠨ  ᠲᠥᠬᠦᠭᠡᠷᠦᠮᠵᠢ  ᠰᠠᠶᠢᠨ  ᠂  ᠵᠤᠭᠠᠴᠠᠯ   ᠤᠨ  ᠴᠢᠳᠠᠪᠤᠷᠢ  ᠪᠦᠷᠢᠨ  ᠂  ᠠᠮᠢ  ᠠᠬᠤᠢ   ᠶᠢᠨ  ᠪᠣᠯᠪᠠᠰᠤᠨ ᠤ  ᠲᠠᠯ᠎ᠠ  ᠨᠤᠲᠤᠭ   ᠤᠨ  ᠠᠮᠢ  ᠠᠬᠤᠢ   ᠶᠢᠨ  ᠵᠤᠭᠠᠴᠠᠯ   ᠤᠨ  ᠣᠷᠣᠨ  ᠪᠣᠯᠭᠠᠬᠤ   ᠪᠠᠷ  ᠴᠢᠷᠮᠠᠶᠢᠨ᠎ᠠ  ᠃ ︽ᠲᠠᠶᠢᠹᠤᠰᠧ   ᠤᠨ  ᠬᠠᠭᠠᠨ   ᠤ  ᠠᠳᠤᠭᠤᠨ  ᠬᠦᠷᠢᠶᠡᠨ︾   ᠤ  ᠵᠤᠭᠠᠴᠠᠯ   ᠤᠨ  ᠲᠥᠬᠦᠭᠡᠷᠦᠮᠵᠢ  ᠪᠣᠯᠣᠨ  ︽ᠵᠢᠩ  ᠵᠢᠢ︾  ᠠᠪᠠ   ᠶᠢᠨ  ᠲᠠᠯᠠᠪᠠᠢ   ᠶᠢᠨ  ᠦᠢᠯᠡᠴᠢᠯᠡᠭᠡᠨ   ᠤ  ᠴᠢᠳᠠᠪᠤᠷᠢ ᠶᠢ   ᠪᠦᠷᠢᠨᠰᠢᠭᠦᠯᠵᠦ  ︔  ᠠᠮᠢ  ᠠᠬᠤᠢ   ᠶᠢᠨ  ᠮᠠᠯ  ᠲᠠᠷᠢᠶᠠᠯᠠᠩ   ᠢ  ᠰᠣᠨᠢᠷᠬᠠᠨ  ᠵᠤᠭᠠᠴᠠᠬᠤ  ᠬᠥᠭᠵᠢᠯᠲᠡ   ᠶᠢᠨ  ᠰᠢᠨ᠎ᠡ  ᠵᠠᠮ   ᠢ  ᠬᠠᠶᠢᠵᠤ  ᠂  ︽ᠮᠠᠯᠴᠢᠨ  ᠠᠶᠢᠯ︾   ᠤᠨ  ᠵᠠᠩ  ᠦᠢᠯᠡ   ᠶᠢᠨ  ᠵᠤᠭᠠᠴᠠᠯ   ᠢ  ᠳᠦᠷᠢᠮᠵᠢᠭᠦᠯᠵᠦ  ᠂  ᠲᠡᠰ  ᠳᠠᠪᠬᠤᠷᠭ᠎ᠠ   ᠶᠢ  ᠥᠨᠳᠥᠷᠵᠢᠭᠦᠯᠵᠦ  ᠂  ᠨᠡᠷᠡᠲᠦ  ᠲᠡᠮᠳᠡᠭ   ᠢ  ᠡᠭᠦᠳᠦᠨ  ᠂ ᠠᠮᠢ  ᠠᠬᠤᠢ   ᠶᠢᠨ  ᠮᠠᠯ  ᠲᠠᠷᠢᠶᠠᠯᠠᠩ   ᠤᠨ ᠦᠵᠡᠮᠵᠢᠲᠦ  ᠵᠤᠭᠠᠴᠠᠯ   ᠤᠨ  ᠰᠢᠨ᠎ᠡ  ᠵᠠᠮ   ᠢ  ᠬᠠᠶᠢᠵᠤ  ᠬᠥᠭᠵᠢᠭᠦᠯᠦᠨ᠎ᠡ  ᠃  ᠵᠠᠬ᠎ᠠ  ᠳᠡᠯᠭᠡᠭᠦᠷᠴᠢᠯᠡᠭᠰᠡᠨ  ᠠᠵᠢᠯᠯᠠᠪᠤᠷᠢ   ᠶᠢ  ᠬᠡᠷᠡᠭᠵᠢᠭᠦᠯᠵᠦ  ᠂  ᠲᠠᠯ᠎ᠠ  ᠨᠤᠲᠤᠭ   ᠤᠨ  ᠬᠠᠭᠠᠨ   ᠤ  ᠠᠳᠤᠭᠤᠨ  ᠰᠣᠶᠣᠯ   ᠤᠨ  ᠨᠠᠶᠢᠷ ᠢ  ᠰᠠᠶᠢᠬᠠᠨ  ᠡᠷᠬᠢᠯᠡᠨ᠎ᠡ  ᠃  ᠶᠡᠷᠦᠩᠬᠡᠢ   ᠳᠡᠭᠡᠨ  ᠬᠡᠳᠦᠨ  ᠵᠢᠯ   ᠤᠨ  ᠴᠢᠷᠮᠠᠶᠢᠯᠭ᠎ᠠ   ᠪᠠᠷ  ᠳᠠᠮᠵᠢᠨ  ᠂  ᠮᠠᠨ   ᠤ  ᠬᠤᠰᠢᠭᠤ   ᠪᠠᠨ ᠲᠠᠯ᠎ᠠ  ᠨᠤᠲᠤᠭ   ᠤᠨ  ᠥᠩᠭᠡ  ᠦᠵᠡᠮᠵᠢ   ᠪᠠᠷ  ᠭᠤᠶᠢᠳᠠ  ᠰᠠᠶᠢᠬᠠᠨ  ᠂  ᠰᠣᠶᠣᠯ   ᠤᠨ  ᠣᠨᠴᠠᠯᠢᠭ  ᠢᠯᠭᠠᠬᠳᠠᠮ᠎ᠡ  ᠂  ᠲᠥᠬᠦᠭᠡᠷᠦᠮᠵᠢ  ᠴᠢᠳᠠᠪᠤᠷᠢ  ᠪᠦᠷᠢᠨᠰᠢᠭᠰᠡᠨ  ᠂  ᠵᠤᠭᠠᠴᠠᠯ   ᠤᠨ  ᠠᠭᠤᠯᠭ᠎ᠠ   ᠪᠠᠷ  ᠡᠯᠪᠡᠭ  ᠪᠠᠶᠠᠯᠢᠭ  ᠲᠠᠯ᠎ᠠ  ᠨᠤᠲᠤᠭ   ᠤᠨ  ᠵᠤᠭᠠᠴᠠᠯ   ᠤᠨ  ᠦᠵᠡᠮᠵᠢᠲᠦ  ᠣᠷᠣᠨ  ᠪᠣᠯᠭᠠᠨ  ᠪᠦᠲᠦᠭᠡᠨ  ᠪᠠᠶᠢᠭᠤᠯᠣᠨ᠎ᠠ  ᠃ 2012 ᠣᠨ  ᠪᠣᠯᠬᠤ   ᠳᠤ  ᠵᠤᠭᠠᠴᠠᠯ   ᠤᠨ  ᠣᠷᠣᠯᠭ᠎ᠠ   ᠶᠢ  ᠵᠢᠯ  ᠪᠦᠷᠢ  ᠳᠤᠮᠳᠠᠴᠢ   ᠪᠠᠷ 20% ᠪᠠᠷ  ᠨᠡᠮᠡᠭᠳᠡᠭᠦᠯᠦᠨ  ᠂  ᠵᠤᠭᠠᠴᠠᠯ   ᠤᠨ  ᠦᠢᠯᠡᠰ   ᠢ  ᠭᠤᠷᠪᠠᠳᠤᠭᠠᠷ  ᠠᠵᠤ  ᠦᠢᠯᠡᠰ   ᠤᠨ  ᠳᠠᠭᠠᠭᠤᠯᠤᠭᠴᠢ  ᠪᠠ  ᠲᠤᠯᠭᠠᠭᠤᠷᠢ  ᠦᠢᠯᠡᠰ  ᠪᠣᠯᠭᠠᠨ᠎ᠠ  ᠃        ᠦᠢᠯᠡᠴᠢᠯᠡᠭᠡᠨ   ᠤ  ᠦᠢᠯᠡᠰ   ᠢ  ᠲᠦᠷᠭᠡᠨ  ᠬᠥᠭᠵᠢᠭᠦᠯᠦᠨ᠎ᠡ  ᠃ ᠣᠳᠣ  ᠪᠠᠶᠢᠭ᠎ᠠ  ᠢᠳᠡᠰᠢᠨ  ᠨᠣᠭᠤᠭ᠎ᠠ  ᠂  ᠪᠠᠷᠢᠯᠭ᠎ᠠ   ᠶᠢᠨ  ᠮᠠᠲ᠋ᠧᠷᠢᠶᠠᠯ  ᠂  ᠲᠠᠷᠢᠶᠠᠯᠠᠩ  ᠮᠠᠯᠵᠢᠯ   ᠤᠨ  ᠮᠠᠰᠢᠨ  ᠮᠧᠬᠠᠨᠢᠭ  ᠂ ᠮᠠᠯ  ᠲᠠᠷᠢᠶᠠᠯᠠᠩ ᠤᠨ  ᠠᠰᠢᠭ  ᠰᠢᠮ᠎ᠡ  ᠵᠡᠷᠭᠡ  ᠡᠯ᠎ᠡ  ᠲᠥᠷᠥᠯ   ᠤᠨ ᠵᠠᠬ᠎ᠠ  ᠳᠡᠯᠭᠡᠭᠦᠷ   ᠤᠨ  ᠴᠢᠳᠠᠪᠤᠷᠢ   ᠶᠢ ᠤᠯᠠᠮ  ᠨᠢᠭᠡ  ᠠᠯᠬᠤᠮ  ᠪᠦᠷᠢᠨᠰᠢᠭᠦᠯᠵᠦ  ᠂  ᠦᠢᠯᠡᠴᠢᠯᠡᠭᠡᠨ   ᠤ  ᠲᠦᠪᠰᠢᠨ   ᠢᠶᠠᠨ  ᠳᠡᠭᠡᠭᠰᠢᠯᠡᠭᠦᠯᠦᠨ  ᠂  ᠨᠥᠬᠦᠴᠡᠯ   ᠲᠠᠢ  ᠰᠤᠮᠤ  ᠰᠢᠶᠠᠩ  ᠪᠠᠯᠭᠠᠰᠤ   ᠶᠢ  ᠳᠡᠮᠵᠢᠨ  ᠂  ᠣᠨᠴᠠᠯᠢᠭᠲᠤ  ᠲᠤᠰᠬᠠᠢ  ᠵᠠᠬ᠎ᠠ  ᠳᠡᠯᠭᠡᠭᠦᠷ   ᠢ  ᠪᠠᠶᠢᠭᠤᠯᠤᠨ᠎ᠠ  ᠃ ᠵᠥᠭᠡᠭᠡᠪᠦᠷᠢ  ᠲᠡᠭᠡᠭᠡᠪᠦᠷᠢ  ᠂  ᠭᠡᠷ  ᠪᠠᠶᠢᠰᠢᠩ  ᠂  ᠭᠠᠵᠠᠷ  ᠬᠥᠷᠥᠩᠭᠡ   ᠶᠢᠨ  ᠨᠡᠭᠡᠭᠡᠯᠲᠡ  ᠂ ᠢᠳᠡᠭᠡᠨ  ᠤᠮᠳᠠᠭᠠᠨ  ᠂  ᠬᠤᠨᠤᠭ  ᠰᠠᠭᠤᠴᠠ ᠵᠡᠷᠭᠡ  ᠤᠯᠠᠮᠵᠢᠯᠠᠯᠲᠤ  ᠦᠢᠯᠡᠴᠢᠯᠡᠭᠡᠨ   ᠤ  ᠦᠢᠯᠡᠰ   ᠢ  ᠦᠷᠭᠦᠯᠵᠢᠯᠡᠨ  ᠬᠥᠭᠵᠢᠭᠦᠯᠦᠨ᠎ᠡ  ᠃ ᠬᠡᠯᠬᠢᠶᠡᠰᠦᠯᠡᠨ  ᠡᠵᠡᠩᠨᠡᠬᠦ  ᠂  ᠲᠣᠬᠢᠷᠠᠭᠤᠯᠤᠨ  ᠬᠦᠷᠭᠡᠬᠦ  ᠂  ᠰᠦᠫᠧᠷ  ᠳᠡᠯᠭᠡᠭᠦᠷ  ᠵᠡᠷᠭᠡ  ᠰᠢᠨ᠎ᠡ   ᠪᠠᠷ  ᠥᠷᠨᠢᠭᠰᠡᠨ  ᠦᠢᠯᠡᠴᠢᠯᠡᠭᠡᠨ   ᠤ  ᠦᠢᠯᠡᠰ   ᠤᠨ  ᠬᠥᠭᠵᠢᠯᠲᠡ   ᠶᠢ   ᠲᠦᠷᠭᠡᠳᠬᠡᠨ᠎ᠡ  ᠃ ᠨᠡᠶᠢᠭᠡᠮ   ᠤᠨ  ᠱᠠᠭᠠᠷᠳᠠᠯᠭ᠎ᠠ   ᠶᠢᠨ  ᠬᠤᠪᠢᠷᠠᠯᠲᠠ   ᠲᠠᠢ  ᠲᠣᠬᠢᠷᠠᠯᠴᠠᠵᠤ  ᠂  ᠵᠠᠰᠠᠭ ᠤᠨ  ᠣᠷᠳᠣᠨ   ᠤ  ᠪᠡᠯᠡ  ᠣᠷᠤᠭᠤᠯᠤᠯᠲᠠ   ᠶᠢ  ᠵᠠᠬ᠎ᠠ  ᠳᠡᠯᠭᠡᠭᠦᠷ   ᠤᠨ  ᠠᠵᠢᠯᠯᠠᠪᠤᠷᠢ   ᠲᠠᠢ  ᠤᠶᠠᠯᠳᠤᠭᠤᠯᠤᠨ  ᠂  ᠦᠨ᠎ᠡ  ᠥᠷᠲᠡᠭ   ᠲᠠᠢ  ᠦᠢᠯᠡᠴᠢᠯᠡᠭᠡ  ᠪᠣᠯᠣᠨ  ᠦᠨ᠎ᠡ  ᠥᠷᠲᠡᠭ  ᠦᠭᠡᠢ  ᠦᠢᠯᠡᠴᠢᠯᠡᠭᠡ   ᠶᠢ  ᠤᠶᠠᠯᠳᠤᠭᠤᠯᠬᠤ  ᠠᠷᠭ᠎ᠠ   ᠪᠠᠷ  ᠂  ᠬᠥᠭᠵᠢᠯᠲᠡ   ᠶᠢᠨ  ᠲᠥᠯᠥᠪᠵᠢᠭᠦᠯᠭᠡ   ᠶᠢ  ᠲᠣᠭᠲᠠᠵᠤ  ᠂  ᠭᠡᠷ   ᠤᠨ  ᠠᠵᠢᠯ   ᠤᠨ  ᠦᠢᠯᠡᠴᠢᠯᠡᠭᠡ  ᠪᠣᠯᠣᠨ ᠨᠡᠶᠢᠭᠡᠮ  ᠲᠣᠭᠤᠷᠢᠭ   ᠤᠨ  ᠦᠢᠯᠡᠴᠢᠯᠡᠭᠡᠨ   ᠤ  ᠦᠢᠯᠡᠰ   ᠢ  ᠵᠣᠷᠢᠭᠲᠠᠢ   ᠪᠠᠷ  ᠬᠥᠭᠵᠢᠭᠦᠯᠦᠨ᠎ᠡ  ᠃  ᠮᠥᠩᠭᠦᠨ  ᠭᠦᠢᠯᠭᠡᠭᠡ  ᠂  ᠳᠠᠭᠠᠳᠬᠠᠯ᠂  ᠠᠰᠠᠭᠤᠵᠤ  ᠯᠠᠪᠯᠠᠬᠤ᠂  ᠵᠠᠭᠤᠴᠢᠯᠠᠭᠤᠷ  ᠂  ᠬᠠᠮ  ᠦᠵᠡᠰᠬᠦᠯᠡᠩ  ᠬᠢᠭᠡᠳ  ᠮᠡᠳᠡᠭᠡ  ᠵᠠᠩᠭᠢ   ᠶᠢᠨ  ᠦᠢᠯᠡᠴᠢᠯᠡᠭᠡᠨ   ᠤ  ᠦᠢᠯᠡᠰ   ᠢ  ᠬᠥᠭᠵᠢᠭᠦᠯᠵᠦ  ᠂  ᠦᠢᠯᠡᠴᠢᠯᠡᠭᠡᠨ   ᠤ  ᠦᠢᠯᠡᠰ   ᠤᠨ  ᠨᠡᠩ  ᠥᠷᠭᠡᠨ  ᠬᠦᠷᠢᠶ᠎ᠡ  ᠬᠡᠪᠴᠢᠶᠡᠨ   ᠳᠠᠬᠢ  ᠬᠥᠭᠵᠢᠯᠲᠡ   ᠶᠢ  ᠠᠬᠢᠭᠤᠯᠤᠨ  ᠂  ᠠᠳᠠᠯᠢ  ᠪᠤᠰᠤ  ᠲᠡᠰ  ᠳᠠᠪᠬᠤᠷᠭ᠎ᠠ   ᠶᠢᠨ  ᠬᠡᠷᠡᠭᠯᠡᠭᠡᠨ   ᠤ  ᠱᠠᠭᠠᠷᠳᠠᠯᠭ᠎ᠠ   ᠶᠢ  ᠬᠠᠩᠭᠠᠬᠤ   ᠪᠠᠷ  ᠴᠢᠷᠮᠠᠶᠢᠵᠤ  ᠂ 2012  ᠣᠨ  ᠪᠣᠯᠬᠤ   ᠳᠤ  ᠨᠡᠶᠢᠭᠡᠮ   ᠤᠨ  ᠬᠡᠷᠡᠭᠯᠡᠭᠡᠨ   ᠤ  ᠲᠠᠸᠠᠷ   ᠤᠨ  ᠵᠢᠵᠢᠭᠯᠡᠨ  ᠪᠣᠷᠣᠯᠠᠭᠤᠯᠭ᠎ᠠ   ᠶᠢᠨ  ᠬᠡᠮᠵᠢᠶ᠎ᠡ   ᠶᠢ 15  ᠳ᠋ᠦᠩᠰᠢᠭᠤᠷ  ᠲᠥᠭᠦᠷᠢᠭ   ᠠᠴᠠ  ᠳᠠᠪᠠᠭᠤᠯᠤᠨ᠎ᠠ  ᠃         ︵ᠳᠥᠷᠪᠡ︶  ᠬᠤᠲᠠ ᠬᠥᠳᠡᠭᠡ ᠶᠢᠨ ᠰᠠᠭᠤᠷᠢ ᠲᠥᠬᠦᠭᠡᠷᠦᠮᠵᠢ ᠶᠢᠨ ᠨᠥᠬᠦᠴᠡᠯ ᠢ ᠰᠠᠶᠢᠵᠢᠷᠠᠭᠤᠯᠵᠤ᠂ ᠬᠤᠲᠠ ᠪᠠᠯᠭᠠᠰᠤᠵᠢᠯᠲᠠ ᠶᠢᠨ ᠠᠬᠢᠴᠠ ᠶᠢ ᠲᠦᠷᠭᠡᠳᠬᠡᠬᠦ  ᠬᠡᠷᠡᠭᠲᠡᠢ  ᠃          ᠬᠤᠲᠠ  ᠬᠥᠳᠡᠭᠡ   ᠶᠢ  ᠨᠢᠭᠡᠳᠦᠯᠲᠡᠢ  ᠲᠥᠯᠥᠪᠵᠢᠭᠦᠯᠬᠦ   ᠪᠠᠷ  ᠭᠤᠣᠯᠯᠠᠵᠤ  ᠂  ᠰᠠᠭᠤᠷᠢ  ᠲᠥᠬᠦᠭᠡᠷᠦᠮᠵᠢ ᠶᠢᠨ  ᠪᠦᠲᠦᠭᠡᠨ  ᠪᠠᠶᠢᠭᠤᠯᠤᠯᠲᠠ   ᠪᠠᠷ  ᠭᠤᠣᠯᠳᠠᠯᠭ᠎ᠠ  ᠪᠣᠯᠭᠠᠨ  ᠂  ᠪᠣᠯᠪᠠᠰᠤᠨ   ᠤ  ᠴᠣᠭᠴᠠᠯᠠᠯᠲᠠ   ᠪᠠᠷ   ᠠᠴᠢᠶᠠᠯᠠᠪᠤᠷᠢ  ᠪᠣᠯᠭᠠᠵᠤ᠂  ᠬᠤᠲᠠ ᠪᠠᠯᠭᠠᠰᠤᠵᠢᠯᠲᠠ   ᠶᠢᠨ  ᠲᠦᠪᠰᠢᠨ   ᠢ  ᠲᠦᠷᠭᠡᠨ  ᠳᠡᠭᠡᠭᠰᠢᠯᠡᠭᠦᠯᠦᠨ᠎ᠡ  ᠃           ᠵᠠᠮ  ᠬᠠᠷᠢᠯᠴᠠᠭᠠᠨ   ᠤ  ᠪᠦᠲᠦᠭᠡᠨ  ᠪᠠᠶᠢᠭᠤᠯᠤᠯᠲᠠ   ᠶᠢᠨ  ᠲᠠᠯ᠎ᠠ   ᠪᠠᠷ  ᠶᠡᠭᠡ  ᠬᠦᠴᠦ  ᠣᠷᠣᠭᠤᠯᠤᠨ  ᠂  ᠠᠶᠢᠮᠠᠭ   ᠤᠨ  ᠬᠥᠭᠵᠢᠭᠦᠯᠦᠯᠲᠡ  ᠥᠭᠡᠷᠡᠴᠢᠯᠡᠯᠲᠡ   ᠶᠢᠨ  ᠵᠥᠪᠯᠡᠯ  ᠂  ᠲᠡᠮᠦᠷ  ᠵᠠᠮ   ᠤᠨ  ᠠᠯᠪᠠᠨ  ᠭᠡᠷ ᠯᠦᠭᠡ   ᠶᠢᠨ  ᠬᠠᠮᠲᠤ   ᠶᠢᠨ  ᠴᠢᠷᠮᠠᠶᠢᠯᠭ᠎ᠠ   ᠪᠠᠷ  ᠂ ᠰᠢᠯᠤᠭᠤᠨ  ᠬᠥᠬᠡ   ᠠᠴᠠ  ᠴᠢᠭᠤᠯᠤᠯᠲᠤ  ᠬᠠᠭᠠᠯᠭ᠎ᠠ  ᠬᠦᠷᠬᠦ  ᠲᠡᠮᠦᠷ  ᠵᠠᠮ  ᠵᠠᠰᠠᠬᠤ  ᠲᠥᠷᠥᠯ  ᠵᠦᠢᠯ   ᠤᠨ  ᠲᠦᠷᠦᠭᠦᠴᠢ  ᠬᠤᠭᠤᠴᠠᠭᠠᠨ   ᠤ  ᠠᠵᠢᠯ ᠢ  ᠰᠠᠶᠢᠨ  ᠬᠢᠵᠦ᠂ ᠲᠠᠶᠢᠹᠤᠰᠧ  ᠬᠤᠰᠢᠭᠤ   ᠪᠠᠷ  ᠥᠩᠭᠡᠷᠡᠬᠦ  ᠪᠠ  ᠥᠷᠲᠡᠭᠡ  ᠪᠠᠶᠢᠭᠤᠯᠬᠤ   ᠶᠢ  ᠪᠠᠲᠤᠯᠠᠨ᠎ᠠ  ᠃  ᠠᠶᠢᠮᠠᠭ   ᠤᠨ  ᠵᠠᠮ  ᠬᠠᠷᠢᠯᠴᠠᠭᠠᠨ   ᠤ  ᠲᠣᠪᠴᠢᠶ᠎ᠠ  ᠪᠣᠯᠣᠨ  ᠪᠠᠷᠢᠯᠭ᠎ᠠ   ᠶᠢᠨ  ᠨᠢᠭᠡᠴᠡ   ᠳᠤ  ᠬᠠᠮᠵᠢᠯᠴᠠᠨ  ᠂  ᠪᠤᠤᠴᠠᠩ  ᠪᠠᠯᠭᠠᠰᠤᠨ   ᠠᠴᠠ  ᠰᠠᠨ  ᠬᠤᠤ  ᠳ᠋ᠢ  ᠬᠦᠷᠬᠦ  ᠥᠨᠳᠥᠷ  ᠬᠤᠷᠳᠤᠴᠠᠲᠤ  ᠵᠠᠰᠠᠮᠠᠯ  ᠵᠠᠮ  ᠂ ᠪᠤᠤᠴᠠᠩ  ᠪᠠᠯᠭᠠᠰᠤᠨ   ᠠᠴᠠ   ᠰᠠᠩ   ᠤᠨ  ᠳᠠᠯᠠᠢ  ᠬᠦᠷᠬᠦ  ᠨᠢᠭᠡᠳᠦᠭᠡᠷ  ᠲᠡᠰ   ᠤᠨ  ᠵᠠᠰᠠᠮᠠᠯ  ᠵᠠᠮ  ᠪᠣᠯᠣᠨ  ᠾᠤ᠋ ᠹᠠᠩ   ᠠᠴᠠ  ᠬᠥᠬᠡᠬᠤᠲᠠ  ᠬᠠᠶᠢᠯᠠᠷ   ᠤᠨ ᠶᠡᠭᠡ  ᠵᠠᠮ  ᠬᠦᠷᠬᠦ  ᠬᠤᠶᠠᠳᠤᠭᠠᠷ  ᠲᠡᠰ   ᠤᠨ ᠵᠠᠮ   ᠤᠨ ᠪᠠᠶᠢᠭᠤᠯᠤᠯᠲᠠ   ᠶᠢ  ᠡᠷᠲᠡ  ᠪᠡᠶᠡᠯᠡᠭᠦᠯᠦᠨ  ︔  690  ᠺᠢᠯᠤᠮᠧᠲᠷ ᠤᠷᠲᠤ  ᠵᠠᠮ ᠢ  ᠰᠢᠨ᠎ᠡ   ᠪᠠᠷ  ᠪᠠᠶᠢᠭᠤᠯᠬᠤ  ᠪᠠ  ᠥᠭᠡᠷᠡᠴᠢᠯᠡᠨ  ᠪᠠᠶᠢᠭᠤᠯᠵᠤ  ᠂  ᠡᠭᠦᠨ   ᠤ  ᠳᠣᠲᠣᠷ᠎ᠠ  ᠲᠠᠷᠢᠶᠠᠯᠠᠬᠤ  ᠮᠠᠯᠵᠢᠬᠤ  ᠣᠷᠣᠨ ᠤ  ᠵᠠᠮ   ᠢ 450 ᠺᠢᠯᠤᠮᠧᠲᠷ  ᠬᠦᠷᠭᠡᠵᠦ  ᠂  ᠲᠣᠰᠬᠤᠨ  ᠪᠣᠯᠭᠠᠨ   ᠳᠤ  ᠵᠠᠰᠠᠮᠠᠯ  ᠵᠠᠮ  ᠨᠡᠪᠲᠡᠷᠡᠭᠦᠯᠬᠦ   ᠶᠢ  ᠪᠡᠶᠡᠯᠡᠭᠦᠯᠬᠦ   ᠶᠢᠨ  ᠬᠠᠮᠲᠤ  ᠠᠵᠤ  ᠦᠢᠯᠡᠳᠪᠦᠷᠢ   ᠶᠢᠨ  ᠣᠷᠣᠨ  ᠲᠣᠭᠤᠷᠢᠭ  ᠂  ᠠᠵᠤ  ᠦᠢᠯᠡᠰᠵᠢᠭᠰᠡᠨ  ᠣᠷᠣᠨ  ᠲᠣᠭᠤᠷᠢᠭ  ᠪᠠ  ᠵᠤᠭᠠᠴᠠᠯ   ᠤᠨ  ᠦᠵᠡᠮᠵᠢᠲᠦ  ᠣᠷᠣᠨ ᠵᠦᠭ ᠰᠤᠨᠤᠭᠠᠨ᠎ᠠ  ᠃ 2012 ᠣᠨ  ᠪᠣᠯᠬᠤ   ᠳᠤ  ᠂  ᠥᠨᠳᠥᠷ  ᠲᠡᠰ   ᠤᠨ  ᠵᠠᠰᠠᠮᠠᠯ  ᠵᠠᠮ   ᠢᠶᠠᠷ  ᠬᠡᠯᠬᠢᠶᠡᠰᠦ  ᠪᠣᠯᠭᠠᠨ  ᠂  ᠰᠤᠮᠤ  ᠰᠢᠶᠠᠩ   ᠳᠤ  ᠨᠡᠪᠲᠡᠷᠡᠬᠦ  ᠲᠣᠰᠣᠨ  ᠵᠠᠮ  ᠪᠣᠯᠤᠨ  ᠭᠠᠴᠠᠭ᠎ᠠ  ᠲᠣᠰᠬᠤᠨ   ᠳᠤ  ᠨᠡᠪᠲᠡᠷᠡᠬᠦ  ᠵᠠᠰᠠᠮᠠᠯ  ᠵᠠᠮ   ᠢᠶᠠᠷ  ᠨᠥᠬᠦᠪᠦᠷᠢᠯᠡᠭᠰᠡᠨ  ᠵᠠᠮ   ᠤᠨ  ᠲᠣᠣᠷᠴᠢᠯ   ᠢ  ᠪᠦᠷᠢᠯᠳᠦᠭᠦᠯᠦᠨ᠎ᠡ  ᠃ ᠴᠠᠬᠢᠯᠭᠠᠨ  ᠲᠣᠣᠷ   ᠤᠨ  ᠪᠦᠲᠦᠭᠡᠨ  ᠪᠠᠶᠢᠭᠤᠯᠤᠯᠲᠠ   ᠶᠢᠨ  ᠲᠠᠯ᠎ᠠ   ᠪᠠᠷ  ᠂ 220 ᠺᠢᠯᠤᠸᠤᠯᠲ ᠤᠨ  ᠴᠠᠬᠢᠯᠭᠠᠨ  ᠣᠷᠣᠭᠤᠯᠵᠤ ᠬᠤᠪᠢᠰᠬᠠᠬᠤ  ᠥᠷᠲᠡᠭᠡᠨ   ᠤ  ᠪᠦᠲᠦᠭᠡᠨ  ᠪᠠᠶᠢᠭᠤᠯᠤᠯᠲᠠ   ᠶᠢ  ᠡᠬᠢᠯᠡᠭᠦᠯᠵᠦ  ᠂ 35 ᠺᠢᠯᠤᠸᠤᠯᠲ   ᠤᠨ  ᠴᠠᠬᠢᠯᠭᠠᠨ  ᠣᠷᠣᠭᠤᠯᠵᠤ  ᠬᠤᠪᠢᠰᠬᠠᠬᠤ 6  ᠰᠠᠭᠤᠷᠢ  ᠥᠷᠲᠡᠭᠡ   ᠶᠢ  ᠰᠢᠨ᠎ᠡ   ᠪᠠᠷ  ᠵᠠᠰᠠᠨ  ᠪᠠᠶᠢᠭᠤᠯᠵᠤ  ᠂  ᠬᠥᠳᠡᠭᠡ  ᠲᠣᠰᠬᠤᠨ  ᠮᠠᠯᠵᠢᠬᠤ  ᠣᠷᠣᠨ   ᠤ 10  ᠺᠢᠯᠤᠸᠤᠯᠲ ᠤᠨ  ᠴᠠᠬᠢᠯᠭᠠᠨ  ᠣᠷᠣᠭᠤᠯᠵᠤ  ᠬᠤᠪᠢᠰᠬᠠᠬᠤ  ᠱᠤᠭᠤᠮ  ᠤᠨ  ᠥᠭᠡᠷᠡᠴᠢᠯᠡᠯᠲᠡ   ᠶᠢ  ᠳᠠᠭᠤᠰᠬᠠᠨ  ᠂  ᠬᠤᠲᠠ  ᠬᠥᠳᠡᠭᠡ   ᠶᠢᠨ  ᠠᠵᠤ  ᠠᠬᠤᠢ   ᠶᠢᠨ  ᠬᠥᠭᠵᠢᠯᠲᠡ   ᠶᠢ  ᠬᠢᠵᠠᠭᠠᠷᠯᠠᠵᠤ  ᠪᠠᠶᠢᠭ᠎ᠠ  ᠠᠰᠠᠭᠤᠳᠠᠯ   ᠢ  ᠲᠤᠶᠢᠯᠪᠤᠷᠢᠲᠠᠢ  ᠰᠠᠶᠢᠵᠢᠷᠠᠭᠤᠯᠤᠨ᠎ᠠ  ᠃ ᠴᠢᠮᠡᠭᠡ  ᠬᠤᠯᠪᠣᠭ᠎ᠠ  ᠂  ᠮᠡᠳᠡᠭᠡ  ᠵᠠᠩᠭᠢ   ᠶᠢᠨ  ᠲᠠᠯ᠎ᠠ   ᠪᠠᠷ  ᠂ ᠲᠣᠰᠬᠤᠨ  ᠪᠣᠯᠭᠠᠨ   ᠳᠤ  ᠳ᠋ᠢᠶᠠᠩᠬᠤᠸᠠ  ᠨᠡᠪᠲᠡᠷᠡᠬᠦ  ᠢᠨᠵᠧᠨᠧᠷᠢᠩ   ᠢ  ᠲᠦᠯᠬᠢᠨ  ᠠᠬᠢᠭᠤᠯᠵᠤ  ᠂  ᠤᠲᠠᠰᠤ  ᠦᠭᠡᠢ  ᠬᠤᠯᠪᠣᠭᠠᠨ   ᠤ  ᠪᠦᠷᠬᠦᠴᠡ   ᠶᠢ  ᠥᠷᠭᠡᠳᠬᠡᠨ  ᠂  ᠴᠢᠮᠡᠭᠡ  ᠬᠤᠯᠪᠣᠭᠠᠨ   ᠤ  ᠳᠣᠬᠢᠶ᠎ᠠ  ᠦᠭᠡᠢ  ᠣᠷᠣᠨ   ᠢ  ᠤᠰᠠᠳᠬᠠᠨ᠎ᠠ  ᠃  ᠡᠯᠧᠺᠲᠷᠤᠨᠴᠢᠯᠠᠬᠰᠡᠨ  ᠵᠠᠰᠠᠭ   ᠤᠨ  ᠶᠠᠪᠤᠳᠠᠯ   ᠢ  ᠪᠦᠬᠦ  ᠲᠠᠯ᠎ᠠ   ᠪᠠᠷ  ᠳᠡᠯᠭᠡᠷᠡᠭᠦᠯᠵᠦ᠂  ᠬᠤᠰᠢᠭᠤ  ᠰᠢᠶᠠᠩ   ᠤᠨ  ᠵᠠᠰᠠᠭ   ᠤᠨ  ᠶᠠᠪᠤᠳᠠᠯ   ᠤᠨ  ᠳ᠋ᠠᠶᠢᠲ᠋ᠠ ᠳᠠᠮᠵᠢᠭᠤᠯᠭ᠎ᠠ ᠶᠢ  ᠪᠡᠶᠡᠯᠡᠭᠦᠯᠵᠦ  ᠂  ᠡᠯ᠎ᠡ  ᠱᠠᠲᠤᠨ   ᠤ  ᠵᠠᠰᠠᠭ ᠤᠨ  ᠣᠷᠳᠣᠨ   ᠤ  ᠰᠢᠢᠳᠪᠦᠷᠢ  ᠪᠣᠳᠣᠯᠭ᠎ᠠ  ᠂  ᠬᠠᠮᠢᠶᠠᠷᠤᠯᠲᠠ  ᠂  ᠪᠠᠴᠢᠮ  ᠪᠠᠶᠢᠳᠠᠯ ᠢ  ᠠᠷᠭᠠᠴᠠᠬᠤ  ᠵᠢᠯᠣᠭᠤᠳᠤᠯᠭ᠎ᠠ  ᠵᠢᠴᠢ  ᠨᠡᠶᠢᠲᠡ   ᠶᠢᠨ  ᠦᠢᠯᠡᠴᠢᠯᠡᠭᠡᠨ   ᠤ  ᠴᠢᠳᠠᠪᠤᠷᠢ   ᠶᠢ  ᠨᠡᠮᠡᠭᠳᠡᠭᠦᠯᠦᠨ᠎ᠡ  ᠃ ᠬᠤᠲᠠ ᠪᠠᠯᠭᠠᠰᠤᠨ   ᠤ  ᠪᠦᠲᠦᠭᠡᠨ  ᠪᠠᠶᠢᠭᠤᠯᠤᠯᠲᠠ  ᠶᠢᠨ  ᠲᠠᠯ᠎ᠠ   ᠪᠠᠷ  ᠂ ᠰᠢᠨ᠎ᠡ  ᠨᠢᠭᠡ  ᠡᠭᠡᠯᠵᠢ   ᠶᠢᠨ  ᠬᠤᠲᠠ  ᠪᠠᠯᠭᠠᠰᠤᠨ   ᠤ  ᠶᠡᠷᠦᠩᠬᠡᠢ  ᠲᠥᠯᠥᠪᠵᠢᠭᠦᠯᠭᠡ  ᠪᠠ  ᠣᠶᠢᠷ᠎ᠠ   ᠶᠢᠨ  ᠬᠤᠭᠤᠴᠠᠭᠠᠨ   ᠤ  ᠪᠦᠲᠦᠭᠡᠨ  ᠪᠠᠶᠢᠭᠤᠯᠤᠯᠲᠠ   ᠶᠢᠨ  ᠲᠥᠯᠥᠪᠵᠢᠭᠦᠯᠭᠡ   ᠶᠢᠨ  ᠵᠢᠯᠣᠭᠤᠳᠤᠯᠭ᠎ᠠ   ᠪᠠᠷ  ᠂  ᠬᠤᠲᠠ  ᠪᠠᠯᠭᠠᠰᠤᠨ   ᠤ  ᠬᠦᠷᠢᠶ᠎ᠡ   ᠶᠢ  ᠥᠷᠭᠡᠳᠬᠡᠵᠦ  ᠂  ᠪᠦᠷᠢᠯᠳᠦᠴᠡ   ᠶᠢ  ᠶᠡᠬᠡᠰᠬᠡᠨ  ᠂  ᠬᠤᠲᠠ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢᠨ ᠠᠯᠬᠤᠴᠠ   ᠶᠢ  ᠲᠦᠷᠭᠡᠳᠬᠡᠨ᠎ᠡ  ᠃ ᠰᠢᠨ᠎ᠡ  ᠲᠣᠭᠤᠷᠢᠭ  ᠨᠡᠭᠡᠭᠡᠵᠦ  ᠪᠦᠲᠦᠭᠡᠨ  ᠪᠠᠶᠢᠭᠤᠯᠬᠤ  ᠡᠭᠦᠷᠭᠡ   ᠶᠢ  ᠪᠦᠬᠦ  ᠲᠠᠯ᠎ᠠ   ᠪᠠᠷ  ᠪᠡᠶᠡᠯᠡᠭᠦᠯᠵᠦ  ᠂ 2012 ᠣᠨ  ᠪᠣᠯᠬᠤ   ᠳᠤ  ᠂  ᠪᠣᠤᠴᠠᠩ  ᠪᠠᠯᠭᠠᠰᠤᠨ   ᠤ  ᠪᠦᠲᠦᠭᠡᠨ  ᠪᠠᠶᠢᠭᠤᠯᠤᠭᠰᠠᠨ  ᠲᠣᠭᠤᠷᠢᠭ   ᠤᠨ  ᠲᠠᠯᠠᠪᠠᠢ   ᠶᠢ 13 ᠲᠡᠭᠰᠢ  ᠳᠥᠷᠪᠡᠯᠵᠢᠨ  ᠺᠢᠯᠤᠮᠧᠲᠷ  ᠬᠦᠷᠭᠡᠵᠦ  ᠂  ᠰᠠᠭᠤᠭᠠᠯᠢ  ᠠᠷᠠᠳ   ᠢ 9  ᠲᠦᠮᠡ   ᠳᠤ  ᠬᠦᠷᠭᠡᠨ᠎ᠡ  ᠃ ᠬᠠᠭᠤᠴᠢᠨ  ᠬᠤᠲᠠ   ᠶᠢᠨ  ᠲᠣᠭᠤᠷᠢᠭ   ᠤᠨ  ᠥᠭᠡᠷᠡᠴᠢᠯᠡᠯᠲᠡ   ᠶᠢ  ᠲᠦᠷᠭᠡᠳᠬᠡᠨ᠂  ᠬᠤᠲᠠ   ᠶᠢᠨ  ᠤᠰᠤ  ᠬᠠᠩᠭᠠᠵᠤ  ᠲᠠᠲᠠᠷᠠᠭᠤᠯᠬᠤ  ᠲᠣᠣᠷᠴᠢᠯ᠂ ᠭᠤᠤᠷᠰᠤᠲᠤ  ᠰᠢᠲᠠᠮᠠᠬᠠᠢ  ᠬᠡᠢ  ᠂  ᠴᠢᠮᠡᠭᠡ  ᠬᠤᠯᠪᠣᠭ᠎ᠠ  ᠂  ᠴᠠᠬᠢᠯᠭᠠᠨ  ᠬᠠᠩᠭᠠᠯᠭ᠎ᠠ   ᠶᠢᠨ ᠰᠢᠰᠲ᠋ᠧᠮ ᠤᠨ ᠪᠠᠶᠢᠭᠤᠯᠤᠯᠲᠠ ᠪᠣᠯᠣᠨ  ᠪᠠᠭ᠎ᠠ  ᠵᠡᠭᠡᠯᠢ  ᠭᠤᠳᠤᠮᠵᠢ   ᠶᠢᠨ  ᠵᠠᠰᠠᠯᠲᠠ   ᠶᠢ  ᠪᠦᠷᠢᠨᠰᠢᠬᠦᠯᠦᠨ᠎ᠡ᠃  ᠬᠤᠲᠠ   ᠶᠢᠨ  ᠲᠣᠭᠤᠷᠢᠭ   ᠤᠨ  ᠪᠠᠶᠢᠷᠢᠰᠢᠯᠲᠠ   ᠶᠢ  ᠨᠡᠩ  ᠵᠦᠢ  ᠵᠣᠬᠢᠰᠲᠠᠢ  ᠂  ᠴᠢᠳᠠᠪᠤᠷᠢ   ᠶᠢ  ᠨᠡᠩ  ᠪᠦᠷᠢᠨ  ᠲᠡᠭᠦᠰ  ᠪᠣᠯᠭᠠᠨ᠎ᠠ  ᠃  ᠪᠣᠯᠪᠠᠰᠤᠨ   ᠢ  ᠴᠣᠭᠴᠠᠯᠠᠬᠤ  ᠠᠵᠢᠯᠯᠠᠭ᠎ᠠ   ᠶᠢ  ᠢᠳᠡᠪᠬᠢᠲᠡᠢ  ᠥᠷᠨᠢᠭᠦᠯᠵᠦ  ᠂  ᠪᠦᠬᠦ  ᠣᠷᠣᠨ   ᠤ  ᠨᠠᠢᠮᠠᠨ  ᠣᠳᠣᠨ  ᠲᠡᠰ   ᠤᠨ  ᠲᠡᠷᠢᠭᠦᠨ   ᠤ  ᠪᠣᠯᠪᠠᠰᠤᠨ  ᠬᠤᠲᠠ  ᠪᠠᠯᠭᠠᠰᠤ  ᠂  ᠣᠷᠣᠨ   ᠤ  ᠲᠡᠰ   ᠤᠨ  ᠡᠷᠡᠭᠦᠯ ᠬᠠᠮᠠᠭᠠᠯᠠᠯ   ᠤᠨ  ᠬᠤᠲᠠ  ᠪᠠᠯᠭᠠᠰᠤ  ᠪᠣᠯᠭᠠᠬᠤ   ᠪᠠᠷ   ᠴᠢᠷᠮᠠᠶᠢᠨ᠎ᠠ  ᠃ ᠬᠤᠲᠠ  ᠬᠥᠳᠡᠭᠡ   ᠶᠢᠨ  ᠨᠢᠭᠡᠳᠦᠯᠲᠡᠢ  ᠲᠥᠯᠥᠪᠵᠢᠭᠦᠯᠭᠡ   ᠶᠢ  ᠪᠠᠷᠢᠮᠲᠠᠯᠠᠵᠤ  ᠂  ᠪᠤᠰᠤᠳ ᠪᠠᠯᠭᠠᠰᠤᠨ   ᠤ  ᠪᠦᠲᠦᠭᠡᠨ ᠪᠠᠶᠢᠭᠤᠯᠤᠯᠲᠠ   ᠶᠢ  ᠴᠦ  ᠲᠦᠷᠭᠡᠳᠬᠡᠨ  ᠂  ᠲᠣᠰ  ᠲᠣᠰ   ᠤᠨ  ᠣᠨᠴᠠᠯᠢᠭ   ᠲᠠᠢ  ᠂  ᠴᠢᠳᠠᠪᠤᠷᠢ  ᠨᠥᠬᠦᠪᠦᠷᠢᠯᠡᠯᠳᠦᠭᠰᠡᠨ  ᠂ ᠲᠡᠰ  ᠳᠠᠪᠬᠤᠷᠭ᠎ᠠ  ᠢᠯᠭᠠᠭ᠎ᠠ   ᠲᠠᠢ  ᠂  ᠪᠦᠷᠢᠯᠳᠦᠴᠡ  ᠵᠣᠬᠢᠷᠠᠮᠵᠢᠲᠠᠢ  ᠬᠥᠭᠵᠢᠯᠲᠡ   ᠶᠢᠨ  ᠬᠡᠪ  ᠪᠠᠶᠢᠳᠠᠯ   ᠢ  ᠪᠦᠷᠢᠯᠳᠦᠭᠦᠯᠦᠨ᠎ᠡ  ᠃2012 ᠣᠨ  ᠪᠣᠯᠬᠤ   ᠳᠤ᠂ ᠪᠦᠬᠦ  ᠬᠤᠰᠢᠭᠤᠨ   ᠤ  ᠬᠤᠲᠠ  ᠪᠠᠯᠭᠠᠰᠤᠵᠢᠯᠲᠠ   ᠶᠢᠨ  ᠨᠤᠷᠮ᠎ᠠ   ᠶᠢ 40%   ᠠᠴᠠ  ᠳᠠᠪᠠᠭᠤᠯᠤᠨ᠎ᠠ  ᠃          ︵ᠲᠠᠪᠤ︶  ᠠᠷᠠᠳ   ᠤᠨ  ᠠᠮᠢᠳᠤᠷᠠᠯ   ᠢ  ᠳᠡᠭᠡᠳᠦ  ᠬᠡᠮᠵᠢᠶ᠎ᠡ   ᠪᠠᠷ  ᠬᠠᠯᠠᠮᠵᠢᠯᠠᠵᠤ  ᠂  ᠨᠡᠶᠢᠭᠡᠮ   ᠤᠨ  ᠡᠯ᠎ᠡ  ᠲᠥᠷᠥᠯ ᠤᠨ  ᠦᠢᠯᠡᠰ   ᠢ  ᠬᠥᠭᠵᠢᠭᠦᠯᠬᠦ  ᠬᠡᠷᠡᠭᠲᠡᠢ  ᠃        ᠨᠡᠶᠢᠭᠡᠮ   ᠤᠨ  ᠦᠢᠯᠡᠰ   ᠤᠨ  ᠬᠥᠭᠵᠢᠯᠲᠡ  ᠪᠣᠯᠣᠨ  ᠠᠷᠠᠳ   ᠤᠨ  ᠠᠮᠢᠳᠤᠷᠠᠯ   ᠤᠨ  ᠠᠰᠠᠭᠤᠳᠠᠯ   ᠢ  ᠨᠡᠩ  ᠲᠣᠪᠣᠶᠢᠮ᠎ᠠ  ᠪᠠᠶᠢᠷᠢᠨ   ᠳᠤ  ᠲᠠᠯᠪᠢᠵᠤ  ᠂  ᠠᠷᠠᠳ  ᠲᠦᠮᠡᠨ   ᠤ  ᠠᠰᠢᠭ  ᠲᠤᠰᠠ   ᠳᠤ  ᠬᠤᠯᠪᠣᠭᠳᠠᠭᠰᠠᠨ  ᠂  ᠠᠷᠠᠳ ᠲᠦᠮᠡᠨ ᠤ  ᠡᠷᠬᠡ  ᠠᠰᠢᠭ   ᠢ  ᠪᠠᠲᠤᠯᠠᠭᠰᠠᠨ  ᠂  ᠨᠡᠶᠢᠭᠡᠮ   ᠤᠨ  ᠠᠮᠢᠵᠢᠷᠠᠯ   ᠤᠨ  ᠬᠦᠴᠦᠨ   ᠢ  ᠬᠥᠭᠵᠢᠭᠡᠭᠰᠡᠨ  ᠡᠯ᠎ᠡ  ᠲᠥᠷᠥᠯ ᠤᠨ  ᠠᠵᠢᠯ   ᠢ  ᠰᠠᠶᠢᠲᠤᠷ  ᠬᠢᠵᠦ  ᠂  ᠠᠷᠠᠳ  ᠲᠦᠮᠡᠨ   ᠤ  ᠠᠮᠢᠳᠤᠷᠠᠯ   ᠤᠨ  ᠲᠦᠪᠰᠢᠨ  ᠪᠣᠯᠣᠨ  ᠶᠠᠰᠤ  ᠴᠢᠨᠠᠷ   ᠢ  ᠲᠠᠰᠤᠷᠠᠯᠲᠠ  ᠦᠭᠡᠢ  ᠳᠡᠭᠡᠭᠰᠢᠯᠡᠭᠦᠯᠦᠨ  ᠂  ᠡᠶ᠎ᠡ  ᠵᠣᠬᠢᠴᠠᠯᠲᠦ  ᠨᠡᠶᠢᠭᠡᠮ ᠤᠨ  ᠪᠦᠲᠦᠭᠡᠨ  ᠪᠠᠶᠢᠭᠤᠯᠤᠯᠲᠠ   ᠶᠢ  ᠰᠢᠨ᠎ᠡ  ᠠᠬᠢᠯᠲᠠ   ᠲᠠᠢ  ᠪᠣᠯᠭᠠᠨ᠎ᠠ  ᠃  ᠰᠤᠷᠭᠠᠨ  ᠬᠥᠮᠥᠵᠢᠯ   ᠢ  ᠬᠤᠰᠢᠭᠤᠴᠢᠯᠠᠨ  ᠬᠥᠭᠵᠢᠭᠦᠯᠵᠦ  ᠂  ᠰᠤᠷᠭᠠᠨ  ᠬᠥᠮᠥᠵᠢᠯ   ᠤᠨ  ᠬᠥᠭᠵᠢᠯᠲᠡ   ᠶᠢᠨ  ᠶᠠᠰᠤ  ᠴᠢᠨᠠᠷ  ᠪᠣᠯᠣᠨ  ᠦᠷ᠎ᠡ  ᠠᠰᠢᠭ   ᠢ  ᠳᠡᠭᠡᠭᠰᠢᠯᠡᠭᠦᠯᠦᠨ  ᠂ ︽ᠬᠤᠶᠠᠷ  ᠦᠨᠳᠦᠰᠦᠨ︾ ᠪᠠᠷᠢᠮᠵᠢᠶᠠᠨ   ᠳᠤ  ᠬᠦᠷᠭᠡᠬᠦ  ᠠᠵᠢᠯ   ᠤᠨ ᠪᠦᠲᠦᠮᠵᠢ ᠶᠢ ᠪᠠᠬᠢᠵᠢᠭᠦᠯᠵᠦ  ᠂ ᠠᠯᠪᠠᠨ ᠵᠢᠷᠤᠮ ᠤᠨ ᠰᠤᠷᠭᠠᠨ ᠬᠥᠮᠥᠵᠢᠯ   ᠤᠨ ᠵᠢᠭᠳᠡ ᠬᠥᠭᠵᠢᠯᠲᠡ ᠶᠢ ᠠᠬᠢᠭᠤᠯᠵᠤ  ᠂  ᠳᠡᠭᠡᠳᠦ ᠳᠤᠮᠳᠠ ᠶᠢᠨ ᠱᠠᠲᠤᠨ   ᠤ  ᠰᠤᠷᠭᠠᠨ  ᠬᠥᠮᠥᠵᠢᠯ  ᠦᠨᠳᠦᠰᠦᠨ   ᠳᠡᠭᠡᠨ  ᠲᠦᠭᠡᠮᠡᠯᠵᠢᠬᠦ   ᠶᠢ  ᠲᠦᠷᠭᠡᠳᠬᠡᠨ  ᠂ ᠠᠵᠢᠯ  ᠮᠡᠷᠭᠡᠵᠢᠯ   ᠤᠨ  ᠰᠤᠷᠭᠠᠨ  ᠬᠥᠮᠥᠵᠢᠯ   ᠢ  ᠶᠡᠭᠡ   ᠪᠠᠷ  ᠬᠥᠭᠵᠢᠭᠦᠯᠵᠦ  ᠂  ᠪᠦᠷᠢᠯᠳᠦᠴᠡ   ᠨᠢ  ᠰᠢᠨᠵᠢᠯᠡᠬᠦ  ᠤᠬᠠᠭᠠᠨᠴᠢ  ᠂ ᠲᠣᠬᠢᠷᠠᠮᠵᠢᠲᠠᠢ  ᠂  ᠤᠯᠤᠰ  ᠠᠷᠠᠳ   ᠤᠨ  ᠰᠤᠷᠭᠠᠨ  ᠬᠥᠮᠥᠵᠢᠯ   ᠤᠨ  ᠰᠢᠰᠲ᠋ᠧᠮ   ᠢ  ᠪᠠᠶᠢᠭᠤᠯᠵᠤ  ᠂ ᠠᠷᠠᠳ   ᠠᠴᠠ  ᠡᠷᠬᠢᠯᠡᠭᠰᠡᠨ  ᠰᠤᠷᠭᠠᠨ  ᠬᠥᠮᠥᠵᠢᠯ   ᠢ  ᠲᠡᠳᠬᠦᠨ  ᠬᠥᠭᠵᠢᠭᠦᠯᠦᠨ᠎ᠡ  ᠃  ᠰᠤᠷᠭᠠᠨ  ᠬᠥᠮᠥᠵᠢᠯ   ᠤᠨ  ᠨᠡᠶᠢᠲᠡ   ᠶᠢᠨ  ᠠᠰᠠᠷᠠᠮᠵᠢ   ᠶᠢᠨ  ᠴᠢᠨᠠᠷ   ᠢ  ᠪᠠᠷᠢᠮᠲᠠᠯᠠᠵᠤ  ᠂ ᠰᠤᠷᠤᠯᠭ᠎ᠠ ᠲᠡᠳᠬᠦᠬᠦ ᠳᠦᠷᠢᠮ   ᠢ  ᠪᠦᠷᠢᠨᠰᠢᠭᠦᠯᠦᠨ᠂ ᠰᠤᠷᠭᠠᠨ  ᠬᠥᠮᠥᠵᠢᠯ   ᠤᠨ  ᠰᠦᠢᠳᠬᠡᠯ   ᠤᠨ  ᠬᠠᠰᠤᠵᠤ  ᠬᠡᠯᠲᠦᠷᠢᠭᠦᠯᠵᠦ᠂ ᠨᠥᠬᠦᠪᠦᠷᠢᠯᠡᠬᠦ ᠲᠥᠷᠥ   ᠶᠢᠨ  ᠪᠣᠳᠣᠯᠭ᠎ᠠ   ᠶᠢ ᠨᠠᠷᠢᠨ ᠬᠢᠨᠠᠮᠠᠭᠠᠢ  ᠨᠠᠶᠢᠳᠠᠪᠤᠷᠢᠵᠢᠭᠤᠯᠤᠨ᠎ᠠ  ᠃  ᠡᠪᠡᠳᠴᠢᠨ  ᠬᠢᠵᠢᠭ   ᠢ  ᠰᠡᠷᠭᠡᠶᠢᠯᠡᠨ  ᠡᠵᠡᠮᠰᠢᠬᠦ᠂  ᠡᠷᠡᠭᠦᠯ  ᠬᠠᠮᠠᠭᠠᠯᠠᠯ   ᠤᠨ  ᠬᠠᠤᠯᠢ  ᠬᠡᠷᠡᠭᠵᠢᠭᠦᠯᠵᠦ  ᠂  ᠬᠢᠨᠠᠯᠲᠠ  ᠲᠠᠯᠪᠢᠬᠤ  ᠪᠠ  ᠬᠤᠲᠠ  ᠬᠥᠳᠡᠭᠡ   ᠶᠢᠨ  ᠡᠮ  ᠡᠮᠨᠡᠯᠭᠡ   ᠶᠢᠨ  ᠠᠪᠤᠷᠠᠨ  ᠵᠠᠰᠠᠬᠤ  ᠪᠦᠷᠢᠨᠰᠢᠭᠰᠡᠨ ᠰᠢᠰᠲ᠋ᠧᠮᠵᠢ   ᠶᠢ  ᠪᠠᠶᠢᠭᠤᠯᠵᠤ  ᠂  ᠬᠦᠨᠳᠦ  ᠶᠡᠭᠡ ᠡᠪᠡᠳᠴᠢᠨ  ᠬᠢᠵᠢᠭ   ᠢ  ᠰᠡᠷᠭᠡᠶᠢᠯᠡᠨ  ᠡᠵᠡᠮᠰᠢᠬᠦ  ᠪᠠ  ᠤᠯᠠᠨ  ᠨᠡᠶᠢᠲᠡ   ᠶᠢᠨ  ᠡᠷᠡᠭᠦᠯ  ᠬᠠᠮᠠᠭᠠᠯᠠᠯ   ᠤᠨ  ᠭᠡᠨᠡᠳᠲᠡ   ᠶᠢᠨ  ᠴᠢᠨᠠᠷᠲᠠᠢ  ᠬᠡᠷᠡᠭ   ᠢ  ᠠᠷᠭᠠᠴᠠᠵᠤ  ᠰᠢᠢᠳᠪᠦᠷᠢᠯᠡᠬᠦ  ᠴᠢᠳᠠᠪᠤᠷᠢ   ᠶᠢ  ᠳᠡᠭᠡᠭᠰᠢᠯᠡᠭᠦᠯᠦᠨ᠎ᠡ  ᠃  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ   ᠤᠨ  ᠠᠵᠢᠯ   ᠢ  ᠳᠡᠭᠡᠳᠦ  ᠬᠡᠮᠵᠢᠶ᠎ᠡ   ᠪᠠᠷ  ᠬᠦᠨᠳᠦᠳᠬᠡᠨ  ᠂  ᠲᠥᠯᠥᠪᠯᠡᠭᠡᠲᠦ  ᠦᠷᠡᠵᠢᠯ   ᠤᠨ  ᠬᠥᠬᠢᠭᠦᠯᠦᠨ ᠲᠤᠰᠠᠯᠠᠬᠤ  ᠲᠤᠰᠠᠯᠠᠮᠵᠢ ᠶᠢᠨ ᠳᠦᠷᠢᠮ ᠢ  ᠴᠢᠨᠠᠭᠰᠢᠳᠠ  ᠪᠦᠷᠢᠨᠰᠢᠭᠦᠯᠵᠦ  ᠂  ᠲᠥᠯᠥᠪᠯᠡᠭᠡᠲᠦ  ᠦᠷᠡᠵᠢᠯ  ᠢᠯᠠᠩᠭᠤᠶ᠎ᠠ  ᠨᠡᠭᠦᠳᠡᠯ  ᠬᠥᠮᠥᠨ  ᠠᠮᠠ   ᠶᠢᠨ  ᠲᠥᠯᠥᠪᠯᠡᠭᠡᠲᠦ  ᠦᠷᠡᠵᠢᠯ   ᠤᠨ  ᠬᠠᠮᠢᠶᠠᠷᠤᠯᠲᠠ  ᠪᠠ  ᠦᠢᠯᠡᠴᠢᠯᠡᠭᠡ   ᠶᠢ  ᠴᠢᠩᠭᠠᠳᠬᠠᠵᠤ  ᠂  ᠲᠥᠷᠥᠵᠦ  ᠦᠷᠡᠵᠢᠬᠦ  ᠳᠣᠣᠷ᠎ᠠ  ᠲᠦᠪᠰᠢᠨ   ᠢ  ᠲᠣᠭᠲᠠᠪᠤᠷᠢᠵᠢᠭᠤᠯᠤᠨ  ᠂  ᠬᠥᠮᠥᠨ  ᠠᠮᠠ   ᠶᠢᠨ  ᠴᠢᠨᠠᠷ  ᠴᠢᠨᠰᠠᠭ᠎ᠠ   ᠶᠢ  ᠳᠡᠭᠡᠭᠰᠢᠯᠡᠭᠦᠯᠦᠨ᠎ᠡ  ᠃      ᠰᠣᠶᠣᠯ  ᠲᠠᠮᠢᠷ   ᠤᠨ  ᠰᠠᠭᠤᠷᠢ  ᠲᠥᠬᠦᠭᠡᠷᠦᠮᠵᠢ   ᠶᠢᠨ  ᠪᠠᠶᠢᠭᠤᠯᠤᠯᠲᠠ   ᠶᠢ  ᠴᠢᠩᠭᠠᠳᠬᠠᠵᠤ  ᠂  ᠡᠯᠪᠡᠭ ᠪᠠᠶᠠᠯᠢᠭ  ᠲᠤᠭᠯᠠᠭᠠᠮ ᠴᠡᠩᠭᠡᠯ  ᠤᠨ ᠬᠦᠳᠡᠯᠭᠡᠭᠡᠨ  ᠢ ᠦᠷᠨᠢᠬᠦᠯᠦᠨ᠂  ᠰᠤᠶᠤᠯ ᠲᠠᠮᠢᠷ  ᠤᠨ ᠠᠵᠤ ᠦᠢᠯᠡᠰ  ᠢ  ᠪᠤᠶᠢᠵᠢᠭᠤᠯᠤᠨ ᠬᠦᠭᠵᠢᠬᠦᠯᠵᠦ  ᠂ ᠪᠦᠬᠦ  ᠠᠷᠠᠳ ᠤᠨ  ᠪᠣᠯᠪᠠᠰᠤᠷᠠᠨ ᠴᠢᠭᠢᠷᠠᠭᠵᠢᠬᠤ  ᠬᠥᠳᠡᠯᠭᠡᠭᠡᠨ  ᠪᠠ  ᠤᠯᠤᠰ   ᠢᠶᠠᠨ  ᠬᠠᠶᠢᠷᠠᠯᠠᠬᠤ  ᠡᠷᠡᠭᠦᠯ  ᠬᠠᠮᠠᠭᠠᠯᠠᠯ   ᠤᠨ  ᠬᠥᠳᠡᠯᠭᠡᠭᠡᠨ   ᠢ  ᠥᠷᠭᠡᠨ  ᠳᠡᠯᠭᠡᠷ  ᠥᠷᠨᠢᠭᠦᠯᠵᠦ  ᠂  ᠪᠦᠬᠦ  ᠠᠷᠠᠳ   ᠤᠨ  ᠪᠡᠶ᠎ᠡ ᠶᠢᠨ ᠶᠠᠰᠤ  ᠴᠢᠨᠠᠷ ᠪᠣᠯᠣᠨ ᠡᠷᠡᠭᠦᠯ  ᠴᠢᠭᠢᠷᠠᠭ   ᠤᠨ  ᠬᠢᠷᠢ  ᠲᠦᠪᠰᠢᠨ   ᠢ   ᠳᠡᠭᠡᠭᠰᠢᠯᠡᠭᠦᠯᠦᠨ᠎ᠡ᠃ ᠷᠠᠳᠢᠤ᠋ ᠲᠧᠯᠸᠢᠰ   ᠤᠨ  ︽ᠲᠣᠰᠬᠤᠨ ᠪᠣᠯᠭᠠᠨ   ᠳᠤ  ᠨᠡᠪᠲᠡᠷᠡᠬᠦ︾  ᠢᠨᠵᠧᠨᠧᠷᠢᠩ   ᠢ  ᠰᠠᠶᠢᠲᠤᠷ  ᠠᠳᠬᠤᠵᠤ  ᠂ ᠷᠠᠳᠢᠤ᠋ ᠲᠧᠯᠸᠢᠰ   ᠤᠨ  ᠪᠦᠷᠬᠦᠴᠡ   ᠶᠢ  ᠥᠷᠭᠡᠳᠬᠡᠨ᠎ᠡ᠃  ᠣᠶᠣᠨ   ᠤ  ᠪᠣᠯᠪᠠᠰᠤᠨ   ᠤ  ᠴᠣᠭᠴᠠᠯᠠᠯᠲᠠ   ᠶᠢᠨ  ᠬᠥᠳᠡᠯᠭᠡᠭᠡᠨ   ᠢ  ᠭᠦᠨᠵᠡᠭᠡᠢ  ᠥᠷᠨᠢᠭᠦᠯᠵᠦ  ᠂  ᠴᠢᠨᠡᠭᠡᠯᠢᠭ  ᠨᠡᠶᠢᠭᠡᠮ   ᠢ  ᠪᠦᠬᠦ  ᠲᠠᠯ᠎ᠠ   ᠪᠠᠷ  ᠪᠦᠲᠦᠭᠡᠨ  ᠪᠠᠶᠢᠭᠤᠯᠬᠤ ᠳᠤ  ᠬᠦᠴᠦᠷᠬᠡᠭ ᠶᠡᠭᠡ ᠣᠶᠣᠨ ᠰᠠᠨᠠᠭᠠᠨ   ᠤ  ᠬᠥᠳᠡᠯᠭᠡᠬᠦ  ᠬᠦᠴᠦᠨ   ᠢ  ᠬᠠᠩᠭᠠᠨ᠎ᠠ  ᠃ ︽ᠲᠠᠶᠢᠹᠤᠰᠧ  ᠬᠤᠰᠢᠭᠤᠨ   ᠤ ᠣᠷᠤᠰᠢᠭᠤᠯᠭ᠎ᠠ   ᠶᠢᠨ  ᠥᠭᠡᠷᠡᠴᠢᠯᠡᠯᠲᠡ   ᠶᠢᠨ  ᠬᠠᠮᠢᠶᠠᠷᠤᠯᠲᠠ   ᠶᠢᠨ  ᠠᠷᠭ᠎ᠠ︾   ᠶᠢ  ᠨᠠᠷᠢᠨ  ᠨᠢᠮᠪᠠᠢ  ᠬᠡᠷᠡᠭᠵᠢᠭᠦᠯᠵᠦ  ᠂  ᠤᠯᠠᠮᠵᠢᠯᠠᠯᠲᠤ ᠣᠷᠤᠰᠢᠭᠤᠯᠭ᠎ᠠ   ᠶᠢᠨ  ᠳᠦᠷᠢᠮ   ᠢ  ᠥᠭᠡᠷᠡᠴᠢᠯᠡᠨ  ᠂  ᠣᠳᠣ  ᠬᠡᠷᠡᠭᠵᠢᠭᠦᠯᠦᠭᠡ ᠣᠷᠤᠰᠢᠭᠤᠯᠭ᠎ᠠ   ᠶᠢᠨ  ᠠᠵᠢᠯᠯᠠᠭ᠎ᠠ   ᠶᠢᠨ  ᠬᠠᠮᠢᠶᠠᠷᠤᠯᠲᠠ   ᠶᠢ  ᠳᠦᠷᠢᠮᠵᠢᠭᠦᠯᠦᠨ᠎ᠡ  ᠃        ᠠᠵᠢᠯ  ᠣᠯᠭᠤᠬᠤ  ᠂  ᠲᠠᠬᠢᠨ  ᠠᠵᠢᠯ  ᠣᠯᠭᠤᠬᠤ  ᠪᠠ ᠨᠡᠶᠢᠭᠡᠮ   ᠤᠨ  ᠪᠠᠲᠤᠯᠠᠭᠠᠨ   ᠤ  ᠠᠵᠢᠯ   ᠢ  ᠰᠠᠶᠢᠨ  ᠬᠢᠵᠦ  ᠂  ᠠᠵᠢᠯ  ᠣᠯᠭᠤᠯᠲᠠ  ᠂  ᠲᠠᠬᠢᠨ  ᠠᠵᠢᠯ  ᠣᠯᠭᠤᠯᠲᠠ   ᠶᠢ  ᠳᠡᠮᠵᠢᠬᠦ  ᠲᠥᠷᠥ   ᠶᠢᠨ  ᠪᠣᠳᠣᠯᠭ᠎ᠠ   ᠶᠢ  ᠨᠠᠷᠢᠨ  ᠨᠢᠮᠪᠠᠢ  ᠨᠠᠶᠢᠳᠠᠪᠤᠷᠢᠵᠢᠭᠤᠯᠬᠤ  ᠪᠠ  ᠪᠦᠷᠢᠨᠰᠢᠭᠦᠯᠵᠦ  ᠂  ᠡᠯ᠎ᠡ  ᠲᠥᠷᠥᠯ   ᠤᠨ  ᠨᠥᠬᠦᠪᠦᠷᠢ  ᠂  ᠪᠠᠭ᠎ᠠ  ᠬᠡᠮᠵᠢᠶᠡᠨ   ᠤ  ᠳᠠᠭᠠᠭᠠᠯᠲᠠ   ᠶᠢᠨ  ᠵᠢᠭᠡᠯᠡᠯᠭᠡ  ᠂  ᠭᠠᠶᠢᠯᠢ  ᠰᠦᠢᠳᠬᠡᠯ   ᠢ  ᠬᠠᠰᠤᠵᠤ  ᠬᠡᠯᠲᠦᠷᠢᠭᠦᠯᠬᠦ  ᠵᠡᠷᠭᠡ  ᠲᠥᠷᠥ   ᠶᠢᠨ  ᠪᠣᠳᠣᠯᠭ᠎ᠠ   ᠶᠢ  ᠭᠦᠢᠴᠡᠳ  ᠰᠠᠶᠢᠨ  ᠬᠡᠷᠡᠭᠵᠢᠭᠦᠯᠵᠦ  ᠂  ᠠᠷᠭ᠎ᠠ  ᠤᠬᠠᠭᠠᠨ  ᠰᠦᠪᠡᠭᠴᠢᠯᠡᠨ  ᠠᠵᠢᠯ  ᠣᠯᠭᠤᠯᠲᠠ  ᠪᠠ  ᠲᠠᠬᠢᠨ  ᠠᠵᠢᠯ  ᠣᠯᠭᠤᠯᠲᠠ   ᠶᠢ  ᠠᠬᠢᠭᠤᠯᠤᠨ  ᠂  ᠣᠨᠴᠠᠭᠠᠶᠢᠯᠠᠨ  ᠶᠠᠳᠠᠭᠤ  ᠬᠦᠴᠢᠷᠲᠡᠢ  ᠪᠦᠯᠦᠭᠯᠡᠯ  ᠴᠣᠭᠴᠠᠰ  ᠂  ᠠᠵᠢᠯ   ᠤᠨ  ᠪᠠᠶᠢᠷᠢ   ᠠᠴᠠ   ᠪᠠᠨ  ᠪᠠᠭᠤᠭᠰᠠᠳ  ᠂  ᠠᠵᠢᠯ  ᠠᠯᠳᠠᠭᠰᠠᠳ  ᠪᠣᠯᠣᠨ  ᠳᠡᠭᠡᠳᠦ  ᠳᠤᠮᠳᠠᠳᠤ  ᠵᠡᠷᠭᠡ   ᠶᠢᠨ  ᠲᠤᠰᠬᠠᠢ  ᠮᠡᠷᠭᠡᠵᠢᠯ   ᠤᠨ  ᠰᠤᠷᠭᠠᠭᠤᠯᠢ  ᠲᠡᠭᠦᠰᠦᠭᠰᠡᠳ   ᠤᠨ  ᠠᠵᠢᠯ  ᠣᠯᠬᠤ  ᠠᠰᠠᠭᠤᠳᠠᠯ   ᠢ  ᠰᠢᠢᠳᠪᠦᠷᠢᠯᠡᠬᠦ  ᠬᠡᠷᠡᠭᠲᠡᠢ  ᠃  ᠲᠠᠪᠤᠨ  ᠵᠢᠯ   ᠳᠤ  ᠬᠤᠲᠠ  ᠪᠠᠯᠭᠠᠰᠤᠨ ᠤ  ᠠᠵᠢᠯ   ᠤᠨ  ᠪᠠᠶᠢᠷᠢ 3000  ᠢᠯᠡᠭᠦᠦ   ᠶᠢ  ᠰᠢᠨ᠎ᠡ   ᠪᠠᠷ  ᠨᠡᠮᠡᠭᠳᠡᠭᠦᠯᠵᠦ  ᠂  ᠰᠢᠨ᠎ᠡ   ᠪᠠᠷ  ᠨᠡᠮᠡᠭᠳᠡᠭᠰᠡᠨ  ᠠᠵᠢᠯ  ᠣᠯᠵᠤ  ᠂  ᠲᠠᠬᠢᠨ  ᠠᠵᠢᠯ  ᠣᠯᠣᠭᠰᠠᠳ   ᠢ 1100  ᠬᠥᠮᠥᠨ   ᠠᠴᠠ  ᠳᠠᠪᠠᠭᠤᠯᠤᠨ᠎ᠠ  ︔  ᠨᠡᠶᠢᠭᠡᠮ   ᠤᠨ  ᠪᠠᠲᠤᠯᠠᠭᠠᠨ   ᠤ  ᠰᠢᠰᠲ᠋ᠧᠮᠵᠢ   ᠶᠢᠨ  ᠪᠠᠶᠢᠭᠤᠯᠤᠯᠲᠠ   ᠶᠢ  ᠲᠦᠷᠭᠡᠳᠬᠡᠵᠦ  ᠂  ᠬᠤᠲᠠ  ᠪᠠᠯᠭᠠᠰᠤᠨ   ᠤ  ᠠᠵᠢᠯᠲᠠᠨ ᠤ  ᠨᠠᠰᠤᠵᠢᠯ   ᠢ  ᠠᠰᠠᠷᠠᠬᠤ  ᠂  ᠡᠮ  ᠡᠮᠨᠡᠯᠭᠡ  ᠂  ᠠᠵᠢᠯ  ᠠᠯᠳᠠᠬᠤ᠂  ᠠᠵᠢᠯ   ᠠᠴᠠ  ᠪᠣᠯᠣᠭᠰᠠᠨ  ᠰᠢᠷᠬᠠᠲᠤᠯ  ᠂  ᠲᠥᠷᠥᠯᠲᠡ  ᠦᠷᠡᠵᠢᠯ   ᠤᠨ  ᠳᠠᠭᠠᠳᠬᠠᠯ  ᠵᠡᠷᠭᠡ  ᠦᠨᠳᠦᠰᠦᠨ  ᠳᠦᠷᠢᠮ   ᠢ  ᠤᠯᠠᠮ  ᠲᠡᠭᠦᠯᠳᠡᠷᠵᠢᠭᠦᠯᠵᠦ  ᠂  ᠨᠡᠶᠢᠭᠡᠮ   ᠤᠨ  ᠳᠠᠭᠠᠳᠬᠠᠯ   ᠤᠨ  ᠪᠦᠷᠬᠦᠴᠡ   ᠶᠢ  ᠥᠷᠭᠡᠳᠬᠡᠨ᠎ᠡ  ᠃ ᠵᠠᠰᠠᠭ   ᠤᠨ  ᠣᠷᠳᠣᠨ   ᠤ  ᠠᠪᠤᠷᠠᠨ  ᠲᠤᠰᠠᠯᠠᠭ᠎ᠠ   ᠪᠠᠷ  ᠭᠤᠣᠯ  ᠪᠣᠯᠭᠠᠵᠤ  ᠂  ᠲᠥᠷᠥ   ᠶᠢᠨ  ᠪᠣᠳᠣᠯᠭ᠎ᠠ   ᠪᠠᠷ  ᠲᠡᠳᠬᠦᠭᠰᠡᠨ  ᠂  ᠬᠤᠳᠠᠯᠳᠤᠭᠠᠨ   ᠤ  ᠦᠢᠯᠡᠰ   ᠤᠨ  ᠳᠠᠭᠠᠳᠬᠠᠯ  ᠪᠠ  ᠨᠡᠶᠢᠭᠡᠮ   ᠤᠨ  ᠲᠤᠰᠠᠯᠠᠮᠵᠢ   ᠪᠠᠷ  ᠨᠥᠬᠦᠪᠦᠷᠢᠯᠡᠭᠦᠯᠵᠦ  ᠂  ᠬᠤᠲᠠ  ᠬᠥᠳᠡᠭᠡ   ᠶᠢ  ᠬᠠᠮᠤᠷᠤᠭᠰᠠᠨ  ᠰᠢᠨ᠎ᠡ  ᠬᠡᠯᠪᠡᠷᠢ   ᠶᠢᠨ  ᠨᠡᠶᠢᠭᠡᠮ   ᠤᠨ  ᠠᠪᠤᠷᠠᠨ  ᠲᠤᠰᠠᠯᠠᠬᠤ  ᠰᠢᠰᠲ᠋ᠧᠮᠵᠢ   ᠶᠢ  ᠪᠠᠶᠢᠭᠤᠯᠵᠤ  ᠂  ᠬᠤᠲᠠ  ᠬᠥᠳᠡᠭᠡ   ᠶᠢᠨ ᠰᠠᠭᠤᠭᠠᠯᠢ ᠠᠷᠠᠳ   ᠤᠨ  ᠨᠠᠭᠠᠲᠤ  ᠵᠠᠬ᠎ᠠ   ᠶᠢᠨ  ᠠᠮᠢᠳᠤᠷᠠᠯ   ᠤᠨ  ᠪᠠᠲᠤᠯᠠᠭᠠᠨ   ᠤ  ᠳᠦᠷᠢᠮ   ᠢ  ᠴᠢᠩᠭᠠᠳᠬᠠᠬᠤ  ᠪᠠ  ᠲᠡᠭᠦᠯᠳᠡᠷᠵᠢᠭᠦᠯᠵᠦ  ᠂ ᠨᠠᠭᠠᠲᠤ  ᠵᠠᠬ᠎ᠠ   ᠶᠢᠨ  ᠠᠮᠢᠳᠤᠷᠠᠯ   ᠤᠨ  ᠪᠠᠲᠤᠯᠠᠭ᠎ᠠ ᠪᠣᠯᠣᠨ  ᠲᠠᠪᠤᠨ  ᠪᠠᠲᠤᠯᠠᠭᠠᠲᠤ  ᠡᠷᠦᠭᠡ   ᠶᠢᠨ  ᠠᠰᠠᠷᠠᠮᠵᠢ ᠶᠢᠨ ᠪᠠᠷᠢᠮᠵᠢᠶ᠎ᠠ   ᠶᠢ ᠠᠯᠭᠤᠷ   ᠢᠶᠠᠷ ᠳᠡᠭᠡᠭᠰᠢᠯᠡᠭᠦᠯᠦᠨ᠎ᠡ  ᠃  ᠰᠢᠨ᠎ᠡ  ᠬᠡᠯᠪᠡᠷᠢ   ᠶᠢᠨ  ᠬᠤᠷᠰᠢᠭᠰᠠᠨ  ᠡᠮᠨᠡᠯᠭᠡ   ᠶᠢᠨ  ᠳᠦᠷᠢᠮ   ᠢ  ᠪᠦᠬᠦ  ᠲᠠᠯ᠎ᠠ   ᠪᠠᠷ  ᠳᠡᠯᠭᠡᠷᠡᠭᠦᠯᠵᠦ  ᠂  ᠣᠷᠣᠯᠴᠠᠵᠤ  ᠬᠤᠷᠰᠢᠬᠤ  ᠨᠤᠷᠮ᠎ᠠ   ᠶᠢ 90%   ᠠᠴᠠ  ᠳᠠᠪᠠᠭᠤᠯᠤᠨ᠂ ᠨᠢᠭᠦᠯᠡᠰᠦᠩᠭᠦᠢ  ᠦᠢᠯᠡᠰ  ᠪᠣᠯᠣᠨ  ᠵᠡᠮᠳᠡᠭᠴᠤᠤᠯ   ᠤᠨ  ᠦᠢᠯᠡᠰ   ᠢ ᠲᠡᠳᠬᠦᠨ  ᠬᠥᠭᠵᠢᠭᠦᠯᠵᠦ  ᠂ ᠶᠠᠳᠠᠭᠤ  ᠬᠦᠴᠢᠷᠲᠡᠢ ᠳᠣᠷᠣᠢ  ᠪᠠᠭᠤᠷᠠᠢ ᠣᠯᠠᠨ ᠲᠦᠮᠡᠨ ᠤ ᠦᠢᠯᠡᠳᠪᠦᠷᠢᠯᠡᠯ  ᠠᠮᠢᠳᠤᠷᠠᠯ ᠤᠨ ᠬᠦᠴᠢᠷᠳᠡᠯ   ᠢ ᠠᠩᠬᠠᠷᠤᠯ ᠲᠠᠯᠪᠢᠨ ᠰᠢᠢᠳᠪᠦᠷᠢᠯᠡᠵᠦ  ᠂ ᠨᠠᠰᠤᠲᠠᠶᠢᠴᠤᠳ ᠤᠨ  ᠠᠮᠢᠳᠤᠷᠠᠯ   ᠢ ᠬᠠᠯᠠᠮᠵᠢᠯᠠᠨ᠂ ᠨᠠᠰᠤᠲᠠᠶᠢᠴᠤᠳ   ᠢ  ᠠᠰᠠᠷᠠᠨ  ᠬᠠᠷᠠᠭᠠᠯᠵᠠᠬᠤ ᠲᠥᠷᠥ   ᠶᠢᠨ  ᠪᠣᠳᠣᠯᠭ᠎ᠠ   ᠶᠢ  ᠪᠦᠷᠢᠨᠰᠢᠭᠦᠯᠵᠦ᠂ ᠨᠠᠰᠤᠲᠠᠶᠢᠴᠤᠳ ᠢ ᠠᠰᠠᠷᠠᠬᠤ  ᠦᠢᠯᠡᠴᠢᠯᠡᠭᠡᠨ ᠤ ᠦᠢᠯᠡᠰ ᠢ ᠲᠦᠷᠭᠡᠨ  ᠬᠥᠭᠵᠢᠭᠦᠯᠦᠨ᠎ᠡ  ᠃           ᠬᠠᠤᠯᠢ  ᠳᠦᠷᠢᠮ   ᠤᠨ  ᠤᠬᠠᠭᠤᠯᠭ᠎ᠠ  ᠬᠥᠮᠥᠵᠢᠯ   ᠢ  ᠰᠠᠶᠢᠲᠤᠷ  ᠬᠢᠵᠦ  ᠂  ᠬᠠᠤᠯᠢ  ᠴᠠᠭᠠᠵᠠ   ᠶᠢᠨ  ︽ᠵᠢᠷᠭᠤᠭᠠᠨ  ᠠᠬᠢᠯᠲᠠ︾  ᠪᠣᠯᠣᠨ  ︽ᠲᠠᠪᠤ  ᠲᠠᠪᠤ︾  ᠬᠠᠤᠯᠢ  ᠲᠦᠭᠡᠮᠡᠯᠵᠢᠭᠦᠯᠬᠦ  ᠠᠵᠢᠯ   ᠢ  ᠪᠦᠬᠦ  ᠲᠠᠯ᠎ᠠ   ᠪᠠᠷ  ᠪᠡᠶᠡᠯᠡᠭᠦᠯᠦᠨ᠎ᠡ  ᠃  ᠵᠠᠬᠢᠳᠠᠯ  ᠰᠤᠷᠪᠤᠯᠵᠢᠯᠠᠭ᠎ᠠ   ᠶᠢᠨ  ᠠᠵᠢᠯ   ᠢ  ᠬᠦᠨᠳᠦᠳᠬᠡᠵᠦ᠂  ᠰᠤᠷᠪᠤᠯᠵᠢᠯᠠᠵᠤ  ᠲᠣᠭᠠᠴᠢᠬᠤ  ᠵᠠᠮ  ᠰᠤᠪᠠᠭ   ᠢ  ᠨᠡᠪᠲᠡᠷᠡᠭᠦᠯᠦᠨ  ᠂  ᠵᠠᠬᠢᠳᠠᠯ  ᠰᠤᠷᠪᠤᠯᠵᠢᠯᠠᠯ ᠤᠨ  ᠱᠠᠭᠠᠷᠳᠠᠨ  ᠭᠦᠢᠴᠡᠳᠬᠡᠬᠦ  ᠠᠵᠢᠯ   ᠢ  ᠴᠢᠩᠭᠠᠳᠬᠠᠵᠤ  ᠂  ᠡᠯ᠎ᠡ  ᠲᠥᠷᠥᠯ   ᠤᠨ  ᠵᠥᠷᠢᠴᠡᠯ   ᠢ  ᠢᠳᠡᠪᠬᠢᠲᠡᠢ   ᠪᠠᠷ  ᠠᠭᠤᠰᠬᠠᠨ  ᠨᠠᠮᠳᠠᠭᠤᠯᠤᠨ᠎ᠠ  ᠃  ᠨᠡᠶᠢᠭᠡᠮ   ᠤᠨ ᠠᠮᠤᠷ   ᠢ  ᠬᠠᠮᠠᠭᠠᠯᠠᠬᠤ  ᠂  ᠰᠡᠷᠭᠡᠶᠢᠯᠡᠨ  ᠡᠵᠡᠮᠰᠢᠬᠦ  ᠰᠢᠰᠲ᠋ᠧᠮᠵᠢ   ᠶᠢᠨ  ᠪᠠᠶᠢᠭᠤᠯᠤᠯᠲᠠ   ᠶᠢ  ᠴᠢᠩᠭᠠᠳᠬᠠᠵᠤ  ᠂  ᠡᠯ᠎ᠡ ᠵᠦᠢᠯ   ᠤᠨ  ᠶᠠᠯᠠᠲᠤ  ᠠᠵᠢᠯᠯᠠᠭ᠎ᠠ   ᠳᠤ  ᠬᠠᠤᠯᠢ  ᠶᠣᠰᠣᠨ   ᠤ  ᠬᠦᠨᠳᠦ  ᠴᠣᠬᠢᠯᠲᠠ  ᠥᠭᠴᠦ  ᠂  ᠬᠤᠤᠷ᠎ᠠ  ᠴᠠᠭᠠᠵᠠᠯᠠᠵᠤ  ᠬᠤᠤᠷ᠎ᠠ  ᠠᠷᠢᠯᠭᠠᠬᠤ  ᠠᠵᠢᠯ   ᠤᠨ  ᠡᠷᠴᠢᠮ   ᠢ  ᠴᠢᠩᠭᠠᠷᠠᠭᠤᠯᠤᠨ᠂  ᠠᠷᠠᠳ  ᠲᠦᠮᠡᠨ   ᠤ  ᠠᠮᠤᠷ  ᠠᠮᠤᠭᠤᠯᠠᠩ  ᠠᠮᠢᠳᠤᠷᠠᠯ  ᠦᠢᠯᠡᠰ   ᠢ  ᠪᠠᠲᠤᠯᠠᠬᠤ  ᠬᠡᠷᠡᠭᠲᠡᠢ  ᠃ ᠠᠶᠤᠯᠭᠦᠢ ᠦᠢᠯᠡᠳᠪᠦᠷᠢᠯᠡᠯ   ᠤᠨ  ᠬᠢᠨᠠᠨ ᠬᠠᠮᠢᠶᠠᠷᠤᠯᠲᠠ  ᠪᠣᠯᠣᠨ  ᠬᠠᠤᠯᠢ  ᠬᠡᠷᠡᠭᠵᠢᠭᠦᠯᠬᠦ  ᠬᠦᠴᠦᠯᠡᠴᠡ   ᠶᠢ  ᠶᠡᠬᠡᠰᠬᠡᠵᠦ  ᠂  ᠭᠤᠣᠯᠳᠠᠯᠭᠠᠲᠠᠢ  ᠠᠵᠢᠯ  ᠲᠥᠷᠥᠯ   ᠤᠨ ᠠᠶᠤᠯᠭᠦᠢ ᠦᠢᠯᠡᠳᠪᠦᠷᠢᠯᠡᠯ   ᠢ  ᠰᠠᠶᠢᠲᠤᠷ  ᠠᠳᠬᠤᠨ  ᠂  ᠣᠨᠴᠠ  ᠶᠡᠭᠡ  ᠠᠳᠡᠯ  ᠭᠠᠷᠬᠤ   ᠶᠢ  ᠬᠤᠷᠢᠭᠯᠠᠨ᠎ᠠ  ᠃  ᠨᠡᠶᠢᠭᠡᠮ   ᠤᠨ  ᠤᠷᠢᠳᠴᠢᠯᠠᠨ  ᠰᠡᠷᠡᠮᠵᠢᠯᠡᠭᠦᠯᠬᠦ᠂  ᠭᠡᠨᠡᠳᠲᠡ   ᠶᠢᠨ  ᠴᠢᠨᠠᠷᠲᠠᠢ  ᠬᠡᠷᠡᠭ   ᠢ  ᠲᠤᠯᠵᠤ  ᠠᠷᠭᠠᠴᠠᠬᠤ  ᠨᠡᠶᠢᠭᠡᠮ   ᠤᠨ  ᠳᠠᠶᠢᠴᠢᠯᠠᠯ   ᠤᠨ  ᠲᠣᠭᠲᠠᠴᠠ   ᠶᠢ  ᠪᠠᠶᠢᠭᠤᠯᠤᠨ  ᠪᠦᠷᠢᠨᠰᠢᠭᠦᠯᠵᠦ  ᠂  ᠨᠡᠶᠢᠭᠡᠮ  ᠨᠡᠶᠢᠲᠡ   ᠶᠢᠨ  ᠠᠮᠤᠷ  ᠲᠦᠪᠰᠢᠨ   ᠢ  ᠪᠠᠲᠤᠯᠠᠬᠤ  ᠪᠠ  ᠭᠡᠨᠡᠳᠲᠡ   ᠶᠢᠨ  ᠴᠢᠨᠠᠷᠲᠠᠢ  ᠬᠡᠷᠡᠭ   ᠢ  ᠰᠢᠢᠳᠪᠦᠷᠢᠯᠡᠬᠦ  ᠴᠢᠳᠠᠪᠤᠷᠢ   ᠶᠢ  ᠳᠡᠭᠡᠭᠰᠢᠯᠡᠭᠦᠯᠦᠨ᠎ᠡ  ᠃  ᠠᠶᠤᠯᠬᠦᠢ ᠦᠢᠯᠡᠳᠪᠦᠷᠢᠯᠡᠯ   ᠤᠨ  ᠬᠢᠨᠠᠨ  ᠬᠠᠮᠢᠶᠠᠷᠤᠯᠲᠠ   ᠶᠢ  ᠴᠢᠩᠭᠠᠳᠬᠠᠵᠤ  ᠂  ᠡᠯ᠎ᠡ  ᠲᠥᠷᠥᠯ   ᠤᠨ  ᠨᠢᠭᠤᠭᠳᠠᠮᠠᠯ  ᠲᠦᠭᠰᠢᠭᠦᠷᠢ   ᠶᠢ  ᠴᠠᠭ  ᠲᠤᠬᠠᠢ   ᠳᠤᠨᠢ  ᠠᠷᠢᠯᠭᠠᠨ  ᠂  ᠬᠦᠨᠳᠦ  ᠶᠡᠭᠡ  ᠠᠳᠡᠯ  ᠡᠭᠦᠰᠬᠦ   ᠠᠴᠠ  ᠴᠢᠩᠭ᠎ᠠ  ᠰᠡᠷᠭᠡᠶᠢᠯᠡᠨ᠎ᠡ  ᠃ ᠢᠳᠡᠭᠡᠨ  ᠤᠮᠳᠠᠭᠠᠨ  ᠡᠮ   ᠤᠨ  ᠵᠦᠢᠯᠡᠰ   ᠤᠨ  ᠬᠢᠨᠠᠨ  ᠬᠠᠮᠢᠶᠠᠷᠤᠯᠲᠠ   ᠶᠢ  ᠴᠢᠩᠭᠠᠳᠬᠠᠵᠤ  ᠂  ᠠᠷᠠᠳ  ᠲᠦᠮᠡᠨ   ᠤ  ᠡᠷᠡᠭᠦᠯ  ᠡᠩᠬᠡ ᠶᠢ  ᠪᠠᠲᠤᠯᠠᠨ᠎ᠠ᠃  ᠦᠨᠳᠦᠰᠦᠲᠡᠨ  ᠱᠠᠰᠢᠨ ᠰᠤᠷᠲᠠᠬᠤᠨ   ᠤ  ᠠᠵᠢᠯ  ᠂  ᠲᠠᠶᠢᠸᠠᠨ   ᠤ  ᠶᠠᠪᠤᠳᠠᠯ  ᠂  ᠭᠠᠳᠠᠭᠠᠳᠤ  ᠶᠠᠪᠤᠳᠠᠯ  ᠂  ᠬᠠᠷᠢᠶᠠᠲᠤ   ᠶᠢᠨ  ᠠᠵᠢᠯ  ᠂  ᠡᠬᠡ  ᠨᠢᠯᠬᠠᠰ  ᠂  ᠨᠠᠰᠤᠲᠠᠢ  ᠵᠡᠮᠳᠡᠭᠴᠦᠳ   ᠤᠨ  ᠠᠵᠢᠯ  ᠂  ᠳᠠᠩᠰᠠ  ᠡᠪᠬᠡᠮᠡᠯ  ᠂  ᠲᠡᠦᠬᠡ  ᠣᠶᠢᠯᠠᠯᠭ᠎ᠠ   ᠶᠢᠨ  ᠠᠵᠢᠯ  ᠂  ᠡᠯ᠎ᠡ  ᠲᠥᠷᠥᠯ   ᠤᠨ  ᠠᠵᠢᠯ  ᠦᠢᠯᠡᠰ   ᠢ  ᠨᠠᠷᠢᠨ  ᠬᠢᠨᠠᠮᠠᠭᠠᠢ  ᠥᠷᠨᠢᠭᠦᠯᠦᠨ᠎ᠡ  ᠃         ᠭᠤᠷᠪᠠ  ᠂ 2008  ᠣᠨ   ᠤ  ᠠᠵᠢᠯ   ᠤᠨ  ᠪᠠᠶᠢᠷᠢᠯᠠᠭᠤᠯᠤᠯᠲᠠ        2008  ᠣᠨ   ᠳᠤ  ᠪᠢᠳᠠ  ᠨᠠᠮ   ᠤᠨ  ᠠᠷᠪᠠᠨ  ᠳᠣᠯᠣᠳᠤᠭᠠᠷ  ᠶᠡᠭᠡ  ᠬᠤᠷᠠᠯ   ᠤᠨ  ᠵᠣᠷᠢᠭ  ᠰᠠᠨᠠᠭ᠎ᠠ   ᠶᠢ ᠨᠢᠮᠪᠠᠢ  ᠲᠣᠣᠱᠯᠠᠭᠤᠯᠵᠦ  ᠂ ᠦᠵᠡᠯ ᠰᠠᠨᠠᠭ᠎ᠠ   ᠪᠠᠨ  ᠤᠯᠠᠮ  ᠨᠢᠭᠡ  ᠠᠯᠬᠤᠮ  ᠴᠢᠯᠦᠭᠡᠯᠡᠨ  ᠂ᠰᠢᠨ᠎ᠡ   ᠶᠢ  ᠡᠭᠦᠳᠴᠦ  ᠂  ᠬᠥᠭᠵᠢᠯᠲᠡ   ᠪᠠᠨ  ᠲᠦᠷᠭᠡᠳᠬᠡᠨ  ᠂ ᠨᠡᠩ ᠥᠨᠳᠥᠷ  ᠴᠡᠭ  ᠂ ᠨᠡᠩ ᠰᠠᠶᠢᠨ  ᠪᠠᠶᠢᠳᠠᠯ   ᠢ  ᠪᠡᠶᠡᠯᠡᠭᠦᠯᠬᠦ  ᠪᠣᠯᠣᠨ᠎ᠠ  ᠃  ᠭᠤᠣᠯ  ᠪᠣᠯᠬᠤ  ᠤᠷᠢᠳᠴᠢᠯᠠᠭᠰᠠᠨ  ᠬᠠᠷᠠᠯᠲᠠ  ᠪᠣᠯ  ᠄  ᠣᠷᠣᠨ  ᠨᠤᠲᠤᠭ   ᠤᠨ  ᠦᠢᠯᠡᠳᠪᠦᠷᠢᠯᠡᠯ   ᠤᠨ  ᠶᠡᠷᠦᠩᠬᠡᠢ  ᠥᠷᠲᠡᠭ   ᠢ 18.5 ᠳ᠋ᠦᠩᠰᠢᠭᠤᠷ  ᠲᠥᠭᠦᠷᠢᠭ   ᠲᠤ  ᠬᠦᠷᠭᠡᠵᠦ  ᠂ 15.7%   ᠪᠠᠷ  ᠨᠡᠮᠡᠭᠳᠡᠭᠦᠯᠦᠨ  ︔  ᠠᠵᠤ  ᠦᠢᠯᠡᠳᠪᠦᠷᠢ   ᠶᠢᠨ  ᠨᠡᠮᠡᠭᠳᠡᠯ  ᠥᠷᠲᠡᠭ   ᠢ 4.8 ᠳ᠋ᠦᠩᠰᠢᠭᠤᠷ  ᠲᠥᠭᠦᠷᠢᠭ   ᠲᠤ  ᠬᠦᠷᠭᠡᠨ  ᠂ 21.5% ᠪᠠᠷ  ᠨᠡᠮᠡᠭᠳᠡᠭᠦᠯᠵᠦ  ᠂ ᠡᠳ᠋   ᠤᠨ  ᠵᠠᠰᠠᠭ   ᠤᠨ  ᠣᠷᠣᠯᠭ᠎ᠠ 9500  ᠲᠦᠮᠡᠨ  ᠲᠥᠭᠦᠷᠢᠭ   ᠢ  ᠪᠡᠶᠡᠯᠡᠭᠦᠯᠵᠦ᠂ 2007 ᠣᠨ   ᠤ  ᠠᠳᠠᠯᠢ  ᠲᠥᠷᠥᠯᠵᠢᠯ   ᠲᠠᠢ  ᠬᠠᠷᠢᠴᠠᠭᠤᠯᠤᠨ ᠪᠠᠭ᠎ᠠ ᠬᠡᠮᠵᠢᠶ᠎ᠡ ᠪᠠᠷ ᠨᠡᠮᠡᠭᠳᠡᠭᠦᠯᠵᠦ︔  ᠪᠦᠬᠦ  ᠨᠡᠶᠢᠭᠡᠮ ᠤᠨ  ᠲᠣᠭᠲᠠᠮᠠᠯ  ᠬᠥᠷᠥᠩᠭᠡ   ᠶᠢᠨ  ᠪᠡᠯᠡ  ᠣᠷᠤᠭᠤᠯᠤᠯᠲᠠ   ᠶᠢ 11  ᠳ᠋ᠦᠩᠰᠢᠭᠤᠷ  ᠲᠥᠭᠦᠷᠢᠭ   ᠲᠤ  ᠬᠦᠷᠭᠡᠨ  ᠂ 22.2% ᠪᠠᠷ  ᠨᠡᠮᠡᠭᠳᠡᠭᠦᠯᠵᠦ  ︔  ᠬᠤᠲᠠ  ᠪᠠᠯᠭᠠᠰᠤᠨ   ᠤ  ᠰᠠᠭᠤᠭᠠᠯᠢ  ᠠᠷᠠᠳ   ᠤᠨ  ᠬᠥᠮᠥᠨ  ᠳᠤᠮᠳᠠᠴᠢ  ᠲᠣᠬᠢᠷᠠᠭᠤᠯᠵᠤ  ᠪᠣᠯᠬᠤᠶᠢᠴᠠ  ᠣᠷᠣᠯᠭ᠎ᠠ   ᠶᠢ 9200 ᠲᠥᠭᠦᠷᠢᠭ   ᠲᠤ  ᠬᠦᠷᠭᠡᠨ  ᠂ 700 ᠲᠥᠭᠦᠷᠢᠭ  ᠨᠡᠮᠡᠭᠳᠡᠭᠦᠯᠵᠦ︔  ᠲᠠᠷᠢᠶᠠᠴᠢᠨ  ᠮᠠᠯᠴᠢᠨ   ᠤ  ᠬᠥᠮᠥᠨ  ᠳᠤᠮᠳᠠᠴᠢ  ᠴᠡᠪᠡᠷ  ᠣᠷᠣᠯᠭ᠎ᠠ   ᠶᠢ  ᠲᠣᠰᠪᠤᠷᠢ 3700 ᠪᠠ 5000 ᠲᠥᠭᠦᠷᠢᠭ   ᠲᠤ  ᠬᠦᠷᠭᠡᠵᠦ  ᠂ 500 ᠲᠥᠭᠦᠷᠢᠭ  ᠪᠠ 700 ᠲᠥᠭᠦᠷᠢᠭ  ᠨᠡᠮᠡᠭᠳᠡᠭᠦᠯᠦᠨ᠎ᠡ  ᠃           ᠡᠳᠡᠭᠡᠷ   ᠬᠠᠷᠠᠯᠲᠠ   ᠶᠢ  ᠪᠡᠶᠡᠯᠡᠭᠦᠯᠬᠦ   ᠳᠤ  ᠬᠤᠰᠢᠭᠤ  ᠳᠠᠶᠠᠭᠠᠷ  ᠡᠷᠬᠡᠪᠰᠢ  ᠳᠣᠣᠷᠠᠬᠢ   ᠶᠢᠰᠦᠨ  ᠲᠠᠯ᠎ᠠ   ᠶᠢᠨ  ᠠᠵᠢᠯ   ᠢ  ᠭᠤᠣᠯᠳᠠᠯᠭ᠎ᠠ   ᠲᠠᠢ  ᠠᠬᠢᠭᠤᠯᠬᠤ  ᠬᠡᠷᠡᠭᠲᠡᠢ  ᠃         ︵ᠨᠢᠭᠡ︶  ᠠᠮᠢ  ᠠᠬᠤᠢ   ᠶᠢᠨ  ᠬᠠᠮᠠᠭᠠᠯᠠᠯᠲᠠ  ᠪᠠ  ᠪᠠᠶᠢᠭᠤᠯᠤᠯᠲᠠ   ᠶᠢ  ᠴᠢᠩᠭᠠᠳᠬᠠᠨ᠎ᠠ  ᠃  ᠰᠢᠯᠢᠳᠡᠭ  ᠢᠨᠵᠧᠨᠧᠷᠢᠩ   ᠢ  ᠪᠦᠲᠦᠭᠡᠨ  ᠪᠠᠶᠢᠭᠤᠯᠬᠤ  ᠱᠠᠭᠠᠷᠳᠠᠯᠭ᠎ᠠ  ᠶᠣᠰᠣᠭᠠᠷ  ᠂  ᠲᠣᠰ  ᠵᠢᠯ 2000 ᠲᠦᠮᠡᠨ  ᠲᠥᠭᠦᠷᠢᠭ   ᠠᠴᠠ  ᠳᠡᠭᠡᠭᠰᠢᠬᠢ  ᠤᠯᠤᠰ   ᠤᠨ  ᠪᠡᠯᠡ  ᠣᠷᠤᠭᠤᠯᠤᠯᠲᠠ   ᠶᠢᠨ  ᠮᠥᠩᠭᠦ   ᠶᠢ  ᠲᠡᠮᠡᠴᠡᠨ  ᠣᠯᠵᠤ  ᠂  ᠪᠡᠭᠡᠵᠢᠩ  ᠲᠢᠶᠠᠨᠵᠢᠨ   ᠤ  ᠰᠠᠯᠬᠢ  ᠡᠯᠡᠰᠦᠨ   ᠤ  ᠡᠬᠢ   ᠶᠢ  ᠵᠠᠰᠠᠬᠤ  ᠢᠨᠵᠧᠨᠧᠷᠢᠩ 17.2  ᠲᠦᠮᠡᠨ  ᠮᠦ   ᠶᠢ  ᠪᠠᠶᠢᠭᠤᠯᠵᠤ  ᠂  ᠡᠭᠦᠨ   ᠤ  ᠳᠣᠲᠣᠷ᠎ᠠ  ᠣᠶᠢᠵᠢᠭᠤᠯᠬᠤ  ᠲᠠᠯᠠᠪᠠᠢ   ᠶᠢ 8.2  ᠲᠦᠮᠡᠨ  ᠮᠦ  ᠂  ᠪᠢᠲᠡᠭᠦᠮᠵᠢᠯᠡᠵᠦ  ᠰᠡᠷᠭᠦᠭᠡᠬᠦ  ᠲᠠᠯᠠᠪᠠᠢ   ᠶᠢ 6  ᠲᠦᠮᠡᠨ  ᠮᠦ  ᠬᠦᠷᠭᠡᠵᠦ  ᠂  ᠳᠤᠯᠠᠭᠠᠨ  ᠰᠠᠷᠠᠪᠴᠢ 1.6  ᠲᠦᠮᠡᠨ  ᠲᠡᠭᠰᠢ  ᠳᠥᠷᠪᠡᠯᠵᠢᠨ  ᠮᠧᠲᠷ  ᠪᠠᠶᠢᠭᠤᠯᠵᠤ  ᠂  ᠲᠡᠵᠢᠭᠡᠯ  ᠪᠣᠷᠳᠣᠭᠠᠨ   ᠤ  ᠮᠠᠰᠢᠨ  ᠮᠧᠬᠠᠨᠢᠭ 500 ᠰᠠᠭᠤᠷᠢ  ︵ᠢᠵᠢ︶   ᠶᠢ  ᠣᠷᠣᠭᠤᠯᠤᠨ  ᠪᠠᠭ᠎ᠠ  ᠰᠠᠪᠠ  ᠭᠠᠵᠠᠷ   ᠤᠨ  ᠵᠠᠰᠠᠯᠲᠠ   ᠶᠢ 3  ᠲᠦᠮᠡᠨ  ᠮᠦ  ᠬᠦᠷᠭᠡᠨ᠎ᠡ  ᠃  ᠲᠥᠷᠥᠯ  ᠵᠦᠢᠯ ᠤᠨ  ᠣᠷᠣᠨ   ᠤ  ᠬᠠᠮᠢᠶᠠᠷᠤᠯᠲᠠ   ᠶᠢ  ᠪᠦᠬᠦ  ᠲᠠᠯ᠎ᠠ   ᠪᠠᠷ  ᠴᠢᠩᠭᠠᠳᠬᠠᠵᠤ  ᠂ 2008  ᠣᠨ   ᠤ 1  ᠰᠠᠷᠠᠶᠢᠨ 1 ᠠᠴᠠ ᠡᠬᠢᠯᠡᠨ  ᠂  ᠪᠦᠬᠦ  ᠬᠤᠰᠢᠭᠤᠨ   ᠤ  ᠲᠠᠷᠢᠶᠠᠯᠠᠬᠤ  ᠣᠷᠣᠨ   ᠳᠤ  ᠪᠦᠬᠦᠯᠢ  ᠵᠢᠯ   ᠢᠶᠠᠷ  ᠪᠡᠯᠴᠢᠭᠡᠷᠯᠡᠭᠦᠯᠬᠦ   ᠶᠢ  ᠵᠣᠭᠰᠣᠭᠠᠵᠤ  ᠂  ᠭᠦᠨᠪᠤᠯᠠᠭ  ᠰᠤᠮᠤᠨ   ᠳᠤ ᠦᠷᠭᠦᠯᠵᠢᠯᠡᠨ  ᠤᠯᠠᠷᠢᠯ   ᠤᠨ  ᠴᠢᠨᠠᠷᠲᠠᠢ  ᠪᠡᠯᠴᠢᠭᠡᠷ  ᠰᠡᠷᠭᠦᠭᠡᠨ᠎ᠡ  ᠃  ᠠᠮᠢᠳᠤ  ᠪᠣᠳᠠᠰ ᠤᠨ ᠮᠠᠰ ᠡᠨᠧᠷᠭᠢ ᠶᠢᠨ  ᠠᠵᠤ  ᠦᠢᠯᠡᠰ   ᠤᠨ  ᠰᠠᠭᠤᠷᠢᠨ   ᠢ  ᠬᠦᠴᠦᠯᠡᠨ  ᠬᠥᠭᠵᠢᠭᠦᠯᠵᠦ  ᠂  10 ᠲᠦᠮᠡᠨ ᠮᠤ᠋ ᠵᠡᠷᠯᠢᠭ ᠲᠠᠤᠯᠠᠢ  ᠶᠢᠨ ᠪᠦᠭᠡᠷ᠎ᠡ ᠲᠠᠷᠢᠵᠤ᠂ 400  ᠲᠦᠮᠡᠨ ᠰᠠᠭᠤᠷᠢ ᠮᠤᠳᠤᠨ  ᠤ ᠦᠷ᠎ᠡ ᠪᠤᠶᠢᠵᠢᠭᠤᠯᠤᠨ᠂ ᠡᠬᠦᠨ  ᠤ ᠲᠤᠳᠤᠷ᠎ᠠ ᠦᠪᠦᠷ ᠮᠤᠩᠭᠤᠯ  ᠤᠨ ᠵᠧᠩ ᠭᠤᠸᠠᠩ ᠺᠤᠮᠫᠠᠨᠢ 5 ᠲᠦᠮᠡᠨ ᠮᠤ᠋ ᠲᠠᠷᠢᠵᠤ᠂ ᠬᠤᠰᠢᠭᠤᠨ  ᠤ ᠲᠤᠳᠤᠷ᠎ᠠ  ᠪᠠᠨ  ᠴᠢᠨᠠᠷ  ᠦᠭᠡᠢ  ᠣᠢ  ᠮᠣᠳᠣᠨ   ᠤ  ᠥᠭᠡᠷᠡᠴᠢᠯᠡᠯᠲᠡ  ᠪᠣᠯᠣᠨ  ᠲᠠᠷᠢᠶᠠᠯᠠᠬᠤ   ᠶᠢ  ᠵᠣᠭᠰᠣᠭᠠᠨ  ᠣᠶᠢᠵᠢᠭᠤᠯᠬᠤ  ᠲᠠᠯᠠᠪᠠᠢ   ᠳᠤ  ᠨᠥᠬᠦᠪᠦᠷᠢᠯᠡᠨ  ᠲᠠᠷᠢᠬᠤ  ᠵᠢᠴᠢ  ᠣᠢ  ᠮᠣᠳᠣᠨ   ᠤ  ᠲᠥᠷᠥᠯ   ᠢ  ᠰᠢᠨᠡᠴᠢᠯᠡᠬᠦ   ᠲᠠᠢ  ᠤᠶᠠᠯᠳᠤᠭᠤᠯᠤᠨ᠂ 5 ᠲᠦᠮᠡᠨ ᠮᠤ᠋  ᠲᠠᠷᠢᠬᠤ ᠪᠤᠯᠤᠨ᠎ᠠ᠃ ᠠᠮᠢ ᠠᠬᠤᠢ  ᠶᠢᠨ ᠵᠠᠯᠭᠠᠮᠵᠢᠯᠠᠯ ᠠᠵᠤ ᠦᠢᠯᠡᠰ  ᠢ ᠢᠳᠡᠪᠬᠢᠳᠠᠢ ᠲᠦᠯᠬᠢᠨ ᠠᠬᠢᠭᠤᠯᠵᠤ᠂ ᠵᠡᠷᠯᠢᠭ ᠲᠠᠤᠯᠠᠢ  ᠶᠢᠨ ᠪᠦᠭᠡᠷ᠎ᠡ  ᠶᠢᠨ ᠤᠢ  ᠶᠢᠨ ᠪᠦᠰᠡᠨ  ᠳᠤ ᠴᠢᠨᠠᠷ ᠰᠠᠶᠢᠳᠠᠢ ᠲᠡᠵᠢᠭᠡᠯ  ᠡᠪᠡᠰᠦ  3.3  ᠲᠦᠮᠡᠨ  ᠮᠤ᠋  ᠲᠠᠷᠢᠨ᠎ᠠ  ᠃  ︽207︾  ᠱᠤᠭᠤᠮ  ᠤᠨ  ᠦᠭᠡᠷᠡᠴᠢᠯᠡᠯᠳᠡ  ᠪᠤᠯᠤᠨ  ᠦᠨᠳᠦᠷ  ᠬᠤᠷᠳᠤᠴᠠᠳᠤ  ᠵᠠᠰᠠᠮᠠᠯ  ᠵᠠᠮ   ᠤᠨ  ᠪᠠᠶᠢᠭᠤᠯᠤᠯᠳᠠ  ᠵᠢᠴᠢ   ᠪᠤᠤᠴᠠᠩ   ᠪᠠᠯᠭᠠᠰᠤᠨ  ᠤ   ᠰᠢᠨ᠎ᠡ   ᠲᠤᠭᠤᠷᠢᠭ   ᠤᠨ   ᠪᠦᠳᠦᠭᠡᠨ  ᠪᠠᠶᠢᠭᠤᠯᠤᠯᠳᠠ   ᠲᠠᠢ  ᠤᠶᠠᠯᠳᠤᠭᠤᠯᠤᠨ᠂ ᠵᠠᠮ ᠪᠠ ᠲᠤᠭᠤᠷᠢᠭ  ᠤᠨ ᠨᠤᠭᠤᠭᠠᠷᠠᠭᠤᠯᠤᠯᠳᠠ  ᠶᠢ ᠰᠠᠶᠢᠳᠤᠷ ᠬᠢᠨ᠎ᠡ᠃           ︵ᠬᠤᠶᠠᠷ︶ ᠠᠵᠤ ᠦᠢᠯᠡᠰᠵᠢᠭᠰᠡᠨ ᠡᠵᠡᠩᠨᠡᠯᠳᠡ  ᠶᠢ ᠠᠬᠢᠭᠤᠯᠬᠤ ᠬᠡᠷᠡᠭᠳᠡᠢ᠃ ︽ᠭᠤᠷᠪᠠᠨ ᠮᠠᠯᠵᠢᠯ ᠭᠤᠷᠪᠠᠨ ᠲᠠᠷᠢᠶᠠᠯᠠᠯ︾  ᠤᠨ ᠠᠰᠠᠭᠤᠳᠠᠯ  ᠢ ᠰᠢᠢᠳᠪᠦᠷᠢᠯᠡᠬᠦ  ᠶᠢ ᠬᠠᠮᠤᠭ ᠠᠴᠠ ᠴᠢᠬᠤᠯᠨ ᠪᠠᠶᠢᠷᠢᠨ  ᠳᠤ ᠲᠠᠯᠪᠢᠵᠤ ᠂ᠲᠠᠷᠢᠶᠠᠯᠠᠩ ᠮᠠᠯᠵᠢᠯ ‍ᠣᠨ‌ᠠᠵᠦ‌ᠦᠢᠯᠡᠰᠵᠢᠭᠰᠡᠨ ᠡᠵᠡᠩᠨᠡᠯᠳᠡ  ᠶᠢ ᠬᠦᠭᠵᠢᠬᠦᠯᠦᠨ᠂ ᠮᠠᠯ ᠲᠠᠷᠢᠶᠠᠯᠠᠩ  ᠤᠨ ᠠᠵᠤ ᠦᠢᠯᠡᠰ  ᠤᠨ ᠪᠦᠳᠦᠴᠡ ᠪᠤᠯᠤᠨ ᠦᠢᠯᠡᠳᠪᠦᠷᠢᠯᠡᠯ  ᠤᠨ ᠪᠠᠶᠢᠷᠢᠰᠢᠭᠤᠯᠭ᠎ᠠ  ᠶᠢ ᠰᠢᠯᠢᠳᠡᠭᠵᠢᠬᠦᠯᠵᠦ᠂ ᠲᠠᠷᠢᠶᠠᠯᠠᠩ  ᠠᠵᠤ ᠠᠬᠤᠢ  ᠶᠢᠨ ᠠᠵᠤ ᠦᠢᠯᠡᠰᠵᠢᠵᠦ᠂ ᠬᠡᠪᠴᠢᠶᠡᠵᠢᠵᠦ᠂ ᠤᠷᠤᠨᠴᠢᠯᠠᠬᠤ ᠲᠡᠰᠢ ᠬᠦᠭᠵᠢᠬᠦ  ᠶᠢ ᠠᠬᠢᠭᠤᠯᠵᠤ᠂ ᠤᠳᠤ ᠴᠠᠭ  ᠤᠨ ᠮᠠᠯ ᠲᠠᠷᠢᠶᠠᠯᠠᠩ  ᠤᠨ ᠠᠵᠦ ᠦᠢᠯᠡᠰ  ᠤᠨ ᠰᠢᠰᠲ᠋ᠧᠮᠵᠢ  ᠶᠢ ᠪᠤᠶᠢᠵᠢᠭᠤᠯᠤᠨ᠎ᠠ᠃          ᠠᠵᠤ  ᠦᠢᠯᠡᠰ   ᠤᠨ ᠪᠦᠲᠦᠴᠡ   ᠶᠢ  ᠦᠷᠭᠦᠯᠵᠢᠯᠡᠨ  ᠲᠣᠬᠢᠷᠠᠭᠤᠯᠤᠨ  ᠰᠢᠯᠢᠳᠡᠭᠵᠢᠭᠦᠯᠵᠦ  ᠂  ᠣᠨᠴᠠᠯᠢᠭᠲᠤ  ᠠᠵᠤ  ᠦᠢᠯᠡᠰ   ᠤᠨ  ᠦᠢᠯᠡᠳᠪᠦᠷᠢᠯᠡᠯ   ᠤᠨ  ᠬᠡᠪᠴᠢᠶ᠎ᠡ   ᠶᠢ  ᠥᠷᠭᠡᠳᠬᠡᠨ  ᠂  ᠭᠠᠵᠠᠷ  ᠣᠷᠣᠨ   ᠲᠤᠨᠢ  ᠲᠣᠬᠢᠷᠠᠭᠤᠯᠵᠤ  ᠂  ᠬᠡᠮᠵᠢᠶᠡᠨ   ᠳᠡᠭᠡᠨ  ᠵᠣᠬᠢᠷᠠᠭᠰᠠᠨ  ᠡᠵᠡᠩᠨᠡᠯᠲᠡ   ᠶᠢ  ᠬᠥᠭᠵᠢᠭᠦᠯᠦᠨ  ᠂  ᠲᠤᠰᠬᠠᠶᠢᠵᠢᠭᠰᠠᠨ  ᠬᠡᠮᠵᠢᠶ᠎ᠡ   ᠶᠢ  ᠳᠡᠭᠡᠭᠰᠢᠯᠡᠭᠦᠯᠦᠨ᠎ᠡ  ᠃ 2008  ᠣᠨ   ᠳᠤ  ᠲᠠᠷᠢᠮᠠᠯ   ᠤᠨ  ᠶᠡᠷᠦᠩᠬᠡᠢ  ᠲᠠᠯᠠᠪᠠᠢ   ᠶᠢ 95  ᠲᠦᠮᠡᠨ  ᠮᠦ   ᠳᠤ  ᠬᠦᠷᠭᠡᠵᠦ  ᠂  ᠡᠭᠦᠨ   ᠤ  ᠳᠣᠲᠣᠷ᠎ᠠ  ᠢᠳᠡᠰᠢᠨ  ᠨᠣᠭᠤᠭ᠎ᠠ  ᠂  ᠭᠤᠸᠠ  ᠵᠢᠮᠢᠰ 15.5 ᠲᠦᠮᠡᠨ  ᠮᠦ  ᠂  ᠲᠥᠮᠥᠰᠥ 20  ᠲᠦᠮᠡᠨ  ᠮᠦ  ᠂  ᠲᠣᠰᠣᠯᠢᠭ  ᠲᠠᠷᠢᠮᠠᠯ 12  ᠲᠦᠮᠡᠨ  ᠮᠦ  ᠂  ᠥᠨᠳᠥᠷ  ᠤᠨᠠᠯᠲᠠᠲᠤ  ᠲᠡᠵᠢᠭᠡᠯ  ᠪᠣᠷᠳᠤᠭ᠎ᠠ 12.5 ᠲᠦᠮᠡᠨ  ᠮᠦ᠂ ᠠᠮᠤ  ᠪᠤᠷᠴᠠᠭ 35  ᠲᠦᠮᠡᠨ  ᠮᠦ  ᠲᠠᠷᠢᠨ᠎ᠠ  ᠃  ᠢᠳᠡᠰᠢᠨ  ᠨᠣᠭᠤᠭᠠᠨ   ᠤ  ᠰᠢᠯᠵᠢᠮᠡᠯ  ᠲᠣᠮᠣ  ᠬᠦᠯᠡᠮᠵᠢ 3000  ᠰᠠᠭᠤᠷᠢ  ᠂ 1500 ᠮᠦ   ᠶᠢ  ᠰᠢᠨ᠎ᠡ   ᠪᠠᠷ  ᠪᠠᠶᠢᠭᠤᠯᠵᠤ  ᠂  ᠥᠨᠳᠥᠷ  ᠪᠠᠷᠢᠮᠵᠢᠶᠠᠲᠤ  ᠂  ᠥᠨᠳᠥᠷ  ᠡᠬᠢᠯᠡᠯᠲᠡ   ᠶᠢᠨ  ᠴᠡᠭ   ᠢᠶᠠᠷ  ᠪᠤᠤᠴᠠᠩ  ᠪᠠᠯᠭᠠᠰᠤᠨ   ᠳᠤ  ᠢᠳᠡᠰᠢᠨ  ᠨᠣᠭᠤᠭ᠎ᠠ  ᠂  ᠭᠤᠸᠠ  ᠵᠢᠮᠢᠰ  ᠂ ᠴᠡᠴᠡᠭ ᠡᠪᠡᠰᠦ ᠲᠠᠷᠢᠬᠤ  ᠪᠠ  ᠨᠠᠮᠤᠭ   ᠤᠨ  ᠬᠡᠢ  ᠂  ᠲᠠᠷᠢᠶᠠᠯᠠᠩ ᠤᠨ ᠦᠵᠡᠮᠵᠢ ᠶᠢ ᠤᠶᠠᠯᠳᠤᠭᠤᠯᠤᠭᠰᠠᠨ  ᠂  ᠣᠳᠣᠬᠢᠴᠢᠯᠠᠭᠰᠠᠨ  ᠲᠥᠬᠦᠭᠡᠷᠡᠮᠵᠢᠲᠦ  ᠲᠠᠷᠢᠶᠠᠯᠠᠩ   ᠤᠨ  ᠵᠢᠱᠢᠶ᠎ᠡ  ᠦᠵᠡᠭᠦᠯᠬᠦ  ᠰᠠᠭᠤᠷᠢᠨ 2000 ᠮᠦ  ᠲᠠᠯᠠᠪᠠᠢ   ᠶᠢ  ᠪᠠᠶᠢᠭᠤᠯᠬᠤ   ᠪᠠᠷ  ᠲᠥᠯᠥᠪᠯᠡᠵᠦ  ᠂  ᠳᠠᠷᠠᠭ᠎ᠠ  ᠵᠢᠯ   ᠳᠤ 600  ᠮᠦ   ᠶᠢ  ᠪᠠᠶᠢᠭᠤᠯᠤᠨ᠎ᠠ  ᠃  ᠵᠦᠩ  ᠰᠢᠶᠠᠨ  ᠺᠣᠮᠫᠠᠨᠢ   ᠶᠢ  ᠳᠡᠮᠵᠢᠵᠦ  ᠂ ᠲᠠᠶᠢᠹᠤᠰᠧ  ᠬᠤᠰᠢᠭᠤᠨ   ᠤ  ᠡᠶ᠎ᠡ  ᠵᠣᠬᠢᠴᠠᠯᠲᠦ  ᠠᠮᠢ  ᠠᠬᠤᠢ   ᠶᠢᠨ  ᠠᠵᠤ  ᠦᠢᠯᠡᠰ   ᠤᠨ  ᠣᠷᠣᠨ   ᠤ  ᠦᠢᠯᠡᠳᠪᠦᠷᠢᠯᠡᠯ   ᠤᠨ  ᠲᠣᠭᠤᠷᠢᠭ   ᠤᠨ  ᠭᠡᠷᠡᠯᠯᠢᠭ  ᠳᠤᠯᠠᠭᠠᠨ  ᠲᠠᠰᠤᠭ  ᠂  ᠢᠳᠡᠰᠢᠨ  ᠨᠣᠭᠤᠭ᠎ᠠ  ᠲᠠᠷᠢᠬᠤ  ᠰᠠᠭᠤᠷᠢᠨ  ᠂  ᠬᠠᠰᠢᠶᠠᠯᠠᠨ  ᠮᠠᠯᠵᠢᠬᠤ  ᠦᠬᠡᠷ   ᠤᠨ  ᠫᠧᠩ  ᠵᠡᠷᠭᠡ   ᠶᠢ  ᠪᠠᠶᠢᠭᠤᠯᠤᠨ᠎ᠠ  ᠃︽ᠨᠢᠭᠡ  ᠵᠣᠭᠤᠷᠢ   ᠶᠢᠨ ᠭᠤᠷᠪᠠᠨ  ᠥᠭᠡᠷᠡᠴᠢᠯᠡᠯ︾  ᠂  ︽ᠳᠥᠷᠪᠡ   ᠶᠢ  ᠨᠢᠭᠡ  ᠴᠣᠬᠴᠠᠵᠢᠭᠤᠯᠤᠬᠰᠠᠨ︾  ᠨᠠᠮᠤᠭ   ᠤᠨ  ᠬᠡᠢ   ᠶᠢᠨ  ᠰᠢᠨ᠎ᠡ  ᠡᠨᠧᠷᠭᠢ   ᠶᠢ 1000 ᠡᠷᠦᠭᠡ   ᠳᠤ  ᠪᠠᠶᠢᠭᠤᠯᠤᠨ᠎ᠠ  ᠃  ᠲᠠᠷᠢᠶᠠᠨ  ᠭᠠᠵᠠᠷ  ᠂  ᠡᠪᠡᠰᠦ  ᠪᠡᠯᠴᠢᠭᠡᠷ   ᠤᠨ ᠤᠰᠤ   ᠪᠠᠷ  ᠭᠤᠣᠯᠯᠠᠭᠰᠠᠨ ᠦᠨᠳᠦᠰᠦᠨ  ᠪᠦᠲᠦᠭᠡᠨ  ᠪᠠᠶᠢᠭᠤᠯᠤᠯᠲᠠ   ᠶᠢ  ᠲᠦᠷᠭᠡᠳᠬᠡᠨ᠎ᠡ  ᠃  ᠲᠤᠰᠬᠠᠢ  ᠬᠡᠷᠡᠭᠯᠡᠬᠦ  ᠲᠥᠮᠥᠰᠥᠨ   ᠤ  ᠰᠠᠭᠤᠷᠢᠨ  ᠪᠣᠯᠣᠨ  ᠬᠠᠮᠠᠭᠠᠯᠠᠯᠲᠠ   ᠶᠢᠨ  ᠲᠠᠷᠢᠶᠠᠨ   ᠤ  ᠢᠳᠡᠰᠢᠨ  ᠨᠣᠭᠤᠭᠠᠨ   ᠤ  ᠰᠠᠭᠤᠷᠢᠨ   ᠢ  ᠲᠣᠪᠣᠶᠢᠯᠭᠠᠨ  ᠬᠥᠭᠵᠢᠭᠦᠯᠦᠨ᠎ᠡ  ᠃  ᠤᠰᠤᠯᠠᠯᠲᠠ   ᠶᠢᠨ  ᠲᠠᠯᠠᠪᠠᠢ 3.5  ᠲᠦᠮᠡᠨ  ᠮᠦ  ᠰᠢᠨ᠎ᠡ   ᠪᠠᠷ  ᠨᠡᠮᠡᠭᠳᠡᠭᠦᠯᠵᠦ  ᠂  ᠡᠭᠦᠨ   ᠤ  ᠳᠣᠲᠣᠷ᠎ᠠ  ᠲᠤᠰᠬᠠᠢ  ᠬᠡᠷᠡᠭᠯᠡᠬᠦ  ᠲᠥᠮᠥᠰᠥᠨ   ᠤ  ᠲᠣᠮᠣ  ᠬᠡᠯᠪᠡᠷᠢ   ᠶᠢᠨ  ᠠᠷᠪᠢᠴᠢ  ᠤᠰᠤᠯᠠᠯᠲᠠ   ᠶᠢᠨ  ᠣᠷᠣᠨ  ᠲᠣᠭᠤᠷᠢᠭ 41  ᠰᠠᠭᠤᠷᠢ  ᠂ 2.5  ᠲᠦᠮᠡᠨ  ᠮᠦ  ᠪᠠᠶᠢᠭᠤᠯᠵᠤ  ᠂  ᠳᠤᠮᠳᠠ ᠵᠢᠵᠢᠭ  ᠬᠡᠯᠪᠡᠷᠢ ᠶᠢᠨ  ᠣᠷᠣᠨ  ᠲᠣᠭᠤᠷᠢᠭ 1  ᠲᠦᠮᠡᠨ  ᠮᠦ  ᠪᠠᠶᠢᠭᠤᠯᠬᠤ  ᠪᠣᠯᠣᠨ᠎ᠠ  ᠃ ᠮᠠᠯ  ᠰᠦᠷᠦᠭ   ᠤᠨ  ᠪᠦᠷᠢᠯᠳᠦᠴᠡ   ᠶᠢ  ᠲᠣᠬᠢᠷᠠᠭᠤᠯᠬᠤ  ᠬᠦᠴᠦᠯᠡᠴᠡ   ᠶᠢ  ᠶᠡᠬᠡᠰᠬᠡᠨ  ᠂  ᠰᠠᠭᠠᠯᠢ   ᠶᠢᠨ  ᠦᠨᠢᠶ᠎ᠡ  ᠂  ᠶᠠᠰᠤ  ᠴᠢᠨᠠᠷ  ᠰᠠᠶᠢᠲᠠᠢ  ᠠᠯᠠᠰᠢᠨ   ᠤ  ᠦᠬᠡᠷ  ᠮᠠᠯᠵᠢᠬᠤ   ᠶᠢ  ᠵᠣᠷᠢᠭᠵᠢᠭᠤᠯᠤᠨ  ᠳᠡᠮᠵᠢᠵᠦ  ᠂  ᠰᠠᠶᠢᠨ  ᠡᠭᠦᠯᠳᠡᠷ   ᠤᠨ  ᠰᠠᠭᠤᠷᠢ  ᠡᠬᠡ  ᠮᠠᠯ   ᠢᠶᠠᠨ  ᠬᠠᠮᠠᠭᠠᠯᠠᠬᠤ   ᠶᠢᠨ  ᠳᠠᠭᠠᠤ  ᠪᠠᠰᠠ  ᠭᠠᠳᠠᠨ᠎ᠠ   ᠠᠴᠠ  ᠣᠷᠣᠭᠤᠯᠵᠤ  ᠂  ᠡᠭᠦᠯᠳᠡᠷ  ᠰᠠᠶᠢᠵᠢᠷᠠᠭᠤᠯᠬᠤ   ᠪᠠᠷ  ᠳᠠᠮᠵᠢᠨ  ᠂  ᠠᠯᠠᠰᠢᠨ   ᠤ  ᠦᠬᠡᠷ   ᠢ 2.3ᠲᠦᠮᠡᠨ  ᠲᠣᠯᠣᠭᠠᠢ  ᠂  ᠰᠠᠭᠠᠯᠢ   ᠶᠢᠨ  ᠦᠨᠢᠶ᠎ᠡ   ᠶᠢ 3.5ᠲᠦᠮᠡᠨ ᠲᠣᠯᠣᠭᠠᠢ   ᠳᠤ  ᠬᠦᠷᠭᠡᠨ᠎ᠡ  ᠃ ︽ᠭᠤᠷᠪᠠᠨ  ᠵᠢᠵᠢᠭ  ᠮᠠᠯᠵᠢᠯ︾ ᠢ  ᠬᠠᠪᠰᠤᠷᠤᠨ  ᠬᠥᠭᠵᠢᠭᠦᠯᠵᠦ  ᠂  ᠠᠵᠤ  ᠦᠢᠯᠡᠰᠵᠢᠭᠰᠡᠨ  ᠡᠵᠡᠩᠨᠡᠯᠲᠡ   ᠶᠢ  ᠠᠬᠢᠭᠤᠯᠵᠤ  ᠂  ᠲᠣᠭᠲᠠᠴᠠ   ᠶᠢ  ᠠᠯᠬᠤᠮ  ᠠᠯᠬᠤᠮ   ᠢᠶᠠᠷ  ᠪᠦᠷᠢᠨᠰᠢᠭᠦᠯᠦᠨ  ᠂  ᠵᠠᠬᠢᠶᠠᠯᠠᠯᠭ᠎ᠠ   ᠶᠢᠨ  ᠮᠠᠯ  ᠲᠠᠷᠢᠶᠠᠯᠠᠩ   ᠢ  ᠬᠥᠭᠵᠢᠭᠦᠯᠵᠦ  ᠂  ᠠᠵᠤ  ᠠᠬᠤᠶᠢᠯᠠᠯ  ᠪᠣᠯᠣᠨ  ᠮᠠᠯᠴᠢᠨ  ᠲᠠᠷᠢᠶᠠᠴᠢᠨ  ᠡᠷᠦᠭᠡ   ᠶᠢᠨ ᠠᠰᠢᠭ  ᠲᠤᠰᠠ   ᠶᠢᠨ  ᠬᠠᠷᠢᠴᠠᠭ᠎ᠠ   ᠶᠢ  ᠨᠢᠭᠲᠠᠷᠠᠭᠤᠯᠤᠨ᠎ᠠ  ᠃  ᠵᠠᠰᠠᠭ   ᠤᠨ  ᠣᠷᠳᠣᠨ   ᠤ  ᠵᠢᠯᠣᠭᠤᠳᠤᠯᠭ᠎ᠠ  ᠂  ᠵᠠᠬ᠎ᠠ  ᠳᠡᠯᠭᠡᠭᠦᠷ   ᠤᠨ  ᠵᠢᠮ᠎ᠡ  ᠶᠣᠰᠣ   ᠶᠢ  ᠪᠠᠷᠢᠮᠲᠠᠯᠠᠵᠤ  ᠂  ᠬᠥᠳᠡᠭᠡ  ᠲᠣᠰᠬᠤᠨ  ᠮᠠᠯᠵᠢᠬᠤ  ᠣᠷᠣᠨ   ᠤ  ᠲᠤᠰᠬᠠᠶᠢᠵᠢᠭᠰᠠᠨ  ᠬᠤᠷᠰᠢᠯ  ᠠᠵᠤ  ᠠᠬᠤᠢ   ᠶᠢᠨ  ᠵᠣᠬᠢᠶᠠᠨ  ᠪᠠᠶᠢᠭᠤᠯᠤᠯᠲᠠ   ᠶᠢ  ᠲᠡᠳᠬᠦᠨ  ᠂  ᠡᠷᠡᠭᠦᠯ   ᠢᠶᠠᠷ  ᠬᠥᠭᠵᠢᠭᠦᠯᠵᠦ  ᠂  ᠮᠠᠯᠴᠢᠨ  ᠲᠠᠷᠢᠶᠠᠴᠢᠨ   ᠤ  ᠵᠣᠬᠢᠶᠠᠨ  ᠪᠠᠶᠢᠭᠤᠯᠵᠢᠬᠰᠠᠨ  ᠬᠡᠮᠵᠢᠶ᠎ᠡ   ᠶᠢ  ᠳᠡᠭᠡᠭᠰᠢᠯᠡᠭᠦᠯᠦᠨ᠎ᠡ  ᠃ ᠣᠳᠣ  ᠴᠠᠭ   ᠤᠨ  ᠲᠠᠷᠢᠶᠠᠯᠠᠩ  ᠮᠠᠯᠵᠢᠯ   ᠤᠨ  ᠲᠣᠨᠣᠭᠯᠠᠯ   ᠤᠨ  ᠬᠢᠷᠢ  ᠲᠦᠪᠰᠢᠨ   ᠢ  ᠳᠡᠭᠡᠭᠰᠢᠯᠡᠭᠦᠯᠦᠨ  ᠂  ᠲᠠᠷᠢᠶᠠᠨ ᠭᠠᠵᠠᠷ   ᠲᠤ ᠠᠵᠢᠯᠯᠠᠬᠤ  ᠶᠡᠷᠦᠩᠬᠡᠶᠢᠯᠡᠭᠰᠡᠨ  ᠮᠠᠰᠢᠨ  ᠮᠧᠬᠠᠨᠢᠬᠵᠢᠯ   ᠤᠨ ᠬᠡᠮᠵᠢᠶ᠎ᠡ   ᠶᠢ 85%   ᠳᠤ  ᠬᠦᠷᠭᠡᠨ᠎ᠡ  ᠃          ᠮᠠᠯ  ᠲᠠᠷᠢᠶᠠᠯᠠᠩ   ᠤᠨ  ᠪᠦᠲᠦᠭᠡᠭᠳᠡᠬᠦᠨ   ᠤ  ᠶᠠᠰᠤ  ᠴᠢᠨᠠᠷ  ᠂  ᠠᠮᠤᠷ  ᠲᠦᠪᠰᠢᠨ   ᠤ  ᠪᠠᠷᠢᠮᠵᠢᠶᠠᠨ   ᠤ  ᠰᠢᠰᠲ᠋ᠧᠮᠵᠢ   ᠶᠢ  ᠪᠠᠶᠢᠭᠤᠯᠤᠨ  ᠪᠦᠷᠢᠨᠰᠢᠭᠦᠯᠵᠦ  ᠂  ᠲᠠᠷᠢᠶᠠᠯᠠᠩ  ᠮᠠᠯ  ᠠᠵᠤ  ᠠᠬᠤᠢ   ᠶᠢᠨ  ᠪᠠᠷᠢᠮᠵᠢᠶᠠᠵᠢᠭᠰᠠᠨ  ᠦᠢᠯᠡᠳᠪᠦᠷᠢᠯᠡᠯ   ᠢ  ᠠᠬᠢᠭᠤᠯᠤᠨ  ᠂  ᠪᠦᠲᠦᠭᠡᠭᠳᠡᠬᠦᠨ   ᠤ  ᠶᠠᠰᠤ  ᠴᠢᠨᠠᠷ   ᠢ  ᠳᠡᠭᠡᠭᠰᠢᠯᠡᠭᠦᠯᠦᠨ᠎ᠡ  ᠃  ᠪᠦᠬᠦ  ᠬᠤᠰᠢᠭᠤᠨ   ᠳᠤ  ᠂  ᠬᠥᠷᠥᠰᠥ   ᠶᠢ  ᠬᠡᠮᠵᠢᠵᠦ  ᠪᠣᠷᠳᠣᠭᠤᠷ  ᠨᠠᠶᠢᠷᠠᠭᠤᠯᠬᠤ  ᠢᠨᠵᠧᠨᠧᠷᠢᠩ   ᠢ  ᠳᠡᠯᠭᠡᠷᠡᠭᠦᠯᠵᠦ  ᠂  ᠨᠡᠶᠢᠲᠡ   ᠶᠢᠨ  ᠬᠤᠣᠷᠳᠠᠯ  ᠦᠭᠡᠢ  ᠰᠠᠭᠤᠷᠢᠨ  ᠭᠠᠵᠠᠷ  ᠂   ᠪᠣᠬᠢᠷᠲᠤᠯ  ᠦᠭᠡᠢ  ᠂ ᠣᠷᠭᠠᠨᠢᠭ  ᠢᠳᠡᠭᠡᠨ   ᠤ  ᠰᠠᠭᠤᠷᠢᠨ   ᠤ  ᠰᠢᠯᠭᠠᠨ  ᠭᠡᠷᠡᠴᠢᠯᠡᠬᠦ  ᠠᠵᠢᠯ   ᠢ  ᠤᠯᠠᠮ  ᠨᠢᠭᠡ  ᠠᠯᠬᠤᠮ  ᠲᠦᠷᠭᠡᠳᠬᠡᠨ  ᠂  ᠨᠡᠶᠢᠲᠡ   ᠶᠢᠨ  ᠬᠤᠣᠷᠳᠠᠯ  ᠦᠭᠡᠢ  ᠰᠠᠭᠤᠷᠢᠨ  ᠭᠠᠵᠠᠷ ᠢᠶᠠᠷ  ᠭᠡᠷᠡᠴᠢᠯᠡᠭᠳᠡᠬᠦ  ᠲᠠᠯᠠᠪᠠᠢ   ᠶᠢ 20 ᠲᠦᠮᠡᠨ  ᠮᠦ ᠰᠢᠨ᠎ᠡ   ᠪᠠᠷ  ᠨᠡᠮᠡᠭᠳᠡᠭᠦᠯᠵᠦ  ᠂  ᠭᠡᠷᠡᠴᠢᠯᠡᠭᠳᠡᠬᠦ  ᠲᠥᠷᠥᠯ  ᠵᠦᠢᠯ   ᠳᠤ  ᠴᠤᠭᠤᠷ  ᠨᠣᠭᠤᠭ᠎ᠠ  ᠂  ᠲᠥᠮᠥᠰᠥ  ᠂  ᠴᠠᠭᠠᠨ  ᠨᠣᠭᠤᠭ᠎ᠠ  ᠂  ᠪᠥᠭᠡᠷᠡᠩᠬᠡᠢ  ᠴᠠᠭᠠᠨ  ᠨᠣᠭᠤᠭ᠎ᠠ  ᠂  ᠪᠤᠭᠤᠳᠠᠢ  ᠂  ᠶᠢᠤᠮᠠᠢ  ᠂  ᠲᠣᠰᠣᠯᠢᠭ  ᠲᠠᠷᠢᠮᠠᠯ   ᠢ  ᠪᠠᠭᠲᠠᠭᠠᠨ᠎ᠠ  ᠃  ᠣᠷᠭᠠᠨᠢᠭ  ᠲᠠᠬᠢᠶᠠᠨ  ᠥᠨᠳᠡᠭᠡ  ᠪᠣᠯᠣᠨ  ᠣᠷᠭᠠᠨᠢᠭ  ᠰᠦ   ᠳᠤ ᠭᠡᠷᠡᠴᠢ ᠣᠯᠭᠤᠬᠤ ᠶᠢ  ᠪᠡᠶᠡᠯᠡᠭᠦᠯᠵᠦ  ᠂  ᠭᠠᠷᠤᠯᠲᠠ   ᠶᠢ  ᠲᠣᠰᠪᠤᠷᠢ 360 ᠲᠣᠨ  ᠪᠠ 1500 ᠲᠣᠨ   ᠳᠤ  ᠬᠦᠷᠭᠡᠨ᠎ᠡ  ᠃  ᠠᠮᠢᠲᠠᠨ   ᠤ  ᠬᠢᠵᠢᠭ  ᠭᠡᠮ   ᠢ  ᠰᠡᠷᠭᠡᠶᠢᠯᠡᠨ  ᠡᠵᠡᠮᠰᠢᠬᠦ  ᠦᠢᠯᠡᠴᠢᠯᠡᠭᠡᠨ   ᠤ  ᠰᠢᠰᠲ᠋ᠧᠮᠵᠢ   ᠶᠢ  ᠦᠷᠭᠦᠯᠵᠢᠯᠡᠨ  ᠪᠦᠷᠢᠨᠰᠢᠭᠦᠯᠵᠦ  ᠂  ᠡᠯ᠎ᠡ  ᠲᠥᠷᠥᠯ   ᠤᠨ  ᠬᠢᠵᠢᠭ  ᠦᠭᠡᠶᠢᠰᠬᠡᠬᠦ  ᠨᠢᠭᠲᠠᠴᠠ   ᠶᠢ 100%  ᠳᠤ  ᠪᠠᠲᠤᠯᠠᠨ᠎ᠠ  ᠃         ︵ᠭᠤᠷᠪᠠ︶  ᠠᠵᠤ  ᠦᠢᠯᠡᠳᠪᠦᠷᠢ   ᠶᠢᠨ  ᠠᠵᠤ  ᠠᠬᠤᠢ   ᠶᠢᠨ  ᠶᠠᠰᠤ  ᠴᠢᠨᠠᠷ  ᠪᠠ  ᠦᠷ᠎ᠡ  ᠠᠰᠢᠭ   ᠢ  ᠳᠡᠭᠡᠭᠰᠢᠯᠡᠭᠦᠯᠬᠦ  ᠬᠡᠷᠡᠭᠲᠡᠢ  ᠃  ᠣᠳᠣ  ᠪᠠᠶᠢᠭ᠎ᠠ  ᠬᠡᠪᠴᠢᠶᠡᠵᠢᠭᠰᠡᠨ  ᠠᠵᠤ  ᠠᠬᠤᠶᠢᠯᠠᠯ   ᠤᠨ  ᠲᠡᠰ  ᠳᠡᠪᠰᠢᠭᠦᠯᠬᠦ  ᠥᠭᠡᠷᠡᠴᠢᠯᠡᠯᠲᠡ   ᠶᠢ  ᠰᠠᠶᠢᠨ  ᠬᠢᠵᠦ  ᠂  ᠦᠢᠯᠡᠳᠪᠦᠷᠢᠯᠡᠯ   ᠢᠶᠠᠨ  ᠪᠡᠶᠡᠯᠡᠭᠦᠯᠵᠦ  ᠂  ᠦᠷ᠎ᠡ  ᠠᠰᠢᠭ   ᠢᠶᠠᠨ  ᠪᠡᠶᠡᠯᠡᠭᠦᠯᠬᠦ   ᠶᠢ  ᠪᠠᠲᠤᠯᠠᠨ᠎ᠠ  ᠃  ︽ᠲᠠᠯ᠎ᠠ  ᠨᠤᠲᠤᠭ︾  ᠠᠷᠢᠬᠢᠨ  ᠺᠣᠮᠫᠠᠨᠢ   ᠨᠢ  ᠬᠤᠶᠠᠳᠤᠭᠠᠷ  ᠦᠢᠯᠡᠳᠪᠦᠷᠢᠯᠡᠯ   ᠤᠨ  ᠲᠠᠰᠤᠭ   ᠤᠨ  ᠳᠠᠭᠠᠯᠳᠤᠯ  ᠮᠠᠲ᠋ᠧᠷᠢᠶᠠᠯ   ᠤᠨ  ᠬᠥᠮᠥᠷᠭᠡ   ᠶᠢ  ᠵᠠᠯᠭᠠᠵᠤ  ᠪᠠᠶᠢᠭᠤᠯᠤᠨ  ᠂ 1.3  ᠲᠦᠮᠡᠨ  ᠲᠣᠨ  ᠬᠠᠷ᠎ᠠ  ᠠᠷᠢᠬᠢ  ᠦᠢᠯᠡᠳᠪᠦᠷᠢᠯᠡᠵᠦ  ᠂  ᠦᠢᠯᠡᠳᠪᠦᠷᠢᠯᠡᠯ   ᠤᠨ  ᠥᠷᠲᠡᠭ   ᠢᠶᠠᠨ 1.2 ᠳ᠋ᠦᠩᠰᠢᠭᠤᠷ  ᠲᠥᠭᠦᠷᠢᠭ   ᠲᠤ  ᠬᠦᠷᠭᠡᠨ︔  ︽ᠬᠤᠸᠠ  ᠡᠯ︾  ᠽᠧᠮᠧᠨ᠋ᠲ   ᠶᠢᠨ  ᠺᠣᠮᠫᠠᠨᠢ 18  ᠲᠦᠮᠡᠨ  ᠲᠣᠨ  ᠦᠢᠯᠡᠳᠪᠦᠷᠢᠯᠡᠵᠦ  ᠂  ᠥᠷᠲᠡᠭ   ᠢᠶᠠᠨ 5000 ᠲᠦᠮᠡᠨ  ᠲᠥᠭᠦᠷᠢᠭ  ᠬᠦᠷᠭᠡᠵᠦ  ︔  ︽ᠬᠤᠩ  ᠶᠧ︾  ᠠᠭᠤᠷᠬᠠᠢ   ᠶᠢᠨ  ᠦᠢᠯᠡᠰ 500 ᠲᠣᠨ   ᠤ  ᠦᠢᠯᠡᠳᠪᠦᠷᠢ   ᠪᠠᠨ  ᠲᠡᠭᠦᠯᠳᠡᠷᠵᠢᠭᠦᠯᠦᠨ᠂ 1000  ᠲᠣᠨ  ᠴᠠᠬᠢᠭᠤᠷ  ᠴᠢᠯᠠᠭᠤ  ᠰᠣᠩᠭᠤᠨ  ᠦᠢᠯᠡᠳᠪᠦᠷᠢᠯᠡᠵᠦ  ᠂ ᠥᠷᠲᠡᠭ ᠢᠶᠠᠨ 3000 ᠲᠦᠮᠡᠨ  ᠲᠥᠭᠦᠷᠢᠭ   ᠠᠴᠠ  ᠳᠠᠪᠠᠭᠤᠯᠤᠨ  ︔  ︽ᠴᠠᠩ  ᠵᠢᠶᠠᠩ︾  ᠠᠭᠤᠷᠬᠠᠢ   ᠶᠢᠨ  ᠦᠢᠯᠡᠰ   ᠨᠢ 1.5 ᠲᠦᠮᠡᠨ  ᠲᠣᠨ  ᠴᠠᠬᠢᠭᠤᠷ  ᠲᠡᠮᠦᠷ  ᠦᠢᠯᠡᠳᠪᠦᠷᠢᠯᠡᠵᠦ  ᠂ 7200 ᠲᠦᠮᠡᠨ  ᠲᠥᠭᠦᠷᠢᠭ   ᠤᠨ  ᠥᠷᠲᠡᠭ  ᠪᠡᠶᠡᠯᠡᠭᠦᠯᠵᠦ  ︔  ︽ᠰᠢᠨ  ᠶᠤᠸᠠᠨ︾  ᠺᠣᠮᠫᠠᠨᠢ  ᠵᠢᠯ   ᠳᠤ 20 ᠲᠦᠮᠡᠨ  ᠲᠡᠭᠰᠢ  ᠳᠥᠷᠪᠡᠯᠵᠢᠨ  ᠮᠧᠲᠷ  ᠪᠤᠳᠤᠭᠲᠤ  ᠪᠣᠯᠣᠳ᠂  3 ᠲᠦᠮᠡᠨ ᠪᠣᠰᠤᠭ᠎ᠠ  ᠳᠥᠷᠪᠡᠯᠵᠢᠨ  ᠮᠧᠲᠷ  ᠪᠧᠨ᠋ᠽᠧᠨ  ᠬᠠᠪᠲᠠᠰᠤ  ᠦᠢᠯᠡᠳᠬᠦ  ᠦᠢᠯᠡᠳᠪᠦᠷᠢᠯᠡᠯ   ᠤᠨ  ᠱᠤᠭᠤᠮ   ᠢ  ᠪᠠᠶᠢᠭᠤᠯᠤᠨ  ᠂ 2000 ᠲᠦᠮᠡᠨ  ᠲᠥᠭᠦᠷᠢᠭ   ᠤᠨ  ᠥᠷᠲᠡᠭ  ᠪᠡᠶᠡᠯᠡᠭᠦᠯᠵᠦ  ︔ ︽ᠬᠤᠩ  ᠵᠢᠩ  ᠶᠤᠸᠠᠨ︾  ᠲᠣᠰᠣ  ᠰᠢᠬᠠᠬᠤ  ᠺᠣᠮᠫᠠᠨᠢ  ᠦᠢᠯᠡᠳᠪᠦᠷᠢ   ᠶᠢᠨ  ᠲᠠᠰᠤᠭ   ᠢᠶᠠᠨ  ᠥᠭᠡᠷᠡᠴᠢᠯᠡᠨ  ᠂  ᠭᠠᠷᠤᠯᠲᠠ   ᠪᠠᠨ 4500 ᠲᠣᠨ  ᠬᠦᠷᠭᠡᠵᠦ  ᠂ 4400 ᠲᠦᠮᠡᠨ  ᠲᠥᠭᠦᠷᠢᠭ   ᠤᠨ  ᠥᠷᠲᠡᠭ  ᠪᠡᠶᠡᠯᠡᠭᠦᠯᠵᠦ  ︔  ︽ᠴᠠᠩ  ᠶᠤᠸᠠᠨ︾ ᠺᠣᠮᠫᠠᠨᠢ  ᠣᠷᠭᠠᠨᠢᠭ  ᠪᠣᠷᠳᠣᠭᠤᠷ   ᠤᠨ  ᠦᠢᠯᠡᠳᠪᠦᠷᠢᠯᠡᠯ   ᠤᠨ  ᠱᠤᠭᠤᠮ   ᠢ  ᠰᠢᠨ᠎ᠡ   ᠪᠠᠷ  ᠪᠠᠶᠢᠭᠤᠯᠵᠤ  ᠂ 5000 ᠲᠣᠨ  ᠣᠷᠭᠠᠨᠢᠭ  ᠪᠣᠷᠳᠣᠭᠤᠷ  ᠂ 2 ᠲᠦᠮᠡᠨ  ᠲᠣᠨ  ᠲᠡᠵᠢᠭᠡᠯ  ᠪᠣᠷᠳᠤᠭ᠎ᠠ  ᠦᠢᠯᠡᠳᠪᠦᠷᠢᠯᠡᠵᠦ  ᠂  ᠦᠢᠯᠡᠳᠪᠦᠷᠢᠯᠡᠯ   ᠤᠨ  ᠥᠷᠲᠡᠭ   ᠢᠶᠠᠨ 4200 ᠲᠦᠮᠡᠨ  ᠲᠥᠭᠦᠷᠢᠭ   ᠲᠤ  ᠬᠦᠷᠭᠡᠨ᠎ᠠ  ᠃  ᠦᠬᠡᠷ  ᠪᠣᠷᠳᠣᠬᠤ  ᠂  ᠲᠥᠮᠥᠰᠥ  ᠪᠣᠯᠪᠠᠰᠤᠷᠠᠭᠤᠯᠬᠤ  ᠂  ᠰᠠᠯᠬᠢᠨ  ᠬᠦᠴᠦᠨ   ᠢᠶᠠᠷ  ᠴᠠᠬᠢᠯᠭᠠᠨ  ᠭᠠᠷᠭᠠᠬᠤ  ᠵᠡᠷᠭᠡ  ᠠᠵᠤ ᠦᠢᠯᠡᠳᠪᠦᠷᠢ   ᠶᠢᠨ  ᠲᠥᠷᠥᠯ  ᠵᠦᠢᠯ   ᠤᠨ  ᠪᠦᠲᠦᠭᠡᠨ  ᠪᠠᠶᠢᠭᠤᠯᠤᠯᠲᠠ   ᠶᠢ  ᠭᠤᠣᠯᠳᠠᠯᠭ᠎ᠠ   ᠲᠠᠢ  ᠠᠳᠬᠤᠵᠤ  ᠂  ︽ᠥᠷᠨᠢᠯ︾  ᠺᠣᠮᠫᠠᠨᠢ 4000 ᠲᠣᠯᠣᠭᠠᠢ  ᠠᠯᠠᠰᠢᠨ   ᠤ  ᠦᠬᠡᠷ  ᠪᠣᠷᠳᠣᠨ  ᠲᠠᠷᠭᠤᠯᠠᠭᠤᠯᠵᠤ  ᠂ 700ᠲᠦᠮᠡᠨ  ᠲᠥᠭᠦᠷᠢᠭ   ᠤᠨ  ᠥᠷᠲᠡᠭ  ᠪᠡᠶᠡᠯᠡᠭᠦᠯᠵᠦ  ᠂  ᠵᠢᠯ  ᠳᠣᠲᠣᠷ᠎ᠠ  ᠣᠷᠣᠨ   ᠤ  ᠲᠡᠰ   ᠤᠨ  ᠠᠵᠤ  ᠦᠢᠯᠡᠰᠵᠢᠭᠰᠡᠨ  ᠳᠠᠭᠠᠭᠤᠯᠤᠭᠴᠢ  ᠠᠵᠤ  ᠠᠬᠤᠶᠢᠯᠠᠯ  ᠪᠣᠯᠬᠤ   ᠪᠠᠷ  ᠴᠢᠷᠮᠠᠶᠢᠵᠤ  ︔  ︽ᠾᠧᠩ ᠶᠤᠸᠠᠨ︾ ᠺᠣᠮᠫᠠᠨᠢ  ᠵᠢᠯ   ᠳᠤ 8000 ᠲᠣᠨ ᠬᠥᠯᠳᠡᠭᠡᠮᠡᠯ  ᠲᠥᠮᠥᠰᠥᠨ   ᠤ  ᠬᠡᠷᠴᠢᠮᠡᠯ  ᠪᠣᠯᠣᠨ 6000 ᠲᠣᠨ  ᠲᠥᠮᠥᠰᠥ  ᠮᠥᠬᠦᠯᠢᠭᠵᠢᠭᠦᠯᠵᠦ  ᠨᠤᠨᠳᠠᠭᠯᠠᠬᠤ  ᠦᠢᠯᠡᠳᠪᠦᠷᠢᠯᠡᠯ   ᠤᠨ  ᠱᠤᠭᠤᠮ   ᠢ  ᠪᠠᠶᠢᠭᠤᠯᠵᠤ  ᠂ 1000 ᠲᠦᠮᠡᠨ  ᠲᠥᠭᠦᠷᠢᠭ   ᠤᠨ  ᠥᠷᠲᠡᠭ  ᠡᠭᠦᠳᠴᠦ  ︔  ︽ᠱᠧᠨ  ᠬᠤᠸ᠋ᠨ  ᠰᠢᠶᠧ  ᠾᠧ︾  ᠺᠣᠮᠫᠠᠨᠢ   ᠨᠢ 49.5 ᠰᠠᠶ᠎ᠠ  ᠸᠠᠲ ᠤᠨ ᠰᠠᠯᠬᠢᠨ  ᠴᠠᠬᠢᠯᠭᠠᠨ   ᠤ  ᠲᠥᠷᠥᠯ  ᠵᠦᠢᠯ   ᠢ  ᠪᠠᠶᠢᠭᠤᠯᠵᠤ  ᠂ ᠲᠣᠰ  ᠵᠢᠯ   ᠳᠡᠭᠡᠨ 1 ᠳ᠋ᠦᠩᠰᠢᠭᠤᠷ  ᠭᠷᠠᠳᠦ᠋ᠰ ᠠᠴᠠ ᠳᠡᠭᠡᠭᠰᠢ ᠴᠠᠬᠢᠯᠭᠠᠨ  ᠡᠭᠦᠰᠬᠡᠵᠦ  ᠂ 5000 ᠲᠦᠮᠡᠨ  ᠲᠥᠭᠦᠷᠢᠭ   ᠤᠨ  ᠥᠷᠲᠡᠭ  ᠪᠡᠶᠡᠯᠡᠭᠦᠯᠦᠨ  ᠂  ᠬᠤᠶᠠᠳᠤᠭᠠᠷ  ᠬᠤᠭᠤᠴᠠᠭᠠᠨ   ᠤ  ᠢᠨᠵᠧᠨᠧᠷᠢᠩ   ᠢ  ᠳᠠᠭᠤᠰᠬᠠᠵᠤ  ᠂  ᠶᠡᠷᠦᠩᠬᠡᠢ  ᠬᠡᠪᠴᠢᠶ᠎ᠡ   ᠪᠠᠨ 100 ᠰᠠᠶ᠎ᠠ  ᠸᠠᠲ ᠳᠤ  ᠬᠦᠷᠭᠡᠨ᠎ᠡ᠃  ᠠᠷᠭ᠎ᠠ  ᠤᠬᠠᠭᠠᠨ  ᠰᠦᠪᠡᠭᠴᠢᠯᠡᠨ  ᠠᠷᠠᠯᠵᠢᠶᠠᠴᠢᠨ  ᠤᠷᠢᠵᠤ  ᠪᠡᠯᠡ ᠲᠠᠲᠠᠵᠤ  ᠂  ᠰᠢᠨ᠎ᠡ ᠲᠥᠷᠥᠯ ᠵᠦᠢᠯ ᠢ ᠣᠷᠣᠭᠤᠯᠤᠨ᠎ᠠ  ᠃ ᠵᠦᠩ  ᠰᠢᠶᠠᠨ  ᠺᠣᠮᠫᠠᠨᠢ   ᠳᠤ  ᠲᠤᠰᠠᠯᠠᠵᠤ  ᠂  ᠰᠢᠲᠠᠭᠠᠯᠭ᠎ᠠ   ᠶᠢᠨ  ᠨᠡᠭᠦᠷᠡᠰᠦᠨ   ᠤ  ᠨᠡᠮᠡᠯᠲᠡ  ᠡᠳ᠋  ᠂  ᠰᠢᠲᠠᠭᠠᠯᠭ᠎ᠠ   ᠶᠢᠨ  ᠲᠣᠰᠣᠨ   ᠤ  ᠨᠡᠮᠡᠯᠲᠡ  ᠡᠳ᠋   ᠤᠨ  ᠡᠨᠧᠷᠭᠢ   ᠳᠤ  ᠠᠷᠪᠢᠲᠠᠢ  ᠪᠦᠲᠦᠭᠡᠭᠳᠡᠬᠦᠨ   ᠤ  ᠦᠢᠯᠡᠳᠪᠦᠷᠢᠯᠡᠯ  ᠪᠣᠯᠣᠨ  ᠣᠷᠭᠠᠨᠢᠭ  ᠪᠣᠷᠳᠣᠭᠤᠷ   ᠤᠨ  ᠦᠢᠯᠡᠳᠪᠦᠷᠢᠯᠡᠯ   ᠤᠨ  ᠱᠤᠭᠤᠮ   ᠢ  ᠪᠡᠶᠡᠯᠡᠭᠦᠯᠵᠦ  ︔  ᠵᠢᠯ  ᠳᠣᠲᠣᠷ᠎ᠠ  ᠢᠳᠡᠰᠢᠨ  ᠨᠣᠭᠤᠭᠠᠨ   ᠤ  ᠲᠣᠬᠢᠷᠠᠭᠤᠯᠤᠨ  ᠬᠦᠷᠭᠡᠬᠦ  ᠲᠥᠪ  ᠪᠣᠯᠣᠨ  ᠤᠰᠤ  ᠦᠭᠡᠶᠢᠳᠡᠭᠦᠯᠦᠨ  ᠬᠠᠭᠰᠠᠭᠠᠬᠤ  ᠲᠥᠷᠥᠯ  ᠵᠦᠢᠯ   ᠢ  ᠣᠷᠣᠭᠤᠯᠵᠤ  ᠂ ᠮᠣᠯᠢᠪᠳᠧᠨ  ᠂  ᠸᠤᠯᠹᠷᠤᠮ  ᠂  ᠠᠯᠲᠠ  ᠂  ᠭᠠᠤᠯᠢ  ᠂  ᠴᠠᠬᠢᠭᠤᠷ  ᠴᠢᠯᠠᠭᠤ  ᠵᠡᠷᠭᠡ   ᠪᠠᠷ  ᠭᠤᠣᠯᠯᠠᠭᠰᠠᠨ  ᠠᠭᠤᠷᠬᠠᠢ   ᠶᠢᠨ  ᠡᠬᠢ  ᠪᠠᠶᠠᠯᠢᠭ   ᠢ  ᠰᠣᠩᠭᠤᠨ  ᠰᠢᠷᠭᠠᠵᠤ  ᠪᠣᠯᠪᠠᠰᠤᠷᠠᠭᠤᠯᠬᠤ  ᠦᠢᠯᠡᠰ   ᠢ  ᠤᠯᠠᠮ  ᠠᠬᠢᠭᠤᠯᠤᠨ᠎ᠠ  ᠃  ᠪᠦᠬᠦ  ᠵᠢᠯ   ᠤᠨ  ᠠᠵᠤ  ᠦᠢᠯᠡᠳᠪᠦᠷᠢ   ᠶᠢᠨ  ᠨᠡᠮᠡᠭᠳᠡᠯ  ᠥᠷᠲᠡᠭ   ᠢ 4.8 ᠳ᠋ᠦᠩᠰᠢᠭᠤᠷ  ᠲᠥᠭᠦᠷᠢᠭ   ᠲᠤ  ᠬᠦᠷᠭᠡᠵᠦ  ᠂ 21.5%   ᠪᠠᠷ  ᠨᠡᠮᠡᠭᠳᠡᠭᠦᠯᠦᠨ  ᠂  ᠡᠭᠦᠨ   ᠤ  ᠳᠣᠲᠣᠷ᠎ᠠ  ᠂  ᠬᠢᠵᠠᠭᠠᠷᠯᠠᠯ   ᠠᠴᠠ  ᠳᠡᠭᠡᠭᠰᠢᠬᠢ  ᠠᠵᠤ  ᠦᠢᠯᠡᠳᠪᠦᠷᠢ   ᠶᠢᠨ  ᠨᠡᠮᠡᠭᠳᠡᠯ  ᠥᠷᠲᠡᠭ   ᠢ 3.3 ᠳ᠋ᠦᠩᠰᠢᠭᠤᠷ  ᠲᠥᠭᠦᠷᠢᠭ   ᠲᠤ  ᠬᠦᠷᠭᠡᠨ  ᠂ 22.2 %  ᠪᠠᠷ  ᠨᠡᠮᠡᠭᠳᠡᠭᠦᠯᠦᠨ  ᠂  ᠬᠡᠪᠴᠢᠶᠡᠵᠢᠯ ᠠᠴᠠ  ᠳᠡᠭᠡᠭᠰᠢᠬᠢ  ᠠᠵᠤ  ᠦᠢᠯᠡᠳᠪᠦᠷᠢ   ᠶᠢᠨ  ᠠᠵᠤ  ᠠᠬᠤᠶᠢᠯᠠᠯ   ᠢ 4 ᠡᠷᠦᠭᠡ  ᠰᠢᠨ᠎ᠡ   ᠪᠠᠷ  ᠨᠡᠮᠡᠭᠳᠡᠭᠦᠯᠦᠨ᠎ᠡ  ᠃                     ︵ᠲᠦᠷᠪᠡ︶ ᠰᠠᠭᠤᠷᠢ ᠲᠦᠬᠦᠭᠡᠷᠦᠮᠵᠢ  ᠶᠢᠨ ᠨᠦᠬᠦᠴᠡᠯ  ᠢ ᠰᠠᠶᠢᠵᠢᠷᠠᠭᠤᠯᠤᠨ᠎ᠠ᠃ ᠰᠠᠭᠤᠷᠢ ᠲᠦᠬᠦᠭᠡᠷᠦᠮᠵᠢ  ᠶᠢᠨ ᠪᠦᠳᠦᠭᠡᠨ ᠪᠠᠶᠢᠭᠤᠯᠤᠯᠳᠠ  ᠶᠢ ᠠᠵᠤ ᠠᠬᠤᠢ  ᠶᠢᠨ ᠬᠦᠭᠵᠢᠯᠳᠡ  ᠶᠢᠨ ᠬᠦᠨᠳᠦ ᠴᠢᠬᠤᠯᠨ ᠠᠵᠢᠯ ᠪᠤᠯᠭᠠᠨ ᠠᠳᠬᠤᠵᠤ᠂  ᠴᠠᠬᠢᠯᠭᠠᠨ ᠬᠦᠴᠦᠨ  ᠤ  ᠪᠠᠲᠤᠯᠠᠭ᠎ᠠ  ᠂ ᠨᠡᠪᠳᠡᠷᠡᠬᠦᠯᠭᠡ ᠬᠤᠯᠪᠤᠭ᠎ᠠ᠂ ᠮᠡᠳᠡᠭᠡ ᠵᠠᠩᠬᠢ᠂ ᠤᠰᠤᠨ ᠠᠰᠢᠭᠯᠠᠯᠳᠠ  ᠶᠢᠨ ᠪᠦᠳᠦᠭᠡᠨ ᠪᠠᠶᠢᠭᠤᠯᠤᠯᠳᠠ᠂  ᠨᠡᠶᠢᠬᠡᠮ ᠨᠡᠶᠢᠳᠡ  ᠶᠢᠨ ᠦᠢᠯᠡᠴᠢᠯᠡᠭᠡ ᠵᠡᠷᠭᠡ  ᠭᠤᠣᠯᠳᠠᠯᠭ᠎ᠠ ᠲᠠᠢ ᠪᠦᠲᠦᠭᠡᠨ ᠪᠠᠶᠢᠭᠤᠯᠤᠯᠲᠠ ᠶᠢᠨ ᠲᠤᠭᠤᠷᠢᠨ  ᠳᠤ ᠲᠠᠶᠢᠹᠤᠰᠧ ᠬᠤᠰᠢᠭᠤᠨ  ᠤ ᠤᠷᠳᠤ ᠤᠳᠠᠭᠠᠨ ᠬᠦᠭᠵᠢᠯᠳᠡ  ᠳᠤ ᠬᠤᠯᠪᠤᠭᠳᠠᠬᠤ ᠨᠢᠬᠡ ᠪᠦᠯᠦᠭ ᠬᠦᠨᠳᠦ ᠴᠢᠬᠤᠯᠨ ᠰᠠᠭᠤᠷᠢ ᠲᠦᠬᠦᠭᠡᠷᠦᠮᠵᠢ  ᠶᠢᠨ ᠪᠦᠳᠦᠭᠡᠨ ᠪᠠᠶᠢᠭᠤᠯᠤᠯᠳᠠ  ᠶᠢᠨ ᠲᠦᠷᠦᠯ ᠵᠦᠢᠯ  ᠢ ᠬᠦᠴᠦᠨ  ᠢᠶᠠᠨ ᠲᠦᠪᠯᠡᠷᠡᠭᠦᠯᠦᠨ ᠲᠦᠯᠦᠪᠵᠢᠬᠦᠯᠦᠨ ᠪᠠᠶᠢᠭᠤᠯᠵᠤ᠂ ᠠᠵᠤ ᠠᠬᠤᠢ ᠨᠡᠶᠢᠬᠡᠮ  ᠤᠨ ᠬᠦᠭᠵᠢᠯᠳᠡ  ᠳᠤ ᠬᠦᠴᠦᠳᠠᠢ ᠲᠦᠰᠢᠭ ᠲᠤᠯᠠᠭᠠᠭᠤᠷᠢ ᠪᠤᠯᠭᠠᠨ᠎ᠠ᠃ ᠵᠠᠮ ᠨᠡᠪᠳᠡᠷᠡᠯᠭᠡ  ᠶᠢᠨ ᠲᠠᠯᠠᠪᠠᠷ᠂ ᠭᠠᠳᠠᠭᠰᠢ ᠵᠤᠷᠢᠭᠤᠯᠤᠭᠰᠠᠨ ᠵᠠᠮ  ᠨᠡᠪᠲᠡᠷᠡᠯᠭᠡ   ᠶᠢᠨ  ᠬᠢᠷᠢ  ᠲᠦᠪᠰᠢᠨ ᠢ ᠴᠢᠷᠮᠠᠶᠢᠨ  ᠳᠡᠭᠡᠭᠰᠢᠯᠡᠭᠦᠯᠦᠨ᠎ᠡ᠃  ︽207︾  ᠱᠤᠭᠤᠮ   ᠤᠨ  ᠪᠤᠤᠴᠠᠩ  ᠪᠠᠯᠭᠠᠰᠤᠨ   ᠠᠴᠠ  ᠰᠠᠩ   ᠤᠨ  ᠳᠠᠯᠠᠢ  ᠬᠦᠷᠲᠡᠯᠡᠬᠢ  ᠨᠢᠭᠡᠳᠦᠭᠡᠷ  ᠲᠡᠰ   ᠤᠨ  ᠵᠠᠰᠠᠮᠠᠯ  ᠵᠠᠮ᠂  ᠪᠣᠤᠴᠠᠩ  ᠪᠠᠯᠭᠠᠰᠤᠨ   ᠤ  ᠾᠸᠦ  ᠹᠠᠩ  ᠽᠢ  ᠲᠣᠰᠬᠤᠨ   ᠠᠴᠠ  ᠬᠥᠬᠡᠬᠤᠲᠠ  ᠬᠠᠶᠢᠯᠠᠷ ᠤᠨ  ᠶᠡᠭᠡ  ᠵᠠᠮ  ᠬᠦᠷᠬᠦ  ᠬᠤᠶᠠᠳᠤᠭᠠᠷ  ᠲᠡᠰ   ᠤᠨ   ᠵᠠᠰᠠᠮᠠᠯ  ᠵᠠᠮ   ᠢ  ᠪᠠᠶᠢᠭᠤᠯᠵᠤ᠂  ᠠᠰᠢᠭᠯᠠᠯᠲᠠ   ᠳᠤ  ᠣᠷᠣᠭᠤᠯᠤᠨ  ᠂ ︽207︾  ᠱᠤᠭᠤᠮ   ᠤᠨ  ᠪᠤᠤᠴᠠᠩ  ᠪᠠᠯᠭᠠᠰᠤᠨ   ᠠᠴᠠ  ᠰᠠᠨ  ᠬᠤᠤ  ᠳ᠋ᠢ  ᠬᠦᠷᠲᠡᠯᠡᠬᠢ  ᠥᠨᠳᠥᠷ  ᠬᠤᠷᠳᠤᠴᠠᠲᠤ  ᠵᠠᠰᠠᠮᠠᠯ  ᠵᠠᠮ   ᠤᠨ  ᠪᠠᠶᠢᠭᠤᠯᠤᠯᠲᠠ   ᠶᠢ  ᠡᠬᠢᠯᠡᠭᠦᠯᠦᠨ᠎ᠡ  ᠃  ᠵᠠᠰᠠᠮᠠᠯ  ᠵᠠᠮ   ᠤᠨ  ᠪᠠᠶᠢᠭᠤᠯᠤᠯᠲᠠ  ᠪᠠ  ᠬᠠᠮᠠᠭᠠᠯᠠᠯᠲᠠ   ᠶᠢ ᠰᠠᠶᠢᠲᠤᠷ  ᠠᠳᠬᠤᠵᠤ᠂  ᠬᠤᠲᠠ  ᠬᠥᠳᠡᠭᠡ   ᠶᠢᠨ  ᠵᠠᠮ  ᠨᠡᠪᠲᠡᠷᠡᠯᠭᠡ ᠶᠢᠨ  ᠴᠢᠨᠠᠷ   ᠢ  ᠳᠡᠭᠡᠭᠰᠢᠯᠡᠭᠦᠯᠦᠨ  ᠂ 100 ᠺᠢᠯᠤᠮᠧᠲᠷ   ᠤᠨ  ᠭᠠᠴᠠᠭ᠎ᠠ  ᠲᠣᠰᠬᠤᠨ   ᠳᠤ  ᠨᠡᠪᠲᠡᠷᠡᠬᠦ  ᠬᠠᠶᠢᠷ  ᠴᠢᠯᠠᠭᠤᠨ  ᠵᠠᠮ   ᠢ  ᠰᠢᠨ᠎ᠡ ᠪᠠᠷ ᠪᠠᠶᠢᠭᠤᠯᠤᠨ᠎ᠠ  ︔  ᠴᠠᠬᠢᠯᠭᠠᠨ  ᠬᠦᠴᠦᠨ   ᠤ  ᠲᠠᠯ᠎ᠠ   ᠪᠠᠷ  ᠴᠠᠬᠢᠯᠭᠠᠨ  ᠲᠣᠣᠷ ᠢ  ᠥᠭᠡᠷᠡᠴᠢᠯᠡᠨ  ᠲᠡᠰ  ᠳᠡᠪᠰᠢᠭᠦᠯᠬᠦ   ᠶᠢ  ᠠᠬᠢᠭᠤᠯᠵᠤ  ᠂ 220  ᠺᠢᠯᠤᠸᠤᠯᠲ   ᠤᠨ  ᠴᠠᠬᠢᠯᠭᠠᠨ  ᠬᠦᠷᠭᠡᠬᠦ  ᠬᠦᠴᠦᠳᠡᠯ  ᠥᠭᠡᠷᠡᠴᠢᠯᠡᠬᠦ  ᠲᠦᠷᠦᠭᠦᠴᠢ   ᠶᠢᠨ  ᠬᠤᠭᠤᠴᠠᠭᠠᠨ   ᠤ  ᠠᠵᠢᠯ   ᠢ  ᠰᠠᠶᠢᠲᠤᠷ  ᠬᠢᠬᠦ   ᠶᠢᠨ  ᠬᠠᠮᠲᠤ  ᠂  ᠠᠵᠢᠯ   ᠢᠶᠠᠨ  ᠡᠬᠢᠯᠡᠭᠦᠯᠬᠦ   ᠪᠠᠷ  ᠴᠢᠷᠮᠠᠶᠢᠵᠤ  ᠂ ᠯᠦᠸᠧ  ᠲᠦᠸᠧ  ᠱᠠᠨ   ᠤ 35 KV  ᠴᠠᠬᠢᠯᠭᠠᠨ  ᠬᠦᠷᠭᠡᠬᠦ  ᠬᠦᠴᠦᠳᠡᠯ  ᠬᠤᠪᠢᠷᠠᠭᠠᠬᠤ  ᠥᠷᠲᠡᠭᠡ   ᠶᠢ  ᠰᠢᠨ᠎ᠡ   ᠪᠠᠷ  ᠪᠠᠶᠢᠭᠤᠯᠵᠤ  ᠂  ᠭᠦᠨᠪᠤᠯᠠᠭ   ᠤᠨ 35KV ᠬᠦᠴᠦᠳᠡᠯ  ᠥᠭᠡᠷᠡᠴᠢᠯᠡᠬᠦ  ᠴᠠᠬᠢᠯᠭᠠᠨ  ᠥᠷᠲᠡᠭᠡ   ᠶᠢ  ᠥᠷᠭᠡᠳᠬᠡᠨ  ᠪᠠᠶᠢᠭᠤᠯᠵᠤ  ᠂  ᠬᠤᠰᠢᠭᠤᠨ   ᠤ  ᠳᠣᠲᠣᠭᠠᠳᠤ  ᠭᠠᠳᠠᠭᠠᠳᠤ ᠳᠤ   ᠰᠦᠯᠵᠢᠯᠳᠦᠨ ᠬᠠᠩᠭᠠᠬᠤ  ᠂ ᠠᠮᠤᠷ  ᠲᠦᠪᠰᠢᠨ  ᠰᠠᠭᠠᠳ  ᠦᠭᠡᠢ  ᠨᠡᠪᠲᠡᠷᠡᠬᠦ  ᠴᠠᠬᠢᠯᠭᠠᠨ  ᠬᠦᠷᠭᠡᠬᠦ  ᠂  ᠬᠦᠴᠦᠳᠡᠯ  ᠥᠭᠡᠷᠡᠴᠢᠯᠡᠬᠦ  ᠲᠣᠣᠷ  ᠰᠦᠯᠵᠢᠶ᠎ᠡ   ᠶᠢ  ᠪᠦᠷᠢᠯᠳᠦᠭᠦᠯᠦᠨ᠎ᠡ᠃  ᠬᠤᠲᠠ ᠶᠢᠨ  ᠴᠠᠬᠢᠯᠭᠠᠨ  ᠲᠣᠣᠷ   ᠤᠨ  ᠥᠭᠡᠷᠡᠴᠢᠯᠡᠨ  ᠪᠠᠶᠢᠭᠤᠯᠤᠯᠲᠠ  ᠪᠠ ᠰᠢᠶᠠᠩ  ᠪᠠᠯᠭᠠᠰᠤᠨ   ᠤ 10KV  ᠤᠨ  ᠴᠠᠬᠢᠯᠭᠠᠨ  ᠱᠤᠭᠤᠮ   ᠢ  ᠥᠭᠡᠷᠡᠴᠢᠯᠡᠬᠦ  ᠠᠯᠬᠤᠴᠠ   ᠶᠢ  ᠲᠦᠷᠭᠡᠳᠬᠡᠨ᠎ᠡ᠃ ᠤᠰᠤᠨ  ᠠᠰᠢᠭᠯᠠᠯᠲᠠ   ᠶᠢᠨ  ᠲᠠᠯ᠎ᠠ   ᠪᠠᠷ 1ᠲᠦᠮᠡᠨ  ᠬᠥᠮᠥᠨ 6000 ᠲᠣᠯᠣᠭᠠᠢ  ᠮᠠᠯ   ᠤᠨ ᠤᠤᠭᠤᠬᠤ ᠤᠰᠤᠨ   ᠤ  ᠠᠮᠤᠷ  ᠲᠦᠪᠰᠢᠨ   ᠤ  ᠠᠰᠠᠭᠤᠳᠠᠯ   ᠢ  ᠰᠢᠢᠳᠪᠦᠷᠢᠯᠡᠨ᠎ᠡ  ᠃ 2006 ᠣᠨ   ᠤ  ᠡᠴᠦᠰ   ᠠᠴᠠ  ᠤᠷᠢᠳᠤᠬᠢ ᠬᠤᠳᠳᠤᠭ  ᠮᠠᠯᠲᠠᠭᠠᠳ  ᠴᠠᠬᠢᠯᠭᠠᠨ  ᠨᠡᠪᠲᠡᠷᠡᠭᠡ  ᠦᠭᠡᠢ  ᠤᠰᠤᠵᠢᠭᠤᠯᠤᠯᠲᠠ   ᠶᠢᠨ  ᠲᠠᠷᠢᠶᠠᠨ  ᠭᠠᠵᠠᠷ   ᠤᠨ  ᠠᠰᠠᠭᠤᠳᠠᠯ   ᠢ  ᠪᠦᠬᠦᠨ   ᠢ  ᠰᠢᠢᠳᠪᠦᠷᠢᠯᠡᠨ᠎ᠡ  ᠃ ᠶᠦᠩ  ᠹᠧᠩ  ᠤᠰᠤᠨ  ᠴᠥᠭᠦᠷᠥᠮ ᠤᠨ  ᠲᠦᠭᠰᠢᠭᠦᠷᠢ   ᠶᠢ  ᠠᠷᠢᠯᠭᠠᠵᠤ  ᠂  ᠪᠠᠬᠢᠵᠢᠯ   ᠢ  ᠴᠢᠩᠭᠠᠳᠬᠠᠬᠤ   ᠪᠠᠶᠢᠭᠤᠯᠤᠯᠲᠠ   ᠶᠢᠨ  ᠠᠵᠢᠯ ᠢ  ᠡᠬᠢᠯᠡᠭᠦᠯᠦᠨ᠎ᠡ  ᠃  ᠨᠡᠪᠲᠡᠷᠡᠭᠦᠯᠭᠡ  ᠬᠤᠯᠪᠣᠭ᠎ᠠ  ᠂  ᠮᠡᠳᠡᠭᠡ  ᠵᠠᠩᠭᠢ   ᠶᠢᠨ  ᠲᠠᠯ᠎ᠠ   ᠪᠠᠷ  ᠂  ᠳᠣᠣᠷ᠎ᠠ  ᠰᠦᠯᠵᠢᠶᠡᠨ   ᠤ  ᠺᠣᠮᠫᠠᠨᠢ  ᠪᠣᠯᠣᠨ  ᠷᠠᠳᠢᠤ᠋  ᠲᠧᠯᠸᠢᠰ   ᠤᠨ  ᠳᠠᠮᠵᠢᠭᠤᠯᠭ᠎ᠠ  ᠨᠡᠪᠲᠡᠷᠡᠭᠦᠯᠭᠡ   ᠶᠢᠨ  ᠲᠣᠣᠷ  ᠰᠦᠯᠵᠢᠶ᠎ᠡ  ᠂  ᠰᠢᠯᠵᠢᠮᠡᠯ ᠪᠠ  ᠨᠢᠭᠡᠳᠦᠮᠡᠯ ᠬᠤᠯᠪᠣᠭᠠᠨ ᠤ  ᠲᠣᠣᠷ  ᠰᠦᠯᠵᠢᠶ᠎ᠡ   ᠶᠢ  ᠦᠷᠭᠦᠯᠵᠢᠯᠡᠨ  ᠲᠡᠭᠦᠯᠳᠡᠷᠵᠢᠭᠦᠯᠵᠦ᠂  ᠰᠢᠯᠵᠢᠮᠡᠯ ᠨᠡᠪᠲᠡᠷᠡᠯᠭᠡ  ᠂  ᠥᠷᠭᠡᠨ  ᠪᠦᠰᠡᠲᠦ  ᠰᠦᠯᠵᠢᠶ᠎ᠡ᠂  ᠲᠣᠭᠲᠠᠮᠠᠯ  ᠳ᠋ᠢᠶᠠᠩᠬᠤᠸᠠ   ᠶᠢᠨ  ᠪᠦᠷᠬᠦᠴᠡ   ᠶᠢ 100%   ᠳᠤ  ᠬᠦᠷᠭᠡᠨ᠎ᠡ  ᠃  ᠮᠡᠳᠡᠭᠡ  ᠵᠠᠩᠬᠢᠵᠢᠯᠲᠠ   ᠶᠢᠨ  ᠠᠬᠢᠴᠠ   ᠶᠢ  ᠲᠦᠷᠭᠡᠳᠬᠡᠵᠦ  ᠂  ᠮᠡᠳᠡᠭᠡ  ᠵᠠᠩᠭᠢ   ᠶᠢᠨ  ᠰᠠᠭᠤᠷᠢ  ᠲᠣᠣᠷ  ᠰᠦᠯᠵᠢᠶ᠎ᠡ  ᠪᠠ  ᠮᠡᠳᠡᠭᠡ  ᠵᠠᠩᠭᠢ   ᠶᠢᠨ  ᠲᠤᠭ᠎ᠠ  ᠪᠠᠷᠢᠮᠲᠠ   ᠶᠢᠨ  ᠬᠥᠮᠥᠷᠭᠡ   ᠶᠢᠨ  ᠪᠦᠲᠦᠭᠡᠨ  ᠪᠠᠶᠢᠭᠤᠯᠤᠯᠲᠠ   ᠶᠢ  ᠴᠢᠩᠭᠠᠳᠬᠠᠵᠤ  ᠂  ᠲᠣᠣᠷ  ᠰᠦᠯᠵᠢᠶᠡᠨ  ᠳᠡᠭᠡᠷ᠎ᠡ  ᠬᠢᠨᠠᠨ  ᠴᠣᠬᠤᠯᠠᠪᠤᠷᠢᠯᠠᠬᠤ  ᠪᠠ  ᠵᠠᠰᠠᠭ   ᠤᠨ  ᠮᠡᠳᠡᠭᠡ  ᠵᠠᠩᠭᠢ   ᠶᠢᠨ  ᠲᠣᠣᠷ  ᠰᠦᠯᠵᠢᠶᠡᠨ   ᠳᠤ  ᠭᠠᠷᠬᠤ   ᠶᠢ  ᠬᠡᠷᠡᠭᠵᠢᠭᠦᠯᠵᠦ᠂  ᠪᠦᠬᠦ  ᠬᠤᠰᠢᠭᠤᠨ   ᠤ  ᠡᠯᠧᠺᠲ᠋ᠤᠷᠤᠨᠴᠢᠯᠠᠬᠰᠠᠨ ᠵᠠᠰᠠᠭ   ᠤᠨ  ᠶᠠᠪᠤᠳᠠᠯ   ᠤᠨ  ᠲᠣᠣᠷ  ᠰᠦᠯᠵᠢᠶᠡᠨ   ᠤ  ᠪᠦᠲᠦᠭᠡᠨ  ᠪᠠᠶᠢᠭᠤᠯᠤᠯᠲᠠ   ᠶᠢ  ᠲᠦᠷᠭᠡᠳᠬᠡᠵᠦ  ᠂  ᠵᠦᠩ ᠰᠢᠶᠠᠨ  ᠺᠣᠮᠫᠠᠨᠢ   ᠶᠢᠨ  ᠲᠠᠷᠢᠶᠠᠯᠠᠩ  ᠮᠠᠯ  ᠠᠵᠤ  ᠠᠬᠤᠢ   ᠶᠢᠨ  ᠮᠡᠳᠡᠭᠡ  ᠵᠠᠩᠭᠢ   ᠶᠢᠨ  ᠬᠠᠮᠢᠶᠠᠷᠤᠯᠲᠠ   ᠶᠢᠨ  ᠲᠥᠪ   ᠤᠨ  ᠪᠦᠲᠦᠭᠡᠨ  ᠪᠠᠶᠢᠭᠤᠯᠤᠯᠲᠠ   ᠶᠢᠨ  ᠢᠨᠵᠧᠨᠧᠷᠢᠩ   ᠢ  ᠳᠡᠮᠵᠢᠨ᠂  ᠮᠡᠳᠡᠭᠡ  ᠵᠠᠩᠬᠢᠵᠢᠯᠲᠠ   ᠪᠠᠷ  ᠠᠵᠤ  ᠠᠬᠤᠢ  ᠨᠡᠶᠢᠭᠡᠮ   ᠤᠨ  ᠬᠥᠭᠵᠢᠯᠲᠡ   ᠶᠢ  ᠲᠦᠯᠬᠢᠨ  ᠠᠬᠢᠭᠤᠯᠬᠤ  ᠦᠢᠯᠡᠴᠢᠯᠡᠭᠡᠨ ᠤ  ᠴᠢᠳᠠᠪᠤᠷᠢ   ᠪᠠᠨ  ᠳᠡᠭᠡᠭᠰᠢᠯᠡᠭᠦᠯᠦᠨ᠎ᠡ  ᠃         ︵ᠲᠠᠪᠤ︶  ᠬᠤᠲᠠ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢᠨ  ᠠᠯᠬᠤᠴᠠ   ᠪᠠᠨ  ᠲᠦᠷᠭᠡᠳᠬᠡᠨ᠎ᠡ  ᠃  ᠬᠤᠲᠠ   ᠶᠢᠨ  ᠲᠥᠯᠥᠪᠵᠢᠭᠦᠯᠭᠡ   ᠶᠢ  ᠵᠠᠰᠠᠮᠵᠢᠯᠠᠨ  ᠨᠠᠶᠢᠷᠠᠭᠤᠯᠬᠤ ᠠᠵᠢᠯ   ᠢ  ᠰᠠᠶᠢᠲᠤᠷ  ᠬᠢᠨ᠎ᠡ  ᠃ ᠰᠢᠨ᠎ᠡ  ᠲᠣᠭᠤᠷᠢᠭ   ᠤᠨ ᠡᠵᠡᠮᠰᠢᠯ ᠤᠨ  ᠴᠢᠨᠠᠷᠲᠠᠢ  ᠨᠠᠷᠢᠨ  ᠲᠥᠯᠥᠪᠵᠢᠭᠦᠯᠭᠡ  ᠂  ᠠᠵᠤ  ᠦᠢᠯᠡᠳᠪᠦᠷᠢ   ᠶᠢᠨ  ᠲᠣᠭᠤᠷᠢᠭ   ᠢ  ᠵᠠᠰᠠᠵᠤ  ᠪᠠᠶᠢᠭᠤᠯᠬᠤ ᠨᠠᠷᠢᠨ  ᠲᠥᠯᠥᠪᠵᠢᠭᠦᠯᠭᠡ  ᠂  ᠰᠢᠶᠠᠨ   ᠤ  ᠬᠡᠪᠴᠢᠶᠡᠨ   ᠳᠠᠬᠢ ᠲᠣᠰᠬᠤᠨ  ᠪᠠᠯᠭᠠᠰᠤᠨ   ᠤ  ᠰᠢᠰᠲ᠋ᠧᠮ   ᠤᠨ  ᠲᠥᠯᠥᠪᠵᠢᠭᠦᠯᠭᠡ  ᠪᠣᠯᠣᠨ  ᠬᠤᠲᠠ  ᠪᠠᠯᠭᠠᠰᠤᠨ   ᠤ  ᠤᠷᠭᠤᠮᠠᠯ   ᠤᠨ  ᠪᠦᠷᠬᠦᠴᠡᠲᠦ  ᠭᠠᠵᠠᠷ  ᠂  ᠵᠠᠮ  ᠂  ᠭᠡᠷᠡᠯᠲᠦᠭᠦᠯᠭᠡ  ᠂ ᠨᠡᠶᠢᠲᠡ   ᠶᠢᠨ  ᠵᠠᠮ  ᠬᠠᠷᠢᠯᠴᠠᠭ᠎ᠠ  ᠂  ᠤᠰᠤ  ᠬᠠᠩᠭᠠᠬᠤ  ᠲᠠᠲᠠᠷᠠᠭᠤᠯᠬᠤ  ᠵᠡᠷᠭᠡ  ᠲᠤᠰᠬᠠᠢ  ᠲᠥᠯᠥᠪᠵᠢᠭᠦᠯᠭᠡ   ᠶᠢ  ᠥᠨᠳᠥᠷ  ᠴᠡᠭ  ᠂  ᠥᠨᠳᠥᠷ  ᠪᠠᠷᠢᠮᠵᠢᠶ᠎ᠠ   ᠪᠠᠷ  ᠨᠠᠶᠢᠷᠠᠭᠤᠯᠤᠨ  ᠵᠣᠬᠢᠶᠠᠨ᠎ᠠ  ᠃  ᠲᠥᠯᠥᠪᠵᠢᠭᠦᠯᠭᠡ   ᠶᠢᠨ  ᠲᠥᠪ  ᠴᠢᠩᠭ᠎ᠠ ᠴᠢᠨᠠᠷ  ᠪᠣᠯᠣᠨ ᠡᠷᠬᠡ ᠬᠦᠴᠦᠨᠲᠦ ᠴᠢᠨᠠᠷ ᠢ ᠬᠠᠮᠠᠭᠠᠯᠠᠵᠤ᠂ ᠲᠥᠯᠥᠪᠵᠢᠭᠦᠯᠭᠡ ᠶᠢ ᠬᠡᠷᠡᠭᠵᠢᠭᠦᠯᠬᠦ᠂ ᠪᠦᠲᠦᠭᠡᠨ ᠪᠠᠶᠢᠭᠤᠯᠤᠯᠲᠠ ᠶᠢ  ᠬᠢᠨᠠᠨ ᠵᠥᠪᠰᠢᠶᠡᠷᠡᠬᠦ  ᠂  ᠬᠢᠨᠠᠯᠲᠠ ᠲᠠᠯᠪᠢᠵᠤ  ᠬᠠᠮᠢᠶᠠᠷᠬᠤ   ᠶᠢ ᠦᠨᠡᠨ ᠬᠦ  ᠬᠡᠷᠡᠭᠵᠢᠭᠦᠯᠦᠨ᠎ᠡ᠃          ᠬᠤᠲᠠ  ᠪᠠᠯᠭᠠᠰᠤᠨ ᠤ  ᠰᠠᠭᠤᠷᠢ  ᠲᠥᠬᠦᠭᠡᠷᠦᠮᠵᠢ   ᠶᠢᠨ  ᠪᠠᠶᠢᠭᠤᠯᠤᠯᠲᠠ   ᠶᠢ  ᠲᠡᠭᠦᠯᠳᠡᠷᠵᠢᠭᠦᠯᠦᠨ᠎ᠡ  ᠃  ᠤᠰᠤ  ᠬᠠᠩᠭᠠᠬᠤ  ᠂  ᠬᠡᠢ  ᠬᠠᠩᠭᠠᠬᠤ  ᠂  ᠪᠤᠵᠠᠷ  ᠤᠰᠤ  ᠬᠤᠭ  ᠨᠣᠪᠰᠢ   ᠶᠢ  ᠰᠢᠢᠳᠪᠦᠷᠢᠯᠡᠬᠦ  ᠵᠡᠷᠭᠡ  ᠲᠠᠯ᠎ᠠ   ᠶᠢᠨ  ᠣᠯᠠᠨ  ᠲᠦᠮᠡᠨ   ᠤ  ᠠᠮᠢᠳᠤᠷᠠᠯ   ᠯᠤᠭ᠎ᠠ  ᠨᠢᠭᠲᠠ  ᠬᠤᠯᠪᠣᠭᠳᠠᠬᠤ  ᠨᠡᠶᠢᠭᠡᠮ  ᠨᠡᠶᠢᠲᠡ   ᠶᠢᠨ  ᠰᠠᠭᠤᠷᠢ  ᠲᠥᠬᠦᠭᠡᠷᠦᠮᠵᠢ   ᠶᠢᠨ  ᠪᠠᠶᠢᠭᠤᠯᠤᠯᠲᠠ   ᠶᠢ  ᠲᠠᠰᠤᠷᠠᠯᠲᠠ  ᠦᠭᠡᠢ  ᠴᠢᠩᠭᠠᠳᠬᠠᠨ᠎ᠠ  ᠃  ᠪᠤᠤᠴᠠᠩ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢᠨ  ᠶᠡᠷᠦᠩᠬᠡᠢ  ᠲᠥᠯᠥᠪᠵᠢᠭᠦᠯᠭᠡ  ᠶᠣᠰᠣᠭᠠᠷ  ᠂  ᠰᠢᠨ᠎ᠡ  ᠲᠣᠭᠤᠷᠢᠭ   ᠤᠨ  ᠪᠠᠶᠢᠭᠤᠯᠤᠯᠲᠠ  ᠪᠣᠯᠣᠨ  ᠬᠤᠲᠠ ᠳᠣᠲᠣᠷᠠᠬᠢ  ᠲᠣᠰᠬᠤᠨ   ᠤ ᠥᠭᠡᠷᠡᠴᠢᠯᠡᠯᠲᠡ ᠶᠢ ᠬᠢᠵᠦ᠂     ᠲᠣᠰᠣᠨ ᠵᠠᠮ ᠢ ᠵᠠᠰᠠᠵᠤ ᠥᠷᠭᠡᠳᠬᠡᠨ ᠪᠠᠶᠢᠭᠤᠯᠬᠤ  ᠂ ᠽᠧᠮᠧᠨ᠋ᠲ ᠵᠠᠮ   ᠤᠨ  ᠬᠠᠲᠠᠭᠤᠷᠠᠭᠤᠯᠤᠯᠲᠠ᠂ ᠵᠠᠮ   ᠤᠨ  ᠬᠤᠶᠠᠷ  ᠬᠠᠵᠠᠭᠤ   ᠶᠢ ᠳᠡᠪᠢᠰᠦᠨ  ᠴᠢᠮᠡᠭᠯᠡᠬᠦ  ᠵᠡᠷᠭᠡ  ᠢᠨᠵᠧᠨᠧᠷᠢᠩ   ᠢ  ᠭᠤᠣᠯᠳᠠᠯᠭ᠎ᠠ   ᠲᠠᠢ  ᠠᠳᠬᠤᠨ᠎ᠠ  ᠃  ᠪᠤᠤᠴᠠᠩ  ᠪᠠᠯᠭᠠᠰᠤᠨ   ᠤ  ᠪᠠᠷᠠᠭᠤᠨ  ᠬᠥᠭᠦᠷᠭᠡ   ᠶᠢ  ᠵᠠᠰᠠᠵᠤ  ᠥᠷᠭᠡᠳᠬᠡᠨ᠎ᠡ  ᠃ ᠵᠡᠭᠡᠯᠢ   ᠶᠢᠨ  ᠬᠠᠵᠠᠭᠤ   ᠶᠢᠨ  ᠬᠤᠳᠠᠯᠳᠤᠭᠠᠨ ᠤ  ᠫᠦᠰᠡ ᠶᠢᠨ  ᠨᠡᠭᠡᠭᠡᠨ  ᠠᠰᠢᠭᠯᠠᠯᠲᠠ  ᠪᠠ  ᠥᠭᠡᠷᠡᠴᠢᠯᠡᠨ  ᠪᠠᠶᠢᠭᠤᠯᠤᠯᠲᠠ   ᠶᠢᠨ  ᠬᠦᠴᠦᠯᠡᠴᠡ   ᠶᠢ  ᠴᠢᠩᠭᠠᠳᠬᠠᠵᠤ  ᠂  ᠭᠤᠣᠯ  ᠵᠡᠭᠡᠯᠢ   ᠶᠢ  ᠭᠤᠸᠠᠯᠢᠬᠵᠢᠭᠤᠯᠤᠨ  ᠰᠠᠷᠠᠭᠤᠯᠵᠢᠭᠤᠯᠤᠨ᠎ᠠ  ᠃  ᠬᠤᠲᠠ ᠪᠠᠯᠭᠠᠰᠤᠨ   ᠤ ᠨᠣᠭᠤᠭᠠᠷᠠᠭᠤᠯᠤᠯᠲᠠ   ᠶᠢ  ᠰᠠᠶᠢᠲᠤᠷ ᠬᠢᠵᠦ᠂ ᠰᠢ  ᠱᠠᠨ  ᠠᠮᠢ  ᠠᠬᠤᠢ   ᠶᠢᠨ  ᠴᠡᠴᠡᠷᠯᠢᠭ  ᠂  ᠵᠢᠶᠧ ᠹᠠᠩ ᠪᠠᠷᠠᠭᠤᠨ ᠵᠡᠭᠡᠯᠢ ᠪᠠ  ᠵᠠᠰᠠᠭ  ᠵᠠᠬᠢᠷᠭᠠᠨ   ᠤ  ᠠᠯᠪᠠᠨ  ᠠᠰᠠᠷ   ᠤᠨ  ᠵᠡᠭᠦᠨ  ᠲᠣᠭᠤᠷᠢᠭ   ᠤᠨ  ᠰᠡᠯᠡᠭᠦᠴᠡᠯ   ᠤᠨ  ᠠᠭᠤᠳᠠᠮ  ᠲᠠᠯᠠᠪᠠᠢ   ᠶᠢᠨ  ᠨᠣᠭᠤᠭᠠᠷᠠᠭᠤᠯᠤᠯᠲᠠ   ᠶᠢᠨ  ᠢᠨᠵᠧᠨᠧᠷᠢᠩ   ᠢ  ᠬᠡᠷᠡᠭᠵᠢᠭᠦᠯᠤᠨ᠎ᠠ  ᠃         ᠬᠤᠲᠠ  ᠪᠠᠯᠭᠠᠰᠤᠨ   ᠤ ᠬᠠᠮᠢᠶᠠᠷᠤᠯᠲᠠ ᠶᠢ  ᠴᠢᠩᠭᠠᠳᠬᠠᠨ᠎ᠠ  ᠃  ᠪᠠᠶᠢᠭᠤᠯᠬᠤ  ᠪᠠ  ᠬᠠᠮᠢᠶᠠᠷᠬᠤ   ᠶᠢ  ᠵᠡᠷᠭᠡ   ᠪᠠᠷ  ᠠᠳᠬᠤᠵᠤ  ᠂  ᠨᠠᠷᠢᠯᠢᠭᠵᠢᠭᠰᠠᠨ  ᠬᠠᠮᠢᠶᠠᠷᠤᠯᠲᠠ   ᠶᠢ  ᠠᠬᠢᠭᠤᠯᠵᠤ  ᠂  ᠲᠥᠪᠯᠡᠷᠡᠭᠦᠯᠦᠨ  ᠴᠡᠭᠴᠡᠯᠡᠬᠦ  ᠠᠵᠢᠯ   ᠢ  ᠦᠷᠭᠦᠯᠵᠢᠯᠡᠨ  ᠥᠷᠨᠢᠭᠦᠯᠵᠦ  ᠂  ᠬᠤᠲᠠ  ᠪᠠᠯᠭᠠᠰᠤᠨ   ᠤ  ᠬᠠᠮᠢᠶᠠᠷᠤᠯᠲᠠ   ᠶᠢ  ᠬᠦᠴᠦᠨ   ᠢᠶᠠᠨ  ᠲᠥᠪᠯᠡᠷᠡᠭᠦᠯᠦᠨ  ᠰᠠᠶᠢᠲᠤᠷ  ᠬᠢᠨ᠎ᠡ  ᠃  ᠬᠤᠲᠠ  ᠪᠠᠯᠭᠠᠰᠤᠨ   ᠤ  ᠬᠢᠨᠠᠨ  ᠪᠠᠶᠢᠴᠠᠭᠠᠬᠤ  ᠠᠩᠭᠢ   ᠶᠢᠨ  ᠡᠩᠨᠡᠭᠡᠨ   ᠤ  ᠪᠠᠶᠢᠭᠤᠯᠤᠯᠲᠠ   ᠶᠢ  ᠴᠢᠩᠭᠠᠳᠬᠠᠵᠤ᠂  ᠶᠡᠷᠦᠩᠬᠡᠶᠢᠯᠡᠭᠰᠡᠨ  ᠬᠠᠤᠯᠢ  ᠬᠡᠷᠡᠭᠵᠢᠭᠦᠯᠬᠦ  ᠬᠦᠴᠦᠯᠡᠴᠡ   ᠪᠠᠨ  ᠴᠢᠩᠭᠠᠳᠬᠠᠵᠤ  ᠂ ᠬᠠᠮᠢᠶᠠᠷᠤᠯᠲᠠ ᠪᠠᠷ ᠪᠠᠶᠢᠭᠤᠯᠤᠯᠲᠠ   ᠪᠠᠨ  ᠠᠬᠢᠭᠤᠯᠵᠤ  ᠂  ᠬᠠᠮᠢᠶᠠᠷᠤᠯᠲᠠ  ᠪᠠᠶᠢᠭᠤᠯᠤᠯᠲᠠ   ᠪᠠᠨ  ᠤᠶᠠᠯᠳᠤᠭᠤᠯᠵᠤ  ᠂ ᠨᠢᠭᠡᠳᠦᠯᠲᠡᠢ ᠲᠥᠯᠥᠪᠵᠢᠭᠦᠯᠭᠡ   ᠶᠢ  ᠬᠠᠪᠰᠤᠷᠭᠠᠨ᠎ᠠ᠃ ᠬᠤᠲᠠ  ᠬᠥᠳᠡᠭᠡ   ᠶᠢᠨ  ᠠᠭᠤᠯᠵᠠᠷ   ᠲᠠᠬᠢ ᠵᠠᠰᠠᠯᠲᠠ ᠶᠢ  ᠴᠢᠩᠭᠠᠳᠬᠠᠵᠤ  ᠂ ᠠᠳᠠᠯ  ᠠᠬᠤᠢ   ᠶᠢᠨ  ᠬᠠᠮᠢᠶᠠᠷᠤᠯᠲᠠ ᠶᠢᠨ  ᠳᠠᠭᠠᠭᠠᠴᠢᠯᠠᠯᠲᠠ  ᠵᠠᠷᠯᠠᠬᠤ  ᠳᠦᠷᠢᠮᠵᠢᠯ   ᠢ  ᠤᠯᠠᠮ  ᠨᠢᠭᠡ  ᠠᠯᠬᠤᠮ  ᠲᠡᠭᠦᠯᠳᠡᠷᠵᠢᠭᠦᠯᠵᠦ  ᠂  ᠠᠳᠠᠯ  ᠠᠬᠤᠢ   ᠶᠢᠨ  ᠬᠠᠮᠢᠶᠠᠷᠤᠯᠲᠠ   ᠶᠢᠨ  ᠲᠦᠪᠰᠢᠨ   ᠢ  ᠳᠡᠭᠡᠭᠰᠢᠯᠡᠭᠦᠯᠦᠨ᠎ᠡ  ᠃           ᠵᠢᠵᠢᠭ  ᠬᠤᠲᠠ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢ  ᠠᠬᠢᠭᠤᠯᠤᠨ᠎ᠠ  ᠃ ᠵᠢᠵᠢᠭ  ᠬᠤᠲᠠ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢ ᠰᠢᠨ᠎ᠡ  ᠬᠥᠳᠡᠭᠡ  ᠲᠣᠰᠬᠤᠨ  ᠂  ᠰᠢᠨ᠎ᠡ  ᠮᠠᠯᠵᠢᠬᠤ  ᠣᠷᠣᠨ   ᠤ  ᠪᠦᠲᠦᠭᠡᠨ  ᠪᠠᠶᠢᠭᠤᠯᠤᠯᠲᠠ   ᠯᠤᠭ᠎ᠠ  ᠤᠶᠠᠯᠳᠤᠭᠤᠯᠵᠤ  ᠂  ᠪᠡᠯᠡ  ᠮᠥᠩᠭᠦ   ᠪᠠᠨ  ᠤᠶᠠᠯᠳᠤᠭᠤᠯᠵᠤ  ᠂  ᠲᠥᠷᠥᠯ  ᠵᠦᠢᠯ   ᠢᠶᠠᠨ  ᠤᠶᠠᠯᠳᠤᠭᠤᠯᠵᠤ  ᠂  ᠣᠷᠤᠭᠤᠯᠤᠯᠲᠠ   ᠪᠠᠨ  ᠶᠡᠬᠡᠰᠬᠡᠵᠦ  ᠂  ᠤᠰᠤ  ᠂  ᠴᠠᠬᠢᠯᠭᠠᠨ  ᠂  ᠵᠠᠮ  ᠂  ᠨᠠᠮᠤᠭ   ᠤᠨ  ᠬᠡᠢ  ᠵᠢᠴᠢ  ᠬᠤᠲᠠ   ᠶᠢᠨ  ᠪᠠᠶᠢᠭᠤᠯᠤᠯᠲᠠ   ᠪᠠᠷ  ᠭᠤᠣᠯᠳᠠᠯᠭ᠎ᠠ  ᠪᠣᠯᠭᠠᠨ  ᠂  ᠵᠢᠵᠢᠭ  ᠬᠤᠲᠠ  ᠪᠠᠯᠭᠠᠰᠤᠨ   ᠤ  ᠭᠤᠸᠠᠯᠢᠬᠵᠢᠭᠤᠯᠤᠯᠲᠠ  ᠂  ᠰᠠᠷᠠᠭᠤᠯᠵᠢᠭᠤᠯᠤᠯᠲᠠ  ᠂  ᠴᠡᠪᠡᠷᠰᠢᠭᠦᠯᠦᠯᠲᠡ   ᠶᠢᠨ  ᠢᠨᠵᠧᠨᠧᠷᠢᠩ   ᠢ  ᠢᠳᠡᠪᠬᠢᠲᠡᠢ  ᠠᠬᠢᠭᠤᠯᠵᠤ  ᠂ ᠲᠡᠰ ᠳᠠᠪᠬᠤᠷᠭ᠎ᠠ   ᠶᠢ  ᠥᠨᠳᠥᠷᠵᠢᠭᠦᠯᠦᠨ  ᠂  ᠴᠢᠳᠠᠪᠬᠢ   ᠪᠠᠨ  ᠪᠦᠷᠢᠨᠰᠢᠭᠦᠯᠵᠦ  ᠂  ᠵᠢᠵᠢᠭ  ᠬᠤᠲᠠ  ᠪᠠᠯᠭᠠᠰᠤᠨ   ᠤ  ᠬᠦᠷᠢᠶ᠎ᠡ  ᠬᠡᠪᠴᠢᠶ᠎ᠡ   ᠪᠠᠨ  ᠲᠠᠰᠤᠷᠠᠯᠲᠠ  ᠦᠭᠡᠢ  ᠪᠤᠵᠠᠭᠠᠶᠢᠷᠠᠭᠤᠯᠤᠨ᠎ᠠ  ᠃ ᠰᠢᠶᠠᠩ  ᠪᠠᠯᠭᠠᠰᠤᠨ   ᠤ ᠪᠣᠯᠪᠠᠰᠤᠨ ᠢ  ᠡᠭᠦᠳᠦᠨ  ᠪᠠᠶᠢᠭᠤᠯᠬᠤ  ᠠᠯᠬᠤᠴᠠ ᠪᠠᠨ  ᠲᠦᠷᠭᠡᠳᠬᠡᠵᠦ  ᠂  ᠨᠥᠬᠦᠴᠡᠯ  ᠪᠦᠷᠢᠯᠳᠦᠭᠰᠡᠨ  ᠰᠤᠮᠤ  ᠰᠢᠶᠠᠩ  ᠪᠠᠯᠭᠠᠰᠤᠨ   ᠳᠤ  ᠬᠤᠶᠠᠷ  ᠪᠣᠯᠪᠠᠰᠤᠨ   ᠤ  ᠪᠠᠶᠢᠭᠤᠯᠤᠯᠲᠠ   ᠶᠢᠨ  ᠲᠤᠬᠠᠢ   ᠶᠢᠨ  ᠲᠠᠯᠠᠪᠤᠷ   ᠤᠨ  ᠬᠤᠷᠠᠯ   ᠢ  ᠦᠷᠭᠦᠯᠵᠢᠯᠡᠨ  ᠬᠤᠷᠠᠯᠳᠤᠭᠤᠯᠤᠨ᠎ᠠ  ᠃           ︵ᠵᠢᠷᠭᠤᠭ᠎ᠠ︶  ᠭᠤᠷᠪᠠᠳᠤᠭᠠᠷ  ᠠᠵᠤ  ᠦᠢᠯᠡᠰ   ᠤᠨ  ᠬᠥᠭᠵᠢᠯᠲᠡ   ᠶᠢ  ᠲᠦᠷᠭᠡᠳᠬᠡᠨ᠎ᠡ  ᠃  ᠳᠤᠮᠳᠠᠳᠤ  ᠤᠯᠤᠰ   ᠤᠨ  ᠮᠣᠷᠢᠨ  ᠮᠡᠷᠭᠡᠵᠢᠯ   ᠤᠨ  ᠨᠡᠶᠢᠭᠡᠮᠯᠢᠭ  ᠂  ᠠᠳᠤᠭᠤᠨ  ᠦᠢᠯᠡᠰ   ᠤᠨ  ᠨᠡᠶᠢᠭᠡᠮᠯᠢᠭ   ᠯᠦᠭᠡ   ᠶᠢᠨ ᠬᠠᠮᠵᠢᠯᠴᠠᠭ᠎ᠠ ᠪᠠᠨ  ᠴᠢᠩᠭᠠᠳᠬᠠᠵᠤ  ᠂ ᠮᠠᠯᠴᠢᠳ   ᠤᠨ  ᠬᠠᠭᠠᠨ   ᠤ  ᠠᠳᠤᠭᠤᠨ ᠨᠡᠶᠢᠭᠡᠮᠯᠢᠭ   ᠤᠨ  ᠬᠥᠭᠵᠢᠯᠲᠡ   ᠶᠢ  ᠲᠡᠳᠬᠦᠵᠦ  ᠂  ᠮᠠᠯᠴᠢᠳ   ᠢ  ᠳᠡᠮᠵᠢᠵᠦ  ᠂ ᠮᠣᠩᠭᠤᠯ  ᠠᠳᠤᠭᠤᠨ   ᠤ  ᠡᠭᠦᠯᠳᠡᠷ ᠰᠠᠶᠢᠵᠢᠷᠠᠭᠤᠯᠬᠤ  ᠰᠠᠭᠤᠷᠢᠨ  ᠭᠠᠵᠠᠷ  ᠂  ᠠᠳᠤᠭᠤ  ᠠᠷᠠᠴᠢᠯᠠᠬᠤ  ᠰᠠᠭᠤᠷᠢᠨ  ᠭᠠᠵᠠᠷ   ᠢ  ᠬᠥᠭᠵᠢᠭᠦᠯᠦᠨ  ᠂  ᠮᠠᠯᠴᠢᠨ  ᠲᠠᠷᠢᠶᠠᠴᠢᠨ   ᠳᠤ  ᠵᠠᠮᠴᠢᠯᠠᠨ  ᠂ ᠠᠳᠤᠭᠤ  