ᠮᠤᠩᠭᠤᠯᠴᠤᠤᠡ ᠰᠢᠨ᠎ᠡ ᠵᠢᠯ ᠴᠠᠭᠠᠨ ᠰᠠᠷ᠎ᠠ ᠳᠤ ᠦᠪᠡᠷᠰᠡᠤᠡ ᠢᠶᠠᠨ ᠰᠠᠶᠢᠨ ᠰᠠᠶᠢᠬᠠᠨ ᠰᠢᠨᠡᠯᠡᠬᠦ ᠪᠠᠷ ᠪᠠᠷᠠᠬᠤ | ᠥᠬᠡᠢ ᠥᠢᠯᠡᠳᠪᠤᠷᠢᠯᠡᠯ ᠠᠮᠢᠳᠤᠷᠠᠯ ᠤᠨ ᠡᠬᠢ ᠰᠤᠷᠪᠤᠯᠵᠢ ᠪᠤᠯᠤᠭᠰᠠᠨ ᠮᠠᠯ ᠰᠥᠷᠥᠭ ᠢᠶᠠᠨ ᠴᠦ ᠰᠠᠶᠢᠬᠠᠨ | ᠰᠢᠨᠡᠯᠡᠬᠦᠯᠳᠡᠭ ᠵᠠᠩ ᠤᠶᠢᠯᠡ ᠲᠠᠢ᠃ ᠡᠨᠡ ᠬᠦ ᠵᠠᠩ ᠤᠶᠢᠯᠡ ᠨᠢ ᠭᠤᠤᠯᠳᠠᠭᠤ ᠮᠠᠯ ᠰᠥᠷᠥᠭ ᠢᠶᠠᠨ ᠪᠠᠶᠠᠰᠬᠠᠬᠤ | ᠠᠵᠢᠯᠯᠠᠭ᠎ᠠ ᠪᠠᠶᠢᠵᠤ᠂ ᠬᠡᠷ ᠤᠨ ᠡᠵᠡᠨ᠂ ᠬᠡᠷ ᠬᠤᠲᠠᠯᠠᠭᠠᠷ ᠢᠶᠠᠨ ᠬᠥᠢᠴᠡᠤᠨᠬᠡᠳᠡᠭ᠃ ᠮᠠᠯ ᠰᠥᠷᠥᠭ ᠢᠶᠠᠨ | ᠰᠢᠨᠡᠯᠡᠬᠦᠯᠬᠦ ᠶᠠᠪᠤᠴᠠ ᠳᠤ ᠭᠤᠤᠯᠳᠠᠭᠤ ᠮᠠᠯ ᠢᠶᠠᠨ ᠪᠠᠶᠠᠰᠬᠠᠨ ᠰᠢᠨᠡᠯᠡᠬᠦᠯᠵᠤ᠂ ᠬᠡᠬᠡᠷ᠎ᠡ ᠶᠢᠨ ᠮᠠᠯ ᠰᠥᠷᠥᠭ ᠢᠶᠠᠨ | ᠤᠨᠤᠭᠠᠷᠢ ᠶᠢᠨ ᠮᠤᠷᠢ᠂ ᠠᠳᠠ ᠪᠠᠷ ᠲᠦᠯᠦᠬᠡᠯᠡᠬᠦᠯᠳᠡᠭ᠃ ᠮᠠᠯ ᠰᠥᠷᠥᠭ ᠢᠶᠠᠨ ᠰᠢᠨᠡᠯᠡᠬᠦᠯᠬᠦ ᠳᠤ ᠤᠷᠢᠳᠠᠪᠡᠷ ᠮᠠᠯ | ᠰᠥᠷᠥᠭ ᠤᠨ ᠢᠶᠠᠨ ᠬᠠᠰᠢᠶ᠎ᠠ ᠰᠠᠷᠠᠪᠴᠢᠨ ᠤ ᠡᠮᠤᠨ᠎ᠡ ᠰᠢᠷᠡᠭᠡ ᠵᠠᠰᠠᠵᠤ᠂ ᠲᠡᠬᠡᠷ᠎ᠡ ᠨᠢ ᠢᠳᠡᠬᠡᠨ ᠤ ᠲᠡᠬᠡᠵᠢ ᠰᠥ᠋ | ᠴᠠᠭᠠᠨ ᠢᠳᠡᠭᠡ᠂ ᠪᠤᠤᠪᠤ ᠪᠤᠭᠤᠷᠰᠤᠭ᠂ ᠪᠤᠷᠠᠮ ᠰᠢᠬᠢᠷ᠂ ᠠᠯᠢᠮ᠎ᠠ ᠵᠢᠮᠢᠰ ᠦᠷᠦᠵᠤ ᠲᠠᠯᠪᠢᠭᠠᠤᠡ ᠬᠤᠪᠤᠩ | ᠰᠠᠪᠠᠨ ᠳᠤ ᠰᠠᠩ ᠲᠠᠯᠪᠢᠨ᠎ᠠ︔ ᠬᠡᠷ ᠤᠨ ᠡᠵᠡᠨ ᠬᠠᠰᠢᠶ᠎ᠠ ᠰᠠᠷᠠᠪᠴᠢ ᠪᠠᠨ ᠨᠠᠷᠠᠨ ᠤ ᠡᠷᠬᠢᠯᠳᠡ ᠪᠠᠷ ᠭᠤᠷᠪᠠᠨᠳᠠ | ᠲᠤᠭᠤᠷᠢᠵᠤ ᠷᠠᠰᠢᠶᠠᠨ ᠡᠷᠬᠦᠨ᠎ᠡ︔ ᠵᠠᠯᠠᠭᠤ ᠪᠠᠭᠠᠴᠤᠤᠡ ᠬᠡᠥᠬᠡᠤᠨ ᠤᠳ ᠴᠠᠭᠠᠨ ᠰᠠᠷ᠎ᠠ ᠶᠢᠨ ᠳᠡᠪᠡᠯ | ᠬᠤᠪᠴᠠᠰᠥ ᠪᠠᠨ ᠡᠮᠥᠰᠴᠥ᠂ ᠵᠠᠰᠠᠯ ᠵᠡᠬᠦᠳᠡᠯ ᠢᠶᠠᠨ ᠪᠦᠷᠢᠨ ᠵᠡᠬᠦᠵᠤ᠂ ᠪᠠᠶᠠᠷᠯᠠᠯᠳᠤᠨ ᠬᠦᠬᠡᠷᠥᠯᠳᠥᠵᠤ᠂ | ᠤᠨᠤᠭᠠᠷᠢ ᠶᠢᠨ ᠮᠤᠷᠢ᠂ ᠠᠲᠠ ᠶᠢᠨ ᠢᠶᠠᠨ ᠡᠮᠡᠬᠡᠯ᠂ ᠲᠤᠬᠤᠰᠢ ᠶᠢ ᠪᠦᠷᠢᠨ ᠲᠤᠬᠤᠵᠤ᠂ ᠪᠤᠬ᠎ᠠ᠂ ᠬᠤᠴᠠ᠂ | ᠤᠬᠤᠨ᠎ᠠ ᠪᠠᠨ ᠬᠦᠳᠥᠯᠵᠥ᠂ ᠵᠠᠰᠠᠭᠰᠠᠨ ᠰᠢᠷᠡᠬᠡᠨ ᠤ ᠳᠡᠷᠬᠡᠳᠡ ᠢᠷᠡᠬᠦ ᠳᠤ ᠬᠡᠷ ᠤᠨ ᠡᠵᠡᠨ ᠰᠥ᠋ ᠴᠠᠭᠠᠨ ᠢᠳᠡᠭᠡ ᠪᠠᠷ | ᠨᠢᠬᠡ ᠨᠢᠬᠡ ᠪᠠᠷ ᠮᠢᠯᠢᠶᠠᠵᠤ᠂ ︽ᠲᠠᠪᠤᠨ ᠬᠤᠰᠢᠭᠤ ᠮᠠᠯ ᠰᠥᠷᠥᠭ ᠮᠢᠨᠢ ᠲᠠᠯ᠎ᠠ ᠲᠥᠬᠦᠷᠡᠩ ᠦᠰᠥᠮᠥ᠂ ᠭᠠᠢ | ᠭᠠᠮᠰᠢᠭ ᠥᠬᠡᠢ᠂ ᠭᠠᠵᠢᠭ ᠬᠡᠮ ᠥᠬᠡᠢ ᠪᠠᠶᠢᠭᠠᠰᠡᠢ︾ ᠬᠡᠵᠤ ᠢᠷᠥᠬᠡᠯ ᠡᠷᠬᠦᠵᠥ᠂ ᠥᠬᠡᠷ ᠤᠨ ᠰᠥᠷᠥᠭ᠂ ᠬᠤᠨᠢᠨ | ᠰᠥᠷᠥᠭ ᠢᠶᠠᠨ ᠰᠢᠷᠡᠬᠡᠨ ᠵᠠᠬ᠎ᠠ᠂ ᠰᠠᠩ ᠤᠨ ᠳᠤᠤᠭᠤᠷ ᠦᠩᠬᠡᠷᠡᠬᠡᠨ᠎ᠡ᠃ ᠡᠵᠡᠨ ᠬᠥᠮᠥᠰ ᠨᠢ ᠪᠠᠶᠠᠷᠯᠠᠯᠳᠤᠨ | ᠬᠦᠬᠡᠷᠥᠯᠳᠥᠬᠦ ᠳᠤ ᠮᠠᠯ ᠰᠥᠷᠥᠭ ᠨᠢ ᠴᠦ ᠳᠠᠭᠠᠯᠳᠤᠨ ᠪᠠᠶᠠᠰᠤᠨ᠂ ᠬᠤᠲᠠ ᠳᠥᠬᠦᠷᠡᠩ ᠪᠠᠶᠠᠷ᠂ ᠲᠠᠯ᠎ᠠ ᠳᠥᠬᠦᠷᠡᠩ | ᠵᠢᠷᠭᠠᠯ ᠢᠶᠠᠷ ᠪᠢᠯᠬᠠᠲᠠᠭ ᠪᠢᠯᠡ᠃ |