ᠦᠯᠦᠭᠡᠢ ᠶᠢ ᠦᠷᠡᠯ᠂ ᠬᠠᠶᠢᠯᠠᠰᠤ᠂ ᠮᠦᠢᠯ᠂ ᠤᠳᠠ ᠶᠢᠨ ᠮᠤᠳᠤ ᠪᠠᠷ ᠬᠢᠳᠡᠭ᠃ ᠦᠯᠦᠭᠡᠢ ᠨᠢ ᠲᠦᠷᠪᠡᠨ | ᠠᠷᠠᠯ ᠲᠠᠢ᠂ ᠮᠠᠳᠠᠮᠠᠯ᠂ ᠪᠠᠩᠵᠠ ᠵᠡᠷᠭᠡ ᠭᠤᠷᠪᠠᠨ ᠵᠦᠢᠯ ᠪᠤᠢ᠃ ᠲᠦᠷᠪᠡᠨ ᠠᠷᠠᠯ ᠲᠠᠢ ᠦᠯᠦᠭᠡᠢ ᠨᠢ ᠢᠯᠠᠤ ᠲᠠᠢ | ᠪᠦᠭᠡᠳ ᠲᠠᠯ᠎ᠠ ᠰᠠᠷ᠎ᠠ ᠶᠢᠨ ᠬᠡᠯᠪᠡᠷᠢ ᠶᠢᠨ ᠪᠠᠩᠵᠠ ᠶᠢ ᠲᠤᠯᠤᠭᠠᠢ᠂ ᠬᠦᠯ ᠤᠨ ᠦᠵᠦᠭᠦᠷ ᠲᠤᠨᠢ ᠲᠤᠬᠢᠶᠠᠨ | ᠬᠦᠳᠡᠯᠭᠡᠬᠦ ᠳᠤ ᠲᠦᠭᠦᠮ ᠪᠤᠯᠭᠠᠳᠠᠭ᠃ ᠲᠠᠩ ᠠᠷᠠᠯ ᠤᠨ ᠢᠶᠠᠨ ᠲᠤᠤᠷ᠎ᠠ ᠲᠡᠯᠳᠤ᠂ ᠴᠠᠷᠠᠰᠤ ᠵᠡᠷᠭᠡ ᠪᠠᠷ ᠮᠠᠳᠠᠮᠠᠯ | ᠬᠦᠯ ᠲᠤᠬᠢᠶᠠᠵᠤ ᠬᠢᠭᠰᠡᠨ ᠢ ᠮᠠᠳᠠᠮᠠᠯ ᠦᠯᠦᠭᠡᠢ ᠭᠡᠳᠡᠭ᠃ ᠵᠤᠵᠠᠭᠠᠨ ᠪᠠᠩᠵᠠ ᠶᠢ ᠲᠠᠯ᠎ᠠ ᠰᠠᠷ᠎ᠠ ᠬᠡᠯᠪᠡᠷᠢ ᠶᠢᠨ | ᠤᠷᠤᠮ ᠢᠶᠠᠷ ᠤᠬᠤᠵᠤ ᠠᠪᠤᠭᠠᠳ ᠴᠠᠪᠠᠤ ᠪᠠᠷ ᠬᠠᠳᠠᠵᠤ ᠲᠠᠯᠪᠢᠭᠰᠠᠨ ᠬᠡᠦᠬᠡᠳ ᠢᠶᠠᠨ ᠬᠡᠪᠳᠡᠭᠦᠯᠬᠦ ᠪᠠᠩᠵᠠ ᠶᠢ | ᠮᠤᠳᠤᠨ ᠦᠯᠦᠭᠡᠢ ᠭᠡᠳᠡᠭ᠃ ᠦᠯᠦᠭᠡᠢ ᠳᠤ ᠬᠠᠷᠠᠭ᠎ᠠ ᠭᠡᠵᠤ ᠪᠤᠢ᠃ ᠲᠠᠷᠤᠢ ᠦᠯᠦᠭᠡᠢ ᠶᠢᠨ ᠲᠤᠯᠤᠭᠠᠢ ᠳᠤ | ᠮᠠᠳᠠᠭᠰᠠᠨ ᠮᠤᠳᠤ ᠶᠢ ᠬᠡᠯᠡᠨ᠎ᠡ᠃ ᠡᠭᠦᠨ ᠢ ᠤᠯᠠᠭᠠᠨ ᠪᠦᠰ ᠢᠶᠠᠷ ᠪᠤᠭᠤᠵᠤ ᠤᠶᠤᠭᠠᠳ ᠲᠤᠤᠷ᠎ᠠ ᠦᠵᠦᠭᠦᠷ ᠢ ᠨᠢ | ᠲᠡᠷᠡ ᠲᠤᠤᠷ᠎ᠠ ᠲᠠᠷᠤᠵᠤ ᠲᠠᠯᠪᠢᠨ᠎ᠠ᠃ ᠬᠠᠷᠠᠭ᠎ᠠ ᠠᠴᠠ ᠤᠶᠠᠵᠤ᠂ ᠨᠦᠭᠦᠭᠡ ᠦᠵᠦᠭᠦᠷ ᠢ ᠨᠢ ᠬᠡᠦᠬᠡᠳ ᠤᠨ | ᠬᠦᠯ ᠤᠨ ᠦᠵᠦᠭᠦᠷ ᠤᠨ ᠢᠯᠠᠤ ᠠᠴᠠ ᠤᠶᠠᠬᠤ ᠰᠤᠷ ᠢ ᠲᠠᠳᠠᠭᠠᠷᠢ ᠭᠡᠨ᠎ᠡ᠃ ᠲᠠᠳᠠᠭᠠᠷᠢ ᠶᠢ ᠭᠤᠷᠪᠠ ᠰᠠᠯᠠᠭᠠᠯᠠᠨ | ᠲᠤᠯᠤᠭ᠎ᠠ ᠵᠠᠩᠭᠢᠳᠤᠨ᠎ᠠ᠃ ᠬᠠᠷᠠᠭ᠎ᠠ ᠳᠤ ᠭᠠᠤᠯᠢᠨ ᠵᠤᠭᠤᠰ ᠢ ᠬᠡᠯᠬᠢᠨ ᠡᠯᠭᠦᠨ᠎ᠡ᠃ ᠪᠦᠰᠡᠯᠡᠭᠦᠷ ᠢ ᠨᠢ ᠰᠤᠷ ᠪᠤᠶᠤ | ᠬᠠᠳᠬᠤᠮᠠᠯ ᠨᠠᠭᠠᠮᠠᠯ ᠬᠤᠸᠠᠷ ᠲᠠᠢ ᠬᠢᠳᠡᠭ᠃ ᠪᠠᠰᠠ ᠪᠤᠷᠤᠭᠤ ᠲᠠᠯ᠎ᠠ ᠳᠤᠨᠢ ᠭᠠᠷᠬ᠎ᠠ ᠲᠠᠢ ᠰᠤᠷ ᠤᠶᠠᠵᠤ᠂ | ᠪᠦᠰᠡᠯᠡᠭᠦᠷ ᠢᠶᠠᠨ ᠰᠦᠪᠡᠯᠡᠨ ᠲᠠᠳᠠᠬᠤ ᠴᠦ ᠪᠤᠢ᠃ ᠦᠯᠦᠭᠡᠢ ᠶᠢᠨ ᠲᠤᠤᠷ᠎ᠠ ᠨᠢᠮᠬᠡᠨ ᠪᠠᠩᠵᠠ ᠲᠠᠯᠪᠢᠵᠤ᠂ | ᠲᠡᠭᠡᠷ᠎ᠡ ᠨᠢ ᠰᠠᠭᠠᠭ ᠤᠨ ᠯᠠᠢ ᠲᠠᠢ ᠵᠤᠵᠠᠭᠠᠨ ᠲᠡᠪᠢᠰᠭᠡᠷ ︵ᠪᠠᠰᠠ ᠬᠠᠩ ᠭᠡᠳᠡᠭ︶᠂ ᠲᠡᠭᠦᠨ ᠤ ᠲᠡᠭᠡᠷ᠎ᠡ ᠬᠦᠪᠦᠩ | ᠬᠤᠴᠢᠯᠭ᠎ᠠ᠂ ᠲᠤᠳᠤᠷ᠎ᠠ ᠨᠢ ᠲᠠᠩ ᠬᠤᠴᠢᠯᠭ᠎ᠠ ᠲᠠᠯᠪᠢᠨ᠎ᠠ᠃ ᠲᠡᠷᠡ ᠳᠤᠨᠢ ᠬᠠᠷ᠎ᠠ ᠮᠤᠩᠭᠤᠯ ᠪᠤᠶᠤ ᠰᠢᠯᠦᠬᠡᠢ ᠬᠢᠨ᠎ᠡ᠃ | ᠬᠡᠦᠬᠡᠳ ᠤᠨ ᠬᠦᠯ ᠤᠨ ᠦᠵᠦᠭᠦᠷ ᠲᠤᠨᠢ ᠬᠤᠷᠠᠭ᠎ᠠ ᠢᠰᠢᠭᠡ ᠶᠢᠨ ᠠᠷᠠᠰᠤ ᠲᠠᠯᠪᠢᠵᠣ ᠲᠠᠭᠠᠷᠠᠵᠤ ᠵᠢᠩᠭᠢᠨᠡᠬᠦ ᠶᠢ | ᠬᠢᠴᠢᠶᠡᠨ᠎ᠡ᠃ ᠴᠢᠭᠢᠭ ᠢ ᠨᠢ ᠬᠠᠯᠠᠭᠤᠳᠠᠭᠠᠵᠤ ᠭᠠᠷᠭᠠᠭᠰᠠᠨ ᠴᠠᠭᠠᠨ ᠰᠢᠷᠤᠢ ᠳᠤ ᠦᠯᠦᠭᠡᠶᠢᠳᠡᠨᠡ᠃ ᠦᠯᠦᠭᠡᠢ ᠶᠢᠨ | ᠠᠷᠠᠯ ᠳᠡᠭᠡᠷ᠎ᠡ ︽+︾ ᠪᠤᠶᠤ ︽︾ ᠲᠡᠮᠳᠡᠭ ᠲᠠᠯᠪᠢᠳᠠᠭ᠃ ᠦᠯᠦᠭᠡᠢ ᠶᠢ ᠭᠡᠷ ᠠᠴᠠ ᠠᠪᠴᠤ ᠭᠠᠷᠬᠤ ᠪᠤᠶᠤ | ᠠᠪᠴᠤ ᠤᠷᠤᠬᠤ ᠳᠤ ᠲᠤᠯᠤᠭᠠᠢ ᠶᠢᠨ ᠲᠠᠯ᠎ᠠ ᠪᠠᠷ ᠨᠢ ᠤᠷᠤᠭᠤᠯᠵᠤ᠂ ᠬᠤᠭᠤᠰᠤᠨ ᠲᠠᠯᠪᠢᠬᠤ ᠶᠢ ᠬᠢᠴᠢᠶᠡᠨ | ᠬᠤᠪᠴᠠᠰᠤ ᠪᠤᠶᠤ ᠲᠡᠷᠡ ᠶᠢ ᠨᠢ ᠲᠠᠳᠠᠨ ᠲᠠᠯᠪᠢᠨ᠎ᠠ᠃ ᠦᠯᠦᠭᠡᠢ ᠶᠢ ᠨᠠᠭᠠᠰᠢ ᠴᠠᠭᠠᠰᠢ ᠬᠦᠳᠡᠯᠭᠡᠬᠦ ᠶᠢ ᠠᠷᠭᠠᠳᠠᠬᠤ | ᠭᠡᠳᠡᠭ᠃ ᠬᠤᠭᠤᠰᠤᠨ ᠦᠯᠦᠭᠡᠢ ᠶᠢ ᠠᠷᠭᠠᠳᠠᠬᠤ ᠶᠢ ᠴᠡᠭᠡᠷᠯᠡᠨ᠎ᠡ᠃ ᠦᠯᠦᠭᠡᠢ ᠶᠢ ᠰᠦᠨᠢ ᠤᠷᠤᠢ ᠭᠠᠳᠠᠨ᠎ᠠ | ᠬᠤᠨᠤᠭᠤᠯᠬᠤ ᠪᠤᠶᠤ ᠲᠡᠭᠡᠭᠦᠷ ᠨᠢ ᠡᠨᠡ ᠲᠡᠷᠡ ᠶᠠᠭᠤᠮ᠎ᠠ ᠠᠪᠴᠤ ᠭᠠᠷᠬᠤ ᠶᠢ ᠡᠷᠡᠰ ᠬᠢᠴᠢᠶᠡᠨ᠎ᠡ᠃ ᠬᠡᠦᠬᠡᠳ ᠤᠢ | ᠪᠤᠶᠤ ᠬᠤᠶᠠᠷ ᠤᠢ ᠪᠤᠯᠤᠭᠠᠳ ᠦᠯᠦᠭᠡᠢ ᠠᠴᠠ ᠪᠠᠨ ᠭᠠᠷᠪᠠᠯ ᠦᠯᠦᠭᠡᠢ ᠶᠢ ᠨᠢ ᠲᠡᠭᠡᠷ᠎ᠡ ᠬᠤᠷᠢᠶᠠᠵᠤ ᠬᠠᠮᠢᠶ᠎ᠠ ᠨᠠᠮᠢᠶ᠎ᠠ | ᠦᠭᠡᠢ ᠬᠦᠮᠦᠨ ᠳᠤ ᠵᠢᠭᠡᠯᠡᠭᠦᠯᠬᠦ ᠦᠭᠡᠢ᠃ ᠬᠡᠦᠬᠡᠳ ᠤᠨ ᠲᠤᠤᠷ᠎ᠠ ᠲᠡᠪᠢᠰᠦᠭᠰᠡᠨ ᠰᠠᠭᠠᠭ ᠤᠨ ᠯᠠᠢ ᠲᠠᠢ | ᠲᠡᠪᠢᠰᠭᠡᠷ ᠢ ᠵᠤᠨ ᠤ ᠴᠠᠭ ᠲᠤ ᠪᠠᠶᠢᠨ ᠪᠠᠶᠢᠨ ᠨᠠᠷᠠᠨ ᠳᠤ ᠡᠭᠡᠵᠤ ᠬᠠᠳᠠᠭᠠᠨ᠎ᠠ᠃ ᠡᠨᠡ ᠨᠢ ᠬᠡᠦᠬᠡᠳ ᠤᠨ | ᠴᠢᠭᠢᠭᠳᠡᠬᠦ ᠶᠢ ᠰᠡᠷᠭᠡᠶᠢᠯᠡᠵᠤ ᠪᠠᠶᠢᠳᠠᠭ᠃ ᠦᠯᠦᠭᠡᠢ ᠶᠢ ᠲᠤᠬᠢᠳᠠᠢ ᠬᠢᠭᠰᠡᠨ ᠪᠤᠯ ᠠᠷᠭᠠᠳᠠᠬᠤ ᠳᠤ ᠬᠦᠩᠭᠡᠨ ᠪᠠᠶᠢᠵᠤ᠂ | ᠲᠤᠬᠢᠮᠵᠢ ᠪᠠᠷ ᠠᠨᠠᠢ ᠪᠤᠯ ᠠᠷᠭᠠᠳᠠᠬᠤ ᠳᠤ ᠬᠦᠨᠳᠤ ᠪᠠᠶᠢᠵᠤ᠂ ᠬᠡᠦᠬᠡᠳ ᠲᠤ ᠲᠠᠭᠠᠯᠠᠮᠵᠢ ᠦᠭᠡᠢ ᠪᠤᠯᠳᠠᠭ᠃ | ᠮᠤᠩᠭᠤᠯ ᠬᠡᠦᠬᠡᠳ ᠢ ᠦᠯᠦᠭᠡᠢ ᠳᠤ ᠠᠷᠭᠠᠳᠠᠨ ᠦᠰᠭᠡᠭᠰᠡᠨ ᠢᠶᠠᠷ ᠴᠢᠰᠤᠨ ᠲᠠᠷᠤᠯᠳᠠ ᠵᠢᠭᠳᠡ᠂ ᠰᠢᠷᠦᠭᠦᠨ | ᠬᠦᠳᠡᠯᠭᠡᠭᠡᠨ ᠲᠠᠢ ᠵᠤᠬᠢᠴᠠᠬᠤ ᠳᠤ ᠴᠢᠳᠠᠮᠠᠭᠠᠢ ᠪᠠᠶᠢᠳᠠᠭ᠃ |