ᠲᠠᠶᠢᠹᠤᠰᠧ ᠬᠤᠰᠢᠭᠤ ᠠᠵᠤ ᠦᠢᠯᠡᠳᠪᠦᠷᠢ ᠶᠢᠨ ᠠᠵᠤ ᠠᠬᠤᠢ ᠶᠢᠨ ᠬᠡᠯᠪᠡᠷᠢ ᠪᠠᠨ ᠬᠤᠪᠢᠷᠠᠭᠤᠯᠵᠤ ᠳᠡᠰ ᠳᠡᠪᠰᠢᠬᠦ ᠶᠢ ᠲᠦᠷᠭᠡᠳᠭᠡᠪᠡ
ᠨᠡᠶᠢᠲᠡᠯᠡᠭᠰᠡᠨ ᠴᠠᠭ᠄
2025/1/22
   2024 ᠤᠨ ᠳᠤ᠂ ᠲᠠᠶᠢᠹᠤᠰᠧ ᠬᠤᠰᠢᠭᠤᠨ ᠤ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠦᠢᠯᠡᠳᠬᠦᠨ ᠤ ᠶᠡᠷᠦᠩᠬᠡᠶ ᠥᠷᠲᠡᠭ 29.5 ᠳ᠋ᠦᠩᠰᠢᠭᠤᠷ ᠲᠥᠭᠦᠷᠢᠭ ᠲᠤ ᠬᠦᠷᠴᠦ 1.1% ᠪᠠᠷ ᠨᠡᠮᠡᠭᠳᠡᠨ᠂ 1 ᠡᠷᠦᠬᠡ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶᠢᠯᠠᠯ ᠰᠢᠨ᠎ᠡ ᠪᠠᠷ ᠨᠡᠮᠡᠭᠳᠡᠵᠡᠢ᠃ ᠸᠧᠢ ᠪᠧᠢ ᠳ᠋ᠧ ᠬᠢᠮᠡᠯ ᠠᠯᠮᠠᠰ᠂ ᠵᠢᠩ ᠴᠧᠩ ᠴᠠᠬᠢᠯᠭᠠᠨ ᠲᠡᠭᠡᠰᠦ᠂ ᠱᠧᠨ ᠨᠧᠩ ᠢᠯᠴᠢ ᠴᠠᠬᠢᠯᠭᠠᠨ ᠤ ᠬᠠᠮ ᠦᠢᠯᠡᠳᠪᠦᠷᠢᠯᠡᠯ ᠤᠨ ᠬᠤᠶᠠᠳᠤᠭᠠᠷ ᠬᠤᠭᠤᠴᠠᠭ᠎ᠠ᠂ ᠺᠠᠢ ᠳ᠋ᠠ ᠲᠦᠮᠦᠰᠦᠨ ᠤ ᠦᠢᠯᠡᠰ ᠤᠨ 1 ᠨᠣᠮᠧᠷᠲᠤ ᠬᠡᠢ ᠲᠣᠬᠢᠷᠠᠭᠤᠯᠬᠤ ᠬᠥᠮᠥᠷᠭᠡ᠂ ᠵᠢᠶᠦ᠋ᠨ ᠷᠦᠢ ᠪᠠᠯ ᠴᠢᠯᠠᠭᠤ  ᠡᠳ᠋ᠰᠢᠭᠦᠯᠬᠦ᠂ ᠵᠦᠩ ᠬᠤᠢ ᠰᠠᠯᠬᠢᠨ ᠰᠠᠩᠰᠠᠨ ᠤ ᠲᠤᠨᠤᠭ ᠲᠦᠬᠦᠭᠡᠷᠦᠮᠵᠢ ᠦᠢᠯᠡᠳᠪᠦᠷᠢᠯᠡᠬᠦ ᠵᠡᠷᠭᠡ ᠲᠥᠷᠥᠯ ᠵᠦᠢᠯ ᠠᠰᠢᠭᠯᠠᠯᠲᠠ ᠳᠤ ᠤᠷᠤᠪᠠ᠃  ᠵᠥᠩ ᠾᠧ  ᠪᠦᠯᠦᠭᠯᠡᠯ  ᠤᠨ ᠵᠢᠯ ᠳᠤ 2.5 ᠲᠦᠮᠡᠨ ᠲᠣᠨ ᠴᠠᠬᠢᠯᠭᠠᠨ ᠴᠡᠨᠡᠭ ᠦᠢᠯᠡᠳᠬᠦ ᠲᠦᠷᠦᠯ ᠵᠦᠢᠯ᠂ ᠬᠤᠸᠠ ᠬᠤᠢ ᠪᠦᠯᠦᠭᠯᠡᠯ ᠤᠨ ᠵᠢᠯ ᠳᠤ 6 ᠲᠦᠮᠡᠨ ᠲᠣᠨ ᠳᠠᠬᠢᠯᠲᠠ ᠴᠠᠪᠠᠤ ᠪᠠ ᠭᠤᠮ ᠪᠦᠲᠦᠭᠡᠭᠳᠡᠬᠦᠨ ᠦᠢᠯᠡᠳᠬᠦ ᠲᠦᠷᠦᠯ ᠵᠦᠢᠯ᠂ ᠯᠢ ᠴᠧᠨ ᠺᠤᠮᠫᠠᠨᠢ ᠶᠢᠨ ᠴᠠᠭᠠᠨ ᠢᠳᠡᠭᠡ ᠪᠠ ᠪᠤᠰᠤᠳ ᠢᠳᠡᠭᠡᠨ ᠦᠢᠯᠡᠳᠪᠦᠷᠢᠯᠡᠬᠦ ᠲᠥᠷᠥᠯ ᠵᠦᠢᠯ ᠤᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠪᠠ᠃  ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ ᠪᠦᠯᠦᠭ ᠠᠵᠤ ᠦᠢᠯᠡᠳᠪᠦᠷᠢ ᠶᠢᠨ ᠬᠦᠷᠢᠶᠡᠯᠡᠩ ᠤᠨ ᠪᠤᠬᠢᠷᠳᠤᠯ ᠦᠬᠡᠢ ᠴᠠᠬᠢᠯᠭᠠᠨ ᠤ ᠲᠥᠷᠥᠯ ᠵᠦᠢᠯ ᠤᠨ ᠪᠦᠳᠦᠬᠡᠨ ᠪᠠᠶᠢᠭᠤᠯᠤᠯᠳᠠ ᠡᠬᠢᠯᠡᠵᠦ᠂ ᠪᠣᠬᠢᠷᠲᠤᠯ ᠥᠬᠡᠶ ᠲᠡᠭᠡᠳᠦ ᠰᠢᠨ᠎ᠡ ᠬᠡᠯᠪᠡᠷᠢ ᠶᠢᠨ ᠨᠡᠬᠦᠷᠡᠰᠦᠨ ᠤ ᠮᠠᠲ᠋ᠧᠷᠢᠶᠠᠯ ᠤᠨ ᠠᠵᠤ ᠦᠢᠯᠡᠰ ᠤᠨ ᠬᠦᠷᠢᠶᠡᠯᠡᠩ  ᠨᠢ 2 ᠰᠠᠭᠤᠷᠢ ᠦᠢᠯᠡᠳᠪᠦᠷᠢ ᠶᠢᠨ ᠲᠠᠰᠤᠭ ᠪᠠ 1.3 ᠲᠦᠮᠡᠨ ᠬᠠᠪᠳᠠᠭᠠᠢ ᠳᠥᠷᠪᠡᠯᠵᠢᠨ ᠮᠧᠲᠷ ᠤᠨ ᠪᠠᠷᠢᠮᠵᠢᠶᠠᠵᠢᠭᠰᠠᠨ ᠦᠢᠯᠡᠳᠪᠦᠷᠢ ᠶᠢᠨ ᠬᠡᠷ ᠪᠠᠶᠢᠰᠢᠩ ᠢ ᠪᠠᠶᠢᠭᠤᠯᠤᠨ ᠠᠰᠢᠭᠯᠠᠵᠤ  ᠂ ᠬᠡᠶ᠂ ᠢᠯᠴᠢ᠂ ᠤᠰᠤ ᠬᠠᠩᠭᠠᠬᠤ ᠰᠠᠭᠤᠷᠢ ᠲᠥᠬᠦᠭᠡᠷᠦᠮᠵᠢ ᠶᠢ ᠪᠦᠷᠢᠳᠦᠬᠦᠯᠬᠦ ᠪᠠ ᠳᠤᠲᠠᠭᠤᠳᠠᠯ ᠢ ᠨᠥᠬᠦᠪᠥᠷᠢᠯᠡᠬᠦ ᠲᠥᠷᠥᠯ ᠵᠦᠢᠯ ᠤᠨ  ᠪᠠᠶᠢᠭᠤᠯᠤᠯᠲᠠ ᠠᠯᠬᠤᠮ ᠲᠠᠷᠠᠭ᠎ᠠ ᠲᠠᠢ ᠶᠠᠪᠤᠭᠳᠠᠵᠤ᠂ ᠠᠵᠤ ᠦᠢᠯᠡᠰ ᠤᠨ  ᠬᠦᠷᠢᠶᠡᠯᠡᠩ ᠤᠨ ᠳᠠᠭᠠᠭᠠᠴᠠ ᠴᠢᠳᠠᠮᠵᠢ ᠦᠷᠭᠦᠯᠵᠢᠯᠡᠨ ᠳᠡᠭᠡᠭᠰᠢᠯᠡᠪᠡ᠃  ᠲᠠᠯ᠎ᠠ ᠨᠤᠲᠤᠭ ᠠᠷᠢᠬᠢ ᠨᠡᠷᠡᠬᠦ ᠬᠢᠵᠠᠭᠠᠷᠲᠤ ᠺᠣᠮᠫᠠᠨᠢ᠂ ᠲᠠᠩ ᠾᠧ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠺᠣᠮᠫᠠᠨᠢ ᠵᠡᠷᠭᠡ 7 ᠠᠵᠤ ᠠᠬᠤᠶᠢᠯᠠᠯ ᠨᠢ ᠣᠷᠣᠨ ᠤ ᠲᠠᠰ ᠤᠨ ︽ᠲᠤᠰᠬᠠᠶ ᠨᠠᠷᠢᠯᠢᠭ ᠣᠨᠴᠠᠭᠠᠶ ᠰᠢᠨ᠎ᠡ︾ ᠪᠦᠳᠦᠭᠡᠭᠳᠡᠬᠦᠨ ᠦᠢᠯᠡᠳᠪᠦᠷᠢᠯᠡᠬᠦ ᠳᠤᠮᠳᠠ ᠪᠠᠭ᠎ᠠ ᠠᠵᠤ ᠠᠬᠤᠶᠢᠯᠠᠯ ᠢᠶᠠᠷ ᠦᠨᠡᠯᠡᠭᠳᠡᠭᠰᠡᠨ ᠪᠦᠭᠡᠳ ᠲᠠᠯ᠎ᠠ ᠨᠤᠲᠤᠭ ᠠᠷᠢᠬᠢ ᠨᠡᠷᠡᠬᠦ ᠬᠢᠵᠠᠭᠠᠷᠲᠤ ᠺᠣᠮᠫᠠᠨᠢ ᠨᠢ ᠠᠷᠪᠠᠨ ᠨᠢᠭᠡᠳᠦᠭᠡᠷ ᠬᠤᠭᠤᠴᠠᠭᠠᠨ ᠤ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠡᠷ᠎ᠡ ᠠᠯᠳᠠᠷᠰᠢᠭᠰᠠᠨ ︵ᠵᠠᠭᠤᠨ ᠬᠦᠴᠦᠷᠬᠡᠭ︶ ᠨᠠᠷᠠᠲᠤ ᠲᠡᠮᠳᠡᠭ︾  ᠤᠨ ᠱᠠᠩᠨᠠᠯ ᠢ ᠬᠦᠷᠳᠡᠵᠦ᠂  ᠲᠠᠩ ᠾᠧ ᠰᠢᠨᠵᠢᠯᠡᠭᠡ ᠮᠡᠷᠭᠡᠵᠢᠯ ᠤᠨ ︽TH1050 ᠣᠨᠴᠠ ᠲᠣᠮᠣ ᠬᠡᠯᠪᠡᠷᠢ ᠶᠢᠨ ︵95MN︶ ᠤᠶᠤᠨᠴᠢᠯᠠᠭᠰᠠᠨ ᠵᠢᠷᠭᠤᠭᠠᠨ ᠲᠠᠯᠠᠳᠤ ᠬᠡᠲᠦ ᠳᠠᠷᠤᠯᠲᠠᠲᠤ ᠢᠵᠢ ᠪᠥᠷᠢᠳᠦᠭᠦᠯᠬᠦ ᠲᠣᠨᠤᠭ ᠲᠥᠬᠦᠭᠡᠷᠦᠮᠵᠢ︾ ᠨᠢ ︽2024 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠦᠷᠦᠭᠦᠤ ᠪᠦᠯᠦᠭ ︵ᠤᠳᠠᠭ᠎ᠠ︶ ᠮᠡᠷᠭᠡᠵᠢᠯ ᠤᠨ ᠲᠣᠨᠤᠭ ᠲᠥᠬᠦᠭᠡᠷᠦᠮᠵᠢ ᠪᠠ ᠵᠠᠩᠭᠢᠯᠠᠭ᠎ᠠ ᠶᠢᠨ ᠰᠡᠯᠪᠢᠭ ᠲᠣᠨᠤᠭ ᠤᠨ ᠨᠡᠷᠡᠰ  ᠲᠤ ᠠᠮᠵᠢᠯᠲᠠ ᠲᠠᠢ ᠪᠠᠷ ᠰᠤᠩᠭᠤᠭᠳᠠᠨ ᠤᠷᠤᠵᠠᠢ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号