ᠯᠠᠵᠤᠤ ᠦᠷᠬᠦᠯᠵᠢ ᠢᠳᠡᠬᠦ ᠨᠢ ᠵᠢᠷᠦᠬᠡᠨ ᠡᠪᠡᠳᠴᠢᠨ ᠤ ᠲᠦᠭᠰᠢᠭᠦᠷᠢ ᠶᠢ ᠪᠠᠭᠠᠰᠬᠠᠬᠤ ᠳᠤ ᠲᠤᠰᠠᠳᠠᠢ
ᠨᠡᠶᠢᠲᠡᠯᠡᠭᠰᠡᠨ ᠴᠠᠭ᠄
2025/1/6
  ᠢᠲ᠋ᠠᠯᠢ ᠶᠢᠨ ᠰᠤᠳᠤᠯᠤᠭᠴᠢᠳ ᠦᠷᠬᠦᠯᠵᠢ ᠯᠠᠵᠤᠤ ᠢᠳᠡᠪᠡᠯ ᠵᠢᠷᠦᠬᠡᠨ ᠤ ᠡᠷᠡᠭᠦᠯ ᠮᠡᠨᠳᠤ ᠳᠤ ᠠᠰᠢᠭᠳᠠᠢ ᠪᠠᠶᠢᠵᠤ ᠵᠢᠷᠦᠬᠡᠨ ᠡᠪᠡᠳᠴᠢᠨ ᠪᠠ ᠰᠠ ᠡᠪᠡᠳᠴᠢᠨ ᠢᠶᠠᠷ ᠦᠬᠦᠬᠦ ᠠᠶᠤᠯ ᠢ ᠪᠠᠭᠤᠷᠠᠭᠤᠯᠳᠠᠭ ᠢ ᠤᠯᠵᠤ ᠮᠡᠳᠡᠭᠰᠡᠨ ᠪᠠᠶᠢᠨ᠎ᠠ᠃     ᠭᠠᠵᠠᠷ ᠤᠨ ᠲᠤᠮᠳᠠᠳᠤ ᠲᠠᠩᠬᠢᠰ ᠤᠨ ᠰᠤᠳᠤᠯᠬᠤ ᠭᠠᠵᠠᠷ ᠤᠨ ᠠᠵᠢᠯᠳᠠᠨ ᠢᠲ᠋ᠠᠯᠢ ᠶᠢᠨ ᠮᠦᠯᠢ ᠤᠷᠤᠯᠳᠤᠭᠠᠨ ᠤ ᠲᠤᠭᠤᠷᠢᠭ ᠤᠨ 22811 ᠰᠠᠭᠤᠭᠠᠯᠢ ᠠᠷᠠᠳ ᠢ ᠰᠤᠷᠪᠤᠯᠵᠢᠯᠠᠪᠠ᠂ ᠰᠠᠭᠤᠭᠠᠯᠢ ᠠᠷᠠᠳ ᠪᠤᠯᠭᠠᠨ  ᠤ ᠲᠠᠭᠠᠨ ᠰᠤᠷᠪᠤᠯᠵᠢᠯᠠᠬᠤ ᠴᠠᠭ ᠢ ᠲᠤᠮᠳᠠᠴᠢ ᠪᠠᠷ 8 ᠵᠢᠯ᠂ ᠵᠤᠷᠢᠯᠭ᠎ᠠ ᠨᠢ ᠲᠡᠳᠡᠨ ᠤ ᠢᠳᠡᠭᠡᠨ ᠤᠮᠳᠠᠭᠠᠨ ᠤ ᠲᠠᠳᠬᠠᠯ ᠪᠠ ᠡᠷᠡᠭᠦᠯ ᠮᠡᠨᠳᠤ ᠶᠢᠨ ᠪᠠᠶᠢᠳᠠᠯ ᠢ ᠤᠶᠢᠯᠭᠠᠭᠰᠠᠨ ᠪᠠᠶᠢᠨ᠎ᠠ᠃ ᠰᠤᠳᠤᠯᠤᠭᠴᠢᠳ ᠤᠨ ᠢᠯᠡᠷᠡᠭᠦᠯᠦᠭᠰᠡᠨ  ᠢᠶᠠᠷ᠂ ᠲᠤᠬᠠᠢ ᠶᠢᠨ ᠭᠠᠵᠠᠷ ᠤᠨ ᠢᠳᠡᠭᠡᠨ ᠤᠮᠳᠠᠭᠠᠨ ᠨᠡᠶᠢᠳᠡᠮ ᠭᠤᠱᠢᠭᠤᠨ ᠪᠠᠶᠢᠵᠤ᠂ ᠰᠤᠳᠤᠯᠤᠭᠳᠠᠬᠤᠨ ᠭᠠᠷᠠᠭ ᠪᠦᠷᠢ 4 ᠤᠳᠠᠭ᠎ᠠ ᠠᠴᠠ ᠲᠡᠭᠡᠭᠰᠢ ᠯᠠᠵᠤᠤ ᠢᠳᠡᠳᠡᠭ ᠪᠠᠶᠢᠨ᠎ᠠ᠃ ᠡᠭᠦᠨ ᠤ ᠳ᠋ᠦᠩ ᠳᠤ ᠵᠢᠷᠦᠬᠡᠨ ᠲᠢᠳᠢᠮ ᠤᠨ ᠡᠪᠡᠳᠴᠢᠨ ᠢᠶᠠᠷ ᠦᠬᠦᠬᠦ ᠠᠶᠤᠯ ᠲᠦᠭᠰᠢᠭᠦᠷᠢ 44% ᠲᠤᠷᠤᠭᠰᠢᠯᠠᠵᠤ᠂ ᠰᠠ ᠡᠪᠡᠳᠴᠢᠨ ᠢᠶᠠᠷ ᠦᠬᠦᠬᠦ ᠠᠶᠤᠯ 60% ᠠᠴᠠ ᠢᠯᠡᠭᠦᠤ ᠲᠤᠷᠤᠭᠰᠢᠯᠠᠪᠠ᠃  ᠡᠭᠦᠨ ᠠᠴᠠ ᠭᠠᠳᠠᠨ᠎ᠠ᠂ ᠰᠤᠳᠤᠯᠤᠭᠳᠠᠬᠤᠨ ᠤ ᠢᠳᠡᠭᠡᠨ ᠤᠮᠳᠠᠭᠠᠨ ᠤ ᠲᠠᠳᠬᠠᠯ ᠨᠢ ᠶᠠᠮᠠᠷ ᠪᠠᠶᠢᠭᠰᠠᠨ ᠴᠤ᠂ ᠦᠷᠬᠦᠯᠵᠢ ᠯᠠᠵᠤᠤ ᠢᠳᠡᠪᠡᠯ ᠵᠢᠷᠦᠬᠡᠨ ᠤ ᠡᠷᠡᠭᠦᠯ ᠮᠡᠨᠳᠤ ᠳᠤ ᠠᠰᠢᠭᠳᠠᠢ ᠪᠠᠶᠢᠳᠠᠭ ᠭᠡᠰᠡᠨ ᠢ ᠤᠯᠵᠤ ᠮᠡᠳᠡᠭᠰᠡᠨ ᠪᠠᠶᠢᠨ᠎ᠠ᠃ ᠲᠤᠰ ᠰᠤᠳᠤᠯᠭᠠᠨ ᠤ ᠮᠡᠳᠡᠭᠦᠯᠦᠯᠳᠡ ᠶᠢ ︽ᠠᠮᠧᠷᠢᠺᠠ ᠶᠢᠨ ᠵᠢᠷᠦᠬᠡᠨ ᠡᠪᠡᠳᠴᠢᠨ ᠤ ᠨᠡᠶᠢᠭᠡᠮᠯᠢᠭ︾ ᠤᠨ ᠰᠡᠳᠬᠦᠯ ᠲᠡᠭᠡᠷ᠎ᠡ ᠨᠡᠶᠢᠳᠡᠯᠡᠭᠰᠡᠨ ᠪᠠᠶᠢᠨ᠎ᠠ᠃ ᠭᠤᠤᠯ ᠵᠤᠬᠢᠶᠠᠭᠴᠢ ᠮᠠᠯᠢᠶᠠᠯᠠ ᠪᠤᠨᠠᠴᠢᠶᠤ᠋ ᠬᠡᠯᠡᠬᠦ ᠳᠤ ᠪᠠᠨ᠄ ᠵᠠᠷᠢᠮ ᠬᠦᠮᠦᠨ ᠭᠠᠵᠠᠷ ᠤᠨ ᠲᠤᠮᠳᠠᠳᠤ ᠲᠠᠩᠬᠢᠰ ᠤᠨ ᠡᠷᠡᠭᠦᠯ ᠢᠳᠡᠭᠡᠨ ᠤᠮᠳᠠᠭᠠᠨ ᠢ ᠪᠠᠷᠢᠮᠳᠠᠯᠠᠵᠤ᠂ ᠵᠠᠷᠢᠮ ᠬᠦᠮᠦᠨ ᠤ ᠢᠳᠡᠭᠡᠨ ᠤᠮᠳᠠᠭᠠᠨ ᠨᠢ ᠲᠡᠶᠢᠮᠤ ᠡᠷᠡᠭᠦᠯ ᠪᠤᠰᠤ ᠪᠤᠯᠪᠠᠴᠤ ᠯᠠᠵᠤᠤ ᠦᠷᠬᠦᠯᠵᠢ ᠢᠳᠡᠳᠡᠭ ᠠᠴᠠ ᠪᠤᠯᠵᠤ ᠲᠡᠳᠡᠨ ᠤ ᠵᠢᠷᠦᠬᠡᠨ ᠳᠤ ᠬᠠᠮᠠᠭᠠᠯᠠᠬᠤ ᠦᠢᠯᠡᠳᠦᠯ ᠦᠵᠡᠭᠦᠯᠦᠭᠰᠡᠨ ᠪᠠᠶᠢᠨ᠎ᠠ ᠭᠡᠵᠡᠢ᠃ ᠲᠤᠰ ᠰᠤᠳᠤᠯᠭᠠᠨ ᠨᠢ ᠯᠠᠵᠤᠤ ᠢᠳᠡᠬᠦ ᠨᠢ ᠵᠢᠷᠦᠬᠡᠨ ᠡᠪᠡᠳᠴᠢᠨ ᠪᠠ ᠰᠠ ᠡᠪᠡᠳᠴᠢᠨ ᠢᠶᠠᠷ ᠦᠬᠦᠬᠦ ᠲᠦᠭᠰᠢᠭᠦᠷᠢ ᠲᠠᠢ ᠬᠤᠯᠪᠤᠭ᠎ᠠ ᠲᠠᠢ ᠭᠡᠳᠡᠭ ᠢ ᠢᠯᠡᠷᠡᠭᠦᠯᠦᠭᠰᠡᠨ ᠪᠤᠯᠪᠠᠴᠤ ᠰᠢᠯᠳᠠᠭᠠᠨ ᠦᠷ᠎ᠡ ᠳ᠋ᠦᠩ ᠤᠨ ᠬᠠᠷᠢᠴᠠᠭ᠎ᠠ  ᠶᠢ ᠢᠯᠡᠷᠡᠭᠦᠯᠵᠤ ᠴᠢᠳᠠᠭᠰᠠᠨ ᠦᠭᠡᠢ᠃ ᠰᠤᠳᠤᠯᠭᠠᠨ ᠤ ᠠᠵᠢᠯᠳᠠᠨ ᠤ ᠲᠠᠭᠠᠮᠭᠠᠯᠠᠭᠰᠠᠨ ᠢᠶᠠᠷ ᠯᠠᠵᠤᠤ ᠲᠤᠳᠤᠷ᠎ᠠ ᠠᠭᠤᠯᠤᠭᠳᠠᠵᠤ ᠪᠠᠶᠢᠭ᠎ᠠ ᠯᠠᠵᠤᠤ ᠡᠳ᠋ ᠨᠢ ᠵᠢᠷᠦᠬᠡᠨ ᠤ ᠡᠷᠡᠭᠦᠯ ᠮᠡᠨᠳᠤ ᠠᠰᠢᠭᠳᠠᠢ ᠪᠠᠶᠢᠳᠠᠭ ᠭᠡᠵᠡᠢ᠃ ᠡᠮᠦᠨ᠎ᠡ ᠨᠢ ᠪᠠᠰᠠ ᠵᠠᠷᠢᠮ ᠰᠤᠳᠤᠯᠤᠭᠴᠢᠳ ᠵᠢᠭᠠᠨ ᠭᠠᠷᠭᠠᠭᠰᠠᠨ ᠨᠢ᠂ ᠯᠠᠵᠤᠤ ᠶᠢᠨ ᠡᠳ᠋ ᠨᠢ ᠦᠷᠪᠢᠰᠦᠯ ᠢ ᠲᠠᠷᠤᠵᠤ ᠡᠪᠡᠳᠬᠦ  ᠶᠢ ᠵᠤᠭᠰᠤᠭᠠᠬᠤ ᠤᠨᠴᠠᠯᠢᠭ ᠲᠠᠢ ᠭᠡᠵᠡᠢ᠃ ᠠᠩᠬᠠᠷᠤᠭᠤᠰᠢᠳᠠᠢ ᠨᠢ ᠰᠢᠬᠢᠷ ᠯᠠᠵᠤᠤ ᠲᠤᠳᠤᠷ᠎ᠠ ᠠᠭᠤᠯᠤᠭᠳᠠᠵᠤ ᠪᠠᠶᠢᠬᠤ  ᠯᠠᠵᠤᠤ ᠶᠢᠨ ᠡᠳ᠋ ᠨᠢ ᠨᠡᠯᠢᠶᠡᠳ ᠴᠦᠭᠡᠨ ᠪᠠᠶᠢᠳᠠᠭ ᠲᠤᠯᠠ ᠰᠢᠬᠢᠷ ᠯᠠᠵᠤᠤ ᠢᠳᠡᠪᠡᠯ ᠡᠷᠡᠭᠦᠯ ᠮᠡᠨᠳᠤ ᠳᠤ ᠵᠠᠷᠢᠮ ᠲᠠᠯ᠎ᠠ ᠪᠠᠷ ᠠᠰᠢᠭᠳᠠᠢ ᠪᠠᠶᠢᠳᠠᠭ ᠪᠤᠯᠪᠠᠴᠤ ᠵᠢᠷᠦᠬᠡ ᠶᠢ ᠬᠠᠮᠠᠭᠠᠯᠠᠬᠤ ᠦᠷ᠎ᠡ ᠳ᠋ᠦᠩ ᠨᠢ ᠢᠯᠡᠷᠬᠡᠢ ᠪᠢᠰᠢ ᠶᠤᠮ ᠪᠠᠶᠢᠨ᠎ᠠ᠃
 
ᠢᠷᠡᠯᠲᠡ᠄ ︽ᠬᠤᠯᠪᠤᠭ᠎ᠠ︾ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号