ᠲᠠᠶᠢᠹᠤᠰᠧ ᠨᠤᠳᠤᠭ ᠲᠠᠬᠢ ᠵᠢᠬᠦᠷᠳᠡᠨ ᠰᠢᠪᠠᠭᠤᠳ
ᠨᠡᠶᠢᠲᠡᠯᠡᠭᠰᠡᠨ ᠴᠠᠭ᠄
2024/9/5
  ᠲᠤᠭᠤᠷᠤᠤ  —  ᠲᠤᠭᠤᠷᠤᠤ ᠪᠤᠯ  ᠬᠠᠪᠤᠷ ᠤᠨ ᠭᠤᠷᠪᠠ ᠲᠦᠷᠪᠡᠨ ᠰᠠᠷ᠎ᠠ ᠳᠤ ᠢᠷᠡᠵᠦ᠂   ᠠᠷᠪᠠᠨ ᠰᠠᠷ᠎ᠠ ᠎ ᠶᠢᠨ ᠦᠶ᠎ᠡ  ᠎ ᠳᠤ ᠲᠤᠯᠠᠭᠠᠨ ᠤᠷᠤᠨ ᠳᠤ ᠨᠡᠬᠦᠵᠦ ᠡᠪᠦᠯᠵᠢᠳᠡᠭ ᠨᠡᠬᠦᠳᠡᠯ ᠤᠨ ᠰᠢᠪᠠᠭᠤ᠃  ᠶᠡᠷᠦᠩᠬᠡᠢ ᠳᠡᠭᠡᠨ  ᠲᠠᠪᠤ ᠭᠤᠷᠪᠠ ᠪᠠᠷ ᠪᠤᠶᠤ ᠴᠢᠨᠠᠭᠰᠢᠯᠠᠪᠠᠯ ᠬᠡᠳᠦᠨ ᠠᠷᠪᠠ᠂ ᠬᠡᠳᠦᠨ ᠵᠠᠭᠤ ᠪᠠᠷ ᠰᠦᠷᠦᠭᠯᠡᠨ ᠶᠠᠪᠤᠳᠠᠭ᠃ ᠲᠤᠭᠤᠷᠤᠤ ᠶᠢᠨ ᠪᠡᠶ᠎ᠡ ᠨᠢ ᠨᠡᠶᠢᠳᠡᠮ ᠳᠡᠭᠡᠨ ᠬᠦᠬᠡ ᠦᠩᠬᠡ ᠲᠠᠢ᠂  ᠲᠤᠬᠤ ᠪᠠ ᠬᠠᠮᠠᠷ ᠤᠨ ᠬᠢᠷ᠎ᠠ ᠪᠠᠷ ᠢᠶᠠᠨ  ᠬᠠᠷ᠎ᠠ ᠰᠠᠷᠠᠯ᠂  ᠰᠠᠨᠴᠢᠭ ᠢᠶᠠᠷ ᠢᠶᠠᠨ ᠪᠤᠷᠤᠯᠠᠭ ᠤᠯᠠᠭᠠᠨ᠂  ᠰᠢᠯᠢ ᠪᠠᠷ ᠢᠶᠠᠨ ᠴᠠᠭᠠᠨ᠂  ᠬᠤᠰᠢᠭᠤ ᠨᠢ ᠮᠦᠨ ᠬᠦᠬᠡ ᠦᠩᠬᠡ ᠲᠠᠢ ᠪᠦᠬᠡᠳ ᠦᠵᠦᠬᠦᠷ ᠦᠬᠡᠳᠡ ᠪᠠᠨ  ᠰᠢᠷᠭᠠᠯ ᠪᠠᠶᠢᠵᠤ᠂  ᠬᠦᠯ ᠰᠢᠯᠪᠢ ᠨᠢ ᠬᠠᠷ᠎ᠠ ᠦᠩᠬᠡ ᠲᠠᠢ ᠪᠠᠶᠢᠳᠠᠭ᠃  ᠨᠢᠰᠬᠦ᠂ ᠱᠤᠮᠪᠠᠭ᠋ᠤ᠂ ᠠᠯᠬᠤᠬᠤ  ᠎ ᠳᠠᠭᠠᠨ  ᠪᠦᠷ ᠲᠠᠳᠮᠠᠭᠠᠢ ᠪᠠᠶᠢᠵᠤ᠂ ᠵᠢᠭᠠᠰᠤᠨ ᠤ ᠲᠦᠷᠦᠯ᠂ ᠮᠡᠯᠡᠬᠡᠢ᠂ ᠬᠦᠷᠪᠡᠯ ᠂ ᠰᠢᠪᠠᠵᠢ ᠪᠠᠷ ᠬᠤᠭᠤᠯᠠᠯᠳᠠᠭ ᠪᠦᠬᠡᠳ ᠤᠰᠤᠨ ᠤᠷᠭᠤᠮᠠᠯ ᠤᠨ  ᠦᠷ᠎ᠡ᠂  ᠴᠢᠨᠠᠭᠰᠢᠯᠠᠪᠠᠯ ᠮᠤᠭᠠᠢ ᠪᠠ ᠬᠤᠯᠤᠭᠠᠨ᠎ᠠ ᠶᠢ  ᠴᠤ ᠪᠠᠷᠢᠵᠤ ᠢᠳᠡᠳᠡᠭ᠃ ᠤᠷᠢᠳᠤ ᠬᠦᠨᠪᠤᠯᠠᠭ ᠰᠤᠮᠤᠨ ᠤ ᠰᠠᠶᠢᠬᠠᠨᠨᠠᠭᠤᠷ ᠭᠠᠴᠠᠭᠠᠨ ᠤ ᠨᠢᠳᠦ ᠠᠯᠳᠠᠮ᠎ᠠ ᠰᠠᠶᠢᠬᠠᠨ ᠲᠠᠯ᠎ᠠ ᠳᠤ ᠬᠦᠭᠡ ᠲᠤᠭᠤᠷᠤᠤ ᠡᠭᠡᠨᠡᠭᠰᠢᠨ ᠠᠮᠢᠳᠤᠷᠠᠵᠤ᠂  ᠬᠤᠨᠢᠨ ᠰᠦᠷᠦᠭ ᠰᠢᠭ ᠢᠷᠠᠶᠢᠵᠤ ᠪᠡᠯᠴᠢᠭᠡᠳ ᠬᠤᠪᠢ ᠶᠢᠨ ᠭᠠᠳᠠᠨ᠎ᠠ ᠦᠵᠡᠰᠬᠦᠯᠡᠩ ᠲᠠᠢ ᠬᠠᠷᠠᠭᠳᠠᠳᠠᠭ ᠠᠴᠠ ᠬᠦᠮᠦᠰ  ᠲᠤᠭᠤᠷᠤᠤ ᠶᠢᠨ ᠲᠠᠯ᠎ᠠ ᠭᠡᠵᠦ ᠨᠡᠷᠡᠰᠢᠭᠰᠡᠨ ᠠᠵᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号