ᠮᠠᠯᠵᠢᠵᠤ  ᠂  ᠮᠣᠷᠢ  ᠰᠤᠷᠭᠠᠬᠤ  ᠠᠵᠢᠯ   ᠢ  ᠢᠳᠡᠪᠬᠢᠲᠡᠢ  ᠬᠢᠯᠭᠡᠵᠦ  ᠂ ᠥᠷᠭᠡᠨ  ᠣᠯᠠᠨ  ᠮᠠᠯᠴᠢᠨ  ᠲᠠᠷᠢᠶᠠᠴᠢᠳ ᠢ  ᠳᠠᠶᠢᠴᠢᠯᠠᠨ  ᠴᠢᠨᠡᠭᠡᠯᠢᠭ   ᠲᠤ  ᠬᠦᠷᠭᠡᠨ᠎ᠠ  ᠃  ᠲᠠᠶᠢᠹᠤᠰᠧ  ᠬᠤᠰᠢᠭᠤᠨ   ᠤ  ᠡᠶ᠎ᠡ  ᠵᠣᠬᠢᠴᠡᠯᠲᠠᠢ  ᠠᠮᠢ  ᠠᠬᠤᠢ   ᠶᠢᠨ  ᠠᠵᠤ  ᠦᠢᠯᠡᠰ   ᠤᠨ  ᠵᠤᠭᠠᠴᠠᠯ   ᠤᠨ  ᠣᠷᠣᠨ   ᠤ  ᠣᠷᠣᠰ   ᠤᠨ  ᠬᠡᠪ  ᠨᠠᠮᠪᠠᠲᠤ  ᠵᠢᠵᠢᠭ  ᠪᠠᠯᠭᠠᠰᠤ  ᠵᠡᠷᠭᠡ  ᠭᠤᠷᠪᠠᠨ  ᠲᠥᠷᠥᠯ   ᠤᠨ  ᠢᠨᠵᠧᠨᠧᠷᠢᠩ   ᠶᠢᠨ  ᠪᠦᠲᠦᠭᠡᠨ  ᠪᠠᠶᠢᠭᠤᠯᠤᠯᠲᠠ   ᠶᠢ  ᠪᠡᠶᠡᠯᠡᠭᠦᠯᠵᠦ  ᠂ ᠲᠠᠶᠢᠹᠤᠰᠧ  ᠬᠤᠰᠢᠭᠤᠨ   ᠤ  ᠬᠠᠭᠠᠨ   ᠤ  ᠠᠳᠤᠭᠤᠨ  ᠬᠦᠷᠢᠶᠡᠯᠡᠩ   ᠤᠨ  ᠵᠤᠭᠠᠴᠠᠯ   ᠤᠨ  ᠲᠥᠬᠦᠭᠡᠷᠦᠮᠵᠢ   ᠶᠢ  ᠪᠦᠷᠢᠨᠰᠢᠭᠦᠯᠦᠨ᠎ᠡ  ᠃  ︽ᠵᠢᠩ  ᠵᠢᠢ ︾  ᠠᠪᠠ   ᠶᠢᠨ  ᠲᠠᠯᠠᠪᠠᠢ   ᠶᠢᠨ  ᠪᠦᠲᠦᠭᠡᠨ  ᠪᠠᠶᠢᠭᠤᠯᠤᠯᠲᠠ   ᠶᠢ  ᠪᠡᠶᠡᠯᠡᠭᠦᠯᠵᠦ  ᠂  ᠵᠢᠯ   ᠤᠨ  ᠳᠣᠲᠣᠷ᠎ᠠ  ᠡᠬᠢᠯᠡᠨ  ᠡᠵᠡᠩᠨᠡᠬᠦ   ᠪᠠᠷ  ᠴᠢᠷᠮᠠᠶᠢᠨ᠎ᠠ  ᠃  ᠲᠤᠬᠠᠶᠢᠯᠠᠭᠰᠠᠨ  ᠠᠵᠢᠯ  ᠲᠥᠷᠥᠯ   ᠤᠨ  ᠬᠠᠮᠢᠶᠠᠷᠤᠯᠲᠠ   ᠶᠢ  ᠴᠢᠩᠭᠠᠳᠬᠠᠵᠤ  ᠂  ︽ᠮᠠᠯᠴᠢᠨ  ᠠᠶᠢᠯ︾   ᠤᠨ  ᠦᠢᠯᠡᠴᠢᠯᠡᠭᠡᠨ   ᠤ  ᠲᠦᠪᠰᠢᠨ  ᠪᠠ  ᠴᠢᠨᠠᠷ  ᠲᠡᠰ   ᠢ  ᠳᠡᠭᠡᠭᠰᠢᠯᠡᠭᠦᠯᠵᠦ  ᠂  ︽ᠨᠦᠩ  ᠵᠢᠶ᠋ᠨ ᠯᠧ︾  ᠪᠣᠯᠣᠨ  ᠠᠮᠢ  ᠠᠬᠤᠢ   ᠶᠢᠨ  ᠲᠠᠷᠢᠶᠠᠯᠠᠩ   ᠤᠨ  ᠵᠤᠭᠠᠴᠠᠯ   ᠢ  ᠲᠥᠯᠥᠪᠯᠡᠨ  ᠭᠠᠷᠭᠠᠨ᠎ᠠ  ᠃  ᠪᠦᠬᠦ  ᠵᠢᠯ   ᠳᠤ  ᠨᠡᠶᠢᠲᠡ 15 ᠲᠦᠮᠡᠨ  ᠵᠤᠭᠠᠴᠠᠭᠰᠠᠳ   ᠢ  ᠬᠦᠯᠢᠶᠡᠨ  ᠵᠣᠴᠢᠯᠠᠵᠤ  ᠂  ᠵᠤᠭᠠᠴᠠᠯ   ᠤᠨ  ᠣᠷᠣᠯᠭ᠎ᠠ   ᠶᠢ 7500 ᠲᠦᠮᠡᠨ ᠲᠥᠭᠦᠷᠢᠭ   ᠲᠤ  ᠬᠦᠷᠭᠡᠨ᠎ᠡ  ᠃           ᠶᠡᠷᠦᠩᠬᠡᠶᠢᠯᠡᠭᠰᠡᠨ  ᠦᠢᠯᠡᠴᠢᠯᠡᠭᠡᠨ   ᠤ ᠴᠢᠳᠠᠪᠬᠢ   ᠪᠠᠨ  ᠳᠡᠭᠡᠭᠰᠢᠯᠡᠭᠦᠯᠬᠦ  ᠪᠠ  ᠦᠢᠯᠡᠴᠢᠯᠡᠭᠡᠨ   ᠤ  ᠲᠦᠪᠰᠢᠨ   ᠢᠶᠠᠨ  ᠳᠡᠭᠡᠭᠰᠢᠯᠡᠭᠦᠯᠬᠦ   ᠪᠠᠷ  ᠬᠠᠷᠠᠯᠲᠠ  ᠪᠣᠯᠭᠠᠵᠤ  ᠂  ᠦᠢᠯᠡᠴᠢᠯᠡᠭᠡᠨ   ᠤ  ᠦᠢᠯᠡᠰ   ᠢ  ᠶᠡᠭᠡ   ᠪᠠᠷ  ᠬᠥᠭᠵᠢᠭᠦᠯᠦᠨ᠎ᠡ  ᠃  ᠠᠷᠠᠯᠵᠢᠶ᠎ᠠ  ᠬᠤᠳᠠᠯᠳᠤᠭ᠎ᠠ  ᠂  ᠭᠦᠢᠯᠭᠡᠭᠡᠨ   ᠤ  ᠰᠢᠰᠲ᠋ᠧᠮ   ᠤᠨ  ᠪᠦᠲᠦᠭᠡᠨ  ᠪᠠᠶᠢᠭᠤᠯᠤᠯᠲᠠ   ᠶᠢ  ᠲᠦᠷᠭᠡᠳᠬᠡᠵᠦ᠂  ᠠᠷᠠᠯᠵᠢᠶ᠎ᠠ  ᠭᠦᠢᠯᠭᠡᠭᠡᠨ ᠤ ᠦᠢᠯᠡᠰ ᠢ ᠪᠤᠵᠠᠭᠠᠶᠢᠷᠠᠭᠤᠯᠤᠨ᠂ ᠠᠷᠠᠯᠵᠢᠶᠠᠴᠢᠨ  ᠤᠷᠢᠵᠤ  ᠪᠡᠯᠡ  ᠲᠠᠲᠠᠬᠤ  ᠬᠦᠴᠦᠯᠡᠴᠡ   ᠪᠠᠨ  ᠶᠡᠬᠡᠰᠬᠡᠵᠦ  ᠂  ᠨᠡᠭᠦᠷᠡᠰᠦᠨ   ᠤ  ᠵᠠᠬ᠎ᠠ  ᠳᠡᠯᠭᠡᠭᠦᠷ  ᠂  ᠪᠠᠷᠢᠯᠭ᠎ᠠ ᠶᠢᠨ ᠮᠠᠲ᠋ᠧᠷᠢᠶᠠᠯ ᠤᠨ ᠡᠵᠡᠩᠨᠡᠨ ᠪᠣᠷᠣᠯᠠᠭᠤᠯᠭ᠎ᠠ   ᠶᠢᠨ  ᠵᠠᠬ᠎ᠠ  ᠳᠡᠯᠭᠡᠭᠦᠷ   ᠢ  ᠪᠠᠶᠢᠭᠤᠯᠤᠨ᠎ᠠ  ᠃  ︽ᠲᠦᠮᠡᠨ  ᠲᠣᠰᠬᠤᠨ  ᠮᠢᠩᠭᠠᠨ  ᠰᠢᠶᠠᠩ︾   ᠤᠨ  ᠵᠠᠬ᠎ᠠ  ᠳᠡᠯᠭᠡᠭᠦᠷ   ᠤᠨ  ᠢᠨᠵᠧᠨᠧᠷᠢᠩ   ᠢ  ᠦᠷᠭᠦᠯᠵᠢᠯᠡᠨ  ᠰᠠᠶᠢᠲᠤᠷ  ᠠᠳᠬᠤᠵᠤ  ᠂  ᠬᠤᠰᠢᠭᠤᠨ   ᠠᠴᠠ  ᠰᠤᠮᠤ  ᠰᠢᠶᠠᠩ  ᠪᠠᠯᠭᠠᠰᠤ  ᠂  ᠰᠤᠮᠤ  ᠰᠢᠶᠠᠩ  ᠪᠠᠯᠭᠠᠰᠤᠨ   ᠠᠴᠠ  ᠭᠠᠴᠠᠭ᠎ᠠ  ᠲᠣᠰᠬᠤᠨ   ᠳᠤ  ᠬᠦᠷᠬᠦ  ᠲᠥᠬᠦᠮ  ᠳᠥᠲᠡ  ᠂  ᠥᠨᠳᠥᠷ ᠠᠰᠢᠭᠲᠤ ᠠᠷᠠᠯᠵᠢᠶ᠎ᠠ  ᠬᠤᠳᠠᠯᠳᠤᠭᠠᠨ   ᠤ  ᠭᠦᠢᠯᠭᠡᠭᠡᠨ   ᠤ ᠰᠦᠯᠵᠢᠶ᠎ᠡ   ᠶᠢ  ᠡᠭᠦᠳᠦᠨ  ᠪᠠᠶᠢᠭᠤᠯᠤᠨ᠎ᠠ  ᠃  ᠭᠡᠷ   ᠤᠨ ᠠᠳᠠᠯ   ᠤᠨ ᠦᠢᠯᠡᠴᠢᠯᠡᠭᠡ  ᠂  ᠮᠡᠳᠡᠭᠡ  ᠵᠠᠩᠭᠢ  ᠪᠠ  ᠠᠰᠠᠭᠤᠨ  ᠯᠠᠪᠯᠠᠬᠤ᠂ ᠬᠤᠯᠪᠣᠭᠠᠯᠠᠭᠰᠠᠨ  ᠡᠵᠡᠩᠨᠡᠯᠲᠡ  ᠂  ᠨᠡᠶᠢᠭᠡᠮ  ᠲᠣᠭᠤᠷᠢᠭ   ᠤᠨ  ᠬᠤᠳᠠᠯᠳᠤᠭᠠᠨ   ᠤ  ᠦᠢᠯᠡᠰ  ᠂  ᠪᠣᠳᠠᠰ   ᠤᠨ  ᠭᠦᠢᠯᠭᠡᠭᠡᠨ   ᠤ  ᠲᠣᠬᠢᠷᠠᠭᠤᠯᠤᠨ  ᠬᠦᠷᠭᠡᠬᠦ   ᠦᠢᠯᠡᠰ ᠵᠡᠷᠭᠡ  ᠣᠳᠣᠬᠢᠴᠢᠯᠠᠭᠰᠠᠨ  ᠦᠢᠯᠡᠴᠢᠯᠡᠭᠡᠨ   ᠤ  ᠦᠢᠯᠡᠰ   ᠢ  ᠬᠦᠴᠦ  ᠲᠠᠯᠪᠢᠨ  ᠬᠥᠭᠵᠢᠭᠦᠯᠵᠦ  ᠂ ᠣᠳᠣᠨ  ᠲᠡᠰ   ᠤᠨ  ᠵᠣᠴᠢᠳ   ᠤᠨ  ᠪᠠᠭᠤᠳᠠᠯ   ᠢ  ᠡᠭᠦᠳᠦᠨ  ᠪᠠᠶᠢᠭᠤᠯᠬᠤ ᠠᠵᠢᠯᠯᠠᠭ᠎ᠠ   ᠶᠢ ᠪᠦᠬᠦ  ᠲᠠᠯ᠎ᠠ   ᠪᠠᠷ  ᠥᠷᠨᠢᠭᠦᠯᠵᠦ  ᠂  ᠢᠳᠡᠭᠡᠨ  ᠤᠮᠳᠠᠭᠠᠨ  ᠂  ᠣᠷᠣᠨ  ᠰᠠᠭᠤᠴᠠ  ᠂  ᠨᠡᠪᠲᠡᠷᠡᠭᠦᠯᠭᠡ  ᠬᠤᠯᠪᠣᠭ᠎ᠠ  ᠂  ᠵᠤᠭ᠎ᠠ  ᠴᠡᠩᠭᠡᠯ  ᠂  ᠨᠡᠶᠢᠭᠡᠮ  ᠲᠣᠭᠤᠷᠢᠭ   ᠤᠨ ᠦᠢᠯᠡᠴᠢᠯᠡᠭᠡ  ᠵᠡᠷᠭᠡ  ᠬᠡᠷᠡᠭᠯᠡᠭᠡᠨ   ᠤ ᠬᠠᠯᠠᠭᠤᠨ ᠴᠡᠭ ᠢ ᠢᠳᠡᠪᠬᠢᠲᠡᠢ  ᠪᠣᠶᠢᠵᠢᠭᠤᠯᠵᠤ᠂ ᠨᠡᠶᠢᠭᠡᠮ   ᠤᠨ  ᠬᠡᠷᠡᠭᠯᠡᠭᠡᠨ   ᠤ  ᠲᠠᠸᠠᠷ   ᠤᠨ  ᠵᠢᠵᠢᠭᠯᠡᠨ  ᠪᠣᠷᠣᠯᠠᠭᠤᠯᠤᠭᠰᠠᠨ  ᠶᠡᠷᠦᠩᠬᠡᠢ  ᠲᠤᠭ᠎ᠠ  ᠨᠤᠷᠮ᠎ᠠ   ᠶᠢ 6.7 ᠳ᠋ᠦᠩᠰᠢᠭᠤᠷ  ᠲᠥᠭᠦᠷᠢᠭ   ᠲᠤ  ᠬᠦᠷᠭᠡᠨ᠎ᠡ  ᠃                   ︵ᠳᠣᠯᠤᠭ᠎ᠠ︶  ᠨᠡᠶᠢᠭᠡᠮ  ᠨᠡᠶᠢᠲᠡ   ᠶᠢᠨ  ᠡᠳ᠋   ᠤᠨ  ᠵᠠᠰᠠᠭ   ᠤᠨ  ᠰᠢᠰᠲ᠋ᠧᠮ   ᠢ  ᠲᠡᠭᠦᠯᠳᠡᠷᠵᠢᠭᠦᠯᠦᠨ᠎ᠡ  ᠃  ᠭᠠᠶᠢᠯᠢ   ᠶᠢᠨ  ᠣᠷᠣᠯᠭ᠎ᠠ   ᠶᠢᠨ  ᠬᠤᠷᠢᠶᠠᠯᠲᠠ  ᠬᠠᠮᠢᠶᠠᠷᠤᠯᠲᠠ   ᠶᠢ  ᠤᠯᠠᠮ  ᠨᠢᠭᠡ  ᠠᠯᠬᠤᠮ  ᠴᠢᠩᠭᠠᠳᠬᠠᠬᠤ   ᠶᠢᠨ  ᠬᠠᠮᠲᠤ  ᠂ ᠭᠠᠶᠢᠯᠢ   ᠶᠢᠨ  ᠪᠤᠰᠤ  ᠣᠷᠣᠯᠭ᠎ᠠ ᠶᠢᠨ ᠬᠠᠮᠢᠶᠠᠷᠤᠯᠲᠠ   ᠪᠠᠨ  ᠴᠢᠩᠭᠠᠳᠬᠠᠵᠤ  ᠂  ᠬᠠᠤᠯᠢ  ᠶᠣᠰᠣᠭᠠᠷ  ᠬᠤᠷᠢᠶᠠᠨ  ᠲᠠᠲᠠᠪᠤᠷᠢᠯᠠᠬᠤ  ᠬᠦᠴᠦᠯᠡᠴᠡ   ᠪᠠᠨ ᠶᠡᠬᠡᠰᠬᠡᠨ᠎ᠡ᠃  ᠤᠯᠤᠰ  ᠂  ᠥᠪᠡᠷᠲᠡᠭᠡᠨ  ᠵᠠᠰᠠᠬᠤ  ᠣᠷᠣᠨ   ᠤ  ᠡᠳ᠋   ᠤᠨ  ᠵᠠᠰᠠᠭ  ᠂  ᠭᠠᠶᠢᠯᠢ ᠲᠠᠲᠠᠪᠤᠷᠢ ᠶᠢᠨ  ᠲᠥᠷᠥ   ᠶᠢᠨ  ᠪᠣᠳᠣᠯᠭ᠎ᠠ   ᠶᠢ  ᠨᠠᠷᠢᠨ  ᠬᠢᠨᠠᠮᠠᠭᠠᠢ  ᠰᠤᠳᠤᠯᠵᠤ  ᠂ ᠭᠤᠣᠯᠳᠠᠯᠭ᠎ᠠ ᠲᠠᠢ ᠪᠡᠯᠡ ᠮᠥᠩᠭᠦᠨ ᠤ  ᠣᠷᠤᠭᠤᠯᠤᠯᠲᠠ   ᠶᠢᠨ  ᠬᠠᠨᠳᠤᠰᠢ   ᠶᠢ  ᠡᠵᠡᠮᠰᠢᠵᠦ  ᠂  ᠳᠡᠭᠡᠳᠦ  ᠱᠠᠲᠤᠨ   ᠤ  ᠲᠥᠷᠥᠯ  ᠵᠦᠢᠯ   ᠯᠦᠭᠡ   ᠶᠢᠨ ᠵᠠᠯᠭᠠᠯᠳᠤᠯ ᠪᠣᠯᠣᠨ  ᠲᠥᠷᠥᠯ  ᠵᠦᠢᠯ   ᠤᠨ  ᠬᠥᠮᠥᠷᠭᠡ   ᠶᠢᠨ  ᠪᠠᠶᠢᠭᠤᠯᠤᠯᠲᠠ   ᠶᠢ  ᠰᠠᠶᠢᠲᠤᠷ ᠬᠢᠵᠦ᠂ ᠤᠯᠤᠰ   ᠤᠨ  ᠲᠥᠷᠥᠯ  ᠵᠦᠢᠯ   ᠤᠨ  ᠪᠡᠯᠡ  ᠮᠥᠩᠭᠦ  ᠪᠣᠯᠣᠨ  ᠰᠢᠯᠵᠢᠭᠦᠯᠦᠨ  ᠥᠭᠬᠦ  ᠪᠡᠯᠡ  ᠮᠥᠩᠭᠦ   ᠶᠢ  ᠶᠡᠭᠡ  ᠬᠡᠮᠵᠢᠶ᠎ᠡ   ᠪᠠᠷ ᠲᠡᠮᠡᠴᠡᠨ  ᠣᠯᠣᠨ᠎ᠠ  ᠃  ᠲᠥᠰᠥᠪ   ᠤᠨ  ᠬᠠᠮᠢᠶᠠᠷᠤᠯᠲᠠ   ᠶᠢ  ᠴᠢᠩᠭᠠᠳᠬᠠᠵᠤ  ᠂  ᠣᠷᠣᠯᠭ᠎ᠠ  ᠵᠠᠷᠤᠯᠭ᠎ᠠ   ᠶᠢᠨ  ᠪᠦᠲᠦᠴᠡ   ᠶᠢ  ᠤᠯᠠᠮ   ᠢᠶᠠᠷ  ᠰᠠᠶᠢᠵᠢᠷᠠᠭᠤᠯᠤᠨ  ᠰᠢᠯᠢᠳᠡᠭᠵᠢᠭᠦᠯᠵᠦ  ᠂  ᠶᠡᠷᠦᠳᠡ   ᠶᠢᠨ  ᠴᠢᠨᠠᠷᠲᠠᠢ  ᠵᠠᠰᠠᠭ  ᠵᠠᠬᠢᠷᠭᠠᠨ   ᠤ  ᠴᠢᠨᠠᠷᠲᠠᠢ  ᠠᠵᠢᠯ  ᠦᠢᠯᠡᠰ   ᠤᠨ  ᠵᠠᠷᠤᠳᠠᠯ   ᠤᠨ  ᠨᠡᠮᠡᠭᠳᠡᠯ   ᠢ  ᠬᠢᠵᠠᠭᠠᠷᠯᠠᠵᠤ  ᠂  ᠰᠢᠨ᠎ᠡ   ᠪᠠᠷ  ᠨᠡᠮᠡᠭᠳᠡᠭᠰᠡᠨ  ᠡᠳ᠋   ᠤᠨ  ᠬᠦᠴᠦᠨ   ᠤ  ᠬᠤᠪᠢᠶᠠᠷᠢᠯᠠᠯᠲᠠ   ᠶᠢ ᠠᠷᠠᠳ   ᠤᠨ  ᠠᠮᠢᠳᠤᠷᠠᠯ   ᠤᠨ  ᠠᠰᠠᠭᠤᠳᠠᠯ   ᠢ  ᠰᠢᠢᠳᠪᠦᠷᠢᠯᠡᠬᠦ  ᠪᠣᠯᠣᠨ  ᠨᠡᠶᠢᠲᠡ   ᠶᠢᠨ  ᠠᠰᠠᠷᠠᠮᠵᠢ   ᠶᠢᠨ  ᠦᠢᠯᠡᠰ   ᠢ  ᠬᠥᠭᠵᠢᠭᠦᠯᠬᠦ ᠲᠡᠰᠢ᠂     ᠣᠯᠠᠨ  ᠲᠦᠮᠡᠨ   ᠳᠤ  ᠂  ᠦᠨᠳᠦᠰᠦᠨ  ᠱᠠᠲᠤᠨ   ᠳᠤ  ᠪᠣᠳᠠᠲᠠᠢ  ᠠᠵᠢᠯ  ᠬᠢᠵᠦ  ᠂  ᠪᠣᠳᠠᠲᠠᠢ  ᠬᠦᠴᠢᠷᠳᠡᠯ   ᠢ  ᠰᠢᠢᠳᠪᠦᠷᠢᠯᠡᠬᠦ  ᠲᠡᠰᠢ  ᠂ ᠺᠠᠳᠠᠷ  ᠣᠯᠠᠨ  ᠲᠦᠮᠡᠨ   ᠳᠤ  ᠠᠰᠢᠭ  ᠲᠤᠰᠠ ᠬᠦᠷᠲᠡᠭᠡᠬᠦ ᠲᠥᠷᠥ   ᠶᠢᠨ  ᠪᠣᠳᠣᠯᠭ᠎ᠠ ᠠᠷᠭ᠎ᠠ  ᠪᠠᠷᠢᠯ ᠲᠡᠰᠢ  ᠨᠡᠩ  ᠢᠯᠡᠭᠦᠦ  ᠬᠡᠯᠪᠡᠶᠢᠯᠭᠡᠨ᠎ᠡ᠃  ᠡᠳ᠋   ᠤᠨ  ᠵᠠᠰᠠᠭ   ᠤᠨ  ᠪᠡᠯᠡ  ᠮᠥᠩᠭᠦᠨ   ᠤ  ᠵᠢᠯᠣᠭᠤᠳᠤᠨ  ᠳᠠᠭᠠᠭᠤᠯᠬᠤ  ᠦᠢᠯᠡᠳᠦᠯ   ᠢ  ᠪᠠᠳᠠᠷᠠᠭᠤᠯᠵᠤ  ᠂  ᠲᠥᠷᠥᠯ  ᠵᠦᠢᠯ   ᠤᠨ  ᠲᠦᠷᠦᠭᠦᠴᠢ   ᠶᠢᠨ  ᠬᠤᠭᠤᠴᠠᠭᠠᠨ   ᠤ  ᠵᠠᠷᠤᠳᠠᠯ  ᠂  ᠬᠤᠲᠠ  ᠪᠠᠯᠭᠠᠰᠤᠨ   ᠤ  ᠪᠦᠲᠦᠭᠡᠨ  ᠪᠠᠶᠢᠭᠤᠯᠤᠯᠲᠠ   ᠶᠢᠨ ᠤᠳᠤᠷᠢᠳᠤᠮᠵᠢ  ᠪᠡᠯᠡ ᠮᠥᠩᠭᠦ   ᠶᠢ  ᠨᠡᠮᠡᠭᠳᠡᠭᠦᠯᠦᠨ᠎ᠡ᠃ ᠰᠤᠮᠤ  ᠰᠢᠶᠠᠩ  ᠪᠠᠯᠭᠠᠰᠤᠨ   ᠤ ᠠᠵᠤ  ᠠᠬᠤᠢ   ᠪᠠᠨ ᠬᠦᠴᠦᠯᠡᠨ    ᠬᠥᠭᠵᠢᠭᠦᠯᠬᠦ   ᠶᠢ  ᠵᠣᠷᠢᠭᠵᠢᠭᠤᠯᠵᠤ  ᠂ ᠰᠤᠮᠤ  ᠰᠢᠶᠠᠩ   ᠪᠠᠯᠭᠠᠰᠤᠨ ᠤ ᠦᠪᠡᠷᠳᠡᠭᠡᠨ  ᠣᠷᠣᠭᠤᠯᠤᠭᠰᠠᠨ ᠲᠥᠷᠥᠯ  ᠵᠦᠢᠯ  ᠪᠣᠯᠭᠠᠨ   ᠤ  ᠭᠤᠷᠪᠠᠨ ᠵᠢᠯ   ᠤᠨ  ᠳᠣᠲᠣᠷᠠᠬᠢ ᠠᠵᠤ  ᠠᠬᠤᠶᠢᠯᠠᠯ   ᠤᠨ ᠳᠡᠭᠡᠭᠰᠢ  ᠲᠤᠰᠢᠶᠠᠭᠰᠠᠨ  ᠭᠠᠶᠢᠯᠢ  ᠮᠥᠩᠭᠦ   ᠶᠢᠨ  ᠬᠤᠰᠢᠭᠤ  ᠱᠠᠲᠤᠨ   ᠳᠤ ᠦᠯᠡᠳᠡᠭᠡᠬᠦ  ᠬᠡᠰᠡᠭ   ᠢ ᠨᠢ ᠬᠥᠬᠢᠭᠦᠯᠦᠯ   ᠤᠨ  ᠪᠡᠯᠡ  ᠮᠥᠩᠭᠦ  ᠪᠣᠯᠭᠠᠵᠤ  ᠂  ᠪᠦᠬᠦ  ᠲᠤᠭ᠎ᠠ  ᠨᠤᠷᠮ᠎ᠠ   ᠪᠠᠷ   ᠨᠢ  ᠰᠤᠮᠤ  ᠰᠢᠶᠠᠩ  ᠪᠠᠯᠭᠠᠰᠤᠨ   ᠳᠤ  ᠪᠤᠴᠠᠭᠠᠵᠤ  ᠥᠭᠭᠦᠨ᠎ᠡ  ᠃ ᠳᠠᠷᠠᠭ᠎ᠠ  ᠵᠢᠯ   ᠠᠴᠠ  ᠡᠬᠢᠯᠡᠨ  ᠂  ᠭᠠᠴᠠᠭ᠎ᠠ  ᠲᠣᠰᠬᠤᠨ  ᠂ ᠨᠡᠶᠢᠭᠡᠮ  ᠲᠣᠭᠤᠷᠢᠭ   ᠤᠨ  ᠨᠠᠮ   ᠤᠨ  ᠡᠭᠦᠷ   ᠤᠨ  ᠱᠦᠵᠢ  ᠪᠤᠶᠤ ᠳᠠᠷᠤᠭ᠎ᠠ ᠡᠷᠬᠢᠯᠡᠭᠴᠢ ᠶᠢᠨ  ᠲᠤᠰᠢᠶᠠᠯ   ᠢ  ᠡᠭᠦᠷᠭᠡᠯᠡᠵᠦ  ᠵᠣᠬᠢᠬᠤ  ᠣᠨ ᠵᠢᠯ   ᠤᠨ  ᠬᠤᠭᠤᠴᠠᠭᠠᠨ ᠳᠤ  ᠬᠦᠷᠴᠦ᠂  ᠡᠩ   ᠤᠨ  ᠵᠢᠷᠤᠮᠵᠢᠯ   ᠢᠶᠠᠷ ᠠᠵᠢᠯ   ᠠᠴᠠ   ᠪᠠᠨ  ᠪᠠᠭᠤᠭᠰᠠᠨ  ᠠᠬᠠᠮᠠᠳ ᠨᠥᠬᠦᠳ   ᠲᠤ  ᠡᠳ᠋   ᠤᠨ  ᠵᠠᠰᠠᠭ   ᠤᠨ  ᠪᠠᠶᠢᠳᠠᠯ   ᠢᠶᠠᠨ  ᠦᠨᠳᠦᠰᠦᠯᠡᠵᠦ  ᠵᠣᠬᠢᠬᠤ  ᠬᠡᠮᠵᠢᠶᠡᠨ   ᠤ  ᠠᠮᠢᠳᠤᠷᠠᠯ   ᠤᠨ  ᠨᠥᠬᠦᠪᠦᠷᠢ  ᠣᠯᠭᠤᠨ᠎ᠠ  ᠃          ︵ᠨᠠᠢᠮᠠ︶  ᠡᠶ᠎ᠡ  ᠵᠣᠬᠢᠴᠠᠯᠲᠦ  ᠲᠠᠶᠢᠹᠤᠰᠧ  ᠬᠤᠰᠢᠭᠤᠨ   ᠤ  ᠪᠦᠲᠦᠭᠡᠨ  ᠪᠠᠶᠢᠭᠤᠯᠤᠯᠲᠠ   ᠪᠠᠨ  ᠲᠦᠷᠭᠡᠳᠬᠡᠨ᠎ᠡ  ᠃  ᠣᠯᠠᠨ ᠲᠦᠮᠡᠨ ᠤ ᠠᠩᠬᠠᠷᠤᠨ ᠬᠠᠯᠠᠮᠵᠢᠯᠠᠵᠤ ᠪᠠᠶᠢᠭ᠎ᠠ  ᠂ ᠲᠦᠪᠡᠭ   ᠲᠠᠢ  ᠠᠰᠠᠭᠤᠳᠠᠯ ᠢ  ᠵᠠᠰᠠᠭ ᠤᠨ ᠣᠷᠳᠣᠨ ᠤ ᠠᠵᠢᠯ ᠤᠨ ᠭᠤᠣᠯᠳᠠᠯᠭ᠎ᠠ  ᠪᠣᠯᠭᠠᠬᠤ   ᠶᠢ  ᠪᠠᠷᠢᠮᠲᠠᠯᠠᠵᠤ  ᠂  ᠬᠥᠭᠵᠢᠯᠲᠡ   ᠶᠢᠨ  ᠦᠷ᠎ᠡ  ᠪᠦᠲᠦᠭᠡᠯ   ᠢᠶᠠᠨ  ᠨᠡᠶᠢᠭᠡᠮ   ᠤᠨ  ᠠᠵᠢᠯ  ᠦᠢᠯᠡᠰ   ᠤᠨ  ᠠᠯᠬᠤᠮ  ᠳᠠᠪᠰᠢᠯᠲᠠ  ᠳᠡᠭᠡᠷ᠎ᠡ  ᠨᠡᠩ  ᠢᠯᠡᠭᠦᠦ  ᠢᠯᠡᠷᠡᠭᠦᠯᠵᠦ  ᠂  ᠠᠷᠠᠳ ᠲᠦᠮᠡᠨ ᠤ  ᠠᠮᠢᠳᠤᠷᠠᠯ   ᠤᠨ ᠲᠦᠪᠰᠢᠨ ᠢ ᠳᠡᠭᠡᠭᠰᠢᠯᠡᠭᠦᠯᠬᠦ ᠳᠡᠭᠡᠷ᠎ᠡ ᠲᠤᠰᠬᠠᠵᠤ᠂ ᠦᠨᠡᠨ ᠪᠣᠳᠠᠲᠠᠢ ᠠᠵᠢᠯ ᠢᠶᠠᠷ ᠠᠷᠠᠳ ᠲᠦᠮᠡᠨ ᠤ ᠢᠲᠡᠭᠡᠯ ᠪᠠ ᠳᠡᠮᠵᠢᠯᠭᠡ ᠶᠢ ᠣᠯᠣᠨ᠎ᠠ  ᠃        ᠨᠢᠭᠡ ᠳᠤ  ᠂  ᠠᠷᠠᠳ ᠤᠨ ᠠᠮᠢᠳᠤᠷᠠᠯ ᠢ  ᠳᠡᠭᠡᠳᠦ  ᠬᠡᠮᠵᠢᠶ᠎ᠡ   ᠪᠠᠷ  ᠠᠩᠬᠠᠷᠴᠤ ᠬᠠᠯᠠᠮᠵᠢᠯᠠᠨ᠎ᠠ  ᠃  ᠠᠵᠢᠯ  ᠣᠯᠭᠤᠬᠤ  ᠂  ᠲᠠᠬᠢᠨ  ᠠᠵᠢᠯ ᠣᠯᠭᠤᠬᠤ  ᠪᠠ  ᠨᠡᠶᠢᠭᠡᠮ   ᠤᠨ  ᠪᠠᠲᠤᠯᠠᠭᠠᠨ   ᠤ  ᠠᠵᠢᠯ   ᠢ  ᠦᠨᠡᠨ  ᠬᠦ  ᠰᠠᠶᠢᠲᠤᠷ  ᠬᠢᠨ᠎ᠡ᠃  ︽ᠠᠵᠤ ᠠᠬᠤᠢ ᠶᠢᠨ  ᠬᠥᠭᠵᠢᠯᠲᠡ   ᠪᠠᠷ  ᠨᠢᠭᠡ  ᠪᠦᠯᠦᠭ   ᠢ  ᠰᠢᠩᠭᠡᠭᠡᠵᠦ  ︔  ᠨᠡᠶᠢᠭᠡᠮ   ᠤᠨ  ᠠᠰᠠᠷᠠᠮᠵᠢ   ᠶᠢᠨ  ᠠᠵᠢᠯ   ᠤᠨ  ᠪᠠᠶᠢᠷᠢ   ᠪᠠᠷ ᠨᠢᠭᠡ  ᠪᠦᠯᠦᠭ   ᠢ  ᠪᠠᠶᠢᠷᠢᠯᠠᠭᠤᠯᠵᠤ  ︔  ᠪᠣᠯᠪᠠᠰᠤᠷᠠᠯ   ᠢ ᠴᠢᠩᠭᠠᠳᠬᠠᠨ  ᠨᠢᠭᠡ  ᠪᠦᠯᠦᠭ ᠢ  ᠭᠠᠳᠠᠭᠰᠢ  ᠭᠠᠷᠭᠠᠵᠤ  ︔  ᠲᠥᠷᠥ   ᠶᠢᠨ  ᠪᠣᠳᠣᠯᠭ᠎ᠠ   ᠪᠠᠷ  ᠵᠣᠷᠢᠭᠵᠢᠭᠤᠯᠵᠤ  ᠨᠢᠭᠡ  ᠪᠦᠯᠦᠭ   ᠢ  ᠦᠢᠯᠡᠰ  ᠪᠦᠲᠦᠭᠡᠯᠭᠡᠬᠦ︾  ᠵᠠᠷᠴᠢᠮ  ᠶᠣᠰᠣᠭᠠᠷ  ᠠᠵᠢᠯᠲᠠᠨ  ᠬᠡᠷᠡᠭᠰᠡᠬᠦ  ᠠᠵᠢᠯ   ᠤᠨ  ᠪᠠᠶᠢᠷᠢ   ᠶᠢ  ᠥᠷᠭᠡᠨ ᠢᠶᠠᠷ  ᠡᠯᠰᠡᠵᠦ᠂ 750 ᠬᠥᠮᠥᠨ   ᠳᠤ  ᠰᠢᠨ᠎ᠡ   ᠪᠠᠷ  ᠠᠵᠢᠯ  ᠣᠯᠭᠤᠵᠤ  ᠂ 400 ᠨᠡᠷ᠎ᠡ  ᠬᠤᠲᠠ  ᠪᠠᠯᠭᠠᠰᠤᠨ ᠤ ᠠᠵᠢᠯ ᠠᠯᠳᠠᠭᠰᠠᠳ   ᠲᠤ  ᠠᠵᠢᠯ  ᠣᠯᠭᠤᠵᠤ  ᠂  ᠬᠤᠲᠠ  ᠪᠠᠯᠭᠠᠰᠤᠨ   ᠤ  ᠳᠠᠩᠰᠠᠯᠠᠭᠤᠯᠤᠭᠰᠠᠨ ᠠᠵᠢᠯ  ᠠᠯᠳᠠᠬᠤ ᠨᠤᠷᠮ᠎ᠠ ᠶᠢ 4.3% ᠶᠢᠨ ᠳᠣᠲᠣᠷ᠎ᠠ ᠬᠢᠵᠠᠭᠠᠷᠯᠠᠨ᠎ᠠ᠃ ᠭᠠᠳᠠᠭᠰᠢ  ᠭᠠᠷᠴᠤ  ᠬᠥᠳᠡᠯᠮᠦᠷᠢᠯᠡᠭᠴᠢᠳ ᠤᠨ ᠮᠥᠷᠳᠡᠨ ᠦᠢᠯᠡᠴᠢᠯᠡᠭᠡ ᠶᠢ ᠰᠠᠶᠢᠲᠤᠷ ᠬᠢᠵᠦ  ᠂  ᠬᠠᠷᠠᠭᠠᠯᠵᠠᠯᠲᠤ ᠲᠥᠷᠥ   ᠶᠢᠨ  ᠪᠣᠳᠣᠯᠭ᠎ᠠ ᠪᠠᠷ ᠭᠠᠳᠠᠭᠰᠢ  ᠭᠠᠷᠴᠤ  ᠬᠥᠳᠡᠯᠮᠦᠷᠢᠯᠡᠵᠦ ᠪᠠᠶᠢᠭ᠎ᠠ ᠬᠥᠮᠥᠰ ᠢ ᠨᠤᠲᠤᠭ ᠲᠠᠭᠠᠨ ᠪᠤᠴᠠᠵᠤ  ᠪᠡᠯᠡ  ᠣᠷᠣᠭᠤᠯᠤᠨ  ᠦᠢᠯᠡᠰ ᠪᠦᠲᠦᠭᠡᠯᠭᠡᠨ᠎ᠡ᠃  ᠨᠡᠶᠢᠭᠡᠮ   ᠤᠨ  ᠡᠯ᠎ᠡ  ᠲᠥᠷᠥᠯ   ᠤᠨ  ᠪᠠᠲᠤᠯᠠᠭᠠᠨ   ᠤ  ᠳᠦᠷᠢᠮ   ᠢ  ᠤᠯᠠᠮ  ᠨᠢᠭᠡ ᠠᠯᠬᠤᠮ  ᠲᠡᠭᠦᠯᠳᠡᠷᠵᠢᠭᠦᠯᠵᠦ  ᠂  ᠡᠯ᠎ᠡ  ᠲᠥᠷᠥᠯ   ᠤᠨ  ᠳᠠᠭᠠᠳᠬᠠᠯ   ᠤᠨ ᠪᠦᠷᠬᠦᠴᠡ ᠶᠢ ᠥᠷᠭᠡᠳᠬᠡᠬᠦ ᠬᠦᠴᠦᠯᠡᠴᠡ ᠶᠢ   ᠶᠡᠬᠡᠰᠬᠡᠨ᠎ᠡ᠃  ᠬᠤᠲᠠ  ᠪᠠᠯᠭᠠᠰᠤᠨ   ᠤ  ᠨᠠᠭᠠᠲᠤ  ᠵᠠᠬ᠎ᠠ   ᠶᠢᠨ ᠠᠮᠢᠳᠤᠷᠠᠯ   ᠤᠨ  ᠪᠠᠲᠤᠯᠠᠭ᠎ᠠ  ᠪᠣᠯᠣᠨ  ᠮᠠᠯᠵᠢᠬᠤ  ᠲᠠᠷᠢᠶᠠᠯᠠᠬᠤ  ᠣᠷᠣᠨ   ᠤ  ᠨᠠᠭᠠᠲᠤ  ᠵᠠᠬ᠎ᠠ   ᠶᠢᠨ ᠠᠮᠢᠳᠤᠷᠠᠯ   ᠤᠨ  ᠪᠠᠲᠤᠯᠠᠭ᠎ᠠ   ᠶᠢᠨ  ᠳᠦᠷᠢᠮ   ᠢᠶᠠᠷ  ᠰᠠᠭᠤᠷᠢ  ᠪᠣᠯᠭᠠᠵᠤ  ᠂  ᠬᠤᠲᠠ  ᠪᠠᠯᠭᠠᠰᠤᠨ   ᠤ  ᠬᠥᠮᠥᠨ ᠳᠤᠮᠳᠠᠴᠢ ᠰᠠᠷ᠎ᠠ   ᠶᠢᠨ  ᠨᠥᠬᠦᠪᠦᠷᠢ ᠶᠢᠨ ᠵᠥᠷᠢᠶ᠎ᠡ ᠶᠢ110ᠲᠥᠭᠦᠷᠢᠭ ᠠᠴᠠ ᠲᠠᠪᠠᠭᠤᠯᠵᠤ  ᠂ ᠮᠠᠯᠵᠢᠬᠤ ᠲᠠᠷᠢᠶᠠᠯᠠᠬᠤ ᠣᠷᠣᠨ   ᠤ  ᠬᠥᠮᠥᠨ  ᠪᠦᠷᠢ   ᠳᠤ  ᠲᠡᠭᠰᠢᠳᠬᠡᠭᠰᠡᠨ  ᠨᠠᠭᠠᠲᠤ  ᠵᠠᠬ᠎ᠠ   ᠶᠢᠨ ᠠᠮᠢᠳᠤᠷᠠᠯ   ᠤᠨ  ᠪᠠᠲᠤᠯᠠᠭ᠎ᠠ   ᠶᠢᠨ  ᠮᠥᠩᠭᠦ   ᠶᠢ  ᠵᠢᠯ   ᠤᠨ 500 ᠲᠥᠭᠦᠷᠢᠭ   ᠲᠤ  ᠬᠦᠷᠭᠡᠨ᠎ᠡ  ᠃ ᠲᠠᠪᠤᠨ  ᠪᠠᠲᠤᠯᠠᠭᠠᠲᠤ  