ᠯᠢᠦ ᠲᠢᠩ ᠰᠢᠤ᠂ ᠡᠷᠡᠭᠲᠡᠢ᠂ ᠬᠢᠲᠠᠳ ᠦᠨᠳᠦᠰᠦᠲᠡᠨ᠂ 1969 ᠣᠨ ᠤ 10 ᠰᠠᠷ᠎ᠠ ᠳᠤ ᠲᠦᠷᠦᠵᠠᠢ᠂ | ᠵᠠᠬᠢᠳᠠᠯ ᠢᠶᠠᠷ ᠰᠣᠷᠣᠯᠴᠠᠬᠤ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ᠂ ᠳᠤᠮᠳᠠᠳᠤ ᠤᠯᠤᠰ ᠤᠨ ᠡᠪ | ᠬᠠᠮᠲᠤ ᠨᠠᠮ ᠤᠨ ᠭᠡᠰᠢᠭᠦᠨ᠃ | ᠲᠠᠶᠢᠹᠤᠰᠧ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ | ᠨᠠᠮ ᠤᠨ ᠤᠳᠤᠷᠢᠳᠬᠤ ᠲᠤᠭᠤᠶᠢᠯᠠᠩ ᠤᠨ ᠭᠡᠰᠢᠬᠦᠨ᠂ ᠪᠠᠶᠢᠩᠭᠤ ᠶᠢᠨ ᠬᠤᠷᠢᠶᠠᠨ ᠤ ᠲᠡᠳ᠋ ᠡᠷᠬᠢᠯᠡᠭᠴᠢ᠃ | ᠡᠷᠬᠢᠯᠡᠭᠴᠢ ᠶᠢ ᠬᠠᠪᠰᠤᠷᠤᠨ ᠨᠠᠮ ᠤᠨ ᠶᠠᠪᠤᠳᠠᠯ ᠤᠨ ᠠᠵᠢᠯ ᠢ ᠬᠠᠷᠢᠭᠤᠴᠠᠵᠤ᠂ ᠰᠤᠶᠤᠯ ᠰᠤᠷᠭᠠᠨ ᠬᠥᠮᠦᠵᠢᠯ | ᠰᠢᠨᠵᠢᠯᠡᠬᠦ ᠤᠬᠠᠭᠠᠨ ᠡᠷᠡᠭᠦᠯ ᠬᠠᠮᠠᠭᠠᠯᠠᠯ ᠠᠷᠠᠳ ᠤᠨ ᠶᠠᠪᠤᠳᠠᠯ ᠬᠠᠷᠢᠶᠠᠲᠤ ᠶᠢᠨ ᠠᠵᠢᠯ ᠤᠨ ᠵᠥᠪᠯᠡᠯ᠂ | ᠲᠦᠯᠦᠭᠡᠯᠡᠭᠴᠢᠳ ᠤᠨ ᠠᠵᠢᠯ ᠤᠨ ᠵᠦᠪᠯᠡᠯ ᠢ ᠬᠤᠪᠢᠳᠠᠨ ᠬᠠᠮᠢᠶᠠᠷᠤᠨ᠎ᠠ᠃ ᠬᠥᠮᠦᠨ ᠤ ᠬᠦᠴᠦᠨ ᠤ ᠡᠬᠢ ᠪᠠᠶᠠᠯᠢᠭ | ᠪᠠ ᠨᠡᠶᠢᠭᠡᠮ ᠤᠨ ᠪᠠᠲᠤᠯᠠᠭ᠎ᠠ ᠂ ᠰᠤᠷᠭᠠᠨ ᠬᠥᠮᠦᠵᠢᠯ᠂ ᠰᠣᠶᠣᠯ ᠲᠠᠮᠢᠷ ᠷᠠᠳᠢᠣ᠋ ᠲᠧᠯᠸᠢᠰ ᠵᠢᠭᠤᠯᠴᠢᠯᠠᠯ᠂ ᠣᠷᠣᠨ | ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ᠂ ᠬᠤᠲᠠ ᠶᠢᠨ ᠬᠠᠮᠢᠶᠠᠷᠤᠯᠲᠠ᠂ ᠠᠷᠠᠳ ᠤᠨ | ᠶᠠᠪᠤᠳᠠᠯ᠂ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ᠂ ᠪᠠᠴᠢᠮ ᠪᠠᠶᠢᠳᠠᠯ ᠢ ᠠᠷᠭᠠᠴᠠᠬᠤ | ᠬᠠᠮᠢᠶᠠᠷᠤᠯᠲᠠ᠂ ᠡᠷᠡᠭᠦᠯ ᠬᠠᠮᠠᠭᠠᠯᠠᠯ ᠡᠷᠡᠭᠦᠯ ᠮᠡᠨᠳᠦ᠂ ᠡᠮᠴᠢᠯᠡᠭᠡᠨ ᠤ ᠪᠠᠲᠤᠯᠠᠭ᠎ᠠ᠂ ᠴᠡᠷᠢᠭ ᠠᠴᠠ ᠬᠠᠯᠠᠭᠳᠠᠭᠰᠠᠳ᠂ | ᠦᠨᠳᠦᠰᠦᠲᠡᠨ ᠱᠠᠰᠢᠨ ᠰᠤᠷᠲᠠᠬᠤᠨ᠂ ᠡᠬᠡ ᠤᠷᠤᠨᠴᠢ ᠡᠷᠡᠭᠦᠯ ᠬᠠᠮᠠᠭᠠᠯᠠᠯ ᠵᠡᠷᠭᠡ ᠲᠠᠯ᠎ᠠ ᠶᠢᠨ ᠠᠵᠢᠯ ᠢ | ᠬᠠᠷᠢᠭᠤᠴᠠᠵᠤ᠂ ᠪᠤᠤᠴᠠᠩ ᠪᠠᠯᠭᠠᠰᠤ ᠪᠣᠯᠤᠨ ᠬᠤᠩ ᠴᠢ ᠪᠠᠯᠭᠠᠰᠤᠨ ᠤ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠠᠵᠢᠯ ᠢ ᠵᠢᠭᠠᠨ ᠵᠢᠯᠤᠭᠤᠳᠬᠤ ᠶᠢᠨ ᠬᠠᠮᠳᠤ ᠡᠷᠬᠢᠯᠡᠭᠴᠢ ᠶᠢᠨ ᠲᠤᠰᠢᠶᠠᠭᠰᠠᠨ ᠪᠤᠰᠤᠳ ᠠᠵᠢᠯ ᠡᠬᠦᠷᠭᠡ | ᠶᠢ ᠪᠡᠶᠡᠯᠡᠭᠦᠯᠦᠨ᠎ᠡ᠃ | ᠬᠠᠷᠢᠯᠴᠠᠬᠤ ᠨᠢᠬᠡᠴᠡ᠄ ᠨᠠᠮ ᠤᠨ ᠬᠤᠷᠢᠶᠠᠨ ᠤ ᠠᠯᠪᠠᠨ ᠬᠡᠷ᠂ ᠵᠣᠬᠢᠶᠠᠨ ᠪᠠᠶᠢᠭᠤᠯᠬᠤ ᠬᠡᠯᠲᠡᠰ᠂ ᠨᠢᠭᠡᠳᠦᠮᠡᠯ | ᠹᠷᠣᠨᠲ ᠤᠨ ᠬᠡᠯᠲᠡᠰ᠂ ᠣᠷᠣᠨ ᠲᠤᠭ᠎ᠠ ᠲᠤᠭᠳᠠᠭᠠᠬᠤ ᠠᠯᠪᠠᠨ ᠬᠡᠷ᠂ ᠠᠬᠠᠮᠠᠳ ᠺᠠᠳ᠋ᠷᠴᠤᠳ ᠤᠨ ᠲᠣᠪᠴᠢᠶ᠎ᠠ᠂ | ᠪᠠᠶᠢᠭᠤᠯᠭ᠎ᠠ ᠶᠢᠨ ᠨᠠᠮ ᠤᠨ ᠠᠵᠢᠯ ᠤᠨ ᠵᠦᠪᠯᠡᠯ᠂ ᠦᠢᠯᠡᠳᠪᠦᠷᠢ ᠬᠤᠳᠠᠯᠳᠤᠭᠠᠨ ᠤ ᠬᠤᠯᠪᠣᠭ᠎ᠠ᠂ ᠨᠠᠮ ᠤᠨ | ᠰᠤᠷᠭᠠᠭᠤᠯᠢ᠂ ᠲᠠᠩᠰᠠ ᠡᠪᠬᠡᠮᠡᠯ ᠲᠡᠤᠬᠡ ᠣᠶᠢᠯᠠᠯᠭ᠎ᠠ ᠶᠢᠨ ᠣᠷᠳᠣᠨ᠂ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ | ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠵᠥᠪᠯᠡᠯ᠂ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ᠂ ᠵᠡᠮᠳᠡᠭᠴᠦᠳ ᠤᠨ | ᠬᠤᠯᠪᠣᠭ᠎ᠠ᠃ |