ᠰᠦᠮ᠎ᠡ  ᠬᠡᠶᠢᠳ —  ᠬᠤᠯᠤᠳᠤ ᠶᠢᠨ ᠰᠦᠮ᠎ᠡ
ᠨᠡᠶᠢᠲᠡᠯᠡᠭᠰᠡᠨ ᠴᠠᠭ᠄
2025/6/4
  ᠮᠦᠷᠬᠦᠴᠡᠭ ᠭᠠᠴᠠᠭᠠᠨ ᠠᠴᠠ ᠪᠠᠷᠠᠭᠤᠨ ᠵᠦᠭ ᠲᠤ᠂  ᠲᠤᠯᠤᠭᠠᠨ ᠬᠤᠳᠳᠤᠭ ᠠᠴᠠ ᠬᠤᠶᠢᠭᠤᠷ᠂ ᠰᠢᠩ ᠹᠦ᠋ ᠰᠢᠶᠠᠩ ᠤᠨ ᠶᠦᠩ ᠾᠧ ᠲᠤᠰᠬᠤᠨ ᠤ ᠭᠤᠷᠪᠠᠳᠤᠭᠠᠷ ᠬᠤᠳᠠ ᠠᠴᠠ ᠪᠠᠷᠠᠭᠤᠨᠰᠢ 1 ᠺᠢᠯᠤᠮᠧᠲᠷ ᠤᠨ ᠵᠠᠶᠢᠳᠠᠢ ᠬᠦᠳᠦᠯ ᠲᠡᠭᠡᠷ᠎ᠡ  ᠪᠠᠶᠢᠨ᠎ᠠ᠃  ᠰᠦᠮ᠎ᠡ ᠶᠢᠨ ᠪᠠᠭᠤᠷᠢ ᠨᠢ ᠡᠮᠦᠨᠡᠰᠢ ᠬᠤᠶᠢᠰᠢ 88 ᠮᠧᠲᠷ᠂  ᠵᠡᠬᠦᠨᠰᠢ ᠪᠠᠷᠠᠭᠤᠨᠰᠢ 76 ᠮᠧᠲᠷ᠂  ᠶᠡᠷᠦᠩᠬᠡᠢ ᠲᠠᠯᠠᠪᠠᠢ ᠨᠢ 6688 ᠬᠠᠪᠳᠠᠭᠠᠢ ᠲᠦᠷᠪᠡᠯᠵᠢᠨ ᠮᠧᠲᠷ᠃ ᠰᠦᠮ᠎ᠡ ᠶᠢᠨ  ᠡᠬᠦᠳᠡᠨ ᠠᠴᠠ 4 ᠮᠧᠲᠷ ᠤᠨ ᠵᠠᠢ ᠳᠤ ᠤᠷᠳᠤ ᠨᠢ 5 ᠮᠧᠲᠷ᠂ ᠦᠷᠭᠡᠨ ᠨᠢ 0.5 ᠮᠧᠲᠷ ᠤᠨ ᠬᠠᠯᠬᠠᠪᠴᠢ ᠭᠡᠷᠡᠮ ᠲᠠᠢ ︵影壁墙)᠃  ᠰᠦᠮ᠎ᠡ ᠶᠢᠨ ᠬᠦᠷᠢᠶᠡᠨ ᠳᠡᠭᠡᠨ ᠵᠡᠬᠦᠨ ᠪᠠᠷᠠᠭᠤᠨ ᠬᠤᠶᠠᠷ ᠲᠠᠯ᠎ᠠ   ᠳᠤ ᠲᠤᠰᠪᠤᠷᠢ ᠨᠢᠬᠡ ᠴᠢᠭᠠᠩ ᠪᠠᠶᠢᠵᠠᠢ᠃ ᠡᠮᠦᠨ᠎ᠡ ᠲᠤᠭᠠᠩ   ᠤᠨ ᠠᠷᠤ ᠳᠤ 4 ᠮᠧᠲᠷ ᠤᠨ ᠵᠠᠶᠢᠳᠠᠢ ᠵᠡᠬᠦᠨ ᠲᠠᠯ᠎ᠠ ᠳᠤᠨᠢ ᠭᠡᠩᠭᠡᠷᠭᠡᠨ ᠲᠠᠭᠳᠤ᠂  ᠪᠠᠷᠠᠭᠤᠨ ᠲᠠᠯ᠎ᠠ ᠳᠤᠨᠢ ᠴᠠᠭ ᠤᠨ ᠲᠠᠭᠳᠤ ᠪᠠᠶᠢᠵᠠᠢ᠃   ᠬᠤᠶᠠᠷ ᠲᠠᠪᠬᠤᠷ ᠠᠰᠠᠷ   ᠢᠶᠠᠷ ᠪᠦᠷᠢᠯᠳᠦᠭᠰᠡᠨ ᠭᠤᠤᠯ ᠲᠤᠭᠠᠩ   ᠤᠨ ᠪᠠᠭᠤᠷᠢ ᠨᠢ ᠤᠷᠳᠤ ᠪᠠᠷ ᠢᠶᠠᠨ 20 ᠮᠧᠲᠷ᠂ ᠦᠷᠭᠡᠨ ᠢᠶᠠᠷ ᠢᠶᠠᠨ 15.5 ᠮᠧᠲᠷ ᠪᠠᠶᠢᠵᠤ᠂  ᠪᠦᠷ ᠮᠤᠳᠤᠨ ᠪᠦᠳᠦᠴᠡ ᠲᠠᠢ ᠪᠠᠶᠢᠵᠠᠢ᠃ ᠭᠤᠤᠯ ᠲᠤᠭᠠᠩ ᠤᠨ  ᠵᠡᠬᠦᠨ ᠪᠠᠷᠠᠭᠤᠨ ᠬᠤᠶᠠᠷ ᠵᠠᠬ᠎ᠠ ᠳᠤ  ᠲᠤᠰᠪᠤᠷᠢ ᠬᠦᠷᠢᠶᠡᠯᠡᠭᠰᠡᠨ ᠭᠡᠷ ᠪᠠᠶᠢᠰᠢᠩ ᠲᠠᠢ᠂ ᠵᠡᠬᠦᠨ ᠬᠦᠷᠢᠶᠡᠨ ᠳᠤᠨᠢ ᠯᠠᠮ᠎ᠠ ᠨᠠᠷ ᠰᠠᠭᠤᠵᠤ᠂ ᠪᠠᠷᠠᠭᠤᠨ ᠬᠦᠷᠢᠶᠡᠨ ᠳᠤᠨᠢ  ᠮᠦᠷᠬᠦᠯᠴᠢᠳ ᠰᠠᠭᠤᠳᠠᠭ ᠭᠡᠨ᠎ᠡ᠃  ᠭᠤᠤᠯ ᠲᠤᠭᠠᠩ ᠤᠨ ᠠᠷᠤ ᠳᠤ ᠭᠤᠷᠪᠠᠨ ᠪᠠᠭ᠎ᠠ ᠲᠤᠭᠠᠩ ᠤᠨ ᠪᠠᠭᠤᠷᠢ  ᠪᠠᠶᠢᠵᠤ᠂ ᠲᠡᠬᠦᠨ ᠤ ᠠᠷᠤ ᠳᠤ ᠪᠠᠰᠠ  ᠤᠷᠳᠤ ᠨᠢ 10 ᠮᠧᠲᠷ  ᠦᠷᠭᠡᠨ ᠨᠢ 5.5 ᠮᠧᠲᠷ   ᠤᠨ ᠲᠤᠭᠠᠩ   ᠤᠨ ᠪᠠᠭᠤᠷᠢ  ᠪᠤᠢ᠃    ᠬᠤᠯᠤᠳᠤ ᠶᠢᠨ ᠰᠦᠮ᠎ᠡ ᠶᠢ ᠪᠠᠰᠠ ᠡᠬᠦᠷᠢᠳᠡ ᠪᠤᠶᠠᠨᠳᠤ ᠰᠦᠮ᠎ᠡ ︵永福寺︶ ᠭᠡᠳᠡᠭ᠃   ᠤᠤᠯ   ᠳᠠᠭᠠᠨ ᠬᠦᠯᠦ ᠴᠠᠭᠠᠨ ᠬᠤᠰᠢᠭᠤᠨ ᠤ ᠰᠦᠮ᠎ᠡ  ᠪᠠᠶᠢᠪᠠ᠃ ᠬᠦᠯᠦ ᠴᠠᠭᠠᠨ ᠬᠤᠰᠢᠭᠤ ᠠᠳᠠᠷ ᠬᠠᠭᠠᠯᠪᠤᠷᠢᠯᠠᠯᠳᠠ ᠳᠤ ᠰᠢᠬᠠᠭᠳᠠᠨ ᠨᠡᠬᠦᠭᠰᠡᠨ ᠠᠴᠠ ᠬᠤᠶᠢᠰᠢ ᠵᠡᠬᠦᠨ ᠭᠠᠷ ᠲᠠᠶᠢᠹᠤᠰᠧ ᠤᠨ ᠬᠠᠷᠢᠶᠠᠳᠤ ᠰᠦᠮ᠎ᠡ ᠪᠤᠯᠵᠠᠢ᠃  ᠤᠷᠢᠳᠤ  ᠳᠠᠭᠠᠨ ᠡᠹᠦ᠋ ᠶᠢᠨ ᠬᠠᠯᠬ᠎ᠠ ᠶᠢᠨ ᠬᠢᠨ ᠪᠠᠰᠠ ᠡᠨᠡ  ᠰᠦᠮ᠎ᠡ ᠶᠢ ᠰᠢᠳᠦᠳᠡᠭ ᠪᠠᠶᠢᠪᠠ᠃ ᠬᠤᠯᠤᠳᠤ ᠶᠢᠨ ᠰᠦᠮ᠎ᠡ ᠳᠤ ᠬᠦᠯᠦ ᠴᠠᠭᠠᠨ ᠬᠤᠰᠢᠭᠤᠨ ᠤ ᠬᠦᠷᠢᠶ᠎ᠡ᠂ ᠲᠠᠶᠢᠹᠤᠰᠧ ᠤᠨ ᠬᠦᠷᠢᠶ᠎ᠡ᠂ ᠬᠠᠯᠬ᠎ᠠ ᠶᠢᠨ ᠬᠦᠷᠢᠶ᠎ᠡ ᠵᠡᠷᠭᠡ ᠭᠤᠷᠪᠠᠨ ᠯᠠᠮᠠ  ᠨᠠᠷ ᠤᠨ ᠬᠦᠷᠢᠶ᠎ᠡ ᠲᠠᠢ ᠪᠠᠶᠢᠵᠠᠢ᠃ ᠲᠤᠰ ᠰᠦᠮ᠎ᠡ ᠶᠢ ᠵᠡᠬᠦᠨ ᠭᠠᠷ ᠲᠠᠶᠢᠹᠤᠰᠧ ᠳᠤ ᠰᠢᠯᠵᠢᠬᠦᠯᠦᠨ ᠦᠭᠬᠦᠭᠰᠡᠨ ᠤ ᠬᠤᠶᠢᠨ᠎ᠠ᠂ ᠬᠦᠯᠦ ᠴᠠᠭᠠᠨ ᠤ ᠯᠠᠮᠠ  ᠨᠠᠷ ᠪᠠ ᠬᠦᠪᠡᠭᠡᠳᠦ ᠴᠠᠭᠠᠨ ᠤ ᠯᠠᠮᠠ  ᠨᠠᠷ ᠪᠦᠷ ᠠᠳᠡ ᠢᠷᠡᠵᠦ ᠬᠤᠷᠠᠯ ᠨᠤᠮ ᠬᠤᠷᠠᠵᠠᠭᠠᠳᠠᠭ ᠪᠠᠶᠢᠪᠠ᠃ ᠲᠤᠰ ᠰᠦᠮ᠎ᠡ ᠶᠢᠨ ᠡᠬᠦᠳᠡ ᠪᠠᠷ ᠮᠤᠷᠢᠳᠠᠢ ᠬᠦᠮᠦᠨ ᠮᠤᠷᠢᠨ ᠠᠴᠠ ᠪᠠᠨ ᠪᠠᠭᠤᠬᠤ ᠦᠬᠡᠢ ᠪᠠᠷ ᠦᠩᠭᠡᠷᠡᠵᠦ ᠴᠢᠳᠠᠳᠠᠭ ᠦᠬᠡᠢ ᠭᠡᠳᠡᠭ᠃     ᠠᠷᠠᠳ ᠤᠨ ᠲᠤᠮᠤᠭ ᠶᠠᠷᠢᠶᠠᠨ ᠳᠤ ᠡᠵᠡᠨ ᠬᠠᠭᠠᠨ ᠠᠳᠤᠭᠤᠨ ᠰᠦᠷᠦᠭ ᠢᠶᠠᠨ ᠰᠠᠬᠢᠭᠤᠯᠬᠤ ᠪᠠᠷ ᠡᠨᠡᠳᠭᠡᠭ  ᠤᠨ ᠪᠤᠷᠬᠠᠨ ᠤ ᠤᠷᠤᠨ ᠠᠴᠠ ᠴᠤᠯᠤ ᠽᠠᠨᠳᠠᠨ ᠢᠶᠠᠷ ᠪᠦᠳᠦᠭᠡᠭᠰᠡᠨ ᠬᠠᠶ᠋ᠢᠩᠬᠢᠷᠸ᠎ᠠ ᠪᠤᠷᠬᠠᠨ ᠢ ᠵᠠᠯᠠᠵᠤ  ᠠᠪᠴᠢᠷᠠᠭᠠᠳ ᠡᠬᠦᠪᠡᠷ ᠦᠩᠬᠡᠷᠡᠬᠦ ᠳᠤ ᠪᠤᠷᠬᠠᠨ ᠠᠴᠢᠭᠰᠠᠨ ᠲᠡᠷᠭᠡ ᠨᠢ ᠬᠡᠨᠡᠳᠳᠡ ᠬᠦᠳᠡᠯᠬᠦ ᠦᠬᠡᠢ ᠪᠤᠯᠤᠭᠰᠠᠨ ᠲᠤᠯᠠ ᠠᠳᠡ ᠰᠦᠮ᠎ᠡ ᠪᠠᠶᠢᠭᠤᠯᠤᠭᠠᠳ ᠰᠢᠳᠦᠭᠡᠨ ᠪᠤᠯᠭᠠᠨ ᠲᠠᠬᠢᠵᠤ᠂  ᠮᠠᠨᠵᠤ ᠶᠢᠨ ᠬᠠᠭᠠᠨ ᠠᠴᠠ ᠡᠬᠦᠷᠢᠳᠡ ᠪᠤᠶᠠᠨᠳᠤ ᠰᠦᠮ᠎ᠡ ᠬᠡᠵᠦ ᠨᠡᠷᠡᠯᠡᠭᠰᠡᠨ ᠭᠡᠨ᠎ᠡ᠃   ᠪᠠᠰᠠ ᠡᠨᠡ ᠬᠠᠪᠢ ᠳᠤ ᠨᠢᠬᠡ ᠬᠤᠯᠤ ᠬᠡᠯᠪᠡᠷᠢ ᠲᠠᠢ ᠬᠠᠳᠠ ᠪᠠᠶᠢᠵᠤ᠂  ᠬᠠᠳᠠᠨ ᠠᠴᠠ ᠨᠢ ᠬᠤᠪᠢᠯᠭᠠᠨ ᠡᠬᠦᠯᠡ ᠲᠡᠭᠳᠡᠨ  ᠬᠤᠷ᠎ᠠ ᠪᠤᠷᠤᠭᠠᠨ ᠪᠠᠭᠤᠳᠠᠭ ᠪᠤᠯᠬᠤᠷ ᠨᠤᠳᠤᠭ ᠤᠨ ᠮᠠᠯᠴᠢᠳ  ᠡᠨᠡ ᠭᠠᠵᠠᠷ ᠢ ᠬᠤᠯᠤᠳᠤ ᠬᠡᠮᠡᠨ᠂  ᠲᠤᠰ ᠰᠦᠮ᠎ᠡ ᠶᠢ ᠬᠤᠯᠤᠳᠤ ᠶᠢᠨ ᠰᠦᠮ᠎ᠡ ᠬᠡᠵᠦ ᠨᠡᠷᠡᠯᠡᠭᠰᠡᠨ ᠭᠡᠳᠡᠭ  ᠃ ᠲᠡᠭᠡᠷ᠎ᠡ ᠵᠠᠭᠤᠨ ᠤ ᠲᠠᠪᠢᠭᠠᠳ ᠤᠨ ᠳᠤ ᠲᠤᠰ ᠰᠦᠮ᠎ᠡ ᠶᠢ ᠨᠤᠷᠠᠭᠠᠵᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号