ᠡᠷᠦᠭᠡ   ᠶᠢ  ᠠᠰᠠᠷᠠᠨ  ᠲᠡᠵᠢᠭᠡᠬᠦ  ᠂  ᠭᠠᠮᠰᠢᠭ   ᠠᠴᠠ  ᠠᠪᠤᠷᠠᠨ  ᠭᠠᠴᠢᠭ   ᠲᠤ  ᠲᠤᠰᠠᠯᠠᠬᠤ  ᠠᠵᠢᠯ   ᠢ  ᠴᠢᠩᠭᠠᠳᠬᠠᠵᠤ  ᠂  ᠰᠤᠮᠤ  ᠰᠢᠶᠠᠩ  ᠪᠠᠯᠭᠠᠰᠤᠨ ᠤ  ᠨᠠᠰᠤᠲᠠᠶᠢᠴᠤᠳ ᠤᠨ ᠠᠰᠠᠷᠠᠮᠵᠢ   ᠶᠢᠨ  ᠬᠦᠷᠢᠶᠡᠯᠡᠩ   ᠤᠨ  ᠪᠠᠶᠢᠭᠤᠯᠤᠯᠲᠠ  ᠪᠠ  ᠠᠰᠢᠭᠯᠠᠯᠲᠠ   ᠶᠢ  ᠨᠠᠷᠢᠨ  ᠬᠢᠨᠠᠮᠠᠭᠠᠢ  ᠠᠳᠬᠤᠵᠤ  ᠂  ᠦᠢᠯᠡᠴᠢᠯᠡᠭᠡᠨ   ᠤ  ᠲᠦᠪᠰᠢᠨ ᠢ  ᠨᠡᠮᠡᠭᠳᠡᠭᠦᠯᠦᠨ᠎ᠡ  ᠃        ᠬᠤᠶᠠᠷ   ᠲᠤ  ᠂  ᠠᠷᠠᠳ   ᠤᠨ  ᠲᠦᠪᠡᠭᠳᠡᠯ   ᠢ  ᠬᠦᠴᠦ  ᠲᠠᠯᠪᠢᠨ  ᠰᠢᠢᠳᠪᠦᠷᠢᠯᠡᠨ᠎ᠡ  ᠃  ᠶᠠᠳᠠᠭᠤ  ᠬᠦᠴᠢᠷᠳᠡᠯᠲᠡᠢ  ᠰᠤᠷᠤᠭᠴᠢᠳ   ᠢ  ᠲᠤᠰᠠᠯᠠᠨ  ᠲᠡᠳᠬᠦᠬᠦ  ᠵᠣᠬᠢᠴᠠᠮᠵᠢ   ᠶᠢ  ᠪᠠᠶᠢᠭᠤᠯᠵᠤ  ᠂  ︽ᠪᠡᠯᠡ  ᠮᠥᠩᠭᠦ    ᠪᠠᠷ ᠰᠤᠷᠤᠯᠭ᠎ᠠ   ᠶᠢ  ᠲᠡᠳᠬᠦᠬᠦ︾  ᠪᠠ  ︽ᠨᠢᠭᠡ   ᠨᠢ  ᠨᠢᠭᠡ   ᠶᠢ  ᠲᠤᠰᠠᠯᠠᠬᠤ︾  ᠬᠤᠣᠰᠯᠠᠵᠤ  ᠬᠠᠪᠰᠤᠷᠤᠨ  ᠶᠠᠳᠠᠭᠤ   ᠶᠢ  ᠲᠡᠳᠬᠦᠬᠦ  ᠠᠵᠢᠯᠯᠠᠭ᠎ᠠ   ᠶᠢ  ᠰᠠᠶᠢᠲᠤᠷ  ᠥᠷᠨᠢᠭᠦᠯᠵᠦ  ᠂  ᠶᠠᠳᠠᠭᠤ  ᠬᠦᠴᠢᠷᠳᠡᠯᠲᠡᠢ  ᠡᠷᠦᠭᠡ   ᠶᠢᠨ  ᠰᠤᠷᠤᠭᠴᠢᠳ   ᠢ  ᠶᠠᠳᠠᠭᠤ   ᠠᠴᠠ  ᠪᠣᠯᠵᠤ  ᠰᠤᠷᠤᠯᠭ᠎ᠠ  ᠵᠣᠭᠰᠣᠬᠤ  ᠦᠭᠡᠢ  ᠪᠣᠯᠭᠠᠨ᠎ᠠ  ︔  ᠮᠠᠯᠵᠢᠬᠤ  ᠲᠠᠷᠢᠶᠠᠯᠠᠬᠤ  ᠣᠷᠣᠨ   ᠤ  ᠰᠢᠨ᠎ᠡ  ᠬᠡᠯᠪᠡᠷᠢ   ᠶᠢᠨ  ᠬᠤᠷᠰᠢᠭᠰᠠᠨ  ᠡᠮᠴᠢᠯᠡᠭᠡᠨ   ᠤ  ᠳᠦᠷᠢᠮ   ᠤᠨ  ᠪᠦᠲᠦᠭᠡᠨ  ᠪᠠᠶᠢᠭᠤᠯᠤᠯᠲᠠ   ᠶᠢ  ᠪᠦᠬᠦ  ᠲᠠᠯ᠎ᠠ   ᠪᠠᠷ  ᠠᠬᠢᠭᠤᠯᠵᠤ  ᠂  ᠣᠷᠣᠯᠴᠠᠵᠤ  ᠬᠤᠷᠰᠢᠬᠤ  ᠬᠠᠷᠢᠴᠠᠯ   ᠢ 90%   ᠳᠤ  ᠬᠦᠷᠭᠡᠨ  ᠂  ᠳᠠᠩᠰᠠ  ᠴᠠᠶᠢᠷᠠᠭᠤᠯᠤᠭᠰᠠᠨ  ᠬᠠᠷᠢᠴᠠᠯ   ᠢ  ᠲᠠᠪᠤᠨ  ᠵᠠᠭᠤᠨ   ᠤ  ᠴᠡᠭ  ᠨᠡᠮᠡᠭᠳᠡᠭᠦᠯᠵᠦ  ᠂  ᠣᠯᠠᠨ  ᠲᠦᠮᠡᠨ   ᠤ  ᠡᠮ ᠡᠮᠨᠡᠯᠭᠡ   ᠶᠢᠨ ᠳᠠᠷᠤᠭᠠᠰᠤ   ᠶᠢ  ᠬᠥᠩᠭᠡᠯᠡᠨ᠎ᠡ  ︔  ᠬᠢᠮᠳᠠ  ᠲᠦᠷᠢᠶᠡᠰᠦᠨ   ᠤ  ᠣᠷᠣᠨ  ᠰᠠᠭᠤᠴᠠ   ᠶᠢᠨ  ᠳᠦᠷᠢᠮ   ᠢ  ᠪᠠᠶᠢᠭᠤᠯᠵᠤ  ᠂ ᠰᠤᠷᠭᠠᠭᠤᠯᠢ   ᠳᠤ  ᠰᠠᠭᠤᠬᠤ   ᠳᠤ  ᠬᠦᠴᠢᠷᠲᠡᠢ  ᠂  ᠡᠪᠡᠳᠴᠢᠨ  ᠦᠵᠡᠭᠦᠯᠬᠦ   ᠳᠤ  ᠬᠦᠴᠢᠷᠲᠡᠢ  ᠂  ᠬᠤᠨᠣᠵᠤ  ᠰᠠᠭᠤᠬᠤ ᠳᠤ  ᠬᠦᠴᠢᠷᠲᠡᠢ  ᠵᠡᠷᠭᠡ  ᠠᠰᠠᠭᠤᠳᠠᠯ   ᠢ  ᠠᠯᠬᠤᠮ  ᠠᠯᠬᠤᠮ   ᠢᠶᠠᠷ  ᠰᠢᠢᠳᠪᠦᠷᠢᠯᠡᠨ᠎ᠡ  ᠃        ᠭᠤᠷᠪᠠ ᠳᠤ  ᠂  ᠠᠷᠠᠳ ᠲᠦᠮᠡᠨ ᠤ ᠠᠰᠢᠭ ᠲᠤᠰᠠ ᠶᠢ  ᠪᠦᠬᠦ  ᠬᠦᠴᠦᠨ ᠢᠶᠠᠷ ᠬᠠᠮᠠᠭᠠᠯᠠᠨ᠎ᠠ  ᠃  ᠬᠥᠳᠡᠯᠮᠦᠷᠢ   ᠶᠢᠨ  ᠬᠢᠨᠠᠨ  ᠪᠠᠶᠢᠴᠠᠭᠠᠯᠲᠠ   ᠶᠢᠨ  ᠬᠦᠴᠦᠯᠡᠴᠡ   ᠪᠠᠨ  ᠴᠢᠩᠭᠠᠳᠬᠠᠵᠤ  ᠂  ᠬᠥᠳᠡᠯᠮᠦᠷᠢ   ᠶᠢᠨ  ᠭᠡᠷ᠎ᠡ  ᠲᠣᠭᠲᠠᠬᠤ  ᠂  ᠴᠠᠯᠢᠩ   ᠢ  ᠰᠠᠭᠠᠲᠠᠭᠠᠵᠤ  ᠳᠤᠲᠠᠭᠤᠯᠬᠤ ᠵᠡᠷᠭᠡ  ᠠᠰᠠᠭᠤᠳᠠᠯ   ᠢ  ᠰᠠᠶᠢᠲᠤᠷ  ᠰᠢᠢᠳᠪᠦᠷᠢᠯᠡᠨ᠎ᠡ  ᠃  ᠠᠵᠤ  ᠠᠬᠤᠶᠢᠯᠠᠯ   ᠤᠨ  ᠬᠠᠤᠯᠢ   ᠳᠤ  ᠲᠣᠭᠲᠠᠭᠰᠠᠨ  ᠴᠠᠯᠢᠩ   ᠤᠨ  ᠪᠠᠷᠢᠮᠵᠢᠶ᠎ᠠ   ᠶᠢ  ᠴᠢᠩᠭ᠎ᠠ ᠬᠡᠷᠡᠭᠵᠢᠭᠦᠯᠵᠦ  ᠂  ᠬᠥᠳᠡᠯᠮᠦᠷᠢᠯᠡᠭᠴᠢᠳ   ᠤᠨ  ᠬᠠᠤᠯᠢ  ᠶᠣᠰᠣᠨ   ᠤ  ᠡᠷᠬᠡ  ᠠᠰᠢᠭ   ᠢ  ᠬᠠᠮᠠᠭᠠᠯᠠᠨ᠎ᠠ  ᠃  ᠶᠠᠳᠠᠭᠤ   ᠶᠢ  ᠲᠡᠳᠬᠦᠨ  ᠂  ᠨᠡᠭᠡᠭᠡᠨ  ᠬᠥᠭᠵᠢᠭᠦᠯᠬᠦ  ᠠᠵᠢᠯ   ᠢ  ᠯᠠᠪᠳᠠᠭᠤᠨ  ᠪᠠᠲᠤᠲᠠᠢ  ᠬᠢᠵᠦ  ᠂  ᠪᠦᠬᠦᠶᠢᠯᠡ  ᠲᠣᠰᠬᠤᠨ ᠢᠶᠠᠷ  ᠲᠦᠯᠬᠢᠨ ᠠᠬᠢᠭᠤᠯᠬᠤ  ᠲᠥᠷᠥᠯ  ᠵᠦᠢᠯ   ᠢ  ᠬᠡᠷᠡᠭᠵᠢᠭᠦᠯᠵᠦ  ᠂  ᠰᠠᠭᠠᠯᠢ   ᠶᠢᠨ  ᠦᠨᠢᠶ᠎ᠡ  ᠂ ᠠᠯᠠᠰᠢᠨ ᠤ ᠦᠬᠡᠷ  ᠂  ᠦᠷ᠎ᠡ   ᠶᠢᠨ  ᠭᠠᠭ᠋ᠠᠢ  ᠵᠡᠷᠭᠡ  ᠠᠵᠤ  ᠦᠢᠯᠡᠰᠵᠢᠭᠰᠡᠨ  ᠲᠥᠷᠥᠯ  ᠵᠦᠢᠯ   ᠢ  ᠬᠠᠪᠰᠤᠷᠤᠨ ᠲᠡᠳᠬᠦᠵᠦ᠂  ᠢᠲᠡᠭᠡᠮᠵᠢ ᠶᠢᠨ ᠬᠤᠷᠰᠢᠶᠠᠨ ᠤ ᠶᠠᠳᠠᠭᠤ ᠶᠢ ᠲᠡᠳᠬᠦᠬᠦ  ᠬᠦᠦ ᠮᠥᠩᠭᠦ ᠦᠭᠡᠢ ᠵᠢᠭᠡᠯᠡᠯᠭᠡ ᠶᠢ ᠢᠳᠡᠪᠬᠢᠲᠡᠢ ᠲᠡᠮᠡᠴᠡᠨ ᠣᠯᠣᠨ᠎ᠠ᠃ ᠡᠯ᠎ᠡ ᠲᠥᠷᠥᠯ   ᠤᠨ ᠬᠠᠷᠠᠭᠠᠯᠵᠠᠯ  ᠤᠨ ᠲᠥᠷᠥ ᠶᠢᠨ ᠪᠣᠳᠣᠯᠭ᠎ᠠ   ᠶᠢ   ᠨᠢᠮᠪᠠᠢ ᠨᠠᠶᠢᠳᠠᠪᠤᠷᠢᠵᠢᠭᠤᠯᠵᠤ᠂  ᠮᠠᠯᠴᠢᠨ ᠲᠠᠷᠢᠶᠠᠴᠢᠨ ᠲᠦᠮᠡᠨ ᠤ ᠦᠢᠯᠡᠳᠪᠦᠷᠢᠯᠡᠯ ᠤᠨ ᠢᠳᠡᠪᠬᠢᠵᠢᠯ ᠢ ᠭᠦᠢᠴᠡᠳ ᠳᠠᠶᠢᠴᠢᠯᠠᠨ᠂ ᠣᠯᠠᠨ ᠲᠦᠮᠡᠨ ᠤ  ᠬᠦᠷᠲᠡᠬᠦ  ᠶᠣᠰᠣᠲᠠᠢ ᠠᠰᠢᠭ  ᠲᠤᠰᠠ ᠶᠢ ᠰᠠᠶᠢᠲᠤᠷ  ᠬᠠᠮᠠᠭᠠᠯᠠᠨ᠎ᠠ᠃        ᠳᠥᠷᠪᠡ   ᠳᠤ᠂  ᠠᠷᠠᠳ   ᠤᠨ  ᠵᠣᠯ  ᠵᠢᠷᠭᠠᠯ   ᠢ  ᠦᠨᠡᠨ  ᠰᠡᠳᠬᠢᠯ   ᠠᠴᠠ   ᠪᠠᠨ  ᠬᠦᠨᠳᠦᠳᠬᠡᠨ  ᠴᠢᠬᠤᠯᠠᠴᠢᠯᠠᠨ᠎ᠠ  ᠃  ᠰᠤᠷᠭᠠᠨ  ᠬᠥᠮᠥᠵᠢᠯ   ᠤᠨ  ᠪᠦᠲᠦᠴᠡ   ᠶᠢ  ᠰᠢᠯᠢᠳᠡᠭᠵᠢᠭᠦᠯᠵᠦ  ᠂  ᠴᠢᠶᠠᠨ   ᠶᠢᠨ  ᠭᠸᠦ  ᠂  ᠯᠦᠸᠧ  ᠲᠦᠸᠧ  ᠱᠠᠨ  ᠂  ᠶᠦᠩ  ᠹᠧᠩ  ᠂  ᠬᠤᠩ  ᠴᠢ  ᠳᠦᠷᠪᠡᠨ  ᠳᠤᠮᠳᠠᠳᠤ  ᠰᠤᠷᠭᠠᠭᠤᠯᠢ   ᠶᠢ  ᠬᠠᠰᠤᠨ  ᠨᠡᠶᠢᠯᠡᠭᠦᠯᠵᠦ  ᠂  ᠪᠤᠤᠴᠠᠩ  ᠬᠤᠶᠠᠳᠤᠭᠠᠷ  ᠳᠤᠮᠳᠠᠳᠤ  ᠰᠤᠷᠭᠠᠭᠤᠯᠢ  ᠂  ᠪᠤᠤᠴᠠᠩ  ᠭᠤᠷᠪᠠᠳᠤᠭᠠᠷ  ᠳᠤᠮᠳᠠᠳᠤ  ᠰᠤᠷᠭᠠᠭᠤᠯᠢ   ᠶᠢᠨ  ᠰᠤᠷᠭᠠᠭᠤᠯᠢ  ᠡᠷᠬᠢᠯᠡᠬᠦ  ᠬᠦᠷᠢᠶ᠎ᠡ  ᠬᠡᠪᠴᠢᠶ᠎ᠡ   ᠶᠢ  ᠥᠷᠭᠡᠳᠬᠡᠵᠦ  ᠂  ᠬᠤᠶᠠᠷ  ᠰᠠᠭᠤᠷᠢ  ᠠᠩᠬ᠎ᠠ  ᠵᠡᠷᠭᠡ   ᠶᠢᠨ  ᠳᠤᠮᠳᠠᠳᠤ  ᠰᠤᠷᠭᠠᠭᠤᠯᠢ   ᠶᠢᠨ  ᠰᠤᠷᠭᠠᠨ  ᠬᠥᠮᠥᠵᠢᠯ   ᠤᠨ  ᠨᠡᠷᠡᠲᠦ  ᠲᠡᠮᠳᠡᠭ   ᠢ  ᠡᠭᠦᠳᠦᠨ᠎ᠡ  ᠃  ᠦᠨᠳᠦᠰᠦᠲᠡᠨ   ᠤ  ᠰᠤᠷᠭᠠᠨ  ᠬᠥᠮᠥᠵᠢᠯ   ᠢ  ᠡᠩ  ᠲᠡᠷᠢᠭᠦᠨ   ᠳᠤ  ᠬᠥᠭᠵᠢᠭᠦᠯᠵᠦ  ᠂  ᠮᠣᠩᠭᠤᠯ  ᠦᠨᠳᠦᠰᠦᠲᠡᠨ   ᠤ  ᠰᠤᠷᠭᠠᠭᠤᠯᠢ   ᠶᠢᠨ  ᠪᠦᠲᠦᠭᠡᠨ  ᠪᠠᠶᠢᠭᠤᠯᠤᠯᠲᠠ   ᠶᠢ  ᠴᠢᠩᠭᠠᠳᠬᠠᠨ᠎ᠠ  ᠃  ᠥᠨᠳᠥᠷ  ᠵᠡᠷᠭᠡ   ᠶᠢᠨ  ᠳᠤᠮᠳᠠᠳᠤ  ᠰᠤᠷᠭᠠᠭᠤᠯᠢ   ᠶᠢᠨ  ᠰᠤᠷᠭᠠᠨ  ᠬᠥᠮᠥᠵᠢᠯ   ᠢ  ᠲᠦᠭᠡᠮᠡᠯᠵᠢᠭᠦᠯᠬᠦ   ᠶᠢ  ᠲᠦᠷᠭᠡᠳᠬᠡᠵᠦ  ᠂  ᠪᠤᠤᠴᠠᠩ  ᠨᠢᠭᠡᠳᠦᠭᠡᠷ  ᠳᠤᠮᠳᠠᠳᠤ  ᠰᠤᠷᠭᠠᠭᠤᠯᠢ   ᠶᠢ  ᠭᠤᠣᠯᠳᠠᠯᠭ᠎ᠠ   ᠲᠠᠢ  ᠰᠠᠶᠢᠲᠤᠷ  ᠡᠷᠬᠢᠯᠡᠵᠦ  ᠂  ᠢᠤᠢ  ᠯᠦᠩ  ᠳᠤᠮᠳᠠᠳᠤ  ᠰᠤᠷᠭᠠᠭᠤᠯᠢ   ᠶᠢᠨ  ᠲᠦᠷᠭᠡᠨ  ᠬᠥᠭᠵᠢᠯᠲᠡ   ᠶᠢ  ᠳᠡᠮᠵᠢᠨ᠎ᠡ  ᠃  ᠠᠵᠢᠯ  ᠮᠡᠷᠭᠡᠵᠢᠯ   ᠤᠨ  ᠰᠤᠷᠭᠠᠨ  ᠬᠥᠮᠥᠵᠢᠯ ᠢ  ᠶᠡᠭᠡ   ᠪᠠᠷ  ᠬᠥᠭᠵᠢᠭᠦᠯᠵᠦ  ᠂  ᠪᠡᠭᠡᠵᠢᠩ   ᠤᠨ  ᠴᠠᠩ  ᠫᠢᠩ   ᠤᠨ  ᠲᠠᠷᠢᠶᠠᠯᠠᠩ   ᠤᠨ  ᠠᠵᠢᠯ  ᠮᠡᠷᠭᠡᠵᠢᠯ   ᠤᠨ  ᠰᠤᠷᠭᠠᠭᠤᠯᠢ  ᠂  ᠲᠢᠶᠠᠨᠵᠢᠨ   ᠤ  ᠳ᠋ᠠ  ᠭᠠᠩ  ᠠᠵᠢᠯ  ᠮᠡᠷᠭᠡᠵᠢᠯ   ᠤᠨ  ᠳᠤᠮᠳᠠ  ᠵᠡᠷᠭᠡ   ᠶᠢᠨ  ᠲᠤᠰᠬᠠᠢ  ᠮᠡᠷᠭᠡᠵᠢᠯ   ᠤᠨ  ᠰᠤᠷᠭᠠᠭᠤᠯᠢ  ᠪᠠ  ᠱᠠᠨᠳᠦ᠋ᠩ   ᠤᠨ  ᠸᠧᠢ  ᠬᠠᠢ ᠠᠵᠢᠯ  ᠮᠡᠷᠭᠡᠵᠢᠯ   ᠤᠨ  ᠰᠤᠷᠭᠠᠭᠤᠯᠢ   ᠯᠤᠭ᠎ᠠ   ᠶᠢᠨ  ᠬᠤᠯᠪᠣᠭᠠᠯᠠᠨ ᠰᠤᠷᠭᠠᠭᠤᠯᠢ  ᠡᠷᠬᠢᠯᠡᠬᠦ  ᠠᠵᠢᠯ   ᠢ  ᠦᠷᠭᠦᠯᠵᠢᠯᠡᠨ  ᠴᠢᠩᠭᠠᠳᠬᠠᠵᠤ  ᠂  ᠰᠤᠷᠭᠠᠭᠤᠯᠢ  ᠲᠡᠭᠦᠰᠦᠭᠰᠡᠳ   ᠤᠨ  ᠲᠤᠰᠬᠠᠢ  ᠮᠡᠷᠭᠡᠵᠢᠯ   ᠤᠨ ᠬᠡᠪ  ᠪᠣᠯᠪᠠᠰᠤᠷᠠᠯ   ᠢ ᠳᠡᠭᠡᠭᠰᠢᠯᠡᠭᠦᠯᠵᠦ  ᠂  ᠲᠡᠭᠦᠰᠦᠭᠰᠡᠨ  ᠰᠤᠷᠤᠭᠴᠢᠳ   ᠤᠨ  ᠠᠵᠢᠯ  ᠣᠯᠬᠤ  ᠵᠠᠮ   ᠢ  ᠥᠷᠭᠡᠳᠬᠡᠨ᠎ᠡ  ᠃  ᠰᠤᠷᠭᠠᠭᠤᠯᠢ  ᠡᠷᠬᠢᠯᠡᠬᠦ  ᠨᠥᠬᠦᠴᠡᠯ   ᠢ  ᠦᠷᠭᠦᠯᠵᠢᠯᠡᠨ  ᠰᠠᠶᠢᠵᠢᠷᠠᠭᠤᠯᠵᠤ  ᠂  ᠪᠤᠤᠴᠠᠩ   ᠤᠨ  ᠨᠢᠭᠡᠳᠦᠭᠡᠷ  ᠂  ᠬᠤᠶᠠᠳᠤᠭᠠᠷ  ᠂  ᠭᠤᠷᠪᠠᠳᠤᠭᠠᠷ  ᠳᠤᠮᠳᠠᠳᠤ  ᠰᠤᠷᠭᠠᠭᠤᠯᠢ   ᠶᠢᠨ  ᠪᠠᠶᠢᠷᠢᠨ  ᠠᠰᠠᠷ   ᠤᠨ  ᠪᠦᠲᠦᠭᠡᠨ  ᠪᠠᠶᠢᠭᠤᠯᠤᠯᠲᠠ   ᠶᠢᠨ  ᠢᠨᠵᠧᠨᠧᠷᠢᠩ   ᠢ  ᠪᠡᠶᠡᠯᠡᠭᠦᠯᠵᠦ  ︔  ᠪᠤᠤᠴᠠᠩ ᠤᠨ  ᠬᠤᠶᠠᠳᠤᠭᠠᠷ  ᠳᠤᠮᠳᠠᠳᠤ  ᠰᠤᠷᠭᠠᠭᠤᠯᠢ  ᠂  ᠭᠤᠷᠪᠠᠳᠤᠭᠠᠷ  ᠳᠤᠮᠳᠠᠳᠤ  ᠰᠤᠷᠭᠠᠭᠤᠯᠢ   ᠶᠢᠨ  ᠬᠤᠭᠤᠯᠠᠨ  ᠭᠡᠷ   ᠤᠨ  ᠪᠦᠲᠦᠭᠡᠨ  ᠪᠠᠶᠢᠭᠤᠯᠤᠯᠲᠠ   ᠶᠢᠨ  ᠢᠨᠵᠧᠨᠧᠷᠢᠩ   ᠢ  ᠪᠡᠶᠡᠯᠡᠭᠦᠯᠵᠦ  ︔  ᠢᠦᠢ  ᠯᠦᠩ  ᠳᠤᠮᠳᠠᠳᠤ  ᠰᠤᠷᠭᠠᠭᠤᠯᠢ   ᠶᠢᠨ  ᠬᠤᠶᠠᠳᠠᠭᠢ  ᠬᠤᠭᠤᠴᠠᠭᠠᠨ   ᠤ  ᠪᠠᠷᠢᠯᠭ᠎ᠠ   ᠶᠢᠨ  ᠢᠨᠵᠧᠨᠧᠷᠢᠩ   ᠢ  ᠪᠡᠶᠡᠯᠡᠭᠦᠯᠵᠦ  ︔  ᠵᠢᠭᠠᠨ  ᠰᠤᠷᠭᠠᠬᠤ ᠲᠥᠪ   ᠤᠨ  ᠪᠠᠶᠢᠷᠢᠨ  ᠠᠰᠠᠷ  ᠂  ᠪᠤᠤᠴᠠᠩ  ᠭᠤᠷᠪᠠᠳᠤᠭᠠᠷ  ᠪᠠᠭ᠎ᠠ  ᠰᠤᠷᠭᠠᠭᠤᠯᠢ   ᠶᠢᠨ  ᠪᠠᠶᠢᠷᠢᠨ  ᠠᠰᠠᠷ  ᠂  ᠬᠤᠭᠤᠯᠠᠨ  ᠭᠡᠷ   ᠤᠨ  ᠪᠦᠲᠦᠭᠡᠨ  ᠪᠠᠶᠢᠭᠤᠯᠤᠯᠲᠠ   ᠶᠢ  ᠡᠬᠢᠯᠡᠭᠦᠯᠬᠦ   ᠪᠠᠷ  ᠴᠢᠷᠮᠠᠶᠢᠨ᠎ᠠ  ᠃ ᠨᠡᠶᠢᠭᠡᠮ  ᠨᠡᠶᠢᠲᠡ   ᠶᠢᠨ  ᠡᠮ  ᠡᠮᠨᠡᠯᠭᠡ ᠡᠷᠡᠭᠦᠯ  ᠬᠠᠮᠠᠭᠠᠯᠠᠯ   ᠤᠨ  ᠨᠡᠶᠢᠲᠡ   ᠶᠢᠨ ᠠᠰᠠᠷᠠᠮᠵᠢᠲᠤ ᠰᠢᠨᠵᠢ  ᠴᠢᠨᠠᠷ   ᠢ  ᠪᠠᠷᠢᠮᠲᠠᠯᠠᠵᠤ  ᠂  ᠬᠥᠳᠡᠭᠡ  ᠲᠣᠰᠬᠤᠨ   ᠤ  ᠭᠤᠷᠪᠠᠨ  ᠱᠠᠲᠤᠨ   ᠤ  ᠡᠷᠡᠭᠦᠯ  ᠬᠠᠮᠠᠭᠠᠯᠠᠯ   ᠤᠨ  ᠦᠢᠯᠡᠴᠢᠯᠡᠭᠡᠨ   ᠤ ᠰᠦᠯᠵᠢᠶ᠎ᠡ ᠪᠣᠯᠣᠨ  ᠬᠤᠲᠠ  ᠪᠠᠯᠭᠠᠰᠤᠨ   ᠤ  ᠨᠡᠶᠢᠭᠡᠮ  ᠲᠣᠭᠤᠷᠢᠭ   ᠤᠨ  ᠡᠷᠡᠭᠦᠯ  ᠬᠠᠮᠠᠭᠠᠯᠠᠯ   ᠤᠨ  ᠦᠢᠯᠡᠴᠢᠯᠡᠭᠡᠨ   ᠤ  ᠰᠢᠰᠲ᠋ᠧᠮ   ᠤᠨ  ᠪᠦᠲᠦᠭᠡᠨ  ᠪᠠᠶᠢᠭᠤᠯᠤᠯᠲᠠ   ᠶᠢ  ᠴᠢᠩᠭᠠᠳᠬᠠᠨ᠂ ᠬᠤᠰᠢᠭᠤ  ᠡᠮᠨᠡᠯᠭᠡ   ᠶᠢᠨ  ᠬᠤᠷᠢᠶᠠᠨ   ᠤ  ᠥᠭᠡᠷᠡᠴᠢᠯᠡᠯᠲᠡ   ᠶᠢ  ᠭᠦᠨᠵᠡᠭᠡᠶᠢᠷᠡᠭᠦᠯᠵᠦ  ᠂  ᠬᠤᠰᠢᠭᠤ  ᠡᠮᠨᠡᠯᠭᠡ   ᠶᠢᠨ  ᠬᠤᠷᠢᠶᠠᠨ   ᠤ  ᠡᠭᠦᠳᠡᠨ  ᠡᠮᠨᠡᠯᠭᠡ   ᠶᠢᠨ  ᠠᠰᠠᠷ   ᠤᠨ  ᠪᠠᠶᠢᠭᠤᠯᠤᠯᠲᠠ   ᠶᠢᠨ  ᠠᠵᠢᠯ   ᠢ  ᠡᠬᠢᠯᠡᠭᠦᠯᠵᠦ  ︔  ᠬᠥᠮᠥᠨ  ᠠᠮᠠ  ᠪᠣᠯᠣᠨ  ᠲᠥᠯᠥᠪᠯᠡᠭᠡᠲᠦ  ᠦᠷᠡᠵᠢᠯ   ᠤᠨ  ᠬᠠᠮᠢᠶᠠᠷᠤᠯᠲᠠ   ᠶᠢᠨ  ᠦᠢᠯᠡᠴᠢᠯᠡᠭᠡᠨ   ᠤ  ᠴᠢᠳᠠᠪᠤᠷᠢ   ᠶᠢ  ᠳᠡᠭᠡᠭᠰᠢᠯᠡᠭᠦᠯᠵᠦ  ᠂ ᠲᠥᠯᠥᠪᠯᠡᠭᠡᠲᠦ ᠦᠷᠡᠵᠢᠯ   ᠤᠨ  ᠲᠥᠷᠥ   ᠶᠢᠨ  ᠪᠣᠳᠣᠯᠭ᠎ᠠ   ᠶᠢ  ᠴᠢᠩᠭ᠎ᠠ  ᠬᠡᠷᠡᠭᠵᠢᠭᠦᠯᠦᠨ᠂  ᠲᠥᠷᠥ   ᠶᠢᠨ  ᠪᠣᠳᠣᠯᠭ᠎ᠠ   ᠠᠴᠠ  ᠭᠠᠳᠠᠨ᠎ᠠ  ᠲᠥᠷᠥᠬᠦ  ᠦᠵᠡᠭᠳᠡᠯ   ᠢ  ᠡᠷᠡᠰ  ᠴᠠᠭᠠᠵᠠᠯᠠᠵᠤ  ᠂  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ   ᠤᠨ  ᠠᠵᠢᠯ   ᠢ  ᠨᠥᠯᠥᠭᠡᠯᠡᠭᠡ  ᠡᠯ᠎ᠡ  ᠵᠦᠢᠯ   ᠤᠨ  ᠬᠢᠵᠠᠭᠠᠷᠯᠠᠯ   ᠤᠨ  ᠡᠯᠧᠮᠧᠨ᠋ᠲ   ᠢ ᠦᠭᠡᠶᠢᠰᠬᠡᠵᠦ  ᠂  ᠮᠠᠨ   ᠤ  ᠬᠤᠰᠢᠭᠤᠨ   ᠤ  ᠬᠥᠮᠥᠨ  ᠠᠮᠠ  ᠪᠠ  ᠲᠥᠯᠥᠪᠯᠡᠭᠡᠲᠦ  ᠦᠷᠡᠵᠢᠯ   ᠤᠨ  ᠠᠵᠢᠯ   ᠢ  ᠬᠤᠶᠢᠰᠢᠷᠠᠩᠭᠤᠢ  ᠪᠠᠶᠢᠳᠠᠯ   ᠠᠴᠠ  ᠠᠩᠭᠢᠵᠢᠷᠠᠭᠤᠯᠤᠨ᠂  ᠪᠦᠬᠦ  ᠠᠶᠢᠮᠠᠭ   ᠤᠨ  ᠲᠡᠷᠢᠭᠦᠨ   ᠤ  ᠡᠩᠨᠡᠭᠡᠨ   ᠳᠤ  ᠠᠯᠬᠤᠮ  ᠠᠯᠬᠤᠮ   ᠢᠶᠠᠷ  ᠣᠷᠣᠭᠤᠯᠤᠨ᠎ᠠ  ︔  ᠪᠦᠲᠦᠭᠡᠨ  ᠪᠠᠶᠢᠭᠤᠯᠤᠯᠲᠠ   ᠶᠢᠨ  ᠪᠡᠯᠡ  ᠮᠥᠩᠭᠦ   ᠶᠢ  ᠤᠯᠠᠨ  ᠠᠷᠭ᠎ᠠ  ᠵᠠᠮ   ᠢᠶᠠᠷ  ᠣᠴᠢᠵᠤ  ᠴᠤᠭᠯᠠᠭᠤᠯᠤᠨ᠂  ᠰᠣᠶᠣᠯ   ᠤᠨ  ᠲᠣᠮᠣ  ᠠᠰᠠᠷ   ᠤᠨ  ᠪᠠᠶᠢᠭᠤᠯᠤᠯᠲᠠ   ᠶᠢᠨ  ᠠᠵᠢᠯ   ᠢ  ᠡᠬᠢᠯᠡᠭᠦᠯᠵᠦ  ᠂  ᠰᠤᠶᠤᠯ  ᠤᠨ ᠪᠠ ᠪᠤᠳᠠᠰ  ᠤᠨ ᠪᠤᠰᠤ ᠰᠤᠶᠤᠯ  ᠤᠨ ᠦᠪ  ᠢ ᠨᠡᠶᠢᠳᠡᠮ ᠪᠠᠶᠢᠴᠠᠭᠠᠬᠤ ᠠᠵᠢᠯ  ᠢ ᠰᠠᠶᠢᠨ ᠬᠢᠵᠦ᠂ ᠰᠣᠶᠣᠯ ᠮᠡᠳᠡᠭᠡ ᠵᠠᠩᠭᠢ ᠶᠢᠨ ᠡᠬᠢ   ᠪᠠᠶᠠᠯᠢᠭ   ᠤᠨ ᠬᠠᠮᠲᠤ ᠶᠢᠨ  ᠬᠦᠷᠲᠡᠭᠡᠯ   ᠤᠨ ᠢᠨᠵᠧᠨᠧᠷᠢᠩ   ᠢ  ᠬᠡᠷᠡᠭᠵᠢᠭᠦᠯᠦᠨ᠎ᠡ  ᠃  ᠥᠪᠡᠷᠲᠡᠭᠡᠨ  ᠵᠠᠰᠠᠬᠤ  ᠣᠷᠣᠨ   ᠤ  ᠷᠠᠳᠢᠤ᠋ ᠲᠧᠯᠸᠢᠰ   ᠤᠨ  ᠲᠣᠭᠠᠨ  ᠲᠣᠬᠢᠶᠠᠨ   ᠤ  ᠪᠦᠷᠬᠦᠴᠡ   ᠶᠢᠨ  ᠢᠨᠵᠧᠨᠧᠷᠢᠩ   ᠤᠨ  ᠲᠥᠷᠥᠯ  ᠵᠦᠢᠯ   ᠢ  ᠢᠳᠡᠪᠬᠢᠲᠡᠢ  ᠲᠡᠮᠡᠴᠡᠨ  ᠣᠯᠵᠤ  ᠂  ᠠᠶᠢᠯ  ᠲᠣᠰᠬᠤᠨ   ᠳᠤ ᠷᠠᠳᠢᠤ᠋ ᠲᠧᠯᠸᠢᠰ  ᠨᠡᠪᠲᠡᠷᠡᠭᠦᠯᠬᠦ  ᠢᠨᠵᠧᠨᠧᠷᠢᠩ   ᠢ  ᠨᠠᠷᠢᠨ  ᠬᠢᠨᠠᠮᠠᠭᠠᠢ  ᠵᠣᠬᠢᠶᠠᠨ  ᠪᠠᠶᠢᠭᠤᠯᠵᠤ  ᠬᠡᠷᠡᠭᠵᠢᠭᠦᠯᠦᠨ  ᠂ ᠷᠠᠳᠢᠤ᠋ ᠲᠧᠯᠸᠢᠰ  ᠨᠡᠪᠲᠡᠷᠡᠭᠦᠯᠭᠡ   ᠶᠢᠨ ᠪᠦᠷᠬᠦᠴᠡ   ᠶᠢᠨ  ᠬᠡᠪᠴᠢᠶ᠎ᠡ   ᠶᠢ  ᠥᠷᠭᠡᠳᠬᠡᠨ᠎ᠡ  ᠃ ᠣᠷᠣᠰᠢᠭᠤᠯᠤᠭ᠎ᠠ   ᠶᠢᠨ  ᠳᠦᠷᠢᠮ   ᠤᠨ  ᠥᠭᠡᠷᠡᠴᠢᠯᠡᠯᠲᠡ   ᠶᠢ  ᠲᠦᠷᠭᠡᠨ  ᠠᠬᠢᠭᠤᠯᠤᠨ᠎ᠠ  ︔  ᠤᠯᠤᠰ   ᠤᠨ ᠪᠠᠲᠤᠯᠠᠨ ᠬᠠᠮᠠᠭᠠᠯᠠᠯᠲᠠ  ᠂  ᠪᠡᠯᠡᠳᠬᠡᠯ  ᠠᠩᠭᠢ  ᠂  ᠠᠷᠠᠳ   ᠤᠨ  ᠠᠭᠠᠷ   ᠤᠨ ᠰᠡᠷᠭᠡᠶᠢᠯᠡᠯᠲᠡ᠂  ᠲᠡᠳᠬᠦᠨ  ᠬᠠᠷᠠᠭᠠᠯᠵᠠᠬᠤ᠂ ᠣᠷᠴᠢᠨ  ᠲᠣᠭᠤᠷᠢᠨ   ᠤ  ᠬᠠᠮᠠᠭᠠᠯᠠᠯᠲᠠ  ᠂  ᠢᠳᠡᠭᠡᠨ  ᠂  ᠡᠮ   ᠤᠨ  ᠵᠦᠢᠯ   ᠤᠨ  ᠬᠢᠨᠠᠯᠲᠠ  ᠬᠠᠮᠢᠶᠠᠷᠤᠯᠲᠠ  ᠂   ᠨᠠᠰᠤᠲᠠᠢ  ᠵᠡᠮᠳᠡᠭ  ᠂ ᠡᠮᠡᠭᠲᠡᠶᠢᠴᠦᠳ  ᠬᠡᠦᠬᠡᠳ  ᠪᠠᠭᠠᠴᠤᠳ᠂  ᠤᠯᠠᠭᠠᠨ  ᠵᠠᠯᠮᠠᠭᠠᠶᠢᠲᠠᠨ   ᠤ  ᠨᠡᠶᠢᠭᠡᠮᠯᠢᠭ  ᠂  ᠲᠡᠦᠬᠡ  ᠣᠶᠢᠯᠠᠯᠭ᠎ᠠ  ᠂  ᠳᠠᠩᠰᠠ  ᠡᠪᠬᠡᠮᠡᠯ  ᠂  ᠴᠠᠭ  ᠠᠭᠤᠷ  ᠂ ᠭᠠᠳᠠᠭᠠᠳᠤ  ᠂ ᠬᠠᠷᠢᠶᠠᠲᠤ ᠶᠢᠨ  ᠶᠠᠪᠤᠳᠠᠯ  ᠂  ᠦᠨᠳᠦᠰᠦᠲᠡᠨ  ᠱᠠᠰᠢᠨ  ᠰᠤᠷᠲᠠᠬᠤᠨ  ᠵᠡᠷᠭᠡ  ᠠᠵᠢᠯ   ᠢ  ᠦᠷᠭᠦᠯᠵᠢᠯᠡᠨ  ᠰᠠᠶᠢᠲᠤᠷ  ᠠᠳᠬᠤᠵᠤ  ᠂  ᠡᠯ᠎ᠡ  ᠲᠥᠷᠥᠯ   ᠤᠨ  ᠠᠵᠢᠯ  ᠦᠢᠯᠡᠰ   ᠤᠨ  ᠵᠣᠬᠢᠴᠠᠩᠭᠤᠢ  ᠬᠥᠭᠵᠢᠯᠲᠡ   ᠶᠢ  ᠠᠬᠢᠭᠤᠯᠤᠨ᠎ᠠ  ᠃        ᠲᠠᠪᠤ   ᠳᠤ  ᠂  ᠠᠷᠠᠳ   ᠤᠨ  ᠠᠮᠤᠷ  ᠲᠦᠪᠰᠢᠨ   ᠢ  ᠦᠨᠡᠨ  ᠬᠦ  ᠪᠠᠲᠤᠯᠠᠨ᠎ᠠ  ᠃   ᠪᠠᠴᠢᠮ  ᠪᠠᠶᠢᠳᠠᠯ   ᠢ  ᠠᠷᠭᠠᠴᠠᠭᠠᠨ  ᠠᠪᠤᠷᠠᠨ  ᠲᠤᠰᠠᠯᠠᠬᠤ ᠰᠢᠰᠲ᠋ᠧᠮ   ᠢ  ᠤᠯᠠᠮ  ᠨᠢᠭᠡ ᠠᠯᠬᠤᠮ  ᠪᠦᠷᠢᠨᠰᠢᠭᠦᠯᠵᠦ  ᠂  ᠪᠡᠯᠡᠳᠬᠡᠯ  ᠲᠥᠬᠦᠭᠡᠷᠦᠮᠵᠢ   ᠶᠢᠨ  ᠬᠢᠷᠢ  ᠲᠦᠪᠰᠢᠨ   ᠢ   ᠳᠡᠭᠡᠭᠰᠢᠯᠡᠭᠦᠯᠵᠦ  ᠂  ᠣᠯᠠᠨ  ᠨᠡᠶᠢᠲᠡ   ᠶᠢᠨ  ᠠᠮᠤᠷ  ᠲᠦᠪᠰᠢᠨ   ᠢ  ᠪᠠᠲᠤᠯᠠᠬᠤ  ᠪᠣᠯᠣᠨ  ᠭᠡᠨᠡᠳᠲᠡ   ᠶᠢᠨ ᠴᠢᠨᠠᠷᠲᠠᠢ ᠬᠡᠷᠡᠭ  ᠤᠴᠢᠷ   ᠢ  ᠰᠢᠢᠳᠪᠦᠷᠢᠯᠡᠬᠦ  ᠴᠢᠳᠠᠪᠤᠷᠢ   ᠪᠠᠨ  ᠳᠡᠭᠡᠭᠰᠢᠯᠡᠭᠦᠯᠦᠨ᠎ᠡ  ᠃  ᠨᠡᠶᠢᠭᠡᠮ   ᠤᠨ  ᠠᠮᠤᠷ  ᠲᠦᠪᠰᠢᠨ   ᠤ  ᠶᠡᠷᠦᠩᠬᠡᠶᠢᠯᠡᠨ  ᠵᠠᠰᠠᠯᠲᠠ   ᠶᠢ  ᠴᠢᠩᠭᠠᠳᠬᠠᠵᠤ  ᠂  ᠠᠮᠤᠭᠤᠯᠠᠩ  ᠨᠡᠶᠢᠭᠡᠮ   ᠢ  ᠴᠣᠭᠴᠠᠯᠠᠬᠤ ᠠᠵᠢᠯᠯᠠᠭ᠎ᠠ   ᠶᠢ  ᠭᠦᠨᠵᠡᠭᠡᠢ ᠥᠷᠨᠢᠭᠦᠯᠦᠨ᠂  ᠬᠤᠲᠠ ᠬᠥᠳᠡᠭᠡ  ᠂ ᠨᠡᠶᠢᠭᠡᠮ  ᠲᠣᠭᠤᠷᠢᠭ   ᠤᠨ ᠴᠠᠭᠳᠠᠭᠠᠨ   ᠤ   ᠠᠵᠢᠯ   ᠢ  ᠴᠢᠩᠭᠠᠳᠬᠠᠨ  ᠰᠠᠶᠢᠵᠢᠷᠠᠭᠤᠯᠵᠤ  ᠂  ᠬᠠᠤᠯᠢ   ᠶᠢ  ᠵᠥᠷᠢᠴᠡᠭᠰᠡᠨ  ᠶᠠᠯᠠᠲᠤ  ᠠᠵᠢᠯᠯᠠᠭ᠎ᠠ   ᠶᠢ  ᠰᠡᠷᠭᠡᠶᠢᠯᠡᠬᠦ  ᠪᠠ  ᠴᠣᠬᠢᠯᠲᠠ  ᠥᠭᠴᠦ  ᠂  ᠠᠷᠠᠳ  ᠲᠦᠮᠡᠨ   ᠤ  ᠠᠮᠢ  ᠨᠠᠰᠤ  ᠂  ᠡᠳ᠋  ᠬᠥᠷᠥᠩᠭᠡ   ᠶᠢᠨ  ᠠᠮᠤᠷ  ᠲᠦᠪᠰᠢᠨ   ᠢ  ᠪᠠᠲᠤᠯᠠᠨ᠎ᠠ  ᠃ ᠬᠤᠣᠷ  ᠴᠠᠭᠠᠵᠠᠯᠠᠬᠤ  ᠬᠤᠣᠷ   ᠢ  ᠠᠷᠢᠯᠭᠠᠬᠤ  ᠠᠵᠢᠯ   ᠤᠨ  ᠪᠦᠲᠦᠮᠵᠢ   ᠶᠢ  ᠪᠠᠲᠤᠳᠬᠠᠵᠤ  ᠂  ᠬᠤᠣᠷ  ᠴᠠᠭᠠᠵᠠᠯᠠᠬᠤ  ᠲᠤᠰᠬᠠᠢ  ᠲᠥᠷᠥᠯ   ᠤᠨ  ᠠᠵᠢᠯᠯᠠᠭ᠎ᠠ   ᠶᠢ  ᠭᠦᠨᠵᠡᠭᠡᠢ  ᠥᠷᠨᠢᠭᠦᠯᠵᠦ  ᠂   ᠴᠣᠬᠢᠯᠲᠠ  ᠥᠭᠬᠦ  ᠬᠦᠴᠦᠯᠡᠴᠡ   ᠪᠠᠨ  ᠶᠡᠬᠡᠰᠬᠡᠨ  ᠂  ᠬᠤᠣᠷᠲᠤ  ᠤᠷᠭᠤᠮᠠᠯ   ᠤᠨ  ︽ᠲᠠᠷᠢᠯᠲᠡ  ᠬᠤᠭᠤᠰᠤᠨ︾᠂  ︽ᠭᠠᠷᠤᠯᠲᠠ  ᠬᠤᠭᠤᠰᠤᠨ︾  ᠪᠠᠶᠢᠬᠤ   ᠶᠢ  ᠪᠠᠲᠤᠯᠠᠨ᠎ᠠ  ᠃ ︽ᠵᠠᠬᠢᠳᠠᠯ  ᠰᠤᠷᠪᠤᠯᠵᠢᠯᠠᠯ   ᠤᠨ  ᠪᠠᠬᠢᠯᠡᠯᠲᠡ  ᠰᠢᠪᠲᠤᠯᠬᠤ  ᠠᠵᠢᠯᠯᠠᠭ᠎ᠠ︾   ᠶᠢ  ᠥᠷᠨᠢᠭᠦᠯᠵᠦ  ᠂  ᠣᠯᠠᠨ  ᠲᠦᠮᠡᠨ   ᠤ  ᠰᠠᠨᠠᠯ  ᠲᠤᠰᠬᠠᠯ  ᠶᠡᠬᠡᠲᠡᠢ  ᠵᠠᠬᠢᠳᠠᠯ  ᠰᠤᠷᠪᠤᠯᠵᠢᠯᠠᠯ   ᠤᠨ  ᠠᠰᠠᠭᠤᠳᠠᠯ   ᠢ  ᠲᠥᠪᠯᠡᠷᠡᠭᠦᠯᠦᠨ  ᠰᠠᠶᠢᠲᠤᠷ  ᠰᠢᠢᠳᠪᠦᠷᠢᠯᠡᠨ᠂ ᠨᠢᠭᠡ  ᠠᠰᠠᠭᠤᠳᠠᠯ   ᠢ  ᠰᠢᠢᠳᠪᠦᠷᠢᠯᠡᠪᠡᠯ  ᠨᠢᠭᠡᠨ  ᠵᠤᠷᠪᠤᠰ  ᠳᠦᠷᠢᠮ   ᠢ  ᠪᠣᠢ  ᠪᠣᠯᠭᠠᠵᠤ  ᠂  ᠨᠢᠭᠡ  ᠪᠦᠯᠦᠭ  ᠵᠥᠷᠢᠴᠡᠯ   ᠢ  ᠰᠢᠢᠳᠪᠦᠷᠢᠯᠡᠬᠦ   ᠶᠢ  ᠪᠡᠶᠡᠯᠡᠭᠦᠯᠦᠨ᠎ᠡ  ᠃  ᠠᠶᠤᠯᠭᠦᠢ  ᠦᠢᠯᠡᠳᠪᠦᠷᠢᠯᠡᠯ   ᠤᠨ ᠬᠠᠮᠢᠶᠠᠷᠤᠯᠲᠠ  ᠬᠢᠨᠠᠯᠲᠠ   ᠪᠠᠨ  ᠡᠷᠴᠢᠮᠵᠢᠭᠦᠯᠵᠦ  ᠂  ᠣᠨᠴᠠ  ᠶᠡᠭᠡ  ᠠᠵᠢᠯ   ᠤᠨ  ᠠᠳᠡᠯ  ᠡᠭᠦᠰᠬᠦ   ᠶᠢ  ᠪᠦᠲᠦᠮᠵᠢᠲᠡᠢ  ᠬᠤᠷᠢᠭᠯᠠᠬᠤ  ᠬᠡᠷᠡᠭᠲᠡᠢ᠃          ︵ᠶᠢᠰᠦ︶  ᠵᠠᠰᠠᠭ   ᠤᠨ  ᠣᠷᠳᠣᠨ   ᠤ  ᠲᠣᠰ  ᠪᠡᠶ᠎ᠡ   ᠶᠢᠨ  ᠪᠠᠶᠢᠭᠤᠯᠤᠯᠲᠠ   ᠶᠢ  ᠴᠢᠩᠭᠠᠳᠬᠠᠨ᠎ᠠ  ᠃  ᠵᠠᠰᠠᠭ   ᠤᠨ  ᠣᠷᠳᠣᠨ  ᠵᠢᠴᠢ  ᠡᠯ᠎ᠡ  ᠰᠠᠯᠠᠭ᠎ᠠ  ᠮᠥᠴᠢᠷ   ᠨᠢ  ᠰᠢᠨᠵᠢᠯᠡᠬᠦ  ᠤᠬᠠᠭᠠᠨᠴᠢ  ᠬᠥᠭᠵᠢᠯᠲᠡ   ᠶᠢᠨ  ᠦᠵᠡᠯᠲᠡ  ᠪᠣᠯᠣᠨ  ᠵᠥᠪ  ᠣᠨᠣᠪᠴᠢᠲᠤ  ᠵᠠᠰᠠᠭ   ᠤᠨ  ᠪᠦᠲᠦᠮᠵᠢ   ᠶᠢᠨ  ᠦᠵᠡᠯᠲᠡ   ᠶᠢ  ᠪᠠᠲᠤ  ᠪᠠᠬᠢ  ᠪᠣᠢ  ᠪᠣᠯᠭᠠᠵᠤ  ᠂  ᠴᠢᠳᠠᠪᠬᠢ   ᠪᠠᠨ  ᠦᠨᠡᠨ  ᠬᠦ  ᠬᠤᠪᠢᠷᠠᠭᠤᠯᠵᠤ  ᠂  ᠠᠵᠢᠯ   ᠤᠨ  ᠰᠤᠷᠲᠠᠯ   ᠢᠶᠠᠨ  ᠰᠠᠶᠢᠵᠢᠷᠠᠭᠤᠯᠵᠤ  ᠂  ᠵᠠᠰᠠᠭ   ᠤᠨ  ᠣᠷᠳᠣᠨ   ᠤ  ᠨᠡᠶᠢᠭᠡᠮ   ᠢ ᠬᠠᠮᠢᠶᠠᠷᠬᠤ  ᠂ ᠨᠡᠶᠢᠭᠡᠮ   ᠳᠤ  ᠦᠢᠯᠡᠴᠢᠯᠡᠬᠦ  ᠂ ᠠᠵᠤ  ᠠᠬᠤᠢ   ᠶᠢ  ᠬᠥᠭᠵᠢᠭᠦᠯᠬᠦ  ᠂  ᠣᠯᠠᠨ  ᠲᠦᠮᠡᠨ   ᠳᠤ  ᠦᠢᠯᠡᠴᠢᠯᠡᠬᠦ  ᠴᠢᠳᠠᠪᠤᠷᠢ  ᠪᠣᠯᠣᠨ  ᠬᠢᠷᠢ  ᠲᠦᠪᠰᠢᠨ   ᠢᠶᠠᠨ  ᠲᠠᠰᠤᠷᠠᠯᠲᠠ  ᠦᠭᠡᠢ  ᠳᠡᠭᠡᠭᠰᠢᠯᠡᠭᠦᠯᠦᠨ᠎ᠡ  ᠃         ᠬᠠᠤᠯᠢ  ᠶᠣᠰᠣᠭᠠᠷ  ᠵᠠᠰᠠᠭ  ᠶᠠᠪᠤᠭᠤᠯᠵᠤ  ᠂ ᠰᠢᠨᠵᠢᠯᠡᠬᠦ  ᠤᠬᠠᠭᠠᠨᠴᠢ   ᠪᠠᠷ  ᠵᠠᠰᠠᠭ  ᠴᠡᠭᠴᠡᠯᠡᠬᠦ  ᠬᠢᠷᠢ  ᠲᠦᠪᠰᠢᠨ   ᠢᠶᠠᠨ  ᠳᠡᠭᠡᠭᠰᠢᠯᠡᠭᠦᠯᠦᠨ᠎ᠡ  ᠃ ᠵᠠᠰᠠᠭ  ᠵᠠᠬᠢᠷᠭᠠᠨ   ᠤ  ᠬᠠᠤᠯᠢ  ᠬᠡᠷᠡᠭᠵᠢᠭᠦᠯᠬᠦ  ᠬᠢᠨᠠᠯᠲᠠ   ᠶᠢ  ᠴᠢᠩᠭᠠᠷᠠᠭᠤᠯᠵᠤ  ᠂  ᠵᠠᠰᠠᠭ  ᠵᠠᠬᠢᠷᠭᠠᠨ   ᠤ  ᠬᠠᠷᠢᠭᠤᠴᠠᠯᠭ᠎ᠠ   ᠶᠢᠨ  ᠳᠦᠷᠢᠮ   ᠢ  ᠪᠦᠷᠢᠨᠰᠢᠭᠦᠯᠦᠨ  ᠂  ᠬᠠᠤᠯᠢ  ᠶᠣᠰᠣᠭᠠᠷ  ᠠᠵᠢᠯ  ᠭᠦᠢᠴᠡᠳᠬᠡᠬᠦ  ᠴᠢᠳᠠᠪᠤᠷᠢ   ᠶᠢ  ᠨᠡᠮᠡᠭᠳᠡᠭᠦᠯᠦᠨ᠎ᠡ  ᠃  ᠠᠷᠠᠳ   ᠤᠨ  ᠲᠥᠯᠥᠭᠡᠯᠡᠭᠴᠢᠳ   ᠤᠨ  ᠶᠡᠭᠡ  ᠬᠤᠷᠠᠯ  ᠵᠢᠴᠢ  ᠲᠡᠭᠦᠨ   ᠤ  ᠪᠠᠶᠢᠩᠭᠤ   ᠶᠢᠨ  ᠬᠤᠷᠢᠶᠠᠨ   ᠤ  ᠬᠠᠤᠯᠢ  ᠴᠠᠭᠠᠵᠠ   ᠶᠢᠨ  ᠬᠢᠨᠠᠯᠲᠠ  ᠂  ᠤᠯᠤᠰ  ᠲᠥᠷᠥ   ᠶᠢᠨ  ᠵᠥᠪᠯᠡᠯᠭᠡᠨ   ᠤ  ᠠᠷᠠᠳᠴᠢᠯᠠᠯᠲᠤ  ᠬᠢᠨᠠᠯᠲᠠ  ᠪᠠ  ᠨᠡᠶᠢᠭᠡᠮ   ᠤᠨ  ᠡᠯ᠎ᠡ  ᠡᠲᠡᠭᠡᠳ   ᠤᠨ  ᠶᠠᠷᠢᠶ᠎ᠠ  ᠬᠡᠯᠡᠯᠴᠡᠭᠡᠨ   ᠤ  ᠬᠢᠨᠠᠯᠲᠠ   ᠶᠢ  ᠤᠬᠠᠮᠰᠠᠷ   ᠠᠴᠠ   ᠪᠠᠨ  ᠬᠦᠯᠢᠶᠡᠨ᠎ᠡ  ᠃  ᠰᠢᠨᠵᠢᠯᠡᠬᠦ  ᠤᠬᠠᠭᠠᠨᠴᠢ   ᠪᠠᠷ  ᠰᠢᠢᠳᠪᠦᠷᠢᠲᠦ  ᠪᠣᠳᠣᠯᠭ᠎ᠠ  ᠠᠪᠬᠤ   ᠶᠢ  ᠴᠢᠬᠤᠯᠠᠴᠢᠯᠠᠵᠤ  ᠂  ᠦᠨᠳᠦᠰᠦᠨ  ᠱᠠᠲᠤᠨ   ᠳᠤ  ᠭᠦᠨᠵᠡᠭᠡᠶᠢᠷᠡᠨ  ᠂  ᠨᠢᠭᠡᠳᠦᠭᠡᠷ  ᠹᠷᠤᠨᠲ  ᠳᠤ  ᠭᠦᠨᠵᠡᠭᠡᠶᠢᠷᠡᠵᠦ  ᠂  ᠠᠵᠤ  ᠠᠬᠤᠢ  ᠨᠡᠶᠢᠭᠡᠮ   ᠤᠨ  ᠬᠥᠭᠵᠢᠯᠲᠡ   ᠶᠢᠨ  ᠬᠦᠨᠳᠦ  ᠴᠢᠬᠤᠯᠠ  ᠠᠰᠠᠭᠤᠳᠠᠯ   ᠳᠠᠬᠢ  ᠪᠠᠶᠢᠴᠠᠭᠠᠨ  ᠰᠤᠳᠤᠯᠤᠯᠲᠠ   ᠪᠠᠨ  ᠴᠢᠩᠭᠠᠳᠬᠠᠵᠤ  ᠂  ᠡᠯ᠎ᠡ  ᠲᠥᠷᠥᠯ   ᠤᠨ ᠲᠥᠷᠥ   ᠶᠢᠨ  ᠪᠣᠳᠣᠯᠭ᠎ᠠ ᠠᠷᠭ᠎ᠠ  ᠪᠠᠷᠢᠯ ᠪᠣᠯᠣᠨ  ᠠᠵᠢᠯ   ᠤᠨ  ᠪᠠᠶᠢᠷᠢᠯᠠᠭᠤᠯᠤᠯᠲᠠ   ᠶᠢ  ᠪᠣᠳᠠᠲᠤ  ᠪᠠᠶᠢᠳᠠᠯ  ᠪᠣᠯᠣᠨ  ᠪᠤᠰᠤᠳᠴᠢ  ᠵᠢᠮ᠎ᠡ  ᠶᠣᠰᠣ   ᠯᠤᠭ᠎ᠠ  ᠤᠯᠠᠮ  ᠢᠯᠡᠭᠦᠦ  ᠤᠶᠠᠯᠳᠤᠭᠤᠯᠤᠨ  ᠨᠡᠶᠢᠴᠡᠭᠦᠯᠦᠨ᠎ᠡ  ᠃  ᠰᠢᠨᠵᠢᠯᠡᠬᠦ  ᠤᠬᠠᠭᠠᠨᠴᠢ  ᠰᠢᠢᠳᠪᠦᠷᠢᠲᠦ  ᠪᠣᠳᠣᠯᠭ᠎ᠠ  ᠂  ᠰᠢᠨᠵᠢᠯᠡᠬᠦ  ᠤᠬᠠᠭᠠᠨᠴᠢ  ᠬᠠᠮᠢᠶᠠᠷᠤᠯᠲᠠ   ᠶᠢᠨ  ᠴᠢᠳᠠᠪᠤᠷᠢ  ᠪᠠ  ᠬᠢᠷᠢ  ᠲᠦᠪᠰᠢᠨ   ᠢᠶᠠᠨ  ᠲᠠᠰᠤᠷᠠᠯᠲᠠ  ᠦᠭᠡᠢ  ᠳᠡᠭᠡᠭᠰᠢᠯᠡᠭᠦᠯᠵᠦ  ᠂  ᠠᠵᠢᠯ   ᠤᠨ  ᠪᠠᠷᠠᠭᠠᠯᠠᠯᠲᠤ  ᠴᠢᠨᠠᠷ  ᠂  ᠴᠢᠭᠯᠡᠯᠲᠡ  ᠴᠢᠨᠠᠷ  ᠪᠠ  ᠡᠭᠦᠳᠦᠨ  ᠪᠦᠲᠦᠭᠡᠯᠴᠢ  ᠴᠢᠨᠠᠷ   ᠢᠶᠠᠨ ᠴᠢᠩᠭᠠᠳᠬᠠᠨ᠎ᠠ  ᠃        ᠥᠨᠳᠥᠷ  ᠦᠷ᠎ᠡ  ᠪᠦᠲᠦᠮᠵᠢᠲᠡᠢ   ᠪᠠᠷ  ᠵᠠᠰᠠᠭ  ᠶᠠᠪᠤᠭᠤᠯᠵᠤ  ᠂  ᠠᠷᠠᠳ  ᠲᠦᠮᠡᠨ ᠳᠤ  ᠦᠢᠯᠡᠴᠢᠯᠡᠬᠦ  ᠬᠢᠷᠢ  ᠲᠦᠪᠰᠢᠨ   ᠢᠶᠠᠨ  ᠳᠡᠭᠡᠭᠰᠢᠯᠡᠭᠦᠯᠦᠨ᠎ᠡ  ᠃  ᠦᠢᠯᠡᠴᠢᠯᠡᠭᠡᠨ   ᠤ  ᠤᠬᠠᠮᠰᠠᠷ   ᠢᠶᠠᠨ  ᠴᠢᠩᠭᠠᠳᠬᠠᠵᠤ  ᠂  ᠭᠤᠣᠯ  ᠬᠦᠴᠦᠨ   ᠢᠶᠠᠨ  ᠦᠨᠳᠦᠰᠦᠨ  ᠱᠠᠲᠤᠨ   ᠳᠤ  ᠦᠢᠯᠡᠴᠢᠯᠡᠬᠦ  ᠂  ᠠᠵᠤ  ᠠᠬᠤᠶᠢᠯᠠᠯ   ᠳᠤ  ᠦᠢᠯᠡᠴᠢᠯᠡᠬᠦ  ᠂  ᠣᠯᠠᠨ  ᠲᠦᠮᠡᠨ   ᠳᠤ  ᠦᠢᠯᠡᠴᠢᠯᠡᠬᠦ  ᠂  ᠪᠡᠯᠡ ᠤᠷᠣᠭᠤᠯᠤᠭᠴᠢ ᠪᠠ  ᠭᠠᠶᠢᠯᠢ   ᠲᠤᠰᠢᠶᠠᠭᠴᠢ  ᠳᠤ ᠦᠢᠯᠡᠴᠢᠯᠡᠬᠦ  ᠳᠡᠭᠡᠷ᠎ᠡ ᠰᠢᠯᠵᠢᠭᠦᠯᠵᠦ  ᠂  ᠣᠯᠠᠨ  ᠲᠦᠮᠡᠨ   ᠤ  ᠵᠢᠷᠭᠠᠯ  ᠵᠣᠪᠠᠯ   ᠢ  ᠴᠠᠭ  ᠢᠮᠠᠭᠲᠠ  ᠰᠠᠨᠠᠭᠠᠨ   ᠳᠠᠭᠠᠨ  ᠠᠪᠴᠤ  ᠂  ᠣᠯᠠᠨ  ᠲᠦᠮᠡᠨ   ᠤ  ᠬᠦᠴᠢᠷᠳᠡᠯ   ᠢ  ᠣᠶᠢᠯᠠᠭᠠᠵᠤ  ᠂  ᠦᠨᠡᠨ  ᠰᠡᠳᠬᠢᠯ   ᠠᠴᠠ   ᠪᠠᠨ  ᠤᠯᠠᠨ  ᠲᠦᠮᠡᠨ   ᠤ  ᠬᠦᠴᠢᠷ  ᠲᠦᠪᠡᠭᠳᠡᠯ   ᠢ  ᠰᠢᠢᠳᠪᠦᠷᠢᠯᠡᠨ  ᠥᠭᠴᠦ  ᠂  ᠠᠷᠠᠳ ᠲᠦᠮᠡᠨ   ᠯᠦᠭᠡ   ᠶᠢᠨ  ᠴᠢᠰᠤ  ᠮᠢᠬᠠᠨ   ᠤ  ᠬᠠᠷᠢᠴᠠᠭ᠎ᠠ   ᠪᠠᠨ  ᠡᠭᠦᠷᠢᠳᠡ  ᠬᠠᠳᠠᠭᠠᠯᠠᠨ᠎ᠠ  ᠃         ᠵᠠᠰᠠᠭ   ᠢ  ᠴᠢᠩᠭ᠎ᠠ  ᠵᠠᠰᠠᠵᠤ  ᠂  ᠠᠵᠢᠯ   ᠤᠨ  ᠨᠠᠶᠢᠳᠠᠪᠤᠷᠢᠵᠢᠭᠤᠯᠤᠯᠲᠠ   ᠶᠢᠨ  ᠲᠦᠪᠰᠢᠨ   ᠢ  ᠳᠡᠭᠡᠭᠰᠢᠯᠡᠭᠦᠯᠦᠨ᠎ᠡ  ᠃  ︽ᠨᠢᠭᠡ  ᠬᠥᠯᠭᠡ ᠰᠢᠲᠠᠷ᠎ᠠ︾   ᠶᠢᠨ  ᠦᠵᠡᠯ  ᠰᠠᠨᠠᠭ᠎ᠠ   ᠶᠢ  ᠪᠠᠲᠤ  ᠪᠠᠬᠢ  ᠪᠣᠢ  ᠪᠣᠯᠭᠠᠵᠤ  ᠂  ᠵᠠᠰᠠᠭ ᠵᠠᠷᠯᠢᠭ   ᠤᠨ  ᠰᠠᠭᠠᠳ  ᠦᠭᠡᠢ  ᠶᠠᠪᠤᠭᠳᠠᠯ   ᠢ  ᠬᠠᠮᠠᠭᠠᠯᠠᠵᠤ  ᠂  ᠨᠠᠶᠢᠳᠠᠪᠤᠷᠢᠵᠢᠭᠤᠯᠤᠯᠲᠠ   ᠶᠢ  ᠠᠳᠬᠤᠬᠤ ᠵᠣᠬᠢᠴᠠᠮᠵᠢ ᠶᠢ  ᠲᠡᠭᠦᠯᠳᠡᠷᠵᠢᠭᠦᠯᠵᠦ  ᠂  ᠱᠠᠭᠠᠷᠳᠠᠨ  ᠪᠠᠶᠢᠴᠠᠭᠠᠯᠲᠠ  ᠪᠠ  ᠱᠠᠭᠠᠷᠳᠠᠨ  ᠪᠡᠶᠡᠯᠡᠭᠦᠯᠬᠦ   ᠶᠢ  ᠡᠷᠴᠢᠮᠵᠢᠭᠦᠯᠦᠨ᠂  ᠡᠯ᠎ᠡ  ᠱᠠᠲᠤᠨ   ᠤ  ᠵᠠᠰᠠᠭ   ᠤᠨ  ᠣᠷᠳᠣᠨ   ᠠᠴᠠ  ᠦᠨᠳᠦᠰᠦᠨ  ᠱᠠᠲᠤᠨ   ᠤ  ᠨᠢᠭᠡᠴᠡ  ᠬᠦᠷᠲᠡᠯ᠎ᠡ  ᠂  ᠤᠳᠤᠷᠢᠳᠬᠤ  ᠺᠠᠳᠠᠷ   ᠠᠴᠠ  ᠠᠵᠢᠯᠲᠠᠨ  ᠬᠦᠷᠲᠡᠯ᠎ᠡ ᠡᠷᠬᠡᠪᠰᠢ  ᠠᠵᠢᠯ  ᠡᠭᠦᠷᠭᠡ  ᠂  ᠶᠠᠰᠤ  ᠴᠢᠨᠠᠷ   ᠤᠨ  ᠪᠠᠷᠢᠮᠵᠢᠶ᠎ᠠ  ᠂  ᠴᠠᠭ   ᠤᠨ  ᠬᠢᠵᠠᠭᠠᠷ   ᠤᠨ  ᠱᠠᠭᠠᠷᠳᠠᠯᠭ᠎ᠠ   ᠶᠢ  ᠪᠣᠳᠠᠲᠠᠢ  ᠨᠠᠶᠢᠳᠠᠪᠤᠷᠢᠵᠢᠭᠤᠯᠵᠤ  ᠂  ᠨᠢᠭᠡ  ᠱᠠᠲᠤ   ᠨᠢ  ᠨᠢᠭᠡ  ᠱᠠᠲᠤᠨ   ᠤ   ᠪᠠᠨ  ᠬᠠᠷᠢᠭᠤᠴᠠᠯᠭ᠎ᠠ   ᠪᠠᠨ  ᠡᠭᠦᠷᠭᠡᠯᠡᠵᠦ  ᠂  ᠨᠢᠭᠡ  ᠱᠠᠲᠤ   ᠨᠢ  ᠨᠢᠭᠡ  ᠱᠠᠲᠤᠨ   ᠳᠠᠭᠠᠨ  ᠬᠠᠷᠢᠭᠤᠴᠠᠬᠤ  ᠬᠡᠷᠡᠭᠲᠡᠢ  ᠃          ᠠᠷᠢᠭᠤᠨ  ᠴᠢᠭᠴᠢ   ᠪᠠᠷ  ᠵᠠᠰᠠᠭ  ᠶᠠᠪᠤᠭᠤᠯᠵᠤ  ᠂  ᠠᠵᠢᠯᠴᠢ  ᠵᠠᠰᠠᠭ  ᠂  ᠴᠢᠭᠴᠢ  ᠵᠠᠰᠠᠭ   ᠤᠨ  ᠬᠢᠷᠢ  ᠲᠦᠪᠰᠢᠨ   ᠢᠶᠠᠨ  ᠳᠡᠭᠡᠭᠰᠢᠯᠡᠭᠦᠯᠦᠨ᠎ᠡ  ᠃  ᠨᠠᠮ   ᠤᠨ  ᠰᠤᠷᠲᠠᠯ  ᠂  ᠴᠢᠭᠴᠢ  ᠵᠠᠰᠠᠭ   ᠤᠨ  ᠪᠦᠲᠦᠭᠡᠨ  ᠪᠠᠶᠢᠭᠤᠯᠤᠯᠲᠠ   ᠶᠢᠨ  ᠬᠠᠷᠢᠭᠤᠴᠠᠯᠭ᠎ᠠ   ᠶᠢᠨ  ᠳᠦᠷᠢᠮ   ᠢ  ᠪᠦᠬᠦ  ᠲᠠᠯ᠎ᠠ   ᠪᠠᠷ  ᠨᠠᠶᠢᠳᠠᠪᠤᠷᠢᠵᠢᠭᠤᠯᠵᠤ  ᠂  ᠤᠳᠤᠷᠢᠳᠬᠤ  ᠺᠠᠳᠠᠷ   ᠤᠨ  ᠠᠷᠢᠭᠤᠨ  ᠴᠢᠭᠴᠢ   ᠪᠠᠷ  ᠥᠪᠡᠷ   ᠢ   ᠪᠠᠨ  ᠬᠠᠮᠢᠶᠠᠷᠬᠤ  ᠡᠯ᠎ᠡ  ᠲᠥᠷᠥᠯ   ᠤᠨ  ᠳᠦᠷᠢᠮ  ᠲᠣᠭᠲᠠᠭᠠᠯ   ᠢ  ᠡᠷᠡᠰ  ᠬᠡᠷᠡᠭᠵᠢᠭᠦᠯᠵᠦ  ᠂  ᠡᠷᠬᠡ  ᠲᠤᠰᠢᠶᠠᠯ   ᠤᠨ  ᠬᠢᠵᠠᠭᠠᠷᠯᠠᠯ   ᠢ  ᠴᠢᠩᠭᠠᠳᠬᠠᠵᠤ  ᠂  ᠳᠠᠭᠠᠭᠠᠴᠢᠯᠠᠯ  ᠵᠠᠷᠯᠠᠵᠤ  ᠲᠤᠰᠢᠶᠠᠬᠤ  ᠳᠦᠷᠢᠮ   ᠢ  ᠴᠢᠩᠭ᠎ᠠ  ᠬᠡᠷᠡᠭᠵᠢᠭᠦᠯᠦᠨ  ᠂ ᠨᠡᠶᠢᠲᠡ   ᠶᠢᠨ  ᠬᠡᠷᠡᠭᠯᠡᠭᠡᠨ   ᠤ  ᠵᠠᠷᠤᠯᠭ᠎ᠠ   ᠳᠠᠬᠢ  ᠬᠢᠨᠠᠯᠲᠠ  ᠬᠠᠮᠢᠶᠠᠷᠤᠯᠲᠠ  ᠪᠠ  ᠭᠤᠣᠯᠳᠠᠯᠭ᠎ᠠ   ᠲᠠᠢ  ᠢᠨᠵᠧᠨᠧᠷᠢᠩ  ᠂  ᠲᠤᠰᠬᠠᠢ  ᠲᠥᠷᠥᠯ   ᠤᠨ  ᠪᠡᠯᠡ  ᠮᠥᠩᠭᠦᠨ   ᠳᠠᠬᠢ  ᠬᠠᠤᠯᠢ  ᠬᠡᠷᠡᠭᠵᠢᠭᠦᠯᠦᠯᠲᠡ  ᠬᠢᠨᠠᠨ  ᠪᠠᠶᠢᠴᠠᠭᠠᠯᠲᠠ   ᠶᠢ  ᠴᠢᠩᠭᠠᠳᠬᠠᠵᠤ  ᠂  ᠵᠠᠰᠠᠭ   ᠤᠨ  ᠣᠷᠳᠣᠨ   ᠤ  ᠪᠡᠯᠡ  ᠣᠷᠤᠭᠤᠯᠤᠯᠲᠠ   ᠶᠢᠨ  ᠠᠵᠢᠯᠯᠠᠭ᠎ᠠ   ᠶᠢ  ᠳᠦᠷᠢᠮᠵᠢᠭᠦᠯᠦᠨ᠎ᠡ  ᠃  ᠣᠯᠠᠨ  ᠲᠦᠮᠡᠨ   ᠤ  ᠲᠤᠰᠬᠠᠭᠰᠠᠨ  ᠲᠣᠪᠣᠶᠢᠮ᠎ᠠ  ᠠᠰᠠᠭᠤᠳᠠᠯ   ᠢ  ᠰᠢᠢᠳᠪᠦᠷᠢᠯᠡᠬᠦ   ᠪᠠᠷ  ᠭᠤᠣᠯᠳᠠᠯᠭ᠎ᠠ ᠪᠣᠯᠭᠠᠵᠤ᠂ ᠲᠤᠰᠬᠠᠢ ᠲᠥᠷᠥᠯ   ᠤᠨ  ᠵᠠᠰᠠᠯᠲᠠ ᠬᠢᠬᠦ  ᠬᠦᠴᠦᠯᠡᠴᠡ ᠪᠠᠨ ᠶᠡᠬᠡᠰᠬᠡᠵᠦ᠂ ᠣᠯᠠᠨ ᠲᠦᠮᠡᠨ   ᠤ  ᠠᠰᠢᠭ  ᠲᠤᠰᠠ   ᠶᠢ  ᠬᠤᠬᠢᠷᠠᠭᠤᠯᠤᠭᠰᠠᠨ  ᠲᠥᠪ  ᠪᠤᠰᠤ  ᠰᠤᠷᠲᠠᠯ   ᠢ  ᠡᠷᠡᠰ  ᠵᠠᠯᠠᠷᠠᠭᠤᠯᠤᠨ᠎ᠠ  ᠃          ᠲᠥᠯᠥᠭᠡᠯᠡᠭᠴᠢᠳ ᠡ  ᠂ ᠣᠳᠣ  ᠪᠢᠳᠠ  ᠶᠠᠭ  ᠲᠡᠦᠬᠡᠨ  ᠬᠥᠭᠵᠢᠯᠲᠡ ᠶᠢᠨ  ᠰᠢᠨ᠎ᠡ ᠨᠢᠭᠡ  ᠱᠠᠲᠤᠨ  ᠳᠤ  ᠪᠠᠶᠢᠨ᠎ᠠ᠃ ᠠᠶᠢᠮᠠᠭ ᠤᠨ ᠨᠠᠮ ᠤᠨ ᠬᠤᠷᠢᠶ᠎ᠠ  ᠂  ᠠᠶᠢᠮᠠᠭ ᠤᠨ ᠵᠠᠬᠢᠷᠭ᠎ᠠ ᠪᠣᠯᠣᠨ ᠬᠤᠰᠢᠭᠤ  ᠨᠠᠮ   ᠤᠨ  ᠬᠤᠷᠢᠶᠠᠨ   ᠤ  ᠵᠥᠪ  ᠣᠨᠣᠪᠴᠢᠲᠠᠢ  ᠤᠳᠤᠷᠢᠳᠤᠯᠭ᠎ᠠ  ᠳᠣᠣᠷ᠎ᠠ  ᠂  ᠥᠷᠭᠡᠨ  ᠣᠯᠠᠨ  ᠺᠠᠳᠠᠷ  ᠣᠯᠠᠨ  ᠲᠦᠮᠡᠨ   ᠤ  ᠬᠥᠭᠵᠢᠯᠲᠡ   ᠶᠢ  ᠡᠷᠡᠮᠡᠯᠵᠡᠯᠡᠵᠦ  ᠂  ᠴᠢᠨᠡᠭᠡᠯᠢᠭᠵᠢᠯ   ᠢ  ᠬᠦᠰᠡᠭᠰᠡᠨ  ᠬᠠᠮᠲᠤ   ᠶᠢᠨ  ᠬᠦᠰᠡᠯ  ᠵᠣᠷᠢᠭ  ᠪᠣᠯᠣᠨ  ᠤᠷᠤᠭᠰᠢᠯᠠᠨ  ᠲᠡᠮᠡᠴᠡᠵᠦ  ᠂  ᠪᠣᠳᠠᠲᠠᠢ  ᠠᠵᠢᠯᠯᠠᠬᠤ  ᠬᠡᠪ  ᠰᠤᠷᠲᠠᠯ  ᠪᠠᠶᠢᠭᠰᠠᠨ  ᠴᠠᠭ   ᠲᠤ  ᠂  ᠪᠦᠬᠦ  ᠬᠤᠰᠢᠭᠤ   ᠪᠠᠷ   ᠢᠶᠠᠨ  ᠬᠥᠭᠵᠢᠯᠲᠡ   ᠶᠢᠨ  ᠢᠲᠡᠭᠡᠯ   ᠢᠶᠠᠨ  ᠪᠠᠲᠤᠳᠬᠠᠵᠤ  ᠂  ᠰᠢᠷᠭᠠᠭᠤ  ᠬᠠᠲᠠᠭᠤᠵᠢᠯᠲᠠᠢ   ᠪᠠᠷ  ᠦᠢᠯᠡᠰ  ᠪᠦᠲᠦᠭᠡᠬᠦ  ᠵᠣᠷᠢᠭ  ᠰᠠᠨᠠᠭ᠎ᠠ   ᠶᠢ  ᠪᠠᠳᠠᠷᠠᠭᠤᠯᠤᠨ  ᠂ ᠠᠷᠠᠳ  ᠤᠨ ᠠᠮᠢᠳᠤᠷᠠᠯ  ᠢ ᠬᠠᠯᠠᠮᠵᠢᠯᠠᠬᠤ  ᠤᠬᠠᠮᠰᠠᠷ   ᠢ  ᠪᠠᠷᠢᠮᠲᠠᠯᠠᠳᠠᠭ  ᠯᠡ  ᠶᠤᠮ  ᠪᠣᠯ  ᠪᠢᠳᠠ  ᠯᠠᠪᠲᠠᠢ  ᠨᠢᠭᠡ  ᠡᠶ᠎ᠡ  ᠵᠣᠬᠢᠴᠠᠯᠲᠠᠢ  ᠂  ᠠᠮᠤᠷ  ᠲᠣᠭᠲᠠᠭᠤᠨ  ᠂  ᠴᠡᠴᠡᠭᠯᠡᠨ  ᠬᠥᠭᠵᠢᠭᠰᠡᠨ  ᠂  ᠠᠮᠢᠵᠢᠷᠠᠯ   ᠤᠨ  ᠬᠦᠴᠦᠨ  ᠪᠢᠯᠬᠠᠮ᠎ᠠ  ᠂  ᠥᠭᠡᠳᠡᠯᠡᠨ  ᠳᠠᠪᠰᠢᠭᠰᠠᠨ  ᠲᠠᠶᠢᠹᠤᠰᠧ  ᠬᠤᠰᠢᠭᠤ   ᠶᠢ  ᠪᠦᠲᠦᠭᠡᠨ  ᠪᠠᠶᠢᠭᠤᠯᠵᠤ  ᠳᠡᠶᠢᠯᠬᠦ  ᠶᠤᠮ  ᠃          ᠲᠥᠯᠥᠭᠡᠯᠡᠭᠴᠢᠳ ᠡ  ᠂ ᠪᠢᠳᠠ  ᠪᠦᠭᠦᠳᠡᠭᠡᠷ ᠨᠠᠮ ᠤᠨ ᠠᠷᠪᠠᠨ ᠳᠣᠯᠣᠳᠤᠭᠠᠷ  ᠶᠡᠭᠡ ᠬᠤᠷᠠᠯ   ᠤᠨ  ᠵᠣᠷᠢᠭ  ᠰᠠᠨᠠᠭᠠᠨ   ᠤ  ᠵᠣᠷᠢᠭᠵᠢᠭᠤᠯᠤᠯ  ᠳᠣᠣᠷ᠎ᠠ  ᠂ ᠪᠦᠬᠦ  ᠬᠤᠰᠢᠭᠤᠨ   ᠤ ᠡᠯ᠎ᠡ  ᠦᠨᠳᠦᠰᠦᠲᠡᠨ   ᠤ  ᠠᠷᠠᠳ  ᠲᠦᠮᠡᠨ   ᠤ  ᠣᠶᠣᠨ  ᠤᠬᠠᠭᠠᠨ  ᠪᠣᠯᠣᠨ  ᠬᠦᠴᠦᠨ  ᠴᠢᠳᠠᠯ   ᠢ  ᠳᠠᠶᠢᠴᠢᠯᠠᠨ ᠨᠢᠭᠲᠠᠷᠠᠭᠤᠯᠵᠤ᠂  ᠰᠢᠨ᠎ᠡ   ᠶᠢ  ᠡᠭᠦᠳᠴᠦ᠂  ᠨᠡᠭᠡᠭᠡᠨ  ᠤᠷᠤᠭᠰᠢᠯᠠᠵᠤ  ᠂ ᠰᠢᠷᠭᠠᠭᠤ  ᠬᠠᠲᠠᠭᠤᠵᠢᠯᠲᠠᠢ  ᠠᠵᠢᠯᠯᠠᠵᠤ᠂  ᠨᠠᠶᠢᠳᠠᠪᠤᠷᠢᠵᠢᠭᠤᠯᠤᠯᠲᠠ   ᠶᠢ  ᠬᠦᠴᠦᠲᠡᠢ  ᠠᠳᠬᠤᠨ  ᠂  ᠥᠩᠭᠡ  ᠭᠡᠷᠡᠯᠲᠡᠢ  ᠂  ᠬᠦᠨᠳᠦ  ᠪᠡᠷᠬᠡ  ᠡᠭᠦᠷᠭᠡ  ᠪᠠ  ᠭᠤᠶᠢᠳᠠ  ᠰᠠᠶᠢᠬᠠᠨ  ᠠᠤᠭ᠎ᠠ  ᠲᠥᠰᠥᠪ   ᠢᠶᠠᠨ  ᠪᠡᠶᠡᠯᠡᠭᠦᠯᠬᠦ   ᠶᠢᠨ  ᠲᠥᠯᠥᠭᠡ ᠴᠢᠷᠮᠠᠶᠢᠨ  ᠲᠡᠮᠡᠴᠡᠵᠡᠭᠡᠶ᠎ᠡ  ︕  
